ᠭᠠᠵᠠᠷ ᠱᠢᠷᠣᠢ ᠮᠢᠨᠢ – ᠪᠢᠳᠠᠷ ᠤᠨ ᠪᠠᠶᠠᠷᠰᠠᠢᠬᠠᠨ Газар шороо минь – Бядрын Баярсайхан
ᠭᠠᠵᠠᠷ ᠱᠢᠷᠣᠢ ᠮᠢᠨᠢ
ᠪᠢᠲᠠᠷ ᠦ᠋ᠨ ᠪᠠᠶᠠᠷᠰᠠᠶ᠋ᠢᠬᠠᠨ
— ᠮᠣᠩᠭᠣᠯ ᠦ᠋ᠨ ᠵᠣᠬᠢᠶᠠᠯᠴᠢᠳ ᠦ᠋ᠨ ᠡᠪᠯᠡᠯ ᠦ᠋ᠨ ᠱᠠᠩᠨᠠᠯᠲᠤ
ᠭᠠᠵᠠᠷ ᠰᠢᠷᠣᠢ ᠮᠢᠨᠢ
ᠠᠪᠤ ᠮᠢᠨᠢ ᠬᠠᠨ᠎ᠠ ᠪᠠᠨ ᠳᠤᠭᠤᠶ᠋ᠢᠯᠠᠵᠤ
ᠠᠭᠠᠷᠤ ᠽᠠᠨᠲᠠᠨ ᠲᠣᠭᠣᠨᠣ ᠪᠠᠨ ᠡᠷᠭᠦᠵᠦ
ᠠᠷᠭᠠᠯ ᠦ᠋ᠨ ᠤᠯᠠᠭᠠᠨ ᠭᠠᠯ ᠶ᠋ᠢᠠᠨ ᠰᠢᠲᠦᠵᠦ
ᠠᠲᠤᠭᠤ ᠮᠠᠯ ᠶ᠋ᠢᠠᠨ ᠳᠡᠯᠭᠡᠨ ᠪᠡᠯᠴᠢᠭᠡᠭᠰᠡᠨ
ᠠᠢ ᠡᠬᠡ ᠪᠣᠯᠤᠭᠰᠠᠨ ᠭᠠᠵᠠᠷ ᠰᠢᠷᠣᠢ ᠮᠢᠨᠢ
ᠲᠦᠮᠡᠨ ᠣᠨ ᠪ ᠪᠢᠴᠢᠭᠡᠰᠦ ᠪᠡᠷᠯᠡᠵᠦ
ᠲᠡᠮᠦᠷ ᠡᠷᠡᠰ ᠦ᠋ᠨ ᠠᠶᠠᠰ ᠶ᠋ᠢᠠᠷ ᠵᠤᠵᠠᠭᠠᠷᠠᠵᠤ
ᠲᠦᠳᠡᠭ ᠦ᠋ᠨ ᠣᠴᠢ ᠰᠢᠭ᠋ ᠣᠲᠣ ᠤᠨᠠᠵᠤ
ᠲᠦᠭᠦᠴᠢᠭᠡ ᠲᠡᠷᠭᠡᠨ ᠪ ᠳᠤᠭᠤᠢ ᠳ᠋ᠤ᠌ ᠬᠣᠲᠣᠶ᠋ᠢᠵᠤ
ᠲᠣᠬᠣᠢ ᠡᠯᠡᠭᠳᠡᠭᠰᠡᠨ ᠭᠠᠵᠠᠷ ᠰᠢᠷᠣᠢ ᠮᠢᠨᠢ
ᠤᠯᠠᠭᠠᠨ ᠨᠠᠷᠠᠨ ᠠᠯᠠᠭᠴᠢᠯᠠᠯ ᠦᠭᠡᠢ ᠡᠭᠡᠭᠡᠵᠦ
ᠤᠷᠭᠤᠬᠤ ᠪᠦᠬᠦᠨ ᠳᠡᠯᠪᠢ ᠪᠡᠨ ᠨᠡᠭᠡᠭᠡᠵᠦ
ᠤᠷᠤᠰᠬᠤ ᠭᠣᠷᠣᠬ᠎ᠠ ᠰᠤᠲᠠᠰᠤ ᠪᠠᠷ ᠨᠢ ᠭᠦᠶᠦᠵᠦ
ᠠᠭᠤᠰᠬᠢ ᠵᠢᠷᠦᠬᠡ ᠶ᠋ᠢ ᠲᠡᠤᠠᠬᠦᠨ ᠲᠡᠵᠢᠭᠡᠵᠦ
ᠤᠭᠤᠷᠠᠭ ᠶ᠋ᠢᠠᠨ ᠰᠢᠮᠡᠭᠦᠯᠦᠭᠰᠡᠨ ᠭᠠᠵᠠᠷ ᠰᠢᠷᠣᠢ ᠮᠢᠨᠢ
ᠠᠢ ᠴᠢᠨᠦ ᠭᠦᠨ ᠡᠴᠡ ᠨᠸᠹᠲ᠋ᠢ ᠶ᠋ᠢᠨ ᠰᠤᠲᠠᠯ ᠬᠠᠶ᠋ᠢᠨᠠᠮ
ᠠᠯᠲᠠᠨ ᠶᠠᠰᠤᠲᠤ ᠡᠪᠦᠭᠡᠳ ᠦ᠋ᠨ ᠣᠶᠤᠨ ᠰᠠᠨᠠᠬ᠋᠎ᠠ ᠶ᠋ᠢ ᠡᠷᠢᠨᠡᠮ
ᠠᠮᠢᠲᠤᠷᠠᠯ ᠲᠡᠳᠬᠦᠭᠴᠢ ᠤᠰᠤᠨ ᠪ ᠰᠤᠲᠠᠰᠤ ᠬᠠᠶ᠋ᠢᠨᠠᠮ
ᠠᠯᠲᠠ ᠮᠥᠩᠭᠥ ᠡᠷᠲᠡᠨᠢᠰ ᠡᠴᠡ ᠪᠡᠨ ᠪᠤᠰᠤᠳ ᠊ᠢ ᠡᠷᠢᠨᠡᠮ
ᠠᠢ ᠡᠬᠡ ᠪᠣᠯᠤᠭᠰᠠᠨ ᠭᠠᠵᠠᠷ ᠰᠢᠷᠣᠢ ᠮᠢᠨᠢ ᠠ᠋
ᠮᠣᠲᠣᠨ ᠴᠠᠨ ᠢᠦᠢ ᠶ᠋ᠢᠨ ᠳᠠᠭᠤᠲᠤ ᠰᠤᠮᠤ ᠭᠦᠨ ᠳ᠋ᠤ᠌ ᠴᠢᠨᠢ ᠪᠤᠢ
ᠮᠣᠩᠭᠣᠯ ᠲᠥᠷᠥ ᠶ᠋ᠢᠨ ᠠᠯᠲᠠᠨ ᠬᠡᠷᠡᠭᠡ ᠭᠦᠨ ᠳ᠋ᠤ᠌ ᠴᠢᠨᠢ ᠪᠤᠢ
ᠮᠣᠷᠢᠲᠠᠨ ᠡᠷᠡᠰ ᠦ᠋ᠨ ᠭᠠᠩ ᠢᠯᠲᠦ ᠭᠦᠨ ᠳ᠋ᠤ᠌ ᠴᠢᠨᠢ ᠪᠤᠢ
ᠮᠣᠬᠣᠰᠢ ᠦᠭᠡᠢ ᠴᠢᠩ ᠰᠠᠨᠠᠬ᠋᠎ᠠ ᠪᠠᠰᠠ ᠭᠦᠨ ᠳ᠋ᠤ᠌ ᠴᠢᠨᠢ ᠪᠤᠢ
ᠮᠣᠯᠣᠷ ᠡᠷᠲᠡᠨᠢ ᠶ᠋ᠢᠨ ᠳᠡᠭᠡᠳᠦ ᠭᠠᠵᠠᠷ ᠰᠢᠷᠣᠢ ᠮᠢᠨᠢ ᠠ᠋
ᠴᠢᠨᠦ ᠲᠥᠯᠥᠭᠡ ᠦᠲᠦ ᠬᠣᠷᠣᠬᠠᠢ ᠪᠡᠶᠡᠰ ᠶ᠋ᠢᠡᠨ ᠪᠠᠷᠢᠨ ᠢᠲᠡᠵᠦ
ᠴᠢᠨᠦ ᠲᠥᠯᠥᠭᠡ ᠡᠪᠡᠰᠦ ᠨᠣᠭᠣᠬ᠋᠎ᠠ ᠦᠨᠲᠦᠰᠦ ᠪᠤᠯᠢᠶᠠᠯᠲᠤᠨ ᠤᠷᠭᠤᠵᠤ
ᠴᠢᠨᠦ ᠲᠥᠯᠥᠭᠡ ᠣᠲᠣᠲᠤ ᠲᠩᠷᠢ ᠣᠷᠴᠢᠵᠤ ᠂ ᠣᠯᠠᠨ ᠡᠷᠡᠰ ᠦᠬᠦᠵᠦ
ᠴᠢᠨᠦ ᠲᠥᠯᠥᠭᠡ ᠵᠠᠯᠪᠠᠷᠢᠯ ᠦ᠋ᠨ ᠳᠠᠭᠤᠨ ᠂ ᠴᠢᠰᠤ ᠨᠢᠯᠪᠤᠰᠤ ᠤᠷᠤᠰᠴᠤ
ᠴᠢᠪᠢᠯᠲᠦ ᠪᠦᠬᠦᠨ ᠊ᠢ ᠡᠭᠦᠷᠴᠦ ᠳᠠᠭᠠᠭᠠᠭᠰᠠᠨ ᠭᠠᠵᠠᠷ ᠰᠢᠷᠣᠢ ᠮᠢᠨᠢ
ᠠᠨᠵᠢᠰᠤᠨ ᠪ ᠬᠣᠰᠢᠭᠤ ᠂ ᠲᠠᠩᠺ ᠦ᠋ᠨ ᠭᠢᠨᠵᠢᠨ ᠳ᠋ᠤ᠌ ᠡᠯᠳᠡᠷᠡᠭᠰᠡᠨ
ᠠᠯᠲᠠᠴᠢᠨ ᠪ ᠵᠡᠭᠡᠲᠦᠦ ᠂ ᠤᠰᠤᠴᠢᠨ ᠪ ᠵᠤᠤᠲᠤᠤ ᠳ᠋ᠤ᠌ ᠬᠣᠯᠲᠣᠷᠠᠭᠰᠠᠨ
ᠠᠲ᠋ᠤᠮ ᠦ᠋ᠨ ᠪᠥᠮᠪᠥᠭᠡ ᠂ ᠠᠭᠤᠷᠬᠠᠢ ᠶ᠋ᠢᠨ ᠳᠠᠷᠢ ᠳ᠋ᠤ᠌ ᠡᠮᠲᠡᠷᠡᠭᠰᠡᠨ
ᠠᠷᠪᠠᠢ ᠪᠤᠭᠤᠲᠠᠢ ᠂ ᠮᠠᠯ ᠦ᠋ᠨ ᠬᠥᠯ ᠶ᠋ᠢᠡᠷ ᠡᠲᠡᠭᠡᠷᠡᠭᠰᠡᠨ
ᠠᠢ ᠦᠢᠯᠡ ᠶ᠋ᠢᠨ ᠦᠷᠡᠲᠦ ᠂ ᠡᠬᠡ ᠪᠣᠯᠤᠭᠰᠠᠨ ᠭᠠᠵᠠᠷ ᠰᠢᠷᠣᠢ ᠮᠢᠨᠢ
ᠡᠴᠢᠭᠡ ᠡᠪᠦᠭᠡᠳ ᠵᠠᠪᠢᠯᠠᠵᠤ ᠰᠠᠭᠤᠭᠰᠠᠨ ᠭᠠᠵᠠᠷ ᠰᠢᠷᠣᠢ ᠮᠢᠨᠢ
ᠡᠴᠦᠰ ᠦ᠋ᠨ ᠴᠢᠰᠤ ᠪᠠᠨ ᠶᠡᠭᠦᠯᠡᠵᠦ ᠦᠬᠦᠵᠦ ᠲᠡᠮᠡᠴᠡᠭᠰᠡᠨ ᠭᠠᠵᠠᠷ ᠰᠢᠷᠣᠢ ᠮᠢᠨᠢ
ᠳᠡᠭᠡᠳᠦ ᠲᠩᠷᠢ ᠡᠴᠡ ᠵᠢᠭᠠᠵᠤ ᠠᠲᠢᠰᠯᠠᠭᠰᠠᠨ ᠭᠠᠵᠠᠷ ᠰᠢᠷᠣᠢ ᠮᠢᠨᠢ
ᠳᠡᠯᠡᠬᠡᠢ ᠳ᠋ᠤ᠌ ᠮᠣᠩᠭᠣᠯ ᠬᠡᠷᠡᠭᠡ ᠭᠠᠵᠠᠷ ᠰᠢᠷᠣᠢ ᠮᠢᠨᠢ
ᠳᠡᠪᠡᠯ ᠶ᠋ᠢᠡᠨ ᠲᠠᠶ᠋ᠢᠯᠤᠭᠠᠳ ᠣᠴᠢᠵᠤ ᠰᠢᠩᠭᠡᠬᠦ ᠭᠠᠵᠠᠷ ᠰᠢᠷᠣᠢ ᠮᠢᠨᠢ
ᠡ᠊ ᠂ ᠪᠠᠲᠠᠷᠠᠩᠭᠤᠢ ᠶ᠋ᠢᠨ ᠨᠠᠶ᠋ᠢᠷᠠᠭᠤᠯᠤᠭᠰᠠᠨ 《 ᠮᠢᠨᠦ ᠲᠥᠷᠥᠭᠰᠡᠨ ᠨᠤᠲᠤᠭ ᠮᠣᠩᠭᠣᠯ ᠦ᠋ᠨ ᠰᠠᠶ᠋ᠢᠬᠠᠨ ᠣᠷᠣᠨ 》 ᠠ᠋ᠴᠠ ᠰᠡᠶ᠋ᠢᠷᠡᠭᠦᠯᠪᠡ ᠃
ᠬᠠᠭᠤᠯᠤᠭᠰᠠᠨ ᠨᠢ ᠄ ᠮᠢᠩᠭᠠᠳ ᠂ ᠴᠢᠮᠡᠭ
ᠬᠢᠨᠠᠭᠰᠠᠨ ᠨᠢ ᠄ ᠣᠶᠣᠨᠲᠤᠨᠠᠯ
