ᠤᠯᠠᠭᠠᠨ ᠬᠠᠳᠠ ᠶ᠋ᠢᠨ ᠤᠰᠤУлаан хадын ус ᠤᠷᠲᠤ ᠶ᠋ᠢᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠯᠠᠭᠠᠨ ᠬᠠᠳᠠ ᠶ᠋ᠢᠨ ᠤᠰᠤУлаан хадын ус

ᠤᠯᠠᠭᠠᠨ ᠬᠠᠳᠠ ᠶ᠋ᠢᠨ ᠤᠰᠤУлаан хадын ус

2023-04-18

299

ᠤᠯᠠᠭᠠᠨ ᠬᠠᠳᠠ ᠶ᠋ᠢᠨ ᠤᠰᠤ

  ᠣᠷᠳᠣᠰ ᠭᠦᠷᠦ ᠳᠠᠭᠤᠤ

ᠤᠯᠠᠭᠠᠨ ᠬᠠᠳᠠ ᠶ᠋ᠢᠨ ᠤᠰᠤ ᠶ᠋ᠢ
ᠤᠤᠭᠤᠭᠠᠳᠤᠢ ᠬᠠᠯᠢᠭᠤᠨ ᠪᠣᠢ
ᠤᠷᠠᠨ ᠰᠡᠴᠡᠨ ᠳᠡᠭᠦᠦ ᠨᠠᠷ ᠲᠤ᠌ ᠪᠠᠨ
ᠪᠢᠳᠡ ᠢᠷᠡᠭᠡᠳ ᠵᠣᠯᠭᠠᠨ᠎ᠠ

ᠴᠠᠭᠠᠨ ᠬᠠᠳᠠ ᠶ᠋ᠢᠨ ᠤᠰᠤ ᠶ᠋ᠢ
ᠤᠤᠭᠤᠭᠠᠳᠤᠢ ᠬᠠᠯᠢᠭᠤᠨ ᠪᠣᠢ
ᠴᠠᠭᠯᠠᠰᠢ ᠦᠭᠡᠢ ᠳᠡᠭᠦᠦ ᠨᠠᠷ ᠲᠤ᠌ ᠪᠠᠨ
ᠪᠢᠳᠡ ᠢᠷᠡᠭᠡᠳ ᠵᠣᠯᠭᠠᠨ᠎ᠠ

ᠨᠠᠷᠢᠨ ᠴᠠᠭᠠᠨ ᠰᠤᠮᠤᠨ  ᠳ᠋ᠤ᠌
ᠨᠠᠪᠴᠢᠨ ᠲᠠᠤᠯᠠᠢ ᠨᠠᠬᠢᠯᠵᠠᠨ᠎ᠠ
ᠨᠠᠬᠢᠯᠵᠠᠭᠰᠠᠨ ᠳᠡᠭᠦᠦ ᠨᠠᠷ ᠲᠤ᠌ ᠪᠠᠨ
ᠪᠢᠳᠡ ᠢᠷᠡᠭᠡᠳ ᠵᠣᠯᠭᠠᠨ᠎ᠠ

ᠥᠷᠭᠡᠨ ᠴᠠᠭᠠᠨ ᠰᠤᠮᠤᠨ  ᠳ᠋ᠤ᠌
ᠪᠥᠵᠥᠩ ᠲᠠᠤᠯᠠᠢ ᠪᠦᠭᠭᠦᠯᠵᠡᠨ᠎ᠡ
ᠪᠦᠬᠦᠢᠯᠵᠡᠭᠰᠡᠨ ᠳᠡᠭᠦᠦ ᠨᠠᠷ ᠲᠤ᠌ ᠪᠠᠨ
ᠪᠢᠳᠡ ᠢᠷᠡᠭᠡᠳ ᠵᠣᠯᠭᠠᠨ᠎ᠠ

ᠬᠤᠷᠠᠭ᠎ᠠ ᠲᠠᠢ ᠪᠠᠨ ᠬᠣᠨᠢᠨ  ᠳ᠋ᠤ᠌
ᠬᠤᠷᠠᠭ᠎ᠠ ᠶᠠᠭᠤᠨ ᠳ᠋ᠤ᠌ ᠪᠠᠨ ᠡᠷᠭᠢᠨ᠎ᠡ ᠳᠡ
ᠬᠣᠩᠭᠣᠷ ᠠᠯᠠᠭ ᠳᠡᠭᠦᠦ ᠨᠠᠷ ᠲᠤ᠌ ᠪᠠᠨ
ᠪᠢᠳᠡ ᠢᠷᠡᠭᠡᠳ ᠵᠣᠯᠭᠠᠨ᠎ᠠ

ᠢᠨᠵᠠᠭ᠎ᠠ ᠲᠠᠢ ᠪᠠᠨ ᠵᠡᠭᠡᠷ᠎ᠡ ᠨᠢ
ᠢᠨᠵᠠᠭ᠎ᠠ ᠶᠠᠭᠤᠨ ᠳ᠋ᠤ᠌ ᠪᠠᠨ ᠡᠷᠭᠢᠨ᠎ᠡ ᠳᠡ
ᠢᠷᠠᠯᠵᠠᠭᠰᠠᠨ ᠳᠡᠭᠦᠦ ᠨᠠᠷ ᠲᠤ᠌ ᠪᠠᠨ
ᠪᠢᠳᠡ ᠢᠷᠡᠭᠡᠳ ᠵᠣᠯᠭᠠᠨ᠎ᠠ

ᠤᠭᠠᠯᠵᠠ ᠲᠠᠢ ᠪᠠᠨ ᠮᠠᠭᠨᠢ ᠳ᠋ᠤ᠌
ᠤᠭᠠᠯᠵᠠ ᠶᠠᠭᠤᠨ ᠳ᠋ᠤ᠌ ᠪᠠᠨ ᠵᠣᠬᠢᠰᠲᠠᠢ
ᠤᠷᠠᠨ ᠰᠡᠴᠡᠨ ᠳᠡᠭᠦᠦ ᠨᠠᠷ ᠲᠤ᠌ ᠪᠠᠨ
ᠪᠢᠳᠡ ᠢᠷᠡᠭᠡᠳ ᠵᠣᠯᠭᠠᠨ᠎ᠠ

ᠯᠣᠩᠬᠣ ᠲᠠᠢ ᠪᠠᠨ ᠠᠷᠢᠬᠢ ᠪᠠᠨ
ᠰᠣᠩᠭᠣᠨ ᠰᠠᠭᠤᠵᠤ ᠨᠠᠢᠷᠯᠠᠶ᠎ᠠ
ᠬᠤᠨᠳᠠᠭ᠎ᠠ ᠲᠠᠢ ᠪᠠᠨ ᠠᠷᠢᠬᠢ ᠪᠠᠨ
ᠲᠠᠯᠪᠢᠨ ᠰᠠᠭᠤᠵᠤ ᠨᠠᠢᠷᠯᠠᠶ᠎ᠠ

  ᠣᠶᠤᠨᠴᠡᠴᠡᠭ ᠪᠠᠭᠰᠢ ᠦᠰᠦᠭ ᠥᠷᠥᠪᠡ