ᠰᠢᠨᠵᠢᠯᠡᠬᠦ ᠤᠬᠠᠭᠠᠨ ᠤ ᠣᠷᠭᠢᠯ ᠳᠤ ᠠᠪᠠᠷᠢᠭ᠍ᠰᠡᠨ ᠨᠢ( ᠬᠡᠯᠡ ᠪᠢᠴᠢᠭ – ᠶᠢᠰᠦᠳᠦᠭᠡᠷ ᠳᠡᠪᠲᠡᠷ) Шинжлэх ухааны оргилд авирсэн нь( Хэл бичиг – Есдүгээр дэвтэр) ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠨᠵᠢᠯᠡᠬᠦ ᠤᠬᠠᠭᠠᠨ ᠤ ᠣᠷᠭᠢᠯ ᠳᠤ ᠠᠪᠠᠷᠢᠭ᠍ᠰᠡᠨ ᠨᠢ( ᠬᠡᠯᠡ ᠪᠢᠴᠢᠭ – ᠶᠢᠰᠦᠳᠦᠭᠡᠷ ᠳᠡᠪᠲᠡᠷ) Шинжлэх ухааны оргилд авирсэн нь( Хэл бичиг – Есдүгээр дэвтэр)

ᠰᠢᠨᠵᠢᠯᠡᠬᠦ ᠤᠬᠠᠭᠠᠨ ᠤ ᠣᠷᠭᠢᠯ ᠳᠤ ᠠᠪᠠᠷᠢᠭ᠍ᠰᠡᠨ ᠨᠢ( ᠬᠡᠯᠡ ᠪᠢᠴᠢᠭ – ᠶᠢᠰᠦᠳᠦᠭᠡᠷ ᠳᠡᠪᠲᠡᠷ) Шинжлэх ухааны оргилд авирсэн нь( Хэл бичиг – Есдүгээр дэвтэр)

ᠠᠩᠭᠢᠯᠠᠯ:ᠬᠡᠯᠡ ᠪᠢᠴᠢᠭ
2023-04-20

396

ᠰᠢᠨᠵᠢᠯᠡᠬᠦ ᠤᠬᠠᠭᠠᠨ ᠤ ᠣᠷᠭᠢᠯ ᠳᠤ ᠠᠪᠠᠷᠢᠭ᠍ᠰᠡᠨ ᠨᠢ


      ᠬᠣᠶᠠᠷ ᠵᠠᠭᠤ ᠭᠠᠷᠤᠢ ᠵᠢᠯ ᠦ᠋ᠨ ᠡᠮᠦᠨ᠎ᠡ  ᠭᠧᠷᠮᠠᠨ ᠤ᠋ ᠲᠣᠭᠠᠨ ᠤ᠋ ᠤᠬᠠᠭᠠᠨᠲᠠᠨ ᠭᠣᠯᠳ᠋ᠪᠠᡁᠨ ᠭᠡᠳᠡᠭ ᠬᠥᠮᠦᠨ ᠲᠣᠭᠠᠨ ᠤ᠋ ᠤᠬᠠᠭᠠᠨ ᠤ᠋ ᠨᠢᠭᠡ ᠰᠡᠳᠦᠪ ᠭᠠᠷᠭᠠᠭᠰᠠᠨ ᠭᠡᠨ᠎ᠡ ᠃  ᠬᠣᠶᠠᠷ ᠵᠠᠭᠤ ᠢᠯᠡᠭᠦᠦ ᠵᠢᠯ ᠦ᠋ᠨ ᠲᠣᠷᠰᠢ ᠂  ᠣᠯᠠᠨ ᠤᠯᠤᠰ ᠤ᠋ᠨ ᠲᠣᠭᠠᠨ ᠤ᠋  ᠤᠬᠠᠭᠠᠨᠲᠠᠨ ᠨᠠᠷ ᠲᠡᠭᠦᠨ ᠊ᠢ ᠪᠠᠲᠤᠯᠠᠵᠤ ᠴᠢᠳᠠᠭ᠎ᠠ ᠦᠭᠡᠢ ᠪᠠᠶ᠋ᠢᠯ᠎ᠠ ᠃ ᠭᠡᠲᠡᠯ᠎ᠡ ᠮᠠᠨ ᠤ᠋ ᠤᠯᠤᠰ ᠤ᠋ᠨ ᠵᠠᠯᠠᠭᠤ ᠲᠣᠭᠠᠨ ᠪ ᠤᠬᠠᠭᠠᠨᠲᠠᠨ  ᠴᠸᠨ ᠵᠢᠩ  ᠿᠦᠨ ᠠᠪᠠᠭ᠎ᠠ ᠡᠨᠡ ᠰᠡᠳᠦᠪ  ᠊ᠢ ᠪᠠᠲᠤᠯᠠᠭᠠᠳ ᠂  ᠳᠡᠯᠡᠬᠡᠢ ᠳᠡᠭᠡᠷ᠎ᠡ ᠬᠠᠮᠤᠭ ᠰᠠᠢᠨ ᠦᠷ᠎ᠡ ᠪᠦᠲᠦᠭᠡᠯ  ᠊ᠢ ᠣᠯᠵᠤ ᠂  ᠲᠡᠭᠦᠨ ᠦ᠌ ᠪᠠᠲᠤᠯᠠᠭᠰᠠᠨ ᠡᠨᠡ ᠲᠣᠮᠢᠶ᠎ᠠ ᠨᠢ 《 ᠴᠸᠨ ᠣᠪᠣᠭᠲᠤ ᠶ᠋ᠢᠨ ᠪᠠᠲᠤᠶᠤᠰᠤ 》 ᠭᠡᠵᠦ ᠨᠡᠷᠡᠯᠡᠭᠳᠡᠵᠡᠢ᠃  
      ᠴᠸᠨ ᠠᠪᠠᠭ᠎ᠠ ᠪᠣᠯ 1953 ᠣᠨ  ᠳ᠋ᠤ᠌ ᠶᠡᠬᠡ ᠰᠤᠷᠭᠠᠭᠤᠯᠢ ᠲᠡᠭᠦᠰᠦᠭᠰᠡᠨ ᠪᠢᠯᠡ ᠂  ᠲᠡᠷᠡ ᠦᠶ᠎ᠡ  ᠳ᠋ᠤ᠌ ᠰᠠᠶᠢ ᠬᠣᠷᠢ ᠬᠦᠷᠴᠦ ᠪᠠᠶ᠋ᠢᠬᠰᠠᠨ ᠪᠣᠯᠪᠠᠴᠤ  ᠡᠷᠡᠯᠬᠡᠭ ᠰᠠᠨᠠᠭ᠎ᠠ ᠠᠤᠭ᠎ᠠ ᠵᠣᠷᠢᠭ  ᠊ᠢ ᠡᠪᠦᠷᠯᠡᠨ ᠂ ᠡᠬᠡ ᠣᠷᠣᠨ  ᠪ ᠢ᠋ᠶ᠋ᠡᠨ ᠲᠣᠭᠠᠨ  ᠪ ᠤᠬᠠᠭᠠᠨ  ᠪ ᠰᠤᠳᠤᠯᠤᠯ  ᠳ᠋ᠤ᠌ ᠥᠪᠡᠷ  ᠦ᠋ᠨ ᠤᠷᠢ ᠵᠠᠯᠠᠭᠤ ᠨᠠᠰᠤ ᠪᠠᠨ ᠵᠣᠷᠢᠭᠤᠯᠬᠤ ᠪᠠᠷ ᠵᠣᠷᠢᠭ ᠰᠢᠭᠤᠳᠴᠤ ᠂  ᠬᠠᠮᠤᠭ ᠥᠨᠳᠥᠷ ᠣᠷᠭᠢᠯ  ᠳ᠋ᠤ᠌ ᠠᠪᠠᠷᠢᠬᠤ ᠪᠠᠷ ᠬᠠᠲᠠᠭᠤᠵᠢᠯᠲᠠᠢ ᠲᠡᠮᠡᠴᠡᠵᠦ ᠡᠬᠢᠯᠡᠪᠡ ᠃ 
      ᠰᠢᠨᠵᠢᠯᠡᠬᠦ ᠤᠬᠠᠭᠠᠨ ᠊ᠢ ᠨᠠᠷᠢᠪᠴᠢᠯᠠᠨ ᠰᠤᠳᠤᠯᠬᠤ  ᠳ᠋ᠠᠭᠠᠨ ᠰᠢᠷᠭᠠᠭᠤ  ᠬᠠᠲᠠᠭᠤᠵᠢᠯᠲᠠᠢ ᠤᠷᠤᠯᠳᠤᠵᠤ ᠂  ᠰᠥᠨᠢ ᠳᠦᠯᠢ ᠪᠣᠯᠲᠠᠯ᠎ᠠ ᠰᠠᠭᠤᠳᠠᠭ ᠪᠣᠯᠪᠠᠴᠤ ᠡᠳᠦᠷ ᠪᠦᠷᠢ ᠶ᠋ᠢᠨ ᠥᠷᠯᠥᠭᠡ ᠡᠷᠲᠡ ᠶ᠋ᠢᠨ ᠭᠤᠷᠪᠠᠨ ᠴᠠᠭ  ᠦ᠋ᠨ ᠦᠶ᠎ᠡ ᠪᠡᠷ ᠬᠥᠮᠦᠰ ᠶᠠᠭ ᠠᠮᠲᠠᠲᠠᠢ ᠰᠠᠢᠬᠠᠨ ᠤᠨᠲᠠᠵᠤ  ᠪᠠᠶ᠋ᠢᠬᠤ  ᠳ᠋ᠤ᠌  ᠴᠸᠨ ᠠᠪᠠᠭ᠎ᠠ ᠬᠡᠲᠦᠶ᠋ᠢᠨ ᠠᠵᠢᠯᠯᠠᠭᠠᠳ ᠡᠬᠢᠯᠡᠴᠢᠬᠡᠳᠡᠭ ᠃  ᠴᠠᠭ ᠮᠥᠴᠡ ᠲᠡᠭᠦᠨ  ᠳ᠋ᠤ᠌ ᠶᠠᠭᠤᠨ  ᠠ᠋ᠴᠠ ᠴᠤ᠌ ᠡᠷᠬᠢᠮ  ᠶᠦ᠍ᠮ᠂  ᠵᠠᠷᠢᠮ  ᠳ᠋ᠠᠭᠠᠨ  ᠮᠥᠷᠯᠡᠨ ᠵᠣᠭᠰᠣᠵᠤ  ᠪᠤᠳᠠᠭ᠎ᠠ ᠠᠪᠬᠤ  ᠴᠠᠭ ᠢ᠋ᠶ᠋ᠠᠨ ᠠᠷᠪᠢᠯᠠᠬᠤ ᠶ᠋ᠢᠨ ᠲᠥᠯᠥᠭᠡ ᠮᠠᠨᠲᠠᠤ  ᠪᠠᠨ ᠠᠪᠤᠭᠠᠳ ᠠᠵᠢᠯᠯᠠᠬᠤ ᠪᠠᠷ ᠶᠠᠪᠤᠴᠢᠬᠠᠳᠠᠭ ᠃  ᠨᠡᠶ᠋ᠢᠲᠡ ᠶ᠋ᠢᠨ ᠮᠠᠰᠢᠨ ᠲᠡᠷᠭᠡᠨ  ᠳ᠋ᠤ᠌ ᠰᠠᠭᠤᠬᠤ  ᠳ᠋ᠠᠭᠠᠨ ᠴᠤ᠌ ᠪᠢᠴᠢᠭ ᠳᠡᠪᠲᠡᠷ ᠢ᠋ᠶ᠋ᠡᠨ ᠠᠪᠠᠴᠢᠵᠤ ᠂ ᠬᠡᠵᠢᠶ᠎ᠡ ᠴᠦ᠍ ᠭᠡᠰᠡᠨ ᠦᠵᠡᠵᠦ ᠰᠠᠭᠤᠳᠠᠭ ᠃  ᠪᠢᠴᠢᠭ ᠳᠡᠪᠲᠡᠷ ᠨᠢ ᠬᠡᠲᠦᠷᠬᠡᠢ ᠵᠤᠵᠠᠭᠠᠨ ᠪᠣᠯᠴᠢᠬᠠᠪᠠᠯ ᠬᠡᠳᠦᠨ ᠳᠠᠰᠢ ᠠᠩᠭᠢᠯᠠᠨ ᠰᠠᠯᠭᠠᠵᠤ᠂  ᠳᠡᠪᠡᠯ  ᠦ᠋ᠨ ᠬᠠᠷᠮᠠᠨ ᠳ᠋ᠠᠭᠠᠨ ᠲᠡᠭᠰᠢᠯᠡᠨ ᠬᠢᠳᠡᠭ ᠃ ᠵᠠᠷᠢᠮ  ᠳ᠋ᠠᠭᠠᠨ ᠡᠪᠡᠳᠴᠢᠯᠡᠭᠰᠡᠨ ᠴᠦ᠍ ᠬᠢᠲᠠᠳ ᠡᠮ  ᠊ᠢ ᠴᠢᠨᠠᠭᠠᠳ ᠴᠠᠭ ᠣᠷᠣᠨ᠎ᠠ ᠭᠡᠵᠦ ᠧᠦ᠋ᠷᠣᠫᠠ  ᠡᠮ  ᠶ᠋ᠢᠠᠷ ᠠᠷᠭᠠᠴᠠᠭᠠᠳᠠᠭ ᠃ ᠨᠢᠭᠡ ᠯᠡ ᠦᠭᠡ ᠪᠡᠷ ᠬᠡᠯᠡᠪᠡᠯ ᠂  ᠠᠯᠢᠪᠠ ᠢᠬᠢᠷ ᠰᠢᠬᠢᠷ ᠴᠠᠭ  ᠊ᠢ ᠲᠡᠷᠡ ᠪᠦᠷ ᠰᠤᠷᠤᠯᠴᠠᠬᠤ  ᠳ᠋ᠤ᠌ ᠬᠡᠷᠡᠭᠯᠡᠳᠡᠭ  ᠪᠠᠶ᠋ᠢᠨ᠎ᠠ ᠃  ᠲᠡᠷᠡ ᠪᠣᠯ ᠴᠠᠭ ᠮᠥᠴᠡ ᠶ᠋ᠢᠨ ᠵᠢᠩᠬᠢᠨᠢ ᠡᠵᠡᠨ ᠨᠢ ᠪᠣᠯᠤᠭᠰᠠᠨ  ᠶᠤᠮ᠃ 
      ᠠᠷᠪᠠᠨ ᠬᠡᠳᠦᠨ ᠵᠢᠯ  ᠦ᠋ᠨ ᠲᠤᠷᠰᠢ ᠲᠡᠷᠡ ᠠᠵᠢᠯ  ᠳ᠋ᠤ᠌ ᠭᠠᠷᠬᠤ ᠪᠠᠭᠤᠬᠤ ᠴᠠᠭ ᠭᠡᠵᠦ ᠢᠯᠭᠠᠭᠰᠠᠨ ᠦᠭᠡᠢ ᠂  ᠠᠮᠠᠷᠠᠯᠲᠠ ᠳᠤᠷᠠᠰᠬᠠᠯ  ᠦ᠋ᠨ ᠡᠳᠦᠷ ᠭᠡᠵᠦ ᠠᠮᠠᠷᠠᠭᠰᠠᠨ ᠦᠭᠡᠢ ᠪᠢᠯᠡ ᠃  ᠬᠡᠷᠪᠡ 《 ᠴᠸᠨ ᠠᠪᠠᠭ᠎ᠠ ᠲᠣᠭᠠᠨ  ᠪ ᠤᠬᠠᠭᠠᠨ  ᠪ ᠰᠡᠳᠦᠪ ᠪᠣᠳᠣᠭᠠᠳ ᠴᠣᠬᠣᠮ ᠬᠡᠳᠦᠢ ᠴᠠᠭᠠᠰᠤ ᠬᠡᠷᠡᠭᠯᠡᠭᠰᠡᠨ ᠶᠦ᠍ᠮ ᠪᠣᠯ ᠠ᠋ ? 》 ᠭᠡᠵᠦ ᠠᠰᠠᠭᠤᠬᠤ  ᠳ᠋ᠤ᠌ ᠬᠦᠷᠪᠡᠯ ᠬᠡᠨ ᠴᠦ᠍ ᠲᠣᠳᠣᠷᠬᠠᠢ ᠬᠠᠷᠢᠭᠤᠯᠵᠤ ᠴᠢᠳᠠᠬᠤ ᠦᠭᠡᠢ  ᠶᠦ᠍ᠮ ᠃ ᠵᠥᠪᠬᠡᠨ ᠲᠡᠭᠦᠨ  ᠪ  ᠪᠠᠶ᠋ᠢᠷᠢ ᠶ᠋ᠢᠨ  ᠭᠡᠷ ᠲᠦ᠋ᠨᠢ ᠣᠪᠣᠭᠠᠯᠠᠵᠤ ᠪᠠᠢᠭᠰᠠᠨ ᠴᠠᠭᠠᠰᠤ ᠨᠢ ᠬᠡᠳᠦ ᠬᠡᠳᠦᠨ ᠮᠠᠳᠠᠢ ᠪᠠᠶ᠋ᠢᠬᠰᠠᠨ ᠶᠤᠮ᠃ ᠡᠳᠡᠭᠡᠷ ᠡᠬᠡ ᠪᠢᠴᠢᠭ  ᠦ᠋ᠨ ᠴᠠᠭᠠᠰᠤ  ᠶ᠋ᠢ ᠣᠪᠣᠭᠠᠯᠠᠪᠠᠯ ᠲᠡᠭᠦᠨ  ᠪ ᠪᠡᠶ᠎ᠡ ᠡᠴᠡ ᠨᠢ ᠪᠠᠰᠠ ᠥᠨᠳᠥᠷ ᠪᠣᠯᠬᠤ  ᠪᠠᠶ᠋ᠢᠬᠰᠠᠨ ᠶᠤᠮ ᠃ 
      ᠲᠣᠭᠠᠨ  ᠪ ᠤᠬᠠᠭᠠᠨ  ᠊ᠢ ᠰᠤᠳᠤᠯᠬᠤ  ᠳ᠋ᠤ᠌ ᠡᠳᠦᠷ ᠲᠡᠭᠡᠨ ᠲᠣᠭ᠎ᠠ ᠂ ᠲᠣᠮᠢᠶ᠎ᠠ  ᠲᠠᠢ  ᠣᠷᠣᠯᠳᠣᠭᠠᠳ  ᠪᠠᠶ᠋ᠢᠬᠤ ᠨᠢ ᠠᠮᠲᠠ ᠰᠢᠮᠳᠠ ᠦᠭᠡᠢ ᠰᠢᠭ ᠪᠣᠳᠣᠭᠳᠠᠳᠠᠭ  ᠶᠤᠮ ᠃ ᠭᠡᠲᠡᠯ᠎ᠡ ᠵᠣᠪᠠᠯᠠᠩ  ᠦ᠋ᠨ ᠳᠣᠲᠣᠷ᠎ᠠ ᠵᠢᠷᠭᠠᠯ  ᠪᠠᠶ᠋ᠢᠨ᠎ᠠ ᠭᠡᠭᠴᠢ ᠪᠡᠷ ᠪᠡᠷᠬᠡ ᠪᠣᠭᠣᠮᠲᠠ  ᠶ᠋ᠢ ᠨᠢᠭᠡ ᠨᠢᠭᠡ ᠪᠡᠷ ᠳᠠᠭᠠᠷᠢᠨ ᠭᠠᠷᠬᠤ ᠦᠶ᠎ᠡ  ᠳ᠋ᠤ᠌ ᠲᠡᠷᠡ ᠬᠢᠵᠠᠭᠠᠷᠯᠠᠰᠢ ᠦᠭᠡᠢ ᠪᠠᠶᠠᠷ ᠪᠠᠬᠠᠳᠤᠯ  ᠊ᠢ ᠣᠯᠳᠠᠭ  ᠶᠤᠮ ᠃ 
      ᠨᠢᠭᠡ ᠤᠳᠠᠭ᠎ᠠ ᠲᠡᠷᠡ ᠪᠢᠴᠢᠭ ᠬᠠᠳᠠᠭᠠᠯᠠᠬᠤ ᠭᠠᠵᠠᠷ ᠣᠴᠢᠵᠤ  ᠮᠠᠲ᠋ᠧᠷᠢᠶᠠᠯ ᠦᠵᠡᠭᠰᠡᠭᠡᠷ ᠪᠠᠶ᠋ᠢᠵᠤ ᠠᠮᠲᠠᠨ ᠳ᠋ᠤᠨᠢ ᠣᠷᠣᠭᠠᠳ ᠂ ᠴᠠᠭ ᠮᠥᠴᠡ ᠬᠡᠳᠦᠢ ᠪᠣᠯᠤᠭᠰᠠᠨ  ᠊ᠢ ᠶᠡᠷᠦ ᠮᠡᠳᠡᠭᠰᠡᠨ ᠦᠭᠡᠢ ᠃ ᠠᠵᠢᠯ  ᠠ᠋ᠴᠠ ᠪᠠᠭᠤᠬᠤ ᠦᠶ᠎ᠡ  ᠳ᠋ᠤ᠌ ᠬᠠᠮᠢᠶᠠᠷᠤᠭᠴᠢ ᠨᠢ ᠬᠥᠮᠦᠨ  ᠪ ᠴᠢᠮᠡᠭᠡ ᠠᠨᠢᠷ ᠦᠭᠡᠢ  ᠪᠠᠶ᠋ᠢᠬᠰᠠᠨ ᠴᠤ᠌ ᠪᠠᠰᠠ 《 ᠬᠥᠮᠦᠨ ᠪᠠᠶ᠋ᠢᠨ᠎ᠠ  ‍ᠤᠤ  ? 》 ᠭᠡᠵᠦ ᠠᠰᠠᠭᠤᠭᠠᠳ ᠤᠳᠠᠲᠠᠯ᠎ᠠ ᠬᠠᠷᠢᠭᠤ ᠦᠭᠡᠢ ᠲᠤᠯᠠ ᠡᠭᠦᠳᠡ ᠪᠡᠨ ᠣᠨᠢᠰᠤᠯᠠᠭᠰᠠᠨ ᠴᠢᠨᠢ ᠬᠠᠷᠢᠨ ᠨᠢᠭᠡ ᠯᠡ ᠰᠡᠳᠬᠢᠯ  ᠶ᠋ᠢᠡᠷ ᠨᠣᠮ ᠦᠵᠡᠵᠦ  ᠪᠠᠶ᠋ᠢᠬᠰᠠᠨ ᠴᠸᠨ ᠠᠪᠠᠭ᠎ᠠ  ᠶ᠋ᠢ ᠣᠨᠢᠰᠤᠯᠠᠴᠢᠬᠠᠭᠰᠠᠨ  ᠪᠠᠶ᠋ᠢᠵᠠᠢ᠃ 
      ᠡᠶ᠋ᠢᠮᠦ ᠤᠴᠢᠷ ᠨᠢᠭᠡ ᠯᠡ ᠤᠳᠠᠭ᠎ᠠ ᠭᠠᠷᠤᠭᠰᠠᠨ  ᠪᠢᠰᠢ ᠂  ᠲᠡᠷᠡ ᠲᠣᠭᠠᠨ  ᠪ ᠤᠬᠠᠭᠠᠨ ᠶ᠋ᠢᠠᠨ ᠪᠣᠳᠣᠭᠠᠳ  ᠯᠠ ᠶᠠᠪᠤᠳᠠᠭ ᠲᠤᠯᠠ ᠦᠷᠭᠦᠯᠵᠢ ᠬᠣᠭᠣᠯᠠᠨ ᠭᠡᠷ ᠲᠦ᠍ ᠣᠴᠢᠨ᠎ᠠ ᠭᠡᠰᠡᠨ ᠶ᠋ᠢᠠᠨ  ᠪᠠᠶ᠋ᠢᠷᠢ ᠳ᠋ᠠᠭᠠᠨ  ᠬᠦᠷᠦᠭᠡᠳ ᠣᠴᠢᠴᠢᠬᠠᠳᠠᠭ ᠪᠢᠯᠡ ᠃ 
      ᠴᠸᠨ ᠠᠪᠠᠭ᠎ᠠ ᠴᠠᠭᠠᠨ ᠴᠣᠷᠣᠢ  ᠶ᠋ᠢᠨ ᠦᠷᠪᠢᠰᠦᠯ ᠡᠪᠡᠳᠴᠢᠨ ᠲᠡᠢ ᠲᠤᠯᠠ ᠡᠪᠡᠳᠦᠮᠡᠭᠴᠡ ᠬᠠᠮᠤᠭ ᠪᠡᠶ᠎ᠡ᠎ ᠡᠴᠡ ᠨᠢ ᠬᠦᠢᠲᠡᠨ ᠬᠥᠯᠥᠰᠥ ᠠᠰᠬᠠᠷᠠᠳᠠᠭ ᠃  ᠤᠳᠤᠷᠢᠳᠤᠯᠭ᠎ᠠ ᠨᠢ ᠲᠡᠭᠦᠨ  ᠊ᠢ ᠠᠮᠠᠷᠠ ᠭᠡᠵᠦ ᠢᠳᠬᠠᠬᠤ  ᠳ᠋ᠤ᠌ ᠲᠡᠷᠡ ᠄ 《 ᠪᠡᠷᠬᠡ ᠪᠣᠭᠣᠮᠲᠠ  ᠶ᠋ᠢ ᠳᠠᠭᠠᠷᠢᠬᠤ ᠨᠢ  ᠳᠠᠶ᠋ᠢᠨ ᠬᠢᠬᠦ ᠲᠡᠢ ᠠᠳᠠᠯᠢ  ᠪᠠᠷ ᠠᠮᠢ ᠪᠠᠨ ᠴᠦᠯᠡᠬᠦ ᠦᠭᠡᠢ ᠪᠣᠯ ᠪᠣᠯᠬᠤ ᠦᠭᠡᠢ 》 ᠭᠡᠵᠦ ᠦᠷᠭᠦᠯᠵᠢ ᠨᠢᠭᠡ ᠭᠠᠷ  ᠶ᠋ᠢᠠᠷ ᠢ᠋ᠶ᠋ᠠᠨ ᠬᠡᠪᠡᠯᠢ ᠪᠡᠨ ᠲᠡᠪᠡᠷᠢᠨ ᠂  ᠨᠢᠭᠡ ᠭᠠᠷ  ᠶ᠋ᠢᠠᠷ ᠢ᠋ᠶ᠋ᠠᠨ ᠰᠡᠳᠦᠪ ᠶ᠋ᠢᠠᠨ ᠪᠣᠳᠣᠳᠠᠭ ᠃ ᠡᠮᠨᠡᠯᠭᠡ  ᠳ᠋ᠤ᠌ ᠣᠷᠣᠵᠤ ᠡᠮᠨᠡᠭᠦᠯᠵᠦ  ᠪᠠᠶ᠋ᠢᠬᠤ ᠦᠶ᠎ᠡ  ᠳ᠋ᠡᠭᠡᠨ ᠴᠦ᠍ ᠭᠡᠰᠡᠨ ᠥᠷᠯᠥᠭᠡ ᠡᠷᠲᠡ  ᠶ᠋ᠢᠨ ᠭᠤᠷᠪᠠᠨ ᠴᠠᠭ ᠲᠤ᠌ ᠪᠣᠰᠴᠤ ᠰᠡᠳᠦᠪ  ᠶ᠋ᠢᠠᠨ ᠪᠣᠳᠣᠬᠤ ᠪᠤᠶᠤ  ᠭᠠᠳᠠᠭᠠᠳᠤ ᠬᠡᠯᠡᠨ  ᠦ᠌ ᠨᠡᠪᠲᠡᠷᠡᠭᠦᠯᠭᠡ  ᠶ᠋ᠢ ᠰᠣᠨᠣᠰᠳᠠᠭ ᠪᠥᠭᠡᠳ ᠲᠣᠭᠠᠨ ᠤ᠋ ᠤᠬᠠᠭᠠᠨ  ᠪ ᠲᠤᠬᠠᠢ ᠥᠭᠦᠯᠡᠯ  ᠦ᠋ᠳ  ᠊ᠢ  ᠪᠢᠴᠢᠳᠡᠭ ᠃  
    《 ᠳᠥᠷᠪᠡᠨ ᠬᠠᠮᠰᠠᠭᠠᠲᠠᠨ 》 ᠰᠡᠬᠡᠭᠡᠲᠡᠨ ᠊ᠢ ᠬᠢᠬᠠᠨ ᠬᠣᠣᠷᠯᠠᠬᠤ ᠦᠶ᠎ᠡ   ᠳ᠋ᠤ᠌ ᠴᠸᠨ ᠠᠪᠠᠭ᠎ᠠ ᠴᠤ᠌ 《  ᠴᠠᠶ᠋ᠢᠵᠤ ᠮᠡᠷᠭᠡᠵᠢᠬᠦ ᠵᠠᠮ  ᠶ᠋ᠢᠠᠷ ᠶᠠᠪᠤᠵᠤ  ᠪᠠᠶ᠋ᠢᠨ᠎ᠠ 》ᠭᠡᠵᠦ  ᠵᠢᠮᠡᠯᠡᠭᠳᠡᠵᠦ ᠯᠡ  ᠪᠠᠶ᠋ᠢᠯ᠎ᠠ ᠃  ᠭᠡᠪᠡᠴᠦ ᠲᠡᠷᠡ ᠡᠬᠡ ᠣᠷᠣᠨ  ᠪ ᠢ᠋ᠶ᠋ᠡᠨ ᠰᠢᠨᠵᠢᠯᠡᠬᠦ ᠤᠬᠠᠭᠠᠨ  ᠊ᠢ ᠬᠥᠭᠵᠢᠭᠦᠯᠬᠦ  ᠶ᠋ᠢᠨ ᠲᠥᠯᠥᠭᠡ ᠲᠡᠮᠡᠴᠡᠨ᠎ᠡ  ᠭᠡᠵᠦ ᠵᠣᠷᠢᠭ ᠰᠢᠭᠤᠳᠤᠭᠰᠠᠨ ᠤᠴᠢᠷ  ᠠ᠋ᠴᠠ ᠰᠠᠯᠬᠢ ᠳᠠᠪᠠᠯᠭᠠᠨ  ᠳ᠋ᠤ᠌ ᠴᠣᠬᠢᠭᠳᠠᠭᠰᠠᠨ ᠴᠤ᠌ ᠴᠤᠴᠠᠯᠲᠠ ᠦᠭᠡᠢ ᠤᠷᠤᠭᠰᠢᠯᠠᠨ ᠂  ᠨᠢᠭᠤᠨ ᠳᠠᠯᠳᠠᠯᠠᠵᠤ  ᠪᠠᠶ᠋ᠢᠭᠠᠳ ᠰᠤᠳᠤᠯᠭᠠᠨ  ᠶ᠋ᠢᠠᠨ ᠬᠢᠪᠡ ᠃ ᠲᠡᠷᠡ ᠡᠷᠳᠡᠮ ᠰᠢᠨᠵᠢᠯᠡᠭᠡᠨ ᠦ᠌ ᠥᠭᠦᠯᠡᠯ ᠳᠥᠴᠢᠨ ᠬᠡᠳᠦ ᠪᠢᠴᠢᠵᠦ ᠳᠡᠯᠡᠬᠡᠢ  ᠳ᠋ᠤ᠌ ᠲᠡᠷᠢᠭᠦᠯᠡᠭᠰᠡᠨ ᠠᠮᠵᠢᠯᠲᠠ  ᠶ᠋ᠢ ᠣᠯᠤᠭᠰᠠᠨ  ᠪᠣᠯᠪᠠᠴᠤ ᠰᠢᠨᠵᠢᠯᠡᠬᠦ ᠤᠬᠠᠭᠠᠨ  ᠪ ᠰᠢᠨ᠎ᠡ ᠣᠷᠭᠢᠯ ᠥᠭᠡᠳᠡ ᠦᠷᠭᠦᠯᠵᠢᠯᠡᠨ ᠤᠷᠤᠭᠰᠢᠯᠠᠭᠰᠠᠭᠠᠷ ᠪᠠᠶ᠋ᠢᠨ᠎ᠠ ᠃

 ᠢᠷᠡᠯᠲᠡ ᠄  
      ᠲᠠᠪᠤᠨ ᠵᠢᠯ ᠦᠨ ᠲᠦᠷᠢᠮᠳᠦ ᠪᠠᠭ᠎ᠠ ᠰᠤᠷᠭᠠᠭᠤᠯᠢ ᠳᠤ ᠦᠵᠡᠬᠦ 
          ᠬᠡᠯᠡ ᠪᠢᠴᠢᠭ    ᠶᠢᠰᠦᠳᠦᠭᠡᠷ ᠲᠡᠪᠳᠡᠷ  ※ 
              ᠦᠪᠦᠷ ᠮᠤᠩᠭᠤᠯ ᠤᠨ ᠰᠤᠷᠭᠠᠨ ᠬᠦᠮᠦᠵᠢᠯ ᠦᠨ ᠬᠡᠪᠯᠡᠯ ᠦᠨ ᠬᠤᠷᠢᠶ᠎ᠠ ᠨᠠᠢᠢᠷᠠᠭᠤᠯᠤᠨ ᠬᠡᠪᠯᠡᠭᠦᠯᠪᠡ
              ᠦᠪᠦᠷ ᠮᠤᠩᠭᠤᠯ ᠤᠨ ᠰᠢᠨᠬᠤᠸᠠ ᠨᠤᠮ ᠤᠨ ᠲᠡᠯᠭᠡᠭᠦᠷ ᠲᠠᠷᠬᠠᠭᠠᠪᠠ
              ᠦᠪᠦᠷ ᠮᠤᠩᠭᠤᠯ ᠤᠨ ᠮᠤᠩᠭᠤᠯ ᠪᠢᠴᠢᠭ ᠬᠡᠪᠯᠠᠬᠦ ᠦᠢᠯᠡᠳᠪᠦᠷᠢ ᠬᠡᠪᠯᠡᠪᠡ 
             1981 ᠤᠨ ᠤ 5 ᠰᠠᠷ᠎ᠠ ᠳᠤ ᠬᠤᠶᠠᠳᠤᠭᠠᠷ ᠬᠡᠪ ᠢ ᠬᠢᠪᠡ 
             1984 ᠤᠨ ᠤ 4 ᠰᠠᠷ᠎ᠠ ᠳᠤ ᠲᠦᠷᠪᠡᠳᠦᠭᠡᠷ ᠤᠳᠠᠭ᠎ᠠ  ᠶ᠋ᠢᠨ ᠬᠡᠪᠯᠡᠯ ᠡᠴᠡ ᠰᠣᠩᠭᠣᠪᠠ ᠃

      ᠦᠰᠦᠭ ᠠᠮᠢᠯᠠᠭᠤᠯᠤᠬᠴᠢ  ᠄  ᠨᠠᠷᠠᠨᠰᠤᠶᠤᠯ 
        ᠬᠢᠨᠠᠬᠴᠢ ᠄  ᠣᠤᠠᠬᠠᠨᠰᠣ᠎ᠠ  ᠂  ᠲᠣ᠋ · ᠨᠠᠨᠲᠢᠨ
                              2023.3.2