ᠲᠣᠬᠤᠨᠲᠡᠮᠦᠷ ᠤᠬᠠᠭᠠᠨᠲᠤ ᠬᠠᠭᠠᠨ (16) - ᠬᠦᠴᠢᠬᠡᠨ Тохонтөмөр ухаант хаан(16) - Хүчхэн
ᠲᠣᠬᠤᠨᠲᠡᠮᠦᠷ ᠤᠬᠠᠭᠠᠨᠲᠤ ᠬᠠᠭᠠᠨ –16
ᠠᠷᠪᠠᠨ ᠵᠢᠷᠭᠤᠳᠤᠭᠠᠷ ᠪᠦᠯᠦᠭ
ᠳᠠᠷᠬᠠᠨ ᠠᠭᠤᠯᠠ ᠶ᠋ᠢᠨ ᠮᠠᠨᠳᠠᠯ ᠳ᠋ᠤ᠌ ᠲᠤᠬᠤᠨᠳᠡᠮᠤᠷ ᠭᠡᠮᠰᠢᠯ ᠦ᠋ᠨ ᠰᠢᠯᠦᠭ ᠬᠠᠢᠯᠠᠪᠠᠢ
ᠳᠠᠯᠠᠢᠨᠠᠭᠤᠷ ᠤ᠋ᠨ ᠲᠦᠰᠢ ᠬᠠᠳᠠ ᠠᠳᠠᠯᠢ ᠬᠥᠬᠡᠲᠡᠮᠦᠷ ᠪᠠᠭᠠᠲᠤᠷ ᠵᠣᠷᠢᠭ ᠢ᠋ ᠬᠣᠴᠣᠷᠭᠠᠪᠠᠢ
ᠥᠭᠦᠯᠡᠬᠦ ᠢᠨᠦ ᠂ ᠴᠠᠩ ᠢᠦᠢ ᠴᠦᠨ ᠂ ᠯᠢ ᠸᠧᠨ ᠵᠦᠩ ᠦ᠋ᠨ ᠵᠠᠬᠢᠷᠤᠭᠰᠠᠨ ᠨᠠᠢ᠍ᠮᠠᠨ ᠲᠦᠮᠡᠨ ᠶᠠᠪᠠᠭᠠᠨ ᠴᠡᠷᠢᠭ ᠂ ᠨᠢᠭᠡ ᠲᠦᠮᠡᠨ ᠮᠣᠷᠢᠲᠤ ᠴᠡᠷᠢᠭ ᠹᠧᠩ ᠰᠢᠶᠠᠩ ᠠ᠋ᠴᠠ ᠮᠣᠷᠳᠠᠵᠤ ᠤᠮᠠᠷᠠᠰᠢ ᠵᠢᠨᠵᠧᠤ ᠶ᠋ᠢ ᠳᠣᠪᠲᠣᠯᠪᠠ᠃ ᠶᠤᠸᠠᠨ ᠤᠯᠤᠰ ᠤ᠋ᠨ ᠵᠢᠨᠵᠧᠤ ᠶ᠋ᠢ ᠰᠠᠬᠢᠭᠴᠢ ᠵᠠᠩᠵᠤᠨ ᠵᠢᠶᠠᠩ ᠸᠧᠨ ᠴᠢᠩ ᠪᠦᠬᠦ ᠬᠦᠴᠦᠨ ᠢ᠋ᠶ᠋ᠡᠷ ᠬᠣᠷᠢᠭᠯᠠᠨ ᠪᠠᠢᠯᠳᠤᠭᠰᠠᠨ ᠪᠣᠯᠪᠠᠴᠤ ᠴᠠᠩ ᠢᠦᠢ ᠴᠦᠨ ᠦ᠌ ᠭᠡᠨᠡᠳᠡᠭᠦᠯᠦᠨ ᠳᠠᠭᠠᠷᠢᠬᠤ ᠪᠠᠢᠯᠳᠤᠬᠤ ᠠᠷᠭ᠎ᠠ ᠶ᠋ᠢᠨ ᠡᠮᠦᠨ᠎ᠡ ᠬᠥᠳᠡᠯᠦᠩᠭᠦᠢ ᠪᠤᠰᠤ ᠪᠠᠢᠳᠠᠯ ᠳ᠋ᠤ᠌ ᠣᠷᠣᠵᠤ ᠤᠳᠠᠭᠰᠠᠨ ᠦᠭᠡᠢ ᠵᠢᠨᠵᠧᠤ ᠶ᠋ᠢᠨ ᠰᠡᠷᠭᠡᠢᠯᠡᠯᠲᠡ ᠡᠪᠳᠡᠭᠳᠡᠪᠡ᠃ ᠵᠠᠯᠭᠠᠭᠠᠳ ᠴᠢᠤᠸᠠᠨ ᠨᠢᠩ (ᠴᠢᠤᠸᠠᠨ ᠨᠢᠩ ᠪᠣᠯ ᠣᠳᠣ ᠶ᠋ᠢᠨ ᠣᠩᠨᠢᠭᠤᠳ ᠤ᠋ᠨ ᠪᠤᠷᠤᠬᠤᠲᠠ ᠪᠤᠶᠤ᠃ ᠶᠤᠸᠠᠨ ᠵᠧᠨ ᠦ᠌ ᠲᠡᠷᠢᠭᠦᠨ ᠣᠨ 〈1295 〉 ᠳ᠋ᠤ᠌ ᠣᠷᠴᠠᠨ ᠤ᠋ ᠳᠡᠭᠦᠦ ᠮᠠᠨᠽᠠᠳᠢ ᠪᠠᠢᠭᠤᠯᠪᠠ ) ᠠᠪᠲᠠᠵᠤ᠂ ᠲᠠ ᠰᠢᠩ ᠵᠧᠦ ᠪᠦᠰᠡᠯᠡᠭᠳᠡᠵᠦ ᠶᠤᠸᠠᠨ ᠤᠯᠤᠰ ᠤ᠋ᠨ ᠱᠠᠩᠳᠤ ᠶ᠋ᠢᠨ ᠰᠡᠷᠭᠡᠢᠯᠡᠯᠲᠡ ᠶ᠋ᠢᠨ ᠴᠡᠷᠢᠭ ᠦ᠋ᠨ ᠶᠡᠷᠦᠩᠬᠡᠢ ᠵᠠᠬᠢᠷᠤᠭᠴᠢ ᠴᠢᠩᠰᠠᠩ ᠶᠢᠰᠤᠷ ᠂ ᠴᠢᠩᠰᠠᠩ ᠲᠣᠬᠣᠴᠢ ᠣᠯᠵᠠᠯᠠᠭᠳᠠᠪᠠ᠃ ᠲᠤᠬᠤᠨᠳᠡᠮᠤᠷ ᠬᠠᠭᠠᠨ ᠤ᠋ ᠨᠠᠷᠢᠨ ᠪᠣᠳᠣᠵᠤ ᠨᠢᠭᠲᠠ ᠲᠥᠯᠥᠪᠯᠡᠭᠰᠡᠨ ᠬᠣᠷᠢᠨ ᠣᠨ ᠬᠣᠷᠢᠭᠯᠠᠵᠤ ᠳᠡᠢᠯᠬᠦ ᠱᠠᠩᠳᠤ ᠶ᠋ᠢᠨ ᠰᠡᠷᠭᠡᠢᠯᠡᠯᠲᠡ ᠶ᠋ᠢᠨ ᠱᠤᠭᠤᠮ ᠨᠢ ᠂ ᠴᠠᠩ ᠢᠦᠢ ᠴᠦᠨ ᠦ᠌ ᠭᠡᠨᠡᠳᠡᠭᠦᠯᠦᠨ ᠳᠠᠭᠠᠷᠢᠬᠤ ᠪᠠᠢᠯᠳᠤᠬᠤ ᠠᠷᠭ᠎ᠠ ᠶ᠋ᠢᠨ ᠡᠮᠦᠨ᠎ᠡ ᠳ᠋ᠧᠦᠹᠦ᠋ ᠮᠡᠲᠦ ᠰᠦᠢᠷᠡᠭᠡᠳ ᠮᠢᠩ ᠦ᠋ᠨ ᠴᠡᠷᠢᠭ ᠨᠢᠭᠡ ᠰᠠᠷ᠎ᠠ ᠶ᠋ᠢᠨ ᠣᠬᠣᠷᠬᠠᠨ ᠬᠤᠭᠤᠴᠠᠭᠠᠨ᠎ᠠ ᠱᠠᠩᠳᠤ ᠳ᠋ᠤ᠌ ᠲᠤᠯᠵᠤ ᠢᠷᠡᠪᠡ ᠃ ᠲᠤᠬᠤᠨᠳᠡᠮᠤᠷ ᠬᠠᠭᠠᠨ ᠮᠢᠩ ᠦ᠋ᠨ ᠴᠡᠷᠢᠭ ᠱᠠᠩᠳᠤ ᠬᠣᠲᠠ ᠶ᠋ᠢ ᠬᠠᠭᠠᠷ᠎ᠠ ᠢᠷᠡᠭᠰᠡᠨ ᠮᠡᠳᠡᠭᠡ ᠶ᠋ᠢ ᠣᠯᠤᠮᠠᠭᠴᠠ ᠲᠡᠷᠡ ᠳᠠᠷᠤᠢ ᠬᠠᠲᠤᠨ ᠪᠣᠯᠤᠨ ᠲᠠᠢᠽᠢ ᠨᠠᠷ ᠢ᠋ᠶ᠋ᠠᠨ ᠠᠪᠴᠤ ᠰᠡᠩᠳᠡ ᠮᠡᠩᠳᠡ ᠢᠩᠴᠠᠩ ( ᠢᠩᠴᠠᠩ ᠪᠣᠯ ᡁᠢ ᠵᠧᠩ ᠦ᠋ᠨ ᠳᠣᠯᠣᠳᠤᠭᠠᠷ ᠣᠨ 〈1270 〉 ᠳ᠋ᠤ᠌ ᠣᠷᠴᠠᠨ ᠤ᠋ ᠪᠠᠢᠭᠤᠯᠤᠭᠰᠠᠨ ᠬᠣᠲᠠ ᠮᠥᠨ᠃ ᠮᠣᠩᠭᠣᠯ ᠢ᠋ᠶ᠋ᠠᠷ ᠪᠠᠷᠰ ᠬᠣᠲᠠ ᠭᠡᠳᠡᠭ ) ᠲᠦ᠍ ᠵᠠᠢᠯᠠᠵᠤ ᠣᠳᠪᠠ ᠃ ᠲᠥᠷᠥᠯ ᠦ᠋ᠨ ᠨᠣᠶᠠᠨ ᠴᠢᠩ ᠱᠧᠩ ᠂ ᠴᠢᠩᠰᠠᠩ ᠲᠦᠰᠢᠮᠡᠯ ᠳ᠋ᠢᠩᠵᠤ ᠲᠦᠮᠡ ᠭᠠᠷᠤᠢ ᠮᠣᠩᠭᠣᠯ ᠮᠣᠷᠢᠲᠤ ᠴᠡᠷᠢᠭ ᠢ᠋ ᠵᠠᠬᠢᠷᠴᠤ ᠴᠠᠩ ᠢᠦᠢ ᠴᠦᠨ ᠦ᠌ ᠴᠡᠷᠢᠭ ᠯᠦ᠍ᠭᠡ ᠱᠠᠩᠳᠤ ᠬᠣᠲᠠ ᠶ᠋ᠢᠨ ᠭᠠᠳᠠᠨ᠎ᠠ ᠰᠢᠷᠦᠭᠦᠨ ᠢ᠋ᠶ᠋ᠡᠷ ᠬᠣᠷᠢᠭᠯᠠᠨ ᠪᠠᠢᠯᠳᠤᠪᠠ ᠃ ᠭᠡᠪᠡᠴᠦ ᠴᠡᠷᠢᠭ ᠦ᠋ᠨ ᠬᠦᠴᠦᠨ ᠦ᠌ ᠬᠠᠷᠢᠴᠠᠯ ᠠᠳᠠᠪᠠᠰᠢ ᠵᠥᠷᠢᠶ᠎ᠡ ᠲᠡᠢ ᠪᠥᠭᠡᠳ ᠠᠷᠤ ᠲᠠᠯ᠎ᠠ ᠶ᠋ᠢᠨ ᠲᠤᠰᠠᠯᠠᠮᠵᠢ ᠲᠠᠰᠤᠷᠠᠭᠰᠠᠨ ᠠ᠋ᠴᠠ ᠪᠣᠯᠵᠤ ᠴᠢᠩ ᠱᠧᠩ ᠂ ᠳ᠋ᠢᠩᠵᠤ ᠪᠠᠢᠯᠳᠤᠨ ᠦᠬᠦᠭᠡᠳ ᠱᠠᠩᠳᠤ ᠬᠣᠲᠠ ᠮᠢᠩ ᠦ᠋ᠨ ᠴᠡᠷᠢᠭ ᠲᠦ᠍ ᠡᠵᠡᠯᠡᠭᠳᠡᠪᠡ᠃
ᠡᠢᠨ ᠬᠦ᠌ ᠮᠢᠩ ᠦ᠋ᠨ ᠴᠡᠷᠢᠭ ᠱᠠᠩᠳᠤ ᠬᠣᠲᠠᠨ᠎ᠠ ᠣᠷᠣᠵᠤ ᠡᠳ᠋ ᠪᠣᠳᠠᠰ ᠢ᠋ ᠪᠤᠯᠢᠶᠠᠨ ᠣᠷᠳᠣᠨ ᠬᠠᠷᠰᠢ ᠶ᠋ᠢ ᠭᠠᠯᠳᠠᠵᠤ ᠂ ᠭᠤᠷᠪᠠᠨ ᠮᠢᠩᠭᠠᠨ ᠠᠳᠤᠭᠤ ᠂ ᠲᠠᠪᠤᠨ ᠲᠦᠮᠡᠨ ᠦᠬᠡᠷ ᠬᠣᠨᠢ ᠶ᠋ᠢ ᠲᠠᠭᠤᠭᠠᠳ ᠡᠮᠦᠨᠡᠰᠢ ᠪᠡᠨ ᠪᠤᠴᠠᠪᠠ ᠃
ᠮᠢᠩ ᠦ᠋ᠨ ᠢᠯᠠᠭᠤᠭᠰᠠᠨ ᠵᠠᠩᠵᠤᠨ ᠭᠡᠮᠡᠨ ᠠᠯᠳᠠᠷᠰᠢᠭᠰᠠᠨ ᠴᠠᠩ ᠢᠦᠢ ᠴᠦᠨ ᠬᠤᠷᠴᠠ ᠬᠢᠲᠤᠭ᠎ᠠ ᠪᠠᠷ ᠬᠤᠯᠤᠰᠤ ᠵᠦᠰᠦᠬᠦ ᠮᠡᠲᠦ ᠡᠷᠴᠢᠨ ᠢ᠋ᠶ᠋ᠡᠷ ᠣᠬᠣᠷᠬᠠᠨ ᠬᠤᠭᠤᠴᠠᠭᠠᠨ ᠳ᠋ᠤ᠌ ᠱᠠᠩᠳᠤ ᠬᠣᠲᠠ ᠶ᠋ᠢ ᠡᠪᠳᠡᠵᠦ ᠂ ᠭᠠᠨᠵᠤᠭ᠎ᠠ ᠳᠦᠭᠦᠷᠡᠩ ᠪᠤᠴᠠᠬᠤ ᠵᠠᠮ ᠵᠠᠭᠤᠷ᠎ᠠ ᠪᠠᠨ ᠯᠢᠦ ᠾᠧ ᠴᠤᠸᠠᠨ ᠬᠡᠮᠡᠬᠦ ᠭᠠᠵᠠᠷ ᠬᠦᠷᠦᠭᠡᠳ ᠲᠦᠷᠭᠡᠨ ᠡᠪᠡᠳᠴᠢᠨ ᠳ᠋ᠦ᠍ ᠨᠡᠷᠪᠡᠭᠳᠡᠭᠡᠳ ᠭᠡᠨᠡᠳᠲᠡ ᠦᠬᠦᠪᠡ ᠃ ᠯᠢ ᠸᠧᠨ ᠵᠦᠩ ᠴᠡᠷᠢᠭ ᠢ᠋ᠶ᠋ᠡᠨ ᠵᠠᠬᠢᠷᠴᠤ ᠂ ᠲᠤᠬᠤᠨᠳᠡᠮᠤᠷ ᠬᠠᠭᠠᠨ ᠤ᠋ ᠬᠣᠢᠨ᠎ᠠ ᠠ᠋ᠴᠠ ᠠᠷᠪᠠᠭᠠᠳ ᠡᠳᠦᠷ ᠨᠡᠬᠡᠮᠵᠢᠯᠡᠭᠰᠡᠨ ᠪᠣᠯᠪᠠᠴᠤ ᠢᠩᠴᠠᠩ ᠢ᠋ ᠠᠶᠤᠮᠰᠢᠭ ᠦᠭᠡᠢ ᠬᠠᠯᠳᠠᠭᠰᠠᠨ ᠦᠭᠡᠢ᠂ ᠬᠠᠷᠢᠨ ᠪᠠᠷᠠᠭᠤᠨ ᠡᠮᠦᠨᠡᠭᠦᠷ ᠨᠢ ᠲᠣᠭᠣᠷᠢᠨ ᠭᠠᠷᠤᠭᠠᠳ ᠰᠢᠭᠤᠳ ᠨᠠᠨᠵᠢᠩ ᠢ᠋ ᠴᠢᠭᠯᠡᠨ ᠣᠳᠪᠠ ᠃
ᠲᠡᠳᠦᠢ ᠳ᠋ᠦ᠍ᠷ ᠰᠢᠦᠢ ᠳᠠ ᠶ᠋ᠢᠨ ᠵᠠᠬᠢᠷᠤᠭᠰᠠᠨ ᠴᠡᠷᠢᠭ ᠭᠤᠸᠠᠨᠵᠦ᠋ᠩ ᠢ᠋ ᠡᠵᠡᠯᠡᠵᠦ ᠂ ᠵᠢᠭᠦᠷ ᠦ᠋ᠨ ᠵᠠᠩᠵᠤᠨ ᠵᠠᠩ ᠸᠧᠨ ᠯᠠᠨᠵᠧᠦ ᠶ᠋ᠢ ᠬᠠᠭᠠᠪᠠ ᠃ ᠡᠨᠡ ᠦᠶ᠎ᠡ ᠳ᠋ᠦ᠍ ᠬᠥᠬᠡᠲᠡᠮᠦᠷ ᠲᠠᠢᠶᠤᠸᠠᠨ ᠠ᠋ᠴᠠ ᠳᠤᠲᠠᠭᠠᠵᠤ ᠭᠠᠷᠤᠭᠠᠳ ᠭᠠᠨᠰᠦ ᠳ᠋ᠦ᠍ ᠢᠷᠡᠭᠡᠳ ᠴᠡᠷᠢᠭ ᠮᠣᠷᠢ ᠪᠠᠨ ᠴᠡᠭᠴᠡᠯᠡᠨ ᠪᠣᠯᠪᠠᠰᠤᠷᠠᠭᠤᠯᠵᠤ ᠰᠢᠦᠢ ᠳᠠ ᠶ᠋ᠢᠨ ᠪᠠᠢᠳᠠᠯ ᠢ᠋ ᠠᠵᠢᠵᠤ ᠪᠠᠢᠪᠠ᠃ ᠲᠡᠷᠡ ᠡᠮᠦᠨᠡᠬᠢ ᠬᠣᠶᠠᠷ ᠤᠳᠠᠭᠠᠨ ᠤ᠋ ᠪᠠᠢᠯᠳᠤᠭᠠᠨ ᠠ᠋ᠴᠠ ᠰᠤᠷᠭᠠᠮᠵᠢ ᠠᠪᠴᠤ ᠬᠥᠩᠭᠡᠨ ᠢ᠋ᠶ᠋ᠡᠷ ᠭᠠᠷᠴᠤ ᠪᠠᠢᠯᠳᠤᠬᠤ ᠦᠭᠡᠢ ᠂ ᠭᠠᠭᠴᠠ ᠬᠦ᠌ ᠠᠰᠢᠭᠲᠠᠢ ᠴᠠᠭ ᠲᠣᠬᠢᠶᠠᠯ ᠢ᠋ ᠬᠦᠯᠢᠶᠡᠵᠦ ᠪᠠᠢᠲᠠᠯ᠎ᠠ ᠵᠠᠩ ᠸᠧᠨ ᠦ᠌ ᠴᠡᠷᠢᠭ ᠬᠦᠷᠴᠦ ᠢᠷᠡᠭᠡᠳ ᠯᠠᠨᠵᠧᠦ ᠶ᠋ᠢ ᠡᠵᠡᠯᠡᠭᠰᠡᠨᠡ ᠬᠥᠬᠡᠲᠡᠮᠦᠷ 《 ᠳᠡᠭᠡᠳᠦ ᠲᠡᠭᠷᠢ ᠡᠴᠡ ᠨᠠᠳᠠ ᠳ᠋ᠤ᠌ ᠬᠦᠷᠭᠡᠵᠦ ᠢᠷᠡᠭᠰᠡᠨ ᠬᠦᠨᠳᠦ ᠪᠡᠯᠡᠭ 》 ᠭᠡᠮᠡᠨ ᠶᠡᠬᠡᠳᠡ ᠪᠠᠶᠠᠷᠯᠠᠪᠠ ᠃
ᠬᠥᠬᠡᠲᠡᠮᠦᠷ ᠰᠡᠳᠬᠢᠷᠦᠨ ᠄ 《 ᠵᠦᠬᠡ ᠬᠤᠯᠠᠭᠠᠢ ᠪᠠᠷᠠᠭᠤᠨ ᠬᠣᠢᠲᠤ ᠣᠷᠣᠨ ᠢ᠋ ᠬᠣᠷᠢᠶᠠᠨ ᠲᠣᠭᠲᠠᠭᠠᠬᠤ ᠬᠡᠮᠡᠪᠡᠰᠦ ᠡᠷᠬᠡᠪᠰᠢ ᠯᠠᠨᠵᠧᠦ ᠶ᠋ᠢ ᠪᠠᠲᠤᠯᠠᠨ ᠰᠠᠬᠢᠮᠤᠢ᠃ ᠡᠳᠦᠭᠡ ᠵᠠᠩ ᠸᠧᠨ ᠦ᠌ ᠥᠨᠥᠴᠢᠨ ᠴᠡᠷᠢᠭ ᠡᠨᠡ ᠬᠦ᠌ ᠡᠭᠦᠷᠭᠡ ᠶ᠋ᠢ ᠪᠡᠶᠡᠯᠡᠭᠦᠯᠵᠦ ᠳᠡᠢᠯᠬᠦ ᠦᠭᠡᠢ ᠲᠤᠯᠠ ᠰᠢᠦᠢ ᠳᠠ ᠯᠠᠪᠲᠠᠶ᠎ᠠ ᠲᠤᠰᠠᠯᠠᠬᠤ ᠴᠡᠷᠢᠭ ᠢᠯᠡᠭᠡᠮᠦᠢ᠃ ᠪᠢ ᠡᠦᠲᠦ ᠠᠮᠤᠷ ᠴᠡᠷᠢᠭ ᠢ᠋ᠶ᠋ᠡᠷ ᠵᠦᠳᠡᠭᠰᠡᠨ ᠴᠡᠷᠢᠭ ᠢ᠋ ᠤᠰᠠᠳᠬᠠᠰᠤᠭᠠᠢ 》 ᠭᠡᠮᠡᠨ ᠨᠢᠭᠡ ᠲᠠᠯ᠎ᠠ ᠪᠠᠷ ᠴᠡᠷᠢᠭ ᠲᠣᠮᠢᠯᠠᠨ ᠯᠠᠨᠵᠧᠦ ᠶ᠋ᠢ ᠪᠦᠰᠡᠯᠡᠵᠦ ᠨᠥᠬᠥᠭᠡ ᠲᠠᠯ᠎ᠠ ᠪᠠᠷ ᠪᠠᠷᠲᠠᠭ᠎ᠠ ᠶᠡᠬᠡᠲᠡᠢ ᠬᠠᠪᠴᠢᠯ ᠭᠠᠵᠠᠷ ᠲᠤ᠌ ᠴᠡᠷᠢᠭ ᠪᠦᠭᠭᠦᠭᠦᠯᠦᠨ ᠰᠢᠦᠢ ᠲᠠ ᠶ᠋ᠢᠨ ᠲᠤᠰᠠᠯᠠᠷ᠎ᠠ ᠢᠷᠡᠬᠦ ᠴᠡᠷᠢᠭ ᠢ᠋ ᠲᠣᠰᠣᠨ ᠪᠠᠢᠯᠳᠤᠬᠤ ᠪᠠᠷ ᠱᠠᠯᠠᠪᠳᠠᠨ ᠪᠡᠯᠡᠳᠬᠡᠪᠡ ᠃
ᠬᠡᠷᠡᠭ ᠦ᠋ᠨ ᠬᠥᠭᠵᠢᠯᠲᠡ ᠦᠨᠡᠬᠡᠷ ᠬᠥᠬᠡᠲᠡᠮᠦᠷ ᠦ᠋ᠨ ᠪᠣᠳᠣᠭᠰᠠᠨ ᠠ᠋ᠴᠠ ᠭᠠᠷᠤᠭᠰᠠᠨ ᠦᠭᠡᠢ ᠰᠢᠦᠢ ᠳᠠ᠂ ᠵᠢᠭᠦᠷ ᠦ᠋ᠨ ᠵᠠᠩᠵᠤᠨ ᠢᠦᠢ ᠭᠤᠸᠠᠩ ᠳ᠋ᠤ᠌ ᠭᠤᠷᠪᠠᠨ ᠲᠦᠮᠡᠨ ᠮᠣᠷᠢᠲᠤ ᠶᠠᠪᠠᠭᠠᠨ ᠴᠡᠷᠢᠭ ᠢ᠋ ᠰᠠᠯᠭᠠᠵᠤ ᠥᠭᠭᠦᠭᠡᠳ ᠯᠠᠨᠵᠧᠦ ᠶ᠋ᠢ ᠥᠮᠥᠭᠯᠡᠷ᠎ᠡ ᠢᠯᠡᠭᠡᠪᠡ ᠃
ᠢᠦᠢ ᠭᠤᠸᠠᠩ ᠬᠡᠳᠦᠨ ᠡᠳᠦᠷ ᠦ᠋ᠨ ᠵᠠᠮ ᠢ᠋ ᠰᠢᠭᠤᠳ ᠰᠢᠯᠤᠭᠤᠨ ᠢ᠋ᠶ᠋ᠠᠷ ᠥᠩᠭᠡᠷᠡᠭᠦᠯᠵᠦ ᠯᠠᠨᠵᠧᠦ ᠡᠴᠡ ᠲᠠᠪᠢᠨ ᠭᠠᠵᠠᠷ ᠤ᠋ᠨ ᠦᠵᠦᠭᠦᠷ ᠢᠷᠠᠪᠠᠰᠤ ᠭᠡᠨᠡᠳᠲᠡ ᠠᠭᠤᠯᠠᠨ ᠬᠠᠪᠴᠢᠯ ᠠ᠋ᠴᠠ ᠨᠢᠭᠡᠨ ᠠᠩᠭᠢ ᠮᠣᠷᠢᠲᠤ ᠴᠡᠷᠢᠭ ᠳᠣᠪᠲᠣᠯᠤᠨ ᠭᠠᠷᠴᠤ ᠢᠷᠡᠭᠡᠳ 《ᠵᠡᠪᠰᠡᠭ ᠢ᠋ᠶ᠋ᠡᠨ ᠬᠠᠶᠠᠪᠠᠰᠤ ᠦᠬᠦᠬᠦ ᠡᠴᠡ ᠭᠡᠯᠳᠦᠷᠢᠭᠦᠯᠦᠮᠦᠢ 》 ᠭᠡᠮᠡᠨ ᠥᠨᠳᠥᠷ ᠳᠠᠭᠤᠨ ᠢ᠋ᠶ᠋ᠠᠷ ᠬᠠᠰᠬᠢᠷᠤᠯᠳᠤᠨ ᠪᠤᠴᠠᠬᠤ ᠵᠠᠮ ᠢ᠋ ᠬᠠᠭᠠᠪᠠ ᠃ ᠢᠦᠢ ᠭᠤᠸᠠᠩ ᠭᠱᠠᠨ ᠵᠠᠭᠤᠷ᠎ᠠ ᠬᠣᠮᠣᠷᠭᠠᠨ ᠳ᠋ᠤ᠌ ᠣᠷᠣᠭᠰᠠᠨ ᠦᠨᠡᠭᠡ ᠮᠡᠲᠦ ᠤᠬᠤᠷᠢᠵᠤ ᠤᠷᠤᠭᠰᠢᠯᠠᠬᠤ ᠪᠠᠨ ᠣᠯᠬᠤ ᠦᠭᠡᠢ ᠪᠣᠯᠵᠤ ᠂ ᠬᠤᠯᠮᠠᠭᠠᠨᠠᠵᠤ ᠪᠠᠢᠭᠠᠳ ᠬᠥᠬᠡᠲᠡᠮᠦᠷ ᠦ᠋ᠨ ᠴᠡᠷᠢᠭ ᠲᠦ᠍ ᠪᠦᠷᠢᠮᠦᠰᠦᠨ ᠤᠰᠠᠳᠬᠠᠭᠳᠠᠪᠠ ᠃ ᠵᠠᠩ ᠸᠧᠨ ᠂ ᠯᠠᠨᠵᠧᠦ ᠶ᠋ᠢ ᠲᠤᠰᠠᠯᠠᠷ᠎ᠠ ᠢᠷᠡᠭᠰᠡᠨ ᠴᠡᠷᠢᠭ ᠬᠥᠬᠡᠲᠡᠮᠦᠷ ᠦ᠋ᠨ ᠴᠡᠷᠢᠭ ᠲᠦ᠍ ᠪᠦᠰᠡᠯᠡᠭᠳᠡᠨ ᠤᠰᠠᠳᠬᠠᠭᠳᠠᠭᠰᠠᠨ ᠮᠡᠳᠡᠭᠡ ᠶ᠋ᠢ ᠣᠯᠤᠭᠠᠳ ᠲᠡᠷᠡ ᠳᠠᠷᠤᠢ ᠭᠤᠷᠪᠠᠨ ᠮᠢᠩᠭᠠᠨ ᠭᠠᠪᠰᠢᠭᠠᠢ ᠴᠡᠷᠢᠭ ᠢ᠋ ᠳᠠᠢᠴᠢᠯᠠᠨ ᠬᠥᠬᠡᠲᠡᠮᠦᠷ ᠦ᠋ᠨ ᠪᠦᠰᠡᠯᠡᠯᠲᠡ ᠶ᠋ᠢ ᠰᠢᠪᠲᠤᠯᠤᠨ ᠯᠠᠨᠵᠧᠦ ᠡᠴᠡ ᠳᠤᠲᠠᠭᠠᠪᠠ ᠃ ᠡᠨᠡ ᠨᠢ ᠬᠥᠬᠡᠲᠡᠮᠦᠷ ᠦ᠋ᠨ ᠴᠡᠷᠢᠭ ᠦ᠋ᠨ ᠲᠥᠯᠥᠪᠯᠡᠭᠡ ᠶ᠋ᠢ ᠰᠠᠮᠠᠭᠤᠷᠠᠭᠤᠯᠤᠭᠰᠠᠨ ᠠᠪᠠᠴᠤ ᠲᠡᠷᠡ ᠮᠥᠨ ᠯᠡ ᠤᠭ ᠶᠣᠰᠣᠭᠠᠷ 《 ᠠᠮᠤᠷ ᠴᠡᠷᠢᠭ ᠢ᠋ᠶ᠋ᠡᠷ ᠵᠦᠳᠡᠭᠰᠡᠨ ᠴᠡᠷᠢᠭ ᠢ᠋ ᠤᠰᠠᠳᠬᠠᠬᠤ 》 ᠪᠠᠷ ᠬᠦᠯᠢᠶᠡᠵᠦ ᠰᠠᠭᠤᠪᠠ ᠃
ᠬᠥᠬᠡᠲᠡᠮᠦᠷ ᠦ᠋ᠨ ᠴᠡᠷᠢᠭ ᠲᠡᠢᠨ ᠦ᠌ ᠠᠵᠢᠯᠯᠠᠭ᠎ᠠ ᠨᠢ ᠵᠣ᠌ ᠶᠤᠸᠠᠨ ᠵᠠᠩ ᠤ᠋ᠨ ᠠᠩᠬᠠᠷᠤᠯ ᠳ᠋ᠤ᠌ ᠣᠷᠣᠵᠤ ᠬᠣᠩ ᠡᠦ ᠶ᠋ᠢᠨ ᠭᠤᠷᠪᠠᠳᠤᠭᠠᠷ ᠣᠨ (1370 ᠣᠨ ) ᠤ᠋ ᠴᠠᠭᠠᠨ ᠰᠠᠷ᠎ᠠ ᠶ᠋ᠢᠨ ᠰᠢᠨ᠎ᠡ ᠶ᠋ᠢᠨ ᠭᠤᠷᠪᠠᠨ ᠤ᠋ ᠡᠳᠦᠷ ᠵᠣ᠌ ᠶᠤᠸᠠᠨ ᠵᠠᠩ ᠂ ᠴᠡᠷᠢᠭ ᠦ᠋ᠨ ᠶᠠᠪᠤᠳᠠᠯ ᠤ᠋ᠨ ᠬᠤᠷᠠᠯ ᠬᠤᠷᠠᠵᠤ ᠬᠥᠬᠡᠲᠡᠮᠦᠷ ᠦ᠋ᠨ ᠴᠡᠷᠢᠭ ᠢ᠋ ᠠᠷᠭᠠᠴᠠᠭᠠᠬᠤ ᠰᠢᠨ᠎ᠡ ᠨᠢᠭᠡᠨ ᠲᠥᠰᠦᠯ ᠲᠣᠭᠲᠠᠭᠠᠪᠠ᠃ ᠲᠤᠬᠠᠢᠯᠠᠪᠠᠯ ᠰᠢᠦᠢ ᠳᠠ ᠶ᠋ᠢ ᠮᠥᠨ ᠤᠮᠠᠷᠠᠰᠢ ᠳᠠᠢᠯᠠᠬᠤ ᠶᠡᠬᠡ ᠵᠠᠩᠵᠤᠨ ᠂ ᠯᠢ ᠸᠧᠨ ᠵᠦᠩ ᠢ᠋ ᠵᠡᠭᠦᠨ ᠵᠢᠭᠦᠷ ᠦ᠋ᠨ ᠳᠡᠳ᠋ ᠵᠠᠩᠵᠤᠨ ᠂ ᠹᠧᠩ ᠱᠧᠩ ᠢ᠋ ᠪᠠᠷᠠᠭᠤᠨ ᠵᠢᠭᠦᠷ ᠦ᠋ᠨ ᠳᠡᠳ᠋ ᠵᠠᠩᠵᠤᠨ᠂ ᠳ᠋ᠧᠩ ᠢᠦᠢ ᠶ᠋ᠢ ᠵᠡᠭᠦᠨ ᠵᠢᠭᠦᠷ ᠦ᠋ᠨ ᠲᠤᠰᠠᠯᠠᠭᠴᠢ ᠵᠠᠩᠵᠤᠨ ᠂ ᠳᠠᠩ ᠾᠧ ᠶ᠋ᠢ ᠪᠠᠷᠠᠭᠤᠨ ᠵᠢᠭᠦᠷ ᠦ᠋ᠨ ᠲᠤᠰᠠᠯᠠᠭᠴᠢ ᠵᠠᠩᠵᠤᠨ ᠢ᠋ᠶ᠋ᠠᠷ ᠲᠤᠰ ᠲᠤᠰ ᠡᠷᠭᠦᠮᠵᠢᠯᠡᠵᠦ ᠂ ᠰᠢᠦᠢ ᠳᠠ ᠶ᠋ᠢ ᠲᠦᠩᠭᠤᠸᠠᠨ ᠪᠣᠭᠣᠮᠲᠠ ᠪᠠᠷ ᠣᠷᠣᠵᠤ ᠬᠥᠬᠡᠲᠡᠮᠦᠷ ᠦ᠋ᠨ ᠴᠡᠷᠢᠭ ᠢ᠋ ᠳ᠋ᠢᠩ ᠰᠢ ᠭᠠᠵᠠᠷ ᠲᠤ᠌ ᠪᠦᠰᠡᠯᠡᠨ ᠤᠰᠠᠳᠬ᠎ᠠ ᠂ ᠯᠢ ᠸᠧᠨ ᠵᠦᠩ ᠢ᠋ ᠴᠠᠪᠴᠢᠶᠠᠯ ᠪᠣᠭᠣᠮᠲᠠ ᠪᠠᠷ ᠭᠠᠷᠴᠤ ᠢᠩᠴᠠᠩ ᠢ᠋ ᠳᠣᠪᠲᠣᠯ ᠭᠡᠮᠡᠨ ᠵᠠᠷᠯᠠᠪᠠ᠃ ᠡᠭᠦᠨ ᠦ᠌ ᠵᠡᠷᠭᠡᠴᠡᠭᠡ ᠪᠡᠷ ᠵᠣ᠌ ᠶᠤᠸᠠᠨ ᠵᠠᠩ ᠪᠠᠰᠠ ᠬᠣᠶᠠᠷ ᠰᠠᠯᠠᠭ᠎ᠠ ᠴᠡᠷᠢᠭ ᠲᠣᠮᠢᠯᠠᠨ᠂ ᠱᠠᠨ ᠰᠢ᠂ ᠾᠧᠪᠧᠢ ᠶ᠋ᠢᠨ ᠤᠮᠠᠷ᠎ᠠ ᠳ᠋ᠠᠬᠢ ᠶᠤᠸᠠᠨ ᠤᠯᠤᠰ ᠤ᠋ᠨ ᠴᠡᠷᠢᠭ ᠢ᠋ ᠴᠣᠬᠢᠭᠤᠯᠵᠤ ᠬᠥᠬᠡᠲᠡᠮᠦᠷ ᠦ᠋ᠨ ᠠᠩᠬᠠᠷᠤᠯ ᠢ᠋ ᠰᠠᠯᠭᠠᠨ ᠭᠣᠣᠯ ᠵᠠᠮ ᠤ᠋ᠨ ᠴᠡᠷᠢᠭ ᠯᠦ᠍ᠭᠡ ᠪᠡᠨ ᠬᠠᠮᠵᠢᠯᠴᠠᠭᠤᠯᠪᠠ᠃
ᠬᠥᠬᠡᠲᠡᠮᠦᠷ ᠂ ᠵᠣ᠌ ᠶᠤᠸᠠᠨ ᠵᠠᠩ ᠤ᠋ᠨ ᠡᠨᠡ ᠬᠦ᠌ ᠴᠡᠷᠢᠭ ᠲᠡᠢᠨ ᠦ᠌ ᠲᠥᠰᠦᠯ ᠢ᠋ ᠨᠠᠷᠢᠨ ᠠᠩᠬᠠᠷᠴᠤ ᠨᠡᠪᠲᠡᠷᠬᠡᠢ ᠣᠢᠯᠠᠭᠠᠭᠰᠠᠨ ᠦᠭᠡᠢ᠂ ᠲᠡᠷᠡ ᠮᠥᠨ ᠯᠡ ᠳ᠋ᠢᠩ ᠰᠢ ᠭᠠᠵᠠᠷ ᠢ᠋ ᠰᠠᠬᠢᠨ ᠰᠠᠭᠤᠵᠤ ᠮᠢᠩ ᠦ᠋ᠨ ᠴᠡᠷᠢᠭ ᠦ᠋ᠨ ᠲᠤᠰᠠᠯᠠᠷ᠎ᠠ ᠢᠷᠡᠬᠦ ᠶ᠋ᠢ ᠵᠠᠪᠳᠤᠨ ᠪᠦᠰᠡᠯᠡᠨ ᠤᠰᠠᠳᠬᠠᠬᠤ ᠪᠠᠷ ᠪᠡᠯᠡᠳᠬᠡᠵᠦ ᠪᠠᠢᠪᠠ᠃
ᡁᠢ ᠵᠧᠩ ᠦ᠋ᠨ ᠭᠤᠴᠢᠳᠤᠭᠠᠷ ᠣᠨ ( 1370 ᠣᠨ ) ᠤ᠋ ᠬᠣᠶᠠᠳᠤᠭᠠᠷ ᠰᠠᠷ᠎ᠠ ᠳ᠋ᠤ᠌ ᠵᠣ᠌ ᠶᠤᠸᠠᠨ ᠵᠠᠩ ᠤ᠋ᠨ ᠲᠣᠮᠢᠯᠠᠭᠰᠠᠨ ᠳᠥᠷᠪᠡᠨ ᠵᠠᠮ ᠤ᠋ᠨ ᠴᠡᠷᠢᠭ ᠵᠡᠷᠭᠡ ᠪᠡᠷ ᠤᠮᠠᠷᠠᠰᠢ ᠮᠣᠷᠳᠠᠪᠠ ᠃ ᠬᠥᠬᠡᠲᠡᠮᠦᠷ ᠬᠣᠷᠢᠨ ᠲᠠᠪᠤᠨ ᠤ᠋ ᠡᠳᠦᠷ ᠡᠨᠡ ᠮᠡᠳᠡᠭᠡ ᠶ᠋ᠢ ᠣᠯᠪᠠ᠃ ᠲᠡᠷᠡ ᠦᠶ᠎ᠡ ᠳ᠋ᠦ᠍ ᠯᠢ ᠸᠧᠨ ᠵᠦᠩ ᠦ᠋ᠨ ᠴᠡᠷᠢᠭ ᠨᠢᠭᠡᠨᠲᠡ ᠴᠠᠪᠴᠢᠶᠠᠯ ᠪᠣᠭᠣᠮᠲᠠ ᠶ᠋ᠢ ᠥᠩᠭᠡᠷᠡᠨ ᠢᠩᠴᠠᠩ ᠢ᠋ ᠴᠢᠭᠯᠡᠨ ᠠᠶᠠᠯᠠᠵᠤ ᠂ ᠰᠢᠦᠢ ᠳᠠ ᠶ᠋ᠢᠨ ᠳᠠᠢᠴᠢᠯᠠᠭᠰᠠᠨ ᠳᠥᠴᠢᠨ ᠲᠦᠮᠡᠨ ᠮᠣᠷᠢᠲᠤ ᠶᠠᠪᠠᠭᠠᠨ ᠴᠡᠷᠢᠭ ᠪᠠᠰᠠ ᠳ᠋ᠢᠩ ᠰᠢ ᠳ᠋ᠦ᠍ ᠢᠷᠡᠭᠡᠳ ᠬᠥᠬᠡᠲᠡᠮᠦᠷ ᠦ᠋ᠨ ᠴᠡᠷᠢᠭ ᠢ᠋ ᠪᠦᠰᠡᠯᠡᠵᠦᠬᠦᠢ ᠃
ᠰᠢᠦᠢ ᠳᠠ ᠂ ᠬᠥᠬᠡᠲᠡᠮᠦᠷ ᠦ᠋ᠨ ᠴᠡᠷᠢᠭ ᠢ᠋ ᠪᠦᠰᠡᠯᠡᠭᠰᠡᠨ ᠪᠣᠯᠪᠠᠴᠤ ᠠᠪᠤᠨ ᠪᠠᠢᠯᠳᠤᠭᠰᠠᠨ ᠦᠭᠡᠢ ᠂ ᠬᠠᠷᠢᠨ ᠮᠣᠳᠣ ᠣᠭᠲᠣᠯᠤᠨ ᠭᠡᠷ ᠪᠠᠷᠢᠵᠤ ᠂ ᠬᠦᠷᠢᠶ᠎ᠡ ᠪᠤᠰᠬᠠᠨ ᠤᠷᠲᠤ ᠬᠤᠭᠤᠴᠠᠭ᠎ᠠ ᠪᠠᠷ ᠣᠷᠣᠩᠨᠠᠨ ᠰᠠᠭᠤᠷᠢᠰᠢᠬᠤ ᠮᠠᠶᠢᠭ ᠲᠠᠢ ᠪᠠᠢᠪᠠ ᠃
ᠬᠥᠬᠡᠲᠡᠮᠦᠷ ᠂ ᠰᠢᠦᠢ ᠳᠠ ᠶ᠋ᠢᠨ ᠤᠪ ᠮᠡᠬᠡ ᠶ᠋ᠢ ᠠᠯᠢ ᠬᠡᠳᠦᠢᠨ ᠦᠵᠡᠵᠦ ᠭᠠᠷᠤᠭᠠᠳ ᠰᠡᠭᠦᠷᠡᠰᠦᠨ ᠠᠯᠳᠠᠵᠤ ᠥᠭᠦᠯᠡᠷᠦᠨ ᠄ 《 ᠰᠢᠦᠢ ᠲᠠ ᠦᠨᠡᠬᠡᠷ ᠴᠡᠷᠢᠭ ᠦ᠋ᠨ ᠡᠷᠳᠡᠮ ᠳ᠋ᠦ᠍ ᠨᠡᠪᠲᠡᠷᠡᠭᠰᠡᠨ ᠬᠥᠮᠦᠨ ᠪᠠᠢᠨᠠᠮ᠃ ᠳᠠᠢᠰᠤᠨ ᠤ᠋ ᠴᠡᠷᠢᠭ ᠢ᠋ ᠥᠳᠥᠭᠡᠵᠦ ᠳᠣᠲᠣᠭᠰᠢ ᠭᠦᠨᠵᠡᠭᠡᠢ ᠣᠷᠣᠭᠤᠯᠵᠤ ᠂ ᠵᠠᠪᠰᠢᠶᠠᠨ ᠢ᠋ ᠠᠰᠢᠭᠯᠠᠨ ᠭᠡᠨᠡᠳᠡᠭᠦᠯᠦᠨ ᠳᠠᠭᠠᠷᠢᠬᠤ ᠬᠡᠮᠡᠭᠰᠡᠨ ᠮᠢᠨᠦ ᠲᠥᠯᠥᠪᠯᠡᠭᠡ ᠶ᠋ᠢ ᠵᠠᠳᠠᠯᠵᠤ ᠮᠡᠳᠡᠭᠰᠡᠨ ᠠᠵᠤᠭᠤ 》 ᠬᠡᠮᠡᠭᠡᠳ ᠰᠢᠦᠢ ᠳᠠ ᠶ᠋ᠢᠨ ᠴᠡᠷᠢᠭ ᠢ᠋ ᠦᠯᠦ ᠣᠢᠰᠢᠶᠠᠨ ᠠᠵᠤᠬᠤᠢ ᠃
ᠰᠢᠦᠢ ᠳᠠ ᠶᠡᠬᠡ ᠴᠡᠷᠢᠭ ᠢ᠋ᠶ᠋ᠡᠨ ᠵᠠᠬᠢᠷᠴᠤ ᠬᠦᠷᠢᠶ᠎ᠡ ᠰᠢᠬᠠᠵᠤ ᠪᠠᠭᠤᠳᠠᠯᠯᠠᠭᠰᠠᠨ ᠤ᠋ ᠬᠣᠢᠨ᠎ᠠ ᠂ ᠴᠥᠭᠡᠨ ᠲᠣᠭᠠᠨ ᠤ᠋ ᠴᠡᠷᠢᠭ ᠠᠩᠭᠢ ᠲᠣᠮᠢᠯᠠᠨ ᠬᠥᠬᠡᠲᠡᠮᠦᠷ ᠦ᠋ᠨ ᠴᠡᠷᠢᠭ ᠦ᠋ᠨ ᠬᠦᠷᠢᠶ᠎ᠡ ᠶ᠋ᠢ ᠲᠦᠢᠪᠡᠭᠡᠯᠭᠡᠪᠡ᠃
ᠬᠥᠬᠡᠲᠡᠮᠦᠷ ᠥᠨᠳᠥᠷ ᠲᠦ᠍ ᠠᠪᠠᠷᠢᠨ ᠰᠢᠦᠢ ᠳᠠ ᠶ᠋ᠢᠨ ᠴᠡᠷᠢᠭ ᠦ᠋ᠨ ᠬᠦᠷᠢᠶ᠎ᠡ ᠶ᠋ᠢ ᠠᠵᠢᠭᠯᠠᠬᠤᠶ᠎ᠠ ᠴᠡᠷᠢᠭ ᠦ᠋ᠨ ᠡᠷᠡᠴᠦᠳ ᠭᠠᠬᠠᠢ ᠠᠯᠠᠵᠤ ᠬᠣᠭᠣᠯᠠ ᠪᠤᠳᠠᠭ᠎ᠠ ᠪᠡᠯᠡᠳᠬᠡᠬᠦ ᠂ ᠲᠠᠢᠰᠠ ᠪᠣᠰᠬᠠᠵᠤ ᠰᠢ ᠵᠦᠴᠦᠭᠡ ᠳᠠᠭᠤᠯᠠᠬᠤ ᠮᠡᠲᠦ ᠪᠡᠷ ᠠᠭᠠᠰᠢᠯᠠᠮᠤᠢ᠃ ᠰᠥᠨᠢ ᠪᠦᠷᠢ ᠫᠤᠤᠵᠢᠩ ᠲᠠᠯᠪᠢᠵᠤ ᠬᠡᠩᠭᠡᠷᠭᠡ ᠳᠡᠯᠡᠳᠦᠨ ᠰᠢ ᠳᠠᠭᠤᠯᠠᠵᠤ ᠂ ᠶᠡᠬᠡ ᠪᠡᠷ ᠦᠢᠮᠡᠯᠳᠦᠬᠦ ᠶ᠋ᠢᠨ ᠬᠠᠮᠲᠤ ᠵᠢᠵᠢᠭ ᠴᠡᠷᠢᠭ ᠠᠩᠭᠢ ᠲᠣᠮᠢᠯᠠᠨ ᠢᠷᠡᠭᠦᠯᠵᠦ ᠂ ᠬᠥᠬᠡᠲᠡᠮᠦᠷ ᠦ᠋ᠨ ᠬᠠᠷᠠᠭᠤᠯ ᠤ᠋ᠨ ᠴᠡᠷᠢᠭ ᠢ᠋ ᠠᠯᠠᠵᠤ ᠴᠡᠷᠢᠭ ᠦ᠋ᠨ ᠬᠦᠷᠢᠶ᠎ᠡ ᠶ᠋ᠢ ᠳᠠᠷᠤᠮᠤᠢ ᠃ ᠡᠢᠨ ᠬᠦ᠌ ᠪᠠᠢᠳᠠᠯ ᠰᠠᠷ᠎ᠠ ᠭᠠᠷᠤᠢ ᠦᠷᠭᠦᠯᠵᠢᠯᠡᠭᠰᠡᠨᠡ ᠬᠥᠬᠡᠲᠡᠮᠦᠷ ᠦ᠋ᠨ ᠴᠡᠷᠢᠭ ᠲᠡᠰᠪᠦᠷᠢᠯᠡᠵᠦ ᠳᠡᠢᠯᠬᠦ ᠦᠭᠡᠢ ᠪᠣᠯᠤᠭᠠᠳ ᠪᠦᠭᠦᠳᠡᠭᠡᠷ ᠭᠠᠷᠴᠤ ᠪᠠᠢᠯᠳᠤᠬᠤ ᠶ᠋ᠢ ᠭᠤᠶᠤᠴᠢᠯᠠᠪᠠ ᠃
ᠬᠥᠬᠡᠲᠡᠮᠦᠷ ᠰᠡᠳᠬᠢᠷᠦᠨ ᠄ 《 ᠡᠨᠡ ᠮᠡᠲᠦ ᠪᠡᠷ ᠡᠳᠦᠷ ᠤᠳᠠᠭᠠᠨ ᠳ᠋ᠤᠷ ᠴᠡᠷᠢᠭ ᠦ᠋ᠨ ᠰᠡᠳᠬᠢᠯ ᠰᠠᠷᠨᠢᠵᠤ ᠤᠰᠠᠳᠬᠠᠭᠳᠠᠬᠤ ᠦᠭᠡᠢ ᠪᠣᠯᠪᠠᠴᠤ ᠥᠪᠡᠷ ᠢ᠋ᠶ᠋ᠡᠨ ᠪᠤᠲᠠᠷᠠᠮᠤᠢ ᠃ ᠡᠨᠳᠡᠴᠡ ᠣᠯᠠᠨ ᠵᠠᠩᠵᠤᠨ ᠴᠡᠷᠢᠭ ᠦ᠋ᠨ ᠣᠮᠣᠭ ᠵᠣᠷᠢᠭ ᠬᠠᠷᠠᠬᠠᠨ ᠪᠠᠳᠠᠷᠠᠩᠭᠤᠢ ᠪᠠᠢᠭ᠎ᠠ ᠴᠠᠭ ᠲᠤ᠌ ᠰᠢᠦᠢ ᠳᠠ ᠶ᠋ᠢᠨ ᠴᠡᠷᠢᠭ ᠯᠦ᠍ᠭᠡ ᠡᠷᠡᠭᠴᠢᠨ ᠡᠮᠡᠭᠴᠢᠨ ᠢ᠋ ᠢᠯᠭᠠᠰᠤᠭᠠᠢ 》 ᠬᠡᠮᠡᠭᠡᠳ ᠤᠷᠢᠳᠠ ᠪᠠᠷ ᠮᠢᠩᠭᠠᠨ ᠰᠢᠯᠢᠳᠡᠭ ᠴᠡᠷᠢᠭ ᠢ᠋ ᠲᠣᠮᠢᠯᠠᠨ ᠰᠢᠦᠢ ᠲᠠ ᠶ᠋ᠢᠨ ᠴᠡᠷᠢᠭ ᠦ᠋ᠨ ᠬᠦᠷᠢᠶ᠎ᠡ ᠶ᠋ᠢ ᠭᠡᠨᠡᠳᠡᠭᠦᠯᠦᠨ ᠲᠠᠭᠠᠷᠢᠭᠤᠯᠪᠠ ᠃
ᠲᠡᠳᠦᠢ ᠳ᠋ᠦ᠍ᠷ ᠮᠢᠩ ᠦ᠋ᠨ ᠴᠡᠷᠢᠭ ᠰᠠᠨᠠᠭᠠᠨ ᠳ᠋ᠤ᠌ ᠦᠭᠡᠢ ᠪᠠᠢᠭᠰᠠᠨ ᠪᠣᠯᠬᠣᠷ ᠭᠱᠠᠨ ᠵᠠᠭᠤᠷ᠎ᠠ ᠰᠠᠮᠠᠭᠤᠷᠠᠵᠤ ᠵᠡᠭᠦᠨ ᠵᠢᠭᠦᠷ ᠦ᠋ᠨ ᠲᠤᠰᠠᠯᠠᠭᠴᠢ ᠵᠠᠩᠵᠤᠨ ᠳ᠋ᠧᠩ ᠢᠦᠢ ᠨᠢᠭᠡᠮᠦᠰᠦᠨ ᠪᠠᠯᠠᠭ ᠠᠯᠳᠠᠵᠤ ᠂ ᠰᠢᠦᠢ ᠳᠠ ᠶ᠋ᠢᠨ ᠴᠠᠴᠠᠷ ᠤ᠋ᠨ ᠡᠮᠦᠨ᠎ᠡ ᠢᠷᠡᠭᠡᠳ ᠶᠠᠭᠠᠬᠢᠵᠤ ᠠᠷᠭᠠᠴᠠᠭᠠᠬᠤ ᠲᠤᠬᠠᠢ ᠠᠰᠠᠭᠤᠪᠠ ᠃
ᠰᠢᠦᠢ ᠳᠠ ᠬᠡᠮᠡᠭᠴᠢ ᠴᠡᠷᠢᠭ ᠲᠡᠢᠨ ᠦ᠌ ᠬᠠᠲᠠᠭᠤ ᠰᠢᠷᠦᠭᠦᠨ ᠣᠷᠴᠢᠨ ᠲᠣᠭᠣᠷᠢᠨ ᠳ᠋ᠤ᠌ ᠬᠠᠲᠠᠭᠤᠵᠢᠨ ᠳᠠᠪᠲᠠᠭᠳᠠᠭᠰᠠᠨ ᠬᠠᠰᠢᠷ ᠳᠣᠬᠢ ᠴᠡᠷᠢᠭ ᠦ᠋ᠨ ᠵᠢᠯᠣᠭᠣᠳᠤᠭᠴᠢ ᠬᠥᠮᠦᠨ ᠪᠣᠯᠬᠣᠷ ᠠᠶᠤᠨ ᠲᠡᠪᠡᠳᠡᠭᠰᠡᠨ ᠪᠠᠢᠳᠠᠯ ᠣᠭᠲᠣ ᠦᠭᠡᠢ ᠂ ᠮᠠᠰᠢ ᠨᠠᠮ ᠲᠣᠭᠲᠠᠭᠤᠨ ᠢ᠋ᠶ᠋ᠠᠷ ᠴᠠᠴᠠᠷ ᠤ᠋ᠨ ᠳᠣᠲᠣᠷ᠎ᠠ ᠠ᠋ᠴᠠ ᠴᠢᠬᠢ ᠲᠠᠯᠪᠢᠨ ᠰᠣᠨᠣᠰᠴᠤ ᠴᠡᠷᠢᠭ ᠦ᠋ᠨ ᠡᠷᠡᠴᠦᠳ ᠦ᠋ᠨ ᠣᠷᠢᠯᠠᠯᠳᠤᠨ ᠬᠠᠰᠬᠢᠷᠤᠯᠳᠤᠬᠤ ᠴᠢᠮᠡᠭᠡ ᠡᠴᠡ ᠮᠠᠭᠠᠳᠯᠠᠬᠤᠶᠠ ᠂ ᠵᠢᠵᠢᠭ ᠬᠡᠮᠵᠢᠶᠡᠨ ᠦ᠌ ᠴᠡᠷᠢᠭ ᠦ᠋ᠨ ᠭᠡᠨᠡᠳᠡᠭᠦᠯᠦᠨ ᠳᠠᠭᠠᠷᠢᠬᠤ ᠠᠵᠢᠯᠯᠠᠭ᠎ᠠ ᠪᠣᠯᠬᠤ ᠶ᠋ᠢ ᠮᠡᠳᠡᠪᠡ ᠃
ᠰᠢᠦᠢ ᠳᠠ ᠥᠭᠦᠯᠡᠷᠦᠨ ᠄《 ᠳ᠋ᠧᠩ ᠵᠠᠩᠵᠤᠨ ᠦᠳᠲᠡᠷ ᠪᠤᠴᠠᠵᠤ ᠬᠠᠷᠢᠭᠠᠳ ᠴᠡᠷᠢᠭ ᠮᠣᠷᠢ ᠶ᠋ᠢ ᠲᠡᠭᠰᠢᠯᠡᠨ ᠨᠠᠳᠠ ᠶ᠋ᠢ ᠳᠠᠭᠠᠵᠤ ᠮᠣᠷᠳᠠᠭᠠᠳ ᠬᠥᠬᠡᠲᠡᠮᠦᠷ ᠦ᠋ᠨ ᠴᠡᠷᠢᠭ ᠯᠦ᠍ᠭᠡ ᠰᠢᠢᠳᠪᠦᠷᠢᠲᠦ ᠪᠠᠢᠯᠳᠤᠭᠠᠨ ᠬᠢᠰᠦᠭᠡᠢ 》 ᠬᠡᠮᠡᠭᠡᠳ ᠬᠤᠶᠠᠭ ᠳᠤᠭᠤᠯᠠᠭ᠎ᠠ ᠪᠠᠨ ᠵᠠᠰᠠᠨ ᠡᠮᠦᠰᠴᠦ ᠴᠠᠴᠠᠷ ᠠ᠋ᠴᠠ ᠭᠠᠷᠴᠤ ᠮᠣᠷᠢᠨ ᠳ᠋ᠤ᠌ ᠪᠠᠨ ᠮᠣᠷᠳᠠᠭᠠᠳ ᠰᠡᠯᠡᠮ᠎ᠡ ᠡᠷᠭᠢᠭᠦᠯᠦᠨ 《 ᠬᠥᠬᠡᠲᠡᠮᠦᠷ ᠦ᠋ᠨ ᠴᠡᠷᠢᠭ ᠦ᠋ᠨ ᠬᠦᠷᠢᠶ᠎ᠡ ᠶ᠋ᠢ ᠳᠠᠭᠠᠷᠢᠨ ᠴᠣᠬᠢ !》ᠭᠡᠮᠡᠨ ᠵᠠᠷᠯᠢᠭ ᠪᠠᠭᠤᠯᠭᠠᠪᠠ ᠃
ᠮᠢᠩ ᠦ᠋ᠨ ᠴᠡᠷᠢᠭ ᠰᠢᠦᠢ ᠳᠠ ᠵᠠᠩᠵᠤᠨ ᠤ᠋ ᠵᠠᠷᠯᠢᠭ ᠤ᠋ᠨ ᠲᠣᠨᠨ ᠢ᠋ ᠦᠵᠡᠭᠡᠳ ᠣᠮᠣᠭ ᠵᠣᠷᠢᠭ ᠨᠢ ᠭᠱᠠᠨ ᠵᠠᠭᠤᠷ᠎ᠠ ᠪᠠᠳᠠᠷᠠᠵᠤ ᠳ᠋ᠧᠩ ᠢᠦᠢ ᠶ᠋ᠢᠨ ᠳᠠᠢᠴᠢᠯᠠᠯᠲᠠ ᠪᠠᠷ ᠵᠢᠯᠣᠭᠣ ᠰᠤᠩᠭᠠᠨ ᠢᠯᠳᠦ ᠡᠷᠭᠢᠭᠦᠯᠵᠦ ᠬᠥᠬᠡᠲᠡᠮᠦᠷ ᠦ᠋ᠨ ᠴᠡᠷᠢᠭ ᠦ᠋ᠨ ᠬᠦᠷᠢᠶ᠎ᠡ ᠶ᠋ᠢ ᠰᠢᠭᠤᠳ ᠳᠠᠷᠤᠨ ᠣᠷᠣᠪᠠ ᠃
ᠬᠥᠬᠡᠲᠡᠮᠦᠷ ᠶᠡᠷᠦ ᠨᠢ ᠪᠠᠭ᠎ᠠ ᠬᠡᠮᠵᠢᠶᠡᠨ ᠦ᠌ ᠴᠡᠷᠢᠭ ᠢ᠋ᠶ᠋ᠡᠷ ᠰᠢᠦᠢ ᠲᠠ ᠶ᠋ᠢᠨ ᠴᠡᠷᠢᠭ ᠦ᠋ᠨ ᠬᠦᠷᠢᠶ᠎ᠡ ᠶ᠋ᠢ ᠭᠡᠨᠡᠳᠡᠭᠦᠯᠦᠨ ᠳᠠᠭᠠᠷᠢᠬᠤ ᠪᠠᠷ ᠪᠠᠢᠭᠰᠠᠨ ᠲᠤᠯᠠ ᠶᠡᠬᠡ ᠬᠡᠮᠵᠢᠶ᠎ᠡ ᠪᠡᠷ ᠪᠠᠢᠯᠳᠤᠭᠠᠨ ᠬᠢᠬᠦ ᠪᠡᠯᠡᠳᠬᠡᠯ ᠦᠭᠡᠢ ᠪᠠᠢᠵᠠᠢ ᠃ ᠭᠠᠷ ᠳᠣᠣᠷᠠᠬᠢ ᠵᠠᠩᠵᠤᠨ ᠴᠡᠷᠢᠭ ᠦ᠋ᠳ ᠨᠢ ᠮᠢᠩ ᠦ᠋ᠨ ᠴᠡᠷᠢᠭ ᠦ᠋ᠨ ᠲᠦᠷ ᠵᠠᠭᠤᠷ᠎ᠠ ᠨᠠᠮ ᠵᠢᠮ ᠪᠣᠯᠤᠭᠰᠠᠨ ᠴᠢᠯᠥᠭᠡ ᠶ᠋ᠢ ᠠᠰᠢᠭᠯᠠᠨ ᠪᠠᠬᠠᠨ ᠪᠡᠶ᠎ᠡ ᠠᠮᠠᠷᠠᠵᠤ ᠦᠷᠭᠡᠯᠡᠵᠦ ᠠᠪᠤᠶ᠎ᠠ ᠭᠡᠮᠡᠨ ᠳᠤᠭᠵᠢᠷᠠᠪᠠ ᠃
ᠭᠡᠨᠡᠳᠲᠡ ᠫᠤᠤ ᠶ᠋ᠢᠨ ᠳᠠᠭᠤᠨ ᠲᠠᠴᠢᠭᠢᠨᠠᠵᠤ ᠪᠠᠢᠯᠳᠤᠭᠠᠨ ᠤ᠋ ᠬᠡᠩᠭᠡᠷᠭᠡ ᠨᠢᠵᠢᠭᠢᠨᠡᠨ ᠠᠯᠠᠯᠳᠤᠨ ᠪᠠᠢᠯᠳᠤᠬᠤ ᠳᠠᠭᠤᠨ ᠠᠭᠤᠯᠠᠨ ᠬᠥᠨᠳᠡᠢ ᠪᠡᠷ ᠴᠤᠤᠷᠢᠶᠠᠲᠤᠵᠤ ᠂ ᠬᠠᠷᠪᠤᠭᠰᠠᠨ ᠰᠤᠮᠤᠨ ᠤ᠋ ᠢᠰᠬᠡᠷᠦᠯᠲᠡ ᠴᠢᠳᠬᠥᠷ ᠤᠬᠢᠯᠠᠬᠤ ᠮᠡᠲᠦ ᠵᠢᠪᠡᠭᠦᠨ ᠰᠣᠨᠣᠰᠳᠠᠨ᠎ᠠ ᠃ ᠲᠤᠭ ᠨᠣᠢᠷ ᠲᠤ᠌ ᠪᠠᠨ ᠳᠤᠭᠵᠢᠷᠠᠵᠤ ᠪᠠᠢᠭᠰᠠᠨ ᠬᠥᠬᠡᠲᠡᠮᠦᠷ ᠦ᠋ᠨ ᠴᠡᠷᠢᠭ ᠦ᠋ᠳ ᠵᠡᠪᠰᠡᠭ ᠢ᠋ᠶ᠋ᠡᠨ ᠠᠪᠴᠤ ᠵᠠᠪᠳᠤᠯ ᠦᠭᠡᠢ ᠮᠢᠩ ᠦ᠋ᠨ ᠴᠡᠷᠢᠭ ᠦ᠋ᠨ ᠰᠡᠯᠡᠮ᠎ᠡ ᠵᠢᠳᠠ ᠳ᠋ᠤ᠌ ᠨᠢᠷᠭᠡᠭᠳᠡᠪᠡ ᠃
ᠬᠥᠬᠡᠲᠡᠮᠦᠷ ᠂ ᠮᠢᠩ ᠦ᠋ᠨ ᠴᠡᠷᠢᠭ ᠦ᠋ᠨ 《 ᠠᠯᠠ ! 》 ᠂ 《 ᠳᠠᠭᠠᠷᠢ ! 》 ᠭᠡᠵᠦ ᠬᠠᠰᠬᠢᠷᠤᠯᠳᠤᠬᠤ ᠳᠠᠭᠤᠨ ᠤᠯᠠᠮ ᠢ᠋ᠶ᠋ᠠᠷ ᠣᠢᠷᠠᠲᠤᠨ ᠢᠷᠡᠬᠦ ᠶ᠋ᠢ ᠰᠣᠨᠣᠰᠤᠭᠠᠳ ᠠᠷᠪᠠᠨ ᠲᠦᠮᠡᠨ ᠴᠡᠷᠢᠭ ᠨᠢ ᠶᠡᠬᠡ ᠪᠡᠷ ᠠᠯᠠᠭᠳᠠᠵᠤ ᠬᠣᠬᠢᠷᠠᠨ ᠂ ᠪᠠᠢᠳᠠᠯ ᠮᠠᠭᠤ ᠪᠣᠯᠤᠭᠰᠠᠨ ᠢ᠋ ᠲᠥᠰᠥᠪᠯᠡᠨ ᠮᠡᠳᠡᠭᠡᠳ ᠰᠡᠮᠬᠡᠨ ᠴᠠᠴᠠᠷ ᠠ᠋ᠴᠠ ᠭᠠᠷᠴᠤ ᠮᠣᠷᠢᠨ ᠳ᠋ᠤ᠌ ᠪᠠᠨ ᠮᠣᠷᠳᠠᠵᠤ ᠂ ᠡᠬᠡᠨᠡᠷ ᠬᠡᠦᠬᠡᠳ ᠢ᠋ᠶ᠋ᠡᠨ ᠳᠠᠭᠠᠭᠤᠯᠤᠨ ᠤᠮᠠᠷᠠᠰᠢ ᠬᠠᠲᠤᠨ ᠭᠣᠣᠯ ᠢ᠋ ᠭᠡᠲᠦᠯᠦᠨ ᠬᠠᠷᠠᠬᠣᠷᠢᠨ ᠢ᠋ ᠴᠢᠭᠯᠡᠪᠡ ᠃
ᠮᠢᠩ ᠦ᠋ᠨ ᠴᠡᠷᠢᠭ ᠬᠥᠬᠡᠲᠡᠮᠦᠷ ᠦ᠋ᠨ ᠨᠢ᠋ᠮᠠ ᠲᠦᠮᠡ ᠳᠥᠷᠪᠡᠨ ᠮᠢᠩᠭ᠎ᠠ ᠭᠠᠷᠤᠢ ᠭᠣᠣᠯ ᠤ᠋ᠨ ᠴᠡᠷᠢᠭ ᠢ᠋ ᠤᠰᠠᠳᠬᠠᠵᠤ ᠂ ᠱᠠᠨ ᠸᠠᠩ ᠰᠡᠴᠡᠨᠲᠦ ( ᠮᠥᠩᠬᠡ ᠬᠠᠭᠠᠨ ᠤ᠋ ᠣᠮᠪᠣᠯᠣ ) ᠂ ᠵᠢᠢ ᠸᠠᠩ ᠳᠤᠯᠠᠢᠨ᠎ᠠ ( ᠴᠢᠩᠭᠢᠰ ᠬᠠᠭᠠᠨ ᠤ᠋ ᠳᠡᠭᠦᠦ ᠬᠠᠴᠢᠭᠤᠨ ᠤ᠋ ᠬᠣᠢᠴᠢᠰ ᠂ ᠠᠯᠴᠢᠳᠠᠢ ᠶ᠋ᠢᠨ ᠣᠮᠪᠣᠯᠣ ) ᠵᠢᠴᠢ ᠪᠢᠴᠢᠭ ᠴᠡᠷᠢᠭ ᠦ᠋ᠨ ᠰᠠᠢᠳ ᠲᠦᠰᠢᠮᠡᠯ ᠮᠢᠩᠭ᠎ᠠ ᠶᠢᠰᠦᠨ ᠵᠠᠭᠤ ᠭᠠᠷᠤᠢ ᠬᠥᠮᠦᠰ ᠣᠯᠵᠠᠯᠠᠭᠳᠠᠪᠠ ᠃ ᠡᠨᠡ ᠤᠳᠠᠭᠠᠨ ᠤ᠋ ᠳᠠᠢᠯᠠᠯᠳᠤᠭᠠᠨ ᠢ᠋ ᠮᠣᠩᠭᠣᠯ ᠤ᠋ᠨ ᠲᠡᠦᠬᠡᠨ ᠳ᠋ᠦ᠍ 《 ᠰᠢᠯᠢ ᠬᠥᠨᠳᠡᠢ ᠶ᠋ᠢᠨ ᠪᠠᠢᠯᠳᠤᠭᠠᠨ 》 ᠭᠡᠳᠡᠭ ᠃
ᠥᠭᠦᠯᠡᠬᠦ ᠢᠨᠤ ᠂ ᠲᠤᠬᠤᠨᠲᠡᠮᠦᠷ ᠬᠠᠭᠠᠨ ᠱᠠᠩᠳᠤ ᠠ᠋ᠴᠠ ᠳᠤᠲᠠᠭᠠᠵᠤ ᠭᠠᠷᠤᠭᠠᠳ ᠢᠩᠴᠠᠩ ᠳ᠋ᠤ᠌ ᠢᠷᠡᠭᠰᠡᠨ ᠦ᠌ ᠬᠣᠢᠨ᠎ᠠ ᠂ ᠡᠳᠦᠷ ᠪᠦᠷᠢ ᠢᠳᠡᠭᠡᠳ ᠬᠣᠭᠣᠯᠠ ᠦᠭᠡᠢ ᠂ ᠤᠨᠲᠠᠭᠠᠳ ᠨᠣᠢᠷ ᠦᠭᠡᠢ ᠂ ᠴᠡᠭᠡᠵᠢᠨ ᠳᠡᠭᠡᠷ᠎ᠡ ᠨᠢ ᠬᠦᠨᠳᠦ ᠴᠢᠯᠠᠭᠤ ᠳᠠᠷᠤᠭᠰᠠᠨ ᠮᠡᠲᠦ ᠪᠣᠯᠵᠤ ᠂ ᠭᠤᠴᠢᠨ ᠬᠡᠳᠦᠨ ᠵᠢᠯ ᠬᠠᠭᠠᠨ ᠬᠥᠮᠦᠨ ᠦ᠌ ᠠᠮᠢᠳᠤᠷᠠᠯ ᠢ᠋ ᠥᠩᠭᠡᠷᠡᠭᠦᠯᠦᠭᠰᠡᠨ ᠬᠠᠭᠤᠴᠢᠨ ᠤ᠋ ᠦᠢᠯᠡ ᠬᠡᠷᠡᠭ ᠦ᠋ᠳ ᠲᠠᠷᠢᠬᠢᠨ ᠳ᠋ᠤᠨᠢ ᠡᠷᠭᠢᠯᠳᠦᠭᠡᠳ ᠂ ᠡᠷᠬᠡᠲᠦ ᠰᠠᠢᠳ ᠬᠣᠭᠣᠷᠣᠨᠳᠣ ᠪᠠᠨ ᠲᠡᠮᠡᠴᠡᠯᠳᠦᠨ ᠵᠠᠰᠠᠭ ᠤ᠋ᠨ ᠡᠷᠬᠡ ᠶ᠋ᠢ ᠬᠤᠯᠠᠭᠠᠢᠯᠠᠨ ᠡᠵᠡᠷᠬᠡᠭᠯᠡᠵᠦ ᠂ ᠲᠦᠮᠡᠨ ᠣᠯᠠᠨ ᠢ᠋ ᠭᠠᠰᠠᠯᠭᠠᠭᠰᠠᠨ ᠬᠠᠷᠠᠩᠭᠤᠢ ᠪᠤᠳᠤᠩᠭᠤᠢ ᠴᠠᠭ ᠦᠶ᠎ᠡ ᠨᠢᠳᠦᠨ ᠡᠮᠦᠨ᠎ᠡ ᠵᠦᠴᠦᠭᠡ ᠲᠣᠭᠯᠠᠬᠤ ᠮᠡᠲᠦ ᠢᠯᠡᠷᠡᠮᠦᠢ ᠃ ᠨᠡᠩᠳᠡ ᠠᠮᠢ ᠨᠠᠰᠤᠨ ᠤ᠋ ᠰᠦᠷᠳᠡᠭᠦᠯᠦᠯ ᠡᠴᠡ ᠵᠠᠢᠯᠠᠵᠤ ᠂ ᠴᠠᠭ ᠮᠥᠴᠡ ᠶ᠋ᠢᠨ ᠦᠬᠦᠯ ᠢ᠋ ᠰᠡᠷᠭᠡᠢᠯᠡᠬᠦ ᠶ᠋ᠢᠨ ᠲᠥᠯᠥᠭᠡ ᠶᠤᠺᠠ ᠪᠢᠰᠢᠯᠭᠠᠯ ᠳ᠋ᠤ᠌ ᠲᠠᠰᠢᠭᠤᠷᠠᠭᠰᠠᠨ ᠢ᠋ᠶ᠋ᠠᠨ ᠪᠣᠳᠣᠪᠠᠰᠤ ᠠᠭᠤᠷ ᠴᠤ᠌ ᠬᠦᠷᠦᠮᠡᠷ ᠪᠠᠰᠠ ᠢᠨᠢᠶᠡᠳᠦ ᠴᠦ᠍ ᠬᠦᠷᠦᠮᠡᠷ ᠪᠠᠢᠪᠠ ᠃ ᠨᠢᠭᠡᠨ ᠦᠶ᠎ᠡ ᠶ᠋ᠢᠨ ᠰᠢᠳᠤᠷᠭᠤ ᠲᠦᠰᠢᠮᠡᠯ ᠲᠣᠭᠲᠣᠭ᠎ᠠ ᠴᠢᠩᠰᠠᠩ ᠢ᠋ᠶ᠋ᠠᠨ ᠬᠢᠯᠢᠰ ᠢ᠋ᠶ᠋ᠡᠷ ᠦᠬᠦᠭᠦᠯᠦᠭᠰᠡᠨ ᠪᠠ ᠥᠷᠥᠨ᠎ᠡ ᠶ᠋ᠢᠨ ᠬᠥᠮᠦᠨ ᠠᡁᠠᠮᠠ ᠂ᠴᠦᠰᠬᠢ ᠶ᠋ᠢᠨ ᠦᠭᠡ ᠶ᠋ᠢ ᠦᠨᠡᠮᠰᠢᠵᠦ ᠵᠠᠰᠠᠭ ᠲᠥᠷᠥ ᠪᠡᠨ ᠰᠠᠮᠠᠭᠤᠷᠠᠯ ᠳ᠋ᠤ᠌ ᠣᠷᠣᠭᠤᠯᠤᠭᠰᠠᠨ ᠭᠤᠲᠤᠮᠰᠢᠭᠲᠤ ᠶᠠᠪᠤᠳᠠᠯ ᠢ᠋ ᠡᠷᠭᠢᠴᠡᠭᠦᠯᠦᠨ ᠪᠣᠳᠣᠬᠤ ᠲᠤᠲᠤᠮ ᠰᠡᠳᠬᠢᠯ ᠡᠪᠬᠡᠷᠡᠨ ᠢᠴᠢᠩᠭᠦᠷᠡᠨ ᠭᠡᠮᠰᠢᠵᠦ ᠂ ᠢᠯᠠᠩᠭᠤᠶ᠎ᠠ ᠡᠪᠦᠭᠡ ᠳᠡᠭᠡᠳᠦᠰ ᠦ᠋ᠨ ᠢ᠋ᠶ᠋ᠡᠨ ᠠᠤᠭ᠎ᠠ ᠦᠢᠯᠡᠰ ᠢ᠋ ᠵᠠᠯᠭᠠᠮᠵᠢᠯᠠᠨ ᠬᠥᠭᠵᠢᠭᠦᠯᠵᠦ ᠳᠡᠢᠯᠦᠭᠰᠡᠨ ᠦᠭᠡᠢ ᠂ ᠬᠠᠷᠢᠨ ᠡᠯᠳᠡᠪ ᠡᠷᠳᠡᠨᠢ ᠪᠡᠷ ᠪᠦᠲᠦᠭᠰᠡᠨ ᠡᠷᠬᠡᠲᠦ ᠶᠡᠬᠡ ᠨᠡᠢᠰᠯᠡᠯ ᠳᠠᠢᠳᠤ ᠬᠣᠲᠠ ᠪᠠᠨ ᠠᠪᠲᠠᠭᠳᠠᠵᠤ ᠂ ᠡᠷᠲᠡᠨ ᠦ᠌ ᠬᠠᠭᠠᠳ ᠤ᠋ᠨ ᠵᠤᠰᠠᠯᠠᠩ ᠱᠠᠩᠳᠤ ᠬᠣᠲᠠ ᠶ᠋ᠢ ᠠᠯᠳᠠᠭᠠᠳ ᠢᠩᠴᠠᠩ ᠬᠣᠲᠠ ( ᠪᠢᠷᠠᠭᠤ ᠬᠣᠲᠠ ) ᠳ᠋ᠤ᠌ ᠳᠤᠲᠠᠭᠠᠨ ᠢᠷᠡᠭᠡᠳ ᠂ ᠥᠨᠥᠴᠢᠨ ᠪᠢᠷᠠᠭᠤ ᠮᠡᠲᠦ ᠭᠠᠴᠢᠭᠳᠠᠨ ᠲᠤᠯᠤᠭᠳᠠᠭᠰᠠᠨ ᠳ᠋ᠤ᠌ ᠪᠠᠨ ᠶᠡᠬᠡᠳᠡ ᠬᠠᠷᠠᠮᠰᠠᠨ ᠂ ᠨᠢᠳᠦᠨ ᠦ᠌ ᠨᠢᠯᠪᠤᠰᠤ ᠬᠡᠯᠬᠢᠶ᠎ᠡ ᠲᠠᠰᠤᠷᠠᠭᠰᠠᠨ ᠰᠤᠪᠤᠳ ᠮᠡᠲᠦ ᠡᠩᠭᠡᠷ ᠤᠷᠤᠭᠤ ᠨᠢ ᠪᠥᠮᠪᠥᠷᠢᠮᠦᠢ ᠃
ᠥᠯᠵᠡᠢ ᠬᠤᠲᠤᠭ ᠬᠠᠲᠤᠨ ᠬᠠᠵᠠᠭᠤ ᠠ᠋ᠴᠠ ᠤᠬᠢᠯᠠᠨ ᠥᠭᠦᠯᠡᠷᠦᠨ ᠄ 《 ᠡᠵᠡᠨ ᠮᠢᠨᠦ ᠪᠢᠲᠡᠭᠡᠢ ᠶᠡᠬᠡ ᠰᠡᠳᠬᠢᠯ ᠰᠢᠨᠠᠯᠤᠭᠲᠤᠨ ! ᠲᠥᠷᠥ ᠶ᠋ᠢ ᠠᠯᠳᠠᠵᠤ ᠂ ᠳᠠᠢᠳᠤ ᠱᠠᠩᠳᠤ ᠠᠪᠲᠠᠭᠰᠠᠨ ᠠᠨᠤ ᠮᠢᠨᠦ ᠭᠡᠮ ᠪᠤᠷᠤᠭᠤ ᠶᠡᠬᠡ ᠪᠣᠯᠠᠢ ᠃ ᠪᠣᠭᠣᠯ ᠡᠬᠡᠨᠡᠷ ᠪᠢ ᠡᠷᠬᠡ ᠠᠰᠢᠭ ᠲᠤ᠌ ᠬᠡᠲᠦᠷᠬᠡᠢ ᠰᠢᠨᠤᠵᠤ ᠬᠥᠪᠡᠭᠦᠨ ᠠᠶᠤᠰᠢᠷᠢᠳᠠᠷᠠ ᠶ᠋ᠢ ᠥᠳᠥᠭᠡᠵᠦ ᠂ ᠬᠠᠭᠠᠨ ᠢ᠋ ᠰᠠᠭᠤᠷᠢᠨ ᠢ᠋ᠶ᠋ᠠᠨ ᠨᠠᠢᠷ ᠲᠠᠯᠪᠢᠭᠤᠯᠬᠤ ᠶ᠋ᠢ ᠬᠤᠤᠪᠢᠯᠳᠤᠨ ᠂ ᠬᠥᠬᠡᠲᠡᠮᠦᠷ ᠂ ᠪᠣᠯᠤᠲᠡᠮᠦᠷ ᠦ᠋ᠨ ᠬᠣᠭᠣᠷᠣᠨᠳᠣᠬᠢ ᠵᠥᠷᠢᠴᠡᠯ ᠲᠡᠮᠡᠴᠡᠯ ᠢ᠋ ᠡᠭᠦᠰᠬᠡᠵᠦ ᠂ ᠤᠯᠠᠭᠠᠨ ᠠᠯᠴᠢᠭᠤᠷᠲᠠᠨ ᠤ᠋ ᠬᠤᠯᠠᠭᠠᠢ ᠶ᠋ᠢ ᠴᠠᠭ ᠲᠤᠬᠠᠢ ᠳ᠋ᠤ᠌ ᠳᠠᠷᠤᠬᠤ ᠶ᠋ᠢ ᠬᠠᠷᠰᠢᠯᠠᠪᠠ ᠃ ᠡᠨᠡ ᠪᠣᠯ ᠮᠢᠨᠦ ᠠᠭᠤᠴᠢᠯᠠᠵᠤ ᠪᠣᠯᠣᠰᠢ ᠦᠭᠡᠢ ᠣᠰᠣᠯ ᠪᠣᠯᠠᠢ 》 ᠬᠡᠮᠡᠬᠦᠶ᠎ᠡ ᠂ ᠬᠥᠪᠡᠭᠦᠨ ᠠᠶᠤᠰᠢᠷᠢᠳᠠᠷᠠ ᠪᠠᠰᠠ ᠬᠠᠭᠠᠨ ᠡᠴᠢᠭᠡ ᠪᠡᠨ ᠲᠠᠢᠳᠬᠤᠷᠠᠭᠤᠯᠤᠨ ᠥᠭᠦᠯᠡᠷᠦᠨ ᠄ 《 ᠡᠴᠢᠭᠡ ᠬᠠᠭᠠᠨ ᠰᠡᠳᠬᠢᠯ ᠢ᠋ ᠰᠤᠯᠠ ᠪᠣᠯᠭᠠᠮᠤ ᠃ ᠬᠥᠪᠡᠭᠦᠨ ᠪᠢ ᠣᠢᠷ᠎ᠠ ᠶ᠋ᠢᠨ ᠡᠳᠦᠷ ᠯᠢᠶᠣᠤ ᠳ᠋ᠦ᠋ᠩ ᠢ᠋ ᠰᠠᠬᠢᠨ ᠰᠠᠭᠤᠭ᠎ᠠ ᠨᠠᠬᠠᠴᠤ ᠵᠠᠩᠵᠤᠨ ᠳ᠋ᠤ᠌ ᠡᠯᠴᠢᠨ ᠢᠯᠡᠭᠡᠵᠦ ᠮᠢᠩ ᠦ᠋ᠨ ᠴᠡᠷᠢᠭ ᠢ᠋ ᠱᠠᠨᠠᠬᠠ ᠪᠣᠭᠣᠮᠲᠠ ᠶ᠋ᠢᠨ ᠭᠠᠳᠠᠨ᠎ᠠ ᠲᠣᠰᠣᠨ ᠪᠠᠢᠯᠳᠤ ᠂ ᠶᠦᠨᠨᠠᠨ ᠢ᠋ ᠳᠠᠷᠤᠨ ᠰᠠᠭᠤᠭ᠎ᠠ ᠯᠢᠶᠠᠩ ᠸᠠᠩ ᠪᠠᠽᠠᠷᠸᠠᠷᠮᠢ ( ᠬᠤᠪᠢᠯᠠᠢ ᠰᠡᠴᠡᠨ ᠬᠠᠭᠠᠨ ᠤ᠋ ᠲᠠᠪᠤᠳᠤᠭᠠᠷ ᠬᠥᠪᠡᠭᠦᠨ ᠬᠥᠭᠡᠴᠦ ᠶ᠋ᠢᠨ ᠬᠣᠢᠴᠢᠰ ) ᠲᠤ᠌ ᠡᠯᠴᠢᠨ ᠲᠣᠮᠢᠯᠠᠵᠤ ᠂ ᠬᠤᠪᠢᠯᠠᠢ ᠰᠡᠴᠡᠨ ᠬᠠᠭᠠᠨ ᠤ᠋ ᠦᠶ᠎ᠡ ᠶ᠋ᠢᠨ ᠶᠡᠬᠡ ᠵᠠᠩᠵᠤᠨ ᠤᠷᠢᠶᠠᠩᠬᠠᠳᠠᠢ ᠪᠠᠷ ᠳᠠᠭᠤᠷᠢᠶᠠᠯ ᠪᠣᠯᠭᠠᠵᠤ ᠂ ᠤᠮᠠᠷᠠᠰᠢ ᠳᠠᠢᠯᠠᠨ ᠳᠠᠢᠳᠤ ᠬᠣᠲᠠ ᠶ᠋ᠢ ᠡᠭᠡᠭᠦᠯᠦᠨ ᠠᠪᠲᠤᠭᠠᠢ ᠬᠡᠮᠡᠪᠡ 》 ᠬᠡᠮᠡᠬᠦᠶ᠎ᠡ ᠥᠯᠵᠡᠢ ᠬᠤᠲᠤᠭ ᠬᠠᠲᠤᠨ ᠵᠠᠯᠭᠠᠵᠤ ᠥᠭᠦᠯᠡᠷᠦᠨ ᠄ 《 ᠰᠣᠯᠣᠩᠭᠣᠰ ᠸᠠᠩ ᠳ᠋ᠤ᠌ ᠴᠢᠮᠡᠭᠡ ᠢᠯᠡᠭᠡᠵᠦ ᠴᠡᠷᠢᠭ ᠭᠠᠷᠭᠠᠨ ᠲᠤᠰᠠᠯᠠᠬᠤ ᠶ᠋ᠢ ᠱᠠᠭᠠᠷᠳᠠᠪᠠᠰᠤ ᠪᠠᠰᠠ ᠪᠣᠯᠤᠮᠤᠢ 》 ᠬᠡᠮᠡᠪᠡ ᠃
ᠲᠤᠬᠤᠨᠲᠡᠮᠦᠷ ᠬᠠᠭᠠᠨ ᠥᠴᠢᠷᠦᠨ ᠄ 《 ᠬᠥᠬᠡᠲᠡᠮᠦᠷ ᠲᠠᠢᠶᠤᠸᠠᠨ ᠳ᠋ᠤ᠌ ᠴᠡᠷᠢᠭ ᠳᠡᠢᠯᠦᠭᠳᠡᠭᠡᠳ ᠭᠠᠨᠰᠦ ᠳᠠᠢᠰᠢ ᠤᠬᠤᠷᠢᠨ ᠣᠴᠢᠪᠠ ᠃ ᠲᠡᠭᠦᠨ ᠯᠦ᠍ᠭᠡ ᠬᠣᠯᠪᠣᠭ᠎ᠠ ᠠᠪᠴᠤ ᠴᠡᠷᠢᠭ ᠮᠣᠷᠢᠨ ᠢ᠋ ᠴᠡᠭᠴᠡᠯᠡᠨ ᠦᠳᠲᠡᠷ ᠵᠡᠭᠦᠨᠰᠢ ᠢᠷ᠎ᠡ ᠭᠡᠮᠡᠨ ᠵᠠᠷᠯᠠᠲᠤᠭᠠᠢ 》 ᠬᠡᠮᠡᠭᠡᠳ ᠰᠠᠨᠳᠠᠯᠢ ᠳ᠋ᠤ᠌ ᠰᠠᠭᠤᠨ ᠠᠮᠢᠰᠬᠤᠭᠠᠳᠠᠮᠤᠢ ᠃
ᠲᠡᠳᠦᠢ ᠳ᠋ᠦ᠍ᠷ ᠨᠢᠭᠡᠨᠲᠡ ᠵᠤᠨ ᠤ᠋ ᠲᠡᠷᠢᠭᠦᠨ ᠰᠠᠷ᠎ᠠ ᠪᠣᠯᠤᠭᠰᠠᠨ ᠲᠤᠯᠠ ᠠᠭᠤᠷ ᠠᠮᠢᠰᠬᠤᠯ ᠨᠡᠯᠢᠶᠡᠳ ᠳᠤᠯᠠᠭᠠᠷᠠᠵᠤ ᠂ ᠬᠥᠬᠡ ᠡᠪᠡᠰᠦ ᠭᠤᠯᠣᠭᠤᠢ ᠬᠤᠸᠠᠷ ᠳᠠᠷᠬᠠᠨ ᠠᠭᠤᠯᠠ ᠶ᠋ᠢᠨ ᠡᠩᠭᠡᠷ ᠰᠤᠵᠠᠭ ᠢ᠋ᠶ᠋ᠠᠷ ᠠᠯᠠᠭᠯᠠᠨ ᠬᠠᠷᠠᠭᠳᠠᠮᠤᠢ ᠃ ᠲᠤᠬᠤᠨᠲᠡᠮᠦᠷ ᠬᠠᠭᠠᠨ ᠥᠷᠯᠥᠭᠡ ᠡᠷᠲᠡ ᠪᠣᠰᠤᠭᠠᠳ ᠬᠤᠪᠴᠠᠰᠤ ᠪᠠᠨ ᠵᠠᠰᠠᠨ ᠡᠮᠦᠰᠦᠭᠡᠳ ᠥᠯᠵᠡᠢ ᠬᠤᠲᠤᠭ ᠬᠠᠲᠤᠨ ᠪᠣᠯᠤᠨ ᠬᠥᠪᠡᠭᠦᠨ ᠠᠶᠤᠰᠢᠷᠢᠳᠠᠷᠠ ᠶ᠋ᠢᠨ ᠬᠠᠮᠲᠤ ᠳᠠᠷᠬᠠᠨ ᠠᠭᠤᠯᠠ ᠶ᠋ᠢᠨ ᠥᠨᠳᠥᠷ ᠲᠦ᠍ ᠠᠪᠠᠷᠢᠨ ᠭᠠᠷᠴᠤ ᠂ ᠵᠡᠭᠦᠨ ᠵᠦᠭ ᠢ᠋ ᠬᠠᠷᠠᠪᠠᠰᠤ ᠠᠯᠲᠠᠨ ᠨᠠᠷᠠᠨ ᠤ᠋ ᠰᠢᠵᠢᠷ ᠲᠤᠶᠠᠭ᠎ᠠ ᠬᠠᠭᠤᠷᠠᠢ ᠭᠣᠣᠯ ᠤ᠋ᠨ ᠬᠥᠨᠳᠡᠢ ᠶ᠋ᠢ ᠥᠪᠴᠢ ᠭᠡᠢᠭᠦᠯᠦᠨ ᠂ ᠬᠥᠬᠡ ᠠᠯᠠᠭ ᠴᠡᠭᠴᠡᠦᠬᠡᠢ ᠬᠥᠭᠡᠷᠦᠬᠦᠨ ᠳᠠᠭᠤᠨ ᠢ᠋ᠶ᠋ᠠᠷ ᠳᠣᠩᠭᠣᠳᠤᠨ ᠬᠥᠳᠡᠭᠡ ᠲᠠᠯ᠎ᠠ ᠳ᠋ᠤ᠌ ᠠᠳᠤᠭᠤ ᠂ ᠦᠬᠡᠷ ᠬᠣᠨᠢᠨ ᠰᠦᠷᠦᠭ ᠦ᠋ᠳ ᠲᠠᠪᠠᠲᠠᠢ ᠰᠠᠢᠬᠠᠨ ᠪᠡᠯᠴᠢᠭᠡᠷᠯᠡᠮᠦᠢ ᠃ ᠳᠠᠷᠬᠠᠨ ᠠᠭᠤᠯᠠ ᠶ᠋ᠢᠨ ᠠᠷᠤ ᠬᠣᠷᠮᠣᠢ ᠳ᠋ᠤ᠌ ᠳᠠᠯᠠᠢᠨᠠᠭᠤᠷ ᠤ᠋ᠨ ᠤᠰᠤᠨ ᠡᠷᠭᠢ ᠬᠥᠪᠡᠭᠡ ᠪᠡᠨ ᠳᠡᠯᠡᠳᠦᠨ ᠂ ᠳᠥᠰᠢ ᠶ᠋ᠢᠨ ᠬᠠᠳᠠ ᠠᠯᠤᠰ ᠤ᠋ᠨ ᠪᠠᠷ᠎ᠠ ᠳ᠋ᠤ᠌ ᠢᠯᠠᠭᠳᠠᠰᠢ ᠦᠭᠡᠢ ᠪᠠᠭᠠᠲᠤᠷ ᠡᠷ᠎ᠡ ᠮᠡᠲᠦ ᠲᠡᠭᠷᠢ ᠶ᠋ᠢᠨ ᠬᠠᠶᠠᠭ᠎ᠠ ᠶ᠋ᠢ ᠪᠠᠭᠠᠨᠠᠳᠠᠨ ᠰᠦᠷ ᠲᠡᠢ ᠬᠠᠷᠠᠭᠳᠠᠮᠤᠢ ᠃
ᠲᠤᠬᠤᠨᠲᠡᠮᠦᠷ ᠬᠠᠭᠠᠨ ᠰᠡᠳᠬᠢᠷᠦᠨ ᠄ 《 ᠵᠠᠭᠤ ᠲᠠᠪᠢᠨ ᠵᠢᠯ ᠦ᠋ᠨ ᠡᠮᠦᠨ᠎ᠡ ᠪᠣᠭᠳᠠ ᠴᠢᠩᠭᠢᠰ ᠬᠠᠭᠠᠨ ᠢ᠋ᠶ᠋ᠠᠷ ᠠᠯᠲᠠᠨ ᠤᠯᠤᠰ ᠤ᠋ᠨ ᠨᠡᠢᠰᠯᠡᠯ ᠵᠥᠩᠲᠦ ᠪᠠᠯᠭᠠᠰᠤᠨ ᠢ᠋ ᠡᠵᠡᠯᠡᠨ ᠠᠪᠬᠤ ᠦᠶ᠎ᠡ ᠳ᠋ᠦ᠍ ᠂ ᠠᠳᠠ ᠴᠡᠷᠢᠭ ᠮᠣᠷᠢᠨ ᠢ᠋ᠶ᠋ᠠᠨ ᠪᠣᠯᠪᠠᠰᠤᠷᠠᠭᠤᠯᠵᠤ ᠡᠮᠦᠨᠡᠰᠢ ᠣᠷᠣᠭᠰᠠᠨ ᠪᠥᠭᠡᠳ ᠬᠤᠪᠢᠯᠠᠢ ᠰᠡᠴᠡᠨ ᠬᠠᠭᠠᠨ ᠤ᠋ ᠲᠥᠷᠥᠭᠰᠡᠨ ᠭᠠᠵᠠᠷ ᠣᠷᠣᠨ ᠪᠤᠶᠤ ᠃ ᠡᠳᠦᠭᠡ ᠪᠢ ᠡᠪᠦᠭᠡ ᠳᠡᠭᠡᠳᠦᠰ ᠦ᠋ᠨ ᠵᠣᠪᠠᠵᠤ ᠪᠠᠢᠭᠤᠯᠤᠭᠰᠠᠨ ᠠᠤᠭ᠎ᠠ ᠦᠢᠯᠡᠰ ᠢ᠋ ᠵᠠᠯᠭᠠᠮᠵᠢᠯᠠᠨ ᠬᠥᠭᠵᠢᠭᠦᠯᠵᠦ ᠡᠰᠡ ᠴᠢᠳᠠᠭᠰᠠᠨ ᠪᠣᠯᠪᠠᠴᠤ ᠥᠨᠢᠷ ᠨᠤᠲᠤᠭ ᠳᠠᠷᠬᠠᠨ ᠣᠷᠣᠨ ᠮᠥᠨ ᠮᠣᠩᠭᠣᠯᠴᠤᠳ ᠤ᠋ᠨ ᠭᠠᠷ ᠲᠤ᠌ ᠬᠣᠴᠣᠷᠴᠤ ᠂ ᠵᠦᠬᠡ ᠬᠤᠯᠠᠭᠠᠢ ᠠ᠋ᠴᠠ ᠥᠰᠢᠶ᠎ᠡ ᠠᠪᠬᠤ ᠪᠠᠭᠠᠲᠤᠷ ᠦᠷᠡᠰ ᠬᠣᠵᠢᠮ ᠤ᠋ᠨ ᠡᠳᠦᠷ ᠯᠠᠪ ᠪᠣᠢ ᠃ ᠪᠣᠭᠳᠠ ᠪᠠᠭᠠᠲᠤᠷ ᠴᠢᠩᠭᠢᠰ ᠬᠠᠭᠠᠨ ᠤ᠋ ᠦᠷᠡᠰ ᠡᠭᠦᠷᠢᠳᠡ ᠮᠢᠨᠦ ᠪᠡᠶ᠎ᠡ ᠪᠡᠷ ᠰᠤᠷᠭᠠᠮᠵᠢ ᠪᠣᠯᠭᠠᠵᠤ ᠂ ᠴᠢᠩᠭᠢᠰ ᠬᠠᠭᠠᠨ ᠂ ᠬᠤᠪᠢᠯᠠᠢ ᠬᠠᠭᠠᠨ ᠤ᠋ ᠳᠠᠷᠬᠠᠨ ᠦᠢᠯᠡᠰ ᠢ᠋ ᠮᠠᠨᠳᠤᠭᠤᠯᠤᠨ ᠶᠠᠪᠤᠲᠤᠭᠠᠢ 》 ᠭᠡᠮᠡᠨ ᠭᠡᠮᠰᠢᠯ ᠦ᠋ᠨ ᠰᠢᠯᠦᠭ ᠨᠢᠭᠡᠨ ᠪᠠᠳᠠᠭ ᠢ᠋ ᠬᠠᠢᠯᠠᠪᠠᠢ ᠃ ᠲᠡᠭᠦᠨ ᠦ᠌ ᠦᠭᠡ ᠢᠨᠤ ᠄
ᠡᠯᠳᠡᠪ ᠵᠦᠢᠯ ᠡᠷᠳᠡᠨᠢᠰ ᠢ᠋ᠶ᠋ᠡᠷ ᠪᠦᠲᠦᠭᠰᠡᠨ
ᠡᠷᠬᠡᠲᠦ ᠶᠡᠬᠡ ᠳᠠᠢᠳᠤ ᠬᠣᠲᠠ ᠮᠢᠨᠢ !
ᠡᠷᠲᠡᠨ ᠦ᠌ ᠬᠠᠭᠠᠳ ᠤ᠋ᠨ ᠵᠤᠰᠠᠯᠠᠩ
ᠱᠠᠩᠳᠤ ᠶ᠋ᠢᠨ ᠰᠢᠷ᠎ᠠ ᠲᠠᠯ᠎ᠠ ᠮᠢᠨᠢ !
ᠡᠷᠬᠡᠯᠡᠨ ᠵᠢᠷᠭᠠᠬᠤ ᠰᠡᠷᠢᠭᠦᠨ ᠰᠠᠢᠬᠠᠨ ᠱᠠᠩᠳᠤ ᠬᠡᠢᠪᠦᠩ ᠪᠠᠯᠭᠠᠳ ᠮᠢᠨᠢ !
ᠡᠷᠳᠡᠨᠢ ᠶ᠋ᠢᠨ ᠵᠦᠢᠯ ᠢ᠋ᠶ᠋ᠡᠷ ᠴᠢᠮᠡᠭᠯᠡᠭᠰᠡᠨ ᠨᠠᠢ᠍ᠮᠠᠨ ᠲᠠᠯᠠᠲᠤ ᠴᠠᠭᠠᠨ ᠰᠤᠪᠤᠷᠭ᠎ᠠ ᠮᠢᠨᠢ !
ᠡᠷᠲᠡ ᠪᠣᠰᠴᠤ ᠥᠨᠳᠥᠷ ᠳᠡᠭᠡᠷ᠎ᠡ ᠭᠠᠷᠬᠤ ᠳ᠋ᠤ᠌
ᠡᠷᠬᠢᠮ ᠰᠠᠢᠬᠠᠨ ᠦᠨᠦᠷ ᠠᠩᠬᠢᠯᠤᠭᠰᠠᠨ
ᠡᠮᠦᠨ᠎ᠡ ᠬᠣᠢᠨ᠎ᠠ ᠠ᠋ᠴᠠ ᠬᠠᠷᠠᠵᠤ ᠦᠵᠡᠬᠦ ᠳ᠋ᠦ᠍
ᠥᠩᠭᠡ ᠦᠵᠡᠰᠬᠦᠯᠡᠩ ᠲᠡᠭᠦᠯᠳᠡᠷ ᠪᠥᠭᠡᠳ
ᠡᠪᠦᠯ ᠵᠤᠨ ᠬᠡᠳᠦᠢ ᠳ᠋ᠦ᠍ ᠴᠦ᠍ ᠤᠢᠳᠬᠠᠷ ᠦᠭᠡᠢ
ᠥᠷᠭᠡᠨ ᠳᠡᠯᠭᠡᠷ ᠳᠠᠢᠳᠤ ᠮᠢᠨᠢ !
ᠤᠷᠢᠳᠤ ᠶ᠋ᠢᠨ ᠬᠠᠭᠠᠳ ᠤ᠋ᠨ ᠪᠠᠢᠭᠤᠯᠤᠭᠰᠠᠨ
ᠤᠯᠤᠰ ᠨᠡᠢᠲᠡ ᠶ᠋ᠢᠨ ᠰᠢᠲᠦᠭᠡᠨ ᠳᠠᠢᠳᠤ ᠮᠢᠨᠢ !
ᠤᠴᠠᠷᠠᠵᠤ ᠨᠡᠢᠯᠡᠭᠰᠡᠨ ᠨᠣᠶᠠᠨ ᠵᠠᠢᠰᠠᠩ ᠤ᠋ᠳ ᠮᠢᠨᠢ
ᠤᠬᠠᠵᠤ ᠮᠡᠳᠡᠭᠰᠡᠨ ᠢᠯᠠᠬᠤ ᠴᠢᠩᠰᠠᠩ ᠮᠢᠨᠢ !
ᠳᠥᠴᠢᠨ ᠲᠦᠮᠡᠨ ᠮᠣᠩᠭᠣᠯ ᠤ᠋ᠨ ᠨᠡᠷ᠎ᠡ
ᠲᠥᠷᠥ ᠪᠣᠯᠤᠭᠰᠠᠨ ᠳᠥᠷᠪᠡᠨ ᠶᠡᠬᠡ ᠬᠠᠭᠠᠯᠭᠠᠲᠤ ᠳᠠᠢᠳᠤ ᠮᠢᠨᠢ !
ᠬᠤᠪᠢᠯᠭᠠᠨ ᠰᠡᠴᠡᠨ ᠬᠠᠭᠠᠨ ᠤ᠋ ᠪᠠᠢᠭᠤᠯᠤᠭᠰᠠᠨ
ᠬᠤᠲᠤᠭ ᠣᠷᠣᠰᠢᠭᠰᠠᠨ ᠳᠡᠭᠡᠳᠦ ᠣᠷᠣᠨ ᠢ᠋
ᠬᠠᠭᠤᠷᠲᠠᠵᠤ ᠠᠯᠳᠠᠪᠠᠢ ᠵᠦᠬᠡ ᠨᠣᠶᠠᠨ ᠳ᠋ᠤ᠌
ᠭᠤᠲᠤᠮᠰᠢᠭᠲᠤ ᠮᠠᠭᠤ ᠨᠡᠷ᠎ᠡ ᠨᠠᠳᠠ ᠳ᠋ᠤ᠌ ᠢᠷᠡᠪᠡᠢ ᠃
ᠲᠣᠬᠤᠨᠲᠡᠮᠦᠷ ᠬᠠᠭᠠᠨ 《 ᠭᠡᠮᠰᠢᠯ ᠦ᠋ᠨ ᠰᠢᠯᠦᠭ 》 ᠢ᠋ᠶ᠋ᠡᠨ ᠬᠠᠢᠯᠠᠵᠤ ᠳᠠᠭᠤᠰᠤᠭᠠᠳ ᠲᠡᠭᠷᠢ ᠶ᠋ᠢ ᠬᠠᠷᠠᠵᠤ ᠳᠠᠭᠤ ᠲᠠᠯᠪᠢᠨ ᠨᠢᠭᠡᠨ ᠵᠡᠷᠭᠡ ᠤᠬᠢᠯᠠᠭᠰᠠᠨᠠ ᠲᠠᠢ ᠢᠦᠢ ᠲᠦᠰᠢᠮᠡᠯ ᠥᠯᠵᠡᠢ ᠳᠡᠷᠭᠡᠳᠡ ᠡᠴᠡ ᠢᠳᠬᠠᠨ ᠥᠭᠦᠯᠡᠷᠦᠨ ᠄
《 ᠡᠵᠡᠨ ᠮᠢᠨᠢ ᠂ ᠥᠷᠥᠰᠢᠶᠡᠨ ᠬᠠᠢᠷᠠᠯᠠ ! ᠥᠷᠭᠡᠨ ᠠᠭᠤᠳᠠᠮ ᠤᠯᠤᠰ ᠦᠨᠳᠦᠰᠦᠲᠡᠨ ᠴᠢᠨᠦ ᠠᠷᠤ ᠭᠠᠵᠠᠷ ᠪᠦᠷᠢᠨ ᠢ᠋ᠶ᠋ᠡᠷ ᠪᠠᠢᠮᠤᠢ ᠂ ᠥᠷᠯᠥᠭ ᠰᠠᠢᠳ ᠵᠠᠩᠵᠤᠨ ᠪᠠᠭᠠᠲᠤᠷ ᠤ᠋ᠳ ᠤ᠋ᠨ ᠬᠦᠴᠦᠨ ᠵᠣᠷᠢᠭ ᠪᠠᠭᠤᠷᠠᠭᠰᠠᠨ ᠦᠭᠡᠢ ᠃ ᠭᠠᠭᠴᠠ ᠵᠦᠩᠶᠤᠸᠠᠨ ᠣᠷᠣᠨ ᠰᠠᠮᠠᠭᠤᠷᠠᠯ ᠡᠭᠦᠰᠦᠭᠰᠡᠨ ᠴᠠᠭ ᠲᠤ᠌ ᠂ ᠤᠮᠠᠷ᠎ᠠ ᠠ᠋ᠴᠠ ᠮᠣᠩᠭᠣᠯ ᠴᠡᠷᠢᠭ ᠢᠷᠡᠵᠦ ᠳᠠᠢᠯᠠᠭᠰᠠᠨ ᠦᠭᠡᠢ ᠡᠴᠡ ᠪᠣᠯᠵᠤ ᠬᠢᠲᠠᠳ ᠭᠡᠷᠡᠲᠦ ᠭᠠᠷᠪᠠ ᠂ ᠬᠢᠷᠰᠠ ᠶ᠋ᠢᠨ ᠰᠡᠭᠦᠯ ᠵᠠᠯᠠᠭ᠎ᠠ ᠪᠣᠯᠤᠭᠰᠠᠨ ᠲᠡᠳᠦᠢ ᠪᠣᠢ ᠢ᠋᠎ᠡ ! ᠡᠭᠦᠪᠡᠷ ᠰᠤᠷᠭᠠᠮᠵᠢ ᠪᠣᠯᠭᠠᠵᠤ ᠡᠷᠬᠡ ᠬᠦᠴᠦᠨ ᠳ᠋ᠦ᠍ᠷ ᠢ᠋ᠶ᠋ᠡᠨ ᠡᠷᠡᠮᠰᠢᠯ ᠦᠭᠡᠭᠦᠶ᠎ᠡ ᠡᠷᠳᠡᠮᠲᠦ ᠶᠠᠪᠤᠳᠠᠯ ᠢ᠋ ᠬᠢᠴᠢᠶᠡᠨ ᠡᠪ ᠨᠠᠢᠷ ᠢ᠋ᠶ᠋ᠠᠨ ᠪᠠᠲᠤᠳᠬᠠᠬᠤ ᠶ᠋ᠢ ᠠᠩᠬᠠᠷᠬᠤ ᠶ᠋ᠢ ᠬᠣᠲᠠᠯᠠᠭᠠᠷ ᠮᠡᠳᠡᠬᠦ ᠵᠣᠬᠢᠰᠲᠠᠢ ᠠᠵᠤᠭᠤ 》 ᠬᠡᠮᠡᠪᠡ ᠃
ᠬᠠᠭᠠᠨ ᠬᠥᠪᠡᠭᠦᠨ ᠠᠶᠤᠰᠢᠷᠢᠲᠠᠷᠠ ᠪᠠᠰᠠ ᠵᠠᠯᠭᠠᠵᠤ ᠥᠭᠦᠯᠡᠷᠦᠨ ᠄
《 ᠬᠠᠯᠠ ᠦᠵᠡᠵᠦ ᠬᠠᠯᠠᠭᠤᠨ ᠴᠢᠯᠠᠭᠤ ᠳᠣᠯᠢᠶᠠᠬᠤ ᠦᠭᠡᠢ ᠪᠣᠯᠪᠠᠰᠤ ᠤᠬᠠᠭᠠᠨ ᠲᠥᠬᠥᠭᠡ ᠣᠷᠣᠬᠤ ᠦᠭᠡᠢ ᠶᠦ᠍ᠮ ᠪᠠᠢᠨᠠᠮ ᠃ ᠣᠢᠷ᠎ᠠ ᠶ᠋ᠢᠨ ᠵᠢᠯ ᠳ᠋ᠦ᠍ ᠡᠭᠦᠰᠦᠭᠰᠡᠨ ᠵᠠᠰᠠᠭ ᠲᠥᠷᠥ ᠶ᠋ᠢᠨ ᠦᠢᠮᠡᠭᠡᠨ ᠡᠴᠡ ᠠᠯᠢ ᠣᠯᠠᠨ ᠡᠷᠳᠡᠮ ᠮᠡᠳᠡᠯᠭᠡ ᠰᠤᠷᠪᠠᠢ ᠃ ᠡᠷᠲᠡ ᠶ᠋ᠢᠨ ᠲᠡᠦᠬᠡᠨ ᠳ᠋ᠦ᠍ ᠬᠠᠨ ᠤᠯᠤᠰ ᠤ᠋ᠨ ᠪᠣᠭᠳᠠ ᠡᠵᠡᠨ ᠯᠢᠦ ᠪᠧᠢ ᠪᠡᠷ ᠰᠧᠴᠤᠸᠠᠨ ᠤ᠋ ᠭᠠᠵᠠᠷ ᠰᠠᠭᠤᠷᠢᠨ ᠢ᠋ ᠵᠠᠯᠭᠠᠮᠵᠢᠯᠠᠭᠰᠠᠨ ᠪᠠ ᠠᠯᠲᠠᠨ ᠤᠯᠤᠰ ᠤ᠋ᠨ ᠶᠤᠸᠠᠨ ᠲᠢ ᠬᠠᠭᠠᠨ ᠂ ᠰᠥᠩ ᠤᠯᠤᠰ ᠤ᠋ᠨ ᠭᠣᠣᠽᠦᠶ᠋ᠩ ᠬᠠᠭᠠᠨ ᠵᠢᠶᠠᠩᠲᠦᠶ᠋ᠩ ᠦ᠋ᠨ ᠭᠠᠵᠠᠷ ᠲᠤ᠌ ᠰᠠᠭᠤᠷᠢᠨ ᠢ᠋ ᠵᠠᠯᠭᠠᠮᠵᠢᠯᠠᠭᠰᠠᠨᠠ ᠂ ᠲᠡᠦᠬᠡᠨ ᠪᠢᠴᠢᠭ ᠲᠣᠷ ᠪᠦᠷ ᠤᠵᠠᠭᠤᠷ ᠤ᠋ᠨ ᠭᠣᠣᠯ ᠤᠯᠤᠰ ᠪᠣᠯᠭᠠᠨ ᠲᠡᠮᠳᠡᠭᠯᠡᠵᠦᠬᠦᠢ ᠃ ᠡᠳᠦᠭᠡ ᠡᠴᠢᠭᠡ ᠬᠠᠭᠠᠨ ᠢ᠋ᠶ᠋ᠠᠷ ᠬᠠᠨ ᠰᠢᠶᠠᠨ ᠲᠢ ᠬᠠᠭᠠᠨ ᠤ᠋ ᠠᠳᠠᠯᠢ ᠪᠠᠭᠤᠷᠠᠭᠰᠠᠨ ᠦᠭᠡᠢ ᠂ ᠠᠯᠲᠠᠨ ᠤᠯᠤᠰ ᠤ᠋ᠨ ᠾᠦᠢ ᠲᠢ ᠂ ᠮᠢᠨ ᠲᠢ ᠬᠠᠭᠠᠨ ᠮᠡᠲᠦ ᠳᠠᠢᠰᠤᠨ ᠳ᠋ᠤᠷ ᠪᠠᠷᠢᠭᠳᠠᠭᠰᠠᠨ ᠦᠭᠡᠢ ᠂ ᠰᠥᠩ ᠤᠯᠤᠰ ᠾᠦᠢᠽᠦᠶ᠋ᠩ ᠂ ᠴᠢᠨᠽᠦᠶ᠋ᠩ ᠦ᠋ᠨ ᠠᠳᠠᠯᠢ ᠪᠤᠰᠤᠳ ᠲᠤᠷ ᠣᠯᠵᠠᠯᠠᠭᠳᠠᠭᠰᠠᠨ ᠦᠭᠡᠢ ᠂ ᠭᠠᠭᠴᠠ ᠵᠦᠩᠶᠤᠸᠠᠨ ᠣᠷᠣᠨ ᠢ᠋ ᠵᠦᠬᠡ ᠬᠤᠯᠠᠭᠠᠢ ᠳ᠋ᠤ᠌ ᠲᠦᠷ ᠠᠪᠲᠠᠭᠰᠠᠨ ᠲᠡᠳᠦᠢ ᠪᠢᠯᠡ ᠃ ᠪᠣᠭᠳᠠ ᠴᠢᠩᠭᠢᠰ ᠬᠠᠭᠠᠨ ᠂ ᠬᠤᠪᠢᠯᠠᠢ ᠰᠡᠴᠡᠨ ᠬᠠᠭᠠᠨ ᠤ᠋ ᠪᠠᠢᠭᠤᠯᠤᠭᠰᠠᠨ ᠶᠡᠬᠡ ᠮᠣᠩᠭᠣᠯ ᠤᠯᠤᠰ ᠤ᠋ᠨ ᠲᠣᠪᠴᠢ ᠬᠡᠯᠬᠢᠶ᠎ᠡ ᠳᠠᠯᠠᠢᠨᠠᠭᠤᠷ ᠤ᠋ᠨ ᠳᠤᠮᠳᠠ ᠰᠡᠬᠦᠢᠨ ᠰᠦᠨᠳᠡᠷᠯᠡᠭᠰᠡᠨ ᠲᠦᠰᠢ ᠬᠠᠳᠠ ᠮᠡᠲᠦ ᠠᠷᠤ ᠭᠠᠵᠠᠷ ᠲᠤ᠌ ᠲᠠᠰᠤᠷᠠᠯ ᠦᠭᠡᠢ ᠵᠠᠯᠭᠠᠮᠵᠢᠯᠠᠨ ᠮᠠᠨᠳᠤᠬᠤ ᠶ᠋ᠢ ᠪᠢ ᠪᠠᠲᠤ ᠢᠲᠡᠭᠡᠮᠦᠢ 》 ᠬᠡᠮᠡᠭᠡᠳ ᠡᠴᠢᠭᠡ ᠬᠠᠭᠠᠨ ᠢ᠋ᠶ᠋ᠠᠨ ᠡᠭᠦᠷᠴᠦ ᠠᠭᠤᠯᠠᠨ ᠠ᠋ᠴᠠ ᠪᠠᠭᠤᠵᠤ ᠣᠷᠳᠣᠨ ᠳ᠋ᠤ᠌ ᠪᠠᠨ ᠪᠤᠴᠠᠵᠤ ᠢᠷᠡᠪᠡ ᠃ ᠲᠣᠬᠤᠨᠲᠡᠮᠦᠷ ᠬᠠᠭᠠᠨ ᠰᠡᠳᠬᠢᠯ ᠰᠠᠨᠠᠭ᠎ᠠ ᠮᠠᠰᠢ ᠵᠣᠪᠠᠵᠤ ᠭᠤᠳᠤᠷᠠᠭᠰᠠᠨ ᠤ᠋ ᠬᠠᠷᠠᠭ᠎ᠠ ᠪᠠᠷ ᠪᠡᠶ᠎ᠡ ᠶ᠋ᠢᠨ ᠡᠷᠡᠭᠦᠯ ᠮᠡᠨᠳᠦ ᠶᠡᠬᠡᠳᠡ ᠮᠠᠭᠤᠳᠠᠭᠠᠳ ᠡᠳᠦᠷ ᠢᠷᠡᠬᠦᠶ᠎ᠡ ᠲᠠᠮᠢᠷ ᠲᠡᠩᠬᠡᠭᠡ ᠦᠭᠡᠢ ᠪᠣᠯᠵᠤ ᠬᠡᠪᠲᠡᠯᠭᠡ ᠳ᠋ᠦ᠍ ᠣᠷᠣᠪᠠ ᠃ ᠣᠷᠳᠣᠨ ᠤ᠋ ᠡᠮᠴᠢ ᠬᠦᠢᠯᠡᠨ ᠢᠷᠡᠵᠦ ᠣᠨᠣᠰᠢᠯᠠᠵᠤ ᠬᠡᠯᠡᠬᠦ ᠢᠨᠦ ᠄《 ᠬᠠᠭᠠᠨ ᠤ᠋ ᠪᠡᠶ᠎ᠡ ᠤᠷᠲᠤ ᠬᠤᠭᠤᠴᠠᠭ᠎ᠠ ᠪᠠᠷ ᠰᠡᠳᠬᠢᠯ ᠵᠣᠪᠠᠵᠤ ᠰᠢᠨᠠᠯᠤᠭᠰᠠᠨ ᠤ᠋ ᠤᠯᠠᠮ ᠳ᠋ᠤ᠌ ᠲᠠᠮᠢᠷ ᠪᠠᠷᠠᠭᠳᠠᠭᠰᠠᠨ ᠤ᠋ ᠳᠠᠭᠠᠤ ᠲᠠᠭᠠᠷᠠᠵᠤ ᠵᠦᠳᠡᠭᠰᠡᠨ ᠡᠴᠡ ᠪᠣᠯᠵᠤ ᠂ ᠮᠠᠬᠠᠪᠣᠳ ᠬᠢᠮᠤᠷᠠᠯᠳᠤᠨ ᠭᠡᠳᠡᠰᠦᠨ ᠡᠪᠡᠳᠴᠢᠨ ᠪᠣᠯᠪᠠ ᠃ ᠡᠳᠦᠭᠡ ᠭᠡᠳᠡᠰᠦᠨ ᠳ᠋ᠦ᠍ᠷ ᠪᠠᠳᠬᠠᠨ ᠤ᠋ ᠶᠣᠯᠬᠣᠳᠠᠰᠤ ᠪᠠᠷ ᠳᠦᠭᠦᠷᠴᠦ ᠭᠡᠳᠡᠰᠦ ᠬᠠᠳᠬᠤᠯᠠᠨ ᠰᠠᠭᠤᠯᠭᠠᠭᠠᠳ ᠵᠠᠰᠠᠯ ᠠᠪᠬᠤ ᠦᠭᠡᠢ ᠪᠣᠯᠵᠠᠢ ᠃ ᠬᠠᠲᠤᠨ ᠂ ᠲᠠᠢᠽᠢ ᠂ ᠪᠢᠴᠢᠭ ᠴᠡᠷᠢᠭ ᠦ᠋ᠨ ᠲᠦᠰᠢᠮᠡᠳ ᠬᠣᠢᠰᠢ ᠶ᠋ᠢᠨ ᠦᠢᠯᠡ ᠶ᠋ᠢ ᠪᠡᠯᠡᠳᠬᠡᠲᠦᠭᠡᠢ 》 ᠬᠡᠮᠡᠪᠡ ᠃
ᠲᠣᠬᠤᠨᠲᠡᠮᠦᠷ ᠬᠠᠭᠠᠨ ᠴᠤ᠌ ᠥᠪᠡᠷ ᠢ᠋ᠶ᠋ᠡᠨ ᠨᠢᠭᠡᠨᠲᠡ ᠬᠡᠳᠦᠨ ᠡᠳᠦᠷ ᠠᠮᠢᠳᠤᠷᠠᠵᠤ ᠳᠡᠢᠯᠬᠦ ᠦᠭᠡᠢ ᠪᠣᠯᠤᠭᠰᠠᠨ ᠢ᠋ᠶ᠋ᠠᠨ ᠮᠡᠳᠡᠭᠡᠳ ᠬᠥᠪᠡᠭᠦᠨ ᠠᠶᠤᠰᠢᠷᠢᠳᠠᠷᠠ ᠳ᠋ᠤᠷ ᠵᠠᠬᠢᠵᠤ ᠥᠭᠦᠯᠡᠷᠦᠨ ᠄ 《ᠨᠠᠮ᠎ᠠ ᠶ᠋ᠢ ᠦᠬᠦᠭᠰᠡᠨ ᠦ᠌ ᠬᠣᠢᠨ᠎ᠠ ᠴᠢᠩᠭᠢᠰ ᠬᠠᠭᠠᠨ ᠂ ᠬᠤᠪᠢᠯᠠᠢ ᠰᠡᠴᠡᠨ ᠬᠠᠭᠠᠨ ᠤ᠋ ᠣᠷᠣᠰᠢᠭᠤᠯᠤᠭᠰᠠᠨ ᠭᠠᠵᠠᠷ ᠲᠤ᠌ ᠬᠦᠷᠭᠡᠵᠦ ᠣᠷᠣᠰᠢᠭᠤᠯ ! ᠲᠥᠷᠥ ᠤᠯᠠᠮᠵᠢᠯᠠᠭᠰᠠᠨ ᠬᠠᠰ ᠲᠠᠮᠠᠭ᠎ᠠ ᠶ᠋ᠢ ᠠᠮᠢᠨ ᠰᠠᠬᠢᠶ᠎ᠠ ᠪᠠᠨ ᠪᠣᠯᠭᠠᠨ ᠬᠠᠢᠷᠠᠯᠠᠵᠤ ᠬᠠᠮᠠᠭᠠᠯᠠ ! ᠡᠪᠦᠭᠡ ᠳᠡᠭᠡᠳᠦᠰ ᠦ᠋ᠨ ᠵᠣᠪᠠᠵᠤ ᠵᠦᠳᠡᠵᠦ ᠣᠯᠤᠭᠰᠠᠨ ᠮᠣᠩᠭᠣᠯ ᠣᠷᠣᠨ ᠳ᠋ᠤ᠌ ᠪᠠᠨ ᠬᠠᠷᠢ ᠶ᠋ᠢᠨ ᠳᠠᠢᠰᠤᠨ ᠤ᠋ ᠰᠠᠪᠠᠷ ᠢ ᠪᠢᠲᠡᠭᠡᠢ ᠬᠦᠷᠭᠡ ! 》 ᠭᠡᠮᠡᠨ ᠭᠡᠷᠢᠶᠡᠰᠯᠡᠭᠡᠳ ᡁᠢ ᠵᠧᠩ ᠦ᠋ᠨ ᠭᠤᠴᠢᠳᠤᠭᠠᠷ ᠣᠨ ( 1370 ᠣᠨ ) ᠤ᠋ ᠵᠤᠨ ᠤ᠋ ᠲᠡᠷᠢᠭᠦᠨ ᠰᠠᠷ᠎ᠠ ᠶ᠋ᠢᠨ ᠬᠣᠷᠢᠨ ᠨᠠᠢ᠍ᠮᠠᠨ ᠤ᠋ ᠡᠳᠦᠷ ᠢᠩᠴᠠᠩ ᠳ᠋ᠤ᠌ ᠲᠠᠪᠢᠨ ᠨᠢᠭᠡᠨ ᠨᠠᠰᠤᠨ ᠰᠡᠭᠦᠳᠡᠷ ᠲᠡᠢ ᠲᠡᠭᠷᠢ ᠳ᠋ᠦ᠍ ᠬᠠᠯᠢᠪᠠ ᠃ ᠮᠣᠩᠭᠣᠯ ᠢ᠋ᠶ᠋ᠠᠷ ᠤᠬᠠᠭᠠᠨᠲᠤ ᠬᠠᠭᠠᠨ ᠬᠡᠮᠡᠳᠡᠭ ᠃ ᠬᠠᠭᠠᠨ ᠣᠷᠣ ᠳ᠋ᠤ᠌ ᠭᠤᠴᠢᠨ ᠳᠣᠯᠣᠭᠠᠨ ᠣᠨ ᠰᠠᠭᠤᠪᠠᠢ ᠃ ᠮᠢᠩ ᠲᠠᠢᠽᠦ ᠵᠣ᠌ ᠶᠤᠸᠠᠨ ᠵᠠᠩ ᠢ᠋ᠶ᠋ᠠᠷ ᠭᠠᠰᠢᠭᠤᠳᠠᠯ ᠤ᠋ᠨ ᠴᠢᠮᠡᠭᠡ ᠢᠷᠡᠭᠦᠯᠵᠦ ᠲᠡᠭᠷᠢ ᠶ᠋ᠢᠨ ᠵᠠᠶᠠᠭ᠎ᠠ ᠪᠠᠷ ᠵᠠᠢᠯᠠᠵᠤ ᠥᠭᠪᠡᠢ ᠬᠡᠮᠡᠭᠡᠳ 《 ᠱᠦᠨ ᠲᠢ 》 ᠭᠡᠮᠡᠨ ᠨᠡᠬᠡᠵᠦ ᠡᠷᠭᠦᠪᠡ ᠃
ᠠᠶᠤᠰᠢᠷᠢᠳᠠᠷᠠ᠂ ᠲᠣᠬᠤᠨᠲᠡᠮᠦᠷ ᠬᠠᠭᠠᠨ ᠤ᠋ ᠭᠡᠭᠡᠨ ᠢᠵᠠᠭᠤᠷ ᠢ᠋ ᠠᠷᠤ ᠭᠠᠵᠠᠷ ᠬᠦᠷᠭᠡᠵᠦ ᠣᠷᠣᠰᠢᠭᠤᠯᠤᠭᠰᠠᠨ ᠤ᠋ ᠬᠣᠢᠨ᠎ᠠ ᠂ ᠢᠩᠴᠠᠩ ᠳ᠋ᠤᠷ ᠪᠤᠴᠠᠵᠤ ᠢᠷᠡᠭᠡᠳ ᠯᠢᠶᠣᠤᠳ᠋ᠦ᠋ᠩ ᠢ᠋ ᠳᠠᠷᠤᠨ ᠰᠠᠭᠤᠭᠰᠠᠨ ᠨᠠᠬᠠᠴᠤ᠌ ᠪᠣᠯᠤᠨ ᠶᠦᠨᠨᠠᠨ ᠢ᠋ ᠵᠠᠬᠢᠷᠴᠤ ᠪᠠᠢᠭ᠎ᠠ ᠲᠥᠷᠥᠯ ᠦ᠋ᠨ ᠨᠣᠶᠠᠨ ᠪᠠᠽᠡᠷᠸᠠᠷᠮᠢ ᠳ᠋ᠤ᠌ ᠲᠤᠰ ᠲᠤᠰ ᠡᠯᠴᠢᠨ ᠲᠣᠮᠢᠯᠠᠨ ᠮᠢᠩ ᠦ᠋ᠨ ᠴᠡᠷᠢᠭ ᠦ᠋ᠨ ᠳᠣᠪᠲᠣᠯᠤᠯᠲᠠ ᠶ᠋ᠢ ᠬᠣᠷᠢᠭᠯᠠᠨ ᠪᠠᠢᠯᠳᠤᠭᠤᠯᠬᠤ ᠪᠠᠷ ᠵᠠᠷᠯᠠᠵᠤ ᠂ ᠥᠪᠡᠷ ᠢ᠋ᠶ᠋ᠡᠨ ᠴᠡᠷᠢᠭ ᠮᠣᠷᠢᠨ ᠢ᠋ ᠴᠡᠭᠴᠡᠯᠡᠨ ᠯᠢ ᠸᠧᠨ ᠵᠦᠩ ᠦ᠋ᠨ ᠵᠠᠬᠢᠷᠤᠭᠰᠠᠨ ᠮᠢᠩ ᠦ᠋ᠨ ᠤᠮᠠᠷᠠᠰᠢ ᠳᠠᠢᠯᠠᠬᠤ ᠵᠡᠭᠦᠨ ᠵᠠᠮ ᠤ᠋ᠨ ᠴᠡᠷᠢᠭ ᠢ᠋ ᠤᠭᠲᠤᠨ ᠪᠠᠢᠯᠳᠤᠬᠤ ᠪᠠᠷ ᠪᠡᠯᠡᠳᠬᠡᠪᠡ ᠃
ᠶᠠᠭ ᠡᠨᠡ ᠦᠶ᠎ᠡ ᠳ᠋ᠦ᠍ ᠤᠷᠢᠳᠤ ᠶ᠋ᠢᠨ ᠢᠯᠡᠭᠡᠭᠰᠡᠨ ᠭᠠᠨᠰᠦ ᠶ᠋ᠢᠨ ᠡᠯᠴᠢᠨ ᠢᠷᠡᠭᠡᠳ ᠬᠥᠬᠡᠲᠡᠮᠦᠷ 《 ᠰᠢᠯᠢ ᠬᠥᠨᠳᠡᠢ ᠶ᠋ᠢᠨ ᠪᠠᠢᠯᠳᠤᠭᠠᠨ ᠳ᠋ᠤ᠌ ᠰᠢᠦᠢ ᠳᠠ ᠶ᠋ᠢᠨ ᠶᠡᠬᠡ ᠴᠡᠷᠢᠭ ᠦ᠋ᠨ ᠪᠦᠰᠡᠯᠡᠨ ᠤᠰᠠᠳᠬᠠᠯᠲᠠ ᠳ᠋ᠤ᠌ ᠤᠴᠠᠷᠠᠵᠤ ᠂ ᠴᠡᠷᠢᠭ ᠮᠣᠷᠢ ᠪᠠᠨ ᠪᠦᠷᠢᠮᠦᠰᠦᠨ ᠰᠥᠨᠥᠭᠡᠭᠳᠡᠭᠡᠳ ᠠᠷᠪᠠᠨ ᠬᠡᠳᠦᠨ ᠮᠣᠷᠢᠲᠤ ᠴᠡᠷᠢᠭ ᠪᠣᠯᠤᠨ ᠭᠡᠷᠭᠡᠢ ᠬᠡᠦᠬᠡᠳ ᠦ᠋ᠨ ᠬᠠᠮᠲᠤ ᠬᠠᠲᠤᠨ ᠭᠣᠣᠯ ᠢ᠋ ᠭᠡᠲᠦᠯᠦᠨ ᠂ ᠬᠠᠷᠠᠬᠣᠷᠢᠨ ᠳ᠋ᠤ᠌ ᠳᠤᠲᠠᠭᠠᠭᠰᠠᠨ ᠵᠣᠯ ᠪᠤᠰᠤ ᠮᠡᠳᠡᠭᠡ ᠬᠦᠷᠭᠡᠵᠦ ᠢᠷᠡᠪᠡ ᠃
ᠠᠶᠤᠰᠢᠷᠢᠳᠠᠷᠠ ᠡᠨᠡ ᠠᠵᠠ ᠪᠤᠰᠤ ᠮᠡᠳᠡᠭᠡ ᠶ᠋ᠢ ᠰᠣᠨᠣᠰᠤᠭᠠᠳ ᠬᠣᠶᠠᠷ ᠬᠥᠯ ᠰᠤᠯᠠᠷᠠᠵᠤ ᠨᠤᠭᠤᠷᠠᠨ ᠤᠨᠠᠬᠤ ᠰᠢᠬᠠᠪᠠ ᠃ ᠲᠡᠷᠡ ᠰᠡᠳᠬᠢᠯ ᠢ᠋ ᠬᠠᠲᠠᠭᠤᠵᠢᠭᠤᠯᠤᠨ ᠰᠢᠳᠠᠷ ᠲᠦᠰᠢᠮᠡᠯ ᠨᠠᠢᠷᠪᠤᠭᠠ ᠂ ᠬᠠᠷᠠᠵᠠᠩ᠂ ᠠᠷᠤᠭᠲᠡᠮᠦᠷ ᠨᠠᠷ ᠯᠤᠭ᠎ᠠ ᠬᠤᠷᠠᠯᠳᠤᠵᠤ ᠯᠢ ᠸᠧᠨ ᠵᠦᠩ ᠦ᠋ᠨ ᠴᠡᠷᠢᠭ ᠢ᠋ ᠬᠣᠷᠢᠭᠯᠠᠨ ᠪᠠᠢᠯᠳᠤᠬᠤ ᠠᠷᠭ᠎ᠠ ᠪᠣᠳᠣᠯᠭ᠎ᠠ ᠶ᠋ᠢ ᠵᠥᠪᠳᠡᠵᠦ ᠂ ᠪᠡᠷᠬᠡ ᠬᠠᠪᠴᠢᠯ ᠭᠠᠵᠠᠷ ᠲᠤ᠌ ᠴᠡᠷᠢᠭ ᠲᠣᠮᠢᠯᠠᠨ ᠰᠠᠭᠤᠯᠭᠠᠪᠠ ᠃
ᠲᠣᠬᠣᠨᠲᠡᠮᠦᠷ ᠬᠠᠭᠠᠨ ᠤ᠋ ᠬᠠᠯᠢᠭᠰᠠᠨ ᠴᠢᠮᠡᠭᠡ ᠶ᠋ᠢ ᠯᠢ ᠸᠧᠨ ᠵᠦᠩ ᠲᠠᠪᠤᠳᠤᠭᠠᠷ ᠰᠠᠷ᠎ᠠ ᠶ᠋ᠢᠨ ᠰᠡᠭᠦᠯᠴᠢ ᠪᠡᠷ ᠰᠠᠶᠢ ᠰᠣᠨᠣᠰᠴᠤ ᠂ ᠡᠳᠦᠷ ᠲᠦ᠍ ᠵᠠᠭᠤ ᠭᠠᠷᠤᠢ ᠭᠠᠵᠠᠷ ᠤ᠋ᠨ ᠱᠢᠷᠦᠭᠦᠨ ᠠᠶᠠᠯᠠᠯ ᠢ᠋ᠶ᠋ᠠᠷ ᠢᠩᠴᠠᠩ ᠢ᠋ ᠵᠣᠷᠢᠵᠤ ᠂ ᠲᠦᠳᠡ ᠵᠠᠮ ᠢ᠋ ᠡᠷᠢᠵᠦ ᠶᠠᠪᠤᠭᠰᠠᠭᠠᠷ ᠴᠠᠪᠴᠢᠶᠠᠯ ᠪᠣᠭᠣᠮᠲᠠ ᠪᠠᠷ ᠭᠠᠷᠴᠤ ᠶᠤᠸᠠᠨ ᠤᠯᠤᠰ ᠤ᠋ᠨ ᠲᠠᠢ ᠸᠧᠢ ᠲᠦᠱᠢᠮᠡᠯ ᠮᠠᠨᠼᠢ ᠂ ᠫᠢᠩ ᠵᠠᠩ ᠲᠦᠱᠢᠮᠡᠯ ᠰᠠᠪᠳᠤᠨᠳᠤᠷᠵᠢ ᠨᠠᠷ ᠤ᠋ᠨ ᠬᠣᠷᠢᠭ᠍ᠯᠠᠯᠲᠠ ᠶ᠋ᠢ ᠪᠤᠲᠠ ᠴᠣᠬᠢᠭᠠᠳ ᠨᠢᠭᠡ ᠯᠡ ᠡᠳᠦᠷ ᠦ᠋ᠨ ᠳᠣᠲᠣᠷ᠎ᠠ ᠢᠩᠴᠠᠩ ᠢ᠋ ᠪᠦᠰᠡᠯᠡᠪᠡ ᠃
ᠢᠩᠴᠠᠩ ᠬᠣᠲᠠ ᠳ᠋ᠤ᠌ ᠪᠠᠢᠭ᠎ᠠ ᠶᠤᠸᠠᠨ ᠤ᠋ ᠲᠥᠷᠥᠯ ᠦ᠋ᠨ ᠨᠣᠶᠠᠳ ᠪᠢᠴᠢᠭ ᠴᠡᠷᠢᠭ ᠦ᠋ᠨ ᠲᠦᠰᠢᠮᠡᠳ ᠂ ᠮᠢᠩ ᠦ᠋ᠨ ᠴᠡᠷᠢᠭ ᠡᠳᠦᠢ ᠲᠦᠷᠭᠡᠨ ᠬᠦᠷᠴᠦ ᠢᠷᠡᠨ᠎ᠡ ᠭᠡᠮᠡᠨ ᠰᠠᠨᠠᠭᠠᠨ ᠳ᠋ᠤ᠌ ᠦᠭᠡᠢ ᠪᠠᠢᠭᠰᠠᠨ ᠲᠤᠯᠠ ᠬᠠᠭᠠᠰ ᠡᠳᠦᠷ ᠦ᠋ᠨ ᠬᠣᠭᠣᠷᠣᠨᠳᠣ ᠲᠥᠷᠥᠯ ᠦ᠋ᠨ ᠨᠣᠶᠠᠳ ᠰᠢᠳᠠᠷ ᠲᠦᠰᠢᠮᠡᠳ ᠂ ᠬᠠᠲᠤᠨ ᠲᠠᠲᠠᠪᠤᠷᠢ ᠠ᠋ᠴᠠ ᠳᠠᠷᠠᠭᠠᠯᠠᠨ ᠲᠠᠪᠤᠨ ᠲᠦᠮᠡ ᠭᠠᠷᠤᠢ ᠬᠥᠮᠦᠨ ᠣᠯᠵᠠᠯᠠᠭᠳᠠᠪᠠ ᠃ᠡᠭᠦᠨ ᠳ᠋ᠦ᠍ ᠲᠣᠬᠣᠭᠳᠠᠮᠤᠢ ᠬᠠᠭᠠᠨ ᠤ᠋ ᠣᠮᠪᠣᠯᠣ ᠮᠠᠢᠳᠠᠷᠪᠠᠯᠠ ᠪᠠᠢᠵᠤᠬᠤᠢ ᠃
ᠠᠶᠤᠰᠢᠷᠢᠳᠠᠷᠠ ᠬᠠᠭᠠᠨ ᠡᠴᠢᠭᠡ ᠶ᠋ᠢᠨ ᠢ᠋ᠶ᠋ᠡᠨ ᠭᠡᠷᠢᠶᠡᠰᠯᠡᠭᠰᠡᠨ ᠶᠣᠰᠣᠭᠠᠷ ᠲᠥᠷᠥ ᠤᠯᠠᠮᠵᠢᠯᠠᠬᠤ ᠲᠠᠮᠠᠭ᠎ᠠ ᠪᠠᠨ ᠡᠪᠦᠷᠯᠡᠵᠦ ᠂ ᠬᠤᠪᠢᠯᠠᠢ ᠰᠡᠴᠡᠨ ᠬᠠᠭᠠᠨ ᠤ᠋ ᠦᠶ᠎ᠡ ᠡᠴᠡ ᠤᠯᠠᠮᠵᠢᠯᠠᠵᠤ ᠢᠷᠡᠭᠰᠡᠨ ᠮᠠᠾᠠᠺᠠᠯᠠ ᠪᠤᠷᠬᠠᠨ ᠢ᠋ ᠬᠦᠵᠦᠭᠦᠪᠴᠢᠯᠡᠨ ᠵᠡᠭᠦᠭᠡᠳ ᠂ ᠮᠢᠩ ᠦ᠋ᠨ ᠴᠡᠷᠢᠭ ᠦ᠋ᠨ ᠪᠦᠰᠡᠯᠡᠯᠲᠡ ᠶ᠋ᠢ ᠰᠢᠪᠲᠤᠯᠤᠨ ᠭᠠᠷᠴᠤ ᠬᠥᠬᠡᠲᠡᠮᠦᠷ ᠢ᠋ ᠡᠷᠢᠷ᠎ᠡ ᠬᠠᠷᠠᠬᠣᠷᠢᠨ ᠢ᠋ ᠴᠢᠭᠯᠡᠨ ᠣᠳᠪᠠ ᠃
ᠲᠡᠳᠦᠢ ᠳ᠋ᠦ᠍ᠷ ᠬᠥᠬᠡᠲᠡᠮᠦᠷ ᠨᠢᠭᠡᠨᠲᠡ ᠬᠠᠷᠠᠬᠣᠷᠢᠨ ᠳ᠋ᠤ᠌ ᠢᠷᠡᠭᠡᠳ ᠪᠠᠢᠵᠤᠬᠤᠢ ᠃ ᠠᠶᠤᠰᠢᠷᠢᠳᠠᠷᠠ ᠬᠥᠬᠡᠲᠡᠮᠦᠷ ᠬᠣᠶᠠᠭᠤᠯᠠ ᠠᠭᠤᠯᠵᠠᠮᠠᠭᠴᠠ ᠬᠦᠵᠦᠭᠦᠦ ᠬᠦᠵᠦᠭᠦᠦ ᠪᠡᠨ ᠲᠡᠪᠡᠷᠢᠯᠳᠦᠨ ᠨᠢᠭᠡᠨ ᠵᠡᠷᠭᠡ ᠤᠬᠢᠯᠠᠯᠴᠠᠵᠤ ᠂ ᠥᠩᠭᠡᠷᠡᠭᠰᠡᠨ ᠦ᠌ ᠬᠡᠷᠡᠭ ᠤᠴᠢᠷ ᠢ᠋ ᠪᠦᠷᠢᠮᠦᠰᠦᠨ ᠲᠠᠶᠠᠭᠳᠠᠵᠤ ᠂ ᠴᠡᠷᠢᠭ ᠮᠣᠷᠢ ᠪᠠᠨ ᠴᠡᠭᠴᠡᠯᠡᠨ ᠂ ᠲᠠᠢᠶᠤᠸᠠᠨ ᠤᠯᠤᠰ ᠢ᠋ᠶ᠋ᠠᠨ ᠰᠡᠷᠭᠦᠭᠡᠨ ᠮᠠᠨᠳᠤᠭᠤᠯᠬᠤ ᠪᠠᠷ ᠠᠮᠠᠯᠳᠠᠪᠠ ᠃
ᠬᠥᠬᠡᠲᠡᠮᠦᠷ ᠂ ᠲᠥᠷᠥᠯ ᠦ᠋ᠨ ᠨᠣᠶᠠᠳ ᠪᠣᠯᠤᠨ ᠰᠢᠳᠠᠷ ᠲᠦᠰᠢᠮᠡᠳ ᠢ᠋ ᠴᠤᠭᠯᠠᠭᠤᠯᠵᠤ ᠬᠤᠷᠠᠯᠲᠠᠢ ᠬᠤᠷᠠᠯᠳᠤᠭᠤᠯᠤᠨ ᠠᠶᠤᠰᠢᠷᠢᠳᠠᠷᠠ ᠶ᠋ᠢ ᠡᠷᠭᠦᠵᠦ ᠶᠡᠬᠡ ᠬᠠᠭᠠᠨ ᠤ᠋ ᠣᠷᠣ ᠶ᠋ᠢ ᠵᠠᠯᠭᠠᠮᠵᠢᠯᠠᠭᠤᠯᠪᠠ ᠃ ᠠᠶᠤᠰᠢᠷᠢᠳᠠᠷᠠ ᠬᠣᠩ ᠡᠦ ᠶ᠋ᠢᠨ ᠳᠥᠷᠪᠡᠳᠦᠭᠡᠷ ᠣᠨ ( 1371 ᠣᠨ ) ᠳ᠋ᠤ᠌ ᠬᠠᠷᠠᠬᠣᠷᠢᠨ ᠳ᠋ᠤ᠌ ᠶᠡᠬᠡ ᠰᠠᠭᠤᠷᠢᠨ᠎ᠠ ᠰᠠᠭᠤᠵᠤ ᠂ ᠤᠯᠤᠰ ᠤ᠋ᠨ ᠴᠣᠯᠠ ᠶ᠋ᠢ ᠮᠥᠨ 《 ᠶᠤᠸᠠᠨ 》 ᠬᠡᠮᠡᠭᠰᠡᠨ ᠪᠠ ᠲᠡᠦᠬᠡᠨ ᠳ᠋ᠦ᠍ 《 ᠤᠮᠠᠷᠠᠲᠤ ᠶᠤᠸᠠᠨ ᠤᠯᠤᠰ 》 ᠬᠡᠮᠡᠮᠦᠢ ᠃
ᠠᠶᠦᠰᠢᠷᠢᠳᠠᠷᠨ ᠶᠡᠬᠡ ᠬᠠᠭᠠᠨ ᠤ᠋ ᠰᠠᠭᠤᠷᠢᠨ ᠢ᠋ ᠵᠠᠯᠭᠠᠮᠵᠢᠯᠠᠭᠰᠠᠨ ᠤ᠋ ᠬᠣᠢᠨ᠎ᠠ ᠂ ᠬᠥᠬᠡᠲᠡᠮᠦᠷ ᠦ᠋ᠨ ᠳᠡᠯᠡᠬᠡᠢ ᠳ᠋ᠠᠬᠢᠨ ᠤ᠋ ᠴᠡᠷᠢᠭ ᠮᠣᠷᠢᠨ ᠤ᠋ ᠶᠡᠷᠦᠩᠬᠡᠢ ᠵᠠᠬᠢᠷᠤᠭᠴᠢ ᠶ᠋ᠢᠨ ᠲᠤᠰᠢᠶᠠᠯ ᠢ᠋ ᠰᠡᠷᠭᠦᠭᠡᠵᠦ ᠂ ᠥᠨᠢᠷ ᠪᠠᠶᠠᠯᠢᠭ ᠮᠣᠩᠭᠣᠯ ᠨᠤᠲᠤᠭ ᠲᠤ᠌ ᠪᠠᠨ ᠥᠶᠥᠭ ᠲᠠᠪᠠᠲᠠᠢ ᠣᠷᠣᠩᠨᠠᠨ ᠰᠠᠭᠤᠵᠤ ᠂ ᠳᠠᠷᠬᠠᠨ ᠴᠣᠯᠠ ᠲᠠᠢ ᠪᠠᠭᠠᠲᠤᠷ ᠴᠡᠷᠢᠭ ᠢ᠋ᠶ᠋ᠡᠨ ᠴᠡᠭᠴᠡᠯᠡᠨ ᠪᠣᠯᠪᠠᠰᠤᠷᠠᠭᠤᠯᠵᠤ ᠳᠠᠢᠳᠤ ᠂ ᠱᠠᠩᠳᠤ ᠶ᠋ᠢ ᠡᠭᠡᠭᠦᠯᠦᠨ ᠠᠪᠤᠭᠠᠳ ᠵᠦᠩᠶᠤᠸᠠᠨ ᠣᠷᠣᠨ ᠳ᠋ᠠᠬᠢ ᠨᠣᠶᠠᠷᠬᠠᠯ ᠢ᠋ᠶ᠋ᠠᠨ ᠰᠡᠷᠭᠦᠭᠡᠬᠦ ᠪᠡᠷ ᠢᠳᠡᠪᠬᠢᠲᠡᠢ ᠪᠡᠯᠡᠳᠬᠡᠪᠡ ᠃
ᠲᠤᠬᠠᠢ ᠶ᠋ᠢᠨ ᠦᠶ᠎ᠡ ᠳ᠋ᠦ᠍ 《 ᠤᠮᠠᠷᠠᠲᠤ ᠶᠤᠸᠠᠨ 》 ᠤ᠋ ᠴᠡᠷᠢᠭ ᠦ᠋ᠨ ᠬᠦᠴᠦᠨ ᠵᠡᠭᠦᠨᠰᠢ ᠯᠢᠶᠣᠤᠳ᠋ᠦ᠋ᠩ ᠂ ᠪᠠᠷᠠᠭᠤᠨᠰᠢ ᠭᠠᠨᠰᠦ ᠂ ᠨᠢᠩᠰᠢᠶᠠ ᠬᠦᠷᠴᠦ ᠂ ᠤᠮᠠᠷᠠᠰᠢ ᠪᠦᠬᠦᠢᠯᠡ ᠮᠣᠩᠭᠣᠯ ᠣᠷᠣᠨ ᠢ᠋ ᠵᠠᠬᠢᠷᠬᠤ ᠪᠣᠯᠪᠠ᠃ ᠲᠡᠳᠡ ᠬᠣᠶᠠᠷ ᠵᠢᠯ ᠦ᠋ᠨ ᠪᠡᠯᠡᠳᠬᠡᠯ ᠬᠢᠭᠰᠡᠨ ᠦ᠌ ᠳᠠᠷᠠᠭ᠎ᠠ ᠮᠢᠩ ᠦ᠋ᠨ ᠴᠡᠷᠢᠭ ᠢ᠋ ᠤᠳᠠᠭ᠎ᠠ ᠳᠠᠷᠠᠭ᠎ᠠ ᠪᠠᠷ ᠪᠦᠰᠡᠯᠡᠨ ᠳᠠᠭᠠᠷᠢᠵᠤ ᠂ ᠮᠢᠩ ᠤᠯᠤᠰ ᠤ᠋ᠨ ᠤᠮᠠᠷᠠᠲᠤ ᠬᠢᠯᠢ ᠶ᠋ᠢ ᠬᠦᠨᠳᠦ ᠨᠣᠴᠢᠲᠠᠢ ᠰᠦᠷᠳᠡᠭᠦᠯᠦᠭᠰᠡᠨ ᠠᠵᠤᠭᠤ ᠃ ᠡᠨᠳᠡᠴᠡ ᠵᠣ᠌ ᠶᠤᠸᠠᠨ ᠵᠠᠩ ᠂ ᠪᠢᠴᠢᠭ ᠴᠡᠷᠢᠭ ᠦ᠋ᠨ ᠵᠠᠩᠵᠤᠨ ᠰᠠᠢᠳ ᠢ᠋ᠶ᠋ᠠᠨ ᠴᠤᠭᠯᠠᠭᠤᠯᠵᠤ ᠮᠣᠩᠭᠣᠯ ᠢ᠋ ᠶᠠᠭᠠᠬᠢᠵᠤ ᠠᠷᠭᠠᠴᠠᠭᠠᠬᠤ ᠲᠤᠬᠠᠢ ᠵᠥᠪᠳᠡᠪᠡ ᠃
ᠰᠢᠦᠢ ᠳᠠ ᠵᠡᠷᠭᠡ ᠴᠡᠷᠢᠭ ᠦ᠋ᠨ ᠵᠠᠩᠵᠤᠨ ᠨᠠᠷ ᠮᠣᠩᠭᠣᠯ ᠳ᠋ᠤ᠌ ᠦᠳᠲᠡᠷ ᠴᠡᠷᠢᠭ ᠣᠷᠣᠵᠤ ᠨᠢᠭᠡ ᠯᠡ ᠤᠳᠠᠭ᠎ᠠ ᠳ᠋ᠤ᠌ ᠪᠦᠷᠢᠮᠦᠰᠦᠨ ᠲᠤᠢᠯᠪᠤᠷᠢᠲᠠᠢ ᠰᠢᠢᠳᠪᠦᠷᠢᠯᠡᠬᠦ ᠶ᠋ᠢ ᠵᠣᠷᠢᠪᠠ ᠃
ᠯᠢᠦ ᠵᠢᠢ ( ᠪᠦᠸᠧ ᠸᠧᠨ ) ᠵᠡᠷᠭᠡ ᠪᠢᠴᠢᠭ ᠦ᠋ᠨ ᠲᠦᠰᠢᠮᠡᠳ ᠮᠣᠩᠭᠣᠯ ᠢ᠋ ᠬᠢᠵᠠᠭᠠᠷᠯᠠᠵᠤ ᠪᠣᠯᠬᠤ ᠠ᠋ᠴᠠ ᠪᠢᠰᠢ ᠂ ᠬᠠᠷᠢᠨ ᠤᠰᠠᠳᠬᠠᠵᠤ ᠳᠡᠢᠯᠬᠦ ᠦᠭᠡᠢ ᠭᠡᠮᠡᠨ ᠥᠭᠦᠯᠡᠯᠳᠦᠪᠡ ᠃
ᠵᠣ᠌ ᠶᠤᠸᠠᠨ ᠵᠠᠩ ᠬᠡᠳᠦᠢᠪᠡᠷ ᠯᠢᠦ ᠵᠢᠢ ᠶ᠋ᠢᠨ ᠰᠠᠨᠠᠯ ᠢ᠋ ᠵᠥᠪᠰᠢᠶᠡᠷᠡᠬᠦ ᠪᠣᠯᠪᠠᠴᠤ ᠡᠳᠦᠭᠡ ᠨᠢᠭᠡᠨᠲᠡ ᠳᠡᠯᠡᠬᠡᠢ ᠳ᠋ᠠᠬᠢᠨ ᠤ᠋ ᠶᠡᠬᠡ ᠬᠠᠭᠠᠨ ᠪᠣᠯᠤᠭᠰᠠᠨ ᠲᠤᠯᠠ ᠶᠠᠭᠠᠬᠢᠨ ᠪᠤᠰᠤᠳ ᠤ᠋ᠨ ᠰᠦᠷ ᠲᠦ᠍ ᠳᠠᠷᠤᠭᠳᠠᠵᠤ ᠪᠣᠯᠤᠮᠤᠢ ᠭᠡᠮᠡᠨ ᠪᠣᠳᠣᠭᠠᠳ ᠰᠢᠦᠢ ᠳᠠ ᠨᠠᠷ ᠤ᠋ᠨ ᠵᠣᠷᠢᠯᠲᠠ ᠶ᠋ᠢ ᠳᠡᠮᠵᠢᠪᠡ ᠃ ᠲᠡᠶ᠋ᠢᠨ ᠬᠦ ᠶᠡᠬᠡ ᠵᠠᠩᠵᠤᠨ ᠰᠢᠦᠢ ᠳᠠ ᠂ ᠵᠡᠭᠦᠨ ᠵᠢᠭᠦᠷ ᠦ᠋ᠨ ᠳᠡᠳ᠋ ᠵᠠᠩᠵᠤᠨ ᠯᠢ ᠸᠧᠨ ᠵᠦᠩ ᠂ ᠥᠷᠥᠨ᠎ᠡ ᠶ᠋ᠢ ᠳᠠᠶ᠋ᠢᠯᠠᠬᠤ ᠵᠠᠩᠵᠤᠨ ᠹᠧᠩ ᠱᠧᠩ ᠳ᠋ᠦ᠍ ᠠᠷᠪᠠᠨ ᠲᠠᠪᠤᠨ ᠲᠦᠮᠡᠨ ᠶᠡᠬᠡ ᠴᠡᠷᠢᠭ ᠢ᠋ ᠵᠠᠬᠢᠷᠤᠭᠤᠯᠵᠤ ᠭᠤᠷᠪᠠᠨ ᠵᠠᠮ ᠬᠤᠪᠢᠶᠠᠨ ᠠᠶᠣᠰᠢᠷᠢᠲᠠᠷᠠ ᠢ᠋ ᠲᠠᠶ᠋ᠢᠯᠠᠭᠤᠯᠪᠠ ᠃ ᠡᠨᠡ ᠤᠳᠠᠭᠠᠨ ᠤ᠋ ᠲᠠᠶ᠋ᠢᠯᠠᠯᠲᠠ ᠨᠢ 《 ᠤᠮᠠᠷᠠᠲᠤ ᠶᠤᠸᠠᠨ ᠤᠯᠤᠰ ᠢ᠋ ᠥᠯᠥᠭᠡᠢ ᠳᠣᠲᠣᠷ᠎ᠠ ᠨᠢ ᠪᠠᠵᠠᠵᠤ ᠠᠯᠠᠬᠤ ᠪᠠᠷ ᠵᠣᠷᠢᠯᠲᠠ ᠪᠣᠯᠭᠠᠭᠰᠠᠨ ᠪᠥᠯᠥᠭᠡ ᠃ ᠬᠣᠩ ᠡᠦ ᠶ᠋ᠢᠨ ᠲᠠᠪᠤᠳᠤᠭᠠᠷ ᠣᠨ ᠤ᠋ ᠴᠠᠭᠠᠨ ᠰᠠᠷ᠎ᠠ ᠶ᠋ᠢᠨ ᠬᠣᠷᠢᠨ ᠬᠣᠶᠠᠷ ᠤ᠋ᠨ ᠡᠳᠦᠷ ᠰᠢᠦᠢ ᠳᠠ ᠂ ᠯᠢ ᠸᠧᠨ ᠵᠦᠩ ᠂ ᠹᠧᠩ ᠱᠧᠩ ᠦ᠋ᠨ ᠵᠠᠬᠢᠷᠤᠭᠰᠠᠨ ᠭᠤᠷᠪᠠᠨ ᠵᠠᠮ ᠤ᠋ᠨ ᠴᠡᠷᠢᠭ ᠠᠳᠠᠯᠢ ᠪᠤᠰᠤ ᠱᠤᠭᠤᠮ ᠢ᠋ᠶ᠋ᠠᠷ ᠤᠮᠠᠷᠠᠰᠢ ᠮᠣᠷᠳᠠᠪᠠ ᠃ ᠴᠡᠷᠢᠭ ᠦ᠋ᠨ ᠪᠢᠴᠢᠭ ᠲᠦ᠍ ᠄ 《 ᠥᠪᠡᠷ ᠪᠤᠰᠤᠳ ᠢ᠋ ᠮᠡᠳᠡᠪᠡᠰᠦ ᠵᠠᠭᠤᠨᠲᠠ ᠪᠠᠶ᠋ᠢᠯᠲᠤᠪᠠᠴᠤ ᠠᠶᠤᠯ ᠦᠭᠡᠢ 》 ᠬᠡᠮᠡᠵᠦᠬᠦᠢ ᠃
ᠬᠥᠬᠡᠲᠡᠮᠦᠷ ᠨᠢᠭᠡ ᠰᠠᠷ᠎ᠠ ᠶ᠋ᠢᠨ ᠡᠮᠦᠨ᠎ᠡ ᠮᠢᠩ ᠦ᠋ᠨ ᠴᠡᠷᠢᠭ ᠤᠮᠠᠷᠠᠰᠢ ᠮᠣᠷᠳᠠᠭᠰᠠᠨ ᠴᠢᠮᠡᠭᠡ ᠶ᠋ᠢ ᠣᠯᠵᠤ ᠂ 《 ᠳᠠᠶ᠋ᠢᠰᠤᠨ ᠢ᠋ ᠥᠳᠥᠭᠡᠵᠦ ᠳᠣᠲᠣᠭᠰᠢ ᠣᠷᠣᠭᠤᠯᠤᠨ ᠳᠠᠪᠠᠭᠤ ᠴᠡᠷᠢᠭ ᠦ᠋ᠨ ᠬᠦᠴᠦᠨ ᠢ᠋ᠶ᠋ᠡᠷ ᠪᠦᠰᠡᠯᠡᠨ ᠤᠰᠠᠳᠬᠠᠬᠤ 》 ᠪᠠᠶ᠋ᠢᠯᠲᠤᠬᠤ ᠪᠣᠳᠣᠯᠭ᠎ᠠ ᠶ᠋ᠢ ᠬᠡᠷᠡᠭᠵᠢᠭᠦᠯᠵᠦ ᠂ ᠰᠢᠦᠢ ᠳᠠ ᠶ᠋ᠢᠨ ᠵᠠᠬᠢᠷᠤᠭᠰᠠᠨ ᠠᠷᠪᠠᠨ ᠲᠦᠮᠡᠨ ᠴᠡᠷᠢᠭ ᠢ᠋ ᠭᠣᠪᠢ ᠶ᠋ᠢᠨ ᠤᠮᠠᠷ᠎ᠠ ᠳ᠋ᠤ᠌ ᠥᠳᠥᠭᠡᠨ ᠣᠷᠣᠭᠤᠯᠤᠭᠠᠳ ᠲᠠᠪᠤᠨ ᠰᠠᠷ᠎ᠠ ᠶ᠋ᠢᠨ ᠬᠣᠭᠣᠷᠣᠨᠳᠣ ᠪᠦᠷᠢᠮᠦᠰᠦᠨ ᠤᠰᠠᠳᠬᠠᠪᠠ ᠃ ᠯᠢ ᠸᠧᠨ ᠵᠦᠩ ᠂ ᠹᠧᠩ ᠱᠧᠩ ᠠᠶᠤᠭᠠᠳ ᠴᠡᠷᠢᠭ ᠢ᠋ᠶ᠋ᠡᠨ ᠬᠤᠷᠢᠶᠠᠵᠤ ᠬᠣᠶ᠋ᠢᠰᠢ ᠪᠤᠴᠠᠪᠠ ᠃ ᠡᠭᠦᠨ ᠡᠴᠡ ᠬᠣᠶ᠋ᠢᠰᠢ ᠮᠣᠩᠭᠣᠯ ᠮᠢᠩ ᠬᠣᠶᠠᠷ ᠤᠯᠤᠰ ᠭᠤᠷᠪᠠᠨ ᠵᠠᠭᠤᠨ ᠵᠢᠯ ᠦ᠋ᠨ ᠡᠰᠡᠷᠭᠦᠴᠡᠯᠳᠦᠭᠰᠡᠨ ᠤᠯᠤᠰ ᠲᠥᠷᠥ ᠶ᠋ᠢᠨ ᠪᠠᠶ᠋ᠢᠲᠠᠯ ᠪᠣᠢ ᠪᠣᠯᠵᠤ ᠂ ᠳᠤᠮᠳᠠᠳᠤ ᠤᠯᠤᠰ ᠤ᠋ᠨ ᠲᠡᠦᠬᠡᠨ ᠳ᠋ᠦ᠍ ᠪᠠᠰᠠ ᠨᠢᠭᠡ ᠤᠳᠠᠭᠠᠨ ᠤ᠋ ᠤᠮᠠᠷᠠᠲᠤ ᠡᠮᠦᠨᠡᠲᠦ ᠲᠥᠷᠥ ᠬᠡᠯᠪᠡᠷᠢᠵᠢᠨ ᠲᠣᠭᠲᠠᠨᠢᠭᠰᠠᠨ ᠪᠠᠶ᠋ᠢᠪᠠ ᠃ ᠵᠣ᠌ ᠶᠤᠸᠠᠨ ᠵᠠᠩ ᠢ᠋ᠶ᠋ᠠᠷ ᠲᠣᠬᠤᠨᠲᠡᠮᠦᠷ ᠬᠠᠭᠠᠨ ᠤ᠋ ᠬᠠᠯᠢᠭᠰᠠᠨ ᠳ᠋ᠤ᠌ ᠭᠠᠰᠢᠭᠤᠳᠠᠯ ᠤ᠋ᠨ ᠪᠢᠴᠢᠭ ᠢᠷᠡᠭᠦᠯᠵᠦ ᠠᠶᠣᠰᠢᠷᠢᠲᠠᠷᠠ ᠳ᠋ᠤ᠌ ᠬᠡᠯᠡᠭᠰᠡᠨ ᠢᠨᠦ ᠄ 《 ᠡᠵᠡᠨ ᠲᠠ ᠭᠣᠪᠢ ᠶ᠋ᠢᠨ ᠤᠮᠠᠷ᠎ᠠ ᠶ᠋ᠢ ᠵᠠᠬᠢᠷᠴᠤ ᠂ ᠮᠡᠬᠦᠰ ᠪᠢ ᠳᠤᠮᠳᠠᠳᠤ ᠤᠯᠤᠰ ᠢ᠋ᠶ᠋ᠠᠨ ᠮᠡᠳᠡᠰᠦᠭᠡᠢ 》 ᠬᠡᠮᠡᠭᠰᠡᠨ ᠪᠠ ᠮᠢᠩ ᠴᠸᠩᠽᠦ ᠵᠣ᠌ ᠲᠢ ᠪᠠᠰᠠ ᠮᠣᠩᠭᠣᠯ ᠤ᠋ᠨ ᠪᠣᠨᠢᠶᠠᠰᠢᠷᠢ ( ᠦᠯᠵᠡᠶ᠋ᠢᠲᠡᠮᠦᠷ ) ᠬᠠᠭᠠᠨ ᠳ᠋ᠤ᠌ ᠵᠠᠬᠢᠳᠠᠯ ᠪᠢᠴᠢᠵᠦ 《 ᠮᠡᠬᠦᠰ ᠪᠢ ᠳᠤᠮᠳᠠᠳᠤ ᠤᠯᠤᠰ ᠢ᠋ ᠡᠵᠡᠯᠡᠵᠦ ᠬᠠᠭᠠᠨ ᠲᠠ ᠭᠣᠪᠢ ᠶ᠋ᠢᠨ ᠤᠮᠠᠷ᠎ᠠ ᠶ᠋ᠢ ᠮᠡᠳᠡᠲᠦᠭᠡᠢ 》 ᠬᠡᠮᠡᠭᠰᠡᠨ ᠪᠣᠯᠠᠢ ᠃
ᠮᠣᠩᠭᠣᠯ ᠪᠣᠯᠤᠨ ᠮᠢᠩ ᠬᠣᠶᠠᠷ ᠤᠯᠤᠰ ᠂ ᠳᠤᠮᠳᠠᠳᠤ ᠤᠯᠤᠰ ᠤ᠋ᠨ ᠲᠡᠦᠬᠡᠨ ᠳ᠋ᠦ᠍ ᠭᠤᠷᠪᠠᠨ ᠵᠠᠭᠤᠨ ᠣᠨ ᠡᠰᠡᠷᠭᠦᠴᠡᠯᠳᠦᠭᠰᠡᠨ ᠤᠯᠤᠰ ᠲᠥᠷᠥ ᠶ᠋ᠢᠨ ᠪᠠᠶ᠋ᠢᠲᠠᠯ ᠢ᠋ ᠪᠣᠢ ᠪᠣᠯᠭᠠᠭᠰᠠᠨ ᠬᠥᠮᠦᠨ ᠪᠣᠯ ᠲᠣᠬᠤᠨᠲᠡᠮᠦᠷ ᠤᠬᠠᠭᠠᠨᠲᠤ ᠬᠠᠭᠠᠨ ᠮᠥᠨ ᠃ ᠲᠡᠷᠡ ᠳᠠᠶ᠋ᠢᠳᠤ ᠬᠣᠲᠠ ᠠ᠋ᠴᠠ ᠡᠷᠡᠰ ᠲᠠᠰᠤᠷᠬᠠᠢ ᠤᠬᠤᠷᠢᠨ ᠭᠠᠷᠤᠭᠰᠠᠨ ᠡᠴᠦᠰ ᠦ᠋ᠨ ᠰᠢᠢᠳᠪᠦᠷᠢᠲᠦ ᠪᠣᠳᠣᠯᠭ᠎ᠠ ᠶ᠋ᠢ ᠡᠦᠲᠦ ᠪᠢᠳᠡ ᠳᠤᠷᠠᠳᠬᠤ ᠳ᠋ᠤ᠌ ᠬᠡᠴᠢᠨᠡᠭᠡᠨ ᠠᠯᠤᠰ ᠢ᠋ ᠬᠠᠷᠠᠭᠰᠠᠨ ᠮᠡᠷᠭᠡᠨ ᠪᠣᠳᠣᠯᠭ᠎ᠠ ᠪᠠᠶ᠋ᠢᠬᠰᠠᠨ ᠠᠵᠢ ! ᠴᠥᠯᠪᠡᠨ ᠪᠢᠴᠢᠭᠴᠢ ᠶ᠋ᠢᠨ ᠰᠢᠯᠦᠭᠯᠡᠭᠰᠡᠨ ᠢᠨᠦ ᠄
ᠣᠯᠠᠨ ᠲᠦᠰᠢᠮᠡᠯ ᠦ᠋ᠨ ᠢᠳᠬᠠᠯ ᠬᠣᠷᠢᠭᠯᠠᠯ ᠢ᠋
ᠡᠷᠡᠰ ᠲᠠᠰᠤᠷᠬᠠᠢ ᠲᠡᠪᠴᠢᠵᠦ
ᠤᠭ ᠤ᠋ᠨ ᠣᠷᠣᠰᠢᠭᠰᠠᠨ ᠮᠣᠩᠭᠣᠯ ᠨᠤᠲᠤᠭ ᠲᠤ᠌ ᠪᠠᠨ
ᠡᠭᠡᠵᠦ ᠪᠤᠴᠠᠬᠤ ᠪᠠᠷ ᠰᠢᠢᠳᠪᠡᠢ ᠃
ᠣᠭᠣᠭᠠᠲᠠ ᠮᠡᠷᠭᠡᠨ ᠡᠨᠡ ᠬᠦ ᠰᠢᠢᠳᠪᠦᠷᠢ ᠶ᠋ᠢ
ᠡᠳᠦᠭᠡ ᠪᠢᠳᠡ ᠳᠤᠷᠠᠳᠬᠠᠬᠤ ᠳ᠋ᠤ᠌
ᠤᠷᠭᠤᠬᠤ ᠨᠠᠷᠠᠨ ᠤ᠋ ᠰᠠᠴᠤᠷᠠᠬᠤ ᠭᠡᠷᠡᠯ ᠮᠡᠲᠦ
ᠡᠴᠢᠨ᠎ᠡ ᠰᠠᠨᠠᠭ᠎ᠠ ᠲᠣᠳᠣᠷᠠᠮᠤᠢ ᠃
ᠪᠣᠭᠳᠠ ᠴᠢᠩᠭᠢᠰ ᠮᠣᠩᠭᠣᠯ ᠤ᠋ᠨ ᠲᠦᠮᠡᠨ ᠳ᠋ᠦ᠍ ᠨᠠᠢ᠍ᠮᠠᠨ ᠵᠠᠭᠤᠨ ᠣᠨ ᠤ᠋ ᠬᠥᠷᠥᠩᠭᠡ ᠶ᠋ᠢ ᠰᠠᠴᠤᠵᠤ ᠪᠣᠳᠣᠯᠭ᠎ᠠ ᠲᠡᠭᠦᠰ ᠤᠬᠠᠭᠠᠨᠲᠤ ᠬᠠᠭᠠᠨ ᠭᠤᠷᠪᠠᠨ ᠵᠠᠭᠤᠨ ᠤ᠋ ᠤᠯᠠᠷᠢᠯ ᠢ᠋ ᠬᠣᠴᠣᠷᠭᠠᠪᠠᠢ ᠃ ᠪᠤᠷᠤᠭᠤ ᠡᠯᠢᠭᠡᠳᠡᠨ ᠦ᠌ ᠬᠠᠷᠭᠢᠰ ᠨᠣᠶᠠᠷᠬᠠᠯ ᠳ᠋ᠤ᠌ ᠬᠣᠶᠠᠷ ᠵᠠᠭᠤᠨ ᠣᠨ ᠪᠤᠳᠤᠩᠭᠤᠢᠷᠠᠵᠤ ᠪᠣᠳᠣᠯ ᠴᠡᠭᠡᠵᠢᠨ᠎ᠡ ᠲᠡᠦᠬᠡᠨ ᠰᠤᠷᠭᠠᠮᠵᠢ ᠥᠨᠢᠳᠡ ᠬᠣᠨᠣᠭᠰᠢᠨ ᠡᠮᠵᠡᠭᠷᠡᠮᠤᠢ ᠃ ᠡᠪ ᠬᠠᠮᠲᠤ ᠨᠠᠮ ᠤ᠋ᠨ ᠤᠳᠤᠷᠢᠳᠤᠯᠭ᠎ᠠ ᠳᠣᠣᠷ᠎ᠠ ᠦᠨᠳᠦᠰᠦᠲᠡᠨ ᠦ᠌ ᠡᠷᠬᠡ ᠲᠡᠭᠰᠢ ᠶ᠋ᠢ ᠪᠡᠶᠡᠯᠡᠭᠦᠯᠵᠦ ᠡᠶ᠎ᠡ ᠵᠣᠬᠢᠴᠠᠩᠭᠤᠢ ᠨᠡᠢᠭᠡᠮ ᠢ᠋ ᠪᠠᠢᠭᠤᠯᠬᠤ ᠪᠠᠷ ᠤᠷᠢᠯᠭ᠎ᠠ ᠨᠢᠭᠡᠲᠡᠢ ᠴᠢᠷᠮᠠᠢᠬᠤ ᠳ᠋ᠤ᠌ ᠪᠠᠨ ᠡᠪᠦᠭᠡ ᠳᠡᠭᠡᠳᠦᠰ ᠦ᠋ᠨ ᠭᠠᠪᠢᠶ᠎ᠠ ᠶ᠋ᠢ ᠮᠠᠭᠲᠠᠨ ᠡᠭᠦᠷᠢᠳᠡ ᠶ᠋ᠢᠨ ᠰᠤᠷᠭᠠᠯ ᠪᠣᠯᠭᠠᠬᠤ ᠨᠢ ᠡᠳᠦᠭᠡ ᠴᠠᠭ ᠤ᠋ᠨ ᠮᠣᠩᠭᠣᠯᠴᠤᠳ ᠪᠢᠳᠡᠨ ᠦ᠌ ᠲᠦᠯᠬᠢᠵᠦ ᠪᠣᠯᠣᠰᠢ ᠦᠭᠡᠢ ᠬᠠᠷᠢᠭᠤᠴᠠᠯᠭ᠎ᠠ ᠠ᠋ ᠃ ᠲᠡᠭᠦᠰᠬᠡᠯ ᠦ᠋ᠨ ᠰᠤᠯᠠ ᠰᠢᠯᠦᠭ ᠲᠥᠷᠥ ᠪᠡᠨ ᠠᠯᠳᠠᠭᠰᠠᠨ ᠲᠤᠬᠤᠨᠲᠡᠮᠦᠷ ᠬᠠᠭᠠᠨ ᠤ᠋ ᠬᠠᠷᠠᠮᠰᠠᠯ ᠪᠠ ᠭᠡᠮᠰᠢᠯ ᠤᠬᠠᠭᠠᠷᠠᠯ ᠢ᠋ ᠲᠡᠦᠬᠡ ᠶ᠋ᠢᠨ ᠡᠭᠦᠳᠡᠨ ᠡᠴᠡ ᠢᠯᠭᠠᠨ ᠥᠭᠦᠯᠡᠭᠰᠡᠨ ᠡᠨᠡ ᠬᠦ᠌ ᠨᠣᠮ ᠢ᠋ ᠤᠩᠰᠢᠭᠠᠳ ᠲᠥᠷᠥᠯᠬᠢ ᠮᠡᠷᠭᠡᠨ ᠶᠡᠬᠡᠰ ᠡᠷᠳᠡᠮᠲᠡᠳ ᠳᠣᠭᠣᠭᠢᠯᠠᠨ ᠡᠯᠡᠭᠯᠡᠬᠦ ᠴᠦ᠍ ᠮᠠᠭᠠᠳ ᠲᠡᠷᠢᠭᠦᠨ ᠢ᠋ᠶ᠋ᠡᠷ ᠢ᠋ᠶ᠋ᠡᠨ ᠰᠡᠳᠬᠢᠳᠡᠭ ᠡᠭᠡᠯ ᠠᠷᠠᠳ ᠲᠣᠭᠲᠠᠭᠠᠨ ᠦᠵᠡᠬᠦ ᠴᠦ᠍ ᠮᠠᠭᠠᠳ ᠃ ᠥᠩᠭᠡᠷᠡᠭᠰᠡᠨ ᠦ᠌ ᠠᠯᠳᠠᠷ ᠢ᠋ᠶ᠋ᠠᠨ ᠮᠠᠭᠲᠠᠨ ᠳᠠᠭᠤᠯᠠᠬᠤ ᠨᠢ ᠮᠠᠨ ᠤ᠋ ᠦᠶ᠎ᠡ ᠶ᠋ᠢᠨ ᠡᠭᠦᠷᠭᠡ ᠴᠦ᠍ ᠦᠨᠡᠨ ᠢ᠋ᠶ᠋ᠡᠨ ᠬᠡᠯᠡᠬᠦ ᠳ᠋ᠦ᠍ ᠰᠤᠷᠭᠠᠮᠵᠢ ᠪᠠᠨ ᠳ᠋ᠦᠢ᠍ᠩᠨᠡᠬᠦ ᠨᠢ ᠲᠡᠭᠦᠨ ᠡᠴᠡ ᠨᠡᠩ ᠡᠷᠬᠢᠮ ᠪᠠᠢᠬ᠎ᠠ ᠠ᠋ ! ᠥᠷᠨᠢᠨ ᠪᠣᠰᠤᠭᠰᠠᠨ ᠠᠵᠤ ᠦᠢᠯᠡᠳᠪᠦᠷᠢᠵᠢᠯᠡᠯᠲᠡ ᠶ᠋ᠢᠨ ᠲᠡᠦᠬᠡ ᠶ᠋ᠢ ᠡᠩ ᠦ᠋ᠨ ᠮᠠᠶᠢᠭ ᠢ᠋ᠶ᠋ᠠᠷ ᠬᠠᠢᠬᠤ ᠳ᠋ᠤ᠌ ᠤᠢ᠍ᠨᠤ ᠶ᠋ᠢᠨ ᠪᠢᠳᠡᠨ ᠦ᠌ ᠠᠯᠤᠰ ᠤ᠋ᠨ ᠲᠥᠯᠥᠪ ᠰᠠᠨᠠᠭᠠᠨ ᠤ᠋ ᠦᠵᠦᠭᠦᠷ ᠲᠣᠳᠣᠷᠠᠮᠤᠢ !
2011ᠣᠨ ᠵᠤᠨ ᠤ᠋ ᠳᠤᠮᠳᠠᠴᠢ ᠰᠠᠷ᠎ᠠ ᠬᠥᠬᠡᠬᠣᠲᠠᠨ᠎ᠠ ᠪᠢᠴᠢᠪᠡ
ᠠᠰᠢᠭᠯᠠᠵᠤ ᠯᠠᠪᠯᠠᠭᠰᠠᠨ ᠨᠣᠮ ᠵᠣᠬᠢᠶᠠᠯ
1.《 ᠶᠤᠸᠠᠨ ᠱᠢ ᠰᠤᠳᠤᠷ 》( ᠬᠢᠲᠠᠳ )
2.ᠰᠠᠭᠠᠩ ᠰᠡᠴᠡᠨ ᠄ 《 ᠡᠷᠳᠡᠨᠢ ᠶ᠋ᠢᠨ ᠲᠣᠪᠴᠢ 》 ( ᠮᠣᠩᠭᠣᠯ )
3.ᠳ᠋ᠾᠠᠷᠮ᠎ᠠ ᠭᠦᠦᠰᠢ ᠄ 《 ᠠᠯᠲᠠᠨ ᠬᠦᠷᠳᠦᠨ ᠮᠢᠩᠭᠠᠨ ᠬᠡᠭᠡᠰᠦᠲᠦ 》 ( ᠮᠣᠩᠭᠣᠯ )
4. ᠯᠣᠮᠢ ᠄ 《 ᠮᠣᠩᠭᠣᠯ ᠤ᠋ᠨ ᠪᠣᠷᠵᠢᠭᠢᠳ ᠣᠪᠣᠭ ᠤ᠋ᠨ ᠲᠡᠦᠬᠡ 》 ( ᠮᠣᠩᠭᠣᠯ )
5. ᠷᠢᠰᠢᠫᠣᠩᠰᠤᠭ ᠄ 《 ᠪᠣᠯᠣᠷ ᠡᠷᠢᠭᠡ 》 ( ᠮᠣᠩᠭᠣᠯ )
6.《 ᠵᠠᠰᠠᠭ ᠲᠤᠷ ᠲᠤᠰᠠᠯᠠᠬᠤᠢ ᠨᠡᠪᠲᠡᠷᠬᠡᠢ ᠲᠣᠯᠢ ᠶ᠋ᠢᠨ ᠦᠷᠭᠦᠯᠵᠢᠯᠡᠯ 》 ( ᠬᠢᠲᠠᠳ )
7.《 ᠳᠤᠮᠳᠠᠳᠤ ᠤᠯᠤᠰ ᠤ᠋ᠨ ᠲᠡᠦᠬᠡ ᠶ᠋ᠢᠨ ᠶᠡᠬᠡ ᠲᠣᠯᠢ ᠂ ᠯᠢᠶᠣᠤ ᠰᠢᠶᠠ ᠶ᠋ᠢᠨ ᠶᠤᠸᠠᠨ ᠤ᠋ ᠲᠡᠦᠬᠡ 》 ( ᠬᠢᠲᠠᠳ )
8. ᠳ᠋ᠦᠳᠠᠩ ᠥᠯᠵᠡᠢᠲᠦ ᠨᠠᠷ ᠤ᠋ᠨ ᠣᠷᠴᠢᠭᠤᠯᠤᠭᠰᠠᠨ 《 ᠲᠠᠢᠶᠤᠸᠠᠨ ᠤᠯᠤᠰ ᠤ᠋ᠨ ᠲᠡᠦᠬᠡ 》 ( ᠮᠣᠩᠭᠣᠯ )
9.《 ᠳᠤᠮᠳᠠᠳᠤ ᠤᠯᠤᠰ ᠤ᠋ᠨ ᠲᠡᠦᠬᠡ ᠶ᠋ᠢᠨ ᠲᠣᠮᠣ ᠬᠡᠷᠡᠭ ᠦ᠋ᠳ ᠦ᠋ᠨ ᠲᠣᠯᠢ 》 ( ᠬᠢᠲᠠᠳ )
10 .《 ᠳᠤᠮᠳᠠᠳᠤ ᠤᠯᠤᠰ ᠤ᠋ᠨ ᠬᠠᠭᠠᠨ ᠤ᠋ ᠬᠠᠲᠤᠳ ᠤ᠋ᠨ ᠨᠠᠮᠲᠠᠷ 》 ( ᠬᠢᠲᠠᠳ )
11.ᠪᠠᠢ ᠪᠢ ᠰᠢᠶᠣᠤ ᠄ 《 ᠶᠤᠸᠠᠨ ᠤ᠋ ᠲᠥᠷᠥ ᠶ᠋ᠢᠨ ᠣᠷᠳᠣᠨ ᠳ᠋ᠠᠬᠢ ᠣᠷᠬᠢᠭᠳᠠᠭᠰᠠᠨ ᠬᠡᠷᠡᠭ ᠦ᠋ᠳ 》 ( ᠬᠢᠲᠠᠳ )
12 .《 ᠶᠤᠸᠠᠨ ᠤ᠋ ᠲᠥᠷᠥ ᠶ᠋ᠢᠨ ᠵᠠᠭᠤᠨ ᠣᠨ ᠤ᠋ ᠲᠡᠦᠬᠡ 》 ( ᠬᠢᠲᠠᠳ )
13. ᠴᠢᠤᠸᠠᠨ ᠾᠧᠩ᠄ 《 ᠴᠠᠭᠠᠨ ᠪᠡᠴᠢᠨ ᠵᠢᠯ ᠦ᠋ᠨ ᠰᠤᠯᠠ ᠱᠠᠰᠲᠢᠷ 》 ( ᠬᠢᠲᠠᠳ )
14. ᠯᠢᠦ ᠵᠢᠢ ᠄《 ᠤᠮᠠᠷᠠᠰᠢ ᠴᠠᠭᠳᠠᠭᠰᠠᠨ ᠰᠤᠯᠠ ᠲᠡᠮᠳᠡᠭᠯᠡᠯ 》 ( ᠬᠢᠲᠠᠳ )
15. ᠧᠦ ᠶᠠᠩ ᠰᠢᠦᠸᠠᠨ ᠄ 《 ᡁᠢ ᠵᠧᠩ ᠦ᠋ᠨ ᠦᠶ᠎ᠡ ᠳ᠋ᠡᠬᠢ ᠭᠣᠣᠯ ᠬᠠᠰᠢᠭᠰᠠᠨ ᠲᠡᠮᠳᠡᠭᠯᠡᠯ 》 ( ᠬᠢᠲᠠᠳ )
16. ᠭᠣᠣ ᠳ᠋ᠠᠢ ᠄《 ᠶᠡᠬᠡ ᠪᠣᠳᠣᠯᠭ᠎ᠠ ᠶ᠋ᠢᠨ ᠪᠢᠴᠢᠭ 》 ( ᠬᠢᠲᠠᠳ )
17. ᠶᠠᠩ ᠲᠢᠩ ᠢᠦᠢ ᠨᠠᠷ ᠄ 《 ᠮᠢᠩ ᠤᠯᠤᠰ ᠤ᠋ᠨ ᠲᠡᠦᠬᠡ 》 ( ᠬᠢᠲᠠᠳ )
18. ᠳ᠋ᠤ᠌ ᠵᠢᠢ ᠄《 ᠮᠣᠩᠭᠣᠯ ᠤ᠋ᠨ ᠲᠡᠦᠬᠡᠨ ᠲᠡᠮᠳᠡᠭᠯᠡᠯ 》 ( ᠬᠢᠲᠠᠳ )
19. ᠡᠦ ᠬᠠᠨ ᠄《 ᠵᠣ᠌ ᠶᠤᠸᠠᠨ ᠵᠠᠩ ᠤ᠋ᠨ ᠨᠠᠮᠲᠠᠷ 》
20. ᠶᠧ ᠽᠢ ᠴᠢ ᠄《 ᠼᠤᠤ ᠮᠦ᠍ ᠽᠢ ᠪᠢᠴᠢᠭ 》 ( ᠬᠢᠲᠠᠳ ) ᠮᠣᠩᠭᠣᠯ ᠬᠢᠲᠠᠳ ᠨᠡᠷᠡᠰ ᠦ᠋ᠨ ᠬᠡᠯᠬᠢᠶᠡᠰᠦ᠄
ᠲᠣᠬᠤᠨᠲᠡᠮᠦᠷ ( 妥欢贴睦尔) ᠪᠦᠬᠦ ᠤᠯᠤᠰ ᠢ᠋ ᠨᠣᠶᠠᠯᠠᠵᠤ ᠪᠠᠢᠭᠰᠠᠨ ᠲᠠᠢᠶᠤᠸᠠᠨ ᠤᠯᠤᠰ ᠤ᠋ᠨ ᠬᠠᠮᠤᠭ ᠡᠴᠦᠰ ᠦ᠋ᠨ ᠬᠠᠭᠠᠨ ᠃ ᠬᠣᠱ᠌ᠢᠯᠠ ᠬᠤᠲᠤᠭᠲᠤ ᠬᠠᠭᠠᠨ ᠤ᠋ ᠠᠬᠠᠮᠠᠳ ᠬᠥᠪᠡᠭᠦᠨ ᠃ ᠮᠣᠩᠭᠣᠯ ᠢ᠋ᠶ᠋ᠠᠷ ᠲᠣᠬᠤᠨᠲᠡᠮᠦᠷ ᠤᠬᠠᠭᠠᠨᠲᠤ ᠬᠠᠭᠠᠨ ᠭᠡᠳᠡᠭ ᠃ᠳᠤᠬᠤᠨ ᠭᠡᠳᠡᠭ ᠨᠢ ᠠᠯᠠᠭ ᠰᠢᠪᠠᠭᠤ ᠭᠡᠰᠡᠨ ᠤᠳᠬ᠎ᠠ ᠲᠠᠢ ᠲᠥᠷᠥᠭ ᠦᠭᠡ ᠭᠡᠵᠦ ᠴᠣᠢᠵᠢ 《 ᠠᠯᠲᠠᠨ ᠲᠣᠪᠴᠢ 》 ᠳ᠋ᠤ᠌ ᠲᠠᠢᠯᠪᠤᠷᠢᠯᠠᠪᠠ ᠃
ᠬᠤᠪᠢᠯᠠᠢ (忽必烈) ᠲᠠᠢᠶᠤᠸᠠᠨ ᠤᠯᠤᠰ ᠢ᠋ ᠲᠤᠯᠭᠤᠷ ᠪᠠᠢᠭᠤᠯᠤᠭᠰᠠᠨ ᠬᠠᠭᠠᠨ ᠃ ᠴᠢᠩᠭᠢᠰ ᠬᠠᠭᠠᠨ ᠤ᠋ ᠣᠮᠪᠣᠯᠣ ᠂ ᠲᠤᠯᠤᠢ ᠡᠵᠡᠨ ᠦ᠌ ᠳᠥᠷᠪᠡᠳᠦᠭᠡᠷ ᠬᠥᠪᠡᠭᠦᠨ ᠃ ᠮᠣᠩᠭᠣᠯ ᠢ᠋ᠶ᠋ᠠᠷ ᠬᠤᠪᠢᠯᠠᠢ ᠰᠡᠴᠡᠨ ᠬᠠᠭᠠᠨ ᠭᠡᠳᠡᠭ ᠃
ᠴᠢᠮᠪᠠᠢ (察必) ᠬᠤᠪᠢᠯᠠᠢ ᠰᠡᠴᠡᠨ ᠬᠠᠭᠠᠨ ᠤ᠋ ᠡᠰᠢ ᠬᠠᠲᠤᠨ᠃ ᠬᠣᠩᠭᠢᠷᠠᠳ ᠤ᠋ᠨ ᠠᠯᠴᠢ ᠨᠣᠶᠠᠨ ᠤ᠋ ᠥᠬᠢᠨ ᠃
ᠯᠢᠦ ᠪᠢᠩ ᠵᠦᠩ (刘秉忠 ) ᠬᠤᠪᠢᠯᠠᠢ ᠰᠡᠴᠡᠨ ᠬᠠᠭᠠᠨ ᠤ᠋ ᠦᠶ᠎ᠡ ᠶ᠋ᠢᠨ ᠶᠡᠬᠡ ᠰᠠᠢᠳ ᠃
ᠲᠡᠮᠦᠷ (铁穆耳 ) ᠲᠠᠢᠶᠤᠸᠠᠨ ᠤᠯᠤᠰ ᠤ᠋ᠨ ᠬᠣᠶᠠᠳᠤᠭᠠᠷ ᠦᠶ᠎ᠡ ᠶ᠋ᠢᠨ ᠬᠠᠭᠠᠨ ᠃ᠬᠤᠪᠢᠯᠠᠢ ᠰᠡᠴᠡᠨ ᠬᠠᠭᠠᠨ ᠤ᠋ ᠣᠮᠪᠣᠯᠣ ᠃ ᡁᠢ ᠶᠤᠸᠠᠨ ᠤ᠋ ᠭᠤᠴᠢᠳᠤᠭᠠᠷ ᠣᠨ ᠳ᠋ᠤ᠌ ᠬᠣᠩ ᠲᠠᠢᠽᠢ ᠡᠷᠭᠦᠮᠵᠢᠯᠡᠭᠳᠡᠵᠦ ᠂ ᠭᠤᠴᠢᠨ ᠨᠢᠭᠡᠳᠦᠭᠡᠷ ᠣᠨ ᠳ᠋ᠤ᠌ ᠶᠡᠬᠡ ᠣᠷᠣ ᠰᠠᠭᠤᠪᠠ ᠃ᠮᠣᠩᠭᠣᠯ ᠢ᠋ᠶ᠋ᠠᠷ ᠲᠡᠮᠦᠷ ᠥᠯᠵᠡᠢᠲᠦ ᠬᠠᠭᠠᠨ ᠭᠡᠳᠡᠭ ᠃
ᠰᠢᠷᠢᠨᠳᠠᠷᠠ (失伶答里)ᠲᠡᠮᠦᠷ ᠥᠯᠵᠡᠢᠲᠦ ᠬᠠᠭᠠᠨ ᠤ᠋ ᠬᠠᠢᠷᠠᠲᠤ ᠬᠠᠲᠤᠨ ᠂ ᠬᠣᠩᠭᠢᠷᠠᠳ ᠤ᠋ᠨ ᠣᠴᠠᠨ ᠨᠣᠶᠠᠨ ᠤ᠋ ᠥᠬᠢᠨ ᠃
ᠪᠣᠯᠣᠭᠠᠨ (卜 鲁罕) ᠲᠡᠮᠦᠷ ᠥᠯᠵᠡᠢᠲᠦ ᠬᠠᠭᠠᠨ ᠤ᠋ ᠡᠰᠢ ᠬᠠᠲᠤᠨ ᠂ ᠪᠠᠶᠠᠭᠤᠳ ᠤ᠋ᠨ ᠳᠣᠭᠤᠯᠠᠰ ᠬᠦᠷᠭᠡᠨ ᠦ᠌ ᠥᠬᠢᠨ ᠃
ᠭᠠᠮᠠᠯᠠ ( 甘麻剌 ) ᠬᠤᠪᠢᠯᠠᠢ ᠰᠡᠴᠡᠨ ᠬᠠᠭᠠᠨ ᠤ᠋ ᠣᠮᠪᠣᠯᠣ ᠃ ᠲᠡᠮᠦᠷ ᠥᠯᠵᠡᠢᠲᠦ ᠬᠠᠭᠠᠨ ᠤ᠋ ᠶᠡᠬᠡ ᠠᠬ᠎ᠠ ᠃
ᠳᠠᠷᠮᠠᠪᠠᠯᠠ(答剌麻八剌) ᠬᠤᠪᠢᠯᠠᠢ ᠰᠡᠴᠡᠨ ᠬᠠᠭᠠᠨ ᠤ᠋ ᠣᠮᠪᠣᠯᠣ ᠲᠡᠮᠦᠷ ᠥᠯᠵᠡᠢᠲᠦ ᠬᠠᠭᠠᠨ ᠤ᠋ ᠬᠣᠶᠠᠳᠤᠭᠠᠷ ᠠᠬ᠎ᠠ ᠃
ᠴᠢᠩᠭᠢᠮ (真金) ᠬᠤᠪᠢᠯᠠᠢ ᠰᠡᠴᠡᠨ ᠬᠠᠭᠠᠨ ᠤ᠋ ᠬᠥᠪᠡᠭᠦᠨ ᠃ ᠭᠠᠮᠠᠯᠠ ᠂ ᠳᠠᠷᠮᠠᠪᠠᠯᠠ ᠵᠢᠴᠢ ᠲᠡᠮᠦᠷ ᠥᠯᠵᠡᠢᠲᠦ ᠬᠠᠭᠠᠨ ᠤ᠋ ᠡᠴᠢᠭᠡ ᠃
ᠬᠠᠷᠠᠬᠠᠰᠤᠨ ( 哈剌哈孙) ᠴᠢᠩᠭᠢᠰ ᠬᠠᠭᠠᠨ ᠤ᠋ ᠦᠶ᠎ᠡ ᠶᠢᠨ ᠭᠠᠪᠢᠶᠠᠲᠠᠨ ᠰᠠᠢᠳ ᠬᠡᠱ᠌ᠢᠯᠢᠭ ᠳᠠᠷᠬᠠᠨ ᠤ᠋ ᠬᠣᠢᠴᠢᠰ ᠃ ᠲᠡᠮᠦᠷ ᠥᠯᠵᠡᠢᠲᠦ ᠬᠠᠭᠠᠨ ᠤ᠋ ᠦᠶ᠎ᠡ ᠶ᠋ᠢᠨ ᠲᠥᠪ ᠪᠢᠴᠢᠭ ᠦ᠋ᠨ ᠮᠣᠵᠢ ᠶ᠋ᠢᠨ ᠪᠠᠷᠠᠭᠤᠨ ᠭᠠᠷᠤᠨ ᠴᠢᠩᠰᠠᠩ ᠃
ᠳ᠋ᠠᠵᠢ (答己 ) ᠳᠠᠷᠮᠠᠪᠠᠯᠠ ᠶ᠋ᠢᠨ ᠬᠠᠲᠤᠨ ᠃ ᠬᠣᠩᠭᠢᠷᠠᠳ ᠤ᠋ᠨ ᠠᠯᠴᠢ ᠨᠣᠶᠠᠨ ᠤ᠋ ᠣᠮᠪᠣᠯᠣ ᠥᠬᠢᠨ ᠃
ᠠᠬᠤᠲᠠᠢ (阿忽台 ) ᠮᠣᠩᠭᠣᠯ ᠤ᠋ᠨ ᠡᠯᠵᠢᠭᠡᠨ ᠣᠪᠣᠭ ᠤ᠋ᠨ ᠬᠥᠮᠦᠨ ᠃ ᠲᠡᠮᠦᠷ ᠥᠯᠵᠡᠢᠲᠦ ᠬᠠᠭᠠᠨ ᠤ᠋ ᠦᠶ᠎ᠡ ᠶ᠋ᠢᠨ ᠲᠥᠪ ᠪᠢᠴᠢᠭ ᠦ᠋ᠨ ᠮᠣᠵᠢ ᠶ᠋ᠢᠨ ᠵᠡᠭᠦᠨ ᠭᠠᠷᠤᠨ ᠴᠢᠩᠰᠠᠩ ᠃
ᠠᠨᠠᠨᠳᠠ ( 阿难答) ᠬᠤᠪᠢᠯᠠᠢ ᠰᠡᠴᠡᠨ ᠬᠠᠭᠠᠨ ᠤ᠋ ᠣᠮᠪᠣᠯᠣ᠂ ᠮᠠᠩᠭᠠᠯᠠ ᠶ᠋ᠢᠨ ᠬᠥᠪᠡᠭᠦᠨ ᠃
ᠮᠠᠩᠭᠠᠯᠠ ( 忙哥剌) ᠬᠤᠪᠢᠯᠠᠢ ᠰᠡᠴᠡᠨ ᠬᠠᠭᠠᠨ ᠤ᠋ ᠬᠥᠪᠡᠭᠦᠨ ᠃ ᠴᠢᠩᠭᠢᠮ ᠦ᠋ᠨ ᠳᠡᠭᠦᠦ ᠃
ᠬᠠᠢᠱᠠᠨ(海山) ᠲᠠᠢᠶᠤᠸᠠᠨ ᠤᠯᠤᠰ ᠤ᠋ᠨ ᠭᠤᠷᠪᠠᠳᠤᠭᠠᠷ ᠦᠶ᠎ᠡ ᠶ᠋ᠢᠨ ᠬᠠᠬᠠᠨ ᠳᠠᠷᠮᠠᠪᠠᠯᠠ ᠶ᠋ᠢᠨ ᠠᠬᠠᠮᠠᠳ ᠬᠥᠪᠡᠭᠦᠨ ᠃ ᠮᠣᠩᠭᠣᠯ ᠢ᠋ᠶ᠋ᠠᠷ ᠬᠠᠢᠱᠠᠨ ᠬᠦᠯᠦᠭ ᠬᠠᠭᠠᠨ ᠭᠡᠳᠡᠭ ᠃
ᠲᠣᠭᠲᠣᠭ᠎ᠠ ( 康里脱脱) ᠬᠤᠪᠢᠯᠠᠢ ᠰᠡᠴᠡᠨ ᠬᠠᠭᠠᠨ ᠤ᠋ ᠦᠶ᠎ᠡ ᠶ᠋ᠢᠨ ᠢᠲᠡᠭᠡᠯᠲᠦ ᠲᠦᠰᠢᠮᠡᠯ ᠠᠱᠠᠪᠤᠬ᠎ᠠ ᠶ᠋ᠢᠨ ᠳᠡᠭᠦᠦ ᠂ ᠬᠠᠢᠱᠠᠨ ᠢ᠋ ᠳᠠᠭᠠᠵᠤ ᠪᠠᠷᠠᠭᠤᠨ ᠬᠣᠢᠲᠤ ᠬᠢᠯᠢ ᠶ᠋ᠢ ᠰᠠᠬᠢᠨ ᠰᠠᠭᠤᠭ᠎ᠠ ᠴᠡᠷᠢᠭ ᠦ᠋ᠨ ᠵᠠᠩᠵᠤᠨ ᠃ ᠲᠡᠦᠬᠡᠨ ᠪᠢᠴᠢᠭ ᠲᠦ᠍ ᠬᠠᠩᠯᠢᠨ ᠤ᠋ ᠲᠣᠭᠲᠣᠭ᠎ᠠ ᠭᠡᠳᠡᠭ ᠃
ᠯᠢ ᠮᠧᠩ ( 李孟) ᠠᠶᠤᠷᠪᠠᠷᠸᠠᠳᠠ ᠶ᠋ᠢᠨ ᠪᠠᠭᠰᠢ ᠃ ᠱᠠᠨ ᠰᠢ ᠶ᠋ᠢᠨ ᠴᠠᠩ ᡁᠢ ᠶ᠋ᠢᠨ ᠬᠥᠮᠦᠨ ᠃
ᠡᠰᠡᠨᠲᠡᠮᠦᠷ ( 也孙铁木尔) ᠶᠤᠸᠠᠨ ᠤᠯᠤᠰ ᠤ᠋ᠨ ᠵᠢᠷᠭᠤᠳᠤᠭᠠᠷ ᠦᠶ᠎ᠡ ᠶ᠋ᠢᠨ ᠬᠠᠭᠠᠨ ᠃ ᠲᠡᠮᠦᠷ ᠥᠯᠵᠡᠢᠲᠦ ᠬᠠᠭᠠᠨ ᠤ᠋ ᠶᠡᠬᠡ ᠠᠬ᠎ᠠ ᠭᠠᠮᠠᠯᠠ ᠶ᠋ᠢᠨ ᠠᠬᠠᠮᠠᠳ ᠬᠥᠪᠡᠭᠦᠨ ᠃ ᠮᠣᠩᠭᠣᠯ ᠤ᠋ᠨ ᠲᠡᠦᠬᠡᠨ ᠳ᠋ᠦ᠍ ᠲᠡᠭᠦᠨ ᠢ᠋ ᠲᠠᠢᠳᠢᠩ ᠲᠢ ᠬᠠᠭᠠᠨ ᠭᠡᠳᠡᠭ ᠃
ᠬᠣᠱ᠌ᠢᠯᠠ (和世辣 ) ᠶᠤᠸᠠᠨ ᠤᠯᠤᠰ ᠤ᠋ᠨ ᠳᠣᠯᠣᠳᠤᠭᠠᠷ ᠦᠶ᠎ᠡ ᠶ᠋ᠢᠨ ᠬᠠᠭᠠᠨ ᠃ ᠮᠣᠩᠭᠣᠯ ᠢ᠋ᠶ᠋ᠠᠷ ᠬᠤᠲᠤᠭᠲᠤ ᠬᠠᠭᠠᠨ ᠭᠡᠳᠡᠭ ᠃ ᠬᠠᠢᠱᠠᠨ ᠬᠦᠯᠦᠭ ᠬᠠᠭᠠᠨ ᠤ᠋ ᠠᠬᠠᠮᠠᠳ ᠬᠥᠪᠡᠭᠦᠨ ᠃
ᠠᠶᠤᠷᠪᠠᠷᠸᠠᠳᠠ ( 爱育黎拔力八达) ᠶᠤᠸᠠᠨ ᠤᠯᠤᠰ ᠤ᠋ᠨ ᠳᠥᠷᠪᠡᠳᠦᠭᠡᠷ ᠦᠶ᠎ᠡ ᠶ᠋ᠢᠨ ᠬᠠᠭᠠᠨ ᠃ ᠮᠣᠩᠭᠣᠯ ᠢ᠋ᠶ᠋ᠠᠷ ᠪᠤᠶᠠᠨᠲᠤ ᠬᠠᠭᠠᠨ ᠭᠡᠳᠡᠭ ᠃ ᠳᠠᠷᠮᠠᠪᠠᠯᠠ ᠶ᠋ᠢᠨ ᠬᠣᠶᠠᠳᠤᠭᠠᠷ ᠬᠥᠪᠡᠭᠦᠨ ᠬᠠᠢᠱᠠᠨ ᠬᠦᠯᠦᠭ ᠬᠠᠭᠠᠨ ᠤ᠋ ᠳᠡᠭᠦᠦ ᠃
ᠲᠡᠮᠦᠲᠡᠷ ( 铁木迭儿) ᠠᠶᠤᠷᠪᠠᠷᠸᠠᠳᠠ ᠬᠠᠭᠠᠨ ᠤ᠋ ᠦᠶ᠎ᠡ ᠳ᠋ᠡᠬᠢ ᠡᠷᠬᠡᠲᠦ ᠰᠠᠢᠳ ᠮᠥᠩᠬᠡ ᠬᠠᠭᠠᠨ ᠤ᠋ ᠦᠶ᠎ᠡ ᠶ᠋ᠢᠨ ᠶᠡᠬᠡ ᠵᠠᠩᠵᠤᠨ ᠪᠦᠷᠢᠯᠭᠡᠳᠠᠢ ᠶ᠋ᠢᠨ ᠣᠮᠪᠣᠯᠣ ᠃ ᠳ᠋ᠠᠵᠢ ᠬᠠᠲᠤᠨ ᠯᠤᠭ᠎ᠠ ᠣᠨᠴᠠ ᠬᠠᠷᠢᠴᠠᠭ᠎ᠠ ᠪᠠᠨ ᠠᠰᠢᠭᠯᠠᠵᠤ ᠵᠠᠰᠠᠭ ᠲᠥᠷᠥ ᠶ᠋ᠢ ᠶᠡᠬᠡᠳᠡ ᠰᠠᠮᠠᠭᠤᠷᠠᠭᠤᠯᠪᠠ ᠃
ᠰᠣᠳᠢᠪᠠᠯᠠ (硕德八剌 ) ᠶᠤᠸᠠᠨ ᠤᠯᠤᠰ ᠤ᠋ᠨ ᠲᠠᠪᠤᠳᠤᠭᠠᠷ ᠦᠶ᠎ᠡ ᠶ᠋ᠢᠨ ᠬᠠᠭᠠᠨ ᠃ ᠮᠣᠩᠭᠣᠯ ᠢ᠋ᠶ᠋ᠠᠷ ᠭᠡᠭᠡᠨ ᠬᠠᠭᠠᠨ ᠭᠡᠳᠡᠭ ᠃ ᠠᠶᠤᠷᠪᠠᠷᠸᠠᠳᠠ ᠪᠤᠶᠠᠨᠲᠤ ᠬᠠᠭᠠᠨ ᠤ᠋ ᠬᠥᠪᠡᠭᠦᠨ ᠃
ᠪᠠᠢᠵᠤ ( 拜住 )ᠮᠤᠬᠤᠯᠠᠢ ᠶ᠋ᠢᠨ ᠬᠣᠢᠴᠢᠰ ᠂ ᠠᠨᠲ᠋ᠦᠢ᠍ᠩ ᠦ᠋ᠨ ᠣᠮᠪᠣᠯᠣ ᠃
ᠲᠠᠪᠰᠢ ( 铁失)ᠲᠡᠮᠦᠳᠡᠷ ᠦ᠋ᠨ ᠡᠷᠭᠦᠮᠡᠯ ᠬᠥᠪᠡᠭᠦᠨ ᠃ ᠰᠣᠳᠢᠪᠠᠯᠠ ᠭᠡᠭᠡᠨ ᠬᠠᠭᠠᠨ ᠤ᠋ ᠬᠠᠳᠠᠮ ᠠᠬ᠎ᠠ ᠃ ᠶᠠᠯᠠᠲᠤ ᠲᠦᠰᠢᠮᠡᠯ ᠃
ᠡᠯᠲᠡᠮᠦᠷ ( 燕铁木尔 ) ᠬᠢᠪᠴᠠᠭ ᠬᠥᠮᠦᠨ ᠃ ᠬᠠᠩᠯᠢᠨ ᠤ᠋ ᠲᠣᠭᠲᠣᠭ᠎ᠠ ᠶ᠋ᠢᠨ ᠣᠮᠪᠣᠯᠣ ᠃ ᠬᠣᠱ᠌ᠢᠯᠠ ᠬᠤᠲᠤᠭᠲᠤ ᠬᠠᠭᠠᠨ ᠢ᠋ ᠬᠣᠣᠷᠯᠠᠨ ᠠᠯᠠᠭᠰᠠᠨ ᠶᠠᠯᠠᠲᠤ ᠲᠦᠰᠢᠮᠡᠯ ᠃
ᠳ᠋ᠠᠤᠯᠠᠳ ᠱᠠᠭ ( 倒剌沙) ᠰᠠᠷᠲᠠᠭᠤᠯ ᠬᠥᠮᠦᠨ ᠃ ᠡᠰᠡᠨᠲᠡᠮᠦᠷ ᠲᠠᠢᠳᠢᠩ ᠲᠢ ᠬᠠᠭᠠᠨ ᠤ᠋ ᠢᠲᠡᠭᠡᠯᠲᠦ ᠲᠦᠰᠢᠮᠡᠯ ᠃
ᠷᠠᠵᠠᠪᠠᠭ (阿速吉八 ) ᠡᠰᠡᠨᠲᠡᠮᠦᠷ ᠬᠠᠭᠠᠨ ᠬᠥᠪᠡᠭᠦᠨ ᠃ ᠱᠠᠩᠳᠤ ᠳᠠᠢᠳᠤ ᠶ᠋ᠢᠨ ᠲᠤᠯᠤᠯᠳᠤᠭᠠᠨ ᠳ᠋ᠤ᠌ ᠠᠮᠢ ᠪᠤᠰᠠᠨᠢᠪᠠ ᠃
ᠸᠠᠩ ᠴᠠᠨ ( 王禅 ) ᠭᠠᠮᠠᠯᠠ ᠶ᠋ᠢᠨ ᠬᠣᠶᠠᠳᠤᠭᠠᠷ ᠬᠥᠪᠡᠭᠦᠨ ᠃ ᠡᠰᠡᠨᠲᠡᠮᠦᠷ ᠬᠠᠭᠠᠨ ᠤ᠋ ᠳᠡᠭᠦᠦ ᠃
ᠪᠠᠪᠤᠬᠠᠨ (八不罕) ᠬᠣᠩᠭᠢᠷᠠᠳ ᠤ᠋ᠨ ᠠᠯᠴᠢ ᠨᠣᠶᠠᠨ ᠤ᠋ ᠣᠮᠪᠣᠯᠣ ᠣᠴᠠᠨ ᠤ᠋ ᠥᠬᠢᠨ ᠃ ᠡᠰᠡᠨᠲᠡᠮᠦᠷ ᠬᠠᠭᠠᠨ ᠤ᠋ ᠡᠰᠢ ᠬᠠᠲᠤᠨ ᠃
ᠲᠣᠭᠲᠡᠮᠦᠷ( 图帖睦尔 ) ᠶᠤᠸᠠᠨ ᠤᠯᠤᠰ ᠤ᠋ᠨ ᠨᠠᠢ᠍ᠮᠠᠳᠤᠭᠠᠷ ᠦᠶ᠎ᠡ ᠶ᠋ᠢᠨ ᠬᠠᠭᠠᠨ ᠃ ᠮᠣᠩᠭᠣᠯ ᠢ᠋ᠶ᠋ᠠᠷ ᠵᠠᠶᠠᠭᠠᠲᠤ ᠬᠠᠭᠠᠨ ᠭᠡᠳᠡᠭ ᠃ ᠬᠠᠢᠱᠠᠨ ᠬᠦᠯᠦᠭ ᠬᠠᠭᠠᠨ ᠤ᠋ ᠬᠣᠶᠠᠳᠤᠭᠠᠷ ᠬᠥᠪᠡᠭᠦᠨ ᠃
ᠪᠠᠶᠠᠨ ( 伯颜 ) ᠮᠡᠷᠭᠢᠳ ᠬᠥᠮᠦᠨ ᠃ ᠶᠤᠸᠠᠨ ᠤᠯᠤᠰ ᠤ᠋ᠨ ᠦᠶ᠎ᠡ ᠶ᠋ᠢᠨ ᠡᠷᠬᠡᠲᠦ ᠰᠠᠢᠳ ᠤ᠋ᠨ ᠨᠢᠭᠡ ᠃
ᠢᠦᠢ ᠵᠢᠢ ( 虞集 ) ᠵᠢᠶᠠᠩᠰᠢ ᠶ᠋ᠢᠨ ᠬᠥᠮᠦᠨ ᠃ ᠪᠢᠴᠢᠭ ᠦ᠋ᠨ ᠰᠤᠷᠭᠠᠯᠲᠠᠨ ᠃ ᠮᠣᠩᠭᠣᠯ ᠬᠢᠲᠠᠳ ᠬᠣᠶᠠᠷ ᠬᠡᠯᠡ ᠪᠡᠷ ᠰᠤᠳᠤᠷ ᠲᠡᠦᠬᠡ ᠲᠠᠢᠯᠪᠤᠷᠢᠯᠠᠳᠠᠭ ᠃ ᠵᠣᠣ ᠱᠢ ᠶᠠᠨ ᠨᠠᠷ ᠤ᠋ᠨ ᠬᠠᠮᠲᠤ 《 ᠬᠠᠭᠠᠨᠲᠤ ᠲᠥᠷᠥ ᠶ᠋ᠢᠨ ᠦᠶ᠎ᠡ ᠵᠠᠰᠠᠬᠤ ᠬᠠᠤᠯᠢ ᠶ᠋ᠢᠨ ᠪᠢᠴᠢᠭ 》 ᠢ᠋ ᠨᠠᠢᠷᠠᠭᠤᠯᠤᠨ ᠪᠢᠴᠢᠪᠡ ᠃
ᠵᠣᠣ ᠱᠢ ᠶᠠᠨ ( 赵世延 )ᠣᠩᠭᠣᠳ ᠠᠢᠮᠠᠭ ᠤ᠋ᠨ ᠬᠥᠮᠦᠨ ᠃ ᠴᠢᠩᠭᠢᠰ ᠬᠠᠭᠠᠨ ᠤ᠋ ᠦᠶ᠎ᠡ ᠶ᠋ᠢᠨ ᠴᠡᠷᠢᠭ ᠦ᠋ᠨ ᠶᠡᠬᠡ ᠵᠠᠩᠵᠤᠨ ᠠᠨᠵᠤᠰᠤᠨ ᠤ᠋ ᠣᠮᠪᠣᠯᠣ ᠃ ᠢᠦᠢ ᠵᠢᠢ ᠨᠠᠷ ᠤ᠋ᠨ ᠬᠠᠮᠲᠤ 《 ᠬᠠᠭᠠᠨᠲᠤ ᠲᠥᠷᠥ ᠶ᠋ᠢᠨ ᠦᠶ᠎ᠡ ᠵᠠᠰᠠᠬᠤ ᠬᠠᠤᠯᠢ ᠶ᠋ᠢᠨ ᠪᠢᠴᠢᠭ 》 ᠢ᠋ ᠨᠠᠢᠷᠠᠭᠤᠯᠤᠨ ᠪᠢᠴᠢᠪᠡ ᠃
ᠷᠢᠨᠴᠢᠨᠪᠠᠯ (懿璘质班 ) ᠶᠤᠸᠠᠨ ᠤᠯᠤᠰ ᠤ᠋ᠨ ᠶᠢᠰᠦᠳᠦᠭᠡᠷ ᠦᠶ᠎ᠡ ᠶ᠋ᠢᠨ ᠬᠠᠭᠠᠨ ᠃ ᠬᠢᠲᠠᠳ ᠢ᠋ᠶ᠋ᠠᠷ ᠨᠢᠩᠽᠦᠶ᠋ᠩ ᠬᠡᠮᠡᠮᠦᠢ ᠃ ᠬᠣᠱ᠌ᠢᠯᠠ ᠬᠤᠲᠤᠭᠲᠤ ᠬᠠᠭᠠᠨ ᠤ᠋ ᠳᠡᠳ᠋ ᠬᠥᠪᠡᠭᠦᠨ ᠃
ᠪᠤᠳᠠᠰᠢᠷᠢ ( 卜答失里 ) ᠬᠣᠩᠭᠢᠷᠠᠳ ᠤ᠋ᠨ ᠲᠢᠸᠤᠪᠠᠯᠠ ( ᠯᠦ᠍ ᠸᠠᠩ ) ᠤ᠋ᠨ ᠥᠬᠢᠨ ᠃ ᠲᠣᠭᠲᠡᠮᠦᠷ ᠵᠠᠶᠠᠭᠠᠲᠤ ᠬᠠᠭᠠᠨ ᠤ᠋ ᠡᠰᠢ ᠬᠠᠲᠤᠨ ᠃
ᠡᠯᠳᠡᠭᠦᠰ (燕贴古思 ) ᠲᠣᠭᠲᠡᠮᠦᠷ ᠬᠠᠭᠠᠨ ᠤ᠋ ᠳᠡᠳ᠋ ᠬᠥᠪᠡᠭᠦᠨ ᠃ ᠤᠭ ᠨᠡᠷ᠎ᠡ ᠨᠢ ᠬᠦᠨᠡᠳ᠋ᠠᠷᠠ ᠭᠡᠳᠡᠭ ᠃
ᠷᠠᠳᠨᠠᠳ᠋ᠠᠷᠠ( 阿剌纳答剌 ) ᠲᠣᠭᠲᠡᠮᠦᠷ ᠬᠠᠭᠠᠨ ᠤ᠋ ᠠᠬᠠᠮᠠᠳ ᠬᠥᠪᠡᠭᠦᠨ ᠃
ᠲᠠᠩᠭᠢᠰ ( 唐其势) ᠡᠯᠳᠡᠮᠡᠷ ᠦ᠋ᠨ ᠬᠥᠪᠡᠭᠦᠨ ᠃
ᠲᠠᠷᠢᠨᠳ᠋ᠠᠷᠠ (答里达拉 ) ᠡᠯᠲᠡᠮᠦᠷ ᠦ᠋ᠨ ᠳᠡᠭᠦᠦ ᠂ ᠲᠠᠩᠭᠢᠰ ᠤ᠋ᠨ ᠶᠡᠬᠡ ᠠᠪᠠᠭ᠎ᠠ ᠃
ᠬᠣᠩᠬᠤᠲᠡᠮᠦᠷ (晃火贴木尔 ) ᠮᠥᠩᠬᠡ ᠬᠠᠭᠠᠨ ᠤ᠋ ᠬᠣᠢᠴᠢᠰ ᠃
ᠴᠡᠴᠡᠨᠲᠤ ( 彻彻秃 ) ᠮᠥᠩᠬᠡ ᠬᠠᠭᠠᠨ ᠤ᠋ ᠬᠣᠢᠴᠢᠰ ᠂ ᠳ᠋ᠠᠨ ᠸᠠᠩ ᠬᠡᠷᠬᠡᠮ ᠲᠡᠢ ᠂ ᠬᠤᠩᠬᠤᠳᠡᠮᠤᠷ ᠤ᠋ᠨ ᠠᠬ᠎ᠠ ᠲᠠᠷᠠᠬᠠᠢ ( 塔刺海) ᠲᠠᠩᠭᠢᠰ ᠤ᠋ᠨ ᠳᠡᠭᠦᠦ᠃
ᠮᠠᠢᠯᠠᠢᠳᠢ (迈来迪) ᠲᠣᠬᠣᠭᠳᠠᠮᠤᠢ ᠬᠠᠭᠠᠨ ᠤ᠋ ᠲᠥᠷᠥᠭᠰᠡᠨ ᠡᠬᠡ ᠃ ᠬᠠᠷᠠᠯᠤᠤᠨ ᠣᠪᠣᠭᠲᠤ ᠂ ᠠᠷᠰᠯᠠᠨ ᠬᠠᠭᠠᠨ ᠤ᠋ ᠬᠣᠢᠴᠢᠰ ᠂ ᠬᠤᠱᠢᠯᠠ ᠪᠠᠷᠠᠭᠤᠨ ᠬᠣᠢᠲᠤ ᠣᠷᠣᠨ ᠳ᠋ᠤ᠌ ᠣᠴᠢᠭᠠᠳ ᠲᠡᠭᠦᠨ ᠢ᠋ ᠲᠠᠲᠠᠪᠤᠷᠢ ᠪᠣᠯᠭᠠᠨ ᠠᠪᠴᠠᠢ᠃
ᠳ᠋ᠠᠨᠠᠰᠢᠷᠢ ( 答纳失里) ᠡᠯᠳᠡᠮᠤᠷ ᠤ᠋ᠨ ᠥᠬᠢᠨ ᠲᠤᠬᠤᠨᠳᠡᠮᠤᠷ ᠬᠠᠭᠠᠨ ᠤ᠋ ᠬᠠᠲᠤᠨ ᠲᠡᠮᠤᠷᠪᠤᠬ᠎ᠠ (帖木尔不花) ᠰᠢᠦᠸᠠᠨ ᠷᠠᠨ ᠸᠠᠩ ᠬᠡᠷᠬᠡᠮ ᠲᠡᠢ ᠬᠤᠪᠢᠯᠠᠢ ᠰᠡᠴᠡᠨ ᠬᠠᠭᠠᠨ ᠤ᠋ ᠣᠮᠪᠣᠯᠣ ᠂ ᠳᠤᠬᠤᠨ ᠤ᠋ ᠬᠥᠪᠡᠭᠦᠨ ᠃
ᠭᠤᠨᠵᠢᠨ ᠪᠤᠬ᠎ᠠ (宽彻普化 ) ᠳᠤᠬᠤᠨ ᠤ᠋ ᠬᠥᠪᠡᠭᠦᠨ᠃ ᠸᠧᠢ ᠱᠦᠨ ᠸᠠᠩ ᠬᠡᠷᠬᠡᠮ ᠲᠡᠢ ᠂ ᠲᠡᠮᠤᠷᠪᠤᠬ᠎ᠠ ᠶ᠋ᠢᠨ ᠳᠡᠭᠦᠦ ᠃
ᠲᠣᠭᠲᠣᠭ᠎ᠠ (脱脱 ) ᠮᠡᠷᠭᠢᠳ ᠬᠥᠮᠦᠨ᠃ ᠪᠠᠶᠠᠨ ᠤ᠋ ᠡᠷᠭᠦᠮᠡᠯ ᠬᠥᠪᠡᠭᠦᠨ᠃ ᠡᠴᠢᠭᠡ ᠨᠢ ᠪᠠᠶᠠᠨ ᠤ᠋ ᠳᠡᠭᠦᠦ ᠮᠠᠵᠠᠷᠲᠠᠢ᠃
ᠮᠠᠵᠠᠷᠲᠠᠢ ( 马札儿台 ) ᠪᠠᠶᠠᠨ ᠤ᠋ ᠳᠡᠭᠦᠦ ᠂ ᠲᠣᠭᠲᠣᠭ᠎ᠠ ᠶ᠋ᠢᠨ ᠲᠥᠷᠥᠭᠰᠡᠨ ᠡᠴᠢᠭᠡ ᠃
ᠡᠦ ᡁᠢ ᠹᠠᠩ ( 吴直方 ) ᠲᠣᠭᠲᠣᠭ᠎ᠠ ᠶ᠋ᠢᠨ ᠪᠠᠭᠰᠢ ᠃
ᠠᠷᠤᠭᠲᠤ (阿鲁图 ) ᠪᠣᠭᠣᠷᠴᠤ ᠶ᠋ᠢᠨ ᠳᠥᠷᠪᠡᠳᠦᠭᠡᠷ ᠦᠶ᠎ᠡ ᠶ᠋ᠢᠨ ᠣᠮᠪᠣᠯᠣ ᠃
ᠳᠣᠷᠵᠢᠪᠠᠯ ( 朵儿直斑) ᠮᠤᠬᠤᠯᠠᠢ ᠶ᠋ᠢᠨ ᠳᠣᠯᠣᠳᠤᠭᠠᠷ ᠦᠶ᠎ᠡ ᠶ᠋ᠢᠨ ᠣᠮᠪᠣᠯᠣ᠃
ᠨᠣᠤ ᠨᠣᠤ ( 巎巎) ᠬᠤᠪᠢᠯᠠᠢ ᠰᠡᠴᠡᠨ ᠬᠠᠭᠠᠨ ᠤ᠋ ᠦᠶ᠎ᠡ ᠶ᠋ᠢᠨ ᠢᠲᠡᠭᠡᠯᠲᠦ ᠰᠠᠢᠳ ᠪᠦᠬᠦᠮᠢ ᠶ᠋ᠢᠨ ᠬᠥᠪᠡᠭᠦᠨ᠃
ᠪᠡᠷᠬᠡᠪᠤᠬᠠ (别儿怯不花 ) ᠡᠯᠵᠢᠭᠡᠨ ᠣᠪᠣᠭ ᠤ᠋ᠨ ᠬᠥᠮᠦᠨ ᠃ ᠠᠬᠤᠳᠠᠢ ᠶ᠋ᠢᠨ ᠬᠥᠪᠡᠭᠦᠨ᠃
ᠼᠦᠢ ᠵᠢᠩ (崔敬 ) ᠲᠤᠬᠤᠨᠳᠡᠮᠤᠷ ᠬᠠᠭᠠᠨ ᠤ᠋ ᠦᠶ᠎ᠡ ᠶ᠋ᠢᠨ ᠨᠡᠷᠡᠲᠦ ᠢᠳᠬᠠᠯ ᠤ᠋ᠨ ᠲᠦᠰᠢᠮᠡᠯ᠃
ᠲᠡᠮᠦᠷᠳᠡᠰᠢ (帖木尔达识 ) ᠬᠠᠩᠯᠢᠨ ᠤ᠋ ᠲᠣᠭᠲᠣᠭ᠎ᠠ ᠶ᠋ᠢᠨ ᠬᠥᠪᠡᠭᠦᠨ ᠃
ᠲᠠᠢᠫᠢᠩ (太平 ) ᠱᠠᠨᠰᠢ ᠶ᠋ᠢᠨ ᠬᠤ᠌ ᠰᠢᠶᠠᠨ ᠤ᠋ ᠬᠥᠮᠦᠨ᠃ ᠤᠤᠯ ᠨᠡᠷ᠎ᠡ ᠨᠢ ᠾᠧ ᠸᠧᠢ ᠢ ᠭᠡᠳᠡᠭ ᠃ ᠬᠤᠪᠢᠯᠠᠢ ᠰᠡᠴᠡᠨ ᠬᠠᠭᠠᠨ ᠤ᠋ ᠦᠶ᠎ᠡ ᠶ᠋ᠢᠨ ᠨᠡᠷᠡᠲᠦ ᠰᠢᠳᠤᠷᠭᠤ ᠲᠦᠰᠢᠮᠡᠯ ᠾᠧ ᠱᠧᠩ ᠦ᠋ᠨ ᠬᠥᠪᠡᠭᠦᠨ ᠃
ᠠᠾᠠᠮᠠ (哈麻 ) ᠬᠢᠪᠴᠠᠭ ᠬᠥᠮᠦᠨ ᠃ ᠲᠤᠬᠤᠨᠳᠡᠮᠤᠷ ᠬᠠᠭᠠᠨ ᠤ᠋ ᠨᠥᠬᠥᠭᠡ ᠡᠬᠡ ᠡᠴᠡ ᠲᠥᠷᠥᠭᠰᠡᠨ ᠷᠢᠨᠴᠢᠨᠪᠠᠯ ᠳᠡᠭᠦᠦ ᠶ᠋ᠢᠨ ᠭᠥᠭᠦᠯᠳᠦ ᠡᠬᠡ ᠶ᠋ᠢᠨ ᠬᠥᠪᠡᠭᠦᠨ᠃ ᠲᠣᠭᠲᠣᠭ᠎ᠠ ᠴᠢᠩᠰᠠᠩ ᠢ᠋ ᠬᠣᠣᠷᠯᠠᠵᠤ ᠠᠯᠠᠭᠰᠠᠨ ᠵᠠᠯᠢᠬᠠᠢ ᠲᠦᠰᠢᠮᠡᠯ᠃
ᠱᠤᠱᠠᠭ (雪雪 ) ᠬᠢᠪᠴᠠᠭ ᠬᠥᠮᠦᠨ᠃ ᠠᠾᠠᠮᠠ ᠶ᠋ᠢᠨ ᠳᠡᠭᠦᠦ᠃
ᠦᠬᠦᠰᠦᠨ ᠯᠢᠶᠠᠩ ᠵᠧᠨ (乌古孙良桢 ) ᠵᠦᠷᠴᠢᠨ ᠬᠥᠮᠦᠨ ᠃
ᠡᠰᠡᠨᠳᠡᠮᠤᠷ (也先帖木尔 )ᠮᠡᠷᠭᠢᠳ ᠬᠥᠮᠦᠨ᠃ ᠲᠣᠭᠲᠣᠭ᠎ᠠ ᠴᠢᠩᠰᠠᠩ ᠤ᠋ᠨ ᠳᠡᠭᠦᠦ ᠵᠢᠶᠠ ᠯᠦ᠍(贾鲁 ) ᠲᠤᠬᠤᠨᠳᠡᠮᠤᠷ ᠬᠠᠭᠠᠨ ᠤ᠋ ᠦᠶ᠎ᠡ ᠶ᠋ᠢᠨ ᠤᠰᠤᠨ ᠶᠠᠪᠤᠳᠠᠯ ᠢ᠋ ᠬᠠᠮᠢᠶᠠᠷᠬᠤ ᠶᠠᠮᠤᠨ ᠤ᠋ ᠡᠷᠬᠢᠯᠡᠭᠰᠡᠨ ᠲᠦᠰᠢᠮᠡᠯ ᠃
ᠯᠢᠦ ᠹᠦ ᠲᠦᠩ (刘福通 ) ᠶᠢᠩᠵᠧᠦ ᠶ᠋ᠢᠨ ᠬᠥᠮᠦᠨ ᠃ ᠤᠯᠠᠭᠠᠨ ᠠᠯᠴᠢᠭᠤᠷᠲᠠᠨ ᠴᠡᠷᠢᠭ ᠦ᠋ᠨ ᠲᠦᠷᠦᠭᠦᠦ᠃
ᠬᠠᠨ ᠱᠠᠨ ᠲᠦᠩ (韩山童 ) ᠾᠧᠪᠧᠢ ᠶ᠋ᠢᠨ ᠯᠦᠸᠠᠨ ᠰᠢᠶᠠᠨ ᠤ᠋ ᠬᠥᠮᠦᠨ᠃ ᠤᠯᠠᠭᠠᠨ ᠠᠯᠴᠢᠭᠤᠷᠲᠠᠨ ᠴᠡᠷᠢᠭ ᠦ᠋ᠨ ᠲᠦᠷᠦᠭᠦᠦ ᠃
ᠰᠢᠦᠢ ᠱᠧᠦ ᠾᠦᠢ (徐寿辉 ) ᠯᠦᠸᠧ ᠲᠢᠶᠠᠨ ᠤ᠋ ᠬᠥᠮᠦᠨ ᠃ ᠤᠯᠠᠭᠠᠨ ᠠᠯᠴᠢᠭᠤᠷᠲᠠᠨ ᠴᠡᠷᠢᠭ ᠦ᠋ᠨ ᠲᠦᠷᠦᠭᠦᠦ᠃
ᠲᠠᠢᠪᠤᠬᠠ (太不花 ) ᠪᠠᠶᠠᠭᠤᠳ ᠣᠪᠣᠭ ᠤ᠋ᠨ ᠬᠥᠮᠦᠨ᠃ ᠵᠧ ᠳ᠋ᠦᠩ ᠴᠥᠯᠭᠡ ᠶ᠋ᠢᠨ ᠰᠢᠦᠸᠠᠨ ᠸᠧᠢ ᠱᠢ ᠲᠦᠰᠢᠮᠡᠯ ᠪᠥᠭᠡᠳ ᠳᠦ ᠶᠤᠸᠠᠨᠱᠤᠸᠠᠢ ᠃
ᠹᠠᠩ ᠭᠦᠸᠧ ᠵᠧᠨ (方国珍 ) ᠬᠤᠸᠠᠩ ᠶᠠᠨ ᠤ᠋ ᠬᠥᠮᠦᠨ ᠃ ᠤᠤᠯ ᠨᠢ ᠳᠠᠪᠤᠰᠤᠨ ᠠᠷᠠᠯᠵᠢᠶ᠎ᠠ ᠬᠢᠵᠦ ᠂ ᠳᠠᠯᠠᠢ ᠳᠠᠭᠠᠤ ᠣᠷᠣᠨ ᠢ᠋ ᠡᠵᠡᠯᠡᠨ ᠲᠦᠢᠪᠡᠭᠡᠵᠦ ᠪᠠᠢᠪᠠ᠃
ᠲᠤᠯᠭᠠᠳᠡᠮᠤᠷ (秃鲁帖木尔 ) ᠠᠾᠠᠮᠠ ᠶ᠋ᠢᠨ ᠳᠡᠭᠦᠦ ᠬᠦᠷᠭᠡᠨ ᠃
ᠳᠠᠰᠢᠪᠠᠭᠠᠲᠤᠷ (答失八都鲁 ) ᠮᠣᠩᠭᠣᠯ ᠤ᠋ᠨ ᠰᠠᠯᠵᠢᠭᠤᠳ ᠣᠪᠣᠭᠲᠠᠨ ᠂ ᠴᠢᠩᠭᠢᠰ ᠬᠠᠭᠠᠨ ᠤ᠋ ᠳᠣᠯᠣᠳᠤᠭᠠᠷ ᠦᠶ᠎ᠡ ᠶ᠋ᠢᠨ ᠡᠪᠦᠭᠡ ᠬᠠᠴᠢ ᠬᠦᠯᠦᠭ ᠦ᠋ᠨ ᠳᠡᠭᠦᠦ ᠨᠠᠴᠢᠨᠪᠠᠭᠠᠲᠤᠷ ᠤ᠋ᠨ ᠬᠥᠪᠡᠭᠦᠨ ᠰᠢᠵᠢᠭᠤᠲᠠᠢ ᠶ᠋ᠢᠨ ᠬᠣᠢᠴᠢᠰ᠃
ᠪᠤᠯᠤᠳᠡᠮᠤᠷ (孛罗帖木尔 ) ᠳᠠᠰᠢᠪᠠᠭᠠᠲᠤᠷ ᠤ᠋ᠨ ᠬᠥᠪᠡᠭᠦᠨ ᠃
ᠿᠤ᠋ ᠵᠦᠩ ᠪᠠᠢ (汝中柏 ) ᠲᠣᠭᠲᠣᠭ᠎ᠠ ᠴᠢᠩᠰᠠᠩ ᠤ᠋ᠨ ᠢᠲᠡᠭᠡᠯᠲᠦ ᠲᠦᠰᠢᠮᠡᠯ ᠃
ᠠᠶᠤᠰᠢᠷᠢᠳᠠᠷᠠ ( 爱猷识理达腊) ᠲᠤᠬᠤᠨᠳᠡᠮᠤᠷ ᠬᠠᠭᠠᠨ ᠤ᠋ ᠬᠥᠪᠡᠭᠦᠨ ᠃ ᠴᠢ ᠣᠪᠣᠭᠲᠤ ᠰᠣᠯᠣᠩᠭᠣᠰ ᠬᠠᠲᠤᠨ ᠠ᠋ᠴᠠ ᠲᠥᠷᠥᠪᠡ᠃
ᠵᠠᠩ ᠱᠢ ᠴᠧᠩ (张士诚 ) ᠤᠯᠠᠭᠠᠨ ᠠᠯᠴᠢᠭᠤᠷᠲᠠᠨ ᠴᠡᠷᠢᠭ ᠦ᠋ᠨ ᠲᠦᠷᠦᠭᠦᠦ ᠃
ᠴᠦᠰᠬᠢ ( 搠思监) ᠬᠡᠷᠡᠢᠳ ᠬᠥᠮᠦᠨ ᠃ ᠮᠥᠩᠬᠡ ᠬᠠᠭᠠᠨ ᠤ᠋ ᠦᠶ᠎ᠡ ᠳ᠋ᠡᠬᠢ ᠶᠡᠬᠡ ᠪᠢᠴᠢᠭᠡᠴᠢ ᠪᠤᠯᠠᠭ᠎ᠠ ᠶ᠋ᠢᠨ ᠣᠮᠪᠣᠯᠣ᠃
ᠪᠠᠶᠠᠨ ᠬᠤᠲᠤᠭ ( 伯颜忽都 ) ᠬᠣᠩᠭᠢᠷᠠᠳ ᠤ᠋ᠨ ᠪᠤᠯᠤᠳᠡᠮᠤᠷ ᠤ᠋ᠨ ᠥᠬᠢᠨ᠃ ᠲᠣᠬᠣᠭᠳᠠᠮᠤᠢ ᠬᠠᠭᠠᠨ ᠤ᠋ ᠬᠠᠲᠤᠨ ᠃
ᠥᠯᠵᠡᠢ ᠬᠤᠲᠤᠭ (完者忽都) ᠴᠢ ᠣᠪᠣᠭᠲᠤ ᠰᠣᠯᠣᠩᠭᠣᠰ ᠬᠠᠲᠤᠨ᠃ ᠠᠩᠬ᠎ᠠ ᠡᠬᠢᠨ ᠳ᠋ᠦ᠍ ᠪᠡᠨ ᠬᠠᠭᠠᠨ ᠤ᠋ ᠣᠷᠳᠣᠨ ᠤ᠋ ᠳᠣᠲᠣᠷᠠᠬᠢ ᠵᠠᠷᠤᠴᠠ ᠥᠬᠢᠨ ᠪᠠᠢᠵᠤ ᠂ ᠲᠤᠬᠤᠨᠳᠡᠮᠤᠷ ᠬᠠᠭᠠᠨ ᠤ᠋ ᠬᠠᠢᠷ᠎ᠠ ᠶ᠋ᠢ ᠣᠯᠵᠤ ᠬᠤᠸᠠᠩᠬᠡᠦ ᠡᠷᠭᠦᠮᠵᠢᠯᠡᠭᠳᠡᠪᠡ᠃
ᠯᠤᠳᠢ ᠱᠠᠭ (老的沙) ᠬᠠᠷᠠᠯᠤᠳ ᠣᠪᠣᠭ ᠤ᠋ᠨ ᠬᠥᠮᠦᠨ ᠃ ᠮᠠᠢᠯᠠᠢᠳᠢ ᠬᠠᠲᠤᠨ ᠤ᠋ ᠳᠡᠭᠦᠦ ᠂ ᠲᠣᠬᠣᠭᠳᠠᠮᠤᠢ ᠬᠠᠭᠠᠨ ᠤ᠋ ᠨᠠᠭᠠᠴᠤ ᠃
ᠫᠢᠶᠣᠣ ᠪᠤᠬ᠎ᠠ (朴不花) ᠰᠣᠯᠣᠩᠭᠣᠰ ᠬᠥᠮᠦᠨ᠃ ᠴᠢ ᠣᠪᠣᠭᠲᠤ ᠬᠠᠲᠤᠨ ᠯᠤᠭ᠎ᠠ ᠨᠢᠭᠡ ᠨᠤᠲᠤᠭ ᠲᠠᠢ᠃ ᠲᠠᠢᠭᠠᠨ ᠲᠦᠰᠢᠮᠡᠯ ᠢ᠋ᠶ᠋ᠡᠷ ᠬᠠᠭᠠᠨ ᠣᠷᠳᠣᠨ ᠳ᠋ᠤ᠌ ᠢᠷᠡᠵᠦ ᠴᠢ ᠣᠪᠣᠭᠲᠤ ᠬᠠᠲᠤᠨ ᠢ᠋ ᠠᠰᠠᠷᠠᠪᠠ ᠃
ᠲᠦᠭᠡᠯ ᠲᠡᠮᠦᠷ ( 秃坚帖木尔 ) ᠪᠤᠯᠤᠳᠡᠮᠣᠷ ᠤ᠋ᠨ ᠲᠤᠰᠠᠯᠠᠭᠴᠢ ᠵᠠᠩᠵᠤᠨ᠃
ᠶᠢᠰᠤᠨᠪᠤᠬ᠎ᠠ (也速 ) ᠦᠭᠡᠴᠡᠷ ᠦ᠋ᠨ ᠬᠥᠪᠡᠭᠦᠨ᠃ ᠲᠤᠬᠤᠨᠳᠡᠮᠤᠷ ᠤ᠋ᠨ ᠲᠥᠷᠥ ᠳ᠋ᠦ᠍ ᠪᠠᠷᠠᠭᠤᠨ ᠭᠠᠷᠤᠨ ᠴᠢᠩᠰᠠᠩ ᠪᠣᠯᠵᠤ ᠥᠩᠭᠡᠷᠡᠪᠡ ᠃
ᠶᠣᠣ ᠪᠠᠶᠠᠨᠪᠤᠬ᠎ᠠ (姚伯颜不花) ᠪᠤᠯᠤᠳᠡᠮᠣᠷ ᠤ᠋ᠨ ᠭᠠᠷ ᠳᠣᠣᠷᠠᠬᠢ ᠭᠠᠪᠰᠢᠭᠠᠢ ᠵᠠᠩᠵᠤᠨ ᠃
ᠭᠤᠸᠠᠨ ᠰᠢᠶᠠᠨᠱᠧᠩ (关先生) ᠨᠡᠷ᠎ᠡ ᠨᠢ ᠳ᠋ᠦᠸᠧ (铎) ᠂ ᠤᠯᠠᠭᠠᠨ ᠠᠯᠴᠢᠭᠤᠷᠲᠠᠨ ᠴᠡᠷᠢᠭ ᠦ᠋ᠨ ᠲᠦᠷᠦᠭᠦᠦ ᡁᠢ ᠵᠧᠩ ᠦ᠋ᠨ ᠠᠷᠪᠠᠨ ᠳᠣᠯᠣᠳᠤᠭᠠᠷ ᠣᠨ ᠤ᠋ ᠵᠤᠨ ᠂ ᠫᠦᠸᠧ ᠲᠧᠦ ᠫᠠᠨ ᠨᠠᠷ ᠤ᠋ᠨ ᠬᠠᠮᠲᠤ ᠤᠮᠠᠷᠠᠰᠢ ᠳᠠᠢᠯᠠᠵᠤ ᠂ ᠳᠠᠷᠠᠭ᠎ᠠ ᠵᠢᠯ ᠦ᠋ᠨ ᠠᠷᠪᠠᠨ ᠬᠣᠶᠠᠷ ᠰᠠᠷ᠎ᠠ ᠳ᠋ᠤ᠌ ᠱᠠᠩᠳᠤ ᠳ᠋ᠤ᠌ ᠳᠠᠭᠠᠷᠢᠨ ᠣᠷᠣᠭᠠᠳ ᠤᠷᠲᠤ ᠬᠠᠷᠰᠢ ᠶ᠋ᠢ ᠭᠠᠯᠳᠠᠪᠠ᠃
ᠫᠦᠸᠧ ᠲᠧᠦ ᠫᠠᠨ (破头潘) ᠨᠡᠷ᠎ᠡ ᠨᠢ ᠫᠠᠨ ᠴᠧᠩ ᠂ ᠤᠯᠠᠭᠠᠨ ᠠᠯᠴᠢᠭᠤᠷᠲᠠᠨ ᠴᠡᠷᠢᠭ ᠦ᠋ᠨ ᠲᠦᠷᠦᠭᠦᠦ ᡁᠢ ᠵᠧᠩ ᠦ᠋ᠨ ᠠᠷᠪᠠᠨ ᠳᠣᠯᠣᠳᠤᠭᠠᠷ ᠣᠨ ᠤ᠋ ᠵᠤᠨ ᠭᠤᠸᠠᠨ ᠰᠢᠶᠠᠨᠱᠧᠩ ᠨᠠᠷ ᠤ᠋ᠨ ᠬᠠᠮᠲᠤ ᠤᠮᠠᠷᠠᠰᠢ ᠳᠠᠢᠯᠠᠵᠤ ᠂ ᠳᠠᠷᠠᠭ᠎ᠠ ᠵᠢᠯ ᠦ᠋ᠨ ᠠᠷᠪᠠᠨ ᠬᠣᠶᠠᠷ ᠰᠠᠷ᠎ᠠ ᠳ᠋ᠤ᠌ ᠱᠠᠩᠳᠤ ᠳ᠋ᠤ᠌ ᠳᠠᠭᠠᠷᠢᠨ ᠣᠷᠣᠭᠠᠳ ᠤᠷᠲᠤ ᠬᠠᠷᠰᠢ ᠶ᠋ᠢ ᠭᠠᠯᠳᠠᠪᠠ ᠃
ᠠᠷᠭᠤᠨᠳᠡᠮᠤᠷ (阿鲁辉帖木尔) ᠶᠤᠸᠠᠨ ᠤᠯᠤᠰ ᠤ᠋ᠨ ᠯᠢᠶᠠᠩ ᠸᠠᠩ ᠬᠡᠷᠬᠡᠮ ᠲᠡᠢ ᠥᠭᠡᠳᠡᠢ ᠬᠠᠭᠠᠨ ᠤ᠋ ᠳᠣᠯᠣᠳᠤᠭᠠᠷ ᠬᠥᠪᠡᠭᠦᠨ ᠮᠢᠩᠯᠢᠭ ᠦ᠋ᠨ ᠬᠣᠢᠴᠢᠰ᠃
ᠵᠣ ᠶᠤᠸᠠᠨ ᠵᠠᠩ (朱元璋) ᠶᠤᠸᠠᠨ ᠤᠯᠤᠰ ᠤ᠋ᠨ ᠰᠡᠭᠦᠯᠴᠢ ᠦᠶ᠎ᠡ ᠶ᠋ᠢᠨ ᠲᠠᠷᠢᠶᠠᠴᠢᠨ ᠤ᠋ ᠪᠣᠰᠤᠯᠭ᠎ᠠ ᠶ᠋ᠢᠨ ᠲᠦᠷᠦᠭᠦᠦ᠃ ᠬᠤᠤᠵᠤᠤ ᠶ᠋ᠢᠨ ᠵᠦᠩ ᠯᠢ ᠶ᠋ᠢᠨ ᠬᠥᠮᠦᠨ᠃ ᠮᠢᠩ ᠤᠯᠤᠰ ᠢ᠋ ᠲᠤᠯᠭᠤᠷ ᠪᠠᠢᠭᠤᠯᠪᠠ᠃
ᠲᠡᠮᠤᠷᠪᠤᠬ᠎ᠠ (铁木尔不花) ᠬᠤᠸᠠᠢ ᠸᠠᠩ ᠬᠡᠷᠬᠡᠮ ᠲᠡᠢ ᠬᠤᠪᠢᠯᠠᠢ ᠰᠡᠴᠡᠨ ᠬᠠᠭᠠᠨ ᠤ᠋ ᠣᠮᠪᠣᠯᠣ ᠃ ᠲᠣᠬᠣᠭᠳᠠᠮᠤᠢ ᠬᠠᠭᠠᠨ ᠳᠠᠢᠳᠤ ᠠ᠋ᠴᠠ ᠤᠬᠤᠷᠢᠨ ᠭᠠᠷᠬᠤ ᠳ᠋ᠤ᠌ ᠪᠠᠨ ᠲᠡᠭᠦᠨ ᠢ᠋ᠶ᠋ᠡᠷ ᠲᠥᠷᠥ ᠶ᠋ᠢ ᠣᠷᠣᠯᠠᠨ ᠵᠠᠬᠢᠷᠤᠭᠤᠯᠪᠠ ᠃
ᠴᠢᠩ ᠲᠦᠩ (庆童) ᠬᠠᠩᠯᠢᠨ ᠬᠥᠮᠦᠨ ᠂ ᠮᠢᠩᠯᠢᠭᠳᠡᠮᠤᠷ ᠤ᠋ᠨ ᠣᠮᠪᠣᠯᠣ᠃ ᠵᠡᠭᠦᠨ ᠭᠠᠷᠤᠨ ᠴᠢᠩᠰᠠᠩ᠃
ᠪᠠᠽᠠᠷᠧᠠᠷᠮᠢ (把匝喇瓦尔察) ᠯᠢᠶᠠᠩ ᠸᠠᠩ ᠬᠡᠷᠬᠡᠮ ᠲᠡᠢ ᠃ ᠬᠤᠪᠢᠯᠠᠢ ᠰᠡᠴᠡᠨ ᠬᠠᠭᠠᠨ ᠤ᠋ ᠲᠠᠪᠤᠳᠤᠭᠠᠷ ᠬᠥᠪᠡᠭᠦᠨ ᠶᠦᠨᠨᠠᠨ ᠸᠠᠩ ᠬᠥᠭᠡᠴᠦ ᠶ᠋ᠢᠨ ᠬᠣᠢᠴᠢᠰ᠃
ᠨᠠᠬᠠᠴᠤ (纳哈出 ) ᠮᠤᠬᠤᠯᠠᠢ ᠶ᠋ᠢᠨ ᠬᠣᠢᠴᠢᠰ ᠂ ᠯᠢᠶᠣᠤᠶᠠᠩ ᠬᠤᠪᠢᠶᠠᠷᠢ ᠮᠣᠵᠢ ᠶ᠋ᠢᠨ ᠴᠢᠩᠰᠠᠩ ᠃
ᠬᠥᠬᠡᠲᠡᠮᠦᠷ (扩廓帖木尔 ) ᠲᠤᠬᠤᠨᠳᠡᠮᠤᠷ ᠬᠠᠭᠠᠨ ᠤ᠋ ᠦᠶ᠎ᠡ ᠶ᠋ᠢᠨ ᠨᠡᠷᠡᠲᠦ ᠴᠡᠷᠢᠭ ᠦ᠋ᠨ ᠵᠠᠩᠵᠤᠨ ᠴᠠᠭᠠᠨᠳᠡᠮᠤᠷ ᠤ᠋ᠨ ᠡᠷᠭᠦᠮᠡᠯ ᠬᠥᠪᠡᠭᠦᠨ ᠃ ᠬᠢᠲᠠᠳ ᠨᠡᠷ᠎ᠡ ᠨᠢ ᠸᠠᠩ ᠪᠤᠤ ᠪᠤᠤ (王保保 ) ᠭᠡᠳᠡᠭ᠃
ᠲᠠᠷᠮᠠᠰᠢᠷᠢ (达礼麻识里 ) ᠬᠡᠷᠡᠢᠳ ᠣᠪᠣᠭ ᠤ᠋ᠨ ᠬᠥᠮᠦᠨ ᠃ ᠱᠠᠩᠳᠤ ᠬᠤᠪᠢᠶᠠᠷᠢ ᠮᠣᠵᠢ ᠶ᠋ᠢᠨ ᠪᠠᠷᠠᠭᠤᠨ ᠬᠠᠷᠤᠨ ᠳᠡᠮᠨᠡᠭᠴᠢ ᠲᠦᠰᠢᠮᠡᠯ᠃
ᠳᠠᠰᠢᠳᠡᠮᠤᠷ (达识帖睦尔 ) ᠬᠠᠩᠯᠢᠨ ᠤ᠋ ᠲᠣᠭᠲᠣᠭ᠎ᠠ ᠶ᠋ᠢᠨ ᠬᠥᠪᠡᠭᠦᠨ᠃ ᠱᠠᠩᠳᠤ ᠬᠤᠪᠢᠶᠠᠷᠢ ᠮᠣᠵᠢ ᠶ᠋ᠢᠨ ᠫᠢᠩ ᠵᠠᠩ ᠵᠧᠩᠱᠢ ᠲᠦᠰᠢᠮᠡᠯ᠃
ᠯᠢ ᠰᠧ ᠴᠢ (李思齐 ) ᠶᠤᠸᠠᠨ ᠤᠯᠤᠰ ᠤ᠋ᠨ ᠦᠶ᠎ᠡ ᠶ᠋ᠢᠨ ᠯᠦᠸᠧ ᠱᠠᠨ ᠤ᠋ ᠬᠥᠮᠦᠨ ᠴᠠᠭᠠᠨᠲᠠᠢ ᠯᠤᠭ᠎ᠠ ᠬᠠᠮᠲᠤ ᠵᠢᠷᠤᠮ ᠤ᠋ᠨ ᠴᠡᠷᠢᠭ ᠪᠠᠢᠭᠤᠯᠤᠨ ᠤᠯᠠᠭᠠᠨ ᠠᠯᠴᠢᠭᠤᠷᠲᠠᠨ ᠪᠣᠰᠤᠯᠭ᠎ᠠ ᠶ᠋ᠢᠨ ᠴᠡᠷᠢᠭ ᠢ᠋ ᠳᠠᠷᠤᠩᠭᠤᠢᠯᠠᠪᠠ ᠃ ᠰᠡᠭᠦᠯᠡᠷ ᠨᠢ ᠮᠢᠩ ᠤᠯᠤᠰ ᠲᠤ᠌ ᠪᠠᠭᠤᠵᠤ ᠥᠭᠪᠡ᠃
ᠤᠯᠠᠭ᠎ᠠ ᠲᠡᠳᠬᠦᠬᠦ ᠬᠠᠤᠯᠢ ( 助役法) ᠶᠤᠸᠠᠨ ᠤᠯᠤᠰ ᠤ᠋ᠨ ᠦᠶ᠎ᠡ ᠶ᠋ᠢᠨ ᠡᠯᠳᠡᠪ ᠵᠦᠢᠯ ᠦ᠋ᠨ ᠠᠯᠪᠠ ᠲᠠᠲᠠᠪᠤᠷᠢ ᠶ᠋ᠢᠨ ᠬᠠᠤᠯᠢ ᠶ᠋ᠢᠨ ᠨᠢᠭᠡ ᠵᠦᠢᠯ ᠪᠣᠯᠤᠨ᠎ᠠ ᠃
ᠦᠶ᠎ᠡ ᠵᠠᠰᠠᠬᠤ ᠬᠠᠤᠯᠢ ᠶ᠋ᠢᠨ ᠪᠢᠴᠢᠭ ( 经世大典 ) ᠶᠤᠸᠠᠨ ᠤᠯᠤᠰ ᠤ᠋ᠨ ᠦᠶ᠎ᠡ ᠳ᠋ᠦ᠍ ᠠᠯᠪᠠᠨ ᠠ᠋ᠴᠠ ᠨᠠᠢᠷᠠᠭᠤᠯᠤᠭᠰᠠᠨ ᠵᠠᠰᠠᠭ ᠵᠠᠷᠯᠢᠭ ᠤ᠋ᠨ ᠪᠢᠴᠢᠭ ᠃
ᠰᠢᠩ ᠱᠧᠩ ᠬᠦᠩ (兴圣宫 ) ᠠᠶᠤᠷᠪᠠᠷᠸᠠᠳᠠ ᠶᠡᠬᠡ ᠣᠷᠣ ᠳ᠋ᠤ᠌ ᠰᠠᠭᠤᠭᠰᠠᠨ ᠤ᠋ ᠬᠣᠢᠨ᠎ᠠ ᠡᠬᠡ ᠳ᠋ᠠᠵᠢ ᠳ᠋ᠤ᠌ ᠲᠤᠰᠬᠠᠢᠯᠠᠨ ᠪᠠᠢᠭᠤᠯᠵᠤ ᠦᠭᠭᠦᠭᠰᠡᠨ ᠣᠷᠳᠣᠨ᠃
ᠺᠦᠢ ᠶᠠᠩ ᠭᠧ ᠲᠠᠭᠲᠤ ( 奎章阁) ᠲᠤᠬᠤᠨᠳᠡᠮᠤᠷ ᠵᠠᠶᠠᠭᠠᠲᠤ ᠬᠠᠭᠠᠨ ᠤ᠋ ᠲᠢᠶᠠᠨ ᠯᠢ ᠶ᠋ᠢᠨ ᠬᠣᠶᠠᠳᠤᠭᠠᠷ ᠣᠨ ᠳ᠋ᠤ᠌ ᠪᠠᠢᠭᠤᠯᠪᠠ᠃ ᠲᠠᠭᠲᠤ ᠶ᠋ᠢᠨ ᠳᠣᠲᠣᠷ᠎ᠠ ᠡᠷᠲᠡᠨ ᠦ᠌ ᠳᠤᠷᠠᠰᠬᠠᠯᠳᠤ ᠵᠦᠢᠯ ᠨᠣᠮ ᠪᠢᠴᠢᠭ ᠦ᠋ᠳ ᠢ᠋ ᠬᠠᠳᠠᠭᠠᠯᠠᠵᠤ ᠪᠠᠢᠪᠠ ᠃
ᠰᠢᠦᠸᠠᠨ ᠸᠧᠨ ᠭᠧ ᠲᠠᠭᠲᠤ(宣文阁) ᠲᠤᠬᠤᠨᠳᠡᠮᠤᠷ ᠤᠬᠠᠭᠠᠨᠲᠤ ᠬᠠᠭᠠᠨ ᠤ᠋ ᡁᠢ ᠶᠤᠸᠠᠨ ᠤ᠋ ᠵᠢᠷᠭᠤᠳᠤᠭᠠᠷ ᠣᠨ ᠳ᠋ᠤ᠌ ᠺᠦᠢ ᠵᠠᠩ ᠭᠧ ᠲᠠᠭᠲᠤ ᠶ᠋ᠢᠨ ᠰᠠᠭᠤᠷᠢ ᠳᠡᠭᠡᠷ᠎ᠡ ᠥᠷᠭᠡᠳᠬᠡᠨ ᠪᠠᠢᠭᠤᠯᠪᠠ ᠃ ᠠᠷᠭ᠎ᠠ ᠪᠢᠯᠢᠭ ᠢ᠋ ᠬᠣᠣᠰᠯᠠᠭᠤᠯᠤᠨ ᠪᠢᠰᠢᠯᠭᠠᠬᠤ (双修法 ) ᠪᠠᠰᠠ ᠭᠶ᠋ᠢ ᠸᠴᠢᠷᠲᠤ ᠪᠢᠰᠢᠯᠭᠠᠯ ᠬᠡᠮᠡᠮᠦᠢ᠃ ᠨᠢᠭᠤᠴᠠ ᠲᠠᠷᠨᠢ ᠶ᠋ᠢᠨ ᠬᠥᠯᠭᠡᠨ ᠦ᠌ ᠶᠤᠺᠠ ᠪᠢᠰᠢᠯᠭᠠᠯ ᠤ᠋ᠨ ᠨᠢᠭᠡ ᠵᠦᠢᠯ᠃
ᠰᠢᠮᠨᠠᠴᠠ ᠶ᠋ᠢᠨ ᠪᠥᠵᠢᠭ (天魔舞)《 ᠰᠢᠮᠨᠠᠴᠠ》 ᠭᠡᠳᠡᠭ ᠨᠢ ᠲᠥᠷᠥᠭ ᠬᠡᠯᠡᠨ ᠳ᠋ᠦ᠍ 《 ᠲᠤᠷᠰᠢᠬᠤ 》᠂ 《 ᠲᠡᠩᠰᠡᠬᠦ》 ᠭᠡᠰᠡᠨ ᠤᠳᠬ᠎ᠠ ᠲᠠᠢ ᠭᠡᠨ᠎ᠡ᠃ ᠶᠤᠺᠠ ᠪᠢᠰᠢᠯᠭᠠᠯ ᠤ᠋ᠨ ᠳᠡᠭᠡᠳᠦ ᠱᠠᠲᠤᠨ ᠳ᠋ᠤ᠌ ᠣᠷᠣᠭᠰᠠᠨ ᠤ᠋ ᠳᠠᠷᠠᠭᠠᠬᠢ ᠳᠠᠩᠰᠠᠨ ᠰᠢᠯᠭᠠᠬᠤ ᠪᠣᠳᠠᠲᠠᠢ ᠬᠢᠳᠡᠯ᠃ ᠡᠨᠡ ᠨᠢ ᠪᠤᠷᠬᠠᠨ ᠪᠠᠭᠰᠢ ᠪᠣᠳᠢ ᠮᠥᠷ ᠢ᠋ ᠣᠯᠤᠭᠰᠠᠨ ᠤ᠋ ᠬᠣᠢᠨ᠎ᠠ ᠠᠷᠪᠠᠨ ᠵᠢᠷᠭᠤᠭᠠᠨ ᠲᠡᠷᠰ ᠦ᠋ᠳ ᠢ᠋ ᠨᠣᠮᠣᠬᠠᠳᠬᠠᠭᠰᠠᠨ ᠳᠣᠮᠣᠭ ᠦᠯᠢᠭᠡᠷ ᠯᠦ᠍ᠭᠡ ᠬᠣᠯᠪᠣᠭ᠎ᠠ ᠲᠠᠢ ᠪᠥᠯᠥᠭᠡ ᠃
ᠰᠢᠯᠢ ᠬᠥᠨᠳᠡᠢ ᠶ᠋ᠢᠨ ᠪᠠᠢᠯᠳᠤᠭᠠᠨ (沈儿峪口之战) ᠱᠠᠨᠰᠢ ᠶ᠋ᠢᠨ ᠠᠨ ᠳ᠋ᠢᠩ ( ᠡᠦᠲᠦ ᠶ᠋ᠢᠨ ᠭᠠᠨᠰᠦ ᠶ᠋ᠢᠨ ᠳ᠋ᠢᠩ ᠰᠢ ᠰᠢᠶᠠᠨ ) ᠳ᠋ᠤ᠌ ᠪᠣᠯᠤᠭᠰᠠᠨ ᠶᠤᠸᠠᠨ ᠮᠢᠩ ᠦ᠋ᠨ ᠶᠡᠬᠡ ᠳᠠᠢᠯᠠᠯᠳᠤᠭᠠᠨ᠃
ᠲᠤᠬᠤᠨᠳᠡᠮᠤᠷ ᠤᠬᠠᠭᠠᠨᠲᠤ ᠬᠠᠭᠠᠨ
ᠵᠣᠬᠢᠶᠠᠭᠴᠢ ᠄ ᠬᠦᠴᠢᠬᠡᠨ
ᠬᠠᠷᠢᠭᠤᠴᠠᠭᠰᠠᠨ ᠨᠠᠢᠷᠠᠭᠤᠯᠤᠭᠴᠢ ᠄ ᠡᠷᠳᠡᠨᠢᠴᠡᠴᠡᠭ
ᠬᠠᠪᠢᠰᠤ ᠤᠷᠠᠯᠠᠭᠴᠢ᠄ ᠰᠢᠦᠢ ᠵᠢᠩ ᠳ᠋ᠦᠩ
ᠬᠡᠪᠯᠡᠭᠦᠯᠦᠭᠰᠡᠨ ᠨᠢ ᠄ ᠥᠪᠥᠷ ᠮᠣᠩᠭᠣᠯ ᠤ᠋ᠨ ᠬᠡᠪᠯᠡᠯ ᠦ᠋ᠨ ᠪᠦᠯᠦᠭᠯᠡᠯ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ
ᠲᠠᠷᠬᠠᠭᠠᠭᠰᠠᠨ ᠨᠢ ᠄ ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ
ᠬᠡᠪᠯᠡᠨ ᠳᠠᠷᠤᠮᠠᠯᠯᠠᠭᠰᠠᠨ ᠨᠢ ᠄ ᠥᠪᠥᠷ ᠮᠣᠩᠭᠣᠯ ᠤ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠳᠪᠦᠷᠢ
ᠴᠠᠭᠠᠰᠤᠨ ᠤ᠋ ᠬᠡᠮᠵᠢᠶ᠎ᠡ ᠄ 850 × 1168 1 /32
ᠬᠡᠪᠯᠡᠯ ᠦ᠋ᠨ ᠬᠠᠭᠤᠳᠠᠰᠤ᠄ 9.875
ᠦᠰᠦᠭ ᠦ᠋ᠨ ᠲᠣᠭ᠎ᠠ ᠄ 200 ᠮᠢᠩᠭ᠎ᠠ
ᠬᠡᠪ ᠬᠢᠭᠰᠡᠨ ᠤᠳᠠᠭ᠎ᠠ ᠄ 2011 ᠣᠨ ᠤ᠋ 12 ᠰᠠᠷ᠎ᠠ ᠳ᠋ᠤ᠌ ᠠᠩᠬᠠᠳᠤᠭᠠᠷ ᠬᠡᠪ ᠢ᠋ ᠬᠢᠪᠡ ᠃
ᠬᠡᠪᠯᠡᠭᠰᠡᠨ ᠤᠳᠠᠭ᠎ᠠ ᠄ 2012 ᠣᠨ ᠤ᠋ 3 ᠰᠠᠷ᠎ᠠ ᠳ᠋ᠤ᠌ ᠠᠩᠬ᠎ᠠ ᠤᠳᠠᠭ᠎ᠠ ᠬᠡᠪᠯᠡᠪᠡ ᠃
ᠬᠡᠪᠯᠡᠭᠰᠡᠨ ᠲᠣᠭ᠎ᠠ᠄ 1︱3000 ᠳᠡᠪᠲᠡᠷ
ᠨᠣᠮ ᠤ᠋ᠨ ᠳ᠋ᠤᠭᠠᠷ᠄ ISBN 978- 7-204-11467 - 2 / I . 1109
ᠦᠨ᠎ᠡ ᠄ 20 . 00 ᠲᠥᠭᠥᠷᠢᠭ
ᠮᠠᠲ᠋ᠧᠷᠢᠶᠠᠯ ᠬᠠᠩᠭᠠᠭᠴᠢ ᠵᠢᠴᠢ ᠬᠠᠢᠭ
ᠪᠣᠷᠵᠢᠭᠢᠨ ᠰᠠᠷᠠᠨ᠎ᠠ᠄ (AK娜) ᠂ ᠨᠠᠢ᠍ᠮᠠᠨ ᠬᠣᠱᠢᠭᠤᠨ ᠤ᠋ ᠳᠠᠴᠢᠨᠲᠠᠯ᠎ᠠ ᠪᠠᠯᠭᠠᠰᠤ
ᠦᠰᠦᠭ ᠠᠮᠢᠯᠠᠭᠤᠯᠤᠭᠴᠢ:
ᠪᠣᠷᠵᠢᠭᠢᠨ ᠰᠠᠷᠠᠨ᠎ᠠ᠄ (AK娜) ᠂ ᠨᠠᠢ᠍ᠮᠠᠨ ᠬᠣᠰᠢᠭᠤ
ᠴᠸᠨ ᠬᠤᠪᠢᠰᠬᠠᠯ᠄ ᠲᠦᠩᠯᠢᠶᠣᠤ ᠬᠣᠲᠠ ᠶ᠋ᠢᠨ ᠨᠠᠢ᠍ᠮᠠᠨ ᠬᠣᠱᠢᠭᠤᠨ ᠤ᠋ ᠪᠠᠶ᠋ᠢᠰᠢᠩᠲᠤ ᠳᠤᠮᠳᠠᠳᠤ ᠰᠤᠷᠭᠠᠭᠤᠯᠢ ᠶ᠋ᠢᠨ ᠬᠢᠮᠢ ᠶ᠋ᠢᠨ ᠲᠠᠰᠤᠭ ᠤ᠋ᠨ ᠪᠠᠭᠰᠢ
ᠮᠥᠩᠭᠦᠨᠴᠡᠴᠡᠭ ᠄ ᠲᠦᠩᠯᠢᠶᠣᠤ ᠬᠣᠲᠠ ᠶ᠋ᠢᠨ ᠨᠠᠢ᠍ᠮᠠᠨ ᠬᠣᠱᠢᠭᠤᠨ ᠤ᠋ ᠲᠦᠯᠡᠭᠡᠨᠲᠠᠯ᠎ᠠ ᠪᠠᠭ᠎ᠠ ᠰᠤᠷᠭᠠᠭᠤᠯᠢ ᠶ᠋ᠢᠨ ᠪᠠᠭᠰᠢ
ᠪᠦᠷᠢᠨᠵᠢᠷᠭᠠᠯ ᠄ ᠱᠢᠯᠢ ᠶ᠋ᠢᠨ ᠭᠣᠣᠯ ᠠᠢᠮᠠᠭ ᠤ᠋ᠨ ᠵᠡᠭᠦᠨ ᠦᠵᠦᠮᠦᠴᠢᠨ ᠬᠣᠱᠢᠭᠤ
ᠪᠣᠯᠤᠷᠴᠡᠴᠡᠭ᠌(ᠬᠠᠢ ᠶᠢᠩ )᠄ᠲᠦᠩᠯᠢᠶᠣᠤ ᠬᠣᠲᠠ ᠶ᠋ᠢᠨ ᠬᠦᠷᠢᠶ᠎ᠡ ᠬᠣᠱᠢᠭᠤᠨ ᠤ᠋ ᠮᠣᠩᠭᠣᠯ ᠪᠠᠭ᠎ᠠ ᠰᠤᠷᠭᠠᠭᠤᠯᠢ
ᠪᠣᠷᠵᠢᠭᠢᠨ ᠳᠣᠷᠣᠨ᠎ᠠ ( ᠪᠤᠤ ᠿᠦᠩ ᠬᠤᠸᠠ )᠄ ᠲᠦᠩᠯᠢᠶᠣᠤ ᠬᠣᠲᠠ ᠶ᠋ᠢᠨ ᠬᠣᠷᠴᠢᠨ ᠵᠡᠭᠦᠨ ᠭᠠᠷᠤᠨ ᠬᠣᠢᠲᠤ ᠬᠣᠱᠢᠭᠤᠨ ᠤ᠋ ᠨᠤᠭᠤᠰᠤᠲᠠᠢ ᠭᠣᠣᠯ ᠪᠠᠭ᠎ᠠ ᠰᠤᠷᠭᠠᠭᠤᠯᠢ
ᠪᠤᠤ ᠶ᠋ᠢᠨ ᠿᠦᠩ ᠄ᠨᠠᠢ᠍ᠮᠠᠨ ᠬᠣᠱᠢᠭᠤᠨ ᠤ᠋ ᠮᠢᠩ ᠿᠧᠨ ᠰᠤᠮᠤ
ᠳ᠋ᠦᠩ ᠢᠦᠢ ᠯᠢᠩ ( ᠰᠡᠷᠭᠡᠢ ) ᠄ ᠬᠢᠩᠭᠠᠨ ᠠᠢᠮᠠᠭ ᠤ᠋ᠨ ᠬᠣᠷᠴᠢᠨ ᠪᠠᠷᠠᠭᠤᠨ ᠭᠠᠷᠤᠨ ᠳᠤᠮᠳᠠᠳᠤ ᠬᠣᠱᠢᠭᠤᠨ ᠤ᠋ ᠳᠥᠷᠥᠯᠵᠢ ᠳᠤᠮᠳᠠᠳᠤ ᠰᠤᠷᠭᠠᠭᠤᠯᠢ
ᠥᠷᠯᠥᠭ ᠄ ᠤᠯᠠᠭᠠᠨᠬᠠᠳᠠ ᠬᠣᠲᠠ ᠶ᠋ᠢᠨ ᠪᠠᠭᠠᠷᠢᠨ ᠵᠡᠭᠦᠨ ᠬᠣᠱᠢᠭᠤᠨ ᠤ᠋ ᠯᠢᠨᠳᠦ᠋ᠩ ᠪᠠᠯᠭᠠᠰᠤ
ᠡᠷᠳᠡᠨᠢ ᠄ ᠱᠢᠨᠵᠢᠶᠠᠩ ᠤ᠋ᠨ ᠪᠣᠷᠣᠳᠠᠯ᠎ᠠ ᠮᠣᠩᠭᠣᠯ ᠥᠪᠡᠷᠲᠡᠭᠡᠨ ᠵᠠᠰᠠᠬᠤ ᠵᠧᠦ ᠶ᠋ᠢᠨ ᠪᠣᠷᠣᠳᠠᠯ᠎ᠠ ᠬᠣᠲᠠ
ᠣᠳᠭᠤᠩᠬᠤᠸᠠᠷ ᠄ ᠱᠢᠯᠢ ᠶ᠋ᠢᠨ ᠭᠣᠣᠯ ᠠᠢᠮᠠᠭ ᠤ᠋ᠨ ᠪᠠᠷᠠᠭᠤᠨ ᠦᠵᠦᠮᠦᠴᠢᠨ ᠬᠣᠱᠢᠭᠤᠨ ᠤ᠋ ᠭᠣᠷᠣᠬᠠᠨ ᠪᠠᠯᠭᠠᠰᠤᠨ ᠤ᠋ ᠪᠣᠷᠤᠬᠣᠱᠢᠭᠤ ᠭᠠᠴᠠᠭ᠎ᠠ
ᠲ · ᠪᠠᠶᠠᠷ (ᠮᠣᠩᠭᠣᠯ ᠨᠤᠲᠤᠭ )᠄ ᠲᠦᠩᠯᠢᠶᠣᠤ ᠬᠣᠲᠠ ᠶ᠋ᠢᠨ ᠨᠠᠢ᠍ᠮᠠᠨ ᠬᠣᠱᠢᠭᠤᠨ ᠤ᠋ ᠪᠠᠭᠠᠪᠡᠷᠬᠡ ᠰᠤᠮᠤ ᠶ᠋ᠢᠨ ᠱᠧᠵᠢᠨ ᠭᠠᠴᠠᠭ᠎ᠠ
ᠦᠰᠦᠭ ᠬᠢᠨᠠᠭᠴᠢ ᠵᠢᠴᠢ ᠬᠠᠢᠭ :
ᠲᠤᠭᠴᠢ ᠰᠠᠷᠠᠨ᠎ᠠ ᠄ ᠪᠡᠭᠡᠵᠢᠩ ᠬᠤᠲᠠ
ᠮᠥᠴᠢᠷ ᠄ ᠲᠦᠩᠯᠢᠶᠣᠤ ᠬᠣᠲᠠ ᠶ᠋ᠢᠨ ᠨᠠᠢ᠍ᠮᠠᠨ ᠬᠣᠱᠢᠭᠤᠨ ᠤ᠋ ᠲᠦᠯᠡᠭᠡᠨᠲᠠᠯ᠎ᠠ ᠪᠠᠭ᠎ᠠ ᠰᠤᠷᠭᠠᠭᠤᠯᠢ
ᠮᠥᠩᠭᠦᠨᠴᠡᠴᠡᠭ ᠄ ᠲᠦᠩᠯᠢᠶᠣᠤ ᠬᠣᠲᠠ ᠶ᠋ᠢᠨ ᠨᠠᠢ᠍ᠮᠠᠨ ᠬᠣᠱᠢᠭᠤᠨ ᠤ᠋ ᠲᠦᠯᠡᠭᠡᠨᠲᠠᠯ᠎ᠠ ᠪᠠᠭ᠎ᠠ ᠰᠤᠷᠭᠠᠭᠤᠯᠢ
ᠪᠣᠷᠵᠢᠭᠢᠨ ᠳᠣᠷᠣᠨ᠎ᠠ ( ᠪᠤᠤ ᠿᠦᠩ ᠬᠤᠸᠠ )᠄ ᠲᠦᠩᠯᠢᠶᠣᠤ ᠬᠣᠲᠠ ᠶ᠋ᠢᠨ ᠬᠣᠷᠴᠢᠨ ᠵᠡᠭᠦᠨ ᠭᠠᠷᠤᠨ ᠬᠣᠢᠲᠤ ᠬᠣᠱᠢᠭᠤᠨ ᠤ᠋ ᠨᠤᠭᠤᠰᠤᠲᠠᠢ ᠭᠣᠣᠯ ᠪᠠᠭ᠎ᠠ ᠰᠤᠷᠭᠠᠭᠤᠯᠢ
ᠮᠡᠷᠭᠡᠵᠢᠯ ᠦ᠋ᠨ ᠠᠵᠢᠯ ᠢ᠋ ᠵᠢᠯᠣᠭᠣᠳᠤᠭᠴᠢ ᠬᠥᠬᠡ ᠮᠣᠩᠭᠣᠯ ( ᠪᠠᠯᠵᠢ ) ᠄ ᠬᠢᠩᠭᠠᠨ ᠠᠢᠮᠠᠭ ᠤ᠋ᠨ ᠬᠣᠷᠴᠢᠨ ᠪᠠᠷᠠᠭᠤᠨ ᠭᠠᠷᠤᠨ ᠳᠤᠮᠳᠠᠳᠤ ᠬᠣᠱᠢᠭᠤ
