ᠮᠣᠩᠭᠣᠯ ᠣᠨᠢᠰᠤᠭ᠎ᠠ ᠶᠢᠨ ᠲᠡᠭᠦᠪᠦᠷᠢ – ᠭᠤᠷᠪᠠᠳᠤᠭᠠᠷ ᠪᠦᠯᠦᠭ –1 Монгол оньсгын түүвэр –Гуравдугаар бүлэг– 1
ᠭᠤᠷᠪᠠᠲᠤᠭᠠᠷ ᠪᠦᠯᠦᠭ – ᠪᠢᠴᠢᠭ ᠦ᠋ᠨ ᠬᠥᠮᠦᠨ ᠪ ᠵᠣᠬᠢᠶᠠᠭᠰᠠᠨ ᠣᠨᠢᠰᠤᠬ᠋ᠠ
ᠢᠨᠵᠠᠨᠨᠠᠰᠢ ᠶ᠋ᠢᠨ ᠣᠨᠢᠰᠣᠬ᠋᠎ᠠ①
ᠵᠢᠷᠦᠪᠡᠰᠦ ᠲᠥᠭᠥᠷᠡᠭ
ᠪᠢᠴᠢᠪᠡᠰᠦ ᠠᠷᠵᠠᠭᠠᠷ
ᠬᠠᠯᠠᠭᠤᠨ ᠪᠣᠯᠪᠠᠴᠤ ᠤᠲᠠᠭᠠᠨ
ᠬᠥᠢᠲᠡᠨ ᠪᠣᠯᠪᠠᠴᠤ ᠬᠤᠷᠲᠤᠨ
ᠡᠨᠡ ᠨᠢᠭᠡᠨ ᠦᠰᠦᠭ ᠊ᠢ ᠲᠠᠶ᠋ᠢᠯ
( ᠨᠠᠷᠠ )
ᠵᠠᠯᠠᠭᠤ ᠵᠥᠭᠡᠯᠡᠨ ᠊ᠢ ᠳᠠᠷᠤᠯᠠᠨ
ᠵᠠᠯᠢ ᠲᠠᠢ ᠬᠠᠲᠠᠭᠤ ᠠ᠋ᠴᠠ ᠵᠠᠶ᠋ᠢᠯᠠᠨ
ᠵᠠᠪᠰᠠᠷ ᠪᠤᠢ ᠪᠣᠯᠪᠠᠰᠤ ᠣᠷᠣᠭᠠᠳ
ᠵᠠᠢ ᠦᠭᠡᠢ ᠪᠥᠭᠡᠰᠦ ᠵᠣᠭᠰᠤᠮᠤᠢ
ᠪᠣᠲᠠ ᠦᠭᠡᠢ ᠨᠢᠭᠡᠨ ᠶᠠᠭᠤᠮ᠎ᠠ ᠶ᠋ᠢ ᠲᠠᠶ᠋ᠢᠯ
( ᠰᠠᠯᠬᠢ )
ᠴᠠᠭᠠᠨ ᠰᠢᠪᠠᠭᠤ ᠶ᠋ᠢ ᠤᠭᠲᠠᠷᠭᠤᠢ ᠳ᠋ᠤᠷ ᠳᠡᠭᠳᠡᠭᠡᠬᠦ ᠨᠥᠬᠥᠷ
ᠴᠢᠪᠬᠠᠲᠠᠰᠤ ᠶ᠋ᠢᠨ ᠳᠠᠭᠤᠨ ᠊ᠢ ᠠᠯᠤᠰ ᠲᠤ ᠬᠦᠷᠭᠡᠬᠦ ᠵᠠᠭᠤᠴᠢ
ᠰᠠᠶ᠋ᠢᠬᠠᠨ ᠬᠥᠮᠦᠨ ᠪ ᠥᠩᠭᠡ ᠳ᠋ᠤᠷ ᠨᠡᠮᠡᠷᠢᠯᠡᠬᠦ ᠴᠢᠮᠡᠭ
ᠰᠠᠷᠬᠤᠳ ᠤᠤᠭᠤᠬᠤᠢ ᠳ᠋ᠤ᠌ ᠴᠠᠭᠠᠵᠠ ᠵᠠᠷᠯᠠᠬᠤ ᠶ᠋ᠢᠨ ᠡᠯᠴᠢ
ᠬᠥᠢᠲᠡᠨ ᠊ᠢ ᠬᠥᠭᠵᠢᠭᠡᠬᠦ ᠬᠥᠯᠲᠡᠭᠦᠦ ᠬᠠᠰ ᠦ᠋ᠨ ᠬᠡᠮᠬᠡᠳᠡᠭ
ᠭᠦᠰᠡᠷ᠎ᠡ ᠬᠥᠷᠦᠰᠦᠯᠡᠬᠦ ᠬᠥᠩᠭᠡᠨ ᠮᠥᠩᠭᠦᠨ ᠪ ᠥᠷᠦᠪᠲᠡᠰᠦ
ᠬᠤᠷᠮᠤᠰᠲᠠ ᠲᠡᠭᠷᠢ ᠶ᠋ᠢᠨ ᠠᠯᠲᠠᠭᠰᠠᠨ ᠠᠯᠲᠠᠨ ᠴᠠᠷ
ᠬᠤᠮᠰᠢᠮ ᠪᠣᠲᠢᠰᠠᠲᠣᠡ ᠶ᠋ᠢᠨ ᠡᠯᠭᠦᠭᠰᠡᠨ ᠮᠥᠩᠭᠦᠨ ᠲᠣᠯᠢ
(ᠰᠠᠯᠬᠢᠨ ᠴᠡᠴᠡᠭ ᠴᠠᠰᠤ ᠰᠠᠷ᠎ᠠ )
ᠵᠠᠮ ᠲᠣᠭᠣᠷᠢᠭᠤ ᠪᠥᠭᠡᠲᠡᠯ᠎ᠡ ᠬᠣᠯᠠ ᠪᠤᠰᠤ
ᠴᠢᠯᠠᠭᠤᠨ ᠳᠠᠪᠬᠤᠷ ᠪᠣᠯᠪᠠᠴᠤ ᠠᠭᠤᠯᠠ ᠦᠭᠡᠢ
ᠠᠶᠤᠩᠬ᠋ᠠ ᠬᠦᠷᠴᠢᠬᠢᠨᠡᠨ ᠪᠥᠭᠡᠳ ᠬᠤᠷ᠎ᠠ ᠴᠤᠬᠠᠭ
ᠴᠠᠰᠤ ᠯᠠᠪᠰᠠᠵᠤ ᠣᠷᠣᠪᠠᠴᠤ ᠬᠥᠢᠲᠡᠨ ᠴᠦᠬᠡᠨ
( ᠳᠡᠭᠡᠷᠮᠠ )
ᠡᠷᠲᠡᠨᠢ ᠣᠭ᠌ᠶᠦ ᠶ᠋ᠢᠨ ᠥᠩᠭᠡᠲᠡᠢ
ᠡᠷᠡᠰ ᠳᠡᠰ ᠶᠠᠪᠤᠲᠠᠯ ᠲᠠᠢ
ᠡᠷᠡᠬᠡᠢ ᠴᠢᠨᠡᠭᠡᠨ ᠭᠦᠶᠦᠲᠡᠯ ᠲᠡᠢ
ᠡᠷ᠎ᠡ ᠬᠣᠩᠭᠣᠷ ᠳᠠᠭᠤ ᠲᠠᠢ
( ᠨᠣᠭᠣᠭᠠᠨ ᠭᠤᠯᠢᠶ᠎ᠠ )
ᠬᠡᠲᠦᠢ ᠡᠮᠦᠨ᠎ᠡ ᠤᠮᠠᠷ᠎ᠠ ᠭᠠᠵᠠᠷ ᠲᠥᠷᠦᠪᠡᠴᠤ
ᠬᠡᠪ ᠶ᠋ᠢᠡᠷ ᠵᠠᠩ ᠴᠢᠨᠠᠷ ᠠᠨᠤ ᠨᠢᠭᠡᠨ ᠠᠲᠠᠯᠢ
ᠤᠴᠢᠷ ᠰᠢᠯᠲᠠᠭᠠᠨ ᠊ᠢ ᠵᠦᠢ ᠵᠦᠢ ᠪᠠᠷ ᠪᠢᠴᠢᠪᠡᠰᠦ
ᠤᠩᠰᠢᠭᠠᠳ ᠭᠠᠰᠢᠭᠤᠨ ᠊ᠢ ᠬᠡᠨ ᠪ ᠵᠥᠭ ᠬᠡᠯᠡᠯᠴᠡᠮᠦᠢ
ᠬᠡᠷᠪᠡ ᠭᠡᠨᠡᠤᠠᠲᠡ ᠪᠡᠯ ᠯᠤᠬ᠋᠎ᠠ ᠠᠭᠤᠯᠵᠠᠪᠠᠰᠤ
ᠬᠡᠲᠦᠷᠬᠡᠶ᠎ᠡ ᠢᠨᠠᠭᠯᠠᠨ ᠨᠢᠭᠡᠨ ᠭᠡᠰᠡᠭ ᠪᠣᠯᠤᠭᠠᠳ
ᠬᠥᠮᠦᠨ ᠊ᠢ ᠲᠡᠩᠭᠡᠷᠡᠭᠦᠯᠬᠦᠢ᠋ ᠳ᠋ᠤᠷ ᠬᠡᠷᠡᠭᠯᠡᠪᠡᠰᠦ
ᠬᠦᠷᠴᠢᠬᠢᠨᠡᠨ ᠣᠷᠣᠭᠠᠳ ᠭᠠᠪᠢᠶ᠎ᠠ ᠪᠠᠶ᠋ᠢᠭᠤᠯᠤᠮᠤᠢ
( ᠡᠮ ᠷᠢᠯᠦᠲᠡᠬᠦ )
ᠦᠵᠡᠪᠡᠰᠦ ᠦᠶ᠎ᠡ ᠤᠯᠠᠷᠢᠯ ᠪᠤᠢ
ᠲᠡᠮᠲᠡᠷᠢᠪᠡᠰᠦ ᠲᠡᠮᠲᠡᠭ ᠭᠡᠰᠢᠭᠦᠨ ᠦᠭᠡᠢ
ᠬᠣᠶᠠᠷ ᠦᠵᠦᠭᠦᠷ ᠬᠣᠩᠭᠢᠨᠠᠮᠠ ᠬᠥᠢᠲᠡᠨ
ᠬᠣᠭᠤᠰ ᠳᠤᠮᠳᠠ ᠬᠠᠪ ᠬᠠᠯᠠᠭᠤᠨ
( ᠬᠤᠸᠠᠩᠯᠢ )
ᠤᠷᠭᠤᠭᠰᠠᠨ ᠪᠣᠲᠡᠰ ᠴᠥᠮ ᠬᠠᠯᠠᠭᠤᠨ ᠪ ᠰᠢᠮ᠎ᠡ
ᠤᠷᠠᠯᠠᠭᠰᠠᠨ ᠡᠨᠡ ᠭᠠᠭᠴᠠᠭᠠᠷ ᠰᠡᠷᠢᠭᠦᠨ ᠪ ᠡᠬᠡ
ᠣᠷᠢᠶᠠᠨ ᠡᠪᠬᠡᠷᠦᠨ ᠴᠠᠭᠠᠨ ᠬᠠᠰ ᠵᠥᠭᠡᠯᠡᠨ
ᠤᠷᠪᠠᠭᠤᠯᠤᠨ ᠳᠡᠯᠭᠡᠪᠡᠰᠦ ᠰᠢᠨ᠎ᠡ ᠶ᠋ᠢᠨ ᠰᠠᠷᠠᠨ ᠮᠤᠷᠤᠢ
ᠣᠯᠠᠨ ᠢᠯᠭᠠᠬ᠋ᠠ ᠤᠭᠲᠤᠨ ᠰᠠᠵᠢᠬᠤ ᠦᠯᠲᠡᠭᠡᠷ
ᠤᠯᠠᠭᠠᠨ ᠨᠠᠷᠠᠨ ᠳ᠋ᠤ᠌ ᠳᠡᠭᠡᠭᠰᠢ ᠡᠷᠭᠦᠬᠦ ᠰᠢᠭᠦᠷ
ᠣᠤᠠᠬᠤ ᠢᠷᠡᠬᠦᠢ ᠳ᠋ᠤᠷ ᠬᠡᠮᠵᠢᠶ᠎ᠡ ᠪᠤᠢ ᠶ᠋ᠢᠨ ᠲᠤᠯᠠᠲᠠ
ᠤᠯᠠᠮ ᠵᠢᠭᠡᠭᠦᠨᠡ ᠨᠢᠭᠤᠨ ᠣᠷᠣᠰᠢᠬᠤ ᠶ᠋ᠢᠨ ᠴᠠᠭ
( ᠭᠦᠪᠢᠭᠦᠷ < ᠳᠡᠪᠢᠭᠦᠷ > )
ᠳᠤᠯᠠᠭᠠᠨ ᠭᠠᠵᠠᠷ ᠲᠥᠷᠥᠭᠰᠡᠨ ᠳᠣᠬᠢᠶ᠎ᠠ ᠨᠡᠷᠡᠲᠦ ᠪᠣᠯᠵᠣᠮᠣᠷ
ᠪᠠᠯᠲᠠᠷ ᠬᠠᠷ᠎ᠠ ᠮᠥᠷᠡᠨ ᠳ᠋ᠤᠷ ᠪᠡᠶ᠎ᠡ ᠶᠤᠭᠡᠨ ᠤᠬᠢᠶᠠᠭᠠᠳ
ᠴᠠᠶ᠋ᠢᠲᠠᠮ ᠰᠠᠷᠠᠭᠤᠯ ᠲᠠᠯ᠎ᠠ ᠳ᠋ᠤᠷ ᠴᠠᠤᠠᠲᠠᠯᠠ ᠢᠲᠡᠰᠢᠯᠡᠵᠦ
ᠮᠥᠩᠭᠥᠨ ᠴᠠᠭᠠᠨ ᠠᠭᠤᠯᠠᠨ ᠳ᠋ᠤᠷ ᠮᠥᠷ ᠶ᠋ᠢᠡᠨ ᠣᠷᠬᠢᠮᠤᠢ
( ᠪᠢᠷ ᠪᠡᠬᠡ ᠵᠢᠭᠤᠷᠤᠭᠤᠯ ᠴᠠᠭᠠᠰᠤ )
ᠵᠠᠯᠠᠭᠤ ᠨᠠᠰᠤᠨ᠎ᠠ ᠦᠰᠦ ᠴᠠᠭᠠᠨ ᠂ ᠥᠲᠡᠯᠪᠡᠰᠦ ᠬᠠᠷᠢᠨ ᠬᠠᠷ᠎ᠠ
ᠵᠠᠷᠢᠮ ᠴᠠᠭ ᠲᠦ ᠬᠣᠵᠢᠭᠢᠷ ᠪᠣᠯᠤᠭᠠᠳ ᠪᠠᠰᠠ ᠮᠠᠯᠠᠭᠠᠢ ᠡᠮᠦᠰᠦᠮᠦᠢ
ᠪᠡᠬᠢ ᠬᠠᠲᠠᠭᠤ ᠪᠠᠭᠰᠢ ᠶ᠋ᠢᠨ ᠪᠠᠷᠢᠮᠲᠠ ᠬᠡᠲᠦᠢ ᠴᠢᠩᠬ᠋᠎ᠠ ᠪᠣᠯᠪᠠᠴᠤ
ᠪᠡᠶ᠎ᠡ ᠶ᠋ᠢ ᠮᠡᠲᠡᠵᠦ ᠪᠣᠯᠬᠤ ᠪᠤᠢ ᠵᠠ ᠂ ᠲᠣᠯᠣᠭᠠᠢ ᠶ᠋ᠢ ᠮᠡᠲᠡᠬᠦ ᠦᠭᠡᠢ
( ᠦᠰᠦᠨ ᠪᠢᠷ )
ᠰᠢᠷᠡᠭᠡᠨ ᠪ ᠳᠡᠭᠡᠷ᠎ᠡ ᠲᠡᠮᠡᠴᠡᠯᠭᠡᠨ ᠳᠡᠭᠳᠡᠵᠦ
ᠰᠢᠷᠬᠡᠭ ᠦ᠋ᠨ ᠳᠣᠣᠷ᠎ᠠ ᠠᠶᠠᠯᠭᠤ ᠭᠠᠷᠤᠮᠤᠢ
ᠰᠢᠨᠵᠢᠬᠦ ᠪᠦᠷᠢ ᠠᠮᠲᠠ ᠮᠡᠳᠡᠭᠳᠡᠮᠦᠢ
ᠰᠢᠷᠲᠡᠬᠦ ᠳᠣᠳᠣᠮ ᠥᠩᠭᠡ ᠢᠯᠭᠠᠷᠠᠮᠤᠢ
( ᠮᠢᠭᠮᠡᠨ ᠶᠠᠲᠤᠬ᠋ᠠ ᠪᠢᠴᠢᠭ ᠵᠢᠷᠤᠭ )
ᠭᠤᠷᠪᠠᠨ ᠪᠣᠭᠲᠠ ᠮᠢᠨᠦ ᠠᠬ᠎ᠠ ᠮᠦᠨ
ᠲᠠᠪᠤᠨ ᠮᠠᠬᠠᠪᠣᠳ ᠮᠢᠨᠦ ᠳᠡᠭᠦᠦ ᠪᠤᠶᠤ
ᠨᠠᠮᠠᠶ᠋ᠢ ᠡᠷᠭᠦᠪᠡᠰᠦ ᠠᠷᠤᠤᠬᠠᠨ ᠲᠣᠭᠠᠨ ᠳ᠋ᠤᠷ ᠣᠷᠣᠭᠤᠯᠤᠭᠠᠳ
ᠨᠠᠮᠠᠶ᠋ᠢ ᠳᠣᠷᠣᠮᠵᠢᠯᠠᠪᠠᠰᠤ ᠨᠣᠬᠠᠢ ᠶ᠋ᠢᠨ ᠨᠡᠷ᠎ᠡ ᠪᠣᠯᠭᠠᠮᠤᠢ
( ᠳᠥᠷᠪᠡ ᠶ᠋ᠢᠨ ᠲᠣᠬ᠋᠎ᠠ )
ᠲᠡᠷᠭᠡᠯ ᠰᠠᠷᠠᠨ ᠶᠠᠭᠤᠨ ᠪ ᠤᠴᠢᠷ ᠳᠤᠮᠳᠠ ᠪᠠᠨ
ᠴᠣᠭᠣᠷᠣᠬᠠᠢ ᠪᠣᠯᠪᠠ
ᠲᠡᠭᠰᠢ ᠦᠭᠡᠢ ᠶᠢᠷᠲᠢᠨᠴᠦ ᠶ᠋ᠢᠨ ᠬᠡᠷᠡᠭ ᠊ᠢ
ᠬᠤᠲᠠᠯᠲᠤᠬᠤ ᠶ᠋ᠢᠨ ᠲᠤᠯᠠ ᠪᠣᠯᠪᠠᠤ
《 ᠲᠩᠷᠢ ᠶ᠋ᠢᠨ ᠲᠡᠳᠬᠦᠭᠰᠡᠨ 》 ᠬᠣᠶᠠᠷ ᠦᠰᠦᠭ ᠊ᠢ
ᠳᠡᠭᠡᠷ᠎ᠡ ᠳᠣᠣᠷ᠎ᠠ ᠪᠠᠨ ᠬᠤᠪᠢᠶᠠᠭᠠᠳ
ᠲᠡᠮᠲᠡᠭ ᠦᠭᠡᠢ ᠲᠡᠮᠡᠴᠡᠯ ᠵᠠᠷᠭᠤ ᠶ᠋ᠢ
ᠣᠯᠬᠤ ᠶ᠋ᠢᠨ ᠬᠠᠷᠠᠬ᠋᠎ᠠ ᠳ᠋ᠤᠷ ᠪᠤᠢ
( ᠭᠠᠤᠯᠢᠨ ᠵᠣᠭᠣᠰ )
ᠬᠤᠲᠠᠯᠲᠤᠨ ᠥᠭᠭᠦᠭᠴᠢᠳ ᠳᠠᠭᠤᠨ ᠭᠠᠷᠬᠤ ᠶ᠋ᠢᠨ ᠤᠷᠢᠳ
ᠬᠤᠲᠠᠯᠲᠤᠨ ᠠᠪᠤᠭᠴᠢᠳ ᠳᠠᠷᠤᠢ ᠮᠡᠲᠡᠭᠡᠳ
ᠬᠠᠷᠢᠯᠴᠠᠨ ᠬᠤᠲᠠᠯᠲᠤᠨ ᠪᠠᠷᠠᠭᠰᠠᠨ ᠬᠣᠶ᠋ᠢᠨ᠎ᠠ
ᠬᠣᠶᠠᠷ ᠡᠲᠡᠭᠡᠳ ᠴᠥᠮ ᠠᠪᠬᠤ ᠦᠭᠡᠢ
( ᠬᠤᠲᠠᠯᠲᠤᠭᠴᠢᠳ ᠦ᠋ᠨ ᠡᠪᠡᠰᠦᠨ ᠲᠡᠮᠲᠡᠭ )
ᠤᠭ ᠠ᠋ᠴᠠ ᠲᠥᠷᠥᠭᠰᠡᠨ ᠢᠨᠤ ᠪᠦᠬᠦᠯᠢ ᠪᠡᠶ᠎ᠡ ᠴᠠᠭᠠᠨ
ᠤᠤᠠᠬ᠎ᠠ ᠤᠶᠠᠩᠬ᠋᠎ᠠ ᠬᠡᠪᠡᠯᠢ ᠳ᠋ᠤᠷ ᠳᠦᠭᠦᠷᠴᠦ ᠭᠣᠣᠯ ᠵᠢᠷᠦᠬᠡ ᠴᠡᠭᠡ
ᠤᠴᠢᠷ ᠦᠭᠡᠢ ᠨᠠᠶ᠋ᠢᠷ ᠦ᠋ᠨ ᠲᠤᠯᠠ ᠰᠡᠤᠠᠬᠢᠯ ᠦ᠋ᠨ ᠡᠪᠡᠤᠠᠴᠢᠨ ᠣᠯᠤᠭᠠᠳ
ᠤᠯᠠᠮ ᠤᠯᠠᠮ ᠤᠶᠠᠷᠠᠨ ᠤᠬᠢᠯᠠᠭᠰᠠᠭᠠᠷ ᠪᠡᠶ᠎ᠡ ᠬᠠᠲᠠᠬᠤ ᠰᠢᠬᠠᠪᠠᠢ
( ᠯᠠ )
ᠶᠠᠭᠵᠢᠭᠠᠷ ᠪᠡᠶ᠎ᠡ ᠳ᠋ᠤᠷ ᠬᠤᠪᠴᠠᠰᠤ ᠬᠤᠨᠠᠷ ᠳᠠᠪᠬᠤᠷ ᠳᠠᠪᠬᠤᠷ
ᠶᠠᠷ᠎ᠠ ᠭᠠᠷᠤᠭᠰᠠᠨ ᠣᠷᠣᠢ ᠳᠡᠭᠡᠷ᠎ᠡ ᠰᠥᠪᠡᠲᠡᠢ ᠮᠡᠲᠦ
ᠶᠠᠨᠵᠢᠷᠭᠠ ᠲᠡᠢ ᠳᠠᠭᠤᠨ ᠳ᠋ᠤᠷ ᠲᠩᠷᠢ ᠭᠠᠵᠠᠷ ᠲᠤᠷᠭᠢᠯᠤᠨ ᠪᠥᠭᠡᠲᠡᠯ᠎ᠡ
ᠶᠠᠭᠤᠨ ᠪ ᠤᠴᠢᠷ ᠪᠡᠶ᠎ᠡ ᠪᠡᠨ ᠬᠠᠮᠠᠭᠠᠯᠠᠵᠤ ᠦᠯᠦ ᠴᠢᠲᠠᠮᠤᠢ
( ᠫᠤᠤᠵᠢᠩ )
ᠠᠮᠠᠨ ᠳ᠋ᠠᠭᠠᠨ ᠢᠷᠲᠦ ᠮᠡᠰᠡ ᠶ᠋ᠢ ᠵᠠᠭᠤᠵᠤ
ᠠᠷᠤ ᠳ᠋ᠠᠭᠠᠨ ᠵᠢᠭᠦᠷ ᠥᠲᠥ ᠲᠡᠭᠦᠰᠦᠭᠡᠳ
ᠳᠡᠭᠳᠡᠢᠭᠰᠡᠨ ᠬᠡᠪᠡᠯᠢ ᠪᠡᠨ ᠴᠢᠨᠡᠭᠡ ᠮᠡᠲᠡᠨ ᠴᠠᠤᠠᠬᠤᠭᠠᠨ
ᠳᠡᠭᠰᠢᠭᠰᠡᠨ ᠭᠡᠵᠢᠭᠡ ᠪᠡᠷ ᠨᠢᠭᠡᠨᠲᠡ ᠬᠤᠶᠠᠭᠲᠠᠵᠤ ᠭᠠᠷᠭᠠᠪᠠᠢ
( ᠨᠤᠮᠤ ᠰᠤᠮᠤ )
ᠠᠯᠲᠠᠢ ᠬᠠᠩᠭᠠᠢ ᠶ᠋ᠢᠨ ᠠᠷᠤ ᠳ᠋ᠤ᠌
ᠠᠯᠢᠮ᠎ᠠ ᠴᠢᠪᠠᠬ᠋ᠠ ᠲᠦᠷᠦᠪᠡᠢ
ᠠᠬ᠎ᠠ ᠳᠡᠭᠦᠦ ᠠᠷᠪᠠᠭᠤᠯᠠ
ᠠᠪᠴᠤ ᠡᠰᠡ ᠴᠢᠲᠠᠭᠰᠠᠨ ᠊ᠢ
ᠠᠯᠠᠩᠲᠠᠢ ᠴᠠᠯᠠᠩᠲᠠᠢ ᠬᠣᠶᠠᠭᠤᠯᠠ
ᠠᠮᠠᠨ ᠳ᠋ᠠᠭᠠᠨ ᠡᠮᠬᠦᠪᠡᠢ
( ᠭᠠᠯ ᠬᠤᠷᠤᠭᠤ ᠬᠠᠪᠴᠢᠭᠤᠷ )
ᠬᠠᠷ᠎ᠠ ᠲᠣᠷᠭᠠᠨ ᠮᠠᠯᠠᠭ᠎ᠠ ᠲᠠᠢ
ᠬᠠᠪᠲᠠᠭᠠᠢ ᠪᠥᠭᠲᠥᠷ ᠪᠡᠶ᠎ᠡ ᠲᠡᠢ
ᠱᠣᠷ ᠱᠣᠷ ᠶᠠᠪᠤᠳᠠᠯ ᠲᠠᠢ
ᠱᠣᠯᠳᠤᠩ ᠬᠦᠬᠡ ᠮᠣᠷᠢ ᠲᠠᠢ
( ᠬᠤᠷᠤᠭᠤᠪᠴᠢ ᠵᠤᠯᠤᠭ ᠤᠲᠠᠰᠤ ᠵᠡᠭᠦᠦ )
ᠰᠠᠭᠰᠠᠶ᠋ᠢᠬᠰᠠᠨ ᠦᠰᠦ ᠪᠡᠨ ᠰᠠᠯᠬᠢᠨ ᠤᠷᠤᠭᠤ ᠲᠠᠯᠪᠢᠮᠤᠢ
ᠰᠠᠷᠢᠰᠤᠯᠠᠭᠰᠠᠨ ᠳᠡᠪᠡᠯ ᠢᠶ᠋ᠡᠨ ᠨᠠᠷᠠᠨ ᠤ ᠵᠦᠭ ᠨᠥᠮᠥᠷᠥᠮᠦᠢ
ᠰᠠᠪᠠᠭ᠎ᠠ ᠦᠭᠡᠢ ᠰᠢᠳᠦ ᠪᠡᠨ ᠬᠦᠮᠦᠨ ᠦ ᠵᠦᠭ ᠠᠷᠵᠠᠶ᠋ᠢᠭᠠᠳ
ᠰᠠᠯᠠᠭ᠎ᠠ ᠦᠭᠡᠢ ᠶᠠᠰᠤ ᠪᠠᠨ ᠭᠠᠵᠠᠷ ᠤᠨ ᠳᠤᠮᠳᠠ ᠲᠠᠶᠠᠭᠳᠠᠮᠤᠢ
( ᠡᠷᠳᠡᠨᠢ ᠰᠢᠰᠢ )
ᠪᠠᠭᠯᠠᠷᠠᠨ ᠤᠷᠭᠤᠭᠰᠠᠨ ᠤᠯᠠᠭᠠᠨ ᠴᠡᠴᠡᠭ ᠢ
ᠣᠷᠣᠢ ᠳ᠋ᠠᠭᠠᠨ ᠬᠠᠳᠬᠤᠭᠠᠳ
ᠪᠠᠶ᠋ᠢᠯᠳᠤᠭᠠᠨ ᠤ ᠬᠤᠪᠴᠠᠰᠤ ᠶ᠋ᠢ ᠣᠭ ᠠ᠋ᠴᠠ ᠪᠡᠶ᠎ᠡ ᠳ᠋ᠡᠭᠡᠨ ᠡᠮᠦᠰᠴᠦᠬᠦᠢ
ᠪᠠᠭᠠᠲᠤᠷ ᠢᠳᠡᠷᠬᠡᠭ ᠶᠡᠬᠡ ᠡᠷ᠎ᠡ ᠳ᠋ᠦᠷ ᠠᠳᠠᠯᠢᠳᠬᠠᠨ ᠡᠰᠡ ᠴᠢᠳᠠᠪᠠᠰᠤ
ᠪᠠᠷᠬᠢᠷᠠᠨ ᠵᠠᠩᠳᠤᠪᠠᠰᠤ ᠮᠢᠩᠭᠠᠨ ᠡᠭᠦᠳᠡ ᠂
ᠲᠦᠮᠡᠨ ᠬᠠᠭᠠᠯᠭ᠎ᠠ ᠶ᠋ᠢ ᠨᠡᠭᠡᠭᠡᠯᠭᠡᠮᠦᠢ
( ᠲᠠᠬᠢᠶ᠎ᠠ ) ᠍ ᠋
ᠬᠬᠢᠷ ᠦᠭᠡᠢ ᠠᠷᠢᠭᠤᠨ ᠲᠣᠯᠢ ᠪᠠᠨ ᠬᠥᠮᠥᠷᠢᠭᠡᠳ
ᠬᠬᠢᠪ ᠲᠣᠷᠭ᠎ᠠ ᠪᠠᠨ ᠳᠠᠪᠬᠤᠷ ᠳᠠᠪᠬᠤᠷ ᠳᠡᠪᠢᠰᠪᠡᠢ
ᠬᠢᠯᠤᠪ ᠬᠢᠯᠣᠪ ᠬᠡᠲᠡ ᠴᠠᠬᠢᠭᠤᠷ ᠢ ᠴᠣᠬᠢᠨ
ᠬᠢᠩᠭᠠᠷ ᠬᠠᠩᠭᠠᠷ ᠬᠠᠳᠬᠤᠭᠤᠷ ᠪᠠᠭᠤᠪᠴᠢ ᠪᠠᠨ ᠲᠠᠶᠠᠭᠳᠠᠪᠠᠢ
ᠣᠭ᠌ᠶᠦ ᠱ᠌ᠢᠷᠦ ᠶ᠋ᠢᠨ ᠣᠭᠣᠰᠣᠷ ᠢᠶ᠋ᠠᠨ ᠲᠠᠲᠠᠭᠠᠳ
ᠤᠶ᠋ᠢᠯᠠᠨ ᠬᠠᠶ᠋ᠢᠯᠠᠨ ᠨᠢᠯᠪᠤᠰᠤ ᠪᠠᠨ ᠠᠰᠬᠠᠷᠠᠭᠤᠯᠪᠠᠢ
( ᠣᠭᠲᠠᠷᠭᠤᠢ ᠡᠭᠦᠯᠡ ᠴᠠᠬᠢᠯᠭᠠᠨ ᠠᠶᠤᠩᠭ᠎ᠠ ᠰᠣᠯᠣᠩᠭ᠎ᠠ ᠪᠣᠷᠣᠭᠠᠨ )
ᠲᠣᠯᠣᠭᠠᠢ ᠪᠡᠶ᠎ᠡ ᠦᠷᠭᠦᠯᠵᠢ ᠲᠣᠩᠭᠣᠷᠴᠢᠯᠠᠨ ᠶᠠᠪᠤᠬᠤ ᠵᠠᠩᠲᠠᠢ
ᠳᠣᠲᠣᠷ᠎ᠠ ᠭᠣᠣᠯ ᠨᠢᠯᠪᠠᠷᠬᠠᠢ ᠂ ᠲᠣᠭᠠᠯᠠᠰᠢ ᠦᠭᠡᠢ ᠬᠠᠷᠠᠲᠠᠢ
ᠲᠣᠷᠭᠠᠨ ᠰᠢᠷᠬᠡᠭ ᠵᠠᠯᠭᠠᠯᠳᠤᠨ ᠲᠣᠪᠬᠢᠵᠤ ᠣᠶᠣᠭᠰᠠᠨ ᠮᠡᠲᠦ
ᠲᠣᠳᠣᠷᠬᠠᠢ ᠵᠤᠨ ᠪᠣᠢ ᠂ ᠲᠤᠩᠭᠠᠯᠠᠭ ᠡᠪᠦᠯ ᠦᠭᠡᠢ
( ᠲᠠᠷᠪᠤᠰ )
ᠬᠥᠯ ᠦᠭᠡᠢ ᠬᠡᠪᠲᠡᠭᠡ ᠶᠠᠪᠤᠭᠴᠢ ᠶ᠋ᠢᠨ ᠳᠡᠷᠭᠡᠳᠡ
ᠬᠥᠯᠥᠰᠥ ᠦᠭᠡᠢ ᠣᠷᠢᠶᠠᠩᠭᠤ ᠨᠣᠶᠠᠨ ᠰᠠᠭᠤᠵᠤ
ᠰᠡᠭᠦᠵᠢ ᠦᠭᠡᠢ ᠲᠦᠰᠢᠮᠡᠯ ᠢᠶ᠋ᠡᠨ ᠵᠠᠷᠤᠭᠠᠳ
ᠰᠡᠭᠦᠯ ᠦᠭᠡᠢ ᠪᠠᠭᠠᠲᠤᠷ ᠢ ᠪᠡᠷᠢ ᠬᠡᠮᠡᠮᠦᠢ
( ᠤᠰᠤ ᠮᠣᠭᠠᠢ ᠵᠢᠭᠠᠰᠤ ᠮᠡᠯᠡᠬᠡᠢ )
ᠪᠦᠬᠦᠯᠢ ᠰᠠᠶ᠋ᠢᠬᠠᠨ ᠦ ᠦᠭᠡᠢ ᠬᠠᠰ
ᠪᠦᠷᠬᠦᠭ ᠭᠡᠭᠡᠬᠡᠨ ᠢᠯᠭᠠᠷᠠᠭᠠᠳᠤᠢ ᠴᠠᠭ
ᠪᠦᠲᠦᠭᠡᠵᠦ ᠬᠠᠳᠠᠭᠠᠯᠠᠬᠤ ᠬᠣᠶᠠᠷ ᠠᠷᠪᠠᠨ ᠬᠣᠨᠣᠭ
ᠪᠦᠲᠦᠵᠦ ᠭᠠᠷᠪᠠᠰᠤ ᠲᠠᠪᠤᠨ ᠡᠷᠳᠡᠮ ᠲᠡᠭᠦᠰ
( ᠥᠨᠳᠡᠭᠡ )
ᠭᠡᠭᠡᠨ ᠪᠡᠯᠮᠡ ᠭᠡᠷ ᠦᠨ ᠳᠤᠮᠳᠠ ᠰᠠᠭᠤᠭᠠᠳ
ᠭᠡᠪᠭᠦᠢ ᠭᠣᠨᠢᠷ ᠯᠠᠪᠷᠢ ᠬᠥᠰᠢᠭᠡ ᠲᠠᠲᠠᠵᠤ
ᠬᠢᠶᠦᠭ ᠱᠠᠪᠢ ᠡᠭᠦᠳᠡ ᠶ᠋ᠢ ᠪᠥᠭᠯᠡᠨ ᠰᠠᠬᠢᠪᠠᠴᠤ
ᠭᠡᠨᠡᠨ ᠠᠷᠠᠳ ᠬᠦᠷᠴᠦ ᠢᠷᠡᠭᠡᠳ ᠮᠥᠷᠭᠥᠮᠦᠢ
( ᠳ᠋ᠧᠩᠯᠦ )
ᠡᠮᠦᠨᠡᠰᠢ ᠬᠠᠨᠳᠤᠨ ᠵᠣᠭᠰᠣᠭᠠᠳ
ᠡᠰᠡᠷᠭᠦ ᠬᠠᠨᠳᠤᠭᠤᠯᠤᠨ ᠪᠠᠷᠢᠮᠤᠢ
ᠢᠨᠢᠶᠡᠪᠡᠰᠦ ᠬᠠᠷᠢᠨ ᠡᠯᠡᠭᠯᠡᠭᠡᠳ
ᠡᠪᠰᠢᠶᠡᠪᠡᠰᠦ ᠪᠠᠰᠠ ᠢᠷᠠᠶ᠋ᠢᠮᠤᠢ
( ᠲᠣᠯᠢ )
ᠰᠠᠯᠠᠭ᠎ᠠ ᠦᠭᠡᠢ ᠰᠢᠭᠤᠢ ᠶ᠋ᠢ ᠳᠠᠷᠠᠭ᠎ᠠ ᠳᠠᠷᠠᠭ᠎ᠠ ᠪᠠᠷ ᠱᠤᠯᠤᠵᠤ
ᠰᠠᠯᠤᠰᠢ ᠦᠭᠡᠢ ᠴᠢᠳᠬᠦᠷ ᠢ ᠨᠢᠭᠡ ᠨᠢᠭᠡ ᠪᠡᠷ ᠠᠷᠢᠯᠭᠠᠮᠤᠢ
ᠰᠠᠷᠨᠢᠬᠤ ᠰᠢᠬᠠᠭᠰᠠᠨ ᠡᠭᠦᠯᠡ ᠶ᠋ᠢ ᠬᠥᠨᠳᠡᠯᠡᠨ ᠡᠴᠡ ᠦᠯᠦᠭᠡᠳ
ᠰᠠᠵᠢᠬᠤ ᠰᠢᠬᠠᠭᠰᠠᠨ ᠬᠡᠮᠬᠡ ᠶ᠋ᠢ ᠳᠤᠮᠳᠠ ᠠ᠋ᠴᠠ ᠪᠣᠭᠣᠮᠢ
( ᠰᠠᠮ ᠱᠦᠭᠦᠷ ᠬᠠᠳᠬᠤᠭᠤᠷ ᠲᠤᠤᠷ )
ᠪᠤᠯᠪᠠᠷᠠᠢ ᠵᠥᠭᠡᠯᠡᠨ ᠬᠠᠰ ᠲᠣᠯᠢ ᠳ᠋ᠤᠷ
ᠪᠤᠭᠤᠲᠠᠢ ᠶ᠋ᠢᠨ ᠭᠤᠯᠢᠷ ᠰᠠᠴᠤᠮᠤᠢ
ᠪᠣᠮᠪᠣᠭᠣᠷ ᠨᠡᠮᠡᠭᠦᠨ ᠬᠣᠣᠰ ᠬᠤᠮᠪᠢᠭᠤᠷ ᠲᠤᠷ
ᠪᠤᠷᠠᠮ ᠳᠤᠰᠤ ᠲᠦᠷᠬᠢᠮᠦᠢ
ᠪᠤᠲᠠᠷᠠᠵᠤ ᠤᠷᠭᠤᠭᠰᠠᠨ ᠬᠠᠷ᠎ᠠ ᠡᠭᠦᠯᠠᠨᠡ
ᠪᠤᠯᠠᠭ ᠦ᠋ᠨ ᠤᠰᠤ ᠰᠢᠮᠡᠲᠦᠭᠡᠳ
ᠪᠣᠷᠣᠭᠠᠨ ᠪ ᠬᠣᠶ᠋ᠢᠨᠠᠬᠢ ᠬᠥᠬᠡ ᠠᠭᠤᠯᠠ ᠶ᠋ᠢᠨ
ᠪᠣᠷᠭᠢᠶᠠᠨ ᠲᠣᠭᠣᠰᠣᠨ ᠳᠠᠷᠤᠭᠳᠠᠮᠤᠢ
( ᠣ ᠡᠩᠭᠡᠰᠬᠡ ᠭᠡᠵᠢᠭᠡᠨ ᠳᠤᠰᠤ ᠬᠥᠮᠥᠰᠬᠡ ᠶ᠋ᠢᠨ ᠬᠥ )
ᠪᠦᠵᠢᠭᠴᠢ ᠬᠤᠯᠠᠭᠠᠢ ᠰᠠᠩ ᠊ᠢ ᠵᠥᠭᠡᠭᠡᠬᠦ ᠶ᠋ᠢᠨ ᠤᠴᠢᠷ
ᠪᠥᠭᠬᠦᠭᠴᠢ ᠳᠠᠷᠤᠬ᠋᠎ᠠ ᠰᠥᠨᠢ ᠰᠠᠬᠢᠵᠤ ᠰᠠᠭᠤᠷᠤᠨ
ᠪᠥᠭᠰᠢᠨ ᠶᠠᠪᠤᠭᠴᠢ ᠬᠢᠶ᠎ᠡ ᠯᠤᠬ᠋᠎ᠠ ᠵᠣᠬᠢᠯᠲᠤᠭᠠᠳ
ᠪᠦᠭᠦᠲᠡ ᠶ᠋ᠢ ᠰᠡᠷᠢᠭᠡᠭᠴᠢ ᠪᠥᠬᠡ ᠶ᠋ᠢ ᠳᠠᠭᠤᠨ ᠭᠠᠷᠭᠠᠮᠤᠢ
( ᠬᠤᠯᠤᠭᠠᠨ᠎ᠠ ᠮᠤᠤᠷ ᠨᠣᠬᠠᠢ ᠲᠠᠬᠢᠶ᠎ᠠ )
ᠪᠠᠭᠠᠲᠤᠷ ᠪᠤᠰᠤ ᠢᠲᠡ ᠲᠡᠢ
ᠪᠠᠶᠠᠨ ᠪᠤᠰᠤ ᠡᠳ᠋ ᠲᠡᠢ
ᠪᠠᠷᠰ ᠪᠤᠰᠤ ᠡᠷᠢᠶᠡᠨ
ᠪᠠᠭᠰᠢ ᠪᠤᠰᠤ ᠨᠣᠮ ᠲᠠᠢ
( ᠵᠥᠭᠡᠢ )
ᠬᠦᠴᠦᠨ ᠪᠠᠭᠤᠷᠠᠵᠤ ᠨᠢᠷᠤᠭᠤ ᠪᠦᠭᠲᠦᠢᠭᠡᠳ ᠴᠡᠷ ᠨᠢᠰᠦ ᠲᠡᠢ
ᠬᠥᠲᠡᠯᠦᠨ ᠶᠠᠲᠠᠵᠤ ᠪᠦᠭᠰᠢᠨ ᠬᠡᠪᠲᠡᠭᠡᠳ ᠳᠠᠭᠤᠨ ᠤᠶᠠᠩᠬ᠋᠎ᠠ ᠲᠠᠢ
ᠬᠦᠵᠦᠭᠦᠦ ᠪᠡᠨ ᠬᠦᠯᠲᠦᠶ᠋ᠢᠨ ᠨᠢᠲᠦ ᠪᠡᠨ ᠠᠨᠢᠵᠤ ᠠᠮᠢᠰᠬᠤᠬᠤ ᠦᠭᠡᠢ
ᠬᠥᠭᠰᠢᠨ ᠪᠠᠶᠠᠷᠯᠠᠨ ᠂ ᠡᠮᠡᠭᠡᠨ ᠠᠶᠤᠵᠤ ᠂ ᠨᠢᠯᠬ᠎ᠠ ᠣᠬᠢᠯᠠᠮᠤᠢ
( ᠥᠲᠡᠯᠬᠦ ᠡᠪᠡᠤᠠᠬᠦ ᠦᠬᠦᠬᠦ ᠲᠥᠷᠥᠬᠦ )
ᠮᠣᠲᠣᠴᠢ ᠠᠪᠤᠭᠠᠢ ᠲᠡᠮᠦᠷ ᠬᠤᠶᠠᠭ ᠡᠮᠦᠰᠦᠭᠡᠳ
ᠮᠣᠷᠣᠶ᠋ᠢᠬᠠᠢ ᠪᠡᠶ᠎ᠡ ᠰᠢᠲᠤᠷᠭᠤ ᠴᠢᠭᠴᠢ ᠶᠠᠪᠤᠲᠠᠯ ᠲᠠᠢ
ᠮᠣᠭᠠᠢ ᠵᠢᠯᠲᠡᠨ ᠭᠠᠯ ᠬᠦᠷᠭᠡᠵᠦ ᠢᠷᠠᠪᠠᠰᠤ
ᠮᠣᠷᠲᠠᠵᠤ ᠭᠠᠷᠤᠭᠠᠳ ᠵᠢᠭᠠᠭᠰᠠᠨ ᠪᠦᠬᠦᠨ ᠊ᠢ ᠣᠨᠣᠮᠤᠢ
( ᠫᠤᠤ )
ᠲᠣᠶ᠋ᠢᠩᠺᠠᠷ ① ᠦ᠋ᠨ ᠣᠨᠢᠰᠣᠬ᠋᠎ᠠ
ᠬᠠᠶ᠋ᠢᠯᠤᠮᠠᠯ ᠴᠢᠯᠠᠭᠤ ᠤᠷᠠᠯᠠᠭᠰᠠᠨ ᠯᠠᠪᠠᠢ ᠦᠵᠡᠮᠵᠢᠲᠡᠢ
ᠬᠠᠮᠠᠭᠠᠯᠠᠨ ᠣᠷᠣᠰᠢᠭᠤᠯᠬᠤ ᠳ᠋ᠤ᠌ ᠬᠥᠨᠲᠡᠢ ᠵᠥᠭᠡᠯᠡᠨ ᠡᠪᠲᠡᠢ
ᠬᠠᠶ᠋ᠢᠷᠠᠯᠠᠬᠤ ᠶ᠋ᠢ ᠰᠠᠨᠠᠪᠠᠰᠤ ᠨᠢᠯᠬᠠᠰ ᠠ᠋ᠴᠠ ᠨᠢᠭᠤᠬᠤ ᠬᠡᠷᠡᠭᠲᠡᠢ
ᠬᠠᠩᠭᠢᠨᠠᠬᠤ ᠳᠠᠭᠤᠨ ᠭᠠᠷᠪᠠᠰᠤ ᠰᠦᠢᠤᠠᠬᠦ ᠶ᠋ᠢ ᠰᠡᠷᠡᠮᠵᠢᠯᠡ
( ᠱᠠᠵᠠᠩ )
ᠡᠯᠡᠰᠦ ᠴᠢᠯᠠᠭᠤ ᠳᠠᠪᠬᠤᠷ ᠪᠣᠯᠪᠠᠴᠤ ᠠᠭᠤᠯᠠ ᠲᠠᠢ
ᠡᠷᠭᠢᠬᠦ ᠵᠠᠮ ᠨᠢ ᠬᠣᠯᠠ ᠪᠣᠯᠪᠠᠴᠤ ᠬᠣᠯᠠ ᠪᠢᠰᠢ
ᠡᠭᠡᠨᠡᠭᠲᠡ ᠠᠶᠤᠩᠬ᠋ᠠ ᠳᠤᠤᠭᠠᠷᠪᠠᠴᠤ ᠪᠣᠷᠣᠭᠠᠨ ᠠ᠋ᠴᠠ ᠥᠭᠡᠷ᠎ᠡ
ᠡᠯᠪᠡᠭ ᠴᠠᠰᠤᠨ ᠣᠷᠣᠪᠠᠴᠤ ᠬᠦᠢᠲᠡᠨ ᠡᠴᠡ ᠣᠨᠲᠣᠣ
( ᠲᠡᠭᠡᠷᠮ᠎ᠡ )
ᠶᠠᠰᠤ ᠦᠭᠡᠢ ᠪᠡᠶ᠎ᠡ ᠳ᠋ᠡᠭᠡᠨ ᠬᠤᠪᠴᠠᠰᠤ ᠬᠤᠨᠠᠷ ᠳᠠᠪᠬᠤᠷ ᠳᠠᠪᠬᠤᠷ ᠡᠮᠦᠰᠴᠦ
ᠶᠠᠷ᠎ᠠ ᠦᠭᠡᠢ ᠪᠥᠭᠡᠲᠡᠯ᠎ᠡ ᠣᠷᠣᠢ ᠳᠡᠭᠡᠷ᠎ᠡ ᠪᠡᠨ ᠰᠦᠪᠡ ᠲᠡᠢ
ᠶᠠᠷᠰᠢᠬᠲᠠᠢ ᠬᠡᠴᠡᠭᠦᠦ ᠳᠠᠭᠤᠨ ᠶ᠋ᠢᠠᠷ ᠲᠩᠷᠢ ᠭᠠᠵᠠᠷ ᠰᠣᠴᠢᠭᠠᠪᠠᠴᠤ
ᠶᠠᠮᠠᠷ ᠤᠴᠢᠷ ᠪᠡᠶ᠎ᠡ ᠪᠡᠨ ᠬᠠᠮᠠᠭᠠᠯᠠᠬᠤ ᠶ᠋ᠢᠨ ᠪᠣᠲᠣᠯᠬ᠋ᠠ ᠡᠰᠡ ᠲᠥᠷᠥᠭᠳᠡᠪᠡᠢ
( ᠫᠤᠤᠵᠢᠩ )
ᠲᠦᠮᠡᠨ ᠣᠯᠠᠨ ᠊ᠢ ᠳᠠᠭᠠᠭᠤᠯᠤᠭᠴᠢ ᠨᠠᠢ᠍ᠮᠠᠨ ᠦᠶ᠎ᠡ ᠲᠡᠢ
ᠬᠣᠶᠠᠷ ᠵᠣᠴᠢᠨ ᠲᠡᠷᠢᠭᠦᠯᠡᠨ
ᠲᠥᠪ ᠳᠤᠮᠳᠠ ᠪᠠᠨ ᠤᠷᠭᠤᠭᠰᠠᠨ ᠭᠤᠴᠢᠨ ᠬᠣᠶᠠᠷ ᠨᠠᠪᠴᠢ
ᠠᠩᠬᠢ ᠳ᠋ᠠᠭᠠᠨ ᠵᠢᠬᠰᠠᠭᠠᠳ
ᠲᠥᠭᠥᠷᠢᠭᠯᠡᠨ ᠬᠢᠭᠰᠡᠨ ᠠᠷᠪᠠᠨ ᠬᠣᠶᠠᠷ ᠲᠠᠪᠠᠭ
ᠠᠰ ᠠᠰ ᠲᠠᠭᠠᠨ ᠨᠡᠢᠯᠡᠭᠰᠡᠨ
ᠲᠥᠪᠡᠭᠳᠡᠯ ᠦᠭᠡᠢ ᠡᠭᠦᠷᠦᠭᠴᠢ ᠨᠢᠭᠡ ᠶᠡᠬᠡ ᠬᠦᠴᠦᠲᠡᠨ ᠪ
ᠪᠠᠭᠠᠲᠤᠷ ᠠᠨᠤ ᠭᠠᠶ᠋ᠢᠬᠠᠮᠰᠢᠬ
( ᠮᠣᠲᠣᠨ ᠲᠡᠷᠭᠡ )
ᠨᠢᠭᠡᠨ ᠣᠶᠣᠲᠠᠯᠲᠤ ᠬᠥᠬᠡ ᠲᠣᠷᠭᠠᠨ ᠰᠢᠭᠦᠷ
ᠨᠡᠶ᠋ᠢᠭᠡᠮ ᠰᠠᠴᠤᠷᠠᠭᠰᠠᠨ ᠭᠡᠭᠡᠨ ᠪᠣᠯᠣᠷ ᠰᠤᠪᠤᠳ
ᠨᠢᠰᠤᠨ ᠣᠷᠴᠢᠬᠤ ᠬᠠᠰ ᠡᠷᠲᠡᠨᠢ ᠶ᠋ᠢᠨ ᠲᠣᠯᠢ
ᠨᠡᠯᠢᠶᠡᠳ ᠤᠲᠠᠭᠠᠨ ᠬᠠᠷᠠᠪᠠᠰᠤ ᠡᠷᠬᠡ ᠦᠭᠡᠢ ᠠᠯᠵᠢᠶᠠᠮᠤᠢ
( ᠰᠥᠨᠢ)
ᠤᠭ ᠠ᠋ᠴᠠ ᠲᠥᠷᠥᠭᠰᠡᠨ ᠪᠡᠶ᠎ᠡ ᠨᠢ ᠰᠢᠲᠤᠷᠭᠤ ᠪᠥᠭᠡᠳ ᠰᠢᠯᠤᠭᠤᠨ
ᠤᠶᠠᠨ ᠡᠷᠬᠡᠲᠡᠨ ᠵᠥᠭᠡᠯᠡᠨ ᠪᠥᠭᠡᠲᠡᠯ᠎ᠡ ᠭᠣᠣᠯ ᠵᠢᠷᠦᠬᠡ ᠬᠠᠲᠠᠭᠤ
ᠤᠴᠢᠷ ᠦᠭᠡᠢ ᠪᠤᠰᠤᠳ ᠦ᠋ᠨ ᠲᠥᠯᠥᠭᠡ ᠬᠠᠯᠠᠭᠤᠨ ᠡᠪᠡᠤᠠᠴᠢᠨ ᠣᠯᠤᠭᠠᠳ
ᠤᠬᠢᠯᠠᠨ ᠬᠠᠶ᠋ᠢᠯᠠᠨ ᠪᠠᠶ᠋ᠢᠬᠰᠠᠭᠠᠷ ᠨᠢᠭᠡᠨ ᠨᠠᠰᠤ ᠶ᠋ᠢ ᠪᠠᠷᠠᠮᠤᠢ
( ᠯᠠ)
ᠲᠦᠭᠡᠮᠡᠯ ᠶᠡᠬᠡ ᠡᠷᠲᠡᠮ ᠊ᠢ ᠳᠡᠯᠭᠡᠷᠡᠭᠦᠯᠦᠭᠴᠢ ᠮᠡᠷᠭᠡᠨ ᠪᠠᠭᠰᠢ
ᠲᠥᠷᠥ ᠭᠦᠷᠦᠨ ᠊ᠢ ᠬᠠᠮᠠᠭᠠᠯᠠᠭᠴᠢ ᠳᠦᠷᠪᠡᠨ ᠪᠠᠷᠰ ᠦ᠋ᠨ ᠵᠠᠩᠵᠤᠨ
ᠲᠥᠭᠥᠷᠢᠭ᠌ᠯᠡᠨ ᠬᠦᠷᠢᠶᠡᠯᠡᠵᠦ ᠰᠠᠭᠤᠭᠰᠠᠨ ᠱᠠᠰᠢᠨ ᠪ ᠣᠯᠠᠨ ᠬᠤᠸᠠᠷᠠᠭ
ᠲᠥᠯᠥᠪᠯᠡᠵᠦ ᠰᠢᠨᠵᠢᠭᠡᠳ ᠦᠵᠡᠬᠦᠯ᠎ᠡ ᠭᠣᠣᠯ ᠰᠤᠲᠠᠰᠤ ᠨᠢ ᠨᠢᠭᠡ
( ᠡᠷᠢᠭᠡ)
ᠬᠥᠭᠡᠷᠦᠬᠦᠢ ᠮᠠᠨ ᠪ ᠮᠣᠩᠭᠣᠯ ᠳ᠋ᠤ᠌ ᠬᠥᠭᠵᠢᠮ ᠪᠣᠯᠤᠨ ᠲᠥᠷᠥᠵᠦ
ᠬᠥᠷᠪᠡᠬᠦ ᠬᠡᠲᠦᠨ ᠲᠠᠯ᠎ᠠ ᠨᠢ ᠳᠦᠷᠪᠡᠨ ᠬᠣᠰᠢᠭᠤ ᠮᠠᠯ ᠮᠡᠲᠦ
ᠬᠦᠮᠦᠨ ᠠᠮᠢᠲᠠᠨ ᠬᠥᠭᠵᠢᠨ ᠨᠠᠭᠠᠲᠤᠭᠠᠳ ᠨᠡᠷ᠎ᠡ ᠠᠯᠲᠠᠷ ᠊ᠢ ᠨᠢ ᠠᠰᠠᠭᠤᠪᠠᠰᠤ
ᠬᠦᠨᠲᠦᠲᠦ ᠭᠤᠲᠠᠭᠠᠷ ᠵᠡᠷᠭᠡ ᠶ᠋ᠢᠨ ᠬᠢᠶ᠎ᠡ ᠬᠡᠮᠡᠨ ᠬᠡᠯᠡᠮᠦᠢ
( ᠱᠠᠬ᠋ᠠ)
ᠳᠣᠲᠣᠭᠠᠳᠤ ᠭᠠᠵᠠᠷ ᠲᠥᠷᠥᠭᠰᠡᠨ ᠤᠷᠠᠨ ᠮᠡᠷᠭᠡᠨ ᠲᠣᠲᠢ
ᠲᠣᠭᠲᠠᠮᠠᠯ ᠬᠠᠷ᠎ᠠ ᠨᠠᠭᠤᠷ ᠲᠤ ᠬᠣᠰᠢᠭᠤ ᠪᠠᠨ ᠲᠦᠷᠦᠨ
ᠳᠣᠪᠲᠣᠯᠤᠨ ᠣᠤᠠᠬᠤ ᠮᠥᠷ ᠊ᠢ ᠨᠢ ᠦᠵᠡᠬᠦᠯ᠎ᠡ
ᠳᠣᠲᠣᠷ᠎ᠠ ᠰᠠᠨᠠᠭᠠᠨ ᠯᠤᠬ᠋᠎ᠠ ᠨᠢᠭᠡᠨ ᠠᠲᠠᠯᠢ
( ᠦᠰᠦᠨ ᠪᠢᠷ)
ᠭᠠᠩ ᠨᠠᠷᠢᠨ ᠪᠡᠶ᠎ᠡ ᠲᠡᠢ ᠠᠲᠠᠯ᠎ᠠ
ᠭᠠᠲᠠᠭᠠᠲᠤ ᠳᠣᠲᠣᠭᠠᠳᠤ ᠳ᠋ᠤᠷ ᠬᠡᠷᠡᠭᠰᠡᠯ ᠶᠡᠬᠡ
ᠭᠠᠷᠴᠤ ᠶᠠᠪᠤᠭᠰᠠᠨ ᠵᠠᠮ ᠊ᠢ ᠨᠢ ᠠᠰᠠᠭᠤᠪᠠᠰᠤ
ᠭᠠᠶ᠋ᠢᠬᠠᠮᠰᠢᠬᠲᠠᠢ ᠮᠥᠷ ᠦ᠋ᠨ ᠬᠠᠲᠠᠭᠠᠰᠤ
( ᠵᠡᠭᠦᠦ)
ᠵᠢᠤᠠᠬᠦᠭᠦᠦ ᠭᠤᠷᠪᠠᠨ ᠰᠢᠯᠢ
ᠴᠡᠴᠡᠬ᠋ᠲᠦ ᠭᠤᠷᠪᠠᠨ ᠲᠠᠯ᠎ᠠ
ᠵᠢᠮᠢᠰᠲᠦ ᠭᠤᠷᠪᠠᠨ ᠠᠭᠤᠯᠠ
ᠵᠢᠯᠢᠢᠭᠡᠷ ᠭᠤᠷᠪᠠᠨ ᠳᠠᠪᠠᠬ᠋ᠠ
( ᠳᠦᠷᠪᠡᠨ ᠤᠯᠠᠷᠢᠯ)
ᠲᠥᠷᠥ ᠶ᠋ᠢᠨ ᠳᠦᠷᠪᠡᠨ ᠲᠦᠰᠢᠮᠡᠯ
ᠲᠥᠭᠥᠷᠢᠭ ᠭᠤᠷᠪᠠᠨ ᠵᠠᠰᠠᠭ
ᠠᠷᠪᠠᠨ ᠬᠣᠶᠠᠷ ᠪᠣᠱᠣᠭᠣ
ᠠᠯᠪᠠᠨ ᠪ ᠬᠣᠶᠠᠷ ᠲᠠᠬᠠᠷᠠ
( ᠲᠤᠯᠬ᠋ᠠ ᠪᠠ ᠬᠠᠶ᠋ᠢᠴᠢ)
ᠰᠢᠷ ᠪᠣᠲᠣᠭ ᠦᠭᠡᠢ ᠪᠠᠶ᠋ᠢᠲᠠᠯ᠎ᠠ ᠥᠩᠭᠡ ᠨᠢ ᠤᠯᠠᠭᠠᠨ
ᠰᠢᠯᠢᠳᠡᠭ ᠤᠨᠤᠬ᠋᠎ᠠ ᠦᠭᠡᠢ ᠪᠥᠭᠡᠲᠡᠯ᠎ᠡ ᠶᠠᠪᠤᠬᠤ ᠨᠢ ᠲᠦᠷᠭᠡᠨ
ᠰᠢᠩᠭᠡᠭᠡᠵᠦ ᠲᠣᠭᠲᠠᠭᠠᠬᠤ ᠭᠡᠲᠡᠰᠦ ᠦᠭᠡᠢ ᠭᠡᠲᠡᠯ᠎ᠡ ᠢᠲᠡᠬᠦ ᠨᠢ ᠶᠡᠬᠡ
ᠰᠢᠮᠡᠵᠦ ᠰᠣᠷᠣᠬᠤ ᠬᠣᠭᠣᠯᠠᠢ ᠦᠭᠡᠢ ᠬᠡᠮᠡᠲᠡᠯ᠎ᠡ ᠠᠩᠭᠠᠬᠤ ᠨᠢ ᠪᠡᠷᠬᠡ
( ᠲᠦᠢᠮᠡᠷ)
ᠠᠷᠰᠯᠠᠨ ᠬᠦᠷᠲᠦ ᠶ᠋ᠢ ᠡᠷᠭᠢᠭᠦᠯᠦᠭᠴᠢ ᠬᠦᠵᠦᠭᠦᠨ ᠭᠠᠪᠢᠶᠠᠲᠤ ᠲᠦᠰᠢᠮᠡᠯ
ᠠᠯᠤᠰ ᠭᠠᠵᠠᠷ ᠊ᠢ ᠲᠣᠪᠴᠢᠯᠠᠭᠴᠢ ᠡᠪᠡᠷ ᠵᠢᠭᠦᠷ ᠲᠡᠢ ᠲᠣᠭᠣᠰ
ᠠᠮᠲᠠ ᠰᠢᠮᠲᠡ ᠶ᠋ᠢ ᠪᠦᠷᠢᠯᠲᠦᠭᠦᠯᠦᠭᠰᠡᠨ ᠦᠰᠦᠲᠡᠢ ᠲᠣᠰᠣᠨ ᠲᠣᠭᠣᠷ
ᠠᠴᠢᠶ᠎ᠠ ᠵᠢᠩ ᠳ᠋ᠤ᠌ ᠰᠢᠯᠭᠠᠷᠠᠭᠰᠠᠨ ᠴᠠᠰᠤᠨ ᠬᠥᠯᠥᠭᠲᠦ ᠵᠠᠭᠠᠨ
( ᠦᠬᠡᠷ ᠠᠲᠤᠭᠤ ᠬᠣᠨᠢ ᠲᠡᠮᠡᠭᠡ)
ᠴᠢᠮᠡᠭᠯᠡᠨ ᠰᠡᠷᠭᠡᠢᠯᠡᠭᠴᠢ ᠬᠣᠶᠠᠷ ᠬᠥᠪᠡᠭᠦᠨ ᠨᠢ ᠳᠠᠩᠴᠢ ᠰᠦᠷᠡᠬᠡᠢ ᠥᠨᠲᠥᠷ
ᠴᠢᠭ᠌ᠯᠡᠯ ᠊ᠢ ᠳᠠᠭᠠᠭᠤᠯᠤᠭᠴᠢ ᠬᠣᠶᠠᠷ ᠬᠡᠦᠬᠡᠨ ᠨᠢ ᠲᠤᠩᠭᠠᠯᠠᠭ ᠪᠥᠭᠡᠳ ᠤᠯᠠᠪᠢᠷ
ᠴᠢᠷᠴᠦ ᠲᠠᠲᠠᠬᠤ ᠳᠦᠷᠪᠡᠨ ᠳᠡᠭᠦᠦ ᠨᠢ ᠥᠨᠲᠥᠷ ᠪᠣᠭᠣᠨᠢ ᠲᠡᠭᠰᠢ ᠪᠤᠰᠤ
ᠴᠢᠮᠬᠢᠯᠡᠨ ᠬᠤᠷᠢᠶᠠᠬᠤ ᠨᠢᠭᠡᠨ ᠵᠠᠷᠤᠴᠠ ᠨᠢ ᠥᠷᠥᠭᠡᠰᠦᠨ ᠲᠠᠯ᠎ᠠ ᠨᠢ ᠰᠡᠲᠡᠷᠬᠡᠢ
( ᠲᠠᠤᠯᠠᠢ)
ᠳᠠᠪᠬᠤᠷ ᠮᠣᠳᠣᠨ ᠬᠣᠷᠮᠣᠶ᠋ᠢᠪᠴᠢ ᠲᠠᠢ ᠲᠡᠮᠦᠷ ᠬᠤᠶᠠᠭ ᠡᠮᠦᠰᠴᠦ
ᠳᠠᠯᠳᠠᠯᠠᠨ ᠣᠷᠣᠰᠢᠭᠤᠯᠤᠭᠰᠠᠨ ᠬᠦᠷᠡᠯ ᠡᠷᠳᠡᠨᠢ ᠶ᠋ᠢᠨ ᠬᠥᠪᠡᠭᠦᠨ
ᠲᠠᠴᠢᠭᠢᠨᠠᠲᠠᠯ᠎ᠠ ᠳᠤᠤᠭᠠᠷᠴᠤ ᠬᠢᠯᠢᠩ ᠤᠨ ᠭᠠᠯ ᠪᠠᠳᠠᠷᠠᠭᠠᠳ
ᠳᠠᠪᠰᠢᠬᠤ ᠶ᠋ᠢᠨ ᠵᠠᠭᠤᠷ᠎ᠠ ᠰᠠᠨᠠᠭᠰᠠᠨ ᠭᠠᠵᠠᠷ ᠬᠦᠷᠦᠮᠦᠢ
( ᠫᠤᠤ ᠰᠤᠮᠤ )
ᠣᠶᠤᠨ ᠡᠷᠳᠡᠮ ᠲᠡᠭᠦᠰᠦᠭᠰᠡᠨ ᠨᠢᠭᠡᠨ ᠮᠡᠷᠭᠡᠨ ᠪᠠᠭᠰᠢ
ᠣᠷᠣᠨ ᠭᠠᠵᠠᠷ ᠢ ᠣᠯᠭᠣᠭᠴᠢ ᠲᠠᠪᠤᠨ ᠰᠠᠶ᠋ᠢᠳ ᠲᠦᠰᠢᠮᠡᠯ
ᠣᠰᠣᠯᠳᠠᠯ ᠦᠭᠡᠢ ᠰᠠᠬᠢᠬᠴᠢ ᠶᠢᠰᠦᠨ ᠭᠡᠷ ᠦᠨ ᠪᠣᠭᠣᠯ
ᠤᠮᠠᠷᠲᠠᠰᠢ ᠦᠭᠡᠢ ᠰᠠᠨᠠᠭᠤᠯᠤᠭᠴᠢ ᠪᠠᠲᠤ ᠪᠡᠬᠢ ᠭᠡᠷᠡᠴᠢ
( ᠰᠤᠸᠠᠮᠫᠠᠨ )
ᠤᠷᠠᠨ ᠰᠠᠶ᠋ᠢᠬᠠᠨ ᠬᠣᠰᠢᠭᠤ ᠲᠠᠢ
ᠤᠷᠲᠤ ᠵᠢᠭᠠᠰᠤᠨ ᠰᠡᠭᠦᠯ ᠲᠠᠢ
ᠬᠠᠯᠠᠭᠤᠨ ᠭᠠᠯ ᠤᠨ ᠬᠣᠭᠣᠯᠠ ᠲᠠᠢ
ᠬᠠᠮᠪᠤ ᠲᠣᠷᠭᠠᠨ ᠳᠡᠪᠢᠰᠭᠡᠷ ᠲᠠᠢ
( ᠢᠯᠡᠦᠷ )
ᠭᠠᠪᠠᠯᠠ ᠶ᠋ᠢᠨ ᠠᠭᠤᠯᠠᠨ ᠳᠤ ᠡᠭᠦᠷᠯᠡᠭᠰᠡᠨ
ᠭᠠᠪᠢᠷ᠎ᠠ ᠰᠠᠶ᠋ᠢᠬᠠᠨ ᠥᠨᠳᠡᠭᠡ
ᠭᠠᠶ᠋ᠢᠬᠠᠮᠰᠢᠬᠲᠤ ᠬᠠᠷᠳᠠᠮ ᠨᠢ ᠨᠡᠭᠡᠭᠡᠭᠳᠡᠬᠦᠶᠡ
ᠭᠠᠵᠠᠷ ᠢ ᠪᠦᠷᠬᠦᠬᠦ ᠡᠷᠳᠡᠨᠢ
( ᠨᠢᠳᠦ )
ᠬᠥᠷᠥᠰᠥᠯᠡᠨ ᠠᠮᠢᠳᠤᠷᠠᠭᠰᠠᠨ ᠨᠢᠭᠡ ᠪᠦᠯᠦᠭ ᠤᠨ ᠨᠤᠲᠤᠭ ᠲᠠᠢ
ᠬᠥᠭᠡᠰᠦ ᠮᠡᠲᠦ ᠵᠥᠭᠡᠯᠡᠨ ᠪᠥᠭᠡᠳ ᠣᠣᠠ ᠶ᠋ᠢᠨ ᠥᠩᠭᠡ ᠲᠠᠢ
ᠬᠦᠷᠳᠦ ᠮᠡᠲᠦ ᠲᠥᠭᠥᠷᠢᠭ ᠪᠣᠯᠪᠠᠴᠤ ᠬᠡᠭᠡᠰᠦᠨ ᠤ ᠲᠣᠭ᠎ᠠ ᠣᠯᠠᠨ
ᠬᠦᠢᠲᠡᠨ ᠤ ᠭᠠᠵᠠᠷ ᠲᠥᠷᠥᠭᠡᠳ ᠬᠠᠯᠠᠭᠤᠨ ᠤ ᠭᠠᠵᠠᠷ ᠬᠦᠨᠳᠦᠯᠡᠭᠳᠡᠮᠦᠢ
( ᠮᠥᠭᠥ )
ᠠᠯᠲᠠᠨ ᠯᠤᠤ ᠳᠣᠩᠭᠣᠳᠴᠤ ᠪᠠᠷᠰ ᠤᠨ ᠰᠢᠷᠪᠥᠰᠥ ᠬᠠᠪᠰᠤᠷᠤᠭᠠᠳ
ᠠᠭᠤᠤ ᠬᠦᠴᠦᠨ ᠪᠦᠷᠢᠳᠴᠦ ᠠᠷᠭ᠎ᠠ ᠶ᠋ᠢᠨ ᠡᠭᠦᠳᠡ ᠨᠡᠭᠡᠭᠡᠭᠳᠡᠭᠡᠳ
ᠠᠷᠰᠯᠠᠨ ᠤ ᠳᠠᠭᠤᠨ ᠭᠠᠷᠤᠮᠠᠭᠴᠠ ᠭᠠᠷᠤᠳᠢ ᠶ᠋ᠢᠨ ᠵᠤᠯᠵᠠᠭ᠎ᠠ ᠨᠢᠰᠴᠦ
ᠭ᠌ᠱᠠᠨ ᠵᠠᠭᠤᠷ᠎ᠠ ᠶ᠋ᠢᠨ ᠬᠣᠭᠣᠷᠣᠨᠳᠣ ᠰᠠᠨᠠᠭᠰᠠᠨ ᠭᠠᠵᠠᠷ ᠬᠦᠷᠦᠮᠦᠢ
( ᠨᠤᠮᠤ ᠰᠤᠮᠤ )
ᠭᠡᠭᠡᠨ ᠮᠡᠷᠭᠡᠳ ᠤᠨ ᠣᠶᠤᠨ ᠤ ᠲᠡᠩᠰᠡᠯ
ᠬᠡᠰᠦᠭᠦᠷ ᠬᠥᠮᠦᠨ ᠤ ᠭᠤᠲᠤᠯ ᠤᠨ ᠬᠠᠮᠠᠭᠠᠯᠠᠯ
ᠬᠡᠷᠰᠡᠦ ᠬᠥᠮᠦᠨ ᠦ ᠪᠦᠲᠦᠭᠡᠯ ᠤᠨ ᠣᠨᠢᠰᠣ
ᠭᠡᠮᠲᠡᠢ ᠲᠡᠨᠡᠭ ᠤᠨ ᠣᠷᠣᠯᠳᠣᠬᠤ ᠶ᠋ᠢᠨ ᠵᠣᠭᠣᠰ
( ᠱᠠᠭᠠᠨᠴᠢᠬ )
ᠡᠮᠦᠰᠦᠭᠰᠡᠨ ᠴᠠᠮᠴᠠ ᠨᠢ ᠦᠨᠦᠷᠲᠦ ᠴᠡᠴᠡᠭ ᠤᠨ ᠪᠦᠷᠢᠯᠸ᠋ᠠ
ᠦᠵᠡᠭᠡᠳ ᠳᠤᠷᠠᠯᠠᠬᠤ ᠨᠢ ᠬᠡᠴᠡᠭᠦᠦ ᠦᠢᠯᠡ ᠶ᠋ᠢᠨ ᠦᠷ᠎ᠡ ᠶ᠋ᠢᠨ ᠲᠠᠷᠢᠶ᠎ᠠ
( ᠶᠠᠩᠵᠤᠤᠷ )
ᠭᠡᠨᠡᠳᠲᠡ ᠶ᠋ᠢᠨ ᠬᠡᠳᠦᠨ ᠳᠤᠰᠤᠯ ᠤᠬᠢᠶᠠᠯ ᠢᠶ᠋ᠠᠷ ᠡᠷᠭᠦᠮᠵᠢᠯᠡᠭᠡᠳ
ᠭᠡᠷ ᠲᠤ᠌ ᠵᠠᠯᠠᠵᠤ ᠣᠷᠣᠭᠤᠯᠤᠮᠠᠭᠴᠠ ᠨᠢᠭᠤᠷ ᠬᠤᠪᠢᠷᠠᠵᠤ
ᠭᠡᠳᠡᠷᠭᠦ ᠲᠤᠰᠢᠶᠠᠯ ᠠ᠋ᠴᠠ ᠮᠢᠨᠢ ᠪᠠᠭᠤᠯᠭᠠᠨ ᠦᠯᠳᠡᠭᠰᠡᠨᠠ
ᠭᠡᠮᠰᠢᠬᠦ ᠳ᠋ᠡᠭᠡᠨ ᠬᠠᠭᠠᠯᠭᠠᠨ ᠤ ᠠᠷᠤ ᠳ᠋ᠤ᠌ ᠤᠬᠢᠯᠠᠮᠤᠢ
( ᠪᠣᠷᠣᠭᠠᠨ ᠤ ᠴᠤᠪᠠ )
ᠵᠢᠷᠠᠨ ᠳᠥᠷᠪᠡᠨ ᠬᠤᠪᠢᠶᠠᠷᠢ ᠲᠠᠢ ᠠᠭᠤᠯᠠ ᠲᠠᠯ᠎ᠠ ᠶ᠋ᠢ ᠡᠵᠡᠯᠡᠵᠦ
ᠵᠢᠪᠬᠤᠯᠠᠩᠲᠤ ᠬᠣᠶᠠᠷ ᠪᠠᠷᠰ ᠲᠤᠰ ᠲᠤᠰ ᠲᠠᠭᠠᠨ ᠬᠠᠮᠢᠶᠠᠷᠤᠭᠠᠳ
ᠵᠢᠬᠰᠠᠭᠠᠯ ᠤᠨ ᠳᠣᠯᠣᠭᠠᠨ ᠢᠷᠪᠠᠰ ᠨᠠᠢ᠍ᠮᠠᠨ ᠪᠠᠮᠪᠠᠷ ᠢ ᠬᠥᠭᠵᠢᠭᠦᠯᠵᠦ
ᠵᠢᠷᠭᠠᠨ ᠲᠣᠭᠯᠠᠬᠤ ᠮᠡᠷᠭᠡᠨ ᠪᠥᠵᠢᠭ ᠶᠢᠷᠲᠢᠨᠴᠦ ᠳ᠋ᠦᠷ ᠬᠣᠣᠰ ᠦᠭᠡᠢ
( ᠰᠢᠲᠠᠷ᠎ᠠ ᠨᠠᠭᠠᠳᠬᠤ )
ᠣᠷᠣᠭ᠎ᠠ ᠴᠠᠭᠠᠨ ᠠᠵᠢᠷᠭ᠎ᠠ
ᠣᠩᠭᠣᠨ ᠴᠠᠭᠠᠨ ᠪᠤᠤᠷ᠎ᠠ
ᠲᠠᠷᠭᠠᠢ ᠴᠠᠭᠠᠨ ᠦᠬᠡᠷ
ᠳᠠᠷᠬᠠᠨ ᠴᠠᠭᠠᠨ ᠬᠣᠨᠢ
( ᠱᠠᠭ᠎ᠠ )
ᠳᠦᠷᠢ ᠶᠠᠩᠵᠤ ᠳᠥᠷᠪᠡᠯᠵᠢᠨ ᠪᠥᠭᠡᠳ ᠬᠣᠲᠣᠭᠣᠷ ᠭᠦᠳᠦᠭᠡᠷ ᠲᠠᠢ
ᠲᠥᠪ ᠰᠠᠭᠤᠷᠢᠨ ᠳᠤ ᠰᠠᠭᠤᠪᠠᠰᠤ ᠡᠷᠬᠡ ᠲᠤᠰᠢᠶᠠᠯ ᠶᠡᠬᠡ
ᠲᠥᠷᠥ ᠶᠣᠰᠣ ᠶ᠋ᠢ ᠰᠠᠬᠢᠨ ᠴᠠᠭᠠᠵᠠ ᠶ᠋ᠢ ᠳᠠᠭᠠᠬᠤ ᠶ᠋ᠢᠨ ᠤᠴᠢᠷ
ᠲᠡᠮᠦᠷ ᠤᠨ ᠳᠠᠷᠬᠠᠨ ᠤ ᠵᠠᠷᠯᠢᠬ ᠢ ᠬᠡᠵᠢᠶ᠎ᠡ ᠪᠣᠯᠪᠠᠴᠤ ᠰᠣᠨᠣᠰᠤᠮᠤᠢ
(ᠣᠨᠢᠰᠣ )
① ᠲᠣᠶ᠋ᠢᠩᠺᠠᠷ ᠪᠠᠷᠤᠭ 1850 —1921 ᠣᠨ ᠪ ᠦᠶ᠎ᠡ ᠳ᠋ᠤ᠌ ᠠᠮᠢᠲᠤᠷᠠᠵᠤ ᠪᠠᠶ᠋ᠢᠵᠠᠢ ᠃ ᠪᠠᠷᠠᠭᠤᠨ ᠦᠵᠦᠮᠦᠴᠢᠨ ᠪ ᠠᠷᠪᠠᠨ ᠬᠣᠶᠠᠲᠤᠭᠠᠷ ᠦᠶ᠎ᠡ ᠶ᠋ᠢᠨ ᠸᠠᠩ ᠠᠯᠲᠠᠨᠬᠤᠶᠠᠭᠲᠤ ᠶ᠋ᠢᠨ ᠳᠡᠭᠦᠦ ᠃ 《 ᠰᠠᠢᠨ ᠦᠭᠡᠰ ᠦ᠋ᠨ ᠰᠠᠩ 》 ᠭᠡᠬᠦ ᠮᠡᠲᠦ ᠶ᠋ᠢᠨ ᠵᠣᠬᠢᠶᠠᠯ ᠊ᠢ ᠪᠢᠴᠢᠵᠡᠢ ᠃
ᠦᠰᠦᠭ ᠠᠮᠢᠯᠠᠭᠤᠯᠤᠭᠴᠢ ᠄ ᠣᠶᠤᠨᠲᠤᠨᠠᠯ ᠂ ᠠᠯᠲᠠᠨᠲᠤᠶᠠᠭ᠎ᠠ ᠂ ᠳ᠋ᠦ᠋ᠩ ᠹᠧᠩ ᠂ ᠮᠢᠩᠭᠠᠳ · ᠴᠢᠮᠡᠭ ᠂
ᠬᠠᠷᠠᠨᠤᠳ · ᠲᠤᠶᠠᠭ᠎ᠠ ᠂ ᠬᠠᠳᠠᠴᠢ · ᠤᠷᠠᠨ᠎ᠠ
ᠬᠢᠨᠠᠭᠴᠢ ᠄ ᠬᠠᠷᠠᠨᠤᠳ · ᠲᠤᠶᠠᠭ᠎ᠠ ᠂ ᠮᠢᠩᠭᠠᠳ · ᠴᠢᠮᠡᠭ
