ᠡᠯᠪᠡᠭ ᠬᠤᠷᠢᠶᠠᠯᠲᠠ ᠶᠢᠨ ᠡᠮᠦᠨ᠎ᠡЭлбэг хураалтын өмнө
ᠡᠯᠪᠡᠭ ᠬᠤᠷᠢᠶᠠᠯᠲᠠ ᠶᠢᠨ ᠡᠮᠦᠨ᠎ᠡ
ᠬᠠᠮᠤᠭ ᠣᠯᠠᠨ ᠢ᠋ᠶ᠋ᠠᠷ ᠢ᠋ᠶ᠋ᠠᠨ ᠲᠦᠷᠬᠢᠷᠡᠭᠰᠡᠨ
ᠬᠠᠪᠤᠷ ᠤ᠋ᠨ ᠠᠵᠢᠯ
ᠡᠬᠢᠯᠡᠯ᠎ᠡ ᠡᠬᠢᠯᠡᠯ᠎ᠡ
ᠬᠠᠮᠲᠤ ᠶ᠋ᠢᠨ ᠬᠦᠴᠦ ᠪᠡᠨ ᠭᠠᠷᠭᠠᠭᠰᠠᠨ
ᠬᠠᠭᠠᠯᠪᠤᠷᠢᠯᠠᠬᠤ ᠠᠵᠢᠯ
ᠡᠬᠢᠯᠡᠯ᠎ᠡ ᠃
ᠬᠠᠨᠴᠤᠢ ᠰᠢᠮᠠᠯᠠᠭᠰᠠᠨ
ᠵᠠᠯᠠᠭᠤᠴᠤᠳ
ᠬᠠᠳᠠᠭᠠᠨᠠᠲᠠᠯ᠎ᠠ ᠢᠨᠢᠶᠡᠭᠡᠳ
ᠣᠷᠣᠭᠠᠳ ᠢᠷᠡᠬᠦ ᠨᠢ
ᠬᠠᠶ᠋ᠢᠲᠠᠨᠭ᠌ ᠯᠢᠩᠬᠤ᠎ᠠ ᠰᠢᠭ᠋ ᠬᠡᠦᠬᠡᠨ
ᠨᠥᠬᠥᠳ
ᠬᠠᠩᠭᠢᠨᠠᠲᠠᠯ᠎ᠠ ᠳᠠᠭᠤᠯᠠᠭᠠᠳ ᠣᠷᠣᠭᠠᠳ
ᠢᠷᠡᠬᠦ ᠨᠢ
ᠤᠯᠠᠶ᠋ᠢᠵᠤ ᠮᠡᠷᠭᠡᠵᠢᠭᠰᠡᠨ ᠢᠳᠡᠷᠴᠦᠳ
ᠤᠷᠤᠯᠳᠤᠭᠠᠨ ᠲᠠᠯᠪᠢᠭᠠᠳ
ᠢᠷᠡᠬᠦ ᠨᠢ
ᠤᠤᠭᠤᠵᠤ ᠢᠳᠡᠬᠦ ᠪᠡᠨ ᠮᠠᠷᠲᠠᠴᠢᠭᠠᠳ
ᠤᠷᠢᠲᠠᠢ ᠨᠢ
ᠭᠠᠷᠬᠤ ᠪᠠᠷ ᠮᠡᠷᠡᠶ᠋ᠢᠭᠡᠳ
ᠬᠦᠴᠦᠲᠡᠢ ᠬᠦᠴᠦᠲᠡᠢ ᠢᠳᠡᠷᠴᠦᠳ
ᠬᠦᠷᠵᠡ ᠪᠡᠷ ᠤᠯᠠᠯᠠᠭᠠᠳ
ᠭᠢᠰᠬᠢᠵᠦ ᠪᠠᠶ᠋ᠢᠬᠤ ᠨᠢ
ᠬᠥᠭᠰᠢᠳ ᠡᠪᠦᠭᠡᠳ
ᠨᠠᠰᠤᠲᠠᠶ᠋ᠢᠴᠤᠳ ᠨᠢ
ᠬᠥᠭᠰᠡᠵᠦ ᠪᠠᠶᠠᠷᠯᠠᠭᠠᠳ
ᠠᠵᠢᠯᠯᠠᠵᠤ ᠪᠠᠶ᠋ᠢᠬᠤ ᠨᠢ ᠃
ᠬᠥᠳᠡᠭᠡ ᠪᠠᠭᠤᠭᠰᠠᠨ ᠺᠠᠲᠷ ᡂᠨ ᠭᠡᠭᠴᠢ
ᠬᠥᠯᠥᠰᠥ ᠨᠢ ᠴᠢᠭᠢᠭᠲᠦᠭᠡᠳ ᠣᠷᠣᠭᠠᠳ
ᠢᠷᠡᠬᠦ ᠨᠢ
ᠬᠦᠳᠡᠷ ᠡᠷᠡᠯᠬᠡᠭ ᠭᠠᠷ ᠤ᠋ᠨ ᠬᠢᠨᠢ
ᠪᠤᠯᠴᠢᠩ ᠨᠢ
ᠵᠠᠩᠭᠢᠷᠠᠭᠠᠳ ᠣᠷᠣᠭᠠᠳ ᠢᠷᠡᠬᠦ ᠨᠢ
ᠢᠳᠡᠷ ᠨᠠᠰᠤᠨ ᠤ᠋ ᠣᠶᠤᠲᠠᠨ
ᠨᠠᠷ
ᠲᠠᠷᠢᠶᠠᠴᠢᠨ ᠣᠯᠠᠨ ᠢ᠋ᠶ᠋ᠠᠨ ᠬᠠᠪᠰᠤᠷᠤᠭᠠᠳ
ᠢᠷᠡᠬᠦ ᠨᠢ
ᠢᠳᠡᠵᠦ ᠰᠠᠭᠤᠬᠤ ᠶ᠋ᠢᠨ ᠠᠯᠢᠨ
ᠪᠣᠯᠪᠠᠴᠤ
ᠢᠵᠢᠯ ᠳ᠋ᠦ᠋ᠢ ᠳ᠋ᠡᠭᠡᠨ ᠨᠢᠭᠡᠳᠦᠭᠡᠳ ᠢᠷᠡᠬᠦ
ᠨᠢ
ᠬᠦᠴᠢᠷ ᠬᠠᠲᠠᠭᠤ ᠪᠡᠷᠬᠡ ᠶ᠋ᠢ ᠪᠣᠯᠪᠠᠴᠤ
ᠬᠦᠴᠦ ᠪᠡᠨ ᠬᠠᠮᠲᠤᠳᠬᠠᠨ ᠳᠠᠪᠠᠭᠠᠳ ᠢᠷᠡᠬᠦ
ᠬᠥᠭᠵᠢᠯ ᠪᠠᠶᠠᠷᠲᠠᠢ ᠬᠥᠳᠡᠯᠮᠦᠷᠢ ᠳᠤᠮᠳᠠ ᠪᠠᠨ
ᠬᠥᠭᠡᠷᠦᠯᠳᠦᠭᠡᠳ ᠬᠠᠮᠲᠤ ᠪᠠᠷ ᠣᠷᠣᠯᠴᠠᠭᠠᠳ
ᠢᠷᠡᠬᠦ ᠂
ᠭᠠᠨᠲᠢᠭ ᠰᠦᠮᠪᠦᠷ
ᠠᠭᠤᠯᠠ ᠶ᠋ᠢ ᠪᠣᠯᠪᠠᠴᠤ
ᠡᠷᠭᠦᠭᠡᠳ ᠬᠠᠶᠠᠮᠠᠷ
ᠬᠦᠴᠦᠲᠡᠢ ᠪᠣᠯᠵᠠᠢ
ᠭᠠᠩᠭ᠎ᠠ ᠮᠥᠷᠡᠨ ᠦ᠌ ᠤᠰᠤ ᠶ᠋ᠢ ᠪᠣᠯᠪᠠᠴᠤ
ᠰᠠᠪᠠᠯᠠᠭᠠᠳ
ᠶᠡᠭᠦᠯᠡᠮᠡᠷ ᠴᠢᠳᠠᠯᠲᠠᠢ ᠪᠣᠯᠵᠠᠢ ᠃
ᠲᠠᠷᠭᠤᠨ ᠲᠠᠷᠭᠤᠨ ᠱᠠᠷ
ᡂᠨ ᠭᠡᠭᠴᠢ
ᠬᠦᠵᠦᠭᠦᠦ ᠰᠤᠩᠭᠠᠨ ᠵᠢᠳᠬᠦᠭᠡᠳ ᠢᠷᠡᠬᠦ
ᠲᠠᠯ᠎ᠠ ᠶ᠋ᠢᠨ ᠥᠷᠭᠡᠨ
ᠲᠠᠷᠢᠶᠠᠨ ᠳᠤᠮᠳᠠ
ᠠᠨᠵᠢᠰᠤ ᠴᠢᠷᠦᠭᠡᠳ
ᠠᠯᠬᠤᠭᠠᠳ ᠢᠷᠡᠬᠦ
ᠪᠣᠷᠳᠣᠭ᠎ᠠ ᠲᠡᠭᠡᠭᠡᠭᠰᠡᠨ ᠮᠣᠷᠢᠨ
ᠲᠡᠷᠭᠡ
ᠪᠤᠳᠠᠩ ᠲᠠᠲᠠᠭᠠᠳ ᠳᠠᠪᠬᠢᠭᠠᠳ ᠢᠷᠡᠬᠦ
ᠪᠤᠯᠠᠭ ᠊ᠢ ᠨᠡᠭᠡᠭᠡᠭᠰᠡᠨ ᠪᠠᠭᠠᠲᠤᠷ
ᠡᠷᠡᠰ
ᠤᠰᠤ ᠶ᠋ᠢ ᠲᠠᠲᠠᠭᠠᠳ
ᠠᠪᠤᠭᠠᠳ ᠢᠷᠡᠬᠦ ᠂
ᠲᠣᠭᠯᠠᠭᠠᠳ ᠳᠠᠪᠬᠢᠬᠤ ᠲᠷᠠᠺᠲ᠋ᠣᠷ
ᠨᠢ
ᠠᠷᠰᠯᠠᠨ ᠪᠠᠷᠰ ᠰᠢᠭ᠋ ᠳᠤᠤᠭᠠᠷᠤᠭᠠᠳ ᠢᠷᠡᠬᠦ
ᠲᠣᠰᠣ ᠳᠠᠭᠠᠪᠤᠷᠯᠠᠭᠰᠠᠨ
ᠰᠢᠮᠡᠲᠡᠢ ᠬᠥᠷᠥᠰᠥ ᠶ᠋ᠢ
ᠠᠵᠢᠭᠯᠠᠬᠤ ᠶ᠋ᠢᠨ ᠵᠠᠪ
ᠦᠭᠡᠢ ᠤᠷᠪᠠᠭᠤᠯᠵᠤ ᠢᠷᠡᠬᠦ ᠂
ᠤᠨᠵᠢᠶᠠ ᠰᠠᠵᠢᠶᠠ
ᠰᠠᠭᠯᠠᠭᠠᠷ ᠮᠣᠳᠣ
ᠵᠢᠪᠠᠷ ᠊ᠢ ᠬᠠᠭᠠᠭᠠᠳ
ᠭᠠᠩᠬᠤᠭᠠᠳ ᠢᠷᠡᠯ᠎ᠡ
ᠤᠨᠳᠤᠷᠤᠭᠠᠳ ᠭᠠᠷᠬᠤ
ᠪᠤᠯᠠᠭ ᠭᠣᠷᠣᠬ᠎ᠠ
ᠴᠢᠭᠢᠭ ᠊ᠢ ᠬᠠᠩᠭᠠᠭᠠᠳ
ᠲᠤᠨᠤᠷᠠᠭᠠᠳ ᠢᠷᠡᠯ᠎ᠡ ᠃
ᠥᠩᠭᠡᠲᠦ ᠤᠯᠠᠭᠠᠨ ᠲᠤᠭ
ᡂᠨ ᠭᠡᠭᠴᠢ
ᠥᠨᠳᠥᠷ ᠲᠦ᠍ ᠨᠠᠮᠢᠷᠠᠭᠠᠳ ᠬᠡᠷᠡᠯᠳᠦᠭᠡᠳ ᠢᠷᠡᠯ᠎ᠡ
ᠦᠪᠡᠳᠡᠭᠰᠢ ᠵᠣᠷᠢᠭᠲᠠᠢ ᠪᠠᠭᠠᠲᠤᠷ ᠦ᠋ᠳ
ᠢᠯᠠᠯᠲᠠ ᠠ᠋ᠴᠠ ᠢᠯᠠᠯᠲᠠ ᠳ᠋ᠤ᠌ ᠳᠠᠪᠬᠢᠭᠠᠳ ᠢᠷᠡᠯ᠎ᠡ
ᠦᠷᠡᠯᠡᠬᠦ ᠮᠠᠰᠢᠨ ᠤ᠋ ᠠᠭᠲᠠ ᠬᠦᠯᠦᠭ
ᠡᠭᠦᠯᠡᠨ ᠳ᠋ᠦ᠍ ᠲᠠᠭᠳᠠᠮᠠᠷ ᠳᠣᠪᠲᠣᠯᠤᠭᠠᠳ ᠢᠷᠡᠯ᠎ᠡ
᠃
ᠤᠷᠤᠯᠳᠤᠨ ᠳᠠᠪᠰᠢᠭᠰᠠᠨ ᠲᠠᠷᠢᠶᠠᠴᠢᠨ
ᠠᠷᠴᠢᠭᠤᠷ ᠮᠥᠷᠥᠯᠡᠭᠡᠳ ᠭᠢᠯᠠᠯᠵᠠᠭᠠᠳ ᠢᠷᠡᠯ᠎ᠡ
᠃
ᠲᠠᠩᠰᠤᠭ ᠡᠷᠳᠡᠨᠢ ᠶ᠋ᠢᠨ ᠬᠤᠷᠢᠶᠠᠯᠲᠠ
ᠨᠢ
ᠲᠠᠶ᠋ᠢᠱᠠᠨ ᠠᠭᠤᠯᠠ
ᠪᠣᠯᠤᠭᠠᠳ ᠪᠣᠰᠬᠤ ᠪᠣᠯᠤᠨ᠎ᠠ
ᠲᠠᠯ᠎ᠠ ᠳ᠋ᠤ᠌ ᠲᠠᠷᠢᠭᠰᠠᠨ ᠲᠠᠷᠢᠶ᠎ᠠ
ᠨᠢ
ᠠᠯᠲᠠ ᠪᠣᠯᠤᠭᠠᠳ
ᠬᠤᠪᠢᠷᠠᠭᠠᠳ ᠢᠷᠡᠯ᠎ᠡ ᠃
ᠦᠰᠦᠭ ᠠᠮᠢᠯᠠᠭᠤᠯᠤᠭᠴᠢ ᠂ ᠣᠶᠤᠨᠴᠢᠮᠡᠭ
ᠬᠢᠨᠠᠭᠴᠢ ᠪᠠᠭᠰᠢ ᠂ ᠣᠤᠠᠬᠠᠭᠰᠤᠡ
