ᠪᠠᠶᠠᠨ ᠣᠪᠣᠭ᠎ᠠБаян овоо
ᠪᠠᠶᠠᠨ ᠣᠪᠣᠭ᠎ᠠ
ᠠᠷᠠᠯᠲᠤ ᠬᠤᠭᠤᠷ ᠢ᠋ᠶ᠋ᠠᠨ ᠠᠳᠬᠤᠵᠤ
ᠠᠶᠠᠯᠭᠤ ᠲᠡᠳᠡᠨ ᠬᠥᠭᠵᠢᠮᠲᠡᠶᠡ
ᠠᠷᠠᠳ ᠣᠯᠠᠨ ᠨᠥᠬᠥᠳ ᠲᠡᠭᠡᠨ
ᠠᠵᠢᠭᠯᠠᠭᠰᠠᠨ ᠢ᠋ᠶ᠋ᠠᠨ ᠬᠣᠯᠪᠣᠵᠤ
ᠪᠠᠷᠢᠶ᠎ᠠ
ᠥᠷᠨᠢᠭᠦᠨ ᠬᠥᠭᠵᠢᠯᠲᠡ ᠶ᠋ᠢᠨ ᠳᠣᠯᠭᠢᠶᠠᠨ
ᠥᠪᠥᠷ ᠮᠣᠩᠭᠣᠯ ᠳ᠋ᠤ᠌ ᠮᠢᠨᠢ ᠳᠠᠪᠠᠯᠭᠠᠯᠠᠭᠠᠳ
ᠦᠨᠳᠦᠰᠦᠲᠡᠨ ᠨᠤᠭᠦᠳ ᠦ᠋ᠨ ᠠᠷᠠᠳ
ᠲᠦᠮᠡᠨ ᠦ᠌
ᠡᠷᠴᠢ ᠵᠣᠷᠢᠭ ᠊ᠢ ᠪᠠᠳᠠᠷᠠᠭᠤᠯᠵᠠᠢ ᠃
ᠡᠨᠡ ᠪᠦᠬᠦᠨ ᠦ᠌ ᠳᠣᠲᠣᠷ᠎ᠠ ᠠ᠋ᠴᠠ
ᠣᠨᠴᠣᠭᠣᠢ ᠨᠢᠭᠡ ᠶ᠋ᠢ ᠨᠢ
ᠲᠠᠲᠠᠵᠤ
ᠴᠢᠳᠠᠬᠤ ᠶ᠋ᠢᠨ ᠬᠢᠷᠢ ᠪᠡᠷ ᠡᠪᠯᠡᠭᠦᠯᠦᠨ
ᠮᠡᠳᠡᠭᠰᠡᠨ ᠬᠢᠷᠢ ᠪᠡᠷ ᠢ᠋ᠶ᠋ᠡᠨ ᠲᠠᠨᠢᠯᠴᠠᠭᠤᠯᠤᠶ᠎ᠠ
!
ᠪᠤᠭᠤᠲᠤ ᠶ᠋ᠢᠨ ᠬᠦᠨᠳᠦ ᠦᠢᠯᠡᠳᠪᠦᠷᠢ
ᠪᠤᠰᠢᠭᠤ ᠲᠦᠷᠭᠡᠨ ᠬᠥᠭᠵᠢᠵᠦ ᠪᠠᠶ᠋ᠢᠨ᠎ᠠ
ᠪᠠᠶᠠᠨ ᠣᠪᠣᠭᠠᠨ ᠤ᠋ ᠪᠣᠯᠣᠳ
ᠴᠢᠯᠠᠭᠤ ᠶ᠋ᠢ
ᠪᠣᠯᠪᠠᠰᠤᠷᠠᠭᠤᠯᠵᠤ
ᠪᠣᠷᠣᠯᠠᠭᠤᠯᠤᠨ ᠭᠠᠷᠭᠠᠵᠤ ᠪᠠᠶ᠋ᠢᠨ᠎ᠠ ᠃
ᠠᠪᠤᠷᠭᠤ ᠬᠦᠴᠦᠲᠡᠢ
ᠭᠠᠵᠠᠷ ᠫᠤᠤ
ᠠᠭᠤᠷᠬᠠᠢ ᠪᠤᠯᠠᠭᠳᠠᠮᠠᠯ ᠊ᠢ ᠳᠡᠯᠪᠡᠴᠢᠵᠦ
ᠠᠭᠰᠢᠭᠤᠨ ᠬᠠᠷ᠎ᠠ ᠤᠲᠤᠭ᠎ᠠ ᠨᠢ
ᠠᠭᠠᠷ ᠊ᠢ ᠬᠠᠯᠬᠠᠯᠠᠨ
ᠮᠠᠨᠠᠷᠠᠵᠤ ᠪᠠᠶ᠋ᠢᠨ᠎ᠠ ᠃
ᠬᠦᠴᠦ ᠴᠢᠳᠠᠯ ᠲᠠᠢ ᠠᠵᠢᠯᠴᠢᠨ ᠠᠩᠭᠢ
ᠬᠦᠳᠡᠷ ᠊ᠢ ᠠᠪᠴᠢᠷᠠᠭᠠᠳ ᠬᠠᠶ᠋ᠢᠯᠤᠭᠤᠯᠵᠤ ᠪᠠᠶ᠋ᠢᠨ᠎ᠠ
ᠬᠥᠭᠰᠢᠨ ᠵᠠᠯᠠᠭᠤ ᠪᠦᠭᠦᠳᠡᠭᠡᠷ
ᠬᠦᠷᠴᠦ ᠢᠷᠡᠭᠡᠳ
ᠰᠣᠨᠢᠷᠬᠠᠵᠤ ᠪᠠᠶ᠋ᠢᠨ᠎ᠠ ᠃
ᠬᠦᠴᠦ ᠶᠡᠬᠡᠲᠡᠢ ᠭᠠᠵᠠᠷ
ᠫᠤᠤ
ᠬᠥᠪᠴᠢᠨ ᠳᠡᠯᠡᠬᠡᠢ ᠶ᠋ᠢ ᠲᠤᠷᠭᠢᠭᠤᠯᠵᠤ ᠪᠠᠶ᠋ᠢᠨ᠎ᠠ
ᠬᠥᠬᠡ ᠬᠠᠷ᠎ᠠ ᠤᠲᠤᠭ᠎ᠠ ᠨᠢ
ᠬᠥᠬᠡᠮᠳᠦᠭ ᠣᠭᠲᠠᠷᠭᠤᠢ ᠶ᠋ᠢ ᠪᠦᠷᠬᠦᠵᠦ ᠪᠠᠶ᠋ᠢᠨ᠎ᠠ ᠃
ᠦᠰᠦᠭ ᠠᠮᠢᠯᠠᠭᠤᠯᠤᠭᠴᠢ ᠂ ᠣᠶᠤᠨᠴᠢᠮᠡᠭ
ᠬᠢᠨᠠᠭᠴᠢ ᠪᠠᠭᠰᠢ ᠂ ᠣᠤᠠᠬᠠᠭᠰᠤᠡ
