ᠭᠣᠷᠺᠢ ᠶ᠋ᠢᠨ ᠰᠤᠷᠤᠯᠴᠠᠬᠤ ᠣᠪᠣᠷ( ᠬᠡᠯᠡ ᠪᠢᠴᠢᠭ – ᠶᠢᠰᠦᠳᠦᠭᠡᠷ ᠳᠡᠪᠲᠡᠷ)Горкины суралцах овор( Хэл бичиг – Есдүгээр дэвтэр) ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠣᠷᠺᠢ ᠶ᠋ᠢᠨ ᠰᠤᠷᠤᠯᠴᠠᠬᠤ ᠣᠪᠣᠷ( ᠬᠡᠯᠡ ᠪᠢᠴᠢᠭ – ᠶᠢᠰᠦᠳᠦᠭᠡᠷ ᠳᠡᠪᠲᠡᠷ)Горкины суралцах овор( Хэл бичиг – Есдүгээр дэвтэр)

ᠭᠣᠷᠺᠢ ᠶ᠋ᠢᠨ ᠰᠤᠷᠤᠯᠴᠠᠬᠤ ᠣᠪᠣᠷ( ᠬᠡᠯᠡ ᠪᠢᠴᠢᠭ – ᠶᠢᠰᠦᠳᠦᠭᠡᠷ ᠳᠡᠪᠲᠡᠷ)Горкины суралцах овор( Хэл бичиг – Есдүгээр дэвтэр)

ᠠᠩᠭᠢᠯᠠᠯ:ᠬᠡᠯᠡ ᠪᠢᠴᠢᠭ
2023-04-21

842

ᠭᠣᠷᠺᠢ ᠶ᠋ᠢᠨ ᠰᠤᠷᠤᠯᠴᠠᠬᠤ ᠣᠪᠣᠷ


    
      ᠣᠷᠣᠰ ᠤ᠋ᠨ ᠦᠭᠡᠭᠦᠦ ᠠᠨᠭᠭᠢ ᠶ᠋ᠢᠨ ᠠᠭᠤᠤ ᠶᠡᠬᠡ ᠵᠣᠬᠢᠶᠠᠯᠴᠢ ᠭᠣᠷᠺᠢ ᠂ ᠣᠯᠠᠨ ᠲᠦᠮᠡᠨ ᠦ᠌ ᠳᠤᠷ᠎ᠠ ᠪᠠᠬ᠎ᠠ ᠶ᠋ᠢ ᠲᠠᠲᠠᠭᠰᠠᠨ 《 ᠡᠬᠡ 》 ᠂ 《 ᠰᠠᠯᠬᠢᠴᠢ ᠰᠢᠪᠠᠭᠤ 》 ᠮᠡᠲᠦ ᠶ᠋ᠢᠨ ᠮᠠᠰᠢ ᠣᠯᠠᠨ ᠰᠢᠯᠢᠳᠡᠭ ᠵᠣᠬᠢᠶᠠᠯ ᠦ᠋ᠳ ᠊ᠢ ᠪᠦᠲᠦᠭᠡᠪᠡ ᠃ ᠲᠡᠷᠡ ᠶᠠᠭᠠᠬᠢᠭᠠᠳ ᠡᠶ᠋ᠢᠮᠦ ᠶᠡᠬᠡ ᠡᠷᠳᠡᠮ ᠴᠢᠳᠠᠪᠤᠷᠢ ᠲᠠᠢ ᠪᠣᠯᠤᠭᠰᠠᠨ  ᠪᠣᠢ ? ᠭᠣᠷᠺᠢ ᠶᠡᠬᠡ ᠰᠤᠷᠭᠠᠭᠤᠯᠢ ᠶ᠋ᠢᠨ ᠡᠭᠦᠳᠡ ᠶ᠋ᠢ ᠠᠯᠬᠤᠬᠤ ᠪᠠᠶ᠋ᠢᠲᠤᠭᠠᠢ ᠳᠤᠮᠳᠠᠳᠤ ᠰᠤᠷᠭᠠᠭᠤᠯᠢ ᠳ᠋ᠤ᠌ ᠴᠤ᠌ ᠣᠷᠣᠭᠰᠠᠨ ᠦᠭᠡᠢ ᠂ ᠪᠠᠭ᠎ᠠ ᠰᠤᠷᠭᠠᠭᠤᠯᠢ ᠳ᠋ᠤ᠌ ᠬᠣᠶᠠᠷᠬᠠᠨ ᠵᠢᠯ ᠰᠤᠷᠤᠯᠴᠠᠭᠰᠠᠨ ᠶᠤᠮ ᠃ ᠲᠡᠭᠦᠨ ᠦ᠌ ᠡᠷᠳᠡᠮ ᠴᠢᠳᠠᠪᠤᠷᠢ ᠪᠣᠯ ᠪᠦᠷ ᠥᠪᠡᠷᠲᠡᠭᠡᠨ ᠰᠢᠷᠭᠠᠭᠤ ᠰᠤᠷᠤᠯᠴᠠᠭᠰᠠᠨ ᠠ᠋ᠴᠠ ᠢᠷᠡᠭᠰᠡᠨ ᠶᠤᠮ ᠃   
     ᠭᠣᠷᠺᠢ ᠨᠢᠭᠡᠨ ᠮᠣᠳᠣᠨ ᠳᠠᠷᠬᠠᠨ ᠤ᠋ ᠭᠡᠷ ᠲᠦ᠍ ᠲᠥᠷᠥᠭᠰᠡᠨ ᠪᠥᠭᠡᠳ ᠬᠠᠷᠠᠬᠠᠨ ᠪᠠᠭ᠎ᠠ ᠠ᠋ᠴᠠ ᠪᠠᠨ ᠠᠪᠤ ᠡᠵᠢ ᠪᠡᠨ ᠠᠯᠳᠠᠵᠤ ᠂ ᠬᠥᠮᠦᠨ ᠦ᠌ ᠶᠢᠷᠲᠢᠨᠴᠦ ᠳ᠋ᠦ᠍ ᠲᠡᠨᠦᠭᠦᠴᠢᠯᠡᠵᠦ ᠶᠠᠪᠤᠵᠠᠢ ᠃ ᠲᠡᠷᠡ ᠭᠡᠭᠡᠭᠳᠡᠮᠡᠯ ᠣᠷᠬᠢᠭᠳᠠᠮᠠᠯ ᠮᠤᠤᠰᠠᠶ᠋ᠢᠨ ᠶᠠᠭᠤᠮ᠎ᠠ ᠲᠡᠭᠦᠵᠦ ᠂ ᠪᠤᠰᠤᠳ ᠤ᠋ᠨ ᠱᠠᠪᠢ ᠪᠣᠯᠵᠤ ᠂ ᠪᠠᠶᠠᠴᠤᠳ ᠲᠤ᠌ ᠦᠨ᠎ᠡ ᠬᠦᠴᠦ ᠦᠭᠡᠢ ᠬᠠᠷ᠎ᠠ ᠠᠵᠢᠯ ᠬᠢᠵᠦ ᠬᠦᠨᠳᠦ ᠬᠡᠴᠡᠭᠦᠦ ᠳᠠᠷᠤᠯᠠᠯ ᠳᠣᠷᠣᠮᠵᠢᠯᠠᠯ ᠊ᠢ ᠭᠦᠢᠴᠡᠳ ᠠᠮᠰᠠᠪᠠ ᠃ ᠭᠡᠲᠡᠯ᠎ᠡ ᠭᠣᠷᠺᠢ ᠠᠮᠢᠳᠤᠷᠠᠯ ᠤ᠋ᠨ ᠪᠡᠷᠬᠡ ᠵᠣᠪᠠᠯᠠᠩ ᠠ᠋ᠴᠠ ᠪᠣᠯᠵᠤ ᠵᠣᠷᠢᠭ ᠮᠣᠬᠣᠭᠰᠠᠨ ᠦᠭᠡᠢ ᠂  ᠬᠠᠷᠭᠢᠰ  ᠬᠠᠷᠠᠩᠭᠤᠢ ᠨᠡᠶ᠋ᠢᠭᠡᠮ ᠳ᠋ᠦ᠍ ᠡᠪᠦᠳᠦᠭ ᠨᠤᠭᠤᠷᠠᠭᠰᠠᠨ ᠦᠭᠡᠢ  ᠂  ᠬᠠᠷᠢᠨ ᠥᠪᠡᠷ ᠢ᠋ᠶ᠋ᠡᠨ ᠬᠠᠯᠠᠰᠢᠷᠠᠯ ᠦᠭᠡᠢ ᠰᠢᠷᠭᠠᠭᠤ ᠰᠤᠷᠤᠯᠴᠠᠵᠤ ᠪᠠᠶ᠋ᠢᠬᠰᠠᠨ ᠶᠤᠮ ᠃  
     ᠭᠣᠷᠺᠢ ᠠᠷᠪᠠᠨ ᠬᠣᠶᠠᠷ ᠂ ᠭᠤᠷᠪᠠ ᠲᠠᠢ ᠳ᠋ᠠᠭᠠᠨ ᠤᠨᠭᠭᠤᠴᠠᠨ ᠳᠡᠭᠡᠷ᠎ᠡ ᠠᠶᠠᠭ᠎ᠠ ᠰᠢᠨᠠᠭ᠎ᠠ ᠤᠬᠢᠶᠠᠬᠤ ᠠᠵᠢᠯ ᠬᠢᠵᠦ ᠪᠠᠶ᠋ᠢᠪᠠ ᠃ ᠤᠨᠭᠭᠤᠴᠠᠨ ᠳᠡᠭᠡᠷᠡᠬᠢ ᠲᠣᠭᠣᠭᠠᠴᠢ ᠨᠢ ᠬᠠᠷᠢᠨ ᠨᠣᠮ ᠤᠨᠭᠰᠢᠬᠤ ᠳᠤᠷᠠᠲᠠᠢ ᠬᠥᠮᠦᠨ ᠪᠠᠶ᠋ᠢᠬᠰᠠᠠ ᠪᠥᠭᠡᠳ ᠨᠢᠭᠡ ᠠᠪᠳᠠᠷ᠎ᠠ ᠨᠣᠮ ᠲᠠᠢ ᠪᠠᠶ᠋ᠢᠯ᠎ᠠ ᠃ ᠴᠢᠯᠥᠭᠡ ᠵᠠᠪ ᠭᠠᠷᠤᠮᠠᠭᠴᠠ ᠭᠣᠷᠺᠢ ᠶ᠋ᠢ ᠬᠠᠵᠠᠭᠤ ᠳ᠋ᠠᠭᠠᠨ ᠰᠠᠭᠤᠯᠭᠠᠵᠤ ᠨᠣᠮ ᠤᠨᠭᠰᠢᠭᠤᠯᠤᠨ ᠰᠣᠨᠣᠰᠳᠠᠭ ᠃ ᠲᠡᠷᠡ ᠦᠶ᠎ᠡ ᠳ᠋ᠦ᠍ ᠭᠣᠷᠺᠢ ᠨᠣᠮ ᠤᠨᠭᠰᠢᠬᠤ ᠪᠠᠬ᠎ᠠ ᠦᠭᠡᠢ ᠪᠠᠶ᠋ᠢᠵᠠᠢ ᠃ ᠨᠢᠭᠡ ᠤᠳᠠᠭ᠎ᠠ ᠲᠡᠷᠡ ᠂ ᠲᠣᠭᠣᠭᠠᠴᠢ ᠳ᠋ᠤ᠌ ᠨᠣᠮ ᠤᠨᠭᠰᠢᠵᠤ ᠥᠭᠴᠦ ᠪᠠᠶ᠋ᠢᠭᠠᠤᠠ ᠤᠰᠤᠴᠢᠨ ᠂ ᠤᠨᠭᠭᠤᠴᠠᠴᠢᠨ ᠪᠣᠯᠤᠨ ᠠᠶᠠᠨᠴᠢᠳ ᠤ᠋ᠨ ᠤᠨᠭᠭᠤᠴᠠᠨ ᠳᠡᠭᠡᠷ᠎ᠡ ᠫᠠᠢ ᠨᠠᠭᠠᠳᠴᠤ ᠂ ᠦᠯᠢᠭᠡᠷ ᠶᠠᠷᠢᠵᠤ ᠂ ᠳᠠᠭᠤᠤ ᠳᠠᠭᠤᠯᠠᠵᠤ ᠪᠠᠶ᠋ᠢᠬᠤ ᠶ᠋ᠢ ᠦᠵᠡᠭᠡᠳ ᠪᠠᠬᠠᠷᠬᠠᠨ ᠂ ᠤᠨᠭᠰᠢᠵᠤ ᠪᠠᠶ᠋ᠢᠬᠰᠠᠠ ᠨᠣᠮ ᠢ᠋ᠶ᠋ᠠᠨ ᠬᠠᠶᠠᠭᠠᠳ ᠶᠠᠪᠤᠴᠢᠬᠠᠬᠤ ᠵᠠᠪᠳᠤᠵᠠᠢ ᠃ ᠲᠣᠭᠣᠭᠠᠴᠢ ᠲᠡᠭᠦᠨ ᠦ᠌ ᠰᠠᠨᠠᠭ᠎ᠠ ᠶ᠋ᠢ ᠮᠡᠳᠡᠭᠡᠳ ᠄ 《 ᠬᠥᠮᠦᠨ ᠰᠡᠴᠡᠨ ᠮᠤᠨᠭᠬᠠᠭ ᠭᠡᠳᠡᠭ ᠢ᠋ᠶ᠋ᠡᠷ ᠢ᠋ᠶ᠋ᠡᠨ ᠢᠯᠭᠠᠭ᠎ᠠ ᠲᠠᠢ ᠶᠤᠮ ᠂ ᠵᠠᠷᠢᠮ ᠬᠥᠮᠦᠨ ᠨᠡᠯᠢᠶᠡᠳ ᠰᠡᠴᠡᠨ ᠂ ᠵᠠᠷᠢᠮ ᠨᠢ ᠰᠡᠴᠡᠨ ᠪᠢᠰᠢ ᠂ ᠵᠠᠷᠢᠮ ᠨᠢ ᠱᠠᠯ ᠲᠡᠨᠡᠭ ᠪᠠᠶ᠋ᠢᠲᠠᠭ ᠃ ᠰᠡᠴᠡᠨ ᠰᠡᠷᠭᠦᠯᠡᠩ ᠪᠣᠯᠤᠶ᠎ᠠ ᠭᠡᠪᠡᠯ ᠨᠣᠮ ᠢᠯᠡᠭᠦᠦ ᠦᠵᠡᠬᠦ ᠬᠡᠷᠡᠭᠲᠡᠢ ᠰᠢᠦ 》 ᠭᠡᠵᠦ ᠬᠡᠯᠡᠪᠡ ᠃ ᠭᠣᠷᠺᠢ ᠡᠨᠡ 《 ᠪᠠᠭᠰᠢ 》 ᠶ᠋ᠢᠨ ᠢ᠋ᠶ᠋ᠡᠨ ᠴᠢᠩᠭ᠎ᠠ ᠪᠥᠭᠡᠳ ᠬᠠᠯᠠᠭᠤᠨ ᠳᠣᠲᠣᠨᠣ  ᠰᠤᠷᠭᠠᠯ ᠊ᠢ ᠰᠣᠨᠣᠰᠤᠭᠰᠠᠨ ᠠ᠋ᠴᠠ ᠬᠣᠶ᠋ᠢᠰᠢ ᠤᠰᠤᠴᠢᠨ ᠂ ᠤᠨᠭᠭᠤᠴᠠᠴᠢᠨ ᠂ ᠠᠶᠠᠨᠴᠢᠳ ᠲᠠᠢ ᠨᠠᠭᠠᠳᠴᠤ ᠪᠠᠨ ᠪᠣᠯᠢᠭᠰᠠᠨ ᠢ᠋ᠶ᠋ᠠᠷ ᠪᠠᠷᠠᠬᠤ ᠦᠭᠡᠢ ᠂ ᠡᠨᠳᠡ ᠲᠡᠨᠳᠡ ᠭᠦᠶᠦᠵᠦ ᠨᠠᠭᠠᠳᠴᠤ ᠪᠠᠨ ᠴᠤ᠌ ᠪᠣᠯᠢᠪᠠ ᠃ ᠲᠡᠷᠡ ᠡᠳᠦᠷ ᠪᠦᠷᠢ ᠥᠷᠯᠥᠭᠡᠨ ᠡᠴᠡ ᠣᠷᠣᠢ ᠪᠣᠯᠲᠠᠯ᠎ᠠ ᠠᠵᠢᠯᠯᠠᠭᠠᠳ ᠦᠬᠦᠨ ᠶᠠᠳᠠᠷᠠᠭᠰᠠᠨ ᠪᠠᠶ᠋ᠢᠲᠠᠯ᠎ᠠ ᠴᠢᠯᠥᠭᠡ ᠵᠠᠪ ᠣᠯᠤᠮᠠᠭᠴᠠ ᠲᠣᠭᠣᠭᠠᠴᠢ ᠲᠠᠢ ᠪᠠᠨ ᠴᠣᠭ ᠨᠣᠮ ᠤᠩᠰᠢᠭᠰᠠᠭᠠᠷ ᠪᠠᠶ᠋ᠢᠭᠠᠤᠠ ᠂ ᠨᠣᠮ ᠤᠩᠰᠢᠬᠤ ᠰᠠᠢᠨ ᠳᠠᠳᠬᠠᠯ ᠲᠠᠢ ᠪᠣᠯᠵᠠᠢ ᠃   
      ᠬᠣᠵᠢᠮ ᠨᠢ ᠂ ᠭᠣᠷᠺᠢ ᠨᠢᠭᠡ ᠵᠢᠵᠢᠭ ᠫᠦᠰᠡᠨ ᠳ᠋ᠦ᠍ ᠠᠵᠢᠯᠯᠠᠬᠤ ᠪᠣᠯᠪᠠ ᠃ ᠲᠡᠷᠡ ᠡᠳᠦᠷ ᠪᠦᠷᠢ ᠲᠦᠯᠡᠰᠢ ᠮᠣᠳᠣ ᠪᠠᠵᠠᠭᠠᠬᠤ ᠂ ᠭᠠᠵᠠᠷ ᠱᠦᠭᠦᠷᠳᠡᠬᠦ ᠂ ᠬᠤᠪᠴᠠᠰᠤ ᠤᠬᠢᠶᠠᠬᠤ ᠵᠡᠷᠭᠡ ᠶᠠᠩᠵᠤ ᠪᠦᠷᠢ ᠶ᠋ᠢᠨ ᠠᠵᠢᠯ ᠬᠢᠵᠦ ᠲᠤᠶ᠋ᠢᠯ ᠢ᠋ᠶ᠋ᠠᠷ ᠵᠦᠳᠡᠷᠡᠵᠦ ᠪᠠᠶ᠋ᠢᠯ᠎ᠠ ᠃ ᠨᠢᠭᠡᠨᠲᠡ ᠨᠣᠮ ᠤᠩᠰᠢᠬᠤ ᠰᠠᠢᠨ ᠳᠠᠳᠬᠠᠯ ᠲᠠᠢ ᠪᠣᠯᠤᠭᠰᠠᠨ ᠪᠣᠯᠬᠣᠷ ᠪᠠᠭ᠎ᠠ ᠯᠠ ᠴᠢᠯᠥᠭᠡ ᠲᠡᠢ ᠪᠣᠯ ᠨᠣᠮ ᠤᠩᠰᠢᠵᠤ ᠪᠠᠶ᠋ᠢᠪᠠ ᠃ ᠨᠢᠭᠡ ᠣᠷᠣᠢ ᠂ ᠫᠦᠰᠡᠨ ᠦ᠌ ᠡᠵᠡᠨ ᠱᠠᠰᠢᠨ ᠤ᠋ ᠲᠢᠩᠬᠢᠮ ᠳ᠋ᠦ᠍ ᠮᠥᠷᠭᠥᠯ ᠬᠢᠬᠦ ᠪᠡᠷ ᠭᠡᠷ ᠢ᠋ᠶ᠋ᠡᠷ ᠢ᠋ᠶ᠋ᠡᠨ ᠶᠠᠪᠤᠭᠰᠠᠨ ᠪᠣᠯᠬᠣᠷ ᠭᠣᠷᠺᠢ ᠭᠠᠭᠴᠠᠭᠠᠷ ᠭᠠᠯ  ᠲᠣᠭᠣᠭᠠᠨ  ᠭᠡᠷ ᠲᠡᠭᠡᠨ ᠰᠠᠭᠤᠵᠤ ᠨᠣᠮ ᠤᠩᠰᠢᠪᠠ ᠃ ᠲᠡᠷᠡ ᠤᠩᠰᠢᠭᠰᠠᠭᠠᠷ ᠪᠠᠶ᠋ᠢᠭᠠᠤᠠ ᠠᠮᠲᠠᠨ ᠳ᠋ᠤᠨᠢ ᠣᠷᠣᠭᠠᠳ ᠶᠠᠭ ᠥᠭᠡᠷ᠎ᠡ ᠨᠢᠭᠡ ᠶᠢᠷᠲᠢᠨᠴᠦ ᠳ᠋ᠦ᠍ ᠣᠴᠢᠴᠢᠬᠠᠭᠰᠠᠨ ᠶᠤᠮ ᠰᠢᠭ᠋ ᠪᠣᠯᠵᠤ ᠂ ᠣᠷᠴᠢᠨ ᠲᠣᠭᠣᠷᠢᠨ ᠤ᠋ ᠪᠠᠨ ᠠᠯᠢᠪᠠ ᠶ᠋ᠢ ᠴᠥᠮ ᠮᠠᠷᠲᠠᠴᠢᠬᠠᠪᠠ ᠃ ᠭᠡᠷ ᠦ᠋ᠨ ᠡᠵᠡᠨ ᠨᠢ ᠪᠤᠴᠠᠵᠤ ᠢᠷᠡᠭᠡᠳ ᠡᠭᠦᠳᠡᠨ ᠦ᠌ ᠬᠣᠩᠬᠣ ᠪᠠᠨ ᠳᠤᠤᠭᠠᠷᠭᠠᠬᠤ ᠳ᠋ᠤ᠌ ᠬᠣᠩᠬᠣ ᠶ᠋ᠢ ᠬᠡᠨ ᠳᠤᠤᠭᠠᠷᠭᠠᠵᠤ ᠪᠠᠶ᠋ᠢᠬᠤ ᠂ ᠶᠠᠭᠤᠨ ᠳ᠋ᠤ᠌ ᠳᠤᠤᠭᠠᠷᠭᠠᠵᠤ ᠪᠠᠶ᠋ᠢᠬᠤ ᠶ᠋ᠢ ᠭᠣᠷᠺᠢ ᠲᠡᠷᠡ ᠳᠣᠣᠷ᠎ᠠ ᠪᠠᠨ ᠰᠡᠷᠡᠵᠦ ᠮᠡᠳᠡᠭᠰᠡᠨ ᠦᠭᠡᠢ ᠪᠣᠯᠬᠣᠷ ᠡᠭᠦᠳᠡ ᠪᠡᠨ ᠳᠠᠷᠤᠢ ᠨᠡᠭᠡᠭᠡᠵᠦ ᠥᠭᠭᠦᠭᠰᠡᠨ ᠦᠭᠡᠢ ᠪᠢᠯᠡ ᠃ ᠭᠡᠷ ᠦ᠋ᠨ ᠡᠵᠡᠨ ᠨᠢ ᠣᠷᠣᠵᠤ ᠢᠷᠡᠭᠡᠳ ᠲᠡᠭᠦᠨ ᠦ᠌ ᠪᠦᠬᠦᠯᠢ ᠯᠡ ᠶ᠋ᠢ ᠰᠢᠲᠠᠭᠠᠭᠠᠳ ᠪᠠᠷᠠᠴᠢᠬᠠᠬᠤ ᠰᠢᠬᠠᠭᠰᠠᠨ ᠊ᠢ ᠦᠵᠡᠭᠡᠳ ᠴᠡᠭᠡᠵᠢ ᠪᠡᠨ ᠳᠡᠯᠪᠡᠷᠡᠲᠡᠯ᠎ᠡ ᠠᠭᠤᠷᠯᠠᠵᠤ ᠭᠣᠷᠺᠢ ᠶ᠋ᠢ ᠨᠢᠳᠦ ᠨᠢᠭᠤᠷ ᠦᠭᠡᠢ ᠬᠠᠷᠢᠶᠠᠭᠠᠳ ᠄ 《 ᠡᠭᠦᠨ ᠡᠴᠡ ᠬᠣᠶ᠋ᠢᠰᠢ ᠨᠣᠮ ᠦᠵᠡᠵᠦ ᠪᠣᠯᠬᠤ ᠦᠭᠡᠢ 》 ᠭᠡᠵᠦ ᠵᠠᠩᠳᠤᠷᠪᠠ ᠃ ᠡᠶ᠋ᠢᠮᠦ ᠪᠠᠶ᠋ᠢᠲᠠᠯ ᠳᠣᠣᠷ᠎ᠠ ᠭᠣᠷᠺᠢ ᠠᠷᠭ᠎ᠠ ᠪᠤᠰᠤ ᠳᠠᠯᠳᠠᠭᠤᠷ ᠨᠣᠮ ᠦᠵᠡᠬᠦ ᠪᠣᠯᠵᠠᠢ ᠃    
      ᠡᠨᠡ ᠬᠠᠷᠭᠢᠰ ᠬᠡᠷᠴᠡᠭᠡᠢ ᠂ ᠲᠡᠨᠡᠭ ᠮᠤᠩᠬᠠᠭ ᠭᠡᠷ ᠦ᠋ᠨ ᠡᠵᠡᠨ ᠡᠮᠡᠭᠲᠡᠢ ᠂ ᠭᠣᠷᠺᠢ ᠶ᠋ᠢᠨ ᠰᠥᠨᠢ ᠨᠣᠮ ᠦᠵᠡᠬᠦ ᠶ᠋ᠢ ᠬᠣᠷᠢᠭᠯᠠᠬᠤ ᠶ᠋ᠢᠨ ᠲᠥᠯᠥᠭᠡ ᠤᠨᠲᠠᠬᠤ ᠠ᠋ᠴᠠ ᠡᠮᠦᠨ᠎ᠡ ᠨᠢᠭᠡ ᠵᠢᠭᠠᠬᠠᠨ ᠮᠣᠳᠣ ᠪᠠᠷ ᠯᠠ ᠶ᠋ᠢᠨ ᠢ᠋ᠶ᠋ᠡᠨ ᠥᠨᠳᠥᠷ  ᠪᠣᠭᠣᠨᠢ ᠶ᠋ᠢ ᠬᠡᠮᠵᠢᠭᠡᠳ ᠲᠡᠷᠡ ᠮᠣᠳᠣ ᠪᠠᠨ ᠨᠢᠭᠤᠭᠠᠳ ᠲᠠᠯᠪᠢᠴᠢᠬᠠᠳᠠᠭ  ᠃ ᠳᠠᠷᠠᠭ᠎ᠠ ᠡᠳᠦᠷ ᠨᠢ ᠲᠡᠷᠡ ᠮᠣᠳᠣ ᠪᠠᠷ ᠢ᠋ᠶ᠋ᠠᠨ ᠬᠡᠮᠵᠢᠭᠡᠳ ᠂ ᠯᠡ ᠨᠢ ᠬᠡᠷᠪᠡ ᠪᠣᠭᠣᠨᠢ ᠪᠣᠯᠴᠢᠬᠠᠭᠰᠠᠨ ᠪᠠᠶ᠋ᠢᠪᠠᠯ ᠭᠣᠷᠺᠢ ᠶ᠋ᠢ ᠬᠠᠷᠢᠶᠠᠵᠤ ᠵᠣᠳᠣᠳᠠᠭ ᠂ ᠰᠡᠭᠦᠯ ᠳ᠋ᠡᠭᠡᠨ ᠯᠡ ᠪᠡᠨ ᠠᠪᠤᠭᠠᠳ ᠶᠠᠪᠤᠴᠢᠬᠠᠬᠤ ᠪᠣᠯᠵᠠᠢ ᠃ ᠭᠣᠷᠺᠢ ᠳ᠋ᠤ᠌ ᠯᠠ ᠠᠪᠬᠤ ᠵᠣᠭᠣᠰ ᠦᠭᠡᠢ ᠪᠣᠯᠬᠣᠷ ᠲᠡᠷᠡ ᠠᠷᠭ᠎ᠠ ᠪᠣᠳᠣᠵᠤ ᠨᠢᠭᠡ ᠪᠢᠴᠢᠬᠠᠨ ᠳ᠋ᠧᠩ ᠬᠢᠵᠡᠢ ᠃ ᠲᠡᠷᠡ ᠬᠠᠶ᠋ᠢᠯᠵᠤ ᠴᠠᠷᠴᠠᠭᠰᠠᠨ ᠯᠠ ᠶ᠋ᠢᠨ  ᠲᠣᠰᠣ ᠶ᠋ᠢ ᠪᠠᠭ᠎ᠠ ᠪᠠᠭ᠎ᠠ ᠪᠠᠷ ᠴᠤᠭᠯᠠᠭᠤᠯᠤᠨ  ᠭᠤᠸᠨᠨᠲ᠋ᠧᠦ ᠶ᠋ᠢᠨ ᠬᠠᠶ᠋ᠢᠷᠴᠠᠭ ᠳᠣᠲᠣᠷ᠎ᠠ ᠬᠢᠵᠦ ᠂ ᠳᠡᠭᠡᠷ᠎ᠡ ᠨᠢ ᠭᠡᠷ ᠦ᠋ᠨ ᠡᠵᠡᠨ ᠦ᠌ ᠪᠡᠨ ᠲᠠᠬᠢᠯ ᠤ᠋ᠨ ᠲᠣᠰᠣᠨ ᠠ᠋ᠴᠠ ᠪᠠᠭ᠎ᠠ ᠰᠠᠭ᠎ᠠ ᠳᠤᠰᠤᠯᠭᠠᠭᠠᠳ ᠂ ᠤᠲᠠᠰᠤ ᠪᠠᠷ ᠳ᠋ᠧᠩ ᠦ᠋ᠨ ᠭᠣᠣᠯ ᠬᠢᠪᠡ ᠃ ᠭᠡᠷ ᠦ᠋ᠨ ᠡᠵᠡᠨ ᠨᠢ ᠶᠢᠰᠦᠨ ᠰᠦᠪᠡ ᠪᠡᠨ ᠳᠡᠯᠪᠡᠷᠡᠲᠡᠯ᠎ᠡ ᠢᠳᠡᠵᠦ ᠤᠤᠭᠤᠭᠠᠳ ᠭᠠᠬᠠᠢ ᠰᠢᠭ᠋ ᠤᠨᠲᠠᠭᠰᠠᠨ ᠤ᠋ ᠳᠠᠷᠠᠭ᠎ᠠ ᠂ ᠭᠣᠷᠺᠢ ᠥᠨᠥᠬᠢ ᠪᠢᠴᠢᠬᠠᠨ ᠳ᠋ᠧᠩ ᠢ᠋ᠶ᠋ᠡᠨ ᠠᠰᠠᠭᠠᠵᠤ ᠵᠤᠤᠬᠠᠨ ᠤ᠋ ᠬᠠᠵᠠᠭᠤ ᠳ᠋ᠤ᠌ ᠰᠡᠳᠬᠢᠯ ᠲᠠᠯᠪᠢᠨ ᠨᠣᠮ ᠦᠵᠡᠳᠡᠭ ᠃ ᠪᠢᠴᠢᠬᠠᠨ ᠳ᠋ᠧᠩ ᠡᠴᠡ ᠬᠡᠲᠦᠶ᠋ᠢᠪᠡᠷ ᠬᠠᠮᠠᠷ ᠭᠠᠳᠠᠮ᠎ᠠ ᠦᠨᠦᠷ ᠭᠠᠷᠴᠤ ᠂ ᠬᠠᠷ᠎ᠠ ᠤᠲᠤᠭᠠᠨ ᠳ᠋ᠤᠨᠢ ᠲᠣᠯᠣᠭᠠᠢ ᠲᠦᠷᠦᠭᠦᠦ ᠡᠪᠡᠳᠪᠡᠴᠦ ᠂ ᠭᠣᠷᠺᠢ ᠣᠭᠲᠣ ᠬᠠᠶ᠋ᠢᠬᠤᠷᠤᠯ ᠦᠭᠡᠢ ᠪᠡᠷ ᠦᠷ ᠴᠠᠶ᠋ᠢᠲᠠᠯ᠎ᠠ ᠨᠣᠮ ᠦᠵᠡᠳᠡᠭ ᠪᠠᠶ᠋ᠢᠵᠠᠢ ᠃  
      ᠭᠣᠷᠺᠢ ᠨᠠᠰᠤ ᠪᠠᠭ᠎ᠠ ᠂ ᠰᠣᠶᠣᠯ ᠤ᠋ᠨ ᠬᠡᠮᠵᠢᠶ᠎ᠡ ᠳᠣᠣᠷ᠎ᠠ ᠪᠣᠯᠬᠣᠷ ᠨᠣᠮ ᠤᠩᠰᠢᠬᠤ ᠦᠶ᠎ᠡ ᠳ᠋ᠦ᠍ ᠦᠷᠭᠦᠯᠵᠢ ᠣᠶ᠋ᠢᠯᠠᠭᠠᠬᠤ ᠦᠭᠡᠢ ᠦᠭᠡ ᠥᠭᠦᠯᠡᠪᠦᠷᠢ ᠂ ᠮᠠᠳᠠᠭ ᠲᠠᠢ ᠠᠰᠠᠭᠤᠳᠠᠯ ᠦ᠋ᠳ ᠲᠣᠬᠢᠶᠠᠯᠳᠤᠳᠠᠭ ᠃ ᠡᠨᠡ ᠦᠶ᠎ᠡ ᠳ᠋ᠦ᠍ ᠲᠠᠷᠢᠬᠢ ᠪᠠᠨ ᠬᠥᠳᠡᠯᠭᠡᠨ ᠲᠤᠩᠭᠠᠨ ᠪᠣᠳᠣᠬᠤ ᠠ᠋ᠴᠠ ᠭᠠᠳᠠᠨ᠎ᠠ ᠪᠤᠰᠤᠳ ᠠ᠋ᠴᠠ ᠠᠰᠠᠭᠤᠵᠤ ᠵᠢᠭᠠᠯᠭᠠᠳᠠᠭ ᠃ ᠨᠢᠭᠡ ᠤᠳᠠᠭ᠎ᠠ ᠲᠡᠷᠡ 《 ᠾᠦᠩᠨᠦ 》 ᠭᠡᠳᠡᠭ ᠦᠰᠦᠭ ᠦ᠋ᠨ ᠤᠳᠬ᠎ᠠ ᠶ᠋ᠢ ᠶᠠᠭᠠᠬᠢᠵᠤ ᠪᠣᠳᠣᠭᠰᠠᠨ ᠴᠤ᠌ ᠮᠡᠳᠡᠬᠦ ᠦᠭᠡᠢ ᠪᠣᠯᠬᠣᠷ ᠤᠷᠢᠳᠠᠪᠠᠷ ᠭᠡᠷ ᠦ᠋ᠨ ᠡᠵᠡᠨ ᠦ᠌ ᠬᠦᠦ ᠡᠴᠡ ᠠᠰᠠᠭᠤᠪᠠ ᠃  ᠦᠵᠡᠰᠡ ᠂  ᠰᠤᠷᠭᠠᠭᠤᠯᠢ ᠳ᠋ᠤ᠌ ᠶᠠᠪᠤᠵᠤ ᠪᠢᠴᠢᠭ ᠦᠵᠡᠭ᠍ᠰᠡᠨ ᠥᠨᠥᠬᠢ ᠴᠢᠨᠢ ᠪᠠᠰᠠ ᠮᠡᠳᠡᠬᠦ ᠦᠭᠡᠢ ᠪᠠᠶ᠋ᠢᠵᠠᠢ ᠃ ᠭᠣᠷᠺᠢ ᠨᠢᠭᠡ ᠴᠡᠷᠢᠭ ᠦ᠋ᠨ ᠨᠣᠶᠠᠨ ᠠ᠋ᠴᠠ ᠠᠰᠠᠭᠤᠪᠠ ᠃ ᠲᠡᠷᠡ ᠠᠮᠢᠲᠠᠨ 《 ᠾᠦᠩᠨᠦ 》 ᠭᠡᠳᠡᠭ ᠦᠰᠦᠭ ᠊ᠢ ᠲᠠᠶ᠋ᠢᠯᠪᠤᠷᠢᠯᠠᠵᠤ ᠴᠢᠳᠠᠬᠤ ᠦᠭᠡᠢ ᠮᠥᠷᠲᠡᠭᠡᠨ ᠭᠣᠷᠺᠢ ᠶ᠋ᠢ ᠨᠢᠭᠡ ᠰᠠᠢᠨ ᠬᠠᠷᠢᠶᠠᠪᠠ ᠃ ᠭᠣᠷᠺᠢ ᠠᠰᠠᠭᠤᠭᠰᠠᠭᠠᠷ ᠶᠠᠪᠤᠵᠤ ᠡᠮ ᠦ᠋ᠨ ᠫᠦᠰᠡ ᠶ᠋ᠢᠨ ᠨᠢᠭᠡ ᠠᠵᠢᠯᠲᠠᠨ ᠳ᠋ᠤ᠌ ᠬᠦᠷᠬᠦ ᠳ᠋ᠦ᠍ ᠲᠡᠷᠡ  ᠠᠵᠢᠯᠲᠠᠨ《  ᠾᠦᠩᠨᠦ  》 ᠶ᠋ᠢᠨ ᠢᠷᠡᠯ ᠡᠭᠦᠰᠦᠯ ᠊ᠢ ᠲᠣᠪ ᠲᠣᠳᠣᠷᠬᠠᠢ ᠲᠠᠶ᠋ᠢᠯᠪᠤᠷᠢᠯᠠᠵᠤ ᠥᠭᠭᠦᠭᠰᠡᠨ ᠳ᠋ᠦ᠍ ᠭᠣᠷᠺᠢ ᠶᠡᠬᠡ ᠪᠠᠶᠠᠷᠯᠠᠵᠤ ᠂ ᠮᠡᠳᠡᠬᠦ ᠦᠭᠡᠢ ᠠᠰᠠᠭᠤᠳᠠᠯ ᠲᠤᠯᠭᠠᠷᠠᠪᠠᠯ ᠂ ᠦᠷᠭᠦᠯᠵᠢ ᠲᠡᠭᠦᠨ ᠡᠴᠡ ᠠᠰᠠᠭᠤᠵᠤ  ᠵᠢᠭᠠᠯᠭᠠᠳᠠᠭ ᠪᠣᠯᠵᠠᠢ᠃ 

   ᠢᠷᠡᠯᠲᠡ ᠄  
      ᠲᠠᠪᠤᠨ ᠵᠢᠯ ᠦᠨ ᠲᠦᠷᠢᠮᠳᠦ ᠪᠠᠭ᠎ᠠ ᠰᠤᠷᠭᠠᠭᠤᠯᠢ ᠳᠤ ᠦᠵᠡᠬᠦ 
          ᠬᠡᠯᠡ ᠪᠢᠴᠢᠭ    ᠶᠢᠰᠦᠳᠦᠭᠡᠷ ᠲᠡᠪᠳᠡᠷ  ※ 
              ᠦᠪᠦᠷ ᠮᠤᠩᠭᠤᠯ ᠤᠨ ᠰᠤᠷᠭᠠᠨ ᠬᠦᠮᠦᠵᠢᠯ ᠦᠨ ᠬᠡᠪᠯᠡᠯ ᠦᠨ ᠬᠤᠷᠢᠶ᠎ᠠ ᠨᠠᠢᠢᠷᠠᠭᠤᠯᠤᠨ ᠬᠡᠪᠯᠡᠭᠦᠯᠪᠡ
              ᠦᠪᠦᠷ ᠮᠤᠩᠭᠤᠯ ᠤᠨ ᠰᠢᠨᠬᠤᠸᠠ ᠨᠤᠮ ᠤᠨ ᠲᠡᠯᠭᠡᠭᠦᠷ ᠲᠠᠷᠬᠠᠭᠠᠪᠠ
              ᠦᠪᠦᠷ ᠮᠤᠩᠭᠤᠯ ᠤᠨ ᠮᠤᠩᠭᠤᠯ ᠪᠢᠴᠢᠭ ᠬᠡᠪᠯᠠᠬᠦ ᠦᠢᠯᠡᠳᠪᠦᠷᠢ ᠬᠡᠪᠯᠡᠪᠡ 
             1981 ᠤᠨ ᠤ 5 ᠰᠠᠷ᠎ᠠ ᠳᠤ ᠬᠤᠶᠠᠳᠤᠭᠠᠷ ᠬᠡᠪ ᠢ ᠬᠢᠪᠡ 
             1984 ᠤᠨ ᠤ 4 ᠰᠠᠷ᠎ᠠ ᠳᠤ ᠲᠦᠷᠪᠡᠳᠦᠭᠡᠷ ᠤᠳᠠᠭ᠎ᠠ  ᠶ᠋ᠢᠨ ᠬᠡᠪᠯᠡᠯ ᠡᠴᠡ ᠰᠣᠩᠭᠣᠪᠠ ᠃

      ᠦᠰᠦᠭ ᠠᠮᠢᠯᠠᠭᠤᠯᠤᠬᠴᠢ  ᠄   ᠪᠣᠷᠵᠢᠭᠢᠨ᠂  ᠨᠠᠷᠠᠩᠭᠡᠷᠡᠯ
        ᠬᠢᠨᠠᠬᠴᠢ ᠄  ᠣᠤᠠᠬᠠᠨᠰᠣ᠎ᠠ  ᠂  ᠲᠣ᠋ · ᠨᠠᠨᠲᠢᠨ
                              2023.3.1