ᠪᠢᠴᠢᠬᠠᠨ ᠰᠢᠪᠠᠭᠤᠨ ᠤ᠋ ᠲᠤᠬᠠᠢ ᠦᠯᠢᠭᠡᠷБяцхан шувууны тухай үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢᠴᠢᠬᠠᠨ ᠰᠢᠪᠠᠭᠤᠨ ᠤ᠋ ᠲᠤᠬᠠᠢ ᠦᠯᠢᠭᠡᠷБяцхан шувууны тухай үлгэр

ᠪᠢᠴᠢᠬᠠᠨ ᠰᠢᠪᠠᠭᠤᠨ ᠤ᠋ ᠲᠤᠬᠠᠢ ᠦᠯᠢᠭᠡᠷБяцхан шувууны тухай үлгэр

ᠠᠩᠭᠢᠯᠠᠯ:ᠳᠣᠮᠣᠭ ᠦᠯᠢᠭᠡᠷ
2023-04-18

280

ᠪᠢᠴᠢᠬᠠᠨ ᠰᠢᠪᠠᠭᠤᠨ ᠤ᠋ ᠲᠤᠬᠠᠢ ᠦᠯᠢᠭᠡᠷ

   ᠡᠷᠲᠡ ᠤᠷᠢᠳᠤ ᠴᠠᠭ ᠲᠤ᠌ ᠪᠢᠴᠢᠬᠠᠨ ᠰᠢᠪᠠᠭᠤ ᠡᠵᠢ ᠲᠡᠢ ᠪᠡᠨ ᠬᠠᠮᠲᠤ ᠠᠵᠠ ᠵᠢᠷᠭᠠᠯ ᠲᠠᠢ ᠠᠮᠢᠳᠤᠷᠠᠵᠤ ᠪᠠᠶ᠋ᠢᠵᠠᠢ ᠃ ᠨᠢᠭᠡᠨ ᠡᠳᠦᠷ ᠪᠢᠴᠢᠬᠠᠨ ᠰᠢᠪᠠᠭᠤ ᠡᠵᠢ ᠲᠡᠢ ᠪᠡᠨ ᠬᠠᠮᠲᠤ ᠨᠢᠰᠴᠦ ᠪᠠᠶ᠋ᠢᠭᠠᠳ ᠮᠣᠳᠣᠨ ᠤ᠋ ᠢᠷᠣᠭᠠᠯ ᠳ᠋ᠤ᠌ ᠰᠢᠬᠢᠷ ᠪᠠᠶ᠋ᠢᠬᠤ ᠶ᠋ᠢ ᠣᠯᠵᠤ ᠬᠠᠷᠠᠪᠠ ᠃ 《 ᠡᠵᠢ ᠠ᠋ ᠂ ᠡᠵᠢ ᠠ᠋ ᠲᠡᠨᠳᠡ ᠰᠢᠬᠢᠷ ᠪᠠᠶ᠋ᠢᠨ᠎ᠠ ᠂ ᠰᠢᠬᠢᠷ ᠪᠠᠶ᠋ᠢᠨ᠎ᠠ ᠂ ᠪᠢ ᠰᠢᠬᠢᠷ ᠢᠳᠡᠮᠡᠷ ᠪᠠᠶ᠋ᠢᠨ᠎ᠠ 》 ᠭᠡᠵᠦ ᠳᠠᠭᠤ ᠠᠯᠳᠠᠪᠠ ᠃ 《 ᠮᠢᠨᠦ ᠬᠦᠦ ᠰᠢᠬᠢᠷ ᠢᠳᠡᠵᠦ ᠪᠣᠯᠬᠤ ᠦᠭᠡᠢ ᠰᠢᠦ ᠳᠡ ᠂ ᠰᠢᠬᠢᠷ ᠢᠳᠡᠪᠡᠯ ᠰᠢᠳᠦ ᠨᠢ ᠡᠪᠡᠳᠦᠨ᠎ᠡ 》 ᠭᠡᠵᠦ ᠬᠡᠯᠡᠭᠡᠳ ᠴᠠᠭᠠᠱᠢ ᠪᠠᠨ ᠨᠢᠰᠪᠡ ᠃ ᠡᠵᠢ ᠶ᠋ᠢ ᠪᠡᠨ ᠬᠣᠭᠣᠯᠠ ᠣᠯᠵᠤ ᠢᠷᠡᠬᠦ ᠪᠡᠷ ᠨᠢᠰᠦᠭᠡᠳ ᠶᠠᠪᠤᠭᠰᠠᠨ ᠬᠣᠭᠣᠷᠣ ᠨᠢ ᠪᠢᠴᠢᠬᠠᠨ ᠰᠢᠪᠠᠭᠤ ᠪᠤᠴᠠᠵᠤ ᠢᠷᠡᠭᠡᠳ ᠨᠥᠬᠥᠭᠡ ᠰᠢᠬᠢᠷ ᠊ᠢ ᠢᠳᠡᠭᠡᠳ ᠴᠠᠭᠠᠰᠤ ᠶ᠋ᠢ ᠨᠢ ᠬᠣᠭ ᠤ᠋ᠨ ᠰᠠᠪᠠᠨ ᠳ᠋ᠤ᠌ ᠬᠢᠴᠢᠬᠡᠭᠡᠳ ᠪᠤᠴᠠᠭᠠᠳ ᠨᠢᠰᠪᠡ ᠃

ᠤᠳᠠᠯ ᠦᠭᠡᠢ ᠪᠢᠴᠢᠬᠠᠨ ᠰᠢᠪᠠᠭᠤᠨ ᠤ᠋ ᠰᠢᠳᠦ ᠮᠠᠰᠢ ᠶᠡᠬᠡ ᠪᠡᠷ ᠡᠪᠡᠳᠪᠡ ᠃ 《 ᠡᠵᠢ ᠠ᠋ ᠂ ᠡᠵᠢ ᠠ᠋ ᠂ ᠶᠣ᠌ ᠶᠣ᠌ — ᠮᠢᠨᠦ ᠰᠢᠲᠦ ᠡᠪᠡᠳᠦᠭᠡᠳ ᠪᠠᠶ᠋ᠢᠨ᠎ᠠ 》 ᠭᠡᠵᠦ ᠴᠢᠩᠭ᠎ᠠ ᠪᠠᠷ ᠤᠬᠢᠯᠠᠪᠠ ᠃ ᠬᠦᠦ ᠪᠡᠨ ᠤᠬᠢᠯᠠᠬᠤ ᠶ᠋ᠢ ᠰᠣᠨᠣᠰᠤᠭᠰᠠᠨ ᠡᠵᠢ ᠨᠢ ᠬᠦᠦ ᠳᠡᠭᠡᠷ᠎ᠡ ᠪᠡᠨ ᠨᠢᠰᠴᠦ ᠢᠷᠡᠭᠡᠳ ᠄ 《 ᠮᠢᠨᠦ ᠬᠦᠦ ᠶᠠᠭᠠᠬᠢᠭᠰᠠᠨ ᠪᠣᠢ ? ᠶᠠᠭᠤ ᠪᠣᠯᠤᠭᠰᠠᠨ ᠂ ᠶᠠᠭᠤ ᠨᠢ ᠡᠪᠡᠳᠴᠦ ᠪᠠᠶ᠋ᠢᠨ᠎ᠠ ? 》 ᠭᠡᠵᠦ ᠠᠰᠠᠭᠤᠪᠠ ᠃ ᠬᠦᠦ ᠨᠢ 《 ᠰᠢᠳᠦ 》 ᠭᠡᠬᠦ ᠡᠴᠡ ᠥᠭᠡᠷ᠎ᠡ ᠶᠠᠭᠤ ᠴᠤ᠌ ᠳᠤᠤᠭᠠᠷᠴᠤ ᠴᠢᠳᠠᠭᠰᠠᠨ ᠦᠭᠡᠢ ᠃ 《 ᠦᠭᠡᠢ ᠴᠢ ᠴᠢᠨᠢ ᠨᠥᠭᠥᠭᠡ ᠭᠠᠵᠠᠷ ᠪᠠᠶ᠋ᠢᠬᠰᠠᠨ ᠰᠢᠬᠢᠷ ᠊ᠢ ᠢᠲᠡᠭᠰᠡᠨ ‍ᠦᠦ ? 》 ᠭᠡᠵᠦ ᠠᠰᠠᠭᠤᠬᠤ ᠳ᠋ᠤ᠌ ᠄ 《 ᠲᠡᠶ᠋ᠢᠮᠦ ᠠ᠋ ᠂ ᠠᠭᠤᠴᠢᠯᠠᠭᠠᠷᠠᠢ ! ᠡᠵᠢ ᠠ᠋ 》 ᠭᠡᠵᠦ ᠬᠦᠦ ᠬᠠᠷᠢᠭᠤᠯᠪᠠ ᠃ ᠡᠵᠢ ᠨᠢ ᠄ 《 ᠴᠢᠮ᠎ᠠ ᠶ᠋ᠢ ᠰᠢᠬᠢᠷ ᠪᠢᠲᠡᠭᠡᠢ ᠢᠳᠡᠭᠡᠷᠡᠢ ! ᠬᠡᠷᠪᠡ ᠰᠢᠬᠢᠷ ᠢᠳᠡᠬᠦ ᠶᠦ᠍ᠮ ᠪᠣᠯ ᠰᠢᠲᠦ ᠪᠡᠨ ᠰᠠᠢᠨ ᠤᠬᠢᠶᠠᠭᠠᠷᠠᠢ ! ᠤᠬᠢᠶᠠᠬᠤ ᠦᠭᠡᠢ ᠪᠣᠯ ᠬᠣᠷᠣᠬᠠᠢ ᠴᠤᠭᠤᠷᠬᠠᠢ ᠬᠣᠶᠠᠷ ᠠᠮᠠᠨ ᠳ᠋ᠤ᠌ ᠴᠢᠨᠢ ᠣᠷᠣᠭᠠᠳ ᠰᠢᠲᠦ ᠶ᠋ᠢ ᠴᠢᠨᠢ ᠢᠳᠡᠭᠡᠳ ᠰᠢᠲᠦ ᠨᠢ ᠠᠶᠤᠮᠰᠢᠭᠲᠠᠢ ᠡᠪᠡᠳᠦᠨ᠎ᠡ ᠭᠡᠵᠦ ᠬᠡᠯᠡᠭᠰᠡᠨ ᠪᠢᠵᠡ ᠳᠡ 》 ᠭᠡᠵᠦ ᠭᠡᠨ᠎ᠡ ᠃ ᠲᠡᠭᠡᠭᠡᠳ ᠬᠦᠦ ᠪᠡᠨ ᠠᠪᠤᠭᠠᠳ ᠪᠠᠭᠠᠪᠠᠭᠠᠢ ᠡᠮᠴᠢ ᠳᠡᠭᠡᠷ᠎ᠡ ᠣᠴᠢᠭᠠᠳ ᠪᠠᠭᠠᠪᠠᠭᠠᠢ ᠳᠡᠭᠡᠷ᠎ᠡ ᠦᠵᠡᠭᠦᠯᠬᠦ ᠪᠡᠷ ᠡᠮᠨᠡᠯᠭᠡ ᠳᠡᠭᠡᠷ᠎ᠡ ᠢᠷᠡᠲᠡᠯ᠎ᠡ ᠰᠢᠳᠦ ᠨᠢ ᠡᠪᠡᠲᠦᠭᠰᠡᠨ ᠠᠮᠢᠲᠠᠳ ᠵᠥᠩᠳᠡᠭᠡᠨ ᠪᠠᠶ᠋ᠢᠯ᠎ᠠ ᠃ ᠡᠨᠳᠡ ᠲᠡᠨᠳᠡ ᠦᠭᠡᠢ 《 ᠶᠣ᠌ ᠶᠣ᠌ ᠶᠣ᠌ ᠶᠣ᠌ 》 ᠭᠡᠵᠦ ᠣᠷᠢᠯᠠᠯᠳᠤᠨ᠎ᠠ ᠃ ᠪᠢᠴᠢᠬᠠᠨ ᠰᠢᠪᠠᠭᠤ ᠶ᠋ᠢᠨ ᠡᠵᠢ ᠢᠷᠡᠵᠡᠢ ᠃ ᠡᠮᠴᠢ ᠪᠠᠭᠠᠪᠠᠭᠠᠢ ᠄ 《 ᠵᠠ ᠂ ᠪᠢᠴᠢᠬᠠᠨ ᠰᠢᠪᠠᠭᠤ ᠶᠠᠭᠠᠬᠢᠭᠠᠳ ᠰᠢᠲᠦ ᠪᠡᠨ ᠡᠪᠡᠤᠠᠬᠡᠭᠰᠡᠨ ᠪᠣᠢ ? 》 ᠭᠡᠵᠦ ᠠᠰᠠᠭᠤᠲᠠᠯ᠎ᠠ ᠪᠢᠴᠢᠬᠠᠨ ᠰᠢᠪᠠᠭᠤ ᠬᠠᠷᠢᠭᠤ ᠳ᠋ᠤ᠌ ᠨᠢ ᠄ 《 ᠰᠢᠬᠢᠷ ᠢᠳᠡᠭᠡᠳ 》 ᠭᠡᠵᠦ ᠬᠠᠷᠢᠭᠤᠯᠪᠠ ᠃ ᠡᠮᠴᠢ ᠪᠠᠭᠠᠪᠠᠭᠠᠢ ᠄ 《 ᠰᠢᠬᠢᠷ ᠪᠠᠭ᠎ᠠ ᠢᠳᠡᠵᠦ ᠂ ᠰᠢᠲᠦ ᠪᠡᠨ ᠥᠷᠯᠥᠭᠡ ᠣᠷᠣᠢ ᠳ᠋ᠤ᠌ ᠪᠠᠨ ᠰᠠᠢᠨ ᠤᠬᠢᠶᠠᠭᠠᠷᠠᠢ ! ᠰᠢᠲᠦ ᠶ᠋ᠢ ᠴᠢᠨᠢ ᠬᠣᠷᠣᠬᠠᠢ ᠴᠤᠭᠤᠷᠬᠠᠢ ᠬᠣᠶᠠᠷ ᠢᠲᠡᠴᠢᠬᠡᠭᠰᠡᠨ ᠪᠠᠶ᠋ᠢᠨ᠎ᠠ 》 ᠭᠡᠵᠦ ᠬᠡᠯᠡᠭᠡᠳ ᠰᠢᠳᠦ ᠶ᠋ᠢ ᠨᠢ ᠡᠮᠴᠢᠯᠡᠪᠡ ᠃

ᠪᠢᠴᠢᠬᠠᠨ ᠰᠢᠪᠠᠭᠤ ᠭᠡᠷ ᠲᠦ᠍ ᠪᠡᠨ ᠢᠷᠡᠭᠡᠳ ᠄ 《 ᠡᠵᠢ ᠠ᠋ ᠂ ᠬᠦᠦ ᠨᠢ ᠳᠠᠬᠢᠵᠤ ᠰᠢᠬᠢᠷ ᠢᠳᠡᠬᠦ ᠦᠭᠡᠢ ᠂ ᠡᠵᠢ ᠶ᠋ᠢᠨ ᠢ᠋ᠶ᠋ᠡᠨ ᠦᠭᠡᠨ ᠳ᠋ᠦ᠍ ᠲᠠᠩᠳᠠ ᠣᠷᠣᠵᠤ ᠪᠠᠶ᠋ᠢᠨ᠎ᠠ 》 ᠭᠡᠵᠦ ᠬᠡᠯᠡᠭᠡᠳ ᠨᠠᠶ᠋ᠢᠵᠠ ᠨᠤᠭᠤᠳ ᠲᠠᠢ ᠪᠠᠨ ᠲᠣᠭᠯᠠᠬᠤ ᠪᠠᠷ ᠭᠠᠷᠪᠠ ᠃ ᠢᠩᠭᠢᠭᠡᠳ ᠪᠢᠴᠢᠬᠠᠨ ᠰᠢᠪᠠᠭᠤ ᠡᠵᠢ ᠲᠡᠢ ᠪᠡᠨ ᠡᠷᠡᠭᠦᠯ ᠰᠠᠷᠠᠭᠤᠯ ᠠᠮᠤᠷ ᠰᠠᠢᠬᠠᠨ ᠳ᠋ᠤ᠌ ᠪᠠᠨ ᠵᠢᠷᠭᠠᠵᠠᠢ ᠃


   ᠦᠰᠦᠭ ᠬᠠᠲᠠᠭᠰᠠᠨ ᠨᠢ ᠄ᠮᠥᠩᠭᠦᠨᠴᠡᠴᠡᠭ᠂ᠬᠠᠰᠴᠢᠮᠡᠭ 

   ᠦᠰᠦᠭ ᠠᠮᠢᠯᠠᠭᠤᠯᠤᠭᠰᠠᠨ ᠨᠢ ᠄ ᠮᠥᠩᠭᠦᠨᠴᠡᠴᠡᠭ᠂ᠬᠠᠰᠴᠢᠮᠡᠭ 

   ᠬᠢᠨᠠᠭᠴᠢ ᠪᠠᠭᠰᠢ ᠄ᠮᠥᠴᠢᠷ᠂ ᠭᠠᠷᠮ᠎ᠠ᠂ᠾᠦᠩ ᠸᠧᠢ