ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –15 Монгол оньсгын түүвэр –Хоёрдугаар бүлэг– 15 ᠣᠨᠢᠰᠤᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –15 Монгол оньсгын түүвэр –Хоёрдугаар бүлэг– 15

ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –15 Монгол оньсгын түүвэр –Хоёрдугаар бүлэг– 15

ᠠᠩᠭᠢᠯᠠᠯ:ᠣᠨᠢᠰᠤᠭ᠎ᠠ
2023-04-19

1629

ᠬᠣᠶᠠᠳᠤᠭᠠᠷ ᠪᠦᠯᠦᠭ – ᠠᠷᠠᠳ ᠦ᠋ᠨ ᠠᠮᠠ ᠪᠠᠷ ᠵᠣᠬᠢᠶᠠᠭᠲᠠᠭᠰᠠᠨ ᠣᠨᠢᠰᠣᠬ᠋᠎ᠠ

ᠬᠣᠷᠣᠬᠠᠢ ᠰᠢᠪᠡᠵᠡᠢ ᠠᠷᠪᠢᠨ ᠵᠦᠢᠯ


 ᠬᠥᠯ ᠦᠭᠡᠢ ᠬᠡᠪᠲᠡᠭᠡ ᠶᠠᠪᠤᠭᠴᠢ
 ᠬᠥᠯᠥᠰᠥ ᠦᠭᠡᠢ ᠤᠷᠢᠶᠠᠩᠬᠠᠢ ᠨᠣᠶᠠᠨ
 ᠰᠡᠭᠦᠵᠢ ᠦᠭᠡᠢ ᠬᠡᠯᠲᠡᠩ ᠲᠦᠰᠢᠮᠡᠯ
 ᠰᠡᠭᠦᠯ ᠦᠭᠡᠢ ᠣᠭᠣᠲᠣᠩ ᠪᠠᠭᠠᠲᠤᠷ
        ( ᠤᠰᠤ ᠮᠣᠭᠠᠢ ᠵᠢᠭᠠᠰᠤ ᠮᠡᠯᠡᠬᠡᠢ)
 
 ᠰᠡᠭᠦᠯ ᠦᠭᠡᠢ ᠭᠣᠲᠣᠩ ᠴᠣᠬᠣᠷ
 ᠰᠡᠭᠦᠵᠢ ᠦᠭᠡᠢ ᠬᠡᠯᠲᠡᠩ ᠴᠣᠬᠣᠷ
         ( ᠮᠡᠯᠡᠬᠡᠢ)

 ᠲᠥᠪ ᠲᠦᠪ ᠳᠡᠭᠳᠡᠭᠡᠬᠡᠢ ᠴᠣᠬᠣᠷ
 ᠳᠦᠷᠪᠡᠨ ᠬᠦᠯ ᠨᠢ ᠮᠠᠶ᠋ᠢᠵᠡᠬᠢ ᠴᠣᠬᠣᠷ
 ᠬᠦᠮᠦᠨ ᠪ ᠭᠠᠵᠠᠷ ᠬᠥᠷᠵᠡᠩ ᠴᠣᠬᠣᠷ
 ᠬᠥᠲᠡᠭᠡ ᠶ᠋ᠢᠨ ᠭᠠᠵᠠᠷ ᠳᠡᠪᠬᠡᠨ ᠴᠣᠬᠣᠷ
         ( ᠮᠡᠯᠡᠬᠡᠢ)

 ᠭᠣᠶᠣᠮᠰᠣᠭ ᠨᠣᠭᠣᠭᠠᠨ ᠳᠡᠪᠡᠯ ᠲᠡᠢ
 ᠭᠤᠸ᠋᠎ᠠ ᠪᠦᠮᠪᠦᠷᠬᠡᠨ ᠨᠢᠲᠦ ᠲᠡᠢ
 ᠭᠠᠪ ᠱᠠᠪ  ᠦᠰᠦᠷᠳᠡᠭ
 ᠭᠠᠪᠰᠢᠭᠠᠢ ᠱᠠᠯᠠᠮᠠᠭ ᠵᠠᠩ ᠲᠠᠢ
          ( ᠮᠡᠯᠡᠬᠡᠢ)

 ᠬᠤᠶᠠᠭ ᠲᠠᠢ ᠪᠠᠶ᠋ᠢᠭᠠᠳ ᠳᠤᠭᠤᠯᠠᠬ᠋᠎ᠠ ᠦᠭᠡᠢ
 ᠨᠢᠲᠦ ᠲᠡᠢ ᠪᠠᠶ᠋ᠢᠭᠠᠳ ᠬᠥᠮᠥᠰᠬᠡ ᠦᠭᠡᠢ
 ᠵᠢᠭᠢᠳᠡᠭ ᠦᠭᠡᠢ ᠪᠠᠶ᠋ᠢᠭᠠᠳ ᠶᠠᠪᠤᠲᠠᠭ
 ᠵᠢᠭᠦᠷ ᠪᠠᠶ᠋ᠢᠭᠠᠳ  ᠨᠢᠰᠳᠡᠭ ᠦᠭᠡᠢ
          ( ᠵᠢᠭᠠᠰᠤ)

 ᠲᠣᠯᠢ ᠶ᠋ᠢᠨ ᠮᠠᠩᠬᠠᠨ  ᠳ᠋ᠤ᠌ ᠲᠣᠭᠣᠰᠣ ᠦᠭᠡᠢ
 ᠬᠣᠯᠠ ᠶ᠋ᠢᠨ ᠮᠠᠩᠬᠠᠨ  ᠳ᠋ᠤ᠌ ᠮᠥᠷ ᠦᠭᠡᠢ
 ᠭᠤᠯᠠᠰ ᠭᠤᠯᠠᠰ ᠶᠠᠪᠤᠲᠠᠯ ᠲᠠᠢ
 ᠭᠤᠴᠢᠨ ᠭᠤᠷᠪᠠᠨ ᠨᠢᠷᠤᠭᠤ ᠲᠠᠢ
          ( ᠵᠢᠭᠠᠰᠤ)

 ᠵᠡᠭᠦᠦ ᠪᠠᠶ᠋ᠢᠭᠠᠳ ᠤᠲᠠᠰᠤ ᠦᠭᠡᠢ
 ᠤᠲᠠᠰᠤ ᠪᠠᠶ᠋ᠢᠭᠠᠳ ᠵᠡᠭᠦᠦ ᠦᠭᠡᠢ
 ᠭᠡᠷᠡᠯ ᠪᠠᠶ᠋ᠢᠭᠠᠳ ᠭᠠᠯ ᠦᠭᠡᠢ
       ( ᠵᠥᠭᠡᠢ ᠠᠭᠠᠯᠵᠢ ᠭᠠᠯᠲᠤ ᠬᠣᠷᠣᠬᠠᠢ)

 ᠡᠮᠦᠨ᠎ᠡ ᠭᠠᠵᠠᠷ ᠦ᠋ᠨ ᠵᠦ᠍ ᠭᠧ ᠯᠢᠶᠠᠩ
 ᠡᠪᠡᠰᠦᠨ ᠣᠷᠲᠣᠨ  ᠳ᠋ᠤ᠌ ᠵᠠᠯᠠᠷᠠᠨ ᠰᠠᠭᠤᠵᠤ
 ᠨᠠᠢ᠍ᠮᠠᠨ ᠬᠦᠯ ᠦ᠋ᠨ ᠵᠢᠬᠰᠠᠭᠠᠯ ᠵᠢᠬᠰᠠᠵᠤ
 ᠨᠢᠰᠴᠦ ᠢᠷᠡᠬᠦ ᠵᠠᠩᠵᠤᠨ ᠊ᠢ ᠪᠠᠷᠢᠪᠴᠢᠯᠠᠨ᠎ᠠ
             ( ᠠᠭᠠᠯᠵᠢ)

 ᠭᠠᠷ ᠶ᠋ᠢᠠᠷ  ᠨᠡᠬᠡᠳᠡᠭ ᠦᠭᠡᠢ
 ᠭᠠᠶ᠋ᠢᠬᠠᠮᠰᠢᠬᠲᠠᠢ ᠲᠣᠣᠷ
           ( ᠠᠭᠠᠯᠵᠢ ᠶ᠋ᠢᠨ ᠰᠢᠯᠣᠰᠤ)

 ᠡᠷᠡᠬᠡᠢ ᠶ᠋ᠢᠨ ᠴᠢᠨᠡᠭᠡ ᠪᠡᠶ᠎ᠡ ᠲᠡᠢ
 ᠡᠷ᠎ᠡ ᠬᠣᠩᠬᠣᠷ ᠳᠠᠭᠤ ᠲᠠᠢ
          ( ᠵᠥᠭᠡᠢ)
 
 ᠡᠷᠢᠶᠡᠨ ᠭᠡᠬᠦ  ᠳ᠋ᠤ᠌ ᠪᠠᠷᠰ ᠪᠢᠰᠢ
 ᠡᠪᠡᠷ ᠲᠡᠢ ᠭᠡᠬᠦ  ᠳ᠋ᠤ᠌ ᠪᠤᠬ᠎ᠠ ᠪᠢᠰᠢ
 ᠨᠣᠮ ᠲᠠᠢ ᠭᠡᠬᠦ  ᠳ᠋ᠤ᠌ ᠯᠠᠮᠠ ᠪᠢᠰᠢ
 ᠯᠣᠩᠬᠣ ᠲᠠᠢ ᠭᠡᠬᠦ  ᠳ᠋ᠤ᠌ ᠠᠷᠢᠬᠢ ᠪᠢᠰᠢ
           ( ᠵᠥᠭᠡᠢ)

 ᠪᠠᠭᠠᠲᠤᠷ ᠪᠢᠰᠢ ᠪᠠᠶ᠋ᠢᠭᠠᠳ ᠵᠢᠲᠠ ᠲᠠᠢ
 ᠪᠠᠭᠰᠢ ᠪᠢᠰᠢ ᠪᠠᠶ᠋ᠢᠭᠠᠳ ᠨᠣᠮ ᠲᠠᠢ
 ᠪᠠᠷᠰ ᠪᠢᠰᠢ ᠪᠠᠶ᠋ᠢᠭᠠᠳ ᠡᠷᠢᠶᠡᠨ ᠲᠡᠢ
 ᠪᠠᠶᠠᠨ ᠪᠢᠰᠢ ᠪᠠᠶ᠋ᠢᠭᠠᠳ ᠡᠳ᠋ ᠲᠡᠢ
         ( ᠵᠥᠭᠡᠢ)

 ᠡᠷᠭᠢᠯᠲᠦᠭᠡᠳ ᠪᠠᠶ᠋ᠢᠨ᠎ᠠ ᠡᠷᠭᠢᠭᠦᠦ ᠶᠤᠮ ‍ᠤᠤ ? ᠪᠠᠰᠠ ᠪᠢᠰᠢ
 ᠡᠷᠢᠶᠡᠨ ᠪᠠᠶ᠋ᠢᠨ᠎ᠠ ᠪᠠᠷᠰ ᠶᠤᠮ ‍ᠤᠤ ? ᠪᠠᠰᠠ ᠪᠢᠰᠢ
 ᠤᠩᠰᠢᠭᠠᠳ ᠪᠠᠶ᠋ᠢᠨ᠎ᠠ ᠯᠠᠮᠠ ᠶᠤᠮ ‍ᠤᠤ ? ᠪᠠᠰᠠ ᠪᠢᠰᠢ
 ᠤᠬᠢᠯᠠᠭᠠᠳ ᠪᠠᠶ᠋ᠢᠨ᠎ᠠ ᠬᠡᠦᠬᠡᠨ ᠶᠤᠮ ‍ᠤᠤ ? ᠪᠠᠰᠠ ᠪᠢᠰᠢ
              ( ᠵᠥᠭᠡᠢ)

 ᠨᠠᠮ ᠰᠠᠭᠤᠵᠤ ᠴᠢᠲᠠᠲᠠᠭ ᠦᠭᠡᠢ
 ᠨᠠᠭᠠᠤᠠᠴᠤ ᠲᠣᠭᠯᠠᠬᠤ ᠶ᠋ᠢ  ᠮᠡᠳᠡᠳᠡᠭ ᠦᠭᠡᠢ
 ᠴᠡᠴᠡᠭ ᠦ᠋ᠨ ᠬᠦᠷᠢᠶᠡᠯᠡᠩ  ᠳ᠋ᠤ᠌  ᠠᠵᠢᠯ ᠲᠠᠢ
 ᠰᠢᠯᠢᠳᠡᠭ ᠬᠥᠲᠡᠯᠮᠦᠷᠢᠴᠢ ᠶ᠋ᠢᠨ ᠴᠣᠯᠠ ᠲᠠᠢ
           ( ᠵᠥᠭᠡᠢ)

 ᠬᠠᠨᠠᠭᠤᠷ ᠲᠠᠢ ᠪᠠᠶ᠋ᠢᠨ᠎ᠠ
 ᠡᠮᠴᠢ ᠪᠠᠶ᠋ᠢᠬ᠎ᠠ
 ᠬᠦᠩᠭᠢᠨᠡᠮ᠎ᠡ ᠳᠠᠭᠤ ᠲᠠᠢ ᠪᠠᠶ᠋ᠢᠨ᠎ᠠ
 ᠣᠩᠵᠢᠳ( ᠤᠮᠵᠠᠳ) ᠪᠠᠶ᠋ᠢᠬ᠎ᠠ
         ( ᠵᠥᠭᠡᠢ)

 ᠡᠷᠢᠶᠡᠨ ᠠᠯᠠᠭ ᠪᠡᠶ᠎ᠡ ᠲᠡᠢ
 ᠡᠷ᠎ᠡ ᠬᠣᠩᠭᠣᠷ ᠳᠠᠭᠤ ᠲᠠᠢ
         ( ᠬᠡᠲᠡᠭᠡᠨ᠎ᠡ)

 ᠡᠷᠢᠶᠡᠨ ᠯᠡ ᠪᠠᠶ᠋ᠢᠨ᠎ᠠ
 ᠪᠠᠷᠰ ᠪᠠᠶ᠋ᠢᠯᠭᠦᠢ
 ᠡᠪᠡᠷᠲᠡᠢ ᠯᠡ ᠪᠠᠶ᠋ᠢᠨ᠎ᠠ
 ᠪᠤᠭᠤ ᠪᠠᠶ᠋ᠢᠯᠭᠦᠢ
            ( ᠬᠡᠲᠡᠭᠡᠨ᠎ᠡ)

 ᠡᠮᠦᠨ᠎ᠡ ᠡᠴᠡ ᠢᠷᠡᠭᠰᠡᠨ ᠤᠤᠠᠪᠠᠯᠠ ᠴᠡᠴᠡᠭ
 ᠴᠢᠰᠤ ᠴᠤ᠌ ᠦᠭᠡᠢ ᠶᠠᠰᠤ ᠴᠤ᠌ ᠦᠭᠡᠢ
         ( ᠡᠷᠪᠡᠬᠡᠢ)

 ᠬᠡᠢ ᠪᠡᠶ᠎ᠡ ᠲᠡᠢ
 ᠬᠡᠶ᠋ᠢᠰᠬᠦ ᠵᠢᠭᠦᠷ ᠲᠡᠢ
 ᠦᠵᠡᠬᠦ  ᠳ᠋ᠤ᠌ ᠰᠠᠶ᠋ᠢᠬᠠᠨ
 ᠦᠯᠢᠭᠡᠷ ᠠᠪᠤᠯᠲᠠᠢ
         ( ᠡᠷᠪᠡᠬᠡᠢ)

 ᠨᠠᠩᠭᠢᠶᠠᠳ ᠭᠤᠷᠭᠤᠤᠯ ᠦ᠋ᠨ ᠰᠡᠭᠦᠯ ᠊ᠢ
 ᠲᠡᠷᠢᠭᠦᠨ ᠳᠡᠭᠡᠷ᠎ᠡ ᠪᠡᠨ ᠬᠠᠤᠠᠬᠤᠵᠤ
 ᠨᠠᠪᠴᠢᠨ ᠬᠤᠸᠠᠷᠲᠠᠢ ᠳᠡᠪᠡᠯ ᠊ᠢ
 ᠪᠡᠶ᠎ᠡ ᠳ᠋ᠡᠭᠡᠨ ᠡᠮᠦᠰᠦᠭᠡᠳ
 ᠮᠢᠩᠭᠠᠨ ᠴᠡᠴᠡᠭ ᠦ᠋ᠨ ᠬᠦᠷᠢᠶᠡᠯᠡᠩ  ᠳ᠋ᠤ᠌
 ᠮᠢᠷᠠᠯᠵᠠᠨ ᠲᠣᠭᠣᠷᠢᠬᠴᠢ ᠬᠡᠦᠬᠡᠨ
           ( ᠡᠷᠪᠡᠬᠡᠢ)

 ᠬᠡᠷᠦᠯᠦᠨ ᠡᠴᠡ ᠢᠷᠡᠭᠰᠡᠨ
 ᠬᠡᠬᠡᠷ ᠴᠣᠬᠣᠷ ᠳᠠᠬ᠋᠎ᠠ
 ᠬᠡᠷᠢᠶ᠎ᠡ ᠴᠠᠤᠠᠬᠠᠬᠤ ᠵᠣᠪᠠᠯᠬ᠋᠎ᠠ ᠦᠭᠡᠢ
 ᠬᠡᠩᠰᠢᠭᠦᠦ ᠲᠠᠯᠪᠢᠬᠤ ᠶᠠᠰᠤ ᠦᠭᠡᠢ
          ( ᠡᠷᠪᠡᠬᠡᠢ)

 ᠡᠮᠦᠨ᠎ᠡ ᠡᠴᠡ ᠢᠷᠡᠭᠰᠡᠨ
 ᠥᠩᠭᠡᠲᠦ ᠬᠡᠦᠬᠡᠨ
 ᠴᠡᠴᠡᠭ ᠬᠤᠸᠠᠷ ᠲᠤ
 ᠴᠡᠩᠭᠡᠨ ᠵᠢᠷᠭᠠᠵᠤ
 ᠴᠢᠮᠡᠭᠡ ᠢᠮᠡᠭᠡ ᠦᠭᠡᠢ
 ᠵᠠᠶ᠋ᠢᠯᠠᠵᠤ  ᠤᠤᠠᠲᠠᠭ
         ( ᠡᠷᠪᠡᠬᠡᠢ)

 ᠵᠢᠩᠭᠢᠷ ᠵᠠᠩᠭᠠᠷ ᠳᠠᠭᠤ ᠲᠠᠢ ᠵᠡᠰ ᠭᠠᠤᠯᠢᠨ ᠬᠣᠩᠰᠢᠶᠠᠷ ᠲᠠᠢ
           ( ᠪᠠᠲᠠᠭᠠᠨ᠎ᠠ)

 ᠭᠠᠩ ᠦᠵᠦᠭᠦᠷᠲᠦ ᠬᠠᠨᠠᠭᠤᠷ ᠶ᠋ᠢᠠᠨ ᠭᠠᠷ ᠳᠠᠭᠠᠨ ᠪᠠᠷᠢᠵᠤ
 ᠭᠠᠢ ᠲᠠᠢ ᠴᠢᠰᠤᠨ ᠲᠤᠯᠤᠮ ᠶ᠋ᠢᠠᠨ ᠠᠷᠤ ᠳ᠋ᠠᠭᠠᠨ ᠡᠭᠦᠷᠴᠦ
 ᠭᠠᠰᠠᠯᠠᠩ ᠦ᠋ᠨ ᠭᠤᠨᠢᠬᠲᠤ ᠳᠠᠭᠤ ᠪᠠᠨ ᠶᠠᠩᠭᠢᠨᠠᠭᠤᠯᠤᠨ  ᠭᠢᠩᠰᠢᠭᠰᠡᠭᠡᠷ
 ᠭᠠᠯᠠᠪ ᠳᠡᠯᠡᠬᠡᠢ ᠶ᠋ᠢᠨ ᠠᠮᠢᠲᠠᠨ ᠪᠦᠬᠦᠨ ᠊ᠢ ᠠᠮᠤᠷ ᠪᠠᠶ᠋ᠢᠯᠭᠠᠬᠤ ᠦᠭᠡᠢ
          ( ᠪᠠᠲᠠᠭᠠᠨ᠎ᠠ )

 ᠶᠠᠳᠠᠮᠠᠭ ᠡᠮᠡᠭᠡᠨ
 ᠴᠠᠳᠤᠮᠠᠭ ᠴᠢᠮᠥᠭᠡ ᠎ᠲᠠᠢ
       ( ᠰᠢᠮᠠᠭᠤᠯ )

 ᠰᠠᠭᠤᠵᠤ ᠪᠠᠶ᠋ᠢᠬᠤ ᠨᠢ ᠰᠢᠪᠠᠭᠤ ᠰᠢᠭ᠋
 ᠰᠣᠷᠣᠵᠤ ᠪᠠᠶ᠋ᠢᠬᠤ ᠨᠢ ᠴᠢᠨᠣ᠎ᠠ ᠰᠢᠭ᠋
       ( ᠰᠢᠮᠠᠭᠤᠯ )

 ᠤᠲᠠᠰᠤᠨ ᠨᠠᠷᠢᠨ ᠪᠡᠶ᠎ᠡ ᠎ᠲᠠᠢ
 ᠤᠯᠠᠭᠠᠨ ᠬᠦᠷᠡᠩ ᠴᠠᠮᠴᠠ ᠎ᠲᠠᠢ
 ᠴᠢᠨᠡᠭᠡᠯᠢᠭ ᠪᠠᠶᠠᠨ ᠠᠮᠢᠳᠤᠷᠠᠯ ᠎ᠲᠠᠢ
 ᠴᠢᠭᠢᠭ ᠲᠦ ᠶᠠᠪᠤᠬᠤ ᠮᠡᠷᠭᠡᠵᠢᠯ ᠎ᠲᠠᠢ
       ( ᠴᠢᠭᠢᠭ ‍ᠤᠨ ᠤᠯᠠᠭᠠᠨ ᠬᠣᠷᠣᠬᠠᠢ )

 ᠬᠠᠷ᠎ᠠ ᠲᠡᠮᠦᠷ ᠬᠤᠶᠠᠭ ‍ᠢ ᠪᠡᠶ᠎ᠡ ᠳ᠋ᠡᠭᠡᠨ ᠬᠡᠳᠦᠷᠴᠤ
 ᠬᠠᠯᠢᠨ ᠨᠢᠰᠬᠦ ᠵᠢᠭᠦᠷ ‍ᠢ ᠪᠡᠶ᠎ᠡ ᠳ᠋ᠡᠭᠡᠨ ᠠᠭᠰᠠᠵᠤ
 ᠬᠠᠮᠤᠭ ᠣᠯᠠᠨ ‍ᠤ ᠦᠢᠮᠡᠭᠡᠨ ᠳᠤᠮᠳᠠ ᠠ᠋ᠴᠠ
 ᠬᠠᠷ᠎ᠠ ᠪᠥᠮᠪᠥᠭᠡ ‍ᠶ᠋ᠢ ᠠᠪᠤᠨ ᠣᠳᠳᠠᠭ
 ᠬᠠᠮᠢᠭᠠᠰᠢ ᠭᠠᠵᠠᠷ ‍ᠤᠨ ᠵᠠᠩᠵᠤᠨ ᠪᠤᠢ
        ( ᠪᠠᠮᠪᠤ )

 ᠲᠥᠷᠥᠭᠰᠡᠨ ᠪᠡᠶ᠎ᠡ ᠨᠢ ᠪᠠᠭ᠎ᠠ ᠪᠣᠯᠪᠠᠴᠤ
 ᠲᠡᠮᠦᠷ ᠬᠦᠷᠡᠯ ‍ᠤᠨ ᠥᠩᠭᠡ ᠎ᠲᠠᠢ
 ᠭᠠᠪᠢᠶ᠎ᠠ ᠴᠢᠳᠠᠯ ᠨᠢ ᠪᠠᠭᠤᠷᠠᠢ ᠪᠣᠯᠪᠠᠴᠤ
 ᠭᠠᠷᠤᠳᠢ ‍ᠶ᠋ᠢᠨ ᠵᠢᠭᠦᠷ ‍ᠢ  ᠵᠡᠭᠦᠭᠡᠳ
 ᠡᠩ ᠣᠯᠠᠨ ‍ᠢᠶ᠋ᠠᠷ ‍ᠢᠶ᠋ᠠᠨ ᠴᠤᠭᠯᠠᠷᠠᠨ
 ᠡᠷᠳᠡᠨᠢ ‍ᠶ᠋ᠢᠨ ᠪᠥᠮᠪᠥᠭᠡ ‍ᠶ᠋ᠢ ᠪᠤᠯᠢᠶᠠᠯᠳᠤᠨ᠎ᠠ
         ( ᠪᠠᠮᠪᠤ )

 ᠡᠷᠳᠡᠨᠢ ᠰᠠᠶ᠋ᠢᠬᠠᠨ ᠥᠩᠭᠡᠲᠡᠢ
 ᠡᠷᠡᠰ ᠲᠡᠷᠡᠰ ᠶᠠᠪᠤᠳᠠᠯ ᠎ᠲᠠᠢ
 ᠡᠷᠡᠬᠡᠢ ‍ᠶ᠋ᠢᠨ ᠴᠢᠨᠡᠭᠡ ᠪᠡᠶ᠎ᠡ ᠎ᠲᠠᠢ
 ᠡᠷ᠎ᠡ ᠬᠣᠩᠭᠣᠷ ᠳᠠᠭᠤ ᠎ᠲᠠᠢ
     ( ᠭᠦᠷᠡᠯᠵᠡᠭᠡᠨ᠎ᠡ )

 ᠵᠢᠳᠠᠨ ᠰᠡᠭᠦᠯ ᠎ᠲᠠᠢ
 ᠵᠢᠭᠠᠰᠤᠨ ᠬᠠᠶ᠋ᠢᠷ ᠎ᠲᠠᠢ
    ( ᠭᠣᠯᠢᠶ᠎ᠠ )

 ᠯᠣᠩᠬᠣᠨ ᠭᠡᠳᠡᠰᠦ ᠎ᠲᠠᠢ
 ᠨᠠᠪᠴᠢᠨ ᠪᠡᠯᠴᠢᠭᠡᠷ ᠎ᠲᠠᠢ
    ( ᠭᠣᠯᠢᠶ᠎ᠠ )

 ᠨᠣᠭᠣᠭᠠᠨ ᠪᠠᠶ᠋ᠢᠨ᠎ᠠ ᠨᠣᠮᠢᠨ ᠶᠤᠮ ‍ᠤᠤ
 ᠯᠣᠩᠬᠣ ᠎ᠲᠠᠢ ᠪᠠᠶ᠋ᠢᠨ᠎ᠠ ᠲᠣᠰᠣ ᠶᠤᠮ ‍ᠤᠤ
 ᠡᠷᠢᠶᠡᠨ ᠪᠠᠶ᠋ᠢᠨ᠎ᠠ ᠪᠠᠷᠰ ᠶᠤᠮ ‍ᠤᠤ
 ᠡᠪᠡᠷ ᠎ᠲᠠᠢ ᠪᠠᠶ᠋ᠢᠨ᠎ᠠ ᠦᠬᠡᠷ ᠶᠤᠮ ‍ᠤᠤ
       ( ᠭᠣᠯᠢᠶ᠎ᠠ )

 ᠬᠠᠶᠠᠭᠠᠨ ᠳᠣᠣᠭᠤᠷ ᠨᠤᠲᠤᠭ ᠎ᠲᠠᠢ
 ᠬᠠᠷ᠎ᠠ ᠲᠡᠮᠦᠷ ᠬᠤᠶᠠᠭ ᠎ᠲᠠᠢ
 ᠬᠠᠯᠳᠠᠵᠤ ᠣᠷᠣᠯᠳᠣᠪᠠᠯ ᠪᠣᠯᠠᠢ ᠎ᠲᠠᠢ
 ᠬᠠᠮᠠᠷ ᠭᠠᠳᠠᠮ᠎ᠠ ᠦᠨᠦᠷ ᠎ᠲᠠᠢ 
      (  ᠦᠮᠡᠬᠡᠢ ᠴᠣᠬᠣ )

 ᠠᠷᠪᠠᠭᠠᠷ ᠰᠠᠷᠪᠠᠭᠠᠷ ᠮᠤᠲᠤᠷ ᠎ᠲᠠᠢ
 ᠠᠷᠴᠠ ᠽᠠᠨᠳᠠᠨ ᠦᠨᠦᠷ ᠎ᠲᠠᠢ
 ᠠᠪᠳᠠᠷ᠎ᠠ ᠬᠣᠷᠭᠣ ᠳᠣᠣᠭᠤᠷ ᠨᠤᠲᠤᠭ ᠎ᠲᠠᠢ
 ᠠᠯᠢ ᠭᠠᠵᠠᠷ ‍ᠤᠨ ᠴᠣᠶ᠋ᠢᠵᠠᠩ ᠪᠤᠢ
      (  ᠦᠮᠡᠬᠡᠢ ᠴᠣᠬᠣ )

 ᠵᠢᠷᠤᠭ ᠰᠠᠶ᠋ᠢᠬᠠᠨ ᠪᠡᠶ᠎ᠡ  ᠎ᠲᠠᠢ
 ᠵᠢᠷᠭᠤᠭᠠᠨ ᠰᠠᠶ᠋ᠢᠬᠠᠨ ᠮᠤᠲᠤᠷ ᠎ᠲᠠᠢ
 ᠠᠭᠠᠷᠤ ᠽᠠᠨᠳᠠᠨ ᠦᠨᠦᠷ ᠎ᠲᠠᠢ
 ᠠᠯᠢ ᠭᠠᠵᠠᠷ ‍ᠤᠨ ᠲᠣᠶ᠋ᠢᠨ ᠪᠤᠢ
     (  ᠦᠮᠡᠬᠡᠢ ᠴᠣᠬᠣ )

 ᠰᠡᠷ ᠰᠡᠷ ᠳᠠᠭᠤ ᠎ᠲᠠᠢ
 ᠰᠠᠷᠢᠰᠤᠨ ᠬᠣᠶᠠᠷ ᠵᠢᠭᠦᠷ ᠎ᠲᠠᠢ
 ᠦᠰᠦᠷᠬᠦ ᠨᠢ ᠪᠤᠭᠤ ᠰᠢᠭ᠋
 ᠢᠳᠡᠬᠦ ᠨᠢ ᠢᠮᠠᠭ᠎ᠠ ᠰᠢᠭ᠋
      ( ᠴᠠᠷᠴᠠᠬᠠᠢ )

 ᠤᠷᠢᠳᠤ ᠠ᠋ᠴᠠ ᠨᠢ ᠬᠠᠷᠠᠪᠠᠯ
 ᠤᠬᠤᠨ᠎ᠠ ᠤᠬᠤᠨ᠎ᠠ ᠎ᠪᠠᠷ 
 ᠬᠣᠶ᠋ᠢᠨ᠎ᠠ ᠠ᠋ᠴᠠ ᠨᠢ ᠬᠠᠷᠠᠪᠠᠯ
 ᠬᠣᠮ ᠎ᠲᠠᠢ ᠲᠡᠮᠡᠭᠡ ᠰᠢᠭ᠌
      ( ᠴᠠᠷᠴᠠᠬᠠᠢ )

 ᠪᠥᠮᠪᠥᠭᠡᠷ ᠪᠥᠮᠪᠥᠭᠡᠷ ᠠᠯᠬᠤᠭ᠎ᠠ ᠎ᠲᠠᠢ
 ᠪᠣᠷᠣ ᠲᠣᠷᠭᠠᠨ ᠳᠡᠪᠡᠯ ᠎ᠲᠠᠢ
 ᠠᠭᠠᠷᠤ ᠽᠠᠨᠳᠠᠨ ᠦᠨᠦᠷ ᠎ᠲᠠᠢ
 ᠠᠯᠢ ᠯᠠᠮᠠ ‍ᠶ᠋ᠢᠨ ᠱᠠᠪᠢ ᠪᠤᠢ
     ( ᠴᠣᠬᠣ )

 ᠢᠳᠡᠬᠦ ᠠᠮᠠ ᠎ᠲᠠᠢ
 ᠪᠠᠭᠠᠬᠤ ᠪᠥᠭᠰᠡ ᠦᠭᠡᠢ
     ( ᠱᠠᠯᠵᠠ )

 ᠭᠥᠯᠢᠢᠭᠰᠡᠨ ᠲᠠᠷᠭᠤᠨ
 ᠭᠦᠵᠡᠭᠡ ᠦᠭᠡᠢ ᠲᠠᠷᠭᠤᠨ
 ᠶᠠᠨᠳᠠᠶ᠋ᠢᠬᠰᠠᠨ ᠲᠠᠷᠭᠤᠨ
 ᠶᠠᠰᠤ ᠦᠭᠡᠢ ᠲᠠᠷᠭᠤᠨ
      ( ᠬᠤᠪᠢᠯᠵᠠᠭᠠᠨ᠎ᠠ )

 ᠤᠩᠭᠠᠰᠤᠨ ᠳᠣᠲᠣᠷ᠎ᠠ
 ᠤᠯᠠᠭᠠᠨ ᠬᠦᠦ
     ( ᠱᠠᠯᠵᠠ )

 ᠶᠠᠰᠤ ᠦᠭᠡᠢ ᠶᠠᠨᠵᠠᠬᠠᠢ
 ᠦᠰᠦ ᠦᠭᠡᠢ ᠦᠯᠭᠡᠬᠡᠢ
    ( ᠬᠤᠪᠢᠯᠵᠠᠭᠠᠨ᠎ᠠ )

 ᠠᠯᠲᠠᠨ ᠲᠠᠰᠢᠭᠤᠷ ‍ᠢ
 ᠠᠳᠬᠤᠵᠤ ᠪᠣᠯᠬᠤ ᠦᠭᠡᠢ
      ( ᠮᠣᠭᠠᠢ )

 ᠰᠡᠭᠡᠷ ᠦᠭᠡᠢ ᠰᠡᠷᠲᠡᠩ
 ᠰᠡᠮᠡᠵᠡ ᠦᠭᠡᠢ ᠭᠤᠯᠳᠤᠩ
     ( ᠮᠣᠭᠠᠢ )

 ᠳᠡᠪᠡᠯ ‍ᠤᠨ ᠬᠢᠨᠢ ᠬᠡ ‍ᠶ᠋ᠢ
 ᠬᠡᠨ ᠲᠣᠭᠠᠯᠠᠬᠤ ᠪᠤᠢ
     ( ᠮᠣᠭᠠᠢ )

 ᠬᠣᠯᠠ ᠶᠠᠪᠤᠬᠤ ᠦᠭᠡᠢ ᠭᠠᠶ᠋ᠢᠬᠠᠯ
 ᠬᠤᠯᠠᠭᠠᠶ᠋ᠢᠴᠢ ᠠᠪᠠᠴᠢᠬᠤ ᠦᠭᠡᠢ ᠭᠠᠶ᠋ᠢᠬᠠᠯ
 ᠳᠡᠭᠡᠭᠦᠷ ᠳᠡᠭᠳᠡᠬᠦ ᠦᠭᠡᠢ ᠭᠠᠶ᠋ᠢᠬᠠᠯ
 ᠳᠡᠭᠡᠰᠦᠨ ‍ᠳᠤ ᠣᠷᠣᠬᠤ ᠦᠭᠡᠢ ᠭᠠᠶ᠋ᠢᠬᠠᠯ
     ( ᠪᠥᠭᠡᠰᠦ )

 ᠦᠶ᠎ᠡ ᠦᠭᠡᠢ ᠮᠣᠳᠣᠨ ‍ᠳᠤ
 ᠳᠠᠭᠤ ᠦᠭᠡᠢ ᠨᠣᠬᠠᠢ
     ( ᠪᠥᠭᠡᠰᠦ )

 ᠤᠤᠬᠠᠢ ᠲᠤᠤᠬᠠᠢ ᠪᠠᠭᠠᠲᠤᠷ
 ᠣᠩᠭᠣᠴᠠᠨ ᠳᠤᠮᠳᠠᠭᠤᠷ ‍ᠢᠶ᠋ᠠᠨ
 ᠲᠠᠰᠤᠷᠬᠠᠢ ᠪᠠᠭᠠᠲᠤᠷ
 ᠬᠠᠳᠠᠨ ‍ᠳᠤ ᠬᠠᠯᠲᠤᠷᠢᠳᠠᠭ ᠦᠭᠡᠢ ᠪᠠᠭᠠᠲᠤᠷ
 ᠬᠠᠷᠪᠤᠭᠠᠳ ᠣᠨᠣᠭᠳᠠᠳᠠᠭ ᠦᠭᠡᠢ ᠪᠠᠭᠠᠲᠤᠷ
      ( ᠰᠢᠷᠭᠤᠯᠵᠢ )

 ᠡᠩᠭᠡᠷ ᠦᠭᠡᠢ ᠮᠠᠩᠬᠠᠨ ᠳᠡᠭᠡᠷ᠎ᠡ
 ᠬᠢᠯᠢᠨᠴᠡ ᠦᠭᠡᠢ ᠴᠠᠭᠠᠨ ᠰᠢᠪᠠᠭᠤ
     ( ᠬᠣᠨᠢᠨ ᠭᠦᠷᠪᠡᠯ )

 ᠲᠠᠯ᠎ᠠ ‍ᠶ᠋ᠢᠨ ᠴᠣᠬᠣᠷ ᠠᠵᠢᠷᠭ᠎ᠠ
 ᠲᠠᠯ᠎ᠠ ‍ᠳᠤ ᠳᠠᠪᠬᠢᠵᠤ
 ᠪᠥᠭᠰᠡ ᠎ᠪᠠᠨ ᠪᠥᠮᠪᠦᠯᠵᠡᠭᠦᠯᠦᠨ
 ᠰᠡᠭᠦᠯ ‍ᠢᠶ᠋ᠠᠨ ᠰᠢᠷᠪᠠᠨ᠎ᠠ
     ( ᠭᠦᠷᠪᠡᠯ )

 ᠡᠷᠦᠬᠡ ᠬᠣᠷᠣᠭ᠎ᠠ ᠨᠢ ᠳᠣᠷᠣᠭᠰᠢ ᠬᠠᠨᠳᠤᠵᠤ
 ᠡᠭᠦᠳᠡ ᠴᠣᠩᠬᠣ ᠨᠢ ᠮᠠᠰᠢ ᠣᠯᠠᠨ
 ᠬᠣᠪᠣᠷ ᠰᠢᠮ᠎ᠡ᠎ ‍ᠶ᠋ᠢ ᠲᠡᠵᠢᠭᠡᠵᠦ
 ᠬᠤᠷᠢᠶᠠᠵᠤ ᠰᠠᠶ᠋ᠢᠬᠠᠨ ᠬᠠᠳᠠᠭᠠᠯᠠᠨ᠎ᠠ
      ( ᠵᠥᠭᠡᠢ᠎ ‍ᠶ᠋ᠢᠨ ᠡᠭᠦᠷ )


    ᠦᠰᠦᠭ  ᠠᠮᠢᠯᠠᠭᠤᠯᠤᠭᠰᠠᠨ ᠨᠢ :     ᠬᠠᠷᠠᠨᠤᠳ · ᠲᠤᠶᠠᠭ᠎ᠠ  ᠂   ᠬᠠᠲᠠᠴᠢ · ᠤᠷᠠᠨ᠎ᠠ
          ᠬᠢᠨᠠᠭᠴᠢ ᠄   ᠬᠠᠷᠠᠨᠤᠳ · ᠲᠤᠶᠠᠭ᠎ᠠ ᠂  ᠮᠢᠩᠭᠠᠳ ·  ᠴᠢᠮᠡᠭ