ᠶᠢᠷᠲᠢᠨᠴᠦ ᠶ᠋ᠢᠨ ᠭᠤᠷᠪᠠ- ᠤᠷᠢᠬᠠᠨЕртөнцийн гурав-урьхан
ᠶᠢᠷᠲᠢᠨᠴᠦ ᠶ᠋ᠢᠨ ᠭᠤᠷᠪᠠ
ᠤᠷᠢᠬᠠᠨ
ᠠ ᠦᠰᠦᠭ ᠡᠷᠳᠡᠮ ᠦ᠋ᠨ ᠳᠡᠭᠡᠳᠦ
ᠠᠪᠤ ᠡᠵᠢ ᠬᠥᠮᠦᠨ ᠦ᠌ ᠳᠡᠭᠡᠳᠦ
ᠠᠶᠠᠭ᠎ᠠ ᠴᠠᠢ ᠢᠳᠡᠭᠡᠨ ᠦ᠌ ᠳᠡᠭᠡᠳᠦ
ᠡᠭᠦᠯᠡ ᠪᠡᠨ ᠠᠷᠴᠢᠭᠰᠠᠨ
ᠲᠩᠷᠢ ᠨᠢᠭᠡ ᠴᠡᠮᠴᠡᠭᠡᠷ
ᠦᠰᠦ ᠪᠡᠨ ᠰᠠᠮᠨᠠᠭᠰᠠᠨ
ᠠᠪᠠᠭᠠᠢ ᠨᠢᠭᠡ ᠴᠡᠮᠴᠡᠭᠡᠷ
ᠦᠨᠡᠰᠦ ᠪᠡᠨ ᠠᠪᠤᠭᠰᠠᠨ
ᠲᠤᠯᠭ᠎ᠠ ᠨᠢᠭᠡ ᠴᠡᠮᠴᠡᠭᠡᠷ
ᠠᠷᠪᠠᠨ ᠲᠠᠪᠤᠨ ᠤ᠋ ᠰᠠᠷ᠎ᠠ ᠨᠢᠭᠡ
ᠰᠠᠢᠬᠠᠨ
ᠠᠲᠠᠷ ᠲᠠᠯ᠎ᠠ ᠶ᠋ᠢᠨ ᠴᠡᠴᠡᠭ
ᠨᠢᠭᠡ ᠰᠠᠢᠬᠠᠨ
ᠠᠪᠤ ᠡᠵᠢ ᠶ᠋ᠢᠨ ᠰᠤᠷᠭᠠᠯ
ᠨᠢᠭᠡ ᠰᠠᠢᠬᠠᠨ
ᠠᠳᠤᠭᠤ ᠮᠠᠯ ᠤ᠋ᠨ ᠲᠠᠷᠭᠤᠨ
ᠨᠢ ᠰᠠᠢᠨ
ᠠᠬ᠎ᠠ ᠳᠡᠭᠦᠦ ᠶ᠋ᠢᠨ ᠣᠯᠠᠨ
ᠨᠢ ᠰᠠᠢᠨ
ᠠᠭᠠᠰᠢ ᠵᠠᠩ ᠤ᠋ᠨ ᠡᠶᠡᠯᠳᠡᠭ
ᠨᠢ ᠰᠠᠢᠨ
ᠠᠪᠤ ᠡᠵᠢ ᠦᠷ᠎ᠡ ᠳ᠋ᠦ᠍ ᠪᠡᠨ ᠲᠦᠰᠢᠭ
ᠠᠮᠠᠭᠠᠢ ᠬᠠᠵᠠᠭᠠᠷ
ᠮᠣᠷᠢᠨ ᠳ᠋ᠤ᠌ ᠪᠠᠨ ᠲᠦᠰᠢᠭ
ᠠᠭᠤᠯᠠ ᠬᠠᠳᠠ ᠦᠨᠡᠭᠡᠨ ᠳ᠋ᠦ᠍ ᠪᠡᠨ ᠲᠦᠰᠢᠭ
ᠡᠭᠦᠯᠡ ᠦᠭᠡᠢ ᠡᠳᠦᠷ
ᠨᠢᠭᠡ ᠰᠠᠢᠬᠠᠨ
ᠡᠪᠡᠳᠴᠢᠨ ᠦᠭᠡᠢ ᠪᠡᠶ᠎ᠡ
ᠨᠢᠭᠡ ᠰᠠᠢᠬᠠᠨ
ᠡᠪᠳᠡᠷᠡᠯ ᠦᠭᠡᠢ
ᠠᠮᠢᠳᠤᠷᠠᠯ ᠪᠠᠰᠠ ᠨᠢᠭᠡ ᠰᠠᠢᠬᠠᠨ
ᠡᠨᠡᠷᠢᠯᠲᠦ ᠡᠵᠢ ᠶ᠋ᠢᠨ ᠰᠦ ᠨᠢᠭᠡ
ᠠᠷᠢᠭᠤᠨ
ᠡᠴᠢᠭᠡ ᠬᠥᠮᠦᠨ ᠦ᠌ ᠰᠡᠳᠬᠢᠯ
ᠨᠢᠭᠡ ᠠᠷᠢᠭᠤᠨ
ᠡᠷᠳᠡᠮᠲᠦ ᠪᠠᠭᠰᠢ ᠶ᠋ᠢᠨ ᠰᠤᠷᠭᠠᠯ
ᠨᠢᠭᠡ ᠠᠷᠢᠭᠤᠨ
ᠡᠪᠡᠳᠴᠦ ᠵᠣᠪᠠᠭᠰᠠᠨ ᠢ᠋ ᠡᠨᠡᠷᠢᠪᠡᠯ
ᠨᠢᠭᠡ ᠪᠤᠶᠠᠨ
ᠥᠨᠥᠴᠢᠨ ᠪᠡᠯᠪᠡᠰᠦᠨ ᠢ᠋ ᠲᠡᠳᠬᠦᠪᠡᠯ
ᠨᠢᠭᠡ ᠪᠤᠶᠠᠨ
ᠦᠭᠡᠢᠭᠦᠦ ᠶᠠᠳᠠᠭᠤ ᠶ᠋ᠢ ᠲᠤᠰᠠᠯᠠᠪᠠᠯ
ᠪᠠᠰᠠ ᠨᠢᠭᠡ ᠪᠤᠶᠠᠨ ᠃
ᠨᠣᠮ ᠰᠠᠢᠲᠤ ᠶ᠋ᠢᠨ ᠰᠠᠨᠠᠭ᠎ᠠ
ᠲᠠᠢᠪᠤᠩ
ᠨᠣᠬᠠᠢ ᠰᠠᠢᠲᠤ ᠶ᠋ᠢᠨ ᠬᠣᠲᠠ
ᠲᠠᠢᠪᠤᠩ
ᠨᠣᠶᠠᠨ ᠰᠠᠢᠲᠤ ᠶ᠋ᠢᠨ ᠠᠷᠠᠳ
ᠲᠠᠢᠪᠤᠩ ᠃
ᠦᠰᠦᠭ
ᠠᠮᠢᠯᠠᠭᠤᠯᠤᠭ᠍ᠴᠢ᠄ ᠰᠡᠴᠡᠨᠴᠢᠮᠡᠭ
ᠬᠢᠨᠠᠭ᠍ᠴᠢ᠄
ᠰᠡᠴᠡᠨᠴᠢᠮᠡᠭ
