ᠲᠤᠨᠤᠮᠠᠯ ᠥᠩᠭᠡᠲᠦТунамал өнгөр
ᠲᠤᠨᠤᠮᠠᠯ ᠥᠩᠭᠡᠲᠦ
ᠣᠷᠳᠣᠰ ᠭᠦᠷᠦ ᠳᠠᠭᠤᠤ
ᠲᠤᠨᠤᠮᠠᠯ ᠥᠩᠭᠡᠲᠦ ᠤᠯᠠᠭᠠᠨ ᠨᠢ
ᠬᠦᠯᠦᠭ ᠦ᠋ᠨ ᠰᠢᠨᠵᠢᠲᠡᠢ
ᠲᠤᠨᠤᠮᠠᠯ ᠮᠡᠯᠮᠡᠭᠡᠷ ᠠᠬ᠎ᠠ ᠨᠠᠷ ᠮᠢᠨᠢ
ᠠᠬᠠᠳ ᠤ᠋ᠨ ᠰᠢᠨᠵᠢᠲᠡᠢ
ᠴᠢᠩ ᠰᠢᠪᠠᠭᠤ
ᠴᠢᠷᠮᠠᠵᠤ ᠨᠢᠰᠦᠨ᠎ᠡ
ᠴᠡᠷᠢᠭ ᠦ᠋ᠨ ᠠᠬ᠎ᠠ ᠨᠠᠷ
ᠰᠤᠨᠵᠤ ᠪᠠᠭᠤᠨ᠎ᠠ
ᠬᠤᠨ ᠰᠢᠪᠠᠭᠤ
ᠬᠤᠷᠠᠵᠤ ᠪᠠᠭᠤᠨ᠎ᠠ
ᠬᠤᠷᠢᠮ ᠤ᠋ᠨ ᠠᠬ᠎ᠠ ᠨᠠᠷ
ᠴᠤᠭᠯᠠᠷᠠᠵᠤ ᠰᠠᠭᠤᠨ᠎ᠠ
ᠨᠠᠷᠠᠨ ᠠ᠋ᠴᠠ ᠨᠠᠭᠠᠭᠤᠷ ᠲᠠᠲᠠᠭᠴᠢ
ᠡᠭᠦᠯᠡ ᠮᠠᠨᠠᠨ ᠬᠣᠶᠠᠷ
ᠨᠠᠰᠤᠨ ᠤ᠋ ᠪᠠᠨ ᠵᠠᠯᠠᠭᠤ ᠳ᠋ᠤ᠌ ᠪᠠᠨ
ᠮᠡᠯᠮᠡᠭᠡᠷ ᠲᠠᠨ ᠢ᠋ ᠪᠡᠨ
ᠶᠠᠭᠠᠬᠢᠬᠤ ᠪᠣᠢ
ᠯᠣᠨᠳᠣᠨ ᠬᠠᠷ᠎ᠠ ᠨᠢᠳᠦ ᠨᠢ
ᠮᠣᠷᠳᠠᠬᠤ ᠠ᠋ᠴᠠ ᠡᠮᠦᠨ᠎ᠡ ᠮᠡᠯᠡᠮᠡᠷᠡᠨᠡ
ᠮᠠᠷᠢᠰ ᠴᠠᠭᠠᠨ ᠰᠢᠳᠦ ᠨᠢ
ᠰᠠᠭᠤᠬᠤ ᠠ᠋ᠴᠠ ᠡᠮᠦᠨ᠎ᠡ ᠢᠷᠠᠰᠬᠢᠨᠡ
ᠣᠶᠤᠨᠴᠡᠴᠡᠭ ᠪᠠᠭᠰᠢ ᠦᠰᠦᠭ ᠥᠷᠥᠪᠡ
