ᠮᠣᠩᠭᠣᠯ ᠭᠡᠷ ᠦ᠋ᠨ ᠢᠷᠦᠭᠡᠯМонгол гэрийн ерөөл ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠭᠡᠷ ᠦ᠋ᠨ ᠢᠷᠦᠭᠡᠯМонгол гэрийн ерөөл

ᠮᠣᠩᠭᠣᠯ ᠭᠡᠷ ᠦ᠋ᠨ ᠢᠷᠦᠭᠡᠯМонгол гэрийн ерөөл

2024-04-21

575

ᠮᠣᠩᠭᠣᠯ ᠭᠡᠷ ᠦ᠋ᠨ ᠢᠷᠦᠭᠡᠯ

ᠢᠩᠭᠢᠭᠡᠳ ᠪᠢ ᠮᠣᠩᠭᠣᠯ ᠭᠡᠷ ᠤᠨ ᠢᠷᠦᠭᠡᠯ ᠤᠩᠰᠢᠶ᠎ᠠ ᠂

ᠤᠸᠮ ᠰᠠᠢᠨ ᠠᠮᠤᠭᠤᠯᠠᠩ ᠪᠣᠯᠲᠤᠭᠠᠢ ᠂
ᠡᠩᠬᠡ ᠰᠠᠢᠬᠠᠨ ᠵᠢᠷᠭᠠᠯᠠᠩ ᠪᠣᠯᠲᠤᠭᠠᠢ ᠂
ᠵᠢᠪᠬᠤᠯᠠᠩᠲᠤ ᠰᠦᠮᠪᠦᠷ ᠠᠭᠤᠯᠠ ᠶ᠋ᠢᠨ ᠳᠥᠷᠪᠡᠨ ᠲᠢᠪ ᠦ᠋ᠨ ᠳᠡᠭᠡᠷ᠎ᠡ ᠂
ᠵᠠᠶᠠᠭ᠎ᠠ ᠪᠤᠶᠠᠨ ᠪᠦᠷᠢᠳᠦᠭᠰᠡᠨ ᠵᠠᠭᠠᠷ ᠪᠣᠷᠪᠢᠲᠤ ᠬᠠᠭᠠᠨ ᠤ᠋ ᠵᠢᠭᠠᠵᠤ ᠲᠣᠭᠲᠠᠭᠠᠭᠰᠠᠨ ᠵᠠᠩ ᠵᠢᠷᠤᠮ ᠊ᠢ ᠳᠠᠭᠠᠵᠤ ᠂
ᠡᠵᠡᠨ ᠴᠢᠩᠭᠢᠰ ᠬᠠᠭᠠᠨ ᠤ᠋ ᠵᠣᠬᠢᠶᠠᠭᠰᠠᠨ ᠤᠯᠠᠮᠵᠢᠯᠠᠵᠤ ᠢᠷᠡᠭᠰᠡᠨ ᠶᠣᠰᠣ ᠪᠠᠷ ᠂
ᠡᠳᠦᠷ ᠦ᠋ᠨ ᠰᠠᠢᠨ ᠢ᠋ ᠦᠵᠡᠵᠦ ᠂ ᠴᠠᠭ ᠤ᠋ᠨ ᠰᠠᠢᠨ ᠢ᠋ ᠰᠣᠩᠭᠣᠵᠤ ᠂
ᠪᠤᠮᠠᠨ ᠪᠤᠶᠠᠨ ᠬᠤᠷᠢᠶᠠᠭᠴᠢ ᠂ ᠮᠢᠩᠭᠠᠨ ᠪᠤᠶᠠᠨ ᠴᠤᠭᠯᠠᠭᠴᠢ ᠂
ᠲᠦᠮᠡᠨ ᠥᠯᠵᠡᠢ ᠪᠦᠷᠢᠳᠦᠭᠴᠢ ᠂ ᠲᠦᠭᠡᠮᠡᠯ ᠣᠳᠣ ᠭᠠᠷᠠᠭ ᠤᠴᠠᠷᠠᠭᠴᠢ ᠂
ᠡᠶ᠋ᠢᠮᠦ ᠰᠠᠢᠨ ᠡᠳᠦᠷ ᠂ ᠦᠯᠵᠢᠢᠳᠦ ᠰᠠᠢᠬᠠᠨ ᠴᠠᠭ ᠲᠤ᠌ ᠂
ᠬᠥᠬᠡ ᠮᠥᠩᠭᠥᠨ ᠲᠡᠭᠷᠢ ᠶ᠋ᠢᠨ ᠡᠪᠴᠢᠭᠦᠨ (  ᠦ᠌) ᠳᠣᠣᠷ᠎ᠠ ᠂
ᠬᠥᠷᠥᠰᠥᠲᠦ ᠠᠯᠲᠠᠨ ᠳᠡᠯᠡᠬᠡᠢ ᠶ᠋ᠢᠨ ᠥᠷᠥᠴᠡᠨ ᠳᠡᠭᠡᠷ᠎ᠡ ᠂
ᠬᠥᠬᠡᠷᠡᠨ ᠤᠷᠤᠰᠬᠤ ᠮᠥᠷᠡᠨ ᠦ᠌ ᠬᠥᠪᠡᠭᠡᠨ ᠳᠡᠭᠡᠷ᠎ᠡ ᠂
ᠬᠥᠪᠴᠢᠨ ᠨᠣᠭᠣᠭᠠᠨ ᠮᠣᠳᠣᠳ ᠤ᠋ᠨ ᠲᠥᠪ ᠳᠤᠮᠳᠠ ᠂
ᠠᠪᠤ ᠳᠡᠭᠡᠳᠦ ᠶ᠋ᠢᠨ ᠦᠶ᠎ᠡ ᠡᠴᠡ ᠪᠡᠨ ᠨᠤᠲᠤᠭᠯᠠᠭᠰᠠᠭᠠᠷ ᠢᠷᠡᠭᠰᠡᠨ ᠂
ᠠᠮᠤᠷᠯᠢᠩᠭᠤᠢ ᠰᠠᠢᠬᠠᠨ ᠡᠨᠡ ᠨᠤᠲᠤᠭ ᠳᠡᠭᠡᠷ᠎ᠡ ᠂
ᠥᠷᠭᠡᠨ ᠴᠠᠭᠠᠨ ᠪᠠᠭᠤᠴᠠᠨ ᠳᠡᠭᠡᠷ᠎ᠡ ᠂
ᠥᠨᠳᠥᠷ ᠰᠠᠷᠠᠭᠤᠯ ᠭᠡᠷ ᠢ᠋ ᠪᠠᠶ᠋ᠢᠭᠤᠯᠵᠤ᠂
ᠠᠮᠲᠠᠲᠤ ᠰᠠᠷᠬᠤᠳ ᠢ᠋ ᠰᠥᠩᠨᠡᠵᠦ ᠂ ᠠᠯᠠᠭ ᠢᠳᠡᠭᠡᠨ ᠢ᠋ ᠲᠠᠪᠠᠭᠯᠠᠵᠤ ᠂
ᠠᠶᠠᠯᠭᠤ ᠬᠥᠭ ᠢ᠋ ᠨᠡᠶ᠋ᠢᠯᠡᠭᠦᠯᠵᠦ ᠂ ᠠᠷᠢᠭᠤᠨ ᠴᠠᠭᠠᠨ ᠬᠬᠢᠪ ᠢ᠋ ᠂
ᠠᠰᠠᠷᠠᠯ ᠤ᠋ᠨ ᠥᠨᠳᠥᠷ ᠲᠣᠭᠣᠨᠣ ᠳ᠋ᠤ᠌ ᠴᠢᠨᠢ ᠡᠯᠭᠦᠰᠦᠭᠡᠢ !
ᠢᠷᠭᠠᠢ ᠽᠠᠨᠳᠠᠨ ᠴᠠᠭᠠᠷᠢᠭ ᠲᠠᠢ ᠂ ᠶᠠᠰᠢᠯ ᠽᠠᠨᠳᠠᠨ ᠳᠠᠭᠠᠭ ᠲᠠᠢ ᠂
ᠦᠷᠡᠯ ᠽᠠᠨᠳᠠᠨ ᠬᠦᠷᠢᠶ᠎ᠡ ᠲᠡᠢ ᠂ ᠬᠦᠳᠡᠷ ᠽᠠᠨᠳᠠᠨ ᠨᠢᠷᠤᠭᠤ ᠲᠠᠢ ᠂
ᠬᠣᠶᠠᠷ ᠳᠠᠪᠬᠤᠷ ᠴᠠᠭᠠᠷᠢᠭ ᠲᠠᠢ ᠂ ᠬᠣᠲᠠ ᠮᠠᠨᠳᠤᠯ ᠰᠢᠨᠵᠢᠲᠡᠢ ᠂
ᠪᠠᠲᠤ ᠳᠥᠷᠪᠡᠨ ᠳᠠᠭᠠᠭ ᠲᠠᠢ ᠂ ᠪᠠᠳᠮ᠎ᠠ ᠰᠢᠬᠦᠷ ᠰᠢᠨᠵᠢᠲᠡᠢ ᠂
ᠠᠯᠲᠠᠨ ᠬᠣᠷᠯᠣ ᠭᠣᠣᠯ ᠲᠠᠢ ᠂ ᠠᠷᠪᠠᠨ ᠡᠷᠳᠡᠨᠢ ᠶ᠋ᠢᠨ ᠰᠡᠶ᠋ᠢᠯᠪᠦᠷᠢ ᠲᠡᠢ ᠂
ᠵᠠᠨᠳᠠᠨ ( ᠼᠠᠨᠲᠠᠨ ) ᠮᠣᠳᠣ ᠶ᠋ᠢ ᠵᠠᠭᠠᠵᠤ ( ᠵᠠᠯᠭᠠᠵᠤ )᠂ ᠵᠠᠪᠰᠠᠷ ᠦᠭᠡᠢ ᠨᠡᠶ᠋ᠢᠯᠡᠭᠦᠯᠵᠦ ᠂ 
ᠵᠠᠭᠠᠨ ᠤ᠋ ᠵᠣ ᠪᠠᠷ ᠦᠳᠡᠵᠦ ᠬᠢᠭᠰᠡᠨ
ᠰᠡᠩᠳᠡᠩ ᠮᠣᠳᠣ ᠶ᠋ᠢ ᠰᠡᠶ᠋ᠢᠯᠵᠦ᠂ ᠰᠡᠪ ᠦᠭᠡᠢ ᠰᠠᠢᠨ ᠨᠡᠶ᠋ᠢᠯᠡᠭᠦᠯᠵᠦ ᠂
ᠵᠢᠷᠠᠨ ᠳᠥᠷᠪᠡᠨ ᠬᠤᠷᠤᠭᠤ ᠲᠠᠢ ᠂
ᠵᠢᠷᠭᠤᠭᠠᠨ ᠰᠠᠯᠠᠭ᠎ᠠ ᠬᠡᠴᠡ ᠲᠡᠢ᠂
ᠨᠠᠷᠢᠨ ᠮᠢᠨᠳᠠᠰᠤᠨ ᠬᠡᠯᠬᠢᠶ᠎ᠡ ᠲᠡᠢ ᠂
ᠨᠠᠷᠠ ᠰᠠᠷᠠᠨ ᠤ᠋ ᠭᠡᠷᠡᠯ ᠢ᠋ ᠰᠠᠴᠤᠷᠠᠭᠤᠯᠬᠤ ᠪᠠᠷ ᠵᠣᠬᠢᠶᠠᠭᠰᠠᠨ ᠂
ᠡᠷᠬᠢᠮ ᠬᠣᠶᠠᠷ ᠵᠢᠭᠠᠰᠤ ᠡᠯᠢᠭᠡ ᠪᠡᠷ ᠢ᠋ᠶ᠋ᠡᠨ ᠨᠡᠶ᠋ᠢᠯᠡᠭᠰᠡᠨ ᠂
ᠱ᠌ᠢᠷᠦᠨ ᠤᠯᠠᠭᠠᠨ ᠥᠩᠭᠡᠲᠡᠢ ᠂ 
ᠰᠢᠭᠦᠷ ᠡᠷᠳᠡᠨᠢ ᠲᠣᠭᠣᠨᠣ ᠶ᠋ᠢ ᠴᠢᠨᠢ ᠮᠢᠯᠢᠶᠠᠮᠤ ᠃

ᠰᠦᠮᠪᠦᠷ ᠠᠭᠤᠯᠠ ᠶ᠋ᠢᠨ ᠰᠡᠭᠦᠳᠡᠷ ᠰᠢᠬᠦᠷᠯᠡᠩᠬᠡᠨ ᠣᠷᠭᠣᠭᠠᠳ ᠰᠡᠭᠦᠳᠡᠷᠯᠡᠩᠭᠡᠨ ᠭᠠᠩᠬᠤᠭᠰᠠᠨ
ᠨᠠᠪᠴᠢᠲᠤ ᠽᠠᠨᠳᠠᠨ ᠮᠣᠳᠣ ᠶ᠋ᠢ ᠪᠠᠭᠤᠯᠭᠠᠵᠤ ᠂ ᠨᠠᠮ ᠭᠠᠵᠠᠷ ᠠᠪᠴᠢᠷᠠᠵᠤ ᠂
ᠨᠠᠮᠠᠭ᠎ᠠ ᠰᠠᠯᠠᠭ᠎ᠠ ᠶ᠋ᠢ ᠨᠢ ᠠᠷᠢᠯᠭᠠᠵᠤ ᠂ ᠨᠠᠷᠢᠨ ᠪᠦᠳᠦᠭᠦᠨ ᠢ᠋ ᠨᠢ ᠲᠡᠩᠴᠡᠭᠦᠯᠵᠦ ᠂
ᠰᠤᠮᠤ ᠰᠢᠬ ᠱᠤᠯᠤᠵᠤ ᠬᠢᠭᠰᠡᠨ ᠂ ᠰᠡᠪ ᠦᠭᠡᠢ ᠰᠠᠢᠬᠠᠨ ᠵᠦᠯᠭᠦᠵᠦ ᠬᠢᠭᠰᠡᠨ ᠂
ᠨᠠᠢ᠍ᠮᠠᠨ ᠯᠢᠩᠬᠤ᠎ᠠ ᠶ᠋ᠢᠨ ᠰᠢᠨᠵᠢ ᠪᠦᠷᠢᠳᠦᠭᠰᠡᠨ ᠂ ᠨᠠᠷᠢᠨ ᠰᠠᠢᠬᠠᠨ ᠤᠨᠢᠨ ᠳ᠋ᠤ᠌ ᠪᠠᠨ ᠂
ᠤᠷᠤᠰᠤᠮ᠎ᠠ ᠵᠢᠷᠣᠭ᠎ᠠ ᠮᠣᠷᠢᠨ ᠤ᠋ ᠪᠠᠨ ᠳᠡᠯ ᠰᠡᠭᠦᠯ ᠢ᠋ᠶ᠋ᠡᠷ ᠨᠢ ᠂
ᠤᠶᠠᠭ᠎ᠠ ᠰᠦᠢ ᠶ᠋ᠢ ᠨᠢ ᠴᠢᠮᠡᠭ ᠪᠣᠯᠭᠠᠨ ᠵᠣᠬᠢᠶᠠᠭᠰᠠᠨ ᠂
ᠣᠭ᠌ᠶᠤ ᠡᠷᠳᠡᠨᠢ ᠣᠨᠢ ᠶ᠋ᠢ ᠴᠢᠨᠢ ᠮᠢᠯᠢᠶᠠᠮᠤ !
ᠡᠷᠳᠡᠨᠢ ᠶ᠋ᠢᠨ ᠴᠠᠭᠠᠨ ᠬᠦᠯᠦᠭ ᠦ᠋ᠨ ᠳᠡᠯ  ᠢ᠋ᠶ᠋ᠡᠷ ᠲᠠᠮᠤᠵᠤ ᠬᠢᠭᠰᠡᠨ ᠂
ᠡᠭᠡᠴᠢ ᠳᠡᠭᠦᠦ ᠨᠠᠷ ᠤ᠋ᠨ ᠭᠠᠷ ᠤ᠋ᠨ ᠲᠠᠮᠢᠷ  ᠢ᠋ᠶ᠋ᠠᠷ ᠨᠡᠶ᠋ᠢᠤᠠᠬᠡᠵᠦ ᠪᠦᠲᠦᠭᠡᠭᠰᠡᠨ ᠂
ᠠᠯᠲᠠᠨ ᠵᠣᠭᠣᠰ ᠠᠷᠢᠭᠤᠨ ᠬᠬᠢᠪ  ᠦ᠋ᠨ ᠴᠢᠮᠡᠭ ᠲᠡᠢ ᠂
ᠠᠯᠢᠪᠠ ᠬᠡᠰᠢᠭ ᠪᠤᠶᠠᠨ ᠬᠤᠷᠠᠭᠴᠢ ᠴᠢᠭᠲᠠᠭ᠎ᠠ ᠶ᠋ᠢ ᠴᠢᠨᠢ ᠮᠢᠯᠢᠶᠠᠮᠤ !
ᠬᠠᠷᠭᠠᠢ ᠽᠠᠨᠳᠠᠨ ᠢ᠋ ᠬᠠᠭᠠᠯᠤᠨ ᠴᠠᠪᠴᠢᠵᠤ ᠂ ᠬᠠᠨ᠎ᠠ ᠶ᠋ᠢᠨ ᠬᠡᠪ ᠢ᠋ ᠪᠠᠶ᠋ᠢᠭᠤᠯᠵᠤ᠂
ᠡᠷ᠎ᠡ ᠰᠠᠶ᠋ᠢᠲᠠᠢ ᠬᠥᠮᠦᠨ ᠡᠪᠯᠡᠭᠦᠯᠦᠨ ᠵᠠᠰᠠᠵᠤ ᠂
ᠡᠷᠳᠡᠮ ᠰᠠᠶ᠋ᠢᠲᠠᠢ ᠮᠣᠵᠢᠩ (ᠮᠣᠳᠣᠴᠢᠨ ) ᠡᠷᠭᠢᠴᠡᠭᠦᠯᠦᠨ ᠬᠢᠭᠡᠳ ᠂
ᠡᠷ᠎ᠡ ᠳᠤᠮᠳᠠ ᠶ᠋ᠢᠨ ᠪᠤᠤᠷ᠎ᠠ ᠶ᠋ᠢᠨ ᠰᠢᠷᠪᠥᠰᠥ ᠪᠡᠷ ᠰᠢᠭᠦᠰᠦ ᠭᠠᠷᠲᠠᠯ᠎ᠠ ᠲᠠᠲᠠᠵᠤ ᠂
ᠰᠢᠭᠦᠷᠴᠢᠯᠡᠨ ᠡᠷᠭᠢᠭᠦᠯᠵᠦ ᠂ ᠱᠦᠷᠭᠡᠴᠢᠯᠡᠨ ᠦᠳᠡᠵᠦ ᠬᠢᠭᠰᠡᠨ ᠂
ᠥᠨᠳᠥᠷ ᠶᠡᠬᠡ ᠬᠡᠮᠵᠢᠶ᠎ᠡ ᠲᠡᠢ ᠂ ᠥᠯᠵᠡᠢ ᠵᠠᠩᠭᠢᠶ᠎ᠠ ᠬᠡᠯᠪᠡᠷᠢ ᠲᠡᠢ ᠂
ᠠᠷᠪᠠᠨ ᠵᠢᠷᠭᠤᠭᠠᠨ ᠲᠣᠯᠣᠭᠠᠢ ᠲᠠᠢ ᠂ ᠠᠰᠤᠷᠤ ᠰᠠᠢᠬᠠᠨ ᠬᠠᠨ᠎ᠠ ᠶ᠋ᠢ ᠴᠢᠨᠢ ᠮᠢᠯᠢᠶᠠᠮᠤ !
ᠠᠷᠴᠠ ᠽᠠᠨᠳᠠᠨ ᠬᠠᠭᠠᠯᠭ᠎ᠠ ᠲᠠᠢ ᠂ ᠠᠭᠠᠷᠤ ᠽᠠᠨᠳᠠᠨ ᠬᠠᠲᠠᠪᠴᠢ ᠲᠠᠢ ᠂
ᠪᠠᠷᠠᠭᠤᠨ ᠬᠠᠭᠠᠯᠭ᠎ᠠ ᠨᠢ ᠪᠠᠷᠰ ᠤ᠋ᠨ ᠰᠢᠨᠵᠢᠲᠡᠢ ᠂
ᠵᠡᠭᠦᠨ ᠬᠠᠭᠠᠯᠭ᠎ᠠ ᠨᠢ ᠠᠷᠰᠯᠠᠨ ᠤ᠋ ᠰᠢᠨᠵᠢᠲᠡᠢ ᠂
ᠠᠪᠤᠷᠠᠯ ᠤ᠋ᠨ ᠳᠡᠭᠡᠳᠦ ᠯᠠᠮᠠ ᠪᠣᠭᠳᠠ ᠠ᠋ᠴᠠ ᠂
ᠠᠯᠪᠠᠨ ᠲᠥᠷᠥ ᠶ᠋ᠢᠨ ᠠᠮᠪᠠᠰ ᠨᠣᠶᠠᠳ ᠵᠠᠯᠠᠷᠠᠨ ᠰᠠᠭᠠᠲᠠᠳᠠᠭ ᠂
ᠬᠦᠷᠡᠯ ᠪᠣᠯᠣᠳ ᠣᠨᠢᠰᠣ ᠲᠠᠢ ᠂
ᠬᠥᠮᠦᠨ ᠪᠦᠬᠦᠨ ᠦ᠌ ᠣᠷᠣᠵᠤ ᠭᠠᠷᠳᠠᠭ ᠂
ᠬᠠᠭᠠᠯᠭ᠎ᠠ ᠬᠠᠲᠠᠪᠴᠢ ᠶ᠋ᠢ ᠴᠢᠨᠢ ᠮᠢᠯᠢᠶᠠᠮᠤ !
ᠠᠬᠤᠷ ᠤ᠋ᠨ ᠬᠣᠨᠢᠨ ᠨᠣᠣᠰᠣ ᠶ᠋ᠢ ᠠᠯᠠᠭ᠎ᠠ ᠳᠠᠷᠤᠮ᠎ᠠ ᠵᠤᠵᠠᠭᠠᠯᠠᠵᠤ ᠂
ᠡᠩ ᠦᠭᠡᠢ ᠥᠷᠭᠡᠨ ᠬᠥᠰᠢᠭᠡᠨ ᠳᠡᠭᠡᠷ᠎ᠡ ᠂
ᠡᠪ ᠢ᠋ ᠨᠢ ᠮᠡᠳᠡᠵᠦ ᠵᠤᠯᠠᠭᠠᠳ ᠂
ᠪᠦᠯᠢᠶᠡᠨ ᠤᠰᠤ ᠪᠠᠷ ᠪᠦᠷᠢᠯᠳᠦᠭᠦᠯᠵᠦ᠂ 
ᠪᠦᠭᠦᠳᠡ ᠶ᠋ᠢᠨ ᠭᠠᠷ  ᠢ᠋ᠶ᠋ᠠᠷ ᠰᠢᠷᠢᠯᠳᠦᠭᠦᠯᠵᠦ ᠂
ᠬᠤᠷ᠎ᠠ ᠶ᠋ᠢᠨ ᠤᠰᠤ ᠪᠠᠷ ᠤᠰᠤᠯᠠᠵᠤ ᠂ 
ᠬᠤᠷᠳᠤᠨ ᠮᠣᠷᠢ ᠪᠠᠷ ᠲᠠᠲᠠᠭᠤᠯᠵᠤ ᠂
ᠲᠡᠭᠰᠢ ᠭᠠᠵᠠᠷ ᠳᠠᠷᠤᠵᠤ ᠂ ᠳᠡᠨᠵᠢ ᠭᠠᠵᠠᠷ ᠬᠠᠲᠠᠭᠠᠭᠰᠠᠨ ᠂
ᠡᠪᠳᠡᠷᠡᠯ ᠦᠭᠡᠢ ᠪᠠᠲᠤ ᠂ ᠡᠯᠡᠭᠳᠡᠯ ᠦᠭᠡᠢ ᠪᠥᠬᠡ ᠂
ᠡᠷᠳᠡᠨᠢ ᠶ᠋ᠢᠨ ᠴᠠᠭᠠᠨ ᠢᠰᠡᠭᠡᠢ ᠶ᠋ᠢ ᠴᠢᠨᠢ
ᠬᠤᠷᠠᠭᠰᠠᠨ ᠣᠯᠠᠨ ᠠᠪᠠᠭᠠᠢ ᠪᠡᠷᠭᠡᠳ ᠬᠤᠷᠤᠭᠤᠨ ᠤ᠋ ᠤᠷᠠᠨ ᠢ᠋ ᠭᠠᠷᠭᠠᠨ ᠬᠠᠶ᠋ᠢᠴᠢᠯᠠᠵᠤ ᠂
ᠤᠬᠠᠭᠠᠨᠲᠠᠢ ᠬᠥᠮᠦᠨ ᠡᠰᠬᠡᠵᠦ᠂ ᠤᠷᠠᠨ ᠪᠡᠷᠭᠡᠳ ᠤᠷᠠᠯᠠᠨ ᠣᠶᠣᠭᠰᠠᠨ ᠂
ᠳᠡᠯᠭᠡᠬᠦ ᠳᠥᠷᠪᠡᠨ ᠳᠡᠭᠡᠪᠦᠷ ᠂ ᠪᠠᠷᠢᠬᠤ ᠨᠠᠢ᠍ᠮᠠᠨ ᠲᠤᠭᠤᠷᠭ᠎ᠠ ᠶ᠋ᠢ ᠂
ᠶᠠᠪ ᠭᠡᠲᠡᠯ᠎ᠡ ᠰᠠᠢᠬᠠᠨ ᠣᠶᠣᠭᠠᠳ ᠂ ᠶᠠᠭᠰᠢᠷᠠᠲᠠᠯ᠎ᠠ ᠰᠠᠢᠬᠠᠨ ᠵᠣᠬᠢᠷᠠᠭᠰᠠᠨ
ᠬᠤᠨ ᠴᠠᠭᠠᠨ ᠪᠦᠷᠢᠶᠡᠰᠦ ᠶ᠋ᠢ ᠴᠢᠨᠢ ᠮᠢᠯᠢᠶᠠᠮᠤ !
ᠬᠠᠷ᠎ᠠ ᠮᠣᠷᠢᠨ  ᠤ᠋ ᠳᠡᠯ ᠰᠡᠭᠦᠯ ᠊ᠢ ᠬᠠᠮᠤᠭ ᠣᠯᠠᠨ ᠡᠭᠡᠴᠢ ᠳᠡᠭᠦᠦ ᠨᠠᠷ ᠤᠷᠠᠨ ᠰᠡᠮᠡᠴᠡᠵᠦ ᠂
ᠴᠢᠳᠠᠯ ᠶᠡᠬᠡᠲᠡᠢ ᠵᠠᠯᠠᠭᠤ ᠴᠢᠩᠭ᠎ᠠ ᠡᠷᠴᠢᠮ ᠲᠡᠢ ᠲᠠᠮᠤᠵᠤ ᠂
ᠴᠢᠭᠢᠷᠠᠭ ᠪᠡᠶ᠎ᠡ ᠲᠡᠢ ᠡᠪᠦᠭᠡᠨ ᠲᠠᠲᠠᠵᠤ ᠡᠭᠰᠢᠷᠡᠭᠦᠯᠦᠭᠰᠡᠨ ᠂
ᠲᠠᠰᠤᠷᠠᠬᠤ ᠶ᠋ᠢ ᠮᠡᠳᠡᠬᠦ ᠦᠭᠡᠢ ᠪᠥᠬᠡ ᠂ ᠰᠤᠯᠠᠷᠠᠬᠤ ᠶ᠋ᠢ ᠮᠡᠳᠡᠬᠦ ᠦᠭᠡᠢ ᠴᠢᠩᠭ᠎ᠠ ᠂
ᠪᠠᠲᠤ ᠰᠠᠢᠬᠠᠨ ᠣᠭᠣᠰᠣᠷ ᠪᠦᠰᠡᠯᠡᠭᠦᠷ ᠂ ᠪᠠᠳᠮ᠎ᠠ ᠰᠠᠢᠬᠠᠨ ᠬᠥᠯᠲᠥᠷᠭᠡ ᠂
ᠲᠠᠩᠨᠠᠶ᠋ᠢᠯᠠᠵᠤ ᠲᠠᠯᠪᠢᠬᠤ ᠡᠷᠦᠬᠡ ᠂ ᠲᠠᠲᠠᠬᠤ ᠲᠠᠪᠤᠨ ᠪᠦᠰᠡᠯᠡᠭᠦᠷ ᠂ ᠳᠠᠷᠤᠬᠤ ᠳᠠᠯᠠᠨ ᠣᠭᠣᠰᠣᠷ ᠂
ᠬᠠᠶᠠᠭᠠᠨ ᠠ᠋ᠴᠠ ᠪᠠᠨ ᠬᠠᠨᠲᠠᠷᠭᠠᠭᠰᠠᠨ ᠬᠠᠨ᠎ᠠ ᠶ᠋ᠢᠨ ᠰᠢᠭᠰᠢᠷᠭᠡ ᠬᠦᠷᠲᠡᠯ᠎ᠡ ᠂
ᠬᠠᠮᠲᠤ ᠪᠦᠬᠦᠨ ᠢ᠋ᠶ᠋ᠡᠷ ᠨᠢ ᠮᠢᠯᠢᠶᠠᠮᠤ !
ᠳ᠋ᠢᠰᠢᠨ ᠰᠠᠢᠬᠠᠨ ᠬᠥᠪᠡᠭᠡ ᠲᠡᠢ ᠂ ᠳᠥᠴᠢ ᠶᠢᠰᠦᠨ ᠤᠭᠠᠯᠵᠠ ᠲᠠᠢ ᠂
ᠳᠥᠷᠪᠡᠨ ᠬᠣᠰᠢᠭᠤ ᠲᠣᠲᠣᠭᠣ ᠲᠠᠢ ᠂ ᠲᠦᠮᠡᠨ ᠭᠤᠸ᠎ᠠ ᠬᠤᠸᠠᠷ ᠲᠠᠢ ᠂ ᠲᠦᠮᠡᠨ ᠥᠯᠵᠡᠢ ᠬᠥᠪᠡᠭᠡ ᠲᠡᠢ ᠂
ᠲᠦᠮᠡᠨ ᠬᠥᠮᠦᠨ ᠦ᠌ ᠡᠷᠭᠦᠵᠦ ᠣᠷᠣᠵᠤ ᠭᠠᠷᠳᠠᠭ ᠲᠥᠷᠥ ᠶᠡᠬᠡᠲᠦ ᠡᠭᠦᠳᠡ ᠶ᠋ᠢ ᠴᠢᠨᠢ ᠮᠢᠯᠢᠶᠠᠮᠤ !
ᠬᠠᠨ᠎ᠠ ᠠ᠋ᠴᠠ ᠪᠠᠨ ᠠᠪᠤᠭᠠᠳ ᠬᠠᠯᠢᠭᠤ ᠪᠤᠯᠠᠭ᠎ᠠ ᠶ᠋ᠢᠨ ᠳᠡᠪᠢᠰᠬᠡᠷ ᠲᠡᠢ ᠂
ᠬᠠᠲᠠᠪᠴᠢ ᠠ᠋ᠴᠠ ᠪᠠᠨ ᠠᠪᠤᠭᠠᠳ ᠬᠠᠩᠪᠤ ᠲᠣᠷᠭᠠᠨ ᠬᠥᠰᠢᠭᠡ ᠲᠡᠢ ᠂
ᠡᠨᠡ ᠰᠠᠢᠬᠠᠨ ᠭᠡᠷ ᠦ᠋ᠨ ᠲᠥᠪ ᠳᠤᠮᠳᠠ ᠂
ᠪᠠᠯᠪᠠ ᠶ᠋ᠢᠨ ᠳᠠᠷᠬᠠᠨ ᠪᠠᠯᠪᠠᠵᠤ ᠬᠢᠭᠰᠡᠨ ᠂ ᠪᠠᠰᠠ ᠨᠢᠭᠡ ᠳᠠᠷᠬᠠᠨ ᠵᠠᠰᠠᠵᠤ ᠬᠢᠭᠰᠡᠨ ᠂
ᠤᠷᠠᠨ ᠳᠠᠷᠬᠠᠨ ᠤᠭᠠᠯᠵᠠᠯᠠᠵᠤ ᠬᠢᠭᠰᠡᠨ ᠂ ᠤᠬᠠᠭᠠᠨᠲᠠᠢ ᠳᠠᠷᠬᠠᠨ ᠰᠡᠢᠯᠵᠦ ᠬᠢᠭᠰᠡᠨ ᠂
ᠢᠨᠵᠢ ᠮᠠᠩᠬᠠᠨ ᠰᠢᠷᠭᠤᠭᠤᠯ ᠲᠠᠢ ᠂ ᠠᠷᠪᠠᠨ ᠵᠢᠷᠭᠤᠭᠠᠨ ᠬᠠᠳᠠᠭᠠᠷᠢ ᠲᠠᠢ ᠂
ᠲᠣᠭᠣᠷᠢᠭ ᠲᠠᠪᠤᠨ ᠪᠦᠰᠡᠯᠡᠭᠦᠷ ᠲᠡᠢ ᠂ ᠲᠤᠯᠬᠤ ᠳᠥᠷᠪᠡᠨ ᠪᠣᠱᠣᠭ ᠲᠠᠢ ᠂
ᠵᠤᠯᠠ ᠮᠡᠲᠦ ᠮᠠᠨᠳᠤᠳᠠᠭ ᠂
ᠰᠦᠩᠻᠠᠤ᠎ᠠ ᠪᠤᠷᠬᠠᠨ ᠵᠣᠬᠢᠶᠠᠭᠰᠠᠨ ᠂
ᠲᠥᠷᠥ ᠶ᠋ᠢᠨ ᠴᠢᠨᠢ ᠭᠠᠯ ᠭᠣᠯᠣᠮᠲᠠ ᠶ᠋ᠢ ᠮᠢᠯᠢᠶᠠᠮᠤ !
ᠭᠠᠩ ᠰᠢᠷᠡᠮᠦ ᠶ᠋ᠢ ᠬᠠᠶ᠋ᠢᠯᠤᠭᠤᠯᠵᠤ ᠬᠢᠭᠰᠡᠨ ᠂ ᠭᠠᠩ ᠪᠣᠯᠣᠳ ᠨᠡᠷ᠎ᠡ ᠲᠡᠢ ᠂
ᠬᠦᠷᠡᠯ ᠲᠡᠮᠦᠷ ᠢ᠋ ᠬᠠᠶ᠋ᠢᠯᠤᠭᠤᠯᠵᠤ ᠬᠢᠭᠰᠡᠨ ᠂ ᠬᠦᠷᠢᠶ᠎ᠡ ᠭᠠᠵᠠᠷ ᠴᠢᠳᠬᠤᠵᠤ ᠬᠢᠭᠰᠡᠨ ᠂
ᠬᠥᠮᠦᠨ ᠪᠦᠬᠦᠨ ᠦ᠌ ᠤᠮᠳᠠ ᠬᠣᠭᠣᠯᠠ ᠶ᠋ᠢ ᠲᠥᠬᠥᠭᠡᠷᠦᠩᠭᠡᠨ ᠪᠠᠵᠠᠭᠠᠬᠴᠢ ᠂
ᠬᠦᠷᠡᠯ ᠡᠷᠳᠡᠨᠢ ᠲᠣᠭᠣᠭ᠎ᠠ ᠶ᠋ᠢ ᠴᠢᠨᠢ ᠮᠢᠯᠢᠶᠠᠮᠤ !
ᠰᠢᠷᠡᠮᠦ ᠭᠠᠤᠯᠢ ᠶ᠋ᠢ ᠬᠠᠶ᠋ᠢᠯᠤᠭᠤᠯᠵᠤ ᠬᠢᠭᠰᠡᠨ ᠂ ᠰᠢᠷ᠎ᠠ ᠭᠠᠤᠯᠢᠨ ᠰᠢᠨᠠᠭ᠎ᠠ ᠶ᠋ᠢ ᠴᠢᠨᠢ ᠮᠢᠯᠢᠶᠠᠮᠤ !
ᠠᠪᠤ ᠶ᠋ᠢᠨ ᠦᠶ᠎ᠡ ᠡᠴᠡ ᠪᠡᠨ ᠪᠠᠵᠠᠭᠠᠬᠰᠠᠨ ᠂ ᠠᠷᠢᠭᠤᠨ ᠴᠠᠭᠠᠨ ᠢᠰᠡᠭᠡᠢ ᠂
ᠡᠶᠢ ( ᠡᠵᠢ )  ᠶ᠋ᠢᠨ ᠦᠶ᠎ᠡ ᠡᠴᠡ ᠪᠡᠨ ᠪᠠᠵᠠᠭᠠᠬᠰᠠᠨ ᠡᠷᠢᠶᠡᠨ ᠨᠠᠪᠴᠢᠨ ᠬᠤᠸᠠᠷ ᠲᠠᠢ
ᠳᠡᠪᠢᠰᠬᠡᠷ ᠲᠣᠭᠣᠷᠢᠭᠤᠯ ᠢ᠋ ᠴᠢᠨᠢ ᠮᠢᠯᠢᠶᠠᠮᠤ !
ᠵᠠ ᠂ ᠡᠨᠡ ᠭᠡᠷ ᠦ᠋ᠨ ᠪᠠᠷᠠᠭᠤᠨ ᠬᠣᠶ᠋ᠢᠨ᠎ᠠ ᠠ᠋ᠴᠠ ᠨᠢ ᠡᠬᠢᠯᠡᠨ ᠂
ᠵᠣᠣ  ᠠ᠋ᠴᠠ ᠵᠠᠯᠠᠭᠰᠠᠨ ᠰᠦᠩᠺᠠᠸ᠋᠎ᠠ ᠂ ᠵᠢᠷᠤᠮᠠᠯ ᠰᠠᠢᠬᠠᠨ ᠭᠦᠩᠭᠠᠷᠠᠪᠠ ᠂
ᠪᠠᠳᠮ᠎ᠠ ᠰᠢᠭᠦᠷ ᠪᠠᠨᠳᠠᠨ ᠵᠠᠮᠰᠤ ᠂ ᠬᠣᠷᠯᠣ ᠯᠣᠮᠪᠣ ᠬᠤᠩᠬ᠎ᠠ ᠳᠠᠮᠠᠷᠤ ᠂
ᠪᠣᠮᠪᠣ ᠪᠣᠯᠣᠰᠢ ᠂ ᠲᠣᠯᠢ ᠲᠣᠳᠣ ᠂ ᠬᠡᠩᠭᠡᠷᠭᠡ ᠴᠠᠩ ᠬᠬᠢᠪ ᠨᠢᠨᠳᠠᠷ᠂
ᠳᠣᠯᠣᠭᠠᠨ ᠡᠷᠳᠡᠨᠢ ᠂ ᠨᠠᠢ᠍ᠮᠠᠨ ᠲᠠᠬᠢᠯ ᠂ ᠬᠦᠷᠡᠯ ᠤᠯᠠᠭᠠᠨ ᠬᠦᠵᠢ ᠲᠡᠷᠢᠭᠦᠲᠡᠨ ᠂
ᠵᠢᠳᠠ ᠪᠣᠶ᠋ᠢᠪᠣᠷ ᠂ ᠵᠠᠪᠠᠢ ᠬᠥᠬᠥᠯ ᠂ ᠠᠷᠴᠠ ᠰᠠᠩ ᠢ᠋ᠶ᠋ᠠᠷ ᠢ᠋ᠶ᠋ᠠᠨ
ᠠᠭᠠᠷᠤ ᠽᠠᠨᠳᠠᠨ ᠤ᠋ ᠦᠨᠦᠷ ᠠᠩᠬᠢᠯᠤᠭᠤᠯᠤᠭᠠᠳ
ᠲᠠᠪᠤᠨ ᡂᠢ ᠳᠡᠪᠰᠡᠭ ᠲᠡᠢ ᠂ ᠲᠠᠪᠢᠨ ᠦᠶ᠎ᠡ ᠲᠠᠬᠢᠯ ᠲᠠᠢ ᠂
ᠰᠡᠩᠳᠡᠩ ᠳᠥᠷᠪᠡᠨ ᠲᠤᠯᠭᠠᠭᠤᠷᠢ ᠲᠠᠢ ᠂ ᠰᠡᠶ᠋ᠢᠯᠪᠦᠷᠢ ᠡᠷᠳᠡᠨᠢ ᠶ᠋ᠢᠨ ᠲᠠᠯᠪᠢᠭᠤᠷ ᠲᠠᠢ ᠂
ᠠᠷᠪᠠᠨ ᠬᠣᠶᠠᠷ ᠯᠤᠤ ᠲᠠᠢ ᠂
ᠠᠯᠲᠠ ᠮᠥᠩᠭᠥᠨ ᠬᠤᠸᠠᠷ ᠲᠠᠢ ᠂ ᠠᠷᠴᠠ ᠭᠦᠷᠭᠦᠮ ᠦ᠋ᠨ ᠦᠨᠦᠷ ᠲᠡᠢ ᠂
ᠠᠷᠢᠶᠠᠪᠠᠯᠤ ᠶ᠋ᠢᠨ ᠴᠢᠨᠢ ᠭᠦᠩᠭᠠᠷᠠᠪᠠ ᠶ᠋ᠢ ᠠᠷᠴᠠ ᠰᠠᠩ  ᠢ᠋ᠶ᠋ᠠᠷ ᠮᠢᠯᠢᠶᠠᠮᠤ !
ᠠᠪᠳᠠᠷ᠎ᠠ ᠶ᠋ᠢᠨ ᠳᠣᠲᠣᠷ᠎ᠠ ᠨᠢ ᠠᠷᠢᠭᠤᠨ ᠳᠠᠯᠠᠯᠭ᠎ᠠ ᠂ ᠠᠯᠲᠠᠨ ᠠᠶᠠᠭ᠎ᠠ ᠂ ᠰᠤᠳᠤᠷ ᠨᠣᠮ ᠂ ᠰᠤᠷᠭᠠᠯ ᠤ᠋ᠨ ᠪᠢᠴᠢᠭ ᠂ ᠱᠤᠩᠬᠤ ᠶᠤᠸᠠᠮᠪᠤᠤ ᠳᠣᠢᠭ ᠬᠡᠰᠡᠭ᠂
ᠴᠥᠮ ᠪᠦᠬᠦᠨ ᠢ᠋ᠶ᠋ᠡᠷ ᠨᠢ ᠮᠢᠯᠢᠶᠠᠮᠤ !
ᠪᠠᠷᠠᠭᠤᠨ ᠲᠠᠯ᠎ᠠ ᠳ᠋ᠤ᠌ ᠨᠢ ᠬᠤᠷᠢᠶᠠᠭᠰᠠᠨ ᠂ ᠪᠠᠷᠰ ᠡᠷᠢᠶᠡᠨ ᠬᠡ ᠲᠡᠢ ᠂
ᠪᠠᠳᠮ᠎ᠠ ᠲᠡᠭᠷᠢ ᠶ᠋ᠢᠨ ᠰᠢᠨᠵᠢᠲᠡᠢ ᠂ ᠳᠠᠯᠠᠨ ᠶᠠᠩᠵᠤ ᠶ᠋ᠢᠨ ᠲᠦᠯᠬᠢᠭᠦᠷ ᠲᠡᠢ ᠂ ᠠᠪᠲᠠᠷᠲᠠᠨ ( ᠠᠪᠳᠠᠷ᠎ᠠ ᠲᠠᠨ ) ᠤ᠋ ᠳᠣᠲᠣᠷ᠎ᠠ ᠂
ᠬᠠᠩᠪᠤ ᠲᠣᠷᠭ᠎ᠠ ᠬᠠᠯᠢᠭᠤᠨ ᠲᠣᠷᠭ᠎ᠠ ᠂ ᠬᠤᠢ ᠲᠠᠢ ᠲᠣᠷᠭ᠎ᠠ ᠂ ᠬᠤᠢ ᠦᠭᠡᠢ ᠲᠣᠷᠭ᠎ᠠ ᠂
ᠬᠠᠷ᠎ᠠ ᠬᠦᠷᠮ᠎ᠡ ᠂ ᠬᠠᠯᠢᠭᠤᠨ ᠬᠦᠷᠮ᠎ᠡ ᠂ ᠥᠩᠭᠡ ᠦᠭᠡᠢ ᠬᠦᠷᠮ᠎ᠡ ᠂ ᠦᠰᠦ ᠦᠭᠡᠢ ᠬᠦᠷᠮ᠎ᠡ ᠂
ᠰᠠᠭᠠᠷᠢᠨ ᠭᠤᠲᠤᠯ ᠰᠡᠪᠬᠢᠨ ᠭᠤᠲᠤᠯ ᠂ ᠪᠤᠯᠢᠭᠠᠷᠢ ᠭᠤᠲᠤᠯ ᠂ ᠥᠭᠡᠳᠡᠩ ᠭᠤᠲᠤᠯ ᠂
ᠪᠤᠶ᠋ᠢᠲᠠᠭ ᠪᠣᠢᠭ ᠦ᠋ᠳ ᠬᠦᠷᠲᠡᠯ᠎ᠡ ᠴᠥᠮ ᠪᠦᠷᠢᠨ ᠊ᠢ ᠨᠢ ᠮᠢᠯᠢᠶᠠᠮᠤ !
ᠬᠣᠶ᠋ᠢᠲᠤ ᠲᠠᠯ᠎ᠠ  ᠳ᠋ᠤ᠌ ᠨᠢ ᠪᠠᠶ᠋ᠢᠷᠢᠯᠠᠭᠤᠯᠤᠭᠰᠠᠨ ᠪᠠᠷᠠᠭ᠎ᠠ ᠶᠠᠭᠤ ᠶ᠋ᠢ ᠨᠢ ᠰᠢᠨᠵᠢᠪᠡᠯ
ᠲᠣᠳᠣ ᠲᠣᠷᠭᠠᠨ ᠨᠢᠭᠤᠷ ᠲᠠᠢ ᠂ ᠲᠠᠪᠤᠨ ᠮᠥᠩᠭᠥᠨ ᠳᠠᠷᠤᠭᠤᠯᠭ᠎ᠠ ᠲᠠᠢ ᠂
ᠲᠠᠩᠰᠤᠭ ᠰᠠᠢᠬᠠᠨ ᠳᠡᠷ᠎ᠡ ᠶ᠋ᠢ ᠴᠢᠨᠢ ᠮᠢᠯᠢᠶᠠᠮᠤ !
ᠨᠠᠪᠴᠢ ᠲᠠᠢ ᠰᠠᠢᠬᠠᠨ ᠠᠭᠤᠯᠠ ᠶ᠋ᠢᠨ ᠨᠠᠷᠠᠨ ᠲᠠᠯ᠎ᠠ ᠳ᠋ᠤ᠌ ᠨᠢ ᠂
ᠨᠠᠪᠴᠢᠯᠠᠵᠤ ᠴᠡᠴᠡᠭᠯᠡᠵᠦ ᠤᠷᠭᠤᠭᠰᠠᠨ ᠂ ᠨᠠᠷᠠᠰᠤᠨ ᠽᠠᠨᠳᠠᠨ ᠢ᠋ᠶ᠋ᠠᠷ ᠬᠢᠭᠰᠡᠨ ᠂
ᠨᠠᠷᠠᠰᠤᠨ ᠨᠠᠢ᠍ᠮᠠᠨ ᠬᠥᠯ ᠲᠡᠢ ᠂ ᠣᠷᠣ ᠶ᠋ᠢᠨ ᠰᠢᠷᠡᠭᠡ ᠲᠡᠭᠦᠨ ᠦ᠌ ᠳᠡᠭᠡᠷ᠎ᠡ ᠂
ᠠᠷᠤ ᠥᠪᠥᠷ ᠤᠷᠤᠭᠤ ᠨᠢ ᠤᠨᠵᠢᠢᠭᠰᠠᠨ ᠠᠯᠲᠠ ᠮᠥᠩᠭᠥᠨ ᠣᠷᠬᠢᠭᠤᠯ ᠲᠠᠢ ᠂
ᠲᠠᠩᠭᠤᠳ ᠴᠡᠮᠪᠡ ᠶ᠋ᠢᠨ ᠬᠤᠩᠬ᠎ᠠ ᠲᠠᠢ ᠂ ᠲᠠᠵᠢ ᠮᠠᠩᠨᠤᠭ ᠤ᠋ᠨ ᠪᠦᠷᠬᠦᠭᠦᠯ ᠲᠡᠢ ᠂
ᠬᠠᠩᠪᠤ ᠲᠣᠷᠭ᠎ᠠ ᠬᠠᠯᠢᠭᠤ ᠪᠤᠯᠠᠭᠠᠨ ᠬᠤᠪᠴᠠᠰᠤ ᠲᠠᠢ ᠬᠠᠮᠲᠤᠷᠠᠭᠤᠯᠤᠨ ᠬᠤᠷᠢᠶᠠᠭᠰᠠᠨ ᠂ ᠵᠢᠨᠴᠦ ᠮᠢᠨᠴᠦ ᠳᠠᠪᠤᠤ ᠲᠡᠷᠯᠢᠭ
ᠳᠠᠯᠠᠨ ᠳᠠᠪᠬᠤᠷ ᠬᠤᠪᠴᠠᠰᠤ ᠶ᠋ᠢ ᠴᠢᠨᠢ ᠳᠠᠪᠬᠤᠷᠯᠠᠭᠤᠯᠤᠨ ᠬᠤᠷᠢᠶᠠᠭᠠᠳ ᠂
ᠳᠠᠶᠠᠩ ᠬᠠᠮᠲᠤ ᠪᠠᠷ ᠨᠢ ᠮᠢᠯᠢᠶᠠᠮᠤ
ᠵᠡᠭᠦᠨ ᠬᠣᠢᠨ᠎ᠠ ᠬᠤᠷᠢᠶᠠᠭᠰᠠᠨ ᠵᠦᠢᠯ ( ᠲᠠᠨ ) ᠢ᠋ ᠰᠢᠨᠵᠢᠪᠡᠯ ᠂
ᠰᠢᠨ᠎ᠡ ᠪᠠᠨᠵᠠ ᠶ᠋ᠢ ᠵᠦᠰᠦᠵᠦ ᠂ ᠰᠢᠷ ᠪᠣᠳᠣᠭ ᠢ᠋ᠶ᠋ᠠᠷ ᠰᠢᠷᠲᠡᠵᠦ
ᠰᠢᠯ ᠡᠷᠳᠡᠨᠢ ᠶ᠋ᠢᠨ ᠬᠡ ᠲᠡᠢ ᠂ᠰᠢᠪᠰᠢᠭ ᠰᠠᠢᠨ ᠤ᠋ ᠰᠢᠨᠵᠢ ᠲᠡᠢ ᠥᠨᠳᠥᠷ ᠱᠦᠭᠦᠢ ᠶ᠋ᠢᠨ ᠳᠡᠭᠡᠷ᠎ᠡ ᠂
ᠵᠢᠰᠦ ᠦᠵᠡᠬᠦ ᠲᠣᠯᠢ ᠂ ᠵᠡᠭᠦᠪᠴᠢ ᠶ᠋ᠢᠨ ᠬᠠᠪᠲᠠᠭ᠎ᠠ ᠂ ᠵᠦᠯᠭᠦᠭᠦᠷ ᠠᠯᠴᠢᠭᠤᠷ ᠂
ᠰᠢᠯ ᠰᠢᠵᠢᠷ ᠪᠠᠭᠤᠤ ᠪᠦᠯᠡᠵᠡᠭ᠂
ᠤᠷᠤᠭᠤᠯ ᠳ᠋ᠤ᠌ ᠲᠦᠷᠬᠢᠬᠦ ᠤᠯᠠᠭᠠᠨ ᠡᠩᠭᠡᠰᠬᠡ ᠂ ᠬᠥᠮᠦᠰᠬᠡᠨ ᠳ᠋ᠦ᠍ ᠲᠦᠷᠬᠢᠬᠦ ᠬᠥᠬᠡ ᠡᠩᠭᠡᠰᠬᠡ᠂
ᠴᠢᠷᠠᠢ ᠳ᠋ᠤ᠌ ᠲᠦᠷᠬᠢᠬᠦ ᠴᠠᠭᠠᠨ ᠣ ᠴᠥᠮ ᠪᠦᠬᠦᠨ ᠢ᠋ᠶ᠋ᠡᠷ ᠨᠢ ᠮᠢᠯᠢᠶᠠᠮᠤ !
ᠱᠦᠭᠦᠢ ᠶ᠋ᠢᠨ ᠳᠣᠲᠣᠷ᠎ᠠ ᠨᠢ ᠲᠣᠷᠭ᠎ᠠ ᠴᠢᠰᠴᠡᠦ ᠂ ᠲᠣᠭᠣᠳᠣᠩ ᠬᠢᠯᠢᠩ ᠂ ᠰᠢᠪᠦᠭᠡ ᠰᠢᠪᠡᠭᠦᠷ ᠂ ᠰᠢᠪᠦᠭᠡ ᠵᠡᠭᠦᠦ ᠂ ᠱᠦᠭᠦᠷ ᠰᠠᠮ ᠴᠥᠮ ᠪᠦᠬᠦᠨ ᠊ᠢ ᠮᠢᠯᠢᠶᠠᠮᠤ !
ᠤᠷᠲᠤ ᠪᠠᠨᠵᠠ ᠶ᠋ᠢ ᠵᠦᠰᠦᠵᠦ ᠂ ᠤᠷᠠᠨ ᠮᠤᠵᠢᠩ ᠳᠠᠷᠬᠠᠯᠠᠵᠤ ᠂
ᠤᠭᠠᠯᠵᠠ ᠬᠤᠸᠠᠷ ᠰᠡᠢᠯᠦᠭᠰᠡᠨ ᠂ ᠸᠠᠨ ᠵᠢᠶᠠᠰᠠ ᠲᠠᠯᠪᠢᠭᠤᠷ ᠢ᠋ ᠴᠢᠨᠢ ᠮᠢᠯᠢᠶᠠᠮᠤ !
ᠥᠩᠭᠡᠲᠦ ᠮᠣᠳᠣ ᠶ᠋ᠢ ᠦᠭᠡᠯᠡᠵᠦ ᠬᠢᠭᠰᠡᠨ ᠂ ᠥᠨᠳᠥᠷ ᠮᠣᠳᠣ ᠶ᠋ᠢ ᠳᠠᠭᠠᠷᠢᠵᠤ ᠬᠢᠭᠰᠡᠨ ᠂
ᠥᠷᠥᠮ᠎ᠡ ᠵᠥᠭᠡᠬᠡᠢ ᠪᠡᠨ ᠲᠠᠯᠪᠢᠨ᠎ᠠ ᠭᠡᠰᠡᠨ ᠂ ᠥᠨᠳᠥᠷ ᠰᠠᠢᠬᠠᠨ ᠡᠷᠭᠢᠭᠦᠯ ᠢ᠋ ᠴᠢᠨᠢ
ᠥᠭᠡᠬᠦ ᠲᠣᠰᠣ ᠪᠠᠷ ᠮᠢᠯᠢᠶᠠᠮᠤ !
ᠠᠯᠲᠠᠨ ᠮᠥᠩᠭᠥᠨ ᠠᠶᠠᠭ᠎ᠠ ᠂ ᠠᠢᠷᠠᠭ ᠤ᠋ᠨ ᠪᠦᠳᠦᠭᠦᠨ ᠲᠦᠩᠰᠡ ᠂
ᠵᠠᠪᠢᠶ᠎ᠠ ᠽᠠᠨᠳᠠᠨ ᠬᠤᠨᠳᠠᠭ᠎ᠠ ᠂ ᠵᠠᠩᠴᠢ ᠶ᠋ᠢᠨ ᠨᠠᠷᠢᠨ ᠱᠠᠭᠠᠵᠠᠩ ᠂
ᠰᠢᠯ ᠪᠣᠯᠣᠷ ᠱᠠᠬᠤ ᠂ ᠰᠢᠶᠠᠩ ᠶᠠ ( ᠵᠠᠭᠠᠨ ᠤ᠋ ᠰᠣᠶᠣᠭ᠎ᠠ )ᠶᠠᠰᠤᠨ ᠰᠠᠪᠬ᠎ᠠ ᠂
ᠢᠦᠢ ᠱᠢ ᠬᠠᠰ ᠤ᠋ᠨ ᠬᠤᠨᠳᠠᠭ᠎ᠠ ᠂ ᠡᠭᠦᠯᠡᠨ ᠬᠤᠸᠠᠷ ᠲᠠᠢ ᠱᠠᠭᠠᠵᠠᠩ ᠴᠥᠮ ᠪᠦᠬᠦᠨ  ᠢ᠋ᠶ᠋ᠡᠷ ᠨᠢ ᠮᠢᠯᠢᠶᠠᠮᠤ !
ᠵᠡᠰ ᠭᠠᠤᠯᠢᠨ ᠰᠢᠨᠠᠭ᠎ᠠ ᠂ ᠵᠢᠵᠸᠦ ᠬᠤᠸᠠᠷ ᠲᠠᠢ ᠳᠡᠪᠦᠷ᠎ᠡ ᠂
ᠠᠶᠠᠭᠠᠨ ᠰᠢᠷᠡᠭᠡᠨ ᠦ᠌ ᠠᠯᠴᠢᠭᠤᠷ ᠵᠦᠯᠭᠦᠭᠦᠷ ᠂ ᠲᠤᠯᠭ᠎ᠠ ᠶ᠋ᠢᠨ ᠬᠦᠷᠢᠶ᠎ᠡ ᠂ ᠲᠤᠤᠵᠤ ᠮᠠᠯᠲᠠᠭᠤᠷ ᠂
ᠪᠠᠷᠠᠭᠠᠨ ᠤ᠋ ᠵᠦᠯᠭᠦᠭᠦᠷ ᠂ ᠪᠠᠭᠪᠠᠷ ᠫᠢᠯᠠ ᠂ ᠤᠨᠠᠴᠠ ᠲᠦᠩᠫᠦᠩ ᠬᠦᠷᠲᠡᠯ᠎ᠡ ᠮᠢᠯᠢᠶᠠᠮᠤ !
ᠵᠠᠭᠤᠨ ᠴᠤᠭᠤᠷᠬᠠᠢ ᠵᠦᠢᠯ ᠂ ᠵᠤᠷᠠᠵᠤ ᠬᠤᠰᠤᠬᠤ ᠬᠤᠰᠤᠭᠤᠷ ᠂
ᠨᠢᠭᠤᠷ ᠦᠵᠡᠬᠦ ᠲᠣᠯᠢ ᠂ ᠦᠨᠡᠰᠦ ᠮᠠᠯᠲᠠᠬᠤ ᠰᠢᠨᠠᠭ᠎ᠠ ᠂
ᠦᠰᠦᠨ ᠦ᠌ ᠬᠢᠲᠤᠭ᠎ᠠ ᠂ ᠦᠢᠯᠡ ᠶ᠋ᠢᠨ ᠬᠠᠢᠴᠢ ᠂
ᠮᠥᠩᠭᠥᠨ ᠦ᠌ ᠰᠢᠭᠢᠴᠢᠯᠡᠭᠦᠷ ᠂ ᠮᠥᠰᠥᠨ ᠦ᠌ ᠴᠠᠷᠢᠯ ᠬᠦᠷᠲᠡᠯ᠎ᠡ ᠮᠢᠯᠢᠶᠠᠮᠤ !
ᠲᠡᠭ ᠳᠥᠷᠪᠡ ᠂ ᠳᠡᠩᠨᠡᠭᠡ ᠲᠤᠭ᠂ ᠲᠡᠩᠴᠡᠭᠦᠯᠵᠦ ᠬᠢᠭᠰᠡᠨ ᠰᠠᠭᠤᠯᠠᠭ᠎ᠠ ᠂ ᠭᠠᠩ ᠬᠠᠪᠬᠠᠭᠠᠲᠠᠰᠤ ᠬᠦᠷᠲᠡᠯ᠎ᠡ ᠮᠢᠯᠢᠶᠠᠮᠤ !
ᠨᠠᠭᠠᠬᠤ ᠢᠯᠢᠭᠦᠷ ᠂ ᠨᠠᠭᠠᠯᠲᠠ ᠶ᠋ᠢᠨ ᠰᠢᠨᠠᠭ᠎ᠠ ᠂
ᠴᠣᠣᠵᠢ ᠲᠦᠯᠬᠢᠭᠦᠷ ᠂ ᠴᠣᠬᠢᠰᠬᠤᠯ ᠴᠣᠭᠤᠯᠲᠤᠪᠤᠷᠢ᠂ ᠦᠷᠦᠮ ᠬᠠᠤᠷᠠᠢ᠂ ᠂ ᠥᠷᠥᠯᠪᠢ ᠬᠠᠨᠠᠭᠠᠷᠢ ᠬᠦᠷᠲᠡᠯ᠎ᠡ ᠮᠢᠯᠢᠶᠠᠮᠤ !
ᠫᠤᠤ ᠰᠠᠭᠠᠳᠠᠭ ᠂ ᠨᠤᠮᠤ ᠰᠤᠮᠤ ᠂ ᠬᠤᠭᠤᠷ ᠶᠠᠲᠤᠭ᠎ᠠ ᠂ ᠰᠢᠳᠡᠷ᠎ᠡ ᠲᠣᠭᠯᠠᠭᠠᠮ ᠂
ᠴᠢᠨᠣ᠎ᠠ ᠶ᠋ᠢᠨ ᠬᠠᠪᠬᠠᠨ ᠳ᠋ᠤ᠌ ᠬᠦᠷᠲᠡᠯ᠎ᠡ ᠮᠢᠯᠢᠶᠠᠮᠤ !
ᠬᠣᠢᠰᠢᠯᠠᠵᠤ ᠣᠴᠢᠭᠠᠳ ᠬᠣᠷᠢᠶ᠎ᠠ ᠬᠦᠷᠢᠶ᠎ᠡ ᠂
ᠤᠷᠤᠭᠰᠢᠯᠠᠵᠤ ᠣᠴᠢᠭᠠᠳ ᠤᠶᠠᠭ᠎ᠠ ᠱᠤᠶᠠᠬ᠋᠎ᠠ ᠂
ᠬᠤᠳᠳᠤᠭ ᠤ᠋ᠨ ᠣᠩᠭᠣᠴᠠ ᠳ᠋ᠤ᠌ ᠨᠢ ᠬᠦᠷᠲᠡᠯ᠎ᠡ ᠪᠦᠷᠢᠨ ᠮᠢᠯᠢᠶᠠᠮᠤ !
ᠭᠠᠯ ᠤ᠋ᠨ ᠬᠠᠢᠴᠢ ᠂ ᠭᠠᠷ ᠤ᠋ᠨ ᠪᠠᠷᠢᠭᠤᠯ ᠂ 
ᠭᠠᠮᠪᠠᠨ ᠭᠠᠨᠵᠢᠩ ᠂ ᠭᠠᠩ ᠸᠠᠭᠠᠷ ᠂ᠭᠠᠪᠠ ᠬᠦᠷᠵᠡ ᠂ 
ᠭᠠᠰᠠᠷ ᠪᠠᠰᠠᠷ ᠤ᠋ᠨ ᠲᠠᠪᠰᠢ ( ᠭᠠᠰᠠᠷ ᠭᠡᠰᠡᠨ ᠨᠡᠷ᠎ᠡ ᠲᠡᠢ ᠨᠣᠬᠠᠢ ᠶ᠋ᠢᠨ ᠴᠠᠷ ) ᠬᠦᠷᠲᠡᠯ᠎ᠡ ᠮᠢᠯᠢᠶᠠᠮᠤ !
ᠵᠠ ᠂ ᠡᠨᠡ ᠭᠡᠷ ᠦ᠋ᠨ ᠡᠵᠡᠨ ᠪᠣᠯ
ᠣᠭᠣᠨᠣ ᠶ᠋ᠢᠨ ᠬᠠᠯᠵᠠᠨ ᠪᠤᠬ᠎ᠠ ᠲᠠᠢ ᠂ ᠣᠩᠭᠣᠨ ᠬᠡᠭᠡᠷ ᠠᠵᠢᠷᠭ᠎ᠠ ᠲᠠᠢ ᠂
ᠬᠠᠷ᠎ᠠ ᠬᠠᠯᠵᠠᠨ ᠪᠤᠤᠷ᠎ᠠ ᠲᠠᠢ ᠂ ᠬᠠᠮᠠᠷ ᠬᠠᠯᠵᠠᠨ ᠬᠤᠴᠠ ᠲᠠᠢ ᠂
ᠬᠥᠬᠡ ᠬᠠᠯᠲᠠᠷ ᠤᠬᠤᠨ᠎ᠠ ᠲᠠᠢ ᠂
ᠬᠣᠲᠣᠭᠣᠷ ᠳᠦᠭᠦᠷᠡᠩ ᠬᠣᠨᠢ ᠲᠠᠢ ᠂ ᠠᠭᠤᠯᠠ ᠳᠦᠭᠦᠷᠡᠩ ᠠᠳᠤᠭᠤ ᠲᠠᠢ ᠂
ᠲᠠᠯ᠎ᠠ ᠳᠦᠭᠦᠷᠡᠩ ᠮᠠᠯ ᠲᠠᠢ ᠂ ᠳᠡᠪᠰᠡᠭ ᠳᠦᠭᠦᠷᠡᠩ ᠮᠥᠩᠭᠥ ᠲᠡᠢ ᠂
ᠵᠢᠯ ᠢᠷᠡᠬᠦ ᠲᠤᠲᠤᠮ ᠵᠢᠷᠭᠠᠯ ᠴᠡᠩᠭᠡᠯ ᠨᠢ ᠨᠡᠮᠡᠭᠳᠡᠵᠦ ᠂
ᠣᠨ ᠢᠷᠡᠬᠦ ᠲᠤᠲᠤᠮ ᠠᠮᠢᠳᠤᠷᠠᠯ ᠠᠳᠠᠯ ᠨᠢ ᠰᠠᠶ᠋ᠢᠵᠢᠷᠠᠭᠠᠳ᠂
ᠬᠡᠷᠪᠡ ᠰᠠᠢᠬᠠᠨ ᠱᠠᠵᠢᠨ ᠢ᠋ ᠮᠠᠨᠳᠤᠭᠤᠯᠵᠤ ᠂ ᠬᠡᠮᠵᠢᠶ᠎ᠡ ᠦᠭᠡᠢ ᠰᠠᠢᠬᠠᠨ ᠪᠤᠶᠠᠨ ᠦᠢᠯᠡᠳᠦᠭᠡᠳ ᠂
ᠪᠤᠮᠠᠨ ᠮᠠᠯ ᠢ᠋ᠶ᠋ᠠᠨ ᠥᠰᠬᠡᠵᠦ ᠂ ᠪᠤᠶᠠᠨ ᠤ᠋ ᠡᠵᠡᠨ ᠪᠣᠯᠤᠭᠠᠳ ᠂
ᠪᠤᠷᠬᠠᠨ ᠤ᠋ ᠡᠮᠦᠨ᠎ᠡ ᠪᠤᠭᠤᠷᠤᠯ ᠴᠠᠭᠠᠨ ᠡᠪᠦᠭᠡ ᠡᠮᠡᠭᠡᠨ ᠪᠣᠯᠲᠠᠯ᠎ᠠ ᠨᠠᠰᠤᠨ ᠲᠤᠷᠰᠢᠳᠠ ᠵᠢᠷᠭᠠᠬᠤ ᠪᠣᠯᠲᠤᠭᠠᠢ ᠭᠡᠵᠦ ᠢᠷᠥᠭᠡᠶ᠎ᠡ !

  ᠦᠰᠦᠭ ᠠᠮᠢᠯᠠᠭᠤᠯᠤᠭᠴᠢ ᠄ ᠤᠷᠢᠶᠠᠩᠬᠠᠢ ᠨᠠᠷᠠᠨᠮᠠᠨᠲᠠ
  ᠬᠢᠨᠠᠭᠴᠢ ᠄ ᠮᠥᠴᠢᠷ ᠂ ᠣᠤᠠᠬᠠᠨᠰᠣ᠎ᠡ