ᠡᠵᠡᠨ ᠴᠢᠩᠭᠢᠰ ᠤᠨ ᠰᠠᠩЭзэн Чингисийн сан
ᠡᠵᠡᠨ ᠴᠢᠩᠭᠢᠰ ᠦᠨ ᠰᠠᠩ
ᠡᠵᠡᠨ ᠴᠢᠩᠭᠢᠰ ᠦᠨ
ᠰᠠᠩ
ᠣᠮ ᠡᠡ ᠬᠣᠩ
ᠣᠮ ᠡᠡ ᠬᠣᠩ
ᠣᠮ ᠡᠡ ᠬᠣᠩ
ᠵᠠ ! ᠪᠯᠠᠮ᠎ᠡ ᠢᠳᠠᠮ ᠭᠤᠷᠪᠠᠨ ᠴᠤᠬᠠᠭ ᠳᠡᠭᠡᠳᠦ ᠪᠡᠷ
ᠡᠬᠢᠯᠡᠨ
ᠰᠣᠳᠣ ᠪᠣᠭᠳᠠ ᠴᠢᠩᠭᠢᠰ ᠬᠠᠭᠠᠨ ᠳᠣᠲᠣᠭᠠᠳᠤ ᠨᠦᠬᠦᠳᠯᠡᠷ
ᠵᠢᠷᠭᠠᠯᠠᠩᠲᠤ ᠰᠤᠳᠠᠷᠠᠰᠤᠨ ᠤᠷᠲᠤ ᠬᠠᠷᠰᠢ ᠠᠴᠠᠭᠠᠨ
ᠵᠠᠶᠠᠭᠠᠲᠤ ᠲᠦᠰᠢᠮᠡᠳ ᠪᠠ ᠨᠥᠬᠥᠳ ᠰᠡᠯᠲᠡ ᠪᠦᠭᠦᠳᠡ
ᠶᠠᠮᠪᠠᠷ ᠪᠠᠰᠠ ᠠᠯᠢᠨ ᠡᠨᠳᠡ ᠣᠷᠣᠰᠢᠭᠰᠠᠨ ᠲᠩᠷᠢ ᠯᠤᠤᠰ
ᠶᠠᠭᠴᠠ ᠷᠠᠭᠴᠠ ᠭᠠᠵᠠᠷ ᠤᠰᠤᠨ ᠡᠵᠡᠳ ᠳᠣᠭᠰᠢᠳ ᠪᠦᠭᠦᠳᠡ
ᠦᠢᠯᠡᠰ ᠬᠦᠰᠡᠯ ᠬᠠᠩᠭᠠᠬᠤᠶᠠ ᠤᠷᠢᠨ ᠡᠨᠳᠡ ᠵᠠᠯᠠᠷ᠎ᠠ
ᠣᠢᠯᠠᠰᠢ ᠦᠭᠡᠢ ᠡᠷᠳᠡᠨᠢ ᠪᠡᠷ ᠪᠡᠯᠡᠲᠦᠭᠰᠡᠨ ᠲᠠᠪᠴᠠᠩ ᠳ᠋ᠤᠷ
ᠨᠠᠢ᠍ᠮᠠᠨ ᠪᠠᠳᠮ᠎ᠠ ᠶ᠋ᠢᠨ ᠦᠵᠡᠰᠬᠦᠯᠡᠩ ᠳᠡᠪᠢᠰᠬᠡᠷ ᠦ᠋ᠨ
ᠳᠡᠭᠡᠷ᠎ᠡ
ᠨᠠᠶ᠋ᠢᠷᠠᠭ ᠲᠡᠭᠦᠰ ᠰᠠᠬᠢᠭᠤᠯᠰᠤᠨ ᠶᠡᠬᠡ ᠴᠠᠭᠠᠨ ᠤᠪᠠᠰᠢ
ᠪᠦᠷᠢᠨ ᠨᠥᠬᠥᠳ ᠳᠣᠲᠣᠭᠠᠳᠤ ᠲᠦᠰᠢᠮᠡᠳ ᠪᠠ ᠲᠩᠷᠢ ᠯᠤᠤᠰ
ᠪᠦᠭᠦᠳᠡᠭᠡᠷ ᠪᠠᠶᠠᠰᠤᠭᠠᠳ ᠪᠠᠲᠤ ᠰᠠᠭᠤᠨ ᠰᠣᠶᠣᠷᠬ᠎ᠠ ᠃
ᠠᠷᠢᠭᠤᠨ ᠲᠠᠬᠢᠯ ᠰᠡᠳᠬᠢᠯ ᠯᠤᠭᠡ ᠵᠣᠬᠢᠯᠳᠤᠬᠤ ᠶ᠋ᠢᠨ ᠡᠭᠦᠨ
ᠯᠤᠭᠡ
ᠵᠠᠭᠤᠨ ᠠᠮᠲᠠ ᠪᠦᠷᠢᠲᠦᠭᠰᠡᠨ ᠢᠳᠡᠭᠡᠨ ᠦ᠌ ᠳᠡᠭᠡᠵᠢ
ᠰᠦᠨ ᠦ᠌ ᠠᠮᠲᠠ ᠪᠦᠷᠢᠲᠦᠭᠰᠡᠨ ᠷᠠᠰᠢᠶᠠᠨ ᠤ᠋ ᠰᠢᠮ᠎ᠡ ᠪᠡᠷ
ᠰᠣᠳᠣ ᠪᠣᠭᠳᠠ ᠴᠢᠩᠭᠢᠰ ᠬᠠᠭᠠᠨ ᠨᠦᠬᠦᠳᠯᠡᠷ ᠊ᠢ ᠲᠠᠬᠢᠮᠤᠢ ᠃
ᠪᠠᠳᠠᠷᠠᠩᠭᠤᠢ ᠭᠠᠯ ᠤ᠋ᠨ ᠴᠣᠭᠴᠠ ᠮᠠᠰᠢ ᠰᠠᠶ᠋ᠢᠲᠤᠷ
ᠪᠠᠳᠠᠷᠠᠨ
ᠪᠠᠳᠠᠷᠠᠩᠭᠤᠢ ᠶ᠋ᠢᠨ ᠵᠤᠯᠠ ᠪᠥᠭᠡᠳ ᠵᠤᠯᠠᠰ ᠢ᠋ᠶ᠋ᠠᠷ
ᠲᠠᠬᠢᠮᠤᠢ ᠃
ᠽᠠᠨᠳᠠᠨ ᠬᠥᠬᠥᠯ ᠠᠷᠴᠠ ᠬᠦᠵᠢ ᠲᠦᠯᠡᠭᠰᠡᠨ ᠦ᠌ ᠦᠨᠦᠳ ᠪᠠ
ᠰᠠᠩ ᠤ᠋ᠨ ᠶᠡᠬᠡ ᠦᠯᠡᠮᠵᠢᠲᠦ ᠦᠨᠦᠳ ᠢ᠋ᠶ᠋ᠡᠷ ᠲᠠᠬᠢᠮᠤᠢ ᠃
ᠵᠠ ! ᠰᠣᠳᠣ ᠪᠣᠭᠳᠠ ᠴᠢᠩᠭᠢᠰ ᠬᠠᠭᠠᠨ ᠨᠦᠬᠦᠳ ᠯᠤᠭᠡ
ᠨᠢᠭᠡᠨ᠎ᠡ
ᠪᠦᠭᠦᠳᠡᠭᠡᠷ ᠠᠷᠢᠭᠤᠨ ᠶᠡᠬᠡ ᠲᠠᠬᠢᠯ ᠢ᠋ᠶ᠋ᠠᠨ ᠵᠣᠭᠣᠭᠯᠠᠨ
ᠬᠠᠮᠤᠭ ᠲᠦᠢᠳᠬᠡᠷ ᠠᠮᠤᠷᠯᠠᠬᠤᠢ ᠶ᠋ᠢᠨ ᠰᠢᠳᠢ ᠊ᠢ ᠦᠭᠭᠦᠨ
ᠰᠣᠶᠣᠷᠬ᠎ᠠ
ᠡᠮᠭᠡᠭ ᠠᠳᠠ ᠠᠮᠤᠷᠯᠠᠬᠤᠢ ᠶ᠋ᠢᠨ ᠰᠢᠳᠢ ᠊ᠢ ᠦᠭᠭᠦᠨ
ᠰᠣᠶᠣᠷᠬ᠎ᠠ
ᠪᠤᠷᠤᠭᠤ ᠲᠡᠮᠡᠴᠡᠯ ᠠᠮᠤᠷᠯᠠᠬᠤᠢ ᠶ᠋ᠢᠨ ᠰᠢᠳᠢ ᠊ᠢ ᠦᠭᠭᠦᠨ
ᠰᠣᠶᠣᠷᠬ᠎ᠠ
ᠪᠤᠶᠠᠨ ᠬᠡᠰᠢᠭ ᠳᠡᠯᠭᠡᠷᠡᠬᠦᠢ ᠶ᠋ᠢᠨ ᠰᠢᠳᠢ ᠊ᠢ ᠦᠭᠭᠦᠨ
ᠰᠣᠶᠣᠷᠬ᠎ᠠ
ᠣᠶᠤᠨ ᠪᠢᠯᠢᠭ ᠨᠡᠮᠡᠭᠦᠯᠬᠦᠢ ᠶ᠋ᠢᠨ ᠰᠢᠳᠢ ᠊ᠢ ᠦᠭᠭᠦᠨ
ᠰᠣᠶᠣᠷᠬ᠎ᠠ
ᠣᠮᠣᠭ ᠬᠦᠴᠦᠨ ᠪᠠᠳᠠᠷᠠᠬᠤᠢ ᠶ᠋ᠢᠨ ᠰᠢᠳᠢ ᠊ᠢ ᠦᠭᠭᠦᠨ
ᠰᠣᠶᠣᠷᠬ᠎ᠠ
ᠲᠩᠷᠢ ᠶ᠋ᠢᠨ ᠬᠠᠭᠠᠨ ᠤ ᠵᠠᠷᠯᠢᠭ ᠢ᠋ᠶ᠋ᠠᠷ ᠡᠳ᠋ ᠊ᠢ ᠪᠠᠷᠢᠨ
ᠲᠡᠳᠬᠦᠭᠴᠢ
ᠲᠡᠭᠦᠰ ᠬᠦᠴᠦᠨ ᠦᠢᠯᠡᠳᠦᠭᠴᠢ ᠲᠦᠷᠭᠡᠨ ᠷᠢᠳᠢ ᠶ᠋ᠢᠨ
ᠬᠦᠴᠦᠨ ᠢ᠋ᠶ᠋ᠡᠷ
ᠲᠡᠷᠰ ᠨᠣᠮᠲᠤ ᠬᠠᠳ ᠤ᠋ᠨ ᠳᠠᠶ᠋ᠢᠨ ᠊ᠢ ᠲᠠᠯᠬᠠᠨ ᠳᠣᠪᠣᠷᠠᠭ
ᠪᠣᠯᠭᠠᠭᠠᠳ
ᠲᠠᠪᠤᠨ ᠥᠩᠭᠡ ᠳᠥᠷᠪᠡᠨ ᠬᠠᠷᠢ ᠶ᠋ᠢᠨ ᠤᠯᠤᠰ ᠢ᠋ᠶ᠋ᠠᠨ
ᠲᠣᠪᠴᠢᠯᠠᠨ
ᠨᠠᠢ᠍ᠮᠠᠨ ᠲᠦᠮᠡᠨ ᠳᠥᠷᠪᠡᠨ ᠮᠢᠩᠭᠠᠨ ᠬᠠᠳ ᠤ᠋ᠨ ᠡᠷᠬᠢᠮ
ᠪᠣᠯᠤᠭᠰᠠᠨ
ᠨᠣᠮ ᠤ᠋ᠨ ᠬᠦᠷᠳᠦᠨ ᠬᠠᠭᠠᠨ ᠮᠡᠲᠦ ᠶᠡᠬᠡ ᠠᠤᠭ᠎ᠠ
ᠬᠦᠴᠦᠨ ᠢ᠋ᠶ᠋ᠡᠷ
ᠲᠡᠷᠰ ᠨᠣᠮᠲᠤ ᠳᠣᠭᠰᠢᠨ ᠲᠣᠳᠬᠠᠷ ᠬᠣᠣᠷᠯᠠᠯᠤᠭᠴᠢ ᠶ᠋ᠢ
ᠴᠢᠳᠠᠭᠴᠢ
ᠲᠡᠭᠦᠰ ᠬᠦᠴᠦᠨ ᠰᠠᠬᠢᠭᠤᠯᠰᠤᠨ ᠲᠠᠨ ᠊ᠢ ᠮᠠᠭᠲᠠᠨ ᠮᠥᠷᠭᠥᠮᠦᠢ
᠃
ᠡᠵᠡᠨ ᠶᠦ᠍ᠭᠡᠨ ᠳᠠᠬᠢᠨ ᠮᠠᠭᠲᠠᠨ ᠰᠢᠲᠦᠭᠰᠡᠨ ᠦ᠌
ᠬᠦᠴᠦᠨ ᠢ᠋ᠶ᠋ᠡᠷ
ᠠᠶ᠎ᠠ ᠮᠢᠨᠦ ᠨᠥᠬᠥᠳ ᠬᠢᠭᠡᠳ ᠡᠳ᠋ᠯᠡᠯ ᠮᠠᠯ ᠊ᠢ ᠠᠷᠪᠢᠳᠬᠠ
ᠤᠷᠲᠤ ᠨᠠᠰᠤᠨ ᠠᠮᠤᠷ ᠵᠢᠷᠭᠠᠯ ᠡᠷᠬᠡᠰᠢᠶᠡᠯ ᠊ᠢ ᠪᠠᠲᠤᠳᠬᠠ
ᠣᠨᠴᠠ ᠦᠢᠯᠡᠰ ᠪᠦᠲᠦᠭᠡᠬᠦᠢ ᠶ᠋ᠢᠨ ᠦᠢᠯᠡᠰ ᠦ᠋ᠳ ᠊ᠢ
ᠵᠣᠬᠢᠶᠠ
ᠵᠠ ! ᠬᠥᠮᠦᠨ ᠬᠢᠭᠡᠳ ᠬᠥᠮᠦᠨ ᠪᠤᠰᠤ ᠶ᠋ᠢᠨ ᠬᠣᠣᠷᠯᠠᠯ ᠤᠳ
᠊ᠢ ᠬᠠᠷᠢᠭᠤᠯ᠃
ᠬᠡᠯᠡ ᠠᠮᠠ ᠰᠢᠷᠦᠭᠦᠨ ᠪᠠ ᠣᠯᠬᠢᠶᠠᠨ ᠊ᠢ ᠬᠠᠷᠢᠭᠤᠯ
ᠴᠡᠷᠢᠭ ᠠᠶᠠᠨ ᠳᠣᠭᠰᠢᠨ ᠲᠣᠳᠬᠠᠷ ᠬᠣᠣᠷᠯᠠᠯ ᠤᠳ ᠊ᠢ
ᠬᠠᠷᠢᠭᠤᠯ
ᠴᠢᠭᠤᠯᠭᠠᠨ ᠳ᠋ᠤᠷ ᠬᠣᠣᠷᠯᠠᠯ ᠬᠢᠭ᠌ᠴᠢ ᠥᠰᠲᠦ ᠳᠠᠶ᠋ᠢᠨ ᠊ᠢ
ᠬᠠᠷᠢᠭᠤᠯ
ᠪᠤᠷᠬᠠᠨ ᠪᠠᠭᠰᠢ ᠶ᠋ᠢᠨ ᠱᠠᠰᠢᠨ ᠯᠤᠭ᠎ᠠ ᠬᠠᠷᠰᠢᠯᠠᠭᠴᠢ
ᠳᠠᠶ᠋ᠢᠰᠤᠨ ᠳ᠋ᠤᠷ
ᠪᠠᠲᠤ ᠸᠴᠢᠷ ᠮᠡᠰᠡᠨ ᠢ᠋ᠶ᠋ᠡᠷ ᠨᠡᠪᠲᠡ ᠨᠡᠪᠲᠡ ᠮᠡᠰᠡᠯᠡᠨ
ᠠᠮᠢᠨ ᠭᠣᠣᠯ ᠤ᠋ᠨ ᠰᠤᠳᠠᠰᠤᠨ ᠊ᠢ ᠲᠠᠰᠤ ᠲᠠᠰᠤ ᠣᠭᠲᠣᠴᠢᠨ
ᠸᠴᠢᠷ ᠳ᠋ᠠᠷ᠎ᠠ ᠶ᠋ᠢᠨ ᠱᠠᠰᠢᠨ ᠊ᠢ ᠠᠷᠪᠠᠨ ᠵᠦᠭ ᠲᠣᠷ
ᠳᠡᠯᠭᠡᠷᠡᠭᠦᠯ
ᠲᠠᠩᠭᠠᠷᠢᠭᠯᠠᠨ ᠪᠤᠴᠠᠭᠰᠠᠳ ᠊ᠢ ᠬᠦᠯᠢᠨ ᠬᠦᠯᠢᠨ ᠡᠴᠦᠯᠭᠡ
ᠳᠣᠭᠰᠢᠨ ᠲᠣᠳᠬᠠᠷ ᠰᠢᠮᠨᠤᠰ ᠦ᠋ᠳ ᠲᠣᠷ ᠴᠠᠯᠢᠶᠠᠰᠤᠨ
ᠪᠠᠭᠤᠯᠭ᠎ᠠ ᠃
ᠲᠣᠭᠰᠢᠨ ᠬᠤᠷ᠎ᠠ ᠰᠠᠯᠬᠢᠨ ᠮᠥᠨᠳᠥᠷ ᠬᠢᠷᠠᠭᠤ ᠶ᠋ᠢ ᠬᠠᠷᠢᠭᠤᠯ
ᠲᠣᠭᠰᠢᠨ ᠭᠠᠵᠠᠷ ᠤᠰᠤᠨ ᠊ᠢ ᠵᠣᠬᠢᠰᠲᠠᠶ᠋ᠢᠶᠡ ᠵᠠᠰᠠᠭᠲᠤᠨ ᠃
ᠲᠠᠩᠰᠤᠭ ᠭᠤᠷᠪᠠᠨ ᠳᠡᠭᠡᠳᠦᠰ ᠦ᠋ᠨ ᠠᠲᠢᠰᠲᠠᠳ ᠤ᠋ᠨ
ᠬᠦᠴᠦᠨ ᠢ᠋ᠶ᠋ᠡᠷ
ᠲᠡᠭᠦᠰ ᠬᠦᠴᠦᠨ ᠰᠠᠬᠢᠭᠤᠯᠰᠤᠨ ᠶᠡᠬᠡ ᠴᠠᠭᠠᠨ ᠤᠪᠠᠰᠢ
ᠲᠦᠰᠢᠮᠡᠳ ᠪᠠ ᠪᠦᠬᠦᠢ ᠬᠠᠮᠤᠭ ᠨᠥᠬᠥᠳ ᠰᠡᠯᠲᠡ ᠪᠦᠭᠦᠳᠡ
ᠲᠡᠭᠦᠨᠴᠢᠯᠡᠨ ᠬᠦᠰᠡᠭᠰᠡᠨ ᠊ᠢ ᠬᠦᠰᠡᠯ ᠢ᠋ᠶ᠋ᠡᠷ ᠬᠠᠩᠭᠠᠭᠲᠤᠨ
᠃
ᠪᠯᠠᠮ᠎ᠡ ᠢᠳᠠᠮ ᠭᠤᠷᠪᠠᠨ ᠴᠤᠬᠠᠭ ᠳᠡᠭᠡᠳᠦᠰ ᠦ᠋ᠨ ᠠᠪᠤᠷᠠᠯ
ᠢᠯᠠᠩᠭᠤᠶ᠎ᠠ ᠲᠠᠩᠭᠠᠷᠢᠭᠲᠤ ᠰᠠᠬᠢᠭᠤᠯᠰᠤᠨ ᠡᠵᠡᠳ ᠢ᠋ᠶ᠋ᠡᠷ
ᠵᠣᠬᠢᠯᠳᠤᠬᠤ ᠶ᠋ᠢᠨ ᠦᠢᠯᠡᠰ ᠦ᠋ᠳ ᠢ᠋ ᠮᠠᠰᠢ ᠰᠠᠶ᠋ᠢᠲᠤᠷ
ᠪᠦᠲᠦᠭᠡ
ᠦᠷᠭᠦᠯᠵᠢᠳᠡ ᠵᠢᠷᠭᠠᠯᠠᠩ ᠤ᠋ᠨ ᠥᠯᠵᠡᠢ ᠬᠤᠲᠤᠭ ᠣᠷᠣᠰᠢ ᠃
ᠦᠰᠦᠭ ᠠᠮᠢᠯᠠᠭᠤᠯᠤᠭᠴᠢ ᠄ 《 ᠠᠮᠢᠳᠤ ᠦᠰᠦᠭ 》ᠬᠣᠯᠪᠣᠭ᠎ᠠ
ᠦᠰᠦᠭ ᠬᠠᠲᠠᠭᠴᠢ ᠄ ᠠᠵᠠᠵᠠᠶᠠᠭ᠎ᠠ
ᠬᠢᠨᠠᠭᠴᠢ ᠄ ᠨᠤᠮᠤᠴᠢᠨ ᠪᠢᠯᠢᠭ᠂ ᠮᠥᠩᠭᠦᠨᠴᠡᠴᠡᠭ
