ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ < ᠠᠩᠬᠠᠨ ᠤ ᠪᠦᠯᠦᠭ – 4 > Гангын урсгал – Чингис эзний алтан ургийн түүх Канкны урсгал нэрт бичиг
ᠴᠢᠩᠬᠢᠰ ᠡᠵᠡᠨ ᠦ ᠠᠯᠲᠠᠨ ᠤᠷᠤᠭ ᠤᠨ ᠲᠡᠦᠬᠡ ᠺᠠᠩᠺᠠ ᠶᠢᠨ ᠤᠷᠤᠰᠬᠠᠯ ᠨᠡᠷᠡᠲᠦ ᠪᠢᠴᠢᠭ ᠣᠷᠣᠰᠢᠪᠠ
ᠠᠩᠬᠠᠨ ᠤ ᠪᠦᠯᠦᠭ – 4
ᠰᠢᠷᠣᠢ ᠮᠤᠬᠠᠢ ᠨᠥᠬᠥᠭᠡ ᠣᠨ① ᠬᠠᠪᠤᠷ ᠤ᠋ᠨ ᠲᠡᠷᠢᠭᠦᠨ ᠰᠠᠷ᠎ᠠ ᠣᠴᠣᠩ ( ᠦᠽᠥ᠋ᠩ ) ᠬᠠᠭᠠᠨ ᠤ᠋ ᠬᠥᠪᠡᠭᠦᠨ ᠮᠢᠩ ᠽᠦᠩ ᠢ᠋ ᠰᠢᠶᠠᠨ ᠵᠢᠩ ᠰᠢᠶᠣᠤ ᠬᠤᠸᠠᠩᠳᠢ ᠬᠣᠰᠢᠯᠠ ᠬᠠᠨ② ᠣᠷᠣ ᠰᠠᠭᠤᠭᠠᠳ ᠨᠠᠮᠤᠷ ᠤ᠋ᠨ ᠳᠤᠮᠳᠠᠳᠤ ᠰᠠᠷ᠎ᠠ ᠰᠢᠷ᠎ᠠ ᠣᠩᠬᠤᠴᠠᠲᠤ ᠨᠡᠷᠡᠲᠦ ᠭᠠᠵᠠᠷ᠎ᠠ ᠭᠡᠨᠡᠳᠲᠡ ᠲᠩᠷᠢ ᠪᠣᠯᠪᠠᠢ᠃
ᠮᠢᠩ ᠽᠦᠩ ᠬᠠᠭᠠᠨ ᠤ᠋ ᠠᠬᠠᠮᠠᠳ ᠬᠥᠪᠡᠭᠦᠨ ᠢᠨᠤ ᠰᠦᠨᠲᠡᠢ ᠬᠠᠭᠠᠨ ᠳᠤᠬᠤᠨ ᠲᠡᠮᠦᠷ ᠪᠠᠭ᠎ᠠ ᠬᠥᠪᠡᠭᠦᠨ ᠢᠨᠤ ᠮᠢᠩ ᠽᠦᠩ ᠬᠠᠭᠠᠨ ᠤ᠋ ᠲᠡᠭᠦᠨᠦ [ ᠳᠡᠭᠦᠦ ] ᠭᠤᠸᠠᠩ ᠨᠢᠩ ᠸᠠᠩ ᠠᠭᠰᠠᠨ ᠲᠤᠭ ᠲᠡᠮᠦᠷ ᠵᠢᠩᠽᠥ᠋ᠩ ᠵᠠᠶᠠᠭᠠᠲᠤ ᠬᠠᠭᠠᠨ③ ᠂ ᠬᠠᠭᠠᠨ ᠪᠣᠯᠤᠭᠠᠳ ᠭᠤᠷᠪᠠᠨ ᠣᠨ ᠪᠣᠯᠵᠤ ᠤᠰᠤᠨ ᠪᠡᠴᠢᠨ ᠵᠢᠯ④ ᠨᠠᠮᠤᠷ ᠤ᠋ᠨ ᠳᠤᠮᠳᠠᠳᠤ ᠰᠠᠷ᠎ᠠ ᠬᠠᠯᠢᠪᠠᠢ ᠃
— — — —
① ᠰᠢᠷᠣᠢ ᠮᠤᠬᠠᠢ ᠣᠨ ᠂ ᠳᠠᠷᠤᠢ ᠰᠢᠷᠠᠭᠴᠢᠨ ᠮᠣᠭᠠᠢ ᠵᠢᠯ ᠂ ᠣᠨ ᠲᠣᠭᠠᠯᠠᠯ ᠤ᠋ᠨ 1329 ᠣᠨ ᠃
② ᠬᠣᠰᠢᠯᠠ ᠬᠠᠨ ᠄ ᠮᠣᠩᠭᠣᠯ ᠰᠤᠷᠪᠤᠯᠵᠢ ᠪᠢᠴᠢᠭ ᠲᠦ᠍ ᠪᠠᠰᠠ ᠬᠦᠰᠡᠯ᠎ᠡ ᠬᠠᠭᠠᠨ ᠭᠡᠳᠡᠭ ᠃ 《 ᠶᠤᠸᠠᠨ ᠱᠢ 》 ᠡᠨᠡ ᠬᠠᠭᠠᠨ ᠤ᠋ ᠴᠣᠯᠠ ᠶ᠋ᠢ ᠮᠢᠩ ᠽᠦᠩ ᠬᠠᠭᠠᠨ (明宗 ) ᠭᠡᠵᠦ ᠂ ᠨᠡᠬᠡᠵᠦ ᠡᠷᠭᠦᠭᠰᠡᠨ ᠴᠣᠯᠠ ᠶ᠋ᠢ 《 翼献景皇帝 》 (ᠭᠡᠭᠡᠨ ᠲᠡᠭᠦᠯᠳᠡᠷ ᠶᠡᠬᠡ ᠡᠯᠪᠡᠷᠢᠲᠦ ᠬᠤᠸᠩᠲᠢ ) ᠭᠡᠵᠡᠢ᠃ ᠮᠣᠩᠭᠣᠯ ᠤ᠋ᠨ ᠲᠡᠦᠬᠡᠨ ᠳ᠋ᠦ᠍ ᠬᠤᠲᠤᠭᠲᠤ ᠬᠠᠭᠠᠨ ᠭᠡᠨ᠎ᠡ ᠃ 《 ᠡᠷᠳᠡᠨᠢ ᠶ᠋ᠢᠨ ᠲᠣᠪᠴᠢ 》 ᠳ᠋ᠤ᠌ ᠬᠦᠰᠡᠯ᠎ᠡ ᠬᠠᠭᠠᠨ ᠢ᠋ 《 ᠨᠢᠭᠡ ᠰᠠᠷ᠎ᠠ ᠬᠣᠷᠢᠨ ᠬᠣᠨᠣᠭ ᠪᠣᠯᠤᠭᠠᠳ ᠲᠩᠷᠢ ᠪᠣᠯᠪᠠᠢ 》ᠭᠡᠵᠡᠢ ᠃
③ ᠵᠠᠶᠠᠭᠠᠲᠤ ᠬᠠᠭᠠᠨ ᠄ ᠨᠡᠷ᠎ᠡ ᠲᠤᠭ ᠲᠡᠮᠦᠷ ( ᠲᠥᠭᠲᠡᠮᠤᠷ ) ᠃ ᠲᠢᠶᠠᠨ ᠯᠢ ᠶ᠋ᠢᠨ ᠠᠩᠬᠠᠨ ᠣᠨ (1328 ) ᠤ᠋ ᠶᠢᠰᠦᠨ ᠰᠠᠷ᠎ᠠ ᠳ᠋ᠤ᠌ ᠶᠡᠬᠡ ᠲᠡᠮᠦᠷ ᠦ᠋ᠨ ᠰᠢᠬᠠᠮᠳᠠᠯ ᠬᠠᠪᠴᠢᠯ ᠤ᠋ᠨ ᠳᠣᠣᠷ᠎ᠠ ᠳᠠᠢᠳᠤ ᠳ᠋ᠤ᠌ ᠬᠠᠭᠠᠨ ᠰᠠᠭᠤᠷᠢᠨ᠎ᠠ ᠰᠠᠭᠤᠵᠠᠢ ᠃ ᠡᠭᠦᠨ ᠢ᠋ ᠭᠣᠮᠪᠣᠵᠠᠪ 《 ᠲᠤᠭ ᠲᠡᠮᠦᠷ ᠦ᠋ᠨ ᠬᠢᠮᠤᠷᠠᠯ 》 ᠭᠡᠵᠦ ᠨᠡᠷᠡᠢᠳᠴᠡᠢ᠃ ᠲᠡᠭᠦᠨ ᠦ᠌ ᠳᠠᠷᠠᠭ᠎ᠠ 1329 ᠣᠨ ᠤ᠋ ᠬᠠᠪᠤᠷ ᠬᠠᠭᠠᠨ ᠰᠠᠭᠤᠷᠢᠨ ᠢ᠋ᠶ᠋ᠠᠨ ᠲᠡᠭᠦᠨ ᠦ᠌ ᠠᠬ᠎ᠠ ᠬᠦᠰᠡᠯ᠎ᠡ ᠳ᠋ᠦ᠍ ᠥᠭᠴᠦ ᠳᠡᠮᠡᠢ ᠦᠭᠡᠢ ᠬᠦᠰᠡᠯ᠎ᠡ ᠭᠡᠨᠡᠳᠲᠡ ᠦᠬᠦᠪᠡ ᠃ ᠮᠤᠨ ᠣᠨ ᠤ᠋ ᠶᠢᠰᠦᠨ ᠰᠠᠷ᠎ᠠ ᠳ᠋ᠤ᠌ ᠲᠤᠭ ᠲᠡᠮᠦᠷ ᠳᠠᠬᠢᠨ ᠬᠠᠭᠠᠨ ᠰᠠᠭᠤᠷᠢᠨ ᠳ᠋ᠤ᠌ ᠭᠠᠷᠴᠤ ᠸᠸᠨ ᠽᠦᠩ (文宗 )ᠬᠠᠭᠠᠨ ᠭᠡᠵᠦ ᠂ ᠮᠣᠩᠭᠣᠯ ᠢ᠋ᠶ᠋ᠠᠷ ᠵᠠᠶᠠᠭᠠᠲᠤ ᠬᠠᠭᠠᠨ ᠭᠡᠳᠡᠭ ᠃
④ ᠤᠰᠤᠨ ᠪᠡᠴᠢᠨ ᠵᠢᠯ ᠄ ᠳᠠᠷᠤᠢ ᠬᠠᠷ᠎ᠠ ᠪᠡᠴᠢᠨ ᠵᠢᠯ ᠂ ᠣᠨ ᠲᠣᠭᠠᠯᠠᠯ ᠤ᠋ᠨ1332 ᠣᠨ ᠃
ᠮᠥᠨ ᠣᠨ ᠡᠪᠦᠯ ᠦ᠋ᠨ ᠡᠬᠢᠨ ᠰᠠᠷ᠎ᠠ ᠮᠢᠩ ᠽᠦᠩ ᠦ᠋ᠨ ᠪᠠᠭ᠎ᠠ ᠬᠥᠪᠡᠭᠦᠨ ᠢᠨᠤ ᠹᠦ ᠸᠠᠩ ᠷᠢᠨᠴᠢᠨᠪᠠᠯ① ᠶᠡᠬᠡ ᠣᠷᠣ ᠰᠠᠭᠤᠵᠤ ᠨᠢᠭᠡᠨ ᠰᠠᠷ᠎ᠠ ᠪᠣᠯᠤᠭᠠᠳ ᠳᠣᠯᠣᠭᠠᠨ ᠨᠠᠰᠤᠨ ᠳ᠋ᠠᠭᠠᠨ ᠲᠩᠷᠢ ᠪᠣᠯᠤᠭᠰᠠᠨ ᠬᠣᠢᠨ᠎ᠠ ᠠᠬ᠎ᠠ ᠢᠨᠦ ᠰᠦᠨᠳᠠᠢ ᠬᠠᠭᠠᠨ ᠵᠠᠯᠭᠠᠮᠵᠢᠯᠠᠪᠠᠢ ᠂ ᠾᠦᠢ ᠽᠦᠩ ᠱᠦᠨ ᠬᠤᠸᠠᠩᠳᠢ ᠤᠬᠠᠭᠠᠨᠲᠤ ᠬᠠᠭᠠᠨ② ᠲᠡᠮᠦᠷ ᠪᠡᠴᠢᠨ ᠵᠢᠯᠲᠡᠢ ③᠃ ᠤᠰᠤᠨ ᠲᠠᠬᠢᠶ᠎ᠠ ᠶᠤᠸᠠᠨ ᠲᠦᠩ ᠠᠩᠬᠠᠨ ᠤ᠋ ᠣᠨ ④ ᠶᠡᠬᠡ ᠣᠷᠣ ᠰᠠᠭᠤᠭᠠᠳ ᠬᠣᠷᠢᠨ ᠲᠣᠯᠤᠬᠠᠨ ᠣᠨ⑤ ᠳᠥᠴᠢᠨ ᠶᠢᠰᠦᠨ ᠳ᠋ᠡᠭᠡᠨ ᠰᠢᠷᠣᠢ ᠪᠡᠴᠢᠨ ᠂ ᡁᠢ ᠳ᠋ᠢᠩ ᠂ ᠬᠣᠷᠢᠨ ᠨᠠᠢ᠍ᠮᠠᠳᠤᠭᠠᠷ ᠣᠨ ⑥ᠢᠯᠡᠭᠦᠦ ᠳᠣᠯᠣᠭᠠᠨ ᠰᠠᠷ᠎ᠠ ᠶ᠋ᠢᠨ ᠬᠣᠷᠢᠨ ᠳᠣᠯᠤᠬᠠᠨ ᠰᠥᠨᠢ ᠬᠤᠯᠤᠭᠠᠨ᠎ᠠ ᠴᠠᠭ ᠲᠤᠷ ᠲᠥᠷᠥ ᠣᠷᠣᠨ ᠢ᠋ᠶ᠋ᠠᠨ ᠠᠯᠲᠠᠬᠤᠨ ᠮᠣᠩᠭᠣᠯ ᠭᠠᠵᠠᠷ᠎ᠠ
— — — —
① 《 ᠶᠤᠸᠠᠨ ᠱᠢ 》 ᠳ᠋ᠦ᠍ ᠨᠢᠩ ᠽᠦᠩ (宁宗 ) ᠬᠠᠭᠠᠨ ᠭᠡᠵᠦ ᠲᠡᠮᠳᠡᠭᠯᠡᠵᠡᠢ ᠃
② ᠤᠬᠠᠭᠠᠨᠲᠤ ᠬᠠᠭᠠᠨ ᠄ ᠳᠠᠷᠤᠢ ᠲᠣᠭᠤᠨᠲᠡᠮᠦᠷ ᠬᠠᠭᠠᠨ (1320 —1370 ) ᠂ ᠶᠤᠸᠠᠨ ᠤᠯᠤᠰ ᠤ᠋ᠨ ᠬᠠᠮᠤᠭ ᠰᠡᠭᠦᠯᠴᠢ ᠶ᠋ᠢᠨ ᠬᠠᠭᠠᠨ ᠪᠣᠯᠤᠨ᠎ᠠ ᠃ ᠡᠨᠡ ᠬᠠᠭᠠᠨ ᠤ᠋ ᠴᠣᠯᠠ ᠶ᠋ᠢ ᠾᠦᠢ ᠽᠦᠩ (惠宗 ) ᠂ ᠪᠠᠰᠠ ᠱᠦᠨ ᠲᠢ (顺帝 ) ᠭᠡᠳᠡᠭ ᠃ ᠮᠣᠩᠭᠣᠯ ᠢ᠋ᠶ᠋ᠠᠷ ᠤᠬᠠᠭᠠᠨᠲᠤ ᠬᠠᠭᠠᠨ ᠭᠡᠳᠡᠭ ᠃
③ ᠲᠡᠮᠦᠷ ᠪᠡᠴᠢᠨ ᠵᠢᠯ ᠄ ᠳᠠᠷᠤᠢ ᠴᠠᠭᠠᠨ ᠪᠡᠴᠢᠨ ᠵᠢᠯ ᠂ ᠣᠨ ᠲᠣᠭᠠᠯᠠᠯ ᠤ᠋ᠨ 1320 ᠣᠨ ᠃
④ ᠤᠰᠤᠨ ᠲᠠᠬᠢᠶ᠎ᠠ ᠵᠢᠯ ᠄ ᠳᠠᠷᠤᠢ ᠬᠠᠷᠠᠭᠴᠢᠨ ᠲᠠᠬᠢᠶ᠎ᠠ ᠵᠢᠯ ᠂ ᠣᠨ ᠲᠣᠭᠠᠯᠠᠯ ᠤ᠋ᠨ 1333 ᠣᠨ ᠂ ᠡᠨᠡ ᠣᠨ ᠲᠣᠭᠤᠨᠲᠡᠮᠦᠷ ᠶᠡᠬᠡ ᠣᠷᠣ ᠰᠠᠭᠤᠵᠤ ᠣᠨ ᠤ᠋ ᠴᠣᠯᠠ ᠪᠠᠨ ᠶᠤᠸᠠᠨ ᠲᠦᠩ (元统 )ᠭᠡᠵᠡᠢ ᠃
⑤ ᠲᠣᠭᠣᠨᠲᠡᠮᠦᠷ ᠬᠠᠭᠠᠨ ᠰᠠᠭᠤᠷᠢᠨ᠎ᠠ ᠭᠤᠴᠢᠨ ᠲᠠᠪᠤᠨ ᠣᠨ ᠪᠣᠯᠤᠭᠰᠠᠨ ᠶᠤᠮ ᠃ ᠡᠨᠳᠡ ᠬᠣᠷᠢᠨ ᠳᠣᠯᠣᠭᠠᠨ ᠣᠨ ᠭᠡᠵᠦ ᠡᠨᠳᠡᠭᠦᠷᠡᠭᠰᠡᠨ ᠪᠣᠯᠠᠢ ᠃
⑥ ᠰᠢᠷᠣᠢ ᠪᠡᠴᠢᠨ ᠵᠢᠯ ᠂ ᠳᠠᠷᠤᠢ ᠰᠢᠷ᠎ᠠ ᠪᠡᠴᠢᠨ ᠵᠢᠯ ᠂ ᠣᠨ ᠲᠣᠭᠠᠯᠠᠯ ᠤ᠋ᠨ1368 ᠣᠨ ᠪᠣᠢ ᠃ ᠡᠨᠡ ᠣᠨ ᠳ᠋ᠤ᠌ ᠶᠤᠸᠠᠨ ᠤᠯᠤᠰ ᠮᠥᠬᠥᠪᠡ ᠃
ᠭᠠᠷᠴᠤ ᠬᠡᠷᠦᠯᠦᠨ ᠳ᠋ᠦ᠍ᠷ ᠪᠠᠷᠠᠰ ᠬᠣᠲᠠ① ᠶ᠋ᠢ ᠪᠠᠷᠢᠵᠤ ᠰᠠᠭᠤᠪᠠᠢ ᠃ ᠲᠡᠨᠳᠡ ᠭᠠᠭᠴᠠ ᠲᠠᠬᠢᠶ᠎ᠠ ᠵᠢᠯ ᠭᠠᠯ ᠪᠠᠷᠠᠰ ᠂ ᠴᠢᠩᠭᠢᠰ ᠪᠣᠭᠳᠠ ᠶ᠋ᠢᠨ ᠺᠠᠨ ᠲᠢᠶᠠᠨ ᠴᠢ ᠶᠦᠨ ᠦ᠌ ᠠᠩᠬᠠᠨ ᠤ᠋ ᠣᠨ② ᠠ᠋ᠴᠠ ᠰᠢᠷᠣᠢ ᠪᠢᠴᠢᠨ ᠂ ᠱᠦᠨ ᠳᠢ ᠬᠠᠭᠠᠨ ᠤ᠋ ᠳᠢ ᠳ᠋ᠢᠩ [ ᡁᠢ ᠵᠧᠩ ] ᠦ᠋ᠨ ᠬᠣᠷᠢᠨ ᠨᠠᠢ᠍ᠮᠠᠳᠤᠭᠠᠷ ᠣᠨ ᠬᠦᠷᠲᠡᠯ᠎ᠡ ᠨᠢᠭᠡᠨ ᠵᠠᠬᠣᠨ ᠵᠠᠷᠢᠨ ᠬᠣᠷᠪᠠᠨ ᠣᠨ ᠪᠤᠶᠤ ᠃ ᠰᠠᠨ ᠽᠢ ᠵᠢᠩ ᠳ᠋ᠦ᠍ ᠵᠠᠭᠤᠨ 65 ᠬᠡᠮᠡᠵᠡᠢ ᠃
— — — —
① ᠪᠠᠷᠰ ᠬᠣᠲᠠ ᠄ ᠪᠠᠷᠰ ᠬᠣᠲᠠ ᠶ᠋ᠢᠨ ᠲᠤᠬᠠᠢ ᠮᠣᠩᠭᠣᠯ ᠰᠤᠷᠪᠤᠯᠵᠢ ᠪᠢᠴᠢᠭ ᠲᠦ᠍ ᠮᠡᠳᠡᠭᠡᠯᠡᠭᠰᠡᠨ ᠵᠦᠢᠯ ᠪᠣᠢ᠃《ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠳ᠋ᠤ᠌ ᠲᠣᠭᠤᠨᠲᠡᠮᠦᠷ ᠬᠠᠭᠠᠨ ᠢ᠋ 《 ᠮᠣᠯᠲᠠᠭᠴᠢᠨ ᠰᠦᠪᠡ (古口 ) ᠪᠡᠷ ᠭᠠᠷᠴᠤ ᠪᠠᠷᠰ ᠬᠣᠲᠠ ᠶ᠋ᠢ ᠪᠠᠷᠢᠵᠤ ᠰᠠᠭᠤᠪᠠ 》 ᠭᠡᠵᠡᠢ ᠃ ᠰᠠᠭᠠᠩ ᠰᠡᠴᠡᠨ ᠦ᠌ 《 ᠡᠷᠳᠡᠨᠢ ᠶ᠋ᠢᠨ ᠲᠣᠪᠴᠢ 》 ᠳ᠋ᠤ᠌ ᠪᠠᠷᠰ ᠬᠣᠲᠠ ᠶ᠋ᠢ ᠬᠠᠮᠢᠭ᠎ᠠ ᠪᠠᠢᠭᠤᠯᠤᠭᠰᠠᠨ ᠲᠤᠬᠠᠢ 《 ᠬᠡᠷᠦᠯᠦᠨ ᠮᠥᠷᠡᠨ ᠦ᠌ ᠬᠢᠵᠠᠭᠠᠷ᠎ᠠ ᠬᠦᠷᠴᠦ ᠪᠠᠷᠰ ᠬᠣᠲᠠ ᠬᠡᠮᠡᠬᠦ ᠶ᠋ᠢ ᠪᠠᠷᠢᠵᠤ ᠰᠠᠭᠤᠨ 》ᠭᠡᠵᠦ ᠮᠡᠳᠡᠭᠡᠯᠡᠵᠡᠢ ᠃ ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ ᠡᠷᠳᠡᠮᠲᠡᠨ ᠫᠡᠷᠯᠡᠢ 《ᠮᠣᠩᠭᠣᠯ ᠤ᠋ᠨ ᠡᠷᠲᠡᠨ ᠦ᠌ ᠰᠥᠨᠥᠭᠰᠡᠨ ᠬᠣᠲᠠ ᠰᠠᠭᠤᠷᠢᠨ ᠤ᠋ ᠲᠡᠦᠬᠡ ᠶ᠋ᠢᠨ ᠠᠰᠠᠭᠤᠳᠠᠯ 》 ᠭᠡᠳᠡᠭ ᠥᠭᠦᠯᠡᠯ ᠳ᠋ᠦ᠍ 《 ᠠᠷᠪᠠᠨ ᠳᠥᠷᠪᠡᠳᠦᠭᠡᠷ ᠵᠠᠭᠤᠨ ᠤ᠋ ᠳᠠᠯᠠᠭᠠᠳ ᠣᠨ ᠳ᠋ᠤ᠌ ᠬᠡᠷᠦᠯᠦᠨ ᠪᠠᠷᠰ ᠬᠣᠲᠠ ᠠ᠋ᠴᠠ ᠵᠡᠭᠦᠨᠲᠡᠢ ᠠᠷᠪᠠᠨ ᠲᠠᠪᠤᠨ ᠺᠢᠯᠣᠮᠧᠲ᠋ᠷ ᠵᠠᠢ ᠲᠠᠢ ᠲᠣᠭᠣᠭᠠᠨ ᠲᠡᠮᠦᠷ ᠬᠠᠭᠠᠨ ᠤ᠋ ᠪᠠᠷᠢᠭᠰᠠᠨ ᠪᠠᠷᠰ ᠬᠣᠲᠠ ᠶ᠋ᠢᠨ ᠣᠷᠣ ᠦᠯᠡᠳᠡᠭᠳᠡᠯ ᠪᠣᠢ 》ᠭᠡᠵᠦ ᠮᠡᠳᠡᠭᠡᠯᠡᠵᠦ ᠪᠠᠢᠨ᠎ᠠ᠃ ᠬᠢᠲᠠᠳ ᠰᠤᠷᠪᠤᠯᠵᠢ ᠪᠢᠴᠢᠭ ᠲᠦ᠍ ᠲᠣᠭᠤᠨᠲᠡᠮᠦᠷ ᠬᠠᠭᠠᠨ ᠳᠠᠢᠳᠤ ᠠ᠋ᠴᠠ ᠵᠢᠭᠤᠲᠠᠨ ᠭᠠᠷᠤᠭᠠᠳ ᠢᠩ ᠴᠠᠩ ᠹᠦ (应昌府 ) ᠳ᠋ᠦ᠍ ᠨᠢᠭᠡ ᠵᠢᠯ ᠰᠠᠭᠤᠭᠠᠳ ᠨᠠᠰᠤ ᠪᠠᠷᠠᠪᠠ ᠭᠡᠳᠡᠭ ᠃ ᠭᠣᠮᠪᠣᠵᠠᠪ ᠂ ᠷᠠᠰᠢᠫᠣᠩᠰᠤᠭ ᠨᠠᠷ ᠢᠩ ᠴᠠᠩ ᠹᠦ ᠪᠣᠯ ᠪᠠᠷᠰ ᠬᠣᠲᠠ ᠶ᠋ᠢᠨ ᠬᠢᠲᠠᠳ ᠨᠡᠷᠡᠢᠳᠦᠯ ᠭᠡᠵᠦ ᠲᠡᠮᠳᠡᠭᠯᠡᠵᠡᠢ ᠃ 《 ᠶᠤᠸᠠᠨ ᠱᠢ ᠂ ᠲᠡᠢ ᠰᠡᠴᠡᠨ ᠦ᠌ ᠨᠠᠮᠲᠠᠷ 》 ᠲᠤ᠌ ᠲᠡᠮᠳᠡᠭᠯᠡᠭᠰᠡᠨ ᠢ᠋ ᠦᠵᠡᠪᠡᠯ ᡁᠢ ᠶᠤᠸᠠᠨ ᠤ᠋ ᠳᠣᠯᠣᠳᠤᠭᠠᠷ ᠣᠨ (1270 ) ᠳ᠋ᠤ᠌ ᠱᠠᠩᠳᠤ ᠠ᠋ᠴᠠ ᠵᠡᠭᠦᠨ ᠬᠣᠢᠰᠢ ᠭᠤᠷᠪᠠᠨ ᠵᠠᠭᠤᠨ ᠭᠠᠵᠠᠷ ᠪᠠᠢᠬᠤ ᠳᠠᠯᠠᠢ ᠨᠠᠭᠤᠷ (答儿海子 ) ᠤ᠋ᠨ ᠬᠠᠪᠢ ᠳ᠋ᠤ᠌ ᠬᠣᠲᠠ ᠪᠠᠢᠭᠤᠯᠤᠨ ᠢᠩ ᠴᠠᠩ ᠹᠦ ᠭᠡᠰᠡᠨ ᠪᠠᠢᠨ᠎ᠠ᠃ ᠡᠨᠡ ᠨᠢ ᠬᠡᠷᠦᠯᠦᠨ ᠳ᠋ᠦ᠍ ᠪᠠᠢᠭ᠎ᠠ ᠪᠤᠰᠤ ᠬᠠᠷᠢᠨ ᠣᠳᠣ ᠶ᠋ᠢᠨ ᠵᠣᠣ ᠤᠳᠠ ᠠᠢᠮᠠᠭ ᠤ᠋ᠨ ᠬᠡᠰᠢᠭᠲᠡᠨ ᠬᠤᠰᠢᠭᠤᠨ ᠳ᠋ᠠᠬᠢ ᠳᠠᠯᠠᠢ ᠨᠠᠭᠤᠷ ᠠ᠋ᠴᠠ ᠪᠠᠷᠠᠭᠤᠨ ᠬᠣᠢᠨ᠎ᠠ ᠪᠦᠬᠦᠢ ᠣᠷᠣ ᠪᠠᠯᠭᠠᠰᠤ ᠮᠥᠨ ᠪᠣᠯᠬᠤ ᠨᠢ ᠶᠠᠷᠢᠶᠠᠨ ᠦᠭᠡᠢ ᠶᠦ᠍ᠮ ᠃
② ᠺᠠᠨ ᠲᠢᠶᠠᠨ ᠴᠢ ᠶᠦᠨ ᠦ᠌ ᠠᠩᠬᠠᠨ ᠣᠨ ᠄ ᠴᠢᠩᠭᠢᠰ ᠬᠠᠭᠠᠨ ᠰᠠᠭᠤᠷᠢᠨ᠎ᠠ ᠰᠠᠭᠤᠭᠰᠠᠨ ᠠᠩᠬᠠᠨ ᠤ᠋ ᠣᠨ ᠢ᠋ ᠬᠢᠲᠠᠳ ᠰᠤᠷᠪᠤᠯᠵᠢ ᠳ᠋ᠤ᠌ 《法天启运 》 ᠠᠩᠬᠠᠨ ᠤ᠋ ᠣᠨ ᠭᠡᠳᠡᠭ ᠃
ᠡᠭᠦᠨ ᠳ᠋ᠦ᠍ 63 ᠬᠡᠮᠡᠭᠰᠡᠨ ᠡᠨᠡ ᠮᠥᠨ ᠦᠦ? ᠮᠡᠷᠭᠡᠳ ᠲᠣᠯᠢᠳ①᠃
ᠱᠦᠨ ᠲᠢ ᠬᠠᠭᠠᠨ ᠳ᠋ᠤᠷ ᠵᠣᠣ ᠽᠦᠩ ᠂ ᠢ ᠸᠠᠩ ᠬᠣᠶᠠᠷ ᠬᠥᠪᠡᠭᠦᠨ ᠪᠥᠯᠥᠭᠡ ᠂ ᠲᠠᠪᠢᠨ ᠨᠢᠭᠡᠨ ᠨᠠᠰᠤᠨ ᠳ᠋ᠠᠭᠠᠨ ᠲᠡᠮᠦᠷ ᠨᠣᠬᠠᠢ ᠵᠢᠯ ᠂ ᠬᠢᠲᠠᠳ ᠮᠢᠩ ᠤᠯᠤᠰ ᠤ᠋ᠨ ᠳᠠᠢᠰᠤ ᠬᠠᠭᠠᠨ ᠾᠦᠩ ᠡᠦ ᠶ᠋ᠢᠨ ᠭᠤᠲᠠᠠᠭᠠᠷ ᠣᠨ ᠪᠠᠷᠰ ᠬᠣᠲᠠᠨ ᠳ᠋ᠤᠷ ᠬᠢᠲᠠᠳ ᠨᠡᠷ᠎ᠡ ᠢᠨᠤ ᠢᠩ ᠴᠠᠩ ᠬᠡᠮᠡᠮᠦ ᠲᠩᠷᠢ ᠪᠣᠯᠪᠠᠢ ᠃
ᠬᠣᠢᠨ᠎ᠠ ᠮᠣᠷᠢᠨ ᠵᠢᠯ② ᠵᠣᠣ ᠽᠦᠩ ᠬᠤᠸᠠᠩᠳᠢ ᠪᠢᠯᠢᠭᠲᠦ ᠬᠠᠭᠠᠨ ᠠᠶᠤᠰᠠᠷᠠᠲᠠᠷᠠ③ ᠶᠡᠬᠡ ᠣᠷᠣ ᠰᠠᠭᠤᠪᠠᠢ ᠶᠢᠰᠦᠨ ᠣᠨ ᠪᠣᠯᠤᠭᠠᠳ ᠰᠢᠷᠣᠢ ᠮᠣᠷᠢᠨ ᠵᠢᠯ ᠾᠦᠩ ᠡᠦ ᠶ᠋ᠢᠨ ᠠᠷᠪᠠᠨ ᠨᠢᠭᠡᠨ ᠣᠨ ᠲᠩᠷᠢ ᠪᠣᠯᠤᠭᠰᠠᠨ ᠬᠣᠢᠨ᠎ᠠ ᠰᠢᠷᠣᠢ ᠬᠣᠨᠢᠨ ᠨᠥᠭᠥᠭᠡ ᠣᠨ ᠲᠡᠭᠦᠨ ᠦ᠌ ᠬᠥᠪᠡᠭᠦᠨ ᠪᠢᠯᠢᠭ ᠲᠦ᠍ ᠬᠠᠭᠠᠨ ᠳ᠋ᠤᠷ ᠤᠰᠬᠠᠯ ᠬᠠᠭᠠᠨ ᠮᠠᠨᠲᠠᠷᠢ ᠪᠠᠯᠢ ᠨᠤᠲᠠᠪᠤᠤ ᠨᠤᠲᠠᠪᠤᠤ ᠨᠧ ᠭᠤᠷᠪᠠᠨ ᠬᠥᠪᠡᠭᠦᠨ ᠪᠥᠯᠥᠭᠡ ᠂ ᠮᠠᠨᠲᠠᠷᠪᠠᠯᠠ ᠬᠢᠲᠠᠳ ᠬᠡᠷᠡᠭ ᠲᠦ᠍ ᠪᠠᠷᠢᠭᠳᠠᠭᠠᠲᠠᠨ ᠠᠪᠴᠤ ᠣᠳᠤᠭᠰᠠᠨ ᠢ᠋ ᠲᠡᠢ ᠮᠢᠩ ᠂ ᠬᠤᠸᠠᠩ ᠡᠦ ( ᠾᠦᠩ ᠡᠦ ) ᠬᠠᠭᠠᠨ ᠴᠥᠩ ᠯᠢ ᠾᠧᠦ ᠭᠡᠮᠡᠨ ᠡᠷᠭᠦᠮᠵᠢᠯᠡᠭᠡᠳ ᠰᠠᠢᠳ ᠢ᠋ᠶ᠋ᠠᠷ
— — — —
① ᠰᠠᠨ ᠽᠢ ᠵᠢᠩ (三字经 ) ᠳ᠋ᠦ᠍ 《 ᠱᠦᠨ ᠳᠢ ᠳ᠋ᠦ᠍ᠷ ᠤᠯᠠᠮᠵᠢᠯᠠᠭᠠᠳ ᠂ ᠪᠦᠭᠦᠳᠡ ᠠᠷᠪᠠᠨ ᠳᠥᠷᠪᠡᠨ ᠦᠶ᠎ᠡ ᠵᠠᠭᠤ ᠵᠢᠷᠠᠨ ᠲᠠᠪᠤᠨ ᠵᠢᠯ ᠠᠭᠰᠠᠨ ᠠᠵᠤᠭᠤ 》 ᠭᠡᠵᠦ ᠴᠢᠩᠭᠢᠰ ᠬᠠᠭᠠᠨ ᠠ᠋ᠴᠠ ᠲᠣᠭᠤᠨᠲᠡᠮᠦᠷ ᠬᠠᠭᠠᠨ ᠬᠦᠷᠲᠡᠯ᠎ᠡ ᠲᠡᠦᠬᠡ ᠶ᠋ᠢ ᠲᠣᠪᠴᠢᠯᠠᠨ ᠳᠤᠷᠠᠳᠤᠭᠰᠠᠨ ᠪᠣᠯᠠᠢ ᠃ ᠡᠨᠡ ᠨᠢᠭᠡ ᠪᠠᠳᠠᠭ ᠦᠭᠡ ᠶ᠋ᠢ ᠪᠣᠯ ᠤᠭ ᠵᠣᠬᠢᠶᠠᠯ ᠤ᠋ᠨ ᠮᠥᠷ ᠦ᠋ᠨ ᠳᠡᠭᠡᠳᠦ ᠲᠠᠯ᠎ᠠ ᠳ᠋ᠤ᠌ ᠲᠤᠰᠬᠠᠢᠯᠠᠨ ᠪᠢᠴᠢᠭᠰᠡᠨ ᠪᠠᠢᠪᠠ ᠃ ᠡᠨᠳᠡ ᠠᠭᠤᠯᠭ᠎ᠠ ᠶ᠋ᠢ ᠦᠨᠳᠦᠰᠦᠯᠡᠨ ᠵᠠᠯᠭᠠᠨ ᠰᠡᠢᠷᠡᠭᠦᠯᠪᠡᠢ ᠃
② ᠮᠣᠷᠢᠨ ᠵᠢᠯ ᠄ 1378 ᠣᠨ ᠪᠣᠯᠤᠨ᠎ᠠ ᠃ ᠪᠢᠯᠢᠭᠲᠦ ᠬᠠᠭᠠᠨ ᠤ᠋ ᠶᠡᠬᠡ ᠣᠷᠣ ᠰᠠᠭᠤᠭᠰᠠᠨ ᠵᠢᠯ ᠪᠣᠯ ᠴᠠᠭᠠᠭᠴᠢᠨ ᠭᠠᠬᠠᠢ ᠵᠢᠯ ᠂ ᠮᠢᠩ ᠤᠯᠤᠰ ᠤ᠋ᠨ ᠾᠦᠩ ᠡᠦ (洪武 ) ᠳᠥᠲᠥᠭᠡᠷ ᠣᠨ ᠂ ᠳᠠᠷᠤᠢ1371 ᠣᠨ ᠪᠣᠯᠤᠨ᠎ᠠ ᠃ ᠡᠨᠳᠡ ᠮᠣᠷᠢᠨ ᠵᠢᠯ ᠶᠡᠬᠡ ᠣᠷᠣ ᠰᠠᠭᠤᠪᠠ ᠭᠡᠰᠡᠨ ᠨᠢ ᠪᠤᠷᠤᠭᠤ ᠪᠣᠯᠪᠠ ᠃
③ ᠠᠶᠤᠰᠠᠷᠠᠲᠠᠷᠠ ᠬᠠᠭᠠᠨ (1338 —1378 ) ᠶ᠋ᠢ ᠮᠣᠩᠭᠣᠯ ᠰᠤᠷᠪᠤᠯᠵᠢ ᠪᠢᠴᠢᠭ ᠲᠦ᠍ ᠪᠠᠰᠠ ᠠᠶᠤᠰᠢᠷᠠᠲᠠᠷᠠ ᠭᠡᠵᠦ ᠪᠢᠴᠢᠳᠡᠭ ᠃ 1371 ᠣᠨ ᠳ᠋ᠤ᠌ ᠶᠡᠬᠡ ᠣᠷᠣ ᠰᠠᠭᠤᠵᠤ ᠤᠮᠠᠷᠠᠲᠤ ᠶᠤᠸᠠᠨ ᠤᠯᠤᠰ ᠢ᠋ ᠪᠠᠢᠭᠤᠯᠪᠠ ᠃ ᠡᠨᠡ ᠬᠠᠭᠠᠨ ᠤ᠋ ᠴᠣᠯᠠ ᠶ᠋ᠢ ᠵᠣᠣ ᠽᠦᠩ (昭宗 ) ᠂ ᠮᠣᠩᠭᠣᠯ ᠳ᠋ᠤᠷ ᠪᠢᠯᠢᠭᠲᠦ ᠬᠠᠭᠠᠨ ᠭᠡᠳᠡᠭ ᠃
ᠭᠥᠷᠦᠭᠦᠯᠵᠦᠬᠦᠢ① ᠡᠳᠦᠭᠡ ᠤᠰᠬᠠᠯ ᠬᠠᠭᠠᠨ ᠤ᠋ ᠭᠤᠷᠪᠠᠨ ᠬᠥᠪᠡᠭᠦᠨ ᠦ᠌ ᠠᠯᠢ ᠢᠨᠤ ᠪᠣᠯᠪᠠ ᠃ ᠶᠡᠬᠡ ᠰᠤᠳᠤᠷ ᠲᠤ᠌ ᠦᠭᠡᠢ ᠪᠥᠭᠡᠳ ᠪᠠᠷᠤᠭᠠᠯᠭᠠᠰᠠᠨ ᠢᠲᠡᠭᠡᠮᠵᠢ ᠦᠭᠡᠢ ᠰᠤᠳᠤᠷ ᠦ᠋ᠳ ᠲᠣᠷ ᠴᠦ᠍ ᠮᠥᠨ ᠦᠭᠡᠢ᠂ ᠡᠭᠦᠨᠴᠡ ᠲᠣᠷᠤᠭᠠᠱᠢ ᠬᠡᠳᠦᠨ ᠰᠤᠳᠤᠷ ᠲᠤᠷ ᠪᠤᠰᠤ ᠬᠡᠷᠡᠭ ᠦ᠋ᠨ ᠰᠢᠯᠲᠠᠭᠠᠨ ᠳ᠋ᠤᠷ ᠭᠠᠷᠤᠭᠰᠠᠨ᠎ᠠ ᠠᠶᠤᠰᠠᠷᠢᠲᠠ ᠬᠠᠭᠠᠨ ᠤ᠋ ᠬᠣᠢᠨ᠎ᠠ ᠲᠡᠭᠦᠰ ᠲᠡᠮᠦᠷ ᠬᠠᠭᠠᠨ ᠲᠡᠷᠡ ᠬᠠᠭᠠᠨ ᠢᠰᠦᠲᠡᠲᠡᠷ ᠦ᠋ᠨ ᠭᠠᠷ ᠲᠤᠷ ᠬᠠᠯᠢᠭᠠᠳ ᠶᠡᠬᠡ ᠰᠠᠮᠠᠭᠤᠨ ᠪᠣᠯᠤᠭᠰᠠᠨ᠎ᠠ ᠲᠠᠢ ᠮᠢᠩ ᠶᠦᠩ ᠯᠦ᠍ ᠶ᠋ᠢᠨ ᠴᠠᠭ ᠲᠤᠷ ᠪᠣᠢ ᠊ᠶ᠎ᠠ ᠂ ᠰᠢᠷᠢ ᠬᠠᠭᠠᠨ ᠲᠦᠰᠢᠮᠡᠯ ᠢ᠋ᠶ᠋ᠡᠨ ᠮᠠᠬᠠᠮᠤ ᠲᠠᠠᠢᠱᠢ ᠠᠷᠤᠭᠲᠠᠢ ᠲᠠᠠᠢᠱᠢ ᠬᠣᠶᠠᠷ ᠢ᠋ ᠬᠢᠲᠠᠳ ᠤᠯᠤᠰ ᠲᠤᠷ ᠡᠶᠡᠲᠦᠯᠲᠦᠷᠠ ᠢᠯᠡᠭᠡᠭᠰᠡᠨ᠎ᠡ ᠂ ᠶᠦᠩ ᠯᠦ᠍ ᠬᠠᠭᠠᠨ ᠮᠠᠭᠮᠣ ᠶ᠋ᠢ ᠨᠢᠩ ᠸᠠᠩ ᠂ ᠠᠷᠣᠭᠲᠠᠢ ᠶ᠋ᠢ ᠾᠧ ᠨᠢᠩ ᠸᠠᠩ ᠪᠣᠯᠭᠠᠭᠰᠠᠨ ᠂ ᠲᠠᠢ ᠮᠢᠩ ᠰᠢᠦᠸᠠᠨ ᠳᠧ ᠬᠠᠭᠠᠨ ᠤ᠋ ᠴᠠᠭ ᠮᠠᠬᠠᠮᠤ ᠲᠠᠠᠢᠱᠢ ᠡᠵᠡᠨ ᠡᠴᠡᠭᠡᠨ ᠤᠷᠪᠠᠭᠠᠳ ᠂ ᠠᠷᠤᠭᠲᠠᠢ ᠸᠠᠩ ᠲᠠᠨ ᠢ᠋ ᠠᠯᠠᠵᠤ ᠪᠦᠭᠦᠳᠡ ᠮᠣᠩᠭᠣᠯ ᠢ᠋ ᠠᠴᠢᠯᠠᠷᠠ ᠠᠪᠤᠷᠢᠯᠠᠭᠰᠠᠨ ᠢ᠋ ᠪᠦᠭᠦᠳᠡ ᠰᠡᠳᠬᠢᠯ ᠦᠯᠦ ᠪᠢᠰᠢᠷᠡᠨ ᠡᠰᠡ ᠳᠤᠷᠠᠰᠢᠭᠠᠳ ᠴᠢᠩᠭᠢᠰ ᠪᠣᠭᠳᠠ ᠶ᠋ᠢᠨ ᠦᠷ᠎ᠡ ᠳᠤᠲᠠ ᠪᠤᠬ᠎ᠠ ᠶ᠋ᠢ ᠬᠠᠭᠠᠨ ᠪᠣᠯᠭᠠᠨ ᠡᠷᠭᠦᠭᠰᠡᠨ ᠬᠢᠭᠡᠳ ᠮᠠᠬᠠᠮᠤ
— — — —
① ᠲᠡᠦᠬᠡᠨ ᠲᠡᠮᠳᠡᠭᠯᠡᠯ ᠡᠴᠡ ᠦᠵᠡᠪᠡᠯ ᠂ ᠮᠣᠩᠭᠣᠯ ᠤ᠋ᠨ ᠲᠣᠭᠤᠨᠲᠡᠮᠦᠷ ᠬᠠᠭᠠᠨ ᠨᠠᠰᠤ ᠪᠠᠷᠠᠭᠰᠠᠨ ᠳᠠᠷᠤᠢ ᠮᠢᠩ ᠤᠯᠤᠰ ᠤᠮᠠᠷᠠᠰᠢ ᠴᠡᠷᠢᠭ ᠣᠷᠣᠵᠤ ᠢᠩ ᠴᠠᠩ ᠹᠦ ᠶ᠋ᠢ ᠴᠣᠬᠢᠨ ᠡᠵᠡᠯᠡᠵᠦ ᠠᠶᠤᠰᠠᠷᠠᠲᠠᠷᠠ ᠳᠤᠲᠠᠭᠠᠨ ᠬᠥᠪᠡᠭᠦᠨ ᠮᠠᠷᠲᠠᠷᠪᠠᠯᠠ ᠪᠣᠯᠤᠨ ᠬᠠᠭᠠᠨ ᠤ᠋ ᠲᠥᠷᠥᠯ ᠲᠥᠷᠥᠭᠰᠡᠳ ᠢ᠋ ᠣᠯᠵᠠᠯᠠᠨ ᠢᠩ ᠴᠠᠩ ᠹᠦ ᠶ᠋ᠢ ᠡᠪᠳᠡᠨ ᠰᠦᠢᠳᠬᠡᠵᠡᠢ ᠂ ᠵᠠᠪᠰᠢᠶᠠᠨ ᠢ᠋ᠶ᠋ᠠᠷ ᠠᠶᠤᠰᠠᠷᠠᠲᠠᠷᠠ ᠳᠤᠲᠠᠭᠠᠨ ᠭᠠᠷᠴᠤ ᠴᠥᠭᠡᠨ ᠲᠣᠭᠠᠨ ᠤ᠋ ᠬᠥᠮᠦᠰ ᠢ᠋ ᠳᠠᠭᠠᠭᠤᠯᠤᠨ ᠴᠢᠩ ᠵᠧᠦ ( ᠣᠳᠣᠶᠤᠮ ᠪᠠᠭᠠᠷᠢᠨ ᠪᠠᠷᠠᠭᠤᠨ ᠬᠤᠰᠢᠭᠤᠨ ᠤ᠋ ᠬᠣᠢᠲᠤ ᠵᠠᠬ᠎ᠠ ᠳ᠋ᠤ᠌ ᠪᠦᠬᠦᠢ ᠯᠢᠶᠣᠤ ᠤᠯᠤᠰ ᠤ᠋ᠨ ᠬᠠᠭᠤᠴᠢᠨ ᠪᠠᠯᠭᠠᠰᠤ ) ᠳ᠋ᠤ᠌ ᠬᠦᠷᠪᠡ ᠃ ᠬᠣᠵᠢᠮ ᠨᠢ ᠬᠠᠷ᠎ᠠ ᠬᠣᠷᠣᠮ ( ᠥᠭᠡᠳᠡᠢ ᠶ᠋ᠢᠨ ᠳᠣᠯᠣᠳᠤᠭᠠᠷ ᠣᠨ ᠳ᠋ᠤ᠌ ᠪᠠᠢᠭᠤᠯᠤᠭᠰᠠᠨ ᠬᠣᠲᠠ ᠂ ᠣᠷᠣ ᠪᠠᠯᠭᠠᠰᠤ ᠨᠢ ᠣᠳᠣ ᠶ᠋ᠢᠨ ᠮᠣᠩᠭᠣᠯ ᠤᠯᠤᠰ ᠤ᠋ᠨ ᠣᠷᠬᠣᠨ ᠭᠣᠣᠯ ᠤ᠋ᠨ ᠳᠡᠭᠡᠳᠦ ᠤᠷᠤᠰᠬᠠᠯ ᠬᠤᠪᠢ ᠪᠠᠷ ᠪᠣᠢ ) ᠳ᠋ᠤ᠌ ᠣᠴᠢᠵᠤ ᠰᠠᠭᠤᠪᠠ ᠃ ᠲᠡᠭᠦᠨᠴᠡ ᠬᠣᠢᠰᠢ ᠬᠠᠷ᠎ᠠ ᠬᠣᠷᠣᠮ ᠳᠠᠬᠢᠵᠤ ᠮᠣᠩᠭᠣᠯ ᠤ᠋ᠨ ᠲᠥᠪ ᠪᠣᠯᠵᠠᠢ ᠃ 1372 ᠣᠨ ᠳ᠋ᠤ᠌ ᠮᠢᠩ ᠤᠯᠤᠰ ᠤ᠋ᠨ ᠰᠢᠦᠢ ᠳᠡ ᠂ ᠯᠢ ᠸᠸᠨ ᠵᠦᠩ ᠨᠠᠷ ᠠᠷᠪᠠᠨ ᠲᠠᠪᠤᠨ ᠲᠦᠮᠡᠨ ᠶᠡᠬᠡ ᠴᠡᠷᠢᠭ ᠳᠠᠢᠴᠢᠯᠠᠨ ᠬᠡᠳᠦᠨ ᠵᠠᠮ ᠬᠤᠪᠢᠶᠠᠵᠤ ᠮᠣᠩᠭᠣᠯ ᠣᠷᠣᠨ ᠢ᠋ ᠳᠣᠪᠲᠣᠯᠠᠪᠠ ᠃ ᠵᠡᠭᠦᠨ ᠪᠠᠷᠠᠭᠤᠨ ᠬᠣᠶᠠᠷ ᠵᠠᠮ ᠤ᠋ᠨ ᠴᠡᠷᠢᠭ ᠨᠢ ᠢᠯᠠᠯᠲᠠ ᠣᠯᠤᠭᠰᠠᠨ ᠴᠤ᠌ ᠳᠤᠮᠳᠠ ᠵᠠᠮ ᠤ᠋ᠨ ᠴᠡᠷᠢᠭ ᠨᠢ ᠮᠣᠩᠭᠣᠯ ᠤ᠋ᠨ ᠬᠦᠬᠡᠲᠡᠮᠦᠷ ᠦ᠋ᠨ ᠳᠠᠢᠴᠢᠯᠠᠭᠰᠠᠨ ᠠᠷᠠᠳ ᠴᠡᠷᠢᠭ ᠦ᠋ᠨ ᠡᠰᠡᠷᠭᠦᠴᠡᠯ ᠳ᠋ᠦ᠍ ᠤᠴᠠᠷᠠᠨ ᠮᠠᠰᠢ ᠶᠡᠬᠡ ᠬᠣᠬᠢᠷᠠᠯ ᠠᠮᠰᠠᠵᠠᠢ ᠃ ᠡᠭᠦᠨ ᠡᠴᠡ ᠬᠣᠢᠰᠢ ᠨᠡᠯᠢᠶᠡᠳ ᠬᠡᠳᠦᠨ ᠵᠢᠯ ᠦ᠋ᠨ ᠳᠣᠲᠣᠷ᠎ᠠ ᠮᠢᠩ ᠤᠯᠤᠰ ᠤ᠋ᠨ ᠴᠡᠷᠢᠭ ᠤᠮᠠᠷᠠᠰᠢ ᠳᠣᠪᠲᠣᠯᠠᠬᠤ ᠪᠠᠨ ᠪᠠᠬᠠᠨ ᠵᠣᠭᠰᠣᠵᠤ ᠮᠣᠩᠭᠣᠯ ᠲᠠᠢ ᠲᠦᠷ ᠡᠪᠰᠡᠬᠦ ᠪᠠᠢᠳᠠᠯ ᠪᠠᠢᠯ᠎ᠠ᠃ 1374 ᠣᠨ ᠳ᠋ᠤ᠌ ᠮᠢᠩ ᠤᠯᠤᠰ ᠤ᠋ᠨ ᠬᠠᠭᠠᠨ ᠮᠣᠩᠭᠣᠯ ᠲᠠᠢ ᠡᠪᠰᠡᠬᠦ ᠶ᠋ᠢᠨ ᠲᠥᠯᠥᠭᠡ ᠣᠯᠵᠠᠯᠠᠭᠳᠠᠭᠰᠠᠳ ᠪᠣᠯᠤᠭᠰᠠᠨ ᠠᠶᠤᠰᠠᠷᠠᠲᠠᠷᠠ ᠶ᠋ᠢᠨ ᠬᠥᠪᠡᠭᠦᠨ ᠮᠠᠲᠠᠷᠪᠠᠯᠠ ᠳ᠋ᠤ᠌ ᠽᠦᠩ ᠯᠢ ᠾᠧᠦ ᠭᠡᠳᠡᠭ ᠴᠣᠯᠠ ᠦᠭᠭᠦᠨ ᠮᠣᠩᠭᠣᠯ ᠳ᠋ᠤ᠌ ᠪᠤᠴᠠᠭᠤᠯᠤᠨ ᠬᠠᠭᠠᠨ ᠡᠴᠢᠭᠡ ᠪᠡᠨ ᠢᠳᠬᠠᠵᠤ ᠡᠪᠰᠡᠬᠦ ᠶᠠᠪᠤᠳᠠᠯ ᠢ᠋ ᠳᠥᠭᠥᠮ ᠪᠣᠯᠭᠠᠬᠤ ᠭᠡᠵᠦ ᠣᠷᠣᠯᠳᠣᠭᠤᠯᠵᠠᠢ ᠃ ᠲᠡᠭᠦᠨᠴᠡ ᠬᠣᠢᠰᠢ ᠠᠶᠤᠰᠠᠷᠠᠲᠠᠷᠠ ᠶ᠋ᠢ ᠨᠠᠰᠤ ᠪᠠᠷᠠᠲᠠᠯ᠎ᠠ (1378) ᠮᠣᠩᠭᠣᠯ ᠪᠠ ᠮᠢᠩ ᠤᠯᠤᠰ ᠤ᠋ᠨ ᠬᠣᠭᠣᠷᠣᠨᠳᠣ ᠨᠠᠮᠵᠢᠭᠤᠨ ᠪᠠᠢᠪᠠ ᠃
ᠳᠠᠢᠰᠢ ᠶ᠋ᠢᠨ ᠬᠥᠪᠡᠭᠦᠨ ᠲᠤᠬᠠᠨ ᠲᠡᠰᠢ ( ᠲᠠᠢᠰᠢ ) ᠲᠤᠬᠠᠨ ᠳᠠᠢᠰᠢ ᠶ᠋ᠢᠨ ᠬᠥᠪᠡᠭᠦᠨ ᠡᠰᠡᠨ ᠳᠠᠢᠰᠢ ᠬᠡᠮᠡᠬᠦ ᠪᠤᠶᠤ ᠲᠡᠷᠢᠭᠦᠲᠡᠨ ᠬᠡᠰᠡᠭ ᠬᠡᠰᠡᠭ ᠭᠠᠷᠴᠤ ᠢᠷᠡᠪᠡᠴᠦ ᠵᠠᠭᠠᠯᠳᠤᠯᠭ᠎ᠠ ᠪᠦᠬᠦᠯᠢ ᠣᠯᠳᠠᠬᠤ ᠦᠭᠡᠢ ᠲᠤᠯᠠ ᠠᠷᠭ᠎ᠠ ᠦᠭᠡᠢ ᠮᠣᠩᠭᠣᠯ ᠊ᠢ ᠪᠠᠷᠤᠭᠠᠯᠠᠭᠰᠠᠨ ᠰᠤᠳᠤᠷ ᠊ᠢ ᠳᠠᠭᠠᠵᠤ ᠪᠢᠴᠢᠭᠡᠳ ᠵᠢᠯ ᠦ᠋ᠨ ᠮᠠᠭᠠᠳ ᠊ᠢ ᠬᠢᠲᠠᠳ ᠪᠢᠴᠢᠭ ᠡᠴᠡ ᠨᠠᠢᠷᠠᠭᠤᠯᠪᠠᠢ᠃ ᠤᠰᠬᠠᠯ ᠬᠠᠭᠠᠨ① ᠶᠡᠬᠡ ᠣᠷᠣ ᠰᠠᠭᠤᠭᠠᠳ ᠠᠷᠪᠠᠨ ᠣᠨ ᠪᠣᠯᠵᠤ ᠰᠢᠷ᠎ᠠ ᠯᠤᠤ ᠵᠢᠯ ᠳ᠋ᠦ᠍ᠷ ᠾᠦᠩ ᠡᠤ ᠶ᠋ᠢᠨ ᠬᠣᠷᠢᠨ ᠨᠢᠭᠡᠳᠦᠭᠡᠷ ᠣᠨ ᠲᠩᠷᠢ ᠪᠣᠯᠪᠠᠢ ᠃ ᠨᠥᠬᠥᠭᠡ ᠣᠨ ᠲᠡᠭᠦᠨᠣ ᠬᠥᠪᠡᠭᠦᠨ ᠵᠣᠷᠢᠭᠲᠤ ᠬᠠᠭᠠᠨ② ᠶᠡᠬᠡ ᠣᠷᠣ ᠰᠠᠭᠤᠭᠠᠳ ᠂ ᠭᠤᠷᠪᠠᠨ ᠣᠨ ᠪᠣᠯᠵᠤ ᠲᠡᠮᠦᠷ ᠬᠣᠨᠢᠨ ᠵᠢᠯ③ ᠮᠥᠨ ᠣᠨ ᠲᠩᠷᠢ ᠪᠣᠯᠪᠠᠢ ᠃ ᠤᠰᠤᠨ ᠪᠡᠴᠢᠨ ᠨᠥᠭᠥᠭᠡ ᠣᠨ ᠲᠡᠭᠦᠨᠣ ᠬᠥᠪᠡᠭᠦᠨ ᠡᠩᠬᠡ ᠡᠯᠪᠡ ᠨᠢᠭᠦᠯᠭᠡᠰᠦᠭᠴᠢ ᠬᠠᠭᠠᠨ ④ ᠶᠡᠬᠡ ᠣᠷᠣ ᠰᠠᠭᠤᠵᠤ ᠵᠢᠷᠭᠤᠭᠠᠨ ᠣᠨ
— — — —
① ᠤᠰᠬᠠᠯ ᠬᠠᠭᠠᠨ (1342 —1388 ) ᠤ᠋ ᠨᠡᠷ᠎ᠡ ᠲᠡᠭᠦᠰᠲᠡᠮᠦᠷ᠂ 《 ᠡᠷᠳᠡᠨᠢ ᠶ᠋ᠢᠨ ᠲᠣᠪᠴᠢ 》 ᠳ᠋ᠤ᠌ 《 ᠲᠡᠭᠦᠨ ᠦ᠌ ( ᠪᠢᠯᠢᠭᠲᠦ ᠬᠠᠭᠠᠨ ᠊ᠢ ᠵᠢᠭᠠᠵᠠᠢ ) ᠬᠥᠪᠡᠭᠦᠨ ᠤᠰᠬᠠᠯ ᠬᠠᠭᠠᠨ ᠰᠢᠮ ᠮᠣᠷᠢᠨ ᠵᠢᠯ ᠲᠡᠢ ᠂ ᠭᠤᠴᠢᠨ ᠨᠠᠢ᠍ᠮᠠᠨ ᠢ᠋ᠶ᠋ᠠᠨ ᠵᠢᠢ ᠬᠣᠨᠢᠨ ᠵᠢᠯ ᠬᠠᠨ ᠰᠠᠭᠤᠵᠤ ᠠᠷᠪᠠᠨ ᠵᠢᠯ ᠪᠣᠯᠤᠭᠠᠳ ᠳᠥᠴᠢᠨ ᠳᠣᠯᠣᠭᠠᠨ ᠢ᠋ᠶ᠋ᠠᠨ ᠤᠤ ᠯᠤᠤ ᠵᠢᠯ ᠬᠠᠯᠢᠪᠠᠢ 》 ᠭᠡᠵᠦ ᠨᠠᠷᠢᠨ ᠨᠢᠭᠲᠠ ᠲᠡᠮᠳᠡᠭᠯᠡᠭᠰᠡᠨ ᠶᠦ᠍ᠮ ᠃ ᠵᠠᠷᠢᠮ ᠬᠢᠲᠠᠳ ᠰᠤᠷᠪᠤᠯᠵᠢ ᠪᠢᠴᠢᠭ ᠲᠦ᠍ ᠲᠡᠭᠦᠰᠲᠡᠮᠦᠷ ᠊ᠢ ᠪᠢᠯᠢᠭᠲᠦ ᠬᠠᠭᠠᠨ ᠤ᠋ ᠳᠡᠭᠦᠦ ᠭᠡᠵᠦ ᠪᠤᠷᠤᠭᠤ ᠲᠡᠮᠳᠡᠭᠯᠡᠭᠰᠡᠨ ᠴᠦ᠍ ᠪᠣᠢ ᠃
② ᠵᠣᠷᠢᠭᠲᠤ ᠬᠠᠭᠠᠨ (1359 —1392 ) ᠊ᠢ ᠮᠣᠩᠭᠣᠯ ᠰᠤᠷᠪᠤᠯᠵᠢ ᠪᠢᠴᠢᠭ ᠲᠦ᠍ ᠪᠠᠰᠠ ᠡᠩᠬᠡ ᠵᠣᠷᠢᠭᠲᠤ ᠬᠠᠭᠠᠨ ᠭᠡᠳᠡᠭ ᠃
③ 《ᠡᠷᠳᠡᠨᠢ ᠶ᠋ᠢᠨ ᠲᠣᠪᠴᠢ 》 ᠳ᠋ᠤ᠌ ᠵᠣᠷᠢᠭᠲᠤ ᠬᠠᠭᠠᠨ ᠊ᠢ ᠬᠠᠷ᠎ᠠ ᠪᠡᠴᠢᠨ ᠵᠢᠯ (1392 ) ᠣᠨ ᠲᠩᠷᠢ ᠪᠣᠯᠪᠠᠢ ᠭᠡᠬᠦ ᠃
④ ᠡᠯᠪᠡᠭ ᠬᠠᠭᠠᠨ (1361 —1399 ) ᠊ᠢ ᠮᠣᠩᠭᠣᠯ ᠰᠤᠷᠪᠤᠯᠵᠢ ᠪᠢᠴᠢᠭ ᠦ᠋ᠳ ᠲᠦ᠍ ᠪᠦᠷ ᠡᠯᠪᠡᠭ ᠨᠢᠭᠦᠯᠰᠦᠭᠴᠢ ᠬᠠᠭᠠᠨ ᠭᠡᠵᠦ ᠪᠢᠴᠢᠳᠡᠭ ᠃ 《 ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠳ᠋ᠤ᠌ ᠲᠡᠮᠳᠡᠭᠯᠡᠭᠰᠡᠨ ᠊ᠢ ᠦᠨᠳᠦᠰᠦᠯᠡᠪᠡᠯ ᠡᠯᠪᠡᠭ ᠬᠠᠭᠠᠨ ᠤ᠋ ᠦᠶ᠎ᠡ ᠡᠴᠡ ᠡᠬᠢᠯᠡᠵᠦ ᠣᠢᠷᠠᠳ ᠂ ᠮᠣᠩᠭᠣᠯ ᠬᠣᠶᠠᠷ ᠬᠠᠭᠠᠴᠠᠨ ᠡᠬᠢᠯᠡᠭᠰᠡᠨ ᠪᠠᠢᠨ᠎ᠠ ᠃ 《ᠰᠢᠷ᠎ᠠ ᠲᠣᠭᠣᠵᠢ 》 ᠳ᠋ᠤ᠌ 《 ᠡᠯᠪᠡᠭ ᠬᠠᠭᠠᠨ ᠭᠤᠴᠢᠨ ᠭᠤᠷᠪᠠᠨ ᠨᠠᠰᠤᠨ ᠳ᠋ᠠᠭᠠᠨ ᠬᠠᠨ ᠣᠷᠣ ᠰᠠᠭᠤᠵᠤ ᠡᠯᠪᠡᠭ ᠨᠢᠭᠦᠯᠡᠰᠦᠭᠴᠢ ᠬᠠᠭᠠᠨ ᠭᠡᠮᠡᠨ ᠬᠣᠲᠠᠯᠠ ᠳ᠋ᠤᠷ ᠠᠯᠳᠠᠷᠰᠢᠪᠠᠢ 》 ᠭᠡᠵᠦ ᠣᠨᠴᠠ ᠲᠡᠮᠳᠡᠭᠯᠡᠭᠰᠡᠨ ᠶᠦ᠍ᠮ ᠃
ᠪᠣᠯᠤᠭᠠᠳ ᠭᠠᠯ ᠦᠬᠡᠷ ᠵᠢᠯ ᠾᠦᠩ ᠡᠣ ᠶ᠋ᠢᠨ ᠡᠯ ᠱᠢ ᠨᠢᠶᠠᠨ ① ᠲᠠᠢᠴᠤᠳ ᠣᠢᠷᠠᠳ ᠤ᠋ᠨ ᠪᠠᠲᠤᠯᠠ ᠴᠢᠩᠰᠠᠩ ᠴᠧᠩ ᠰᠢᠶᠠᠩ ᠥᠭᠡᠴᠢ ᠬᠠᠰᠢᠬ᠎ᠠ ᠬᠣᠶᠠᠷ ᠬᠠᠷᠴᠤ ᠭᠠᠷᠠ ᠭᠦᠷᠦᠨ ᠲᠩᠷᠢ ᠪᠣᠯᠪᠠᠢ ②᠃
— — — —
① ᠾᠦᠩ ᠡᠣ ᠶ᠋ᠢᠨ ᠬᠣᠷᠢᠳᠤᠭᠠᠷ ᠣᠨ ᠭᠡᠰᠡᠨ ᠊ᠢ ᠬᠢᠲᠠᠳ ᠠᠶᠠᠯᠭᠤ ᠪᠠᠷ ᠲᠡᠮᠳᠡᠭᠯᠡᠵᠡᠢ ᠃
② ᠡᠨᠡ ᠪᠣᠯ1399 ᠣᠨ ᠳ᠋ᠤ᠌ ᠪᠣᠯᠤᠭᠰᠠᠨ ᠨᠢᠭᠡᠨ ᠲᠡᠦᠬᠡᠲᠦ ᠤᠴᠢᠷ ᠶᠤᠮ ᠃ ᠡᠨᠡ ᠲᠤᠬᠠᠢ 《ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠳ᠋ᠤ᠌ ᠮᠠᠰᠢ ᠨᠠᠷᠢᠨ ᠲᠡᠮᠳᠡᠭᠯᠡᠭᠰᠡᠨ ᠪᠠᠢᠨ᠎ᠠ ᠃ ᠲᠡᠭᠦᠨ ᠊ᠢ ᠣᠳᠣ ᠶ᠋ᠢᠨ ᠮᠣᠩᠭᠣᠯ ᠬᠡᠯᠡ ᠳᠡᠭᠡᠷ᠎ᠡ ᠪᠠᠭᠤᠯᠭᠠᠪᠠᠯ ᠄ ᠨᠣᠬᠠᠢ ᠵᠢᠯ (1392 ) ᠡᠯᠪᠡᠭ ᠬᠠᠭᠠᠨ ᠰᠠᠭᠤᠷᠢᠨ ᠳ᠋ᠤ᠌ ᠰᠠᠭᠤᠪᠠ ᠃ ᠨᠢᠭᠡ ᠡᠳᠦᠷ᠂ ᠡᠯᠪᠡᠭ ᠬᠠᠭᠠᠨ ᠠᠪᠠ ᠠᠪᠠᠯᠠᠵᠤ ᠶᠠᠪᠤᠬᠤ ᠳ᠋ᠠᠭᠠᠨ ᠠᠯᠠᠭᠳᠠᠭᠰᠠᠨ ᠲᠠᠤᠯᠠᠢ ᠶ᠋ᠢᠨ ᠴᠢᠰᠤ ᠴᠠᠭᠠᠨ ᠴᠠᠰᠤᠨ ᠳᠡᠭᠡᠷ᠎ᠡ ᠲᠣᠰᠤᠯᠤᠭᠰᠡᠨ ᠊ᠢ ᠦᠵᠡᠭᠡᠳ < ᠡᠨᠡ ᠴᠠᠰᠤ ᠮᠡᠲᠦ ᠴᠠᠭᠠᠨ ᠴᠢᠷᠠᠢ ᠲᠠᠢ ᠂ ᠡᠨᠡ ᠴᠢᠰᠤ ᠮᠡᠲᠦ ᠤᠯᠠᠭᠠᠨ ᠬᠠᠴᠠᠷ ᠲᠠᠢ ᠭᠣᠸ᠋᠎ᠠ ᠡᠬᠡᠨᠡᠷ ᠪᠠᠢᠳᠠᠭ ᠪᠣᠯᠪᠠᠤ ︖ > ᠭᠡᠵᠦ ᠵᠠᠷᠯᠢᠭ ᠪᠣᠯᠤᠨ ᠠᠰᠠᠭᠤᠭᠰᠠᠨ ᠳ᠋ᠤ᠌ ᠂ ᠣᠢᠷᠠᠳ ᠤ᠋ᠨ ᠬᠤᠤᠬᠠᠢ ᠳᠠᠶᠤᠤ < ᠡᠨᠡ ᠮᠡᠲᠦ ᠥᠩᠭᠡ ᠵᠢᠰᠦ ᠲᠡᠢ ᠡᠬᠡᠨᠡᠷ ᠪᠠᠢᠨ᠎ᠠ > ᠭᠡᠵᠦ ᠬᠠᠷᠢᠭᠤᠯᠵᠠᠢ ᠃ < ᠬᠡᠨ ᠪᠣᠢ > ᠭᠡᠵᠦ ᠡᠯᠪᠡᠭ ᠬᠠᠭᠠᠨ ᠠᠰᠠᠭᠤᠬᠤ ᠳ᠋ᠤ᠌ ᠬᠤᠤᠬᠠᠢ ᠳᠠᠶᠤᠤ ᠠᠷᠭ᠎ᠠ ᠪᠤᠰᠤ < ᠬᠡᠯᠡᠵᠦ ᠦᠯᠦ ᠪᠣᠯᠬᠤ ᠨᠢᠭᠡᠨ ᠶᠠᠪᠤᠳᠠᠯ ᠊ᠢ ᠬᠡᠯᠡᠶ᠎ᠡ ᠂ ᠲᠠᠨ ᠤ᠋ ᠳᠡᠭᠦᠦ ᠬᠠᠷᠬᠤᠴᠤᠭ ᠳᠦᠭᠦᠷᠡᠩ ᠲᠡᠮᠦᠷ ᠬᠣᠩ ᠲᠠᠢᠵᠢ ᠶ᠋ᠢᠨ ᠥᠯᠵᠡᠢᠲᠦ ᠭᠡᠳᠡᠭ ᠭᠤᠸ᠋᠎ᠠ ᠬᠠᠲᠤᠨ ᠪᠣᠯ ᠳᠠᠷᠤᠢ ᠡᠨᠡ ᠮᠡᠲᠦ ᠦᠵᠡᠰᠬᠦᠯᠡᠩ ᠰᠠᠢᠬᠠᠨ ᠲᠥᠷᠥᠭᠰᠡᠨ ᠶᠦ᠍ᠮ > ᠭᠡᠵᠡᠢ᠃ ᠡᠯᠪᠡᠭ ᠬᠠᠭᠠᠨ ᠡᠭᠦᠨ ᠊ᠢ ᠰᠣᠨᠣᠰᠤᠭᠠᠳ < ᠬᠣᠲᠠᠯᠠ ᠳᠠᠬᠢᠨ ᠊ᠢ ᠨᠡᠢᠯᠡᠭᠦᠯᠦᠭᠴᠢ ᠂ ᠬᠦᠰᠡᠭᠰᠡᠨ ᠬᠦᠰᠡᠯ ᠊ᠢ ᠮᠢᠨᠢ ᠬᠠᠩᠭᠠᠭᠴᠢ ᠳᠠᠶᠤᠤ ᠮᠢᠨᠦ ᠬᠤᠷᠳᠤᠨ ᠲᠦᠷᠭᠡᠨ ᠣᠴᠢᠵᠤ ᠶᠠᠪᠤᠳᠠᠯ ᠊ᠢ ᠮᠢᠨᠢ ᠪᠦᠲᠦᠭᠡ > ᠭᠡᠵᠦ ᠵᠠᠷᠯᠢᠭ ᠪᠣᠯᠤᠭᠠᠳ ᠳᠠᠶᠤᠤ ᠶ᠋ᠢ ᠶᠠᠪᠤᠭᠤᠯᠪᠠ ᠃ ᠳᠠᠶᠤᠤ ᠲᠡᠭᠡᠭᠡᠳ ᠭᠤᠸ᠋᠎ᠠ ᠬᠠᠲᠤᠨ ᠤ᠋ ᠳ᠋ᠤ᠌ ᠬᠦᠷᠴᠦ < ᠴᠢᠨᠦ ᠥᠩᠭᠡ ᠦᠵᠡᠰᠬᠦᠯᠡᠩ ᠊ᠢ ᠴᠢᠨᠢ ᠬᠠᠭᠠᠨ ᠦᠵᠡᠶ᠎ᠡ ᠭᠡᠵᠦ ᠪᠠᠢᠨ᠎ᠠ ᠂ ᠲᠡᠭᠡᠭᠡᠳ ᠨᠠᠮᠠᠶ᠋ᠢ ᠲᠤᠰᠬᠠᠢᠯᠠᠨ ᠶᠠᠪᠤᠭᠤᠯᠤᠯ᠎ᠠ > ᠭᠡᠰᠡᠨ ᠳ᠋ᠦ᠍ ᠭᠤᠸ᠋᠎ᠠ ᠬᠠᠲᠤᠨ ᠤᠴᠢᠷ ᠦᠭᠡᠢ ᠶᠡᠬᠡ ᠠᠭᠤᠷᠯᠠᠵᠤ ᠬᠠᠷᠢᠭᠤ ᠳ᠋ᠤᠨᠢ < ᠬᠠᠮᠤᠭ ᠤ᠋ᠨ ᠳᠡᠭᠡᠳᠦ ᠬᠠᠭᠠᠨ ᠭᠡᠵᠦ ᠪᠠᠢᠭᠠᠳ ᠬᠠᠷᠢᠨ ᠪᠡᠷᠢ ᠪᠡᠨ ᠦᠵᠡᠶ᠎ᠡ ᠭᠡᠰᠡᠨ ᠶᠣᠰᠣ ᠪᠣᠢ ᠦᠦ ︖ ᠬᠠᠢᠷᠠᠲᠤ ᠳᠡᠭᠦᠦ ᠳᠦᠭᠦᠷᠡᠩ ᠲᠡᠮᠦᠷ ᠬᠣᠩ ᠲᠠᠢᠵᠢ ᠴᠢᠨᠢ ᠂ ᠬᠠᠷᠠᠬᠠᠨ ᠡᠨᠡ ᠳᠡᠯᠡᠬᠡᠢ ᠡᠴᠡ ᠠᠩᠭᠢᠵᠢᠷᠠᠴᠢᠪᠠᠦ︖ ᠬᠠᠭᠠᠨ ᠡᠵᠡᠨ ᠦ᠌ ᠪᠡᠶ᠎ᠡ ᠴᠢᠨᠢ ᠬᠠᠷ᠎ᠠ ᠨᠣᠬᠠᠢ ᠪᠣᠯᠪᠠᠤ ︖ > ᠭᠡᠵᠢ ᠃ ᠡᠨᠡ ᠦᠭᠡᠨ ᠳ᠋ᠦ᠍ ᠡᠯᠪᠡᠭ ᠬᠠᠭᠠᠨ ᠶᠡᠬᠡ ᠬᠣᠷᠣᠰᠴᠤ ᠳᠡᠭᠦᠦ ᠪᠡᠨ ᠠᠯᠠᠵᠤ ᠂ ᠳᠡᠭᠦᠦ ᠪᠡᠷᠢ ᠪᠡᠨ ᠡᠵᠡᠯᠡᠵᠡᠢ ( 《 ᠶᠠᠪᠤᠬᠤ ᠵᠠᠮ ᠊ᠢ ᠲᠣᠰᠴᠤ ᠪᠠᠢᠭᠠᠳ ᠳᠡᠭᠦᠦ ᠪᠡᠨ ᠠᠯᠠᠪᠠᠢ ᠃ ᠳᠠᠷᠤᠢ ᠳ᠋ᠤᠨᠢ ᠭᠤᠷᠪᠠᠨ ᠰᠠᠷ᠎ᠠ ᠲᠠᠢ ᠳᠠᠪᠬᠤᠷ ᠪᠡᠷᠢ ᠪᠡᠨ ᠠᠪᠤᠪᠠᠢ 》 < ᠪᠣᠯᠣᠷ ᠲᠣᠯᠢ > ᠃ ᠲᠡᠭᠦᠨ ᠦ᠌ ᠬᠣᠢᠨ᠎ᠠ ᠬᠠᠭᠠᠨ ᠨᠥᠬᠥᠭᠡ ᠭᠡᠷ ᠲᠡᠭᠡᠨ ᠬᠠᠷᠢᠪᠠ ᠃ ᠬᠤᠤᠬᠠᠢ ᠳᠠᠶᠤᠤ ᠤᠷᠢᠳᠤ ᠶ᠋ᠢᠨ ᠬᠠᠭᠠᠨ ᠤ᠋ ᠠᠮᠠᠯᠳᠤᠭᠰᠠᠨ ᠊ᠢ ᠰᠠᠨᠠᠵᠤ ᠨᠡᠬᠡᠬᠦ ᠪᠡᠷ ᠢᠷᠡᠪᠡ ᠃ ( ᠳᠥᠷᠪᠡᠨ ᠣᠢᠷᠠᠳ ᠤ᠋ᠨ ᠴᠧᠩᠰᠢᠶᠠᠩ ᠪᠣᠯᠭᠠᠬᠤ ᠭᠡᠰᠡᠨ — ᠲᠤᠰ ᠲᠠᠢᠯᠪᠤᠷᠢᠯᠠᠭᠴᠢ )᠃ ᠢᠩᠭᠢᠭᠡᠳ ᠬᠠᠭᠠᠨ ᠤ᠋ ᠭᠡᠷ ᠦ᠋ᠨ ᠡᠮᠦᠨ᠎ᠡ ᠰᠠᠭᠤᠵᠤ ᠪᠠᠢᠲᠠᠯ᠎ᠠ ᠭᠤᠸ᠋᠎ᠠ ᠬᠠᠲᠤᠨ ᠬᠥᠮᠦᠨ ᠢᠯᠡᠭᠡᠵᠦ ᠳᠠᠶᠤᠤ ᠶ᠋ᠢ ᠭᠡᠷ ᠲᠦ᠍ ᠪᠠᠭᠤᠨ ᠬᠠᠭᠠᠨ ᠊ᠢ ᠬᠦᠯᠢᠶᠡᠵᠦ ᠪᠠᠢ ᠭᠡᠵᠦ ᠵᠠᠯᠠᠵᠠᠢ ᠃ ᠳᠠᠶᠤᠤ ᠭᠡᠷ ᠲᠦ᠍ ᠣᠷᠣᠭᠰᠠᠨ ᠤ᠋ ᠬᠣᠢᠨ᠎ᠠ ᠭᠤᠸ᠋᠎ᠠ ᠬᠠᠲᠤᠨ ᠳᠠᠶᠤᠤ ᠳ᠋ᠤ᠌ ᠠᠷᠢᠬᠢ ᠪᠠᠷᠢᠵᠤ ᠬᠡᠯᠡᠭᠰᠡᠨ ᠨᠢ ᠄ < ᠠᠳᠠᠭ ᠮᠠᠭᠤ ᠪᠡᠶ᠎ᠡ ᠶ᠋ᠢ ᠮᠢᠨᠢ ᠠᠰᠤᠷᠤ ᠰᠠᠢᠨ ᠪᠣᠯᠭᠠᠪᠠ ᠲᠠ ᠂ ᠡᠭᠡᠯ ᠳᠣᠣᠷᠠᠲᠤ ᠪᠡᠶ᠎ᠡ ᠶ᠋ᠢ ᠮᠢᠨᠢ ᠡᠷᠬᠢᠮ ᠳᠡᠭᠡᠳᠦ ᠪᠣᠯᠭᠠᠪᠠ ᠲᠠ᠂ ᠲᠠᠢᠵᠢ ᠶ᠋ᠢᠨ ᠬᠠᠲᠤᠨ ᠪᠠᠢᠭᠰᠠᠨ ᠪᠡᠶ᠎ᠡ ᠶ᠋ᠢ ᠮᠢᠨᠢ ᠲᠠᠢᠬᠡᠦ ᠪᠣᠯᠭᠠᠪᠠ ᠳᠠ> ᠭᠡᠵᠦ ᠨᠢᠭᠡ ᠬᠦᠬᠦᠷ ᠲᠦ᠍ ᠠᠷᠢᠬᠢ ᠬᠢᠵᠦ ᠨᠢᠭᠡ ᠬᠦᠬᠦᠷ ᠲᠦ᠍ ᠤᠰᠤ ᠬᠢᠭᠡᠳ ᠥᠪᠡᠷ ᠢ᠋ᠶ᠋ᠡᠨ ᠤᠰᠤ ᠤᠤᠭᠤᠵᠤ ᠳᠠᠶᠤᠤ ᠳ᠋ᠤ᠌ ᠠᠷᠢᠬᠢ ᠤᠤᠭᠤᠯᠭᠠᠨ ᠰᠣᠭᠲᠣᠭᠠᠨ ᠤᠨᠠᠭᠠᠵᠠᠢ ᠃ ᠭᠤᠸ᠋᠎ᠠ ᠬᠠᠲᠤᠨ ᠬᠠᠷᠬᠤᠴᠤᠭ ᠲᠠᠢᠵᠢ ᠶ᠋ᠢᠨ ᠥᠰᠢᠶ᠎ᠡ ᠶ᠋ᠢ ᠠᠪᠬᠤ ᠶ᠋ᠢᠨ ᠲᠥᠯᠥᠭᠡ ᠥᠪᠡᠷ ᠦ᠋ᠨ ᠬᠥᠰᠢᠭᠡ ᠪᠡᠨ ᠲᠠᠲᠠᠵᠤ ᠳᠠᠪᠬᠤᠷ ᠣᠯᠪᠣᠭ ᠳᠡᠪᠢᠰᠬᠡᠷ ᠲᠠᠯᠪᠢᠨ ᠳᠠᠶᠤᠤ ᠶ᠋ᠢ ᠲᠠᠲᠠᠵᠤ ᠬᠡᠪᠲᠡᠭᠦᠯᠪᠡ ᠃ ᠲᠡᠭᠡᠭᠡᠳ ᠲᠡᠷᠡ ᠥᠪᠡᠷ ᠦ᠋ᠨ ᠨᠢᠭᠤᠷ ᠴᠢᠷᠠᠢ ᠪᠠᠨ ᠮᠠᠭᠠᠵᠢᠵᠤ ᠦᠰᠦ ᠭᠡᠵᠢᠭᠡ ᠪᠡᠨ ᠲᠠᠯᠪᠢᠨ ᠬᠠᠭᠠᠨ ᠊ᠢ ᠳᠠᠭᠤᠳᠠᠭᠤᠯᠬᠤ ᠪᠠᠷ ᠬᠥᠮᠦᠨ ᠶᠠᠪᠤᠭᠤᠯᠪᠠ ᠃ ᠬᠠᠭᠠᠨ ᠡᠨᠡ ᠤᠴᠢᠷ ᠊ᠢ ᠰᠣᠨᠣᠰᠤᠭᠠᠳ ᠢᠷᠡᠲᠡᠯ᠎ᠡ ᠳᠠᠶᠤᠤ ᠭᠡᠨᠡᠳᠲᠡ ᠠᠷᠢᠬᠢᠨ ᠠ᠋ᠴᠠ ᠰᠡᠷᠢᠵᠦ ᠠᠶᠤᠨ ᠳᠤᠲᠠᠭᠠᠪᠠ ᠃ ᠬᠠᠭᠠᠨ ᠳᠠᠶᠤᠤ ᠶ᠋ᠢ ᠠᠯᠠᠬᠤ ᠭᠡᠵᠦ ᠬᠣᠢᠨ᠎ᠠ ᠠ᠋ᠴᠠ ᠨᠢ ᠬᠥᠭᠡᠭᠡᠵᠦ ᠶᠠᠪᠤᠲᠠᠯ᠎ᠠ ᠳᠠᠶᠤᠤ ᠡᠯᠪᠡᠭ ᠬᠠᠭᠠᠨ ᠤ᠋ ᠰᠢᠭᠡᠵᠢ ᠬᠤᠷᠤᠭᠤ ᠶ᠋ᠢ ᠲᠠᠰᠤ ᠬᠠᠷᠪᠤᠵᠠᠢ ᠃ ᠡᠯᠪᠡᠭ ᠬᠠᠭᠠᠨ ᠳᠠᠶᠤᠤ ᠶ᠋ᠢ ᠠᠯᠠᠪᠠ ᠃ ᠲᠡᠭᠡᠭᠡᠳ ᠳᠠᠶᠤᠤ ᠶ᠋ᠢᠨ ᠵᠣᠣ ᠶ᠋ᠢᠨ ᠠᠷᠠᠰᠤᠨ ᠊ᠢ ᠰᠥᠨᠢᠳ ᠦ᠋ᠨ ᠵᠠᠰᠠᠨ ᠲᠠᠢᠪᠤ ᠭᠡᠳᠡᠭ ᠬᠥᠮᠦᠨ ᠢ᠋ᠶ᠋ᠡᠷ ᠰᠤᠷᠯᠠᠨ ᠠᠪᠠᠭᠤᠯᠵᠤ ᠭᠤᠸ᠋᠎ᠠ ᠬᠠᠲᠤᠨ ᠳ᠋ᠤ᠌ ᠬᠦᠷᠭᠡᠨ ᠠᠪᠴᠢᠷᠠᠪᠠ ᠃ ᠡᠨᠡ ᠳᠠᠷᠤᠢ ᠭᠤᠸ᠋᠎ᠠ ᠬᠠᠲᠤᠨ ᠂ ᠡᠯᠪᠡᠭ ᠬᠠᠭᠠᠨ ᠤ᠋ ᠰᠢᠭᠡᠵᠢ ᠬᠤᠷᠤᠭᠤ ᠶ᠋ᠢᠨ ᠴᠢᠰᠤ ᠪᠣᠯᠤᠨ ᠳᠠᠶᠤᠤ ᠶ᠋ᠢᠨ ᠠᠷᠠᠰᠤᠨ ᠤ᠋ ᠲᠣᠰᠣ ᠬᠣᠶᠠᠷ ᠊ᠢ ᠨᠡᠢᠯᠡᠭᠦᠯᠵᠦ ᠠᠮᠲᠠᠯᠠᠭᠠᠳ ᠬᠡᠯᠡᠭᠰᠡᠨ ᠨᠢ 《 ᠥᠩᠭᠡ ᠳ᠋ᠦ᠍ ᠬᠤᠷᠠᠴᠢᠭᠠᠳ ᠥᠪᠡᠷ ᠦ᠋ᠨ ᠳᠡᠭᠦᠦ ᠪᠡᠨ ᠠᠯᠠᠭᠰᠠᠨ ᠬᠠᠭᠠᠨ ᠤ᠋ ᠴᠢᠰᠤ ᠂ ᠥᠭᠯᠢᠭᠡ ᠳ᠋ᠦ᠍ ᠳᠤᠷᠠᠯᠠᠭᠠᠳ ᠡᠵᠡᠨ ᠦ᠌ ᠪᠡᠨ ᠠᠮᠢᠨ ᠳ᠋ᠤ᠌ ᠬᠣᠣᠷ ᠬᠦᠷᠭᠡᠭᠰᠡᠨ ᠳᠠᠶᠤᠤ ᠶ᠋ᠢᠨ ᠲᠣᠰᠣ ᠂ ᠥᠩᠭᠡᠲᠦ ᠡᠬᠡᠨᠡᠷ ᠬᠥᠮᠦᠨ ᠦ᠌ ᠠᠪᠬᠤ ᠥᠰᠢᠶ᠎ᠡ ᠡᠨᠡ ᠪᠣᠯᠠᠢ ᠂ ᠥᠨᠥ ᠮᠠᠷᠭᠠᠰᠢ ᠬᠡᠵᠢᠶ᠎ᠡ ᠦᠬᠦᠭᠰᠡᠨ ᠴᠦ᠍ ᠶᠠᠮᠠᠷ ᠬᠠᠮᠢᠶ᠎ᠠ ᠪᠣᠢ︕ 》 ᠭᠡᠵᠡᠢ ᠃ ᠡᠯᠪᠡᠭ ᠬᠠᠭᠠᠨ᠂ ᠭᠤᠸ᠋᠎ᠠ ᠬᠠᠲᠤᠨ ᠳ᠋ᠤ᠌ ᠬᠠᠭᠤᠷᠲᠠᠭᠳᠠᠭᠰᠠᠨ ᠢ᠋ᠶ᠋ᠠᠨ ᠮᠡᠳᠡᠭᠰᠡᠨ ᠴᠦ᠍ ᠠᠷᠭ᠎ᠠ ᠪᠤᠰᠤ ᠪᠣᠯᠵᠤ ᠭᠤᠸ᠋᠎ᠠ ᠬᠠᠲᠤᠨ ᠊ᠢ ᠶᠠᠭᠠᠬᠢᠵᠤ ᠴᠤ᠌ ᠴᠢᠳᠠᠭᠰᠠᠨ ᠦᠭᠡᠢ ᠃ ᠲᠡᠭᠡᠭᠡᠳ ᠠᠷᠭ᠎ᠠ ᠦᠭᠡᠢ ᠳᠠᠶᠤᠤ ᠶ᠋ᠢᠨ ᠬᠥᠪᠡᠭᠦᠨ ᠪᠠᠲᠤᠯᠠ ᠴᠧᠩᠰᠢᠶᠠᠩ ᠳ᠋ᠤ᠌ ᠳᠥᠷᠪᠡᠨ ᠣᠢᠷᠠᠳ ᠊ᠢ ᠵᠠᠬᠢᠷᠠᠭᠤᠯᠵᠠᠢ ᠃ ᠡᠭᠦᠨ ᠡᠴᠡ ᠪᠣᠯᠵᠤ ᠤᠤᠯ ᠤ᠋ᠨ ᠳᠥᠷᠪᠡᠨ ᠣᠢᠷᠠᠳ ᠊ᠢ ᠮᠡᠳᠡᠵᠦ ᠪᠠᠢᠭᠰᠠᠨ ᠥᠭᠡᠴᠢ ᠬᠠᠰᠢᠬ᠎ᠠ ᠬᠣᠷᠣᠰᠤᠯ ᠲᠥᠷᠥᠵᠦ ᠪᠠᠲᠤᠯᠠ ᠴᠧᠩᠰᠢᠶᠠᠩ ᠲᠠᠢ ᠬᠠᠮᠰᠠᠨ ᠡᠯᠪᠡᠭ ᠬᠠᠭᠠᠨ ᠊ᠢ ᠠᠯᠠᠵᠤ ᠭᠡᠨ᠎ᠡ 》 ᠡᠨᠡ ᠲᠡᠮᠳᠡᠭᠯᠡᠯ ᠳ᠋ᠦ᠍ ᠡᠯᠪᠡᠭ ᠬᠠᠭᠠᠨ ᠤ᠋ ᠶᠣᠰᠣ ᠪᠤᠰᠤ ᠶᠠᠪᠤᠳᠠᠯ ᠊ᠢ ᠢᠯᠡᠴᠢᠯᠡᠵᠦ ᠥᠯᠵᠡᠢᠲᠦ ᠭᠤᠸ᠋᠎ᠠ ᠬᠠᠲᠤᠨ ᠤ᠋ ᠦᠨᠡᠨᠴᠢ ᠵᠢᠷᠤᠮ᠂ ᠣᠶᠤᠨ ᠤᠬᠠᠭᠠᠨ ᠊ᠢ ᠮᠠᠭᠲᠠᠵᠠᠢ ᠃ ᠡᠯᠪᠡᠭ ᠬᠠᠭᠠᠨ ᠢ᠋ᠶ᠋ᠠᠷ 《 ᠡᠯᠪᠡᠭ ᠨᠢᠭᠦᠯᠡᠰᠦᠭᠴᠢ ᠬᠠᠭᠠᠨ ᠭᠡᠮᠡᠨ ᠬᠣᠲᠠᠯᠠ ᠳ᠋ᠤᠷ ᠠᠯᠳᠠᠷᠰᠢᠬᠤ 》 ᠳ᠋ᠤ᠌ ᠂ ᠥᠯᠵᠡᠢᠲᠦ ᠭᠤᠸ᠋᠎ᠠ ᠬᠠᠲᠤᠨ ᠦᠨᠡᠨ ᠵᠢᠷᠤᠮᠲᠤ ᠡᠬᠡᠨᠡᠷ ᠭᠡᠮᠡᠨ ᠲᠦᠮᠡᠨ ᠦᠶ᠎ᠡ ᠳ᠋ᠦ᠍ᠷ ᠬᠣᠴᠣᠷᠤᠮᠤᠢ ᠃
ᠮᠥᠨ ᠣᠨ ᠲᠡᠭᠦᠨᠦ ᠬᠥᠪᠡᠭᠦᠨ ᠬᠥᠬᠡ ᠲᠡᠮᠦᠷ ① ᠵᠠᠷᠢᠮ ᠪᠢᠴᠢᠭᠲᠦᠷ ᠭᠦᠨ ᠲᠡᠮᠦᠷ ᠵᠠᠷᠢᠮ ᠳ᠋ᠤ᠌ ᠲᠣᠬᠣᠬᠠᠨ ᠬᠠᠬᠠᠨ ᠬᠡᠮᠡᠵᠢ ᠬᠠᠭᠠᠨ ᠶᠡᠬᠡ ᠣᠷᠣ ᠰᠠᠭᠤᠵᠤ ᠭᠤᠷᠪᠠᠨ ᠣᠨ ᠪᠣᠯᠤᠭᠠᠳ ᠰᠢᠷᠣᠢ ᠲᠠᠤᠯᠠᠢ ᠵᠢᠯ ᠵᠢᠶᠠᠨ ᠸᠸᠨ ᠦ᠌ ᠠᠩᠬᠠᠨ ᠣᠨ ᠲᠡᠭᠷᠢ ᠪᠤᠯᠠᠪᠠᠢ᠃ ᠮᠥᠨ ᠣᠨ ᠦᠯᠡᠢ᠍ᠢ ᠲᠡᠮᠦᠷ ② ᠭᠦᠨ ᠲᠡᠮᠦᠷ ᠦ᠋ᠨ ᠳᠡᠭᠦᠦ ᠮᠥᠨ ᠬᠠᠭᠠᠨ ᠪᠠᠰᠠ ᠥᠯᠢᠢᠡᠢᠲᠦ ᠬᠠᠭᠠᠨ ᠬᠡᠮᠡᠮᠦ ᠂ ᠶᠡᠬᠡ ᠣᠷᠣ ᠰᠠᠭᠤᠵᠤ ᠶᠢᠰᠦᠨ ᠣᠨ ᠪᠣᠯᠤᠭᠠᠳ ᠭᠠᠯ ᠭᠠᠬᠠᠢ ᠵᠢᠯ ᠶᠦᠩ ᠯᠦ᠍ ᠶ᠋ᠢᠨ ᠲᠠᠪᠤᠳᠤᠭᠠᠷ ᠣᠨ ᠲᠡᠭᠷᠢ ᠪᠤᠯᠠᠪᠠᠢ᠃ ᠮᠥᠨ ᠣᠨ ᠲᠡᠭᠦᠨᠦ ᠬᠥᠪᠡᠭᠦᠨ ᠳᠡᠯᠪᠡ ᠬᠠᠭᠠᠨ ᠶᠡᠬᠡ ᠣᠷᠣ ᠰᠠᠭᠤᠵᠤ ᠲᠠᠪᠤᠨ ᠣᠨ ᠪᠣᠯᠤᠭᠠᠳ ᠲᠡᠮᠦᠷ ᠲᠠᠤᠯᠠᠢ ᠵᠢᠯ ᠶᠦᠩ ᠯᠦ᠍ ᠶ᠋ᠢᠨ ᠶᠢᠰᠦᠳᠦᠭᠡᠷ ᠣᠨ ᠲᠡᠭᠷᠢ ᠪᠤᠯᠠᠪᠠᠢ᠃ ᠮᠥᠨ ᠣᠨ ᠲᠡᠭᠦᠨᠦ ᠬᠥᠪᠡᠭᠦᠨ ᠣᠢᠷᠠᠳᠠᠢ ᠬᠠᠭᠠᠨ③ ᠶᠡᠬᠡ ᠣᠷᠣ ᠰᠠᠭᠤᠵᠤ ᠠᠷᠪᠠᠨ ᠨᠢᠭᠡᠨ ᠣᠨ ᠪᠣᠯᠤᠭᠠᠳ ᠲᠡᠮᠦᠷ ᠦᠬᠡᠷ ᠵᠢᠯ ᠶᠦᠩ ᠯᠦ᠍ ᠶ᠋ᠢᠨ ᠠᠷᠪᠠᠨ ᠶᠢᠰᠦᠳᠦᠭᠡᠷ ᠣᠨ ᠲᠡᠭᠷᠢ ᠪᠤᠯᠠᠪᠠᠢ᠃
— — — —
① ᠬᠥᠬᠡ ᠲᠡᠮᠦᠷ (1377 ︱ 1402 ) ᠬᠠᠭᠠᠨ ᠢ᠋ 《 ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠳ᠋ᠤ᠌ ᠲᠣᠭᠣᠭᠠᠨ ᠬᠠᠭᠠᠨ ᠬᠡᠮᠡᠵᠦ ᠂ 《 ᠰᠢᠷ᠎ᠠ ᠲᠣᠭᠣᠵᠢ 》 ᠳ᠋ᠤ᠌ ᠭᠦᠨ ᠲᠡᠮᠦᠷ ᠭᠡᠳᠡᠭ ᠃ ᠳᠠᠷᠤᠢ ᠡᠯᠪᠡᠭ ᠬᠠᠭᠠᠨ ᠤ᠋ ᠶᠡᠬᠡ ᠬᠥᠪᠡᠭᠦᠨ ᠪᠣᠯᠤᠨ᠎ᠠ ᠃
② ᠦᠯᠡᠢ᠍ᠢ ᠲᠡᠮᠦᠷ ᠂ ᠳᠠᠷᠤᠢ ᠥᠯᠵᠡᠢ ᠲᠡᠮᠦᠷ (1379 ︱1410 ) ᠬᠠᠭᠠᠨ ᠪᠣᠯᠤᠨ᠎ᠠ ᠃ ᠮᠣᠩᠭᠣᠯ ᠤ᠋ᠨ ᠵᠠᠷᠢᠮ ᠰᠤᠷᠪᠤᠯᠵᠢ ᠪᠢᠴᠢᠭ ᠲᠦ᠍ 《 ᠣᠯᠣᠢ ᠲᠡᠮᠦᠷ 》 ᠭᠡᠬᠦ ᠪᠠ ᠬᠢᠲᠠᠳ ᠰᠤᠷᠪᠤᠯᠵᠢ ᠪᠢᠴᠢᠭ ᠪᠠ ᠥᠷᠥᠨᠡᠳᠠᠬᠢᠨ ᠤ᠋ ᠲᠡᠦᠬᠡᠨ ᠪᠢᠴᠢᠭ ᠲᠦ᠍ ᠭᠠᠷᠳᠠᠭ 《 本雅实里 》 ᠮᠥᠨ ᠃
③ ᠣᠢᠷᠠᠲᠠᠢ ᠬᠠᠭᠠᠨ ᠭᠡᠵᠦ 《 ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠳ᠋ᠤ᠌ ᠳᠤᠷᠠᠳᠤᠭᠰᠠᠨ ᠤᠶᠠᠷᠳᠠᠢ ᠬᠠᠭᠠᠨ ᠮᠥᠨ ᠃ ᠤᠶᠠᠷᠳᠠᠢ ᠬᠠᠭᠠᠨ ᠭᠡᠵᠦ ᠪᠤᠰᠤᠳ ᠲᠡᠦᠬᠡᠨ ᠰᠤᠷᠪᠤᠯᠵᠢ ᠪᠢᠴᠢᠭ ᠲᠦ᠍ ᠬᠠᠷᠠᠭᠳᠠᠬᠤ ᠦᠭᠡᠢ ᠪᠠᠢᠨ᠎ᠠ ᠃ 《 ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠶ᠋ᠢᠨ ᠲᠡᠮᠳᠡᠭᠯᠡᠯ ᠢ᠋ ᠦᠨᠳᠦᠰᠦᠯᠡᠪᠡᠯ ᠤᠶᠠᠷᠳᠠᠢ ᠬᠠᠭᠠᠨ ᠪᠣᠯ1415 ᠣᠨᠠᠴᠠ1425 ᠣᠨ ᠤ᠋ ᠬᠣᠭᠣᠷᠣᠨᠳᠣ ᠬᠠᠭᠠᠨ ᠰᠠᠭᠤᠷᠢᠨ᠎ᠠ ᠪᠠᠢᠪᠠ᠃ 《 ᠡᠷᠳᠡᠨᠢ ᠶ᠋ᠢᠨ ᠲᠣᠪᠴᠢ 》ᠠᠴᠠ ᠦᠵᠡᠪᠡᠯ ᠂1415 ᠣᠨᠠᠴᠠ1425 ᠣᠨ ᠳ᠋ᠤ᠌ ᠬᠠᠭᠠᠨ ᠰᠠᠭᠤᠷᠢᠨ ᠪᠠᠢᠭᠰᠠᠨ ᠬᠥᠮᠦᠨ ᠪᠣᠯ ᠥᠭᠡᠴᠢ ᠬᠠᠰᠢᠬ᠎ᠠ ᠶ᠋ᠢᠨ ᠬᠥᠪᠡᠭᠦᠨ ᠡᠰᠡᠬᠦ ᠬᠠᠭᠠᠨ ᠶᠤᠮ ᠃ ᠮᠣᠩᠭᠣᠯ ᠲᠡᠦᠬᠡ ᠶ᠋ᠢᠨ ᠰᠤᠷᠪᠤᠯᠵᠢ ᠪᠢᠴᠢᠭᠡᠴᠡ ᠦᠵᠡᠬᠦ ᠳ᠋ᠦ᠍ ᠣᠢᠷᠠᠲᠠᠢ᠂ ᠤᠶᠠᠷᠳᠠᠢ᠂ ᠡᠰᠡᠬᠦ ᠭᠡᠳᠡᠭ ᠴᠥᠮ ᠨᠢᠭᠡ ᠬᠥᠮᠦᠨ ᠊ ᠢ ᠬᠡᠯᠡᠭᠰᠡᠨ ᠪᠣᠯᠤᠯᠲᠠᠢ ᠃
ᠮᠥᠨ ᠣᠨ ᠲᠡᠭᠦᠨᠦ ᠬᠥᠪᠡᠭᠦᠨ ᠠᠳᠢ ᠬᠠᠭᠠᠨ① ᠠᠷᠪᠠᠨ ᠳᠥᠷᠪᠡᠨ ᠣᠨ ᠰᠠᠭᠤᠪᠠᠢ ᠂ ᠡᠨᠡ ᠣᠢᠷᠠᠳ ᠊ ᠢ ᠳᠠᠢᠯᠠᠨ ᠂ ᠪᠠᠲᠤᠯᠠ ᠲᠠᠨ ᠊ ᠢ ᠵᠠᠰᠠᠭ ᠲᠤᠷ ᠡᠯᠭᠦᠵᠦ ᠥᠰᠢᠶ᠎ᠡ ᠪᠡᠨ ᠠᠪᠠᠴᠣᠬᠣᠢ② ᠂ ᠮᠣᠳᠣᠨ ᠪᠠᠷᠰ ᠵᠢᠯ ᠰᠢᠦᠸᠠᠨ ᠸᠸᠨ ᠲᠢ ᠨᠠᠢ᠍ᠮᠠᠳᠤᠭᠠᠷ ᠣᠨ ③ ᠪᠠᠲᠤᠯᠠ ᠶ᠋ᠢᠨ ᠬᠥᠪᠡᠭᠦᠨ ᠳᠤᠬᠤᠨ ᠲᠠᠢᠰᠢ ᠭᠠᠷ ᠬᠦᠷᠴᠦ ᠲᠡᠭᠷᠢ ᠪᠤᠯᠠᠪᠠᠢ ④ ᠃
— — — —
① ᠠᠲᠠᠢ ᠬᠠᠭᠠᠨ (1390 ︱1437 ) ᠣᠨ ᠤ᠋ ᠦᠶ᠎ᠡ ᠳ᠋ᠦ᠍ ᠣᠢᠷᠠᠳ ᠊ ᠢ ᠳᠠᠢᠯᠠᠵᠤ ᠂ ᠣᠢᠷᠠᠳ ᠂ ᠮᠣᠩᠭᠣᠯ ᠬᠣᠶᠠᠷ ᠢ᠋ ᠨᠢᠭᠡᠨ ᠤᠳᠠᠭ᠎ᠠ ᠨᠢᠭᠡᠳᠬᠡᠪᠡ ᠃ ᠲᠡᠦᠬᠡᠨ ᠳ᠋ᠦ᠍ ᠪᠢᠴᠢᠭᠳᠡᠭᠰᠡᠨ 《 ᠣᠢᠷᠠᠳ ᠤ᠋ᠨ ᠨᠢᠭᠡ ᠲᠥᠷᠥ ᠶ᠋ᠢ ᠮᠣᠩᠭᠣᠯ ᠠᠪᠤᠪᠠ 》ᠭᠡᠳᠡᠭ ᠨᠢ ᠠᠲᠠᠢ ᠬᠠᠭᠠᠨ ᠤ᠋ ᠦᠶ᠎ᠡ ᠳ᠋ᠦ᠍ ᠪᠣᠯᠤᠭᠰᠠᠨ ᠠᠵᠢ ᠃
② ᠡᠨᠳᠡ ᠂ ᠠᠲᠠᠢ ᠬᠠᠭᠠᠨ ᠴᠡᠷᠢᠭ ᠳᠠᠢᠴᠢᠯᠠᠨ ᠣᠢᠷᠠᠳ ᠢ᠋ ᠳᠠᠢᠯᠠᠭᠰᠠᠨ ᠤᠴᠢᠷ ᠊ ᠢ 《 ᠥᠰᠢᠶ᠎ᠡ ᠪᠡᠨ ᠠᠪᠠᠴᠣᠬᠣᠢ 》 ᠭᠡᠵᠡᠢ ᠃ ᠡᠨᠡ ᠨᠢ ᠣᠢᠷᠠᠳ ᠤ᠋ᠨ ᠪᠠᠲᠤᠯᠠ ᠴᠧᠩᠰᠢᠶᠠᠩ ᠪᠣᠯᠤᠨ ᠥᠭᠡᠴᠢ ᠬᠠᠰᠢᠬ᠎ᠠ ᠬᠣᠶᠠᠷ ᠴᠡᠷᠢᠭ ᠠᠪᠤᠨ ᠮᠣᠩᠭᠣᠯ ᠤ᠋ᠨ ᠡᠯᠪᠡᠭ ᠬᠠᠭᠠᠨ ᠊ ᠢ ᠠᠯᠠᠭᠰᠠᠨ ᠤᠴᠢᠷ ᠲᠤ᠌ ᠴᠢᠭᠯᠡᠭᠦᠯᠦᠨ ᠬᠡᠯᠡᠭᠰᠡᠨ ᠰᠠᠨᠠᠭ᠎ᠠ ᠪᠣᠯᠠᠢ ᠃ 《 ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠳ᠋ᠤ᠌ ᠡᠨᠡ ᠤᠳᠠᠭᠠᠨ ᠤ᠋ ᠲᠡᠢᠨ ᠳ᠋ᠦ᠍ ᠠᠲᠠᠢ ᠬᠠᠭᠠᠨ ᠣᠢᠷᠠᠳ ᠊ ᠢ ᠶᠡᠬᠡᠳᠡ ᠲᠠᠢᠯᠤᠨ 《 ᠳᠠᠶᠤᠤ ᠶ᠋ᠢᠨ ᠬᠥᠪᠡᠭᠦᠨ ᠪᠠᠲᠤᠯᠠ ᠴᠧᠩᠰᠢᠶᠠᠩ ᠊ ᠢ ᠠᠯᠠᠵᠤ ᠂ ᠡᠮ᠎ᠡ ᠶ᠋ᠢ ᠢᠨᠦ ᠬᠠᠭᠠᠨ ᠪᠡᠶ᠎ᠡ ᠳ᠋ᠡᠭᠡᠨ ᠠᠪᠴᠤ ᠂ ᠬᠥᠪᠡᠭᠦᠨ ᠊ ᠢ ᠢᠨᠦ ᠲᠣᠭᠣᠭᠠᠨ ᠊ ᠢ ᠠᠷᠤᠭᠲᠠᠢ ᠳᠠᠢᠰᠢ ᠶ᠋ᠢᠨ ᠬᠣᠨᠢ ᠶ᠋ᠢ ᠠᠲᠣᠯᠠᠭᠤᠯᠪᠠ ᠂ ᠣᠢᠷᠠᠳ ᠤ᠋ᠨ ᠨᠢᠭᠡ ᠲᠥᠷᠥ ᠶ᠋ᠢ ᠮᠣᠩᠭᠣᠯ ᠠᠪᠤᠪᠠ ᠭᠡᠬᠦ ᠲᠡᠷᠡ ᠪᠤᠶᠤ 》 ᠭᠡᠵᠦ ᠲᠡᠮᠳᠡᠭᠯᠡᠭᠰᠡᠨ ᠪᠠᠢᠨ᠎ᠠ ᠃
③ ᠡᠨᠳᠡ ᠰᠢᠦᠸᠠᠨ ᠲᠧ (宣德 ) ᠶ᠋ᠢᠨ ᠨᠠᠢ᠍ᠮᠠᠳᠤᠭᠠᠷ ᠣᠨ ᠊ ᠢ ᠬᠡᠯᠡᠭᠰᠡᠨ ᠪᠠᠢᠨ᠎ᠠ ᠃
④ ᠡᠨᠳᠡ ᠮᠣᠩᠭᠣᠯ ᠤ᠋ᠨ ᠠᠲᠠᠢ ᠬᠠᠭᠠᠨ ᠣᠢᠷᠠᠳ ᠤ᠋ᠨ ᠲᠣᠭᠣᠭᠠᠨ ᠳᠠᠢᠰᠢ ᠳ᠋ᠤ᠌ ᠬᠣᠣᠷᠯᠠᠭᠳᠠᠭᠰᠠᠨ ᠶᠠᠪᠤᠳᠠᠯ ᠊ ᠢ ᠬᠡᠯᠡᠵᠡᠢ ᠃ ᠠᠲᠠᠢ ᠬᠠᠭᠠᠨ ᠣᠢᠷᠠᠳ ᠢ᠋ ᠳᠠᠢᠯᠠᠨ ᠪᠠᠲᠤᠯᠠ ᠴᠧᠩᠰᠢᠶᠠᠩ ᠤ᠋ᠨ ᠡᠮ᠎ᠡ ᠪᠣᠯᠤᠨ ᠬᠥᠪᠡᠭᠦᠨ ᠲᠣᠭᠣᠭᠠᠨ ᠲᠡᠢᠰᠢ ᠶ᠋ᠢ ᠣᠯᠵᠠᠯᠠᠭᠰᠠᠨ ᠤ᠋ ᠳᠠᠷᠠᠭ᠎ᠠ ᠲᠣᠭᠣᠭᠠᠨ ᠊ᠢ ᠮᠣᠩᠭᠣᠯ ᠢ᠋ ᠮᠣᠩᠭᠣᠯ ᠣᠨ ᠠᠷᠣᠭᠲᠠᠢ ᠳᠠᠢᠰᠢ ᠶ᠋ᠢᠨ ᠳ᠋ᠦ᠍ ᠵᠠᠷᠤᠴᠠᠯᠠᠭᠤᠯᠵᠤ ᠪᠠᠢᠪᠠ ᠃ ᠬᠣᠢᠨ᠎ᠠ ᠨᠢ ᠲᠣᠭᠣᠭᠠᠨ ᠤ᠋ ᠡᠬᠡ ᠶ᠋ᠢᠨ ᠭᠤᠶᠤᠳᠠᠯ ᠢ᠋ᠶ᠋ᠠᠷ ᠲᠣᠭᠣᠭᠠᠨ ᠣᠢᠷᠠᠳ ᠲᠤᠨᠢ ᠬᠦᠷᠭᠡᠭᠦᠯᠪᠡ ᠃ ᠲᠣᠭᠣᠭᠠᠨ ᠲᠠᠢᠰᠢ ᠣᠢᠷᠠᠳ ᠲᠠᠭᠠᠨ ᠪᠤᠴᠠᠭᠰᠠᠨ ᠤ᠋ ᠳᠠᠷᠠᠭ᠎ᠠ ᠳᠥᠷᠪᠡᠨ ᠲᠦᠮᠡᠨ ᠣᠢᠷᠠᠳ ᠴᠤᠭᠯᠠᠭᠠᠨ ᠪᠣᠯᠵᠤ ᠲᠣᠭᠣᠭᠠᠨ ᠳᠠᠢᠰᠢᠠᠴᠠ ᠮᠣᠩᠭᠣᠯ ᠤ᠋ᠨ ᠪᠠᠢᠳᠠᠯ ᠢ᠋ ᠠᠰᠠᠭᠤᠨ ᠣᠢᠯᠭᠠᠵᠤ ᠲᠤᠬᠠᠢ ᠶ᠋ᠢᠨ ᠦᠶ᠎ᠡ ᠶ᠋ᠢᠨ ᠮᠣᠩᠭᠣᠯ ᠤ᠋ᠨ ᠵᠠᠰᠠᠭ ᠴᠡᠷᠢᠭ ᠦ᠋ᠨ ᠳᠣᠷᠣᠢ ᠲᠠᠯ᠎ᠠ ᠶ᠋ᠢ ᠠᠰᠢᠭ᠍ᠯᠠᠨ ᠲᠣᠭᠣᠭᠠᠨ ᠳᠠᠢᠰᠢᠠᠴᠠ ᠳᠥᠷᠪᠡᠨ ᠲᠦᠮᠡᠨ ᠣᠢᠷᠠᠳ ᠊ ᠢ ᠳᠠᠢᠴᠢᠯᠠᠨ ᠮᠣᠩᠭᠣᠯ ᠢ᠋ ᠳᠣᠪᠲᠣᠯᠤᠨ ᠠᠲᠠᠢ ᠬᠠᠭᠠᠨ ᠢ᠋ ᠬᠣᠷᠣᠭᠠᠵᠠᠢ ᠃ 《 ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠳ᠋ᠤ᠌ ᠡᠨᠡ ᠶᠠᠪᠤᠳᠠᠯ ᠢ᠋ ᠮᠣᠷᠢᠨ ᠵᠢᠯ ᠂ ᠳᠠᠷᠤᠢ1438 ᠣᠨ ᠳ᠋ᠤ᠌ ᠪᠣᠯᠤᠭᠰᠠᠨ ᠬᠡᠷᠡᠭ ᠭᠡᠵᠦ ᠲᠡᠮᠳᠡᠭᠯᠡᠵᠡᠢ ᠃
ᠮᠥᠨ ᠣᠨ ᠲᠡᠭᠦᠨᠦ ᠬᠥᠪᠡᠭᠦᠨ ᠲᠠᠢᠽᠦ᠋ᠩ ᠬᠠᠭᠠᠨ① ᠶᠡᠬᠡ ᠣᠷᠣ ᠰᠠᠭᠤᠪᠠᠢ᠂ ᠠᠷᠪᠠᠨ ᠲᠠᠪᠤᠨ ᠣᠨ ᠪᠣᠯᠤᠭᠠᠳ ᠰᠢᠷᠣᠢ ᠯᠤᠤ ᠵᠢᠯ ᠵᠢᠩ ᠲᠦᠩ ᠊ᠤᠨ ᠠᠷᠪᠠᠨ ᠳᠥᠷᠪᠡᠳᠦᠭᠡᠷ ᠣᠨ ᠢᠯᠢ ᠲᠢᠯᠢ ᠬᠣᠶᠠᠷ ᠬᠥᠪᠡᠭᠦᠨ ᠲᠡᠢ ᠨᠢ ᠬᠤᠷᠯᠤᠳ ᠊ᠤᠨ ᠴᠠᠪᠳᠠᠨ ᠭᠠᠷ ᠬᠦᠷᠴᠦ ᠲᠡᠭᠷᠢ ᠪᠤᠯᠠᠪᠠᠢ②᠃ ᠮᠡᠨᠳᠦ ᠥᠷᠯᠥᠭ
— — — —
① ᠲᠠᠢᠽᠦ᠋ᠩ ᠬᠠᠭᠠᠨ(1422︱1452) ᠊ ᠢ ᠡᠨᠳᠡ ᠠᠲᠠᠢ ᠬᠠᠭᠠᠨ ᠊ᠤ᠌ ᠬᠦᠦ ᠭᠡᠵᠦ ᠲᠡᠮᠳᠡᠭᠯᠡᠭᠰᠡᠨ ᠨᠢ ᠪᠤᠷᠤᠭᠤ ᠶᠤᠮ ᠃ ᠲᠠᠢᠽᠦ᠋ᠩ ᠪᠣᠯ ᠠᠵᠠᠢ ᠲᠠᠢᠵᠢ ᠶ᠋ᠢᠨ ᠶᠡᠬᠡ ᠬᠥᠪᠡᠭᠦᠨ ᠮᠥᠨ᠃〈〈ᠡᠷᠳᠡᠨᠢ ᠶ᠋ᠢᠨ ᠲᠣᠪᠴᠢ》 ᠳ᠋ᠤ᠌ ᠲᠡᠮᠳᠡᠭᠯᠡᠭᠰᠡᠨ ᠨᠢ᠄ 《ᠠᠵᠠᠢ ᠲᠠᠢᠵᠢ ᠶ᠋ᠢᠨ ᠭᠤᠷᠪᠠᠨ ᠬᠥᠪᠡᠭᠦᠳ ᠊ᠤᠨ ᠠᠩᠬ᠎ᠠ ᠠᠨᠤ ᠲᠠᠢᠽᠦ᠋ᠩ ᠲᠠᠢᠵᠢ ᠰᠢᠮ ᠪᠠᠷᠰ ᠵᠢᠯ(1422) ᠲᠠᠢ ᠳᠡᠳ᠋ ᠢᠨᠦ ᠠᠭᠪᠠᠷᠴᠢ ᠲᠠᠢᠵᠢ ᠬᠦᠢ ᠲᠠᠤᠯᠠᠢ ᠵᠢᠯ ᠲᠡᠢ ᠣᠳᠬᠠᠨ ᠢᠨᠦ ᠮᠠᠨᠳᠤᠭᠤᠯ ᠲᠠᠢᠵᠢ ᠪᠢᠩ ᠮᠣᠷᠢᠨ ᠵᠢᠯ ᠲᠡᠢ ᠠᠵᠤᠭᠤ ᠂ ᠲᠡᠳᠦᠢ ᠲᠠᠢᠽᠦ᠋ᠩ ᠠᠷᠪᠠᠨ ᠨᠠᠢ᠍ᠮᠠᠨ ᠢ᠋ᠶ᠋ᠠᠨ ᠢ᠋ ᠬᠣᠨᠢᠨ ᠵᠢᠯ(1439) ᠥᠪᠡᠷᠢᠶᠡᠨ ᠬᠠᠨ ᠰᠠᠭᠤᠨ ᠠᠭᠪᠠᠷᠵᠢ ᠊ ᠢ ᠠᠷᠪᠠᠨ ᠳᠣᠯᠣᠭᠠᠨ ᠢᠨᠦ ᠵᠢᠨᠦᠩ ᠰᠠᠭᠤᠯᠭᠠᠵᠤ ᠮᠠᠨᠳᠤᠭᠤᠯ ᠲᠠᠢᠵᠢ ᠠᠷᠪᠠᠨ ᠳᠥᠷᠪᠡᠨ ᠨᠠᠰᠤᠲᠠᠢ᠁》 ᠭᠡᠵᠡᠢ ᠃ ᠲᠠᠢᠽᠦ᠋ᠩ ᠬᠠᠭᠠᠨ ᠊ᠤ᠌ ᠦᠶ᠎ᠡ ᠳ᠋ᠦ᠍ ᠣᠢᠷᠠᠳ ᠪᠠ ᠮᠣᠩᠭᠣᠯ ᠊ᠤᠨ ᠬᠠᠷᠢᠴᠠᠭ᠎ᠠ ᠤᠯᠠᠮ ᠮᠠᠭᠤᠳᠠᠵᠤ ᠲᠡᠭᠦᠨ ᠊ᠦ᠍ ᠠᠭᠪᠠᠷᠵᠢ ᠣᠢᠷᠠᠳ ᠲᠤ᠌ ᠤᠷᠪᠠᠨ ᠲᠠᠢᠽᠦ᠋ᠩ ᠬᠠᠭᠠᠨ ᠬᠣᠣᠷᠯᠠᠭᠳᠠᠨ ᠣᠢᠷᠠᠳ ᠪᠠ ᠮᠣᠩᠭᠣᠯ ᠊ᠤᠨ ᠬᠠᠷᠢᠴᠠᠭ᠎ᠠ ᠮᠠᠰᠢ ᠪᠠᠴᠢᠮ ᠪᠠᠢᠭᠰᠠᠨ ᠦᠶ᠎ᠡ ᠪᠢᠯᠡ ᠃
② ᠡᠨᠳᠡ ᠲᠠᠢᠽᠦ᠋ᠩ ᠬᠠᠭᠠᠨ ᠊ᠤ᠌ ᠬᠤᠷᠯᠤᠳ ᠊ᠤᠨ ᠴᠠᠪᠳᠠᠨ ᠊ᠤ᠌ ᠭᠠᠷ ᠲᠤ᠌ ᠬᠣᠣᠷᠯᠠᠭᠳᠠᠭᠰᠠᠨ ᠤᠴᠢᠷ ᠊ ᠢ ᠵᠧᠩ ᠲᠦᠩ (正统) ᠊ᠤᠨ ᠠᠷᠪᠠᠨ ᠳᠥᠷᠪᠡᠳᠦᠭᠡᠷ ᠣᠨ ᠳᠠᠷᠤᠢ 1449 ᠣᠨ ᠳ᠋ᠤ᠌ ᠪᠣᠯᠤᠭᠰᠠᠨ ᠬᠡᠷᠡᠭ ᠭᠡᠵᠡᠢ ᠃《 ᠡᠷᠳᠡᠨᠢ ᠶ᠋ᠢᠨ ᠲᠣᠪᠴᠢ》 ᠳ᠋ᠤ᠌ ᠰᠢᠮ ᠪᠡᠴᠢᠨ ᠵᠢᠯ᠂ ᠳᠠᠷᠤᠢ1452 ᠣᠨ ᠳ᠋ᠤ᠌ ᠪᠣᠯᠤᠭᠰᠠᠨ ᠬᠡᠷᠡᠭ ᠭᠡᠵᠡᠢ᠃ ᠲᠡᠦᠬᠡᠨ ᠲᠡᠮᠳᠡᠭᠯᠡᠯ ᠡᠴᠡ ᠦᠵᠡᠪᠡᠯ ᠂ ᠲᠠᠢᠽᠦ᠋ᠩ ᠬᠠᠭᠠᠨ ᠰᠠᠭᠤᠷᠢᠨ ᠳ᠋ᠤ᠌ ᠰᠠᠭᠤᠭᠰᠠᠨ ᠊ᠤ᠌ ᠳᠠᠷᠠᠭ᠎ᠠ ᠲᠡᠭᠦᠨ ᠊ᠦ᠍ ᠳᠡᠭᠦᠦ ᠠᠭᠪᠠᠷᠵᠢ ( ᠵᠠᠷᠢᠮ ᠲᠡᠦᠬᠡᠨ ᠳ᠋ᠦ᠍ ᠡᠩᠪᠡᠷᠵᠢᠨ ᠭᠡᠬᠦ ) ᠵᠢᠨᠦᠩ ᠂ ᠠᠬ᠎ᠠ ᠯᠤᠭ᠎ᠠ ᠪᠠᠨ ᠡᠪᠳᠡᠷᠡᠯᠴᠡᠨ ᠣᠢᠷᠠᠳ ᠲᠤ᠌ ᠤᠷᠪᠠᠨ ᠣᠢᠷᠠᠳ ᠊ ᠢ ᠳᠠᠢᠴᠢᠯᠠᠨ ᠲᠠᠢᠽᠦ᠋ᠩ ᠬᠠᠭᠠᠨ ᠊ ᠢ ᠲᠣᠪᠲᠣᠯᠣᠵᠠᠢ᠃ ᠲᠠᠢᠽᠦ᠋ᠩ ᠬᠠᠭᠠᠨ ᠴᠡᠷᠢᠭ ᠢᠯᠠᠭᠳᠠᠨ ᠬᠡᠷᠦᠯᠦᠨ ᠳ᠋ᠦ᠍ ᠪᠤᠷᠤᠭᠤᠯᠠᠨ ᠳᠤᠲᠠᠭᠠᠪᠠ᠃ ᠢᠩᠭᠢᠵᠦ ᠳᠤᠲᠠᠭᠠᠵᠤ ᠶᠠᠪᠤᠬᠤ ᠳ᠋ᠠᠭᠠᠨ ᠲᠡᠭᠦᠨ ᠊ᠦ᠍ ᠠᠩᠬᠠᠨ ᠊ᠤ᠌ ᠭᠡᠭᠡᠵᠦ ᠥᠭᠭᠦᠭᠰᠡᠨ ᠡᠬᠡᠨᠡᠷ ᠠᠯᠳᠠᠬᠠᠯᠴᠢᠨ ᠤ᠋ ᠡᠴᠢᠭᠡ ᠬᠤᠷᠯᠤᠳ( ᠭᠣᠷᠯᠣᠰ) ᠊ᠤᠨ ᠴᠠᠪᠳᠠᠨ ᠲᠠᠢ ᠲᠣᠬᠢᠶᠠᠯᠳᠤᠵᠤ᠂ ᠲᠡᠭᠦᠨ ᠊ᠦ᠍ ᠬᠣᠶᠠᠷ ᠬᠥᠪᠡᠭᠦᠨ ᠢᠯᠢ᠂ ᠳᠦᠯᠢ ᠪᠠ ᠳᠠᠭᠠᠭᠰᠠᠳ ᠪᠣᠯᠬᠤ ᠬᠡᠳᠦᠨ ᠬᠥᠮᠦᠨ ᠦ᠌ ᠬᠠᠮᠲᠤ ᠣᠷᠴᠢᠨ ᠊ᠤ᠌ ᠴᠡᠭᠡᠷ ᠭᠡᠳᠡᠭ ᠭᠠᠵᠠᠷ ᠴᠠᠪᠳᠠᠨ ᠳ᠋ᠤ᠌ ᠠᠯᠠᠭᠳᠠᠵᠠᠢ᠃
ᠲᠠᠨ ᠴᠠᠪᠳᠠᠨ ᠢ᠋ ᠳᠠᠢᠯᠠᠵᠤ ᠵᠠᠰᠠᠭ ᠲᠤᠷ ᠡᠯᠭᠦᠪᠡᠢ ①᠃ ᠲᠡᠭᠦᠨᠦ ᠬᠣᠢᠨ᠎ᠠ ᠠᠯᠲᠠᠨ ᠤᠷᠤᠭ ᠤ᠋ᠨ ᠬᠠᠭᠠᠨ ᠤ᠋ ᠲᠥᠷᠥᠯ ᠮᠠᠭ᠍ᠬᠦᠷᠢ ᠬᠠᠭᠠᠨ② ᠶᠡᠬᠡ ᠣᠷᠣ ᠰᠠᠭᠤᠵᠤ ᠨᠥᠬᠥᠭᠡ ᠣᠨ ᠮᠣᠭᠠᠢ ᠵᠢᠯ ᠲᠡᠭᠷᠢ ᠪᠣᠯᠪᠠᠢ ᠃ ᠦᠷ᠎ᠡ ᠦᠭᠡᠢ ᠮᠥᠨ ᠣᠨ ᠲᠠᠢᠽᠦ᠋ᠩ ᠬᠠᠭᠠᠨ ᠤ᠋ ᠬᠥᠪᠡᠭᠦᠨ ᠮᠤᠯᠠᠨ ᠬᠠᠭᠠᠨ ᠤ᠋ ᠠᠪᠠᠭ᠎ᠠ ᠶ᠋ᠢᠨ ᠮᠣᠣᠯᠢᠬᠠᠢ ᠤᠩ ③ ᠬᠢᠲᠠᠳ ᠤ᠋ᠨ ᠸᠠᠩ ᠬᠡᠮᠡᠭᠰᠡᠨ ᠦᠭᠡ
— — — —
① ᠵᠠᠰᠠᠭ ᠲᠤᠷ ᠡᠯᠭᠦᠪᠡᠢ ᠭᠡᠰᠡᠨ ᠪᠣᠯ ᠥᠰᠢᠶ᠎ᠡ ᠪᠡᠨ ᠠᠪᠤᠪᠠᠢ ᠭᠡᠰᠡᠨ ᠤᠳᠬ᠎ᠠ ᠲᠠᠢ ᠦᠭᠡ ᠶᠦ᠍ᠮ ᠃ ᠮᠡᠨᠳᠦ ᠥᠷᠯᠥᠭ ᠭᠡᠳᠡᠭ ᠪᠣᠯ ᠲᠠᠢᠽᠦ᠋ᠩ ᠬᠠᠭᠠᠨ ᠲᠠᠢ ᠬᠠᠮᠲᠤ ᠳᠤᠲᠠᠭᠠᠵᠤ ᠶᠠᠪᠤᠭᠰᠠᠨ ᠠᠭᠠᠪᠣᠯᠣᠳ ᠂ ᠪᠠᠭᠠᠪᠣᠯᠣᠳ ᠤ᠋ᠨ ᠠᠬ᠎ᠠ ᠪᠣᠯᠤᠨ᠎ᠠ ᠃ ᠲᠠᠢᠽᠦ᠋ᠩ ᠬᠠᠭᠠᠨ ᠲᠠᠨ ᠴᠠᠪᠳᠠᠨ ᠤ᠋ ᠭᠠᠷ ᠲᠤ᠌ ᠬᠣᠣᠷᠯᠠᠭᠳᠠᠬᠤ ᠦᠶ᠎ᠡ ᠳ᠋ᠦ᠍ ᠮᠡᠨᠳᠦ ᠥᠷᠯᠥᠭ ᠵᠠᠪᠰᠢᠶᠠᠨ ᠢ᠋ᠶ᠋ᠠᠷ ᠥᠭᠡᠷ᠎ᠡ ᠠᠢᠯ ᠳ᠋ᠤ᠌ ᠬᠣᠨᠣᠭ ᠡᠷᠢᠵᠦ ᠪᠠᠭᠤᠭᠰᠠᠨ ᠢ᠋ᠶ᠋ᠠᠷ ᠠᠮᠢᠳᠤ ᠭᠠᠷᠴᠠᠢ ᠃ ᠬᠣᠢᠨ᠎ᠠ ᠨᠢ ᠮᠡᠨᠳᠦ ᠥᠷᠯᠥᠭ ᠡᠨᠡ ᠤᠴᠢᠷ ᠊ ᠢ ᠮᠡᠳᠡᠭᠰᠡᠨ ᠳᠠᠷᠤᠢ 《 ᠮᠡᠨᠳᠦ ᠥᠷᠯᠥᠭ ᠲᠠᠨ ᠨᠢᠭᠡ ᠬᠡᠳᠦᠨ ᠨᠥᠬᠥᠳ ᠲᠡᠢ ᠲᠠᠨ ᠴᠠᠪᠳᠠᠨ ᠊ ᠢ ᠳᠣᠪᠲᠣᠯᠵᠤ ᠥᠰᠢᠶ᠎ᠡ ᠪᠡᠨ ᠠᠪᠤᠪᠠᠢ 》 ( 《 ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ) ᠃
② ᠮᠠᠭ᠍ᠬᠦᠷᠢ (1446 —1455 ) ᠄ ᠮᠣᠩᠭᠣᠯ ᠤ᠋ᠨ ᠲᠡᠦᠬᠡᠨ ᠰᠤᠷᠪᠤᠯᠵᠢ ᠪᠢᠴᠢᠭ ᠲᠦ᠍ ᠮᠠᠭ᠍ᠬᠦᠷᠭᠢᠰ ᠂ ᠮᠠᠷᠺᠦᠷᠬᠢᠰ ᠂ ᠮᠠᠷᠬᠦᠰᠬᠢᠰ ᠭᠡᠬᠦ ᠮᠡᠲᠦ ᠪᠡᠷ ᠪᠢᠴᠢᠳᠡᠭ ᠪᠣᠢ ᠃ 《 ᠡᠷᠳᠡᠨᠢ ᠶ᠋ᠢᠨ ᠲᠣᠪᠴᠢ 》 ᠳ᠋ᠤ᠌ ᠡᠨᠡ ᠬᠠᠭᠠᠨ ᠤ᠋ ᠲᠤᠬᠠᠢ ᠲᠡᠮᠳᠡᠭᠯᠡᠭᠰᠡᠨ ᠨᠢ ᠄ 《 ᠲᠠᠢᠽᠦ᠋ᠩ ᠬᠠᠭᠠᠨ ᠤ᠋ ᠥᠴᠦᠬᠡᠨ ᠬᠠᠲᠤᠨ ᠰᠠᠮᠤᠷ ᠳᠠᠢᠬᠤ (太后) ᠠ᠋ᠴᠠ ᠦᠵᠡᠭᠳᠡᠭᠰᠡᠨ ᠮᠠᠷᠬᠦᠬᠢᠰ ᠬᠡᠮᠡᠬᠦ ᠬᠥᠪᠡᠭᠦᠨ ᠢᠨᠦ ᠪᠢᠩ ᠪᠠᠷᠰ ᠵᠢᠯ (1446 ) ᠲᠠᠢ ᠃ ᠳᠣᠯᠣᠭᠠᠨ ᠨᠠᠰᠤᠲᠠᠢ ᠶ᠋ᠢ ᠦᠭᠡᠭᠡᠯᠡᠨ ᠮᠣᠷᠢᠯᠠᠵᠤ ( ᠥᠭᠡᠭᠡᠲᠡᠢ ᠲᠡᠷᠭᠡᠨ ᠳ᠋ᠦ᠍ ᠲᠡᠭᠡᠭᠡᠵᠦ ᠶᠠᠪᠤᠪᠠ ᠭᠡᠰᠡᠨ ᠦᠭᠡ ) ᠂ ᠰᠠᠮᠤᠷ ᠳᠠᠢᠬᠤ ᠡᠬᠡ ᠢᠨᠦ ᠥᠪᠡᠷ ᠢ᠋ᠶ᠋ᠡᠨ ᠢᠯᠡᠳᠦᠨ ᠪᠦᠰᠡᠯᠡᠨ ᠮᠣᠷᠢ ᠳ᠋ᠤ᠌ ᠂ ᠦᠬᠡᠷ ᠲᠦ᠍ ᠶᠠᠪᠠᠭᠠᠨ ᠴᠡᠷᠢᠭ ᠬᠡᠦᠬᠡᠳ ᠢ᠋ᠶ᠋ᠡᠷ ᠠᠶᠠᠯᠠᠵᠤ ᠬᠦᠩᠬᠡᠢ ᠵᠠᠪᠠᠬᠠᠨ ᠳᠡᠭᠡᠷ᠎ᠡ ᠳᠥᠷᠪᠡᠨ ᠣᠢᠷᠠᠳ ᠲᠤ᠌ ᠳᠣᠪᠲᠣᠯᠤᠨ ᠶᠡᠬᠡ ᠣᠯᠵᠠ ᠲᠠᠯᠬᠠᠨ ᠠᠪᠴᠤ ᠬᠠᠷᠢᠨ ᠪᠠᠭᠤᠭᠠᠳ ᠮᠠᠷᠭᠦᠬᠢᠰ ᠲᠠᠢᠵᠢ ᠳᠣᠯᠣᠭᠠᠨ ᠨᠠᠰᠤᠲᠠᠢ ᠶ᠋ᠢ ᠬᠠᠭᠠᠨ ᠰᠠᠭᠤᠯᠭᠠᠵᠤ ᠥᠭᠡᠭᠲᠦ ᠬᠠᠭᠠᠨ ᠭᠡᠮᠡᠨ ᠨᠡᠷᠡᠳᠦᠭᠡᠳ ᠦᠯᠡᠭᠰᠡᠨ ᠮᠣᠩᠭᠣᠯ ᠊ ᠢ ᠲᠥᠬᠥᠭᠡᠷᠦᠨ ᠠᠲᠠᠯ᠎ᠠ ᠨᠠᠢ᠍ᠮᠠᠨ ᠨᠠᠰᠤᠨ ᠢ᠋ᠶ᠋ᠠᠨ ᠬᠦᠢ ᠲᠠᠬᠢᠶ᠎ᠠ ᠵᠢᠯ ᠳᠣᠯᠣᠭᠠᠨ ᠲᠦᠮᠡᠳ ᠦ᠋ᠨ ᠳᠣᠭᠣᠯᠠᠩ ᠲᠠᠢᠵᠢ ᠶ᠋ᠢᠨ ᠬᠣᠷᠣᠭᠠᠭᠳᠠᠪᠠᠢ 》 ᠭᠡᠵᠡᠢ ᠃ 《 ᠮᠢᠩ ᠱᠢ 》 ᠳ᠋ᠦ᠍ ᠮᠠᠭ᠍ᠬᠦᠷᠢ ᠶ᠋ᠢ ᠲᠣᠲᠣᠪᠤᠬᠠ ᠶ᠋ᠢᠨ ᠬᠥᠪᠡᠭᠦᠨ ᠭᠡᠵᠦ ᠪᠤᠷᠤᠭᠤ ᠲᠡᠮᠳᠡᠭᠯᠡᠪᠡ ᠃
③ ᠮᠣᠩᠭᠣᠯ ᠲᠡᠦᠬᠡᠨ ᠳ᠋ᠦ᠍ 《 ᠣᠩᠯᠢᠭᠤᠳ ᠤ᠋ᠨ ᠮᠣᠯᠠᠬᠠᠢ ᠸᠠᠩ 》 ᠂ 《 ᠣᠩᠨᠢᠭᠤᠳ ᠤ᠋ᠨ ᠮᠠᠭᠤᠯᠢᠬᠠᠢ ᠤᠩ 》 ᠭᠡᠵᠦ ᠲᠡᠮᠳᠡᠭᠯᠡᠵᠦ ᠪᠠᠢᠳᠠᠭ ᠊ ᠢ ᠪᠦᠷ ᠴᠥᠮ ᠡᠨᠡ ᠮᠣᠣᠯᠢᠬᠠᠢ ᠤᠩ ( ᠸᠠᠩ ) ᠮᠥᠨ ᠃ ᠮᠣᠣᠯᠢᠬᠠᠢ ᠸᠠᠩ ᠤ᠋ᠨ ᠰᠦᠷ ᠬᠦᠴᠦᠨ ᠮᠠᠰᠢ ᠶᠡᠬᠡ ᠪᠣᠯᠤᠭᠰᠠᠨ ᠲᠤᠯᠠ ᠲᠡᠷᠡ ᠥᠪᠡᠷ ᠦ᠋ᠨ ᠰᠦᠷ ᠬᠦᠴᠦᠨ ᠳ᠋ᠡᠭᠡᠨ ᠡᠷᠳᠦᠵᠦ ᠮᠤᠯᠤᠨ ᠊ ᠢ ᠬᠠᠭᠠᠨ ᠰᠠᠭᠤᠯᠭᠠᠨ ᠠᠰᠢᠭ᠍ᠯᠠᠭᠰᠠᠨ ᠪᠠ ᠮᠤᠯᠤᠨ ᠠᠯᠠᠭᠳᠠᠭᠰᠠᠨ ᠤ᠋ ᠳᠠᠷᠠᠭ᠎ᠠ ᠠᠵᠠᠢ ᠲᠠᠢᠵᠢ ᠶ᠋ᠢᠨ ᠣᠢᠷᠠᠳ ᠬᠠᠲᠤᠨᠠᠴᠠ ᠲᠥᠷᠥᠭᠰᠡᠨ ᠮᠠᠨᠳᠤᠭᠤᠯ ᠬᠠᠭᠠᠨ ᠊ ᠢ ᠲᠡᠳᠬᠦᠨ ᠰᠠᠭᠤᠷᠢᠨ ᠳ᠋ᠤ᠌ ᠭᠠᠷᠭᠠᠪᠠ ᠃
ᠲᠡᠳᠬᠦᠵᠦ ᠬᠠᠭᠠᠨ ᠣᠷᠣ ᠰᠠᠭᠤᠯᠭᠠᠭᠰᠠᠨ ᠠᠯᠲᠠᠨ① ᠬᠠᠭᠠᠨ ᠬᠣᠪ ᠊ ᠢ ᠢᠲᠡᠭᠡᠵᠦ ᠰᠢᠷᠣᠢ ᠲᠠᠤᠯᠠᠢ ᠠᠷᠪᠠᠨ ᠨᠢᠭᠡᠳᠦᠭᠡᠷ ᠣᠨ ᠳᠠᠶᠠᠨ ᠱᠦᠨ ᠦ᠌ ᠭᠤᠲᠠᠭᠠᠷ ᠣᠨ ᠮᠣᠣᠯᠢᠬᠠᠢ ᠶ᠋ᠢ ᠳᠣᠪᠲᠣᠯᠤᠭᠠᠳ ᠴᠢᠳᠠᠯ ᠦᠭᠡᠭᠦᠶ᠎ᠡ ᠲᠡᠳᠡᠨ ᠦ᠌ ᠭᠠᠷ ᠲᠤᠷ ᠲᠡᠭᠷᠢ ᠪᠣᠯᠪᠠᠢ② ᠂ ᠦᠷ᠎ᠡ ᠦᠭᠡᠢ
ᠮᠥᠨ ᠣᠨ ᠲᠠᠢ ᠽᠦᠩ ᠬᠠᠭᠠᠨ ᠤ᠋ ᠥᠪᠡᠷ᠎ᠡ ᠡᠬᠡ ᠳ᠋ᠦ᠍ ᠳᠡᠭᠦᠦ ᠮᠠᠨᠲᠤᠬᠤᠯᠢ ᠬᠠᠭᠠᠨ③ ᠶᠡᠬᠡ ᠣᠷᠣ ᠰᠠᠭᠤᠭᠠᠳ ᠳᠥᠷᠪᠡᠨ ᠣᠨ ᠪᠣᠯᠵᠤ ᠤᠰᠤᠨ ᠬᠣᠨᠢᠨ ᠵᠢᠯ ᠲᠢᠶᠠᠨ ᠱᠦᠨ ᠳᠣᠯᠣᠳᠤᠭᠠᠷ ᠣᠨ ᠲᠡᠭᠷᠢ ᠪᠣᠯᠪᠠᠢ ᠂ ᠦᠷ᠎ᠡ ᠦᠭᠡᠢ
— — — —
① ᠠᠯᠲᠠᠨ ᠄ ᠡᠨᠳᠡ 《 ᠠᠲᠠᠯ᠎ᠠ 》 ᠭᠡᠰᠡᠨ ᠦᠰᠦᠭ ᠢ᠋ 《 ᠠᠯᠲᠠᠨ 》 ᠭᠡᠵᠦ ᠪᠤᠷᠤᠭᠤ ᠪᠢᠴᠢᠵᠡᠢ᠃ ᠡᠨᠡ ᠪᠠᠳᠠᠭ ᠤ᠋ᠨ ᠤᠳᠬᠠᠠᠴᠠ ᠦᠵᠡᠪᠡᠯ 《 ᠁ ᠁ ᠣᠷᠣ ᠰᠠᠭᠤᠯᠭᠠᠭᠰᠠᠨ ᠠᠲᠠᠯ᠎ᠠ ( ᠠᠲᠠᠯ᠎ᠠ ) ᠬᠠᠭᠠᠨ ᠬᠣᠪ ᠢ᠋ ᠢᠲᠡᠭᠡᠵᠦ ᠁ ᠁ 》 ᠭᠡᠪᠡᠯ ᠲᠠᠭᠠᠷᠠᠬᠤ ᠶᠤᠮ᠃
② ᠲᠠᠢᠽᠦ᠋ᠩ ᠬᠠᠭᠠᠨ ᠊ ᠢ ᠴᠠᠪᠳᠠᠨ ᠬᠣᠣᠷᠯᠠᠬᠤ ᠦᠶ᠎ᠡ ᠳ᠋ᠦ᠍ ᠲᠡᠭᠦᠨ ᠦ᠌ ᠬᠥᠪᠡᠭᠦᠨ ᠮᠤᠯᠤᠨ ᠢ᠋ ᠴᠠᠪᠳᠠᠨ 《 ᠥᠪᠡᠷᠦᠨ ᠵᠢᠭᠡ ᠭᠡᠵᠦ ᠡᠰᠡ ᠬᠣᠷᠣᠭᠠᠨ 》 ᠣᠩᠨᠢᠭᠤᠳ ᠤ᠋ᠨ ᠮᠣᠣᠯᠢᠬᠠᠢ ᠸᠠᠩ ᠳ᠋ᠤ᠌ ᠬᠦᠷᠭᠡᠨ ᠠᠰᠠᠷᠠᠭᠤᠯᠵᠠᠢ ᠃ ᠮᠤᠯᠤᠨ ᠢ᠋ ᠠᠷᠪᠠᠨ ᠵᠢᠷᠭᠤᠭᠠᠨ ᠨᠠᠰᠤᠨ ᠳ᠋ᠤᠨᠢ ᠮᠣᠣᠯᠢᠬᠠᠢ ᠬᠠᠭᠠᠨ ᠰᠠᠭᠤᠷᠢᠨ᠎ᠠ ᠭᠠᠷᠭᠠᠵᠤ 《 ᠠᠯᠲᠠᠨ ᠤᠷᠤᠭ ᠤ᠋ᠨ ᠬᠠᠭᠠᠨ ᠤ᠋ ᠲᠥᠷᠥᠯ ᠦ᠋ᠨ ᠬᠠᠭᠠᠨ 》 ᠤ᠋ ᠶᠣᠰᠣ ᠪᠠᠷ ᠬᠦᠨᠳᠦᠯᠡᠵᠡᠢ ᠃ ᠬᠣᠢᠨ᠎ᠠ ᠨᠢ ᠰᠣᠯᠣᠨ ᠠᠢᠮᠠᠭ ᠤ᠋ᠨ ᠬᠣᠲᠤᠪᠠᠬᠠ ᠵᠡᠷᠭᠡ ᠬᠥᠮᠦᠰ ᠦ᠋ᠨ ᠬᠣᠪ ᠦᠭᠡ ᠶ᠋ᠢ ᠢᠲᠡᠭᠡᠵᠦ ᠮᠤᠯᠤᠨ ᠬᠠᠭᠠᠨ ᠊ ᠢ ᠬᠣᠷᠣᠭᠠᠭᠰᠠᠨ ᠶᠤᠮ ᠃ ᠡᠨᠡ ᠶᠠᠪᠤᠳᠠᠯ ᠢ᠋ ᠭᠣᠮᠪᠣᠵᠠᠪ 《 ᠴᠠᠲᠠᠯ ᠦᠭᠡᠭᠦᠶ᠎ᠡ ᠲᠡᠳᠡᠨ ᠦ᠌ ᠭᠠᠷ ᠲᠤ᠌ ᠲᠡᠭᠷᠢ ᠪᠣᠯᠪᠠᠢ 》 ᠭᠡᠵᠦ ᠮᠤᠯᠤᠨ ᠬᠠᠭᠠᠨ ᠤ᠋ ᠲᠤᠬᠠᠢ ᠶ᠋ᠢᠨ ᠦᠶ᠎ᠡ ᠳ᠋ᠦ᠍ ᠮᠠᠨᠤᠤᠯ ᠬᠠᠭᠠᠨ ᠲᠡᠳᠦᠢ ᠪᠠᠢᠭᠰᠠᠨ ᠢ᠋ ᠲᠤᠰᠬᠠᠨ ᠲᠡᠮᠳᠡᠭᠯᠡᠭᠰᠡᠨ ᠶᠦ᠍ᠮ ᠃
③ ᠮᠠᠨᠲᠤᠬᠤᠯᠢ 〔ᠮᠠᠨᠳᠤᠭᠤᠯᠢ〕 ᠬᠠᠭᠠᠨ (1426︱1467 ) ᠪᠣᠯ ᠠᠵᠠᠢ ᠲᠠᠢᠰᠢ ᠶ᠋ᠢᠨ ᠣᠢᠷᠠᠳ ᠬᠠᠲᠤᠨᠠᠴᠠ ᠲᠥᠷᠥᠭᠰᠡᠨ ᠶᠦ᠍ᠮ᠂ ᠡᠢᠮᠦᠡᠴᠡ ᠲᠡᠭᠦᠨ ᠢ᠋ 《 ᠲᠠᠢᠽᠦ᠋ᠩ ᠬᠠᠭᠠᠨ ᠤ᠋ ᠥᠪᠡᠷ᠎ᠡ ᠡᠬᠡ ᠳ᠋ᠦ᠍ ᠳᠡᠭᠦᠦ 》 ᠭᠡᠵᠡᠢ ᠃ ᠮᠠᠨᠳᠤᠭᠤᠯᠢ ᠬᠠᠭᠠᠨ ᠠᠷᠪᠠᠨ ᠳᠥᠷᠪᠡᠨ ᠨᠠᠰᠤᠨᠠᠴᠠ ᠪᠠᠨ ᠡᠬᠢᠯᠡᠨ ᠲᠠᠢᠽᠦ᠋ᠩ ᠬᠠᠭᠠᠨ ᠢ᠋ ᠳᠠᠭᠠᠵᠤ ᠣᠢᠷᠠᠳ ᠢ᠋ ᠳᠠᠢᠯᠠᠬᠤ ᠲᠡᠢᠨ ᠳ᠋ᠦ᠍ ᠶᠠᠪᠤᠵᠤ ᠪᠠᠢᠪᠠ᠃ ᠬᠣᠷᠢᠨ ᠨᠠᠢ᠍ᠮᠠᠨ ᠨᠠᠰᠤᠨ ᠳ᠋ᠠᠭᠠᠨ ᠬᠠᠭᠠᠨ ᠰᠠᠭᠤᠵᠤ᠂ ᠪᠣᠯᠬᠤ ᠵᠢᠨᠦᠩ ᠪᠠᠶᠠᠨᠮᠥ᠋ᠩᠬᠡ ᠲᠡᠢ ᠬᠣᠶᠠᠷ ᠵᠢᠷᠭᠤᠭᠠᠨ ᠲᠦᠮᠡᠨ ᠢ᠋ ᠮᠡᠳᠡᠵᠦ ᠶᠠᠪᠤᠪᠠ᠃ ᠮᠠᠨᠳᠤᠭᠤᠯᠢ ᠬᠠᠭᠠᠨ ᠤ᠋ ᠠᠪᠠᠯᠢᠨ ᠬᠠᠲᠤᠨ ᠪᠣᠯᠪᠠᠰᠤ ᠮᠣᠩᠭᠣᠯ ᠤ᠋ᠨ ᠲᠡᠦᠬᠡᠨ᠎ᠡ ᠠᠯᠳᠠᠷᠲᠠᠢ ᠮᠠᠨᠳᠤᠬᠠᠢ ᠰᠡᠴᠡᠨ ᠬᠠᠲᠤᠨ ᠪᠤᠶᠤ᠃

