ᠳᠡᠯᠡᠬᠡᠢ ᠳ᠋ᠠᠬᠢᠨ ᠳ᠋ᠤ᠌ ᠡᠬᠡ ᠪᠠᠢᠭᠠᠯᠢ ᠲᠠᠢ ᠪᠠᠨ ᠡᠰᠡᠷᠭᠦᠴᠡᠯᠳᠦᠳᠡᠭ ᠦᠭᠡᠢ ᠴᠣᠷ ᠤ᠋ᠨ ᠭᠠᠭᠴᠠ ᠦᠨᠳᠦᠰᠦᠲᠡᠨ ᠪᠣᠯ ᠮᠣᠩᠭᠣᠯ ᠤᠭᠰᠠᠭᠠᠲᠠᠨ ᠶᠤᠮДэлхий дахинд эх байгальтайгаа эсэргүүцэлддэггүй цорын гагц үндэстэн бол монгол угсаатан юм
ᠳᠡᠯᠡᠬᠡᠢ ᠳ᠋ᠠᠬᠢᠨ ᠳ᠋ᠤ᠌ ᠡᠬᠡ ᠪᠠᠢᠭᠠᠯᠢ ᠲᠠᠢ ᠪᠠᠨ ᠡᠰᠡᠷᠭᠦᠴᠡᠯᠳᠦᠳᠡᠭ ᠦᠭᠡᠢ ᠴᠣᠷ ᠤ᠋ᠨ ᠭᠠᠭᠴᠠ ᠦᠨᠳᠦᠰᠦᠲᠡᠨ ᠪᠣᠯ ᠮᠣᠩᠭᠣᠯ ᠤᠭᠰᠠᠭᠠᠲᠠᠨ ᠶᠤᠮ
《 ᠳᠡᠯᠡᠬᠡᠢ ᠳᠡᠭᠡᠷ᠎ᠡ ᠶᠡᠷᠦ ᠨᠢ ᠡᠢᠮᠦ ᠴᠥᠭᠡᠨ ᠬᠥᠮᠦᠨ ᠥᠴᠢᠨᠡᠨ ᠣᠯᠠᠨ ᠬᠥᠮᠦᠰ ᠲᠦ᠍ ᠲᠡᠢᠮᠦ ᠶᠡᠬᠡ ᠵᠢᠳᠬᠦᠯ ᠦᠵᠡᠭᠦᠯᠦᠭᠰᠡᠨ ᠠᠨᠤ ᠦᠭᠡᠢ 》 ᠭᠡᠵᠦ ᠮᠣᠩᠭᠣᠯᠴᠤᠳ ᠢ ᠠᠩᠭ᠌ᠯᠢ ᠶ᠋ᠢᠨ ᠲᠡᠷᠢᠭᠦᠨ ᠰᠠᠢᠳ ᠴᠢᠦᠽᠸᠯ ᠦᠨᠡᠯᠡᠵᠦ ᠥᠩᠭᠡᠷᠡᠪᠡ᠃
ᠥᠪᠥᠷ ᠮᠣᠩᠭᠣᠯ ᠤ᠋ᠨ ᠠᠯᠳᠠᠷᠲᠤ ᠠᠮᠢ ᠠᠬᠤᠢ ᠶ᠋ᠢᠨ ᠰᠤᠳᠤᠯᠭᠠᠲᠠᠨ ᠯᠢᠦ ᠱᠤ᠌ ᠿᠦᠨ ᠶᠠᠷᠢᠶᠠᠨ ᠳ᠋ᠠᠭᠠᠨ ᠵᠢᠭᠠᠵᠤ ᠭᠠᠷᠭᠠᠭᠰᠠᠨ ᠨᠢ᠄ ᠳᠡᠯᠡᠬᠡᠢ ᠳ᠋ᠠᠬᠢᠨ ᠳ᠋ᠤ᠌ ᠡᠬᠡ ᠪᠠᠢᠭᠠᠯᠢ ᠲᠠᠢ ᠪᠠᠨ ᠡᠰᠡᠷᠭᠦᠴᠡᠯᠳᠦᠳᠡᠭ ᠦᠭᠡᠢ ᠴᠣᠷ ᠤ᠋ᠨ ᠭᠠᠭᠴᠠ ᠦᠨᠳᠦᠰᠦᠲᠡᠨ ᠪᠣᠯ ᠮᠣᠩᠭᠣᠯ ᠤᠭᠰᠠᠭᠠᠲᠠᠨ ᠶᠤᠮ ᠭᠡᠵᠡᠢ᠃ ᠲᠡᠷᠡ ᠪᠠᠰᠠ ᠬᠡᠯᠡᠬᠦ ᠳ᠋ᠡᠭᠡᠨ 《 ᠨᠡᠭᠦᠳᠡᠯ ᠰᠣᠶᠣᠯ ᠢ᠋ ᠬᠣᠴᠣᠷᠤᠩᠭᠤᠢ ᠰᠣᠶᠣᠯ ᠭᠡᠮᠡᠨ ᠦᠵᠡᠭᠰᠡᠭᠡᠷ ᠢᠷᠡᠭᠰᠡᠨ ᠬᠥᠮᠦᠰ ᠣᠳᠣ ᠨᠡᠭᠦᠳᠡᠯ ᠰᠣᠶᠣᠯ ᠪᠣᠯ ᠬᠡᠴᠢᠨᠡᠨ ᠳᠠᠪᠰᠢᠩᠭᠤᠢ ᠰᠣᠶᠣᠯ ᠭᠡᠭᠴᠢ ᠶ᠋ᠢ ᠡᠬᠢᠯᠡᠨ ᠮᠡᠳᠡᠷᠡᠵᠦ᠂ ᠨᠡᠭᠦᠳᠡᠯ ᠰᠣᠶᠣᠯ ᠤ᠋ᠨ ᠠᠮᠢ ᠠᠬᠤᠢ ᠲᠠᠢ ᠵᠣᠬᠢᠴᠠᠯᠳᠤᠭᠰᠠᠨ ᠲᠠᠯ᠎ᠠ ᠶ᠋ᠢ ᠰᠤᠳᠤᠯᠤᠨ ᠰᠤᠷᠤᠯᠴᠠᠴᠤ ᠪᠠᠢᠨ᠎ᠠ᠃ ᠨᠡᠭᠦᠳᠡᠯ ᠰᠣᠶᠣᠯ ᠪᠣᠯ ᠲᠡᠷᠡ ᠴᠡᠭ ᠢ᠋ᠶ᠋ᠠᠷ ᠢ᠋ᠶ᠋ᠠᠨ ᠬᠠᠢᠷ᠎ᠠ ᠪᠢᠯᠬᠠᠭᠰᠠᠨ ᠠᠮᠢ ᠠᠬᠤᠢ ᠶ᠋ᠢᠨ ᠰᠣᠶᠣᠯ ᠮᠥᠨ᠃ ᠡᠭᠦᠨ ᠢ᠋ ᠮᠣᠩᠭᠣᠯᠴᠤᠳ ᠤ᠋ᠨ ᠠᠶᠠᠯᠭᠤ ᠳᠠᠭᠤᠤ ᠂ ᠠᠭᠤᠯᠠ ᠤᠰᠤ ᠪᠠᠨ ᠂ ᠨᠤᠲᠤᠭ ᠣᠷᠣᠨ ᠢ᠋ᠶ᠋ᠠᠨ ᠂ ᠠᠮᠢᠲᠠᠨ ᠭᠣᠣᠯᠳᠠᠨ ᠢ᠋ᠶ᠋ᠠᠨ ᠂ ᠤᠷᠭᠤᠮᠠᠯ ᠡᠪᠡᠰᠦ ᠪᠡᠨ ᠂ ᠶᠠᠭᠤ ᠴᠤ᠌ ᠭᠡᠰᠡᠨ ᠡᠬᠡ ᠪᠠᠢᠭᠠᠯᠢ ᠶ᠋ᠢᠨ ᠰᠣᠶᠣᠷᠬᠠᠯ ᠪᠦᠬᠦᠨ ᠢ᠋ ᠦᠨᠡᠨᠴᠢ ᠬᠠᠢᠷ᠎ᠠ ᠪᠠᠷ ᠮᠠᠭᠲᠠᠨ ᠳᠠᠭᠤᠯᠠᠭᠰᠠᠨ ᠪᠠᠢᠳᠠᠭ᠃ ᠡᠨᠡ ᠨᠢ ᠮᠣᠩᠭᠣᠯᠴᠤᠳ ᠡᠬᠡ ᠪᠠᠢᠭᠠᠯᠢ ᠪᠠᠨ ᠬᠡᠷᠬᠢᠨ ᠳᠡᠭᠡᠳᠦᠯᠡᠵᠦ ᠂ ᠡᠬᠡ ᠪᠠᠢᠭᠠᠯᠢ ᠳ᠋ᠤ᠌ ᠬᠡᠴᠢᠨᠡᠨ ᠬᠠᠢᠷ᠎ᠠ ᠲᠠᠢ ᠪᠠᠢᠭ᠎ᠠ ᠶ᠋ᠢ ᠬᠠᠷᠠᠭᠤᠯᠵᠤ ᠪᠣᠢ ᠁ 》 ᠭᠡᠵᠦ ᠥᠷᠯᠥᠭ ᠲᠡᠦᠬᠡᠲᠦ ᠮᠣᠩᠭᠣᠯᠴᠤᠳ ᠢ᠋ ᠦᠨᠡᠨ ᠵᠥᠪ ᠢ᠋ᠶ᠋ᠡᠷ ᠦᠨᠡᠯᠡᠭᠰᠡᠨ ᠪᠠᠢᠨ᠎ᠠ᠃
ᠦᠰᠦᠭ ᠠᠮᠢᠯᠠᠭᠤᠯᠤᠭᠴᠢ ᠄ ᠣᠤᠠᠬᠣᠨᠴᠡᠴᠡᠭ
ᠬᠢᠨᠠᠭᠴᠢ ᠄ ᠰᠡᠬᠡᠭᠡᠷᠡᠯ ᠂ ᠪᠠᠶᠠᠷᠴᠡᠴᠡᠭ
