ᠬᠣᠶᠠᠷ ᠪᠣᠷᠣХоёр бор
ᠬᠣᠶᠠᠷ ᠪᠣᠷᠣ
ᠣᠷᠳᠣᠰ ᠭᠦᠷᠦ ᠳᠠᠭᠤᠤ
ᠬᠣᠶᠠᠷ ᠯᠠ ᠪᠣᠷᠣ ᠶᠢᠨ ᠲᠠᠷᠭᠤᠨ ᠨᠢ
ᠠᠷᠬᠠᠭᠯᠠᠨ ᠰᠣᠢᠵᠤ ᠮᠣᠷᠳᠠᠨᠠᠢ ᠯᠠ ᠰᠠᠢ
ᠶᠠᠰᠢᠯ ᠯᠠ ᠶᠠᠭᠤᠨ ( ᠤᠨ ) ᠢᠶᠠᠨ ᠬᠦᠴᠦᠨ ᠳᠦ
ᠡᠬᠦᠨᠡᠨ ᠲᠡᠭᠦᠨᠡᠨ ᠭᠠᠩᠬᠤᠨᠠᠢ ᠯᠠ ᠰᠠᠢ᠃
ᠬᠠᠳᠠᠨ ᠤ ᠳᠤᠮᠳᠠ ᠪᠠᠨ ᠥᠰᠥᠭᠰᠡᠨ
ᠬᠠᠷᠴᠠᠭᠠᠢ ᠰᠢᠪᠠᠭᠤᠨ ᠤ ᠳᠡᠭᠳᠡᠭᠡᠭᠡᠢ ᠨᠢ ᠯᠠ ᠰᠠᠢ
ᠶᠠᠰᠢᠯ ᠯᠠ ᠶᠠᠭᠤᠨ ( ᠤᠨ ) ᠢᠶᠠᠨ ᠬᠦᠴᠦᠨ ᠳᠦ
ᠡᠬᠦᠨᠡᠨ ᠲᠡᠭᠦᠨᠡᠨ ᠭᠠᠩᠬᠤᠨᠠᠢ ᠯᠠ ᠰᠠᠢ᠃
ᠤᠰᠤᠨ ᠤ ᠳᠤᠮᠳᠠ ᠪᠠᠨ ᠤᠷᠭᠤᠭᠰᠠᠨ
ᠤᠳᠪᠠᠯᠠ ᠯᠢᠩᠬ᠍ᠸᠠ ᠴᠡᠴᠡᠭ ᠨᠢ ᠯᠠ ᠰᠠᠢ
ᠶᠠᠰᠢᠯ ᠯᠠ ᠶᠠᠭᠤᠨ ( ᠤᠨ ) ᠢᠶᠠᠨ ᠬᠦᠴᠦᠨ ᠳᠦ
ᠡᠬᠦᠨᠡᠨ ᠲᠡᠭᠦᠨᠡᠨ ᠭᠠᠩᠬᠤᠨᠠᠢ ᠯᠠ ᠰᠠᠢ᠃
ᠪᠠᠯᠴᠢᠭ ᠳᠤᠮᠳᠠ ᠪᠠᠨ ᠤᠷᠭᠤᠭᠰᠠᠨ
ᠪᠠᠳᠮ᠎ᠠ ᠯᠢᠩᠬ᠍ᠸᠠ ᠴᠡᠴᠡᠭ ᠨᠢ ᠯᠡ ᠰᠠᠢ
ᠶᠠᠰᠢᠯ ᠯᠠ ᠶᠠᠭᠤᠨ ( ᠤᠨ ) ᠢᠶᠠᠨ ᠬᠦᠴᠦᠨ ᠳᠦ
ᠡᠬᠦᠨᠡᠨ ᠲᠡᠭᠦᠨᠡᠨ ᠭᠠᠩᠬᠤᠨᠠᠢ ᠯᠠ ᠰᠠᠢ᠃
ᠬᠥᠨᠳᠡᠢ ᠳᠤᠮᠳᠠ ᠪᠠᠨ ᠥᠰᠦᠭᠰᠡᠨ
ᠬᠥᠬᠦᠭᠡ ᠰᠢᠪᠠᠭᠤᠨ ᠤ ᠳᠡᠭᠳᠡᠭᠡᠬᠡᠢ ᠯᠡ ᠰᠠᠢ
ᠬᠥᠭᠡᠷᠦᠬᠦᠢ ᠦᠷ᠎ᠡ ᠪᠡᠨ ᠥᠰᠭᠡᠪᠡᠯ
ᠬᠥᠮᠦᠨ ᠦ ᠭᠠᠵᠠᠷ ᠲᠤ ᠵᠠᠶᠠᠭᠠᠳᠠᠭ ᠯᠠ ᠰᠠᠢ᠃
ᠪᠠᠯᠴᠢᠭ ᠳᠤᠮᠳᠠ ᠪᠠᠨ ᠤᠷᠭᠤᠭᠰᠠᠨ
ᠪᠠᠳᠮ᠎ᠠ ᠯᠢᠩᠬ᠍ᠸᠠ ᠴᠡᠴᠡᠭ ᠨᠢ ᠯᠡ ᠰᠠᠢ
ᠬᠠᠢᠷᠠᠲᠠᠢ ᠦᠷ᠎ᠡ ᠶᠢ ᠪᠡᠨ ᠥᠰᠬᠡᠪᠡᠯ
ᠬᠠᠷᠢ ᠶᠢᠨ ᠭᠠᠵᠠᠷ ᠲᠤ ᠵᠠᠶᠠᠭᠠᠳᠠᠭ ᠯᠠ ᠰᠠᠢ᠃
