ᠬᠥᠪᠦᠩ ᠴᠠᠭᠠᠨ ᠮᠣᠷᠢГүвэн цагаан морь

ᠬᠥᠪᠦᠩ ᠴᠠᠭᠠᠨ ᠮᠣᠷᠢ
ᠬᠥᠪᠥᠩ ᠯᠠ ᠴᠠᠭᠠᠨ ᠮᠣᠷᠢ ᠨᠢ
ᠬᠥᠳᠡᠭᠡ ᠯᠡ ᠲᠠᠯ᠎ᠠ ᠳᠤ ᠪᠠᠨ ᠨᠢ ᠪᠡᠯᠴᠢᠭᠡᠷ ᠲᠠᠢ᠃
ᠤᠷᠭᠠᠯᠠᠶᠠ
ᠭᠡᠰᠡᠨ ᠤᠷᠭ᠎ᠠ ᠨᠢ
ᠤᠷᠲᠤ ᠶᠢᠨ
ᠭᠣᠣᠯ ᠤᠨ ᠪᠤᠷᠭᠠᠰᠤ᠃
ᠤᠨᠤᠶ᠎ᠠ ᠯᠠ ᠭᠡᠰᠡᠨ ᠬᠥᠮᠦᠨ ᠨᠢ
ᠮᠠᠨ ᠤ ᠴᠡᠷᠢᠭ ᠦᠨ ᠵᠠᠩᠵᠤᠨ ᠰᠢᠦ᠃
ᠬᠠᠵᠠᠭᠠᠷᠯᠠᠶᠠ
ᠭᠡᠰᠡᠨ ᠬᠠᠵᠠᠭᠠᠷ ᠨᠢ
ᠲᠣᠯᠢ
ᠮᠥᠩᠭᠥᠨ ᠬᠠᠵᠠᠭᠠᠷ ᠰᠢᠦ᠃
ᠲᠣᠬᠣᠶᠠ ᠯᠠ ᠭᠡᠰᠡᠨ ᠲᠣᠬᠣᠮ ᠨᠢ
ᠲᠣᠭᠣᠰ ᠤᠨ ᠡᠷᠢᠶᠡᠨ ᠲᠣᠬᠣᠮ ᠰᠢᠦ᠃
ᠡᠮᠡᠭᠡᠯᠯᠡᠶᠡ
ᠯᠡ ᠭᠡᠰᠡᠨ ᠡᠮᠡᠭᠡᠯ ᠨᠢ
ᠲᠣᠬᠣᠢ
ᠽᠠᠨᠳᠠᠨ ᠪᠦᠬᠦᠷᠭᠡ ᠲᠠᠢ᠃
ᠵᠤᠤᠵᠠᠢᠯᠠᠶᠠ ᠭᠡᠰᠡᠨ ᠵᠤᠤᠵᠠᠢ ᠨᠢ
ᠵᠠᠭᠤᠨ ᠯᠠᠩ ᠤᠨ ᠲᠥᠩᠬᠡᠯᠢᠭ ᠰᠢᠦ᠃
ᠴᠣᠯᠪᠤᠭᠤᠷᠯᠠᠶᠠ
ᠭᠡᠰᠡᠨ ᠴᠤᠯᠪᠤᠭᠤᠷ ᠨᠢ
ᠴᠢᠨᠦ᠎ᠠ ᠶᠢᠨ
ᠠᠷᠠᠰᠤᠨ ᠮᠢᠨᠳᠠᠰᠤ ᠰᠢᠦ᠃
ᠵᠢᠯᠣᠭᠣᠯᠠᠶᠠ ᠭᠡᠰᠡᠨ ᠵᠢᠯᠣᠭᠣ ᠨᠢ
ᠵᠢᠷᠭᠤᠭ᠎ᠠ ᠪᠠᠷ ᠭᠦᠷᠦᠭᠰᠡᠨ ᠮᠢᠨᠳᠠᠰᠤ ᠰᠢᠦ᠃
ᠳᠥᠷᠥᠭᠡᠯᠡᠶᠡ
ᠭᠡᠰᠡᠨ ᠳᠥᠷᠥᠭᠡ ᠨᠢ
ᠠᠯᠲᠠᠨ
ᠮᠥᠩᠭᠦᠨ ᠳᠥᠷᠥᠭᠡ ᠰᠢᠦ᠃
ᠣᠯᠣᠩᠨᠠᠶᠠ ᠭᠡᠰᠡᠨ ᠣᠯᠣᠩ ᠨᠢ
ᠠᠷᠪᠠ ᠪᠠᠷ ᠭᠦᠷᠦᠭᠰᠡᠨ ᠮᠢᠨᠳᠠᠰᠤ ᠰᠢᠦ᠃
ᠪᠠᠷᠢᠶ᠎ᠠ
ᠭᠡᠰᠡᠨ ᠲᠠᠰᠢᠭᠤᠷ ᠨᠢ
ᠪᠠᠷᠰ
ᠡᠷᠢᠶᠡᠨ ᠵᠡᠪᠡᠷᠡᠢ ᠲᠠᠢ᠃
ᠤᠨᠤᠶ᠎ᠠ ᠭᠡᠰᠡᠨ ᠬᠥᠮᠥᠨ ᠨᠢ
ᠴᠢᠩᠭᠢᠰ ᠦᠨ ᠦᠷᠡᠰ ᠪᠢᠳᠡ ᠨᠠᠷ ᠶᠤᠮ᠃
ᠨᠣᠭᠲᠣᠯᠠᠶᠠ
ᠭᠡᠰᠡᠨ ᠨᠣᠭᠲᠣ ᠨᠢ
ᠨᠠᠢ᠌ᠮᠠᠨ
ᠯᠠᠩ ᠤᠨ ᠱᠠᠩ ᠬᠤᠢ ᠲᠠᠢ ᠯᠠ ᠶᠤᠮ᠃
ᠴᠢᠳᠦᠷᠯᠡᠶᠡ ᠭᠡᠰᠡᠨ ᠴᠢᠳᠦᠷ ᠨᠢ
ᠪᠤᠭᠤ ᠶᠢᠨ ᠠᠷᠠᠰᠤᠨ ᠴᠢᠳᠦᠷ ᠲᠠᠢ ᠯᠠ ᠶᠤᠮ᠃
