ᠲᠣᠬᠤᠨᠲᠡᠮᠦᠷ ᠤᠬᠠᠭᠠᠨᠲᠤ ᠬᠠᠭᠠᠨ (15) - ᠬᠦᠴᠢᠬᠡᠨ Тохонтөмөр ухаант хаан(15) - Хүчхэн ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠬᠤᠨᠲᠡᠮᠦᠷ ᠤᠬᠠᠭᠠᠨᠲᠤ ᠬᠠᠭᠠᠨ (15) - ᠬᠦᠴᠢᠬᠡᠨ Тохонтөмөр ухаант хаан(15) - Хүчхэн

ᠲᠣᠬᠤᠨᠲᠡᠮᠦᠷ ᠤᠬᠠᠭᠠᠨᠲᠤ ᠬᠠᠭᠠᠨ (15) - ᠬᠦᠴᠢᠬᠡᠨ Тохонтөмөр ухаант хаан(15) - Хүчхэн

ᠠᠩᠭᠢᠯᠠᠯ:ᠲᠡᠦᠬᠡ ᠰᠣᠶᠣᠯ
2023-04-18

268

ᠲᠣᠬᠣᠨᠲᠡᠮᠦᠷ ᠤᠬᠠᠭᠠᠨᠲᠤ ᠬᠠᠭᠠᠨ – 15


                             ᠠᠷᠪᠠᠨ ᠲᠠᠪᠤᠳᠤᠭᠠᠷ ᠪᠦᠯᠦᠭ 
               ᠲᠦᠷᠢᠮᠡᠬᠡᠢ ᠮᠣᠩᠭᠣᠯ ᠢ᠋ ᠬᠥᠭᠡᠭᠡᠵᠦ ᠭᠠᠷᠭᠠᠬᠤ ᠪᠠᠷ ᠵᠣ᠌ ᠶᠤᠸᠠᠨ ᠵᠠᠩ ᠤᠮᠠᠷᠠᠰᠢ ᠲᠡᠢᠯᠡᠪᠡᠢ
               ᠲᠥᠷᠥ ᠤᠯᠠᠮᠵᠢᠯᠠᠬᠤ ᠬᠠᠰ ᠲᠠᠮᠠᠭ᠎ᠠ ᠪᠠᠨ ᠬᠠᠨᠴᠤᠢᠯᠠᠵᠤ ᠲᠣᠬᠤᠨᠲᠡᠮᠦᠷ ᠳᠠᠢᠳᠤ ᠠ᠋ᠴᠠ ᠵᠠᠢᠯᠠᠪᠠᠢ
    
       ᠶᠡᠷᠦ ᠶ᠋ᠢᠨ ᠦᠭᠡᠨ ᠳ᠋ᠦ᠍《 ᠢᠷᠣ᠎ᠠ ᠤᠷᠢᠳᠤ ᠠ᠋ᠴᠠ ᠂ ᠲᠥᠷᠥ ᠬᠣᠢᠨ᠎ᠠ ᠠ᠋ᠴᠠ ᠂ ᠠᠭᠤᠯᠠᠨ ᠪᠣᠷᠣᠭᠠᠨ ᠴᠢᠳᠬᠤᠯᠠᠨ ᠢᠷᠡᠬᠦᠶ᠎ᠡ ᠠᠰᠠᠷ ᠳᠦᠭᠦᠷᠡᠩ ᠰᠠᠯᠬᠢᠨ ᠦᠯᠢᠶᠡᠮᠦᠢ  》ᠭᠡᠮᠡᠨ ᠪᠣᠢ ᠃ ᠶᠠᠮᠠᠷ ᠨᠢᠭᠡᠨ ᠬᠡᠷᠡᠭ ᠶᠠᠪᠤᠳᠠᠯ ᠡᠭᠦᠰᠬᠦ ᠡᠴᠡ ᠡᠮᠦᠨ᠎ᠡ ᠪᠦᠷ ᠨᠢᠭᠡᠨ ᠵᠦᠩ ᠰᠤᠪᠢᠩ ᠢᠯᠡᠷᠡᠮᠦᠢ ᠃ 
       ᡁᠢ ᠵᠧᠩ ᠦ᠋ᠨ ᠬᠣᠷᠢᠨ ᠭᠤᠷᠪᠠᠳᠤᠭᠠᠷ ᠣᠨ ( 1363 ᠣᠨ ) ᠠ᠋ᠴᠠ ᠨᠠᠭᠠᠰᠢ ᠨᠢᠭᠡ ᠰᠦᠷᠦᠭ ᠵᠡᠷᠯᠢᠭ ᠲᠠᠭᠲᠠᠭ᠎ᠠ ᠨᠢᠰᠴᠦ ᠢᠷᠡᠭᠡᠳ ᠨᠢᠭᠡᠳᠦᠭᠡᠷ ᠬᠠᠲᠤᠨ ᠤ᠋ ᠰᠠᠭᠤᠳᠠᠭ ᠰᠢᠩ ᠱᠧᠩ ᠬᠦᠩ ᠣᠷᠳᠣᠨ ᠤ᠋ ᠰᠠᠷᠠᠪᠴᠢᠨ᠎ᠠ ᠡᠭᠦᠷᠯᠡᠭᠡᠳ ᠬᠥᠭᠡᠭᠡᠪᠡᠴᠦ ᠶᠠᠪᠤᠬᠤ ᠦᠭᠡᠢ ᠂ ᠴᠣᠬᠢᠪᠠᠴᠤ ᠨᠢᠰᠬᠦ ᠦᠭᠡᠢ ᠪᠠᠢᠵᠤᠬᠤᠢ ᠃  ᠥᠩᠭᠡᠷᠡᠭᠰᠡᠨ ᠳ᠋ᠦ᠍ ᠬᠣᠩᠭᠢᠷᠠᠳ ᠣᠪᠣᠭ ᠤ᠋ᠨ ᠬᠠᠲᠤᠨ ᠠᠳᠠ ᠰᠠᠭᠤᠳᠠᠭ ᠠᠵᠢ ᠃ ᠪᠠᠶᠠᠨ ᠬᠤᠲᠤᠭ ᠬᠠᠲᠤᠨ ᠨᠠᠰᠤ ᠪᠠᠷᠠᠭᠰᠠᠨ ᠤ᠋ ᠬᠣᠢᠨ᠎ᠠ ᠰᠣᠯᠣᠩᠭᠣᠰ ᠬᠠᠲᠤᠨ ᠴᠢ᠊ ᠣᠪᠣᠭᠲᠤ ᠬᠤᠸᠠᠩᠬᠡᠦ ᠡᠷᠭᠦᠮᠵᠢᠯᠡᠭᠳᠡᠭᠡᠳ ᠰᠢᠩ ᠱᠧᠩ ᠬᠦᠩ ᠣᠷᠳᠣᠨ ᠢ᠋ ᠡᠵᠡᠯᠡᠨ ᠰᠠᠭᠤᠭᠰᠠᠨ ᠲᠡᠷᠡ ᠴᠠᠭ ᠲᠤ᠌ ᠵᠡᠷᠯᠢᠭ ᠲᠠᠭᠲᠠᠭ᠎ᠠ ᠨᠢᠰᠦᠨ ᠢᠷᠡᠵᠦ ᠡᠭᠦᠷᠯᠡᠵᠦᠬᠦᠢ ᠃ ᠡᠭᠦᠨ ᠳ᠋ᠦ᠍ ᠭᠡᠷ ᠦ᠋ᠨ ᠬᠠᠤᠯᠢ ᠰᠤᠷᠭᠠᠯ ᠡᠪᠳᠡᠷᠡᠵᠦ ᠲᠠᠢᠶᠤᠸᠠᠨ ᠤᠯᠤᠰ ᠮᠥᠬᠥᠬᠦ ᠶ᠋ᠢᠨ ᠪᠡᠯᠭᠡ ᠲᠡᠮᠳᠡᠭ ᠭᠡᠮᠡᠨ ᠵᠠᠷᠢᠮ ᠬᠥᠮᠦᠰ ᠬᠡᠮᠡᠯᠴᠡᠮᠦᠢ ᠃ 
      ᠥᠭᠦᠯᠡᠬᠦ ᠢᠨᠦ ᠂ ᠵᠣ᠌ ᠶᠤᠸᠠᠨ ᠵᠠᠩ ᠂ ᠮᠥᠷᠡᠨ ᠦ᠌ ᠡᠮᠦᠨᠡᠲᠦ ᠣᠷᠣᠨ ᠢ᠋ ᠲᠦᠪᠰᠢᠳᠬᠡᠭᠰᠡᠨ ᠦ᠌ ᠬᠣᠢᠨ᠎ᠠ᠂ ᠭᠠᠪᠢᠶ᠎ᠠ ᠶ᠋ᠢ ᠲᠡᠮᠳᠡᠭᠯᠡᠨ ᠬᠡᠰᠢᠭ ᠱᠠᠩ ᠬᠦᠷᠲᠡᠭᠡᠵᠦ ᠂ ᠯᠢ ᠱᠠᠨ ᠴᠠᠩ ᠢ᠋ ᠰᠢᠦᠸᠠᠨ ᠭᠦᠸᠧ ᠬᠦᠩ ᠂ ᠶᠡᠬᠡ ᠵᠠᠩᠵᠤᠨ ᠰᠢᠦᠢ ᠳ᠋ᠠ ᠶ᠋ᠢ ᠰᠢᠨ ᠭᠦᠸᠧ ᠬᠦᠩ ᠂ ᠳᠡᠳ᠋ ᠵᠠᠩᠵᠤᠨ ᠴᠠᠩ ᠢᠦᠢ ᠴᠦᠨ ᠢ᠋ ᠧ ᠭᠦᠸᠧ ᠬᠦᠩ ᠭᠡᠮᠡᠨ ᠲᠤᠰ ᠲᠤᠰ ᠡᠷᠭᠦᠮᠵᠢᠯᠡᠵᠦ ᠂ ᠪᠤᠰᠤᠳ ᠴᠡᠷᠢᠭ ᠦ᠋ᠨ ᠨᠣᠶᠠᠳ ᠵᠠᠩᠵᠤᠨ ᠢ᠋ ᠪᠠᠰᠠ ᠬᠦᠨᠳᠦ ᠪᠡᠷ ᠱᠠᠩᠨᠠᠵᠤ ᠡᠷᠭᠦᠮᠵᠢᠯᠡᠪᠡ ᠃ ᠲᠡᠨᠳᠡᠴᠡ ᠯᠢ ᠱᠠᠨ ᠴᠠᠩ ᠪᠢᠴᠢᠭ ᠴᠡᠷᠢᠭ ᠦ᠋ᠨ ᠲᠦᠰᠢᠮᠡᠳ ᠢ᠋ ᠠᠪᠴᠤ ᠵᠣ᠌ ᠶᠤᠸᠠᠨ ᠵᠠᠩ ᠢ᠋ ᠬᠠᠭᠠᠨ ᠪᠣᠯᠬᠤ ᠶ᠋ᠢ ᠢᠳᠬᠠᠪᠠ ᠃ ᠵᠣ᠌ ᠶᠤᠸᠠᠨ ᠵᠠᠩ ᠣᠯᠠᠨ ᠤ᠋ ᠢᠳᠬᠠᠯ ᠢ᠋ ᠦᠯᠦ ᠬᠦᠯᠢᠶᠡᠨ ᠲᠦᠯᠬᠢᠭᠰᠡᠭᠡᠷ ᡁᠢ ᠵᠧᠩ ᠦ᠋ᠨ ᠬᠣᠷᠢᠨ  ᠨᠠᠢ᠍ᠮᠠᠳᠤᠭᠠᠷ ᠣᠨ ᠤ᠋ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠦ᠌ ᠡᠳᠦᠷ ᠰᠠᠶᠢ ᠵᠥᠪᠰᠢᠶᠡᠷᠡᠵᠦ ᠶᠢᠩ ᠲᠢᠶᠠᠨ ᠹᠦ ᠳ᠋ᠦ᠍ ᠬᠠᠭᠠᠨ ᠤ᠋ ᠰᠠᠭᠤᠳᠠᠯ ᠳ᠋ᠤ᠌ ᠰᠠᠭᠤᠪᠠ ᠃ ᠤᠯᠤᠰ ᠤ᠋ᠨ ᠨᠡᠷ᠎ᠡ ᠶ᠋ᠢ 《 ᠮᠢᠩ 》 ᠂ ᠣᠨ ᠤ᠋ ᠴᠣᠯᠠ ᠶ᠋ᠢ 《 ᠬᠣᠩ ᠡᠦ 》 ᠬᠡᠮᠡᠪᠡ ᠃ ᠶᠢᠩ ᠲᠢᠶᠠᠨ ᠹᠦ ᠶ᠋ᠢ 《 ᠨᠠᠨᠵᠢᠩ 》 ᠭᠡᠮᠡᠨ ᠬᠠᠯᠠᠪᠠ ᠃ ᠡᠨᠡ ᠵᠢᠯ ᠵᠣ᠌ ᠶᠤᠸᠠᠨ ᠵᠠᠩ ᠳᠥᠴᠢᠨ ᠨᠢᠭᠡᠨ ᠨᠠᠰᠤᠲᠠᠢ ᠪᠥᠯᠥᠭᠡ ᠃ 
       ᠵᠣ᠌ ᠶᠤᠸᠠᠨ ᠵᠠᠩ ᠬᠠᠭᠠᠨ ᠰᠠᠭᠤᠬᠤ ᠠ᠋ᠴᠠ ᠡᠮᠦᠨ᠎ᠡ ᠰᠢᠦᠢ ᠳ᠋ᠠ ᠶ᠋ᠢ ᠤᠮᠠᠷᠠᠰᠢ ᠳᠠᠢᠯᠠᠬᠤ ᠶᠡᠬᠡ ᠵᠠᠩᠵᠤᠨ ᠂ ᠴᠠᠩ ᠢᠦᠢ ᠴᠦᠨ ᠢ᠋ ᠳᠡᠳ᠋ ᠵᠠᠩᠵᠤᠨ ᠢ᠋ᠶ᠋ᠠᠷ ᠡᠷᠭᠦᠮᠵᠢᠯᠡᠵᠦ ᠂ ᠬᠣᠷᠢᠨ ᠲᠠᠪᠤᠨ ᠲᠦᠮᠡᠨ ᠰᠢᠯᠢᠳᠡᠭ ᠴᠡᠷᠢᠭ ᠢ᠋ ᠵᠠᠬᠢᠷᠤᠭᠤᠯᠤᠨ ᠵᠦᠩᠶᠤᠸᠠᠨ ᠣᠷᠣᠨ ᠢ᠋ ᠬᠣᠷᠢᠶᠠᠨ ᠲᠣᠭᠲᠠᠭᠠᠵᠤ ᠳᠠᠢᠳᠤ ᠬᠣᠲᠠ ᠶ᠋ᠢ ᠡᠵᠡᠯᠡᠭᠦᠯᠬᠦ ᠪᠡᠷ ᠮᠣᠷᠳᠠᠭᠤᠯᠪᠠ ᠃ ᠵᠣ᠌ ᠶᠤᠸᠠᠨ ᠵᠠᠩ ᠤ᠋ᠨ ᠤᠮᠠᠷᠠᠰᠢ ᠳᠠᠢᠯᠠᠬᠤ ᠴᠡᠷᠢᠭ ᠲᠡᠢᠨ ᠦ᠌ ᠪᠠᠢᠯᠳᠤᠬᠤ ᠪᠣᠳᠣᠯᠭ᠎ᠠ ᠨᠢ ᠤᠷᠢᠳᠠ ᠪᠠᠷ ᠱᠠᠨᠳᠦ᠋ᠩ ᠂ ᠾᠧᠨᠠᠨ ᠢ᠋ ᠪᠦᠰᠡᠯᠡᠨ ᠴᠣᠬᠢᠵᠤ ᠡᠯ᠎ᠡ ᠵᠧᠦ ᠰᠢᠶᠠᠨ ᠢ᠋ ᠡᠵᠡᠯᠡᠭᠰᠡᠨ ᠦ᠌ ᠳᠠᠷᠠᠭ᠎ᠠ ᠳᠠᠢᠳᠤ ᠬᠣᠲᠠ ᠶ᠋ᠢ ᠪᠠᠢᠯᠳᠤᠨ ᠠᠪᠬᠤ ᠪᠣᠯᠤᠮᠤᠢ ᠃ ᠱᠠᠨᠳᠦ᠋ᠩ ᠪᠣᠯ ᠳᠠᠢᠳᠤ ᠬᠣᠲᠠ ᠶ᠋ᠢᠨ ᠬᠠᠯᠬᠠᠪᠴᠢ ᠪᠣᠯᠬᠤ ᠲᠤᠯᠠ ᠱᠠᠨᠳᠦ᠋ᠩ ᠢ᠋ ᠡᠵᠡᠯᠡᠭᠰᠡᠭᠡᠷ ᠳᠠᠢᠳᠤ ᠬᠣᠲᠠ ᠲᠦᠭᠰᠢᠭᠦᠷᠢᠲᠡᠢ ᠪᠣᠯᠤᠮᠤᠢ ᠃ ᠾᠧᠨᠠᠨ ᠪᠣᠯ ᠴᠡᠷᠢᠭ ᠬᠡᠷᠡᠭᠯᠡᠭᠴᠢᠳ ᠦ᠋ᠨ ᠡᠷᠬᠡ ᠦᠭᠡᠢ ᠪᠤᠯᠢᠶᠠᠯᠳᠤᠬᠤ ᠣᠷᠣᠨ ᠪᠤᠶᠤ ᠃ ᠶᠤᠸᠠᠨ ᠤᠯᠤᠰ ᠤ᠋ᠨ ᠴᠡᠷᠢᠭ ᠦ᠋ᠨ ᠭᠣᠣᠯ ᠬᠦᠴᠦᠨ ᠪᠦᠷ ᠠᠳᠠ ᠠ᠋ᠴᠠ ᠥᠭᠡᠬᠦᠰᠢᠨ ᠪᠤᠵᠠᠭᠠᠢᠷᠠᠵᠤ ᠤᠯᠠᠭᠠᠨ ᠠᠯᠴᠢᠭᠤᠷᠲᠠᠨ ᠴᠡᠷᠢᠭ ᠢ᠋ ᠪᠦᠰᠡᠯᠡᠨ ᠤᠰᠠᠳᠬᠠᠭᠰᠠᠨ ᠪᠥᠯᠥᠭᠡ ᠃ ᠲᠡᠢᠨ ᠬᠦ᠌ ᠱᠠᠨᠳᠦ᠋ᠩ ᠂ ᠾᠧᠨᠠᠨ ᠢ᠋ ᠡᠵᠡᠯᠡᠭᠰᠡᠭᠡᠷ ᠳᠠᠢᠳᠤ ᠬᠣᠲᠠ ᠥᠨᠥᠴᠢᠨ ᠬᠣᠲᠠ ᠪᠣᠯᠵᠤ ᠠᠮᠠᠷᠬᠠᠨ ᠢ᠋ᠶ᠋ᠠᠷ ᠡᠪᠳᠡᠵᠦ ᠪᠣᠯᠤᠮᠤᠢ ᠃  
        ᠵᠣ᠌ ᠶᠤᠸᠠᠨ ᠵᠠᠩ ᠤ᠋ᠨ ᠤᠮᠠᠷᠠᠰᠢ ᠳᠠᠢᠯᠠᠬᠤ ᠴᠡᠷᠢᠭ ᠦ᠋ᠨ ᠤᠯᠤᠰ ᠲᠥᠷᠥ ᠶ᠋ᠢᠨ ᠵᠠᠷᠴᠢᠮ ᠪᠣᠯ ᠵᠧᠦ ᠰᠢᠶᠠᠨ ᠤ᠋ ᠭᠠᠵᠠᠷ ᠢ᠋ ᠡᠵᠡᠯᠡᠬᠦ ᠪᠡᠷ ᠪᠠᠷᠠᠬᠤ ᠦᠭᠡᠢ ᠂ ᠨᠡᠩ ᠴᠢᠬᠤᠯᠠ ᠨᠢ ᠡᠵᠡᠯᠡᠭᠰᠡᠨ ᠣᠷᠣᠨ ᠤ᠋ ᠠᠷᠠᠳ ᠤ᠋ᠨ ᠰᠡᠳᠬᠢᠯ ᠢ᠋ ᠲᠣᠭᠲᠠᠭᠤᠨ ᠪᠣᠯᠭᠠᠵᠤ ᠠᠵᠤ ᠠᠮᠢᠳᠤᠷᠠᠯ ᠢ᠋ ᠲᠥᠪᠬᠢᠨᠡᠭᠦᠯᠬᠦ ᠶᠠᠪᠤᠳᠠᠯ ᠪᠣᠯᠤᠮᠤᠢ ᠃ ᠡᠢᠮᠦ ᠡᠴᠡ ᠬᠥᠮᠦᠨ ᠢ᠋ ᠳᠤᠷ᠎ᠠ ᠪᠠᠷ ᠠᠯᠠᠵᠤ ᠂ ᠡᠳ᠋ ᠬᠥᠷᠥᠩᠭᠡ ᠶ᠋ᠢ ᠵᠣᠷᠢᠭ ᠢ᠋ᠶ᠋ᠠᠷ ᠪᠤᠯᠢᠶᠠᠵᠤ ᠂ ᠢᠷᠭᠡᠳ ᠦ᠋ᠨ ᠣᠷᠣᠨ ᠪᠠᠢᠰᠢᠩ ᠢ᠋ ᠡᠪᠳᠡᠨ ᠭᠦᠯᠭᠡᠨ ᠦᠬᠡᠷ ᠲᠠᠷᠢᠶᠠᠨ ᠪᠠᠭᠠᠵᠢ ᠶ᠋ᠢ ᠠᠯᠠᠵᠤ ᠰᠦᠢᠳᠬᠡᠬᠦ ᠂ ᠢᠯᠠᠩᠭᠤᠶ᠎ᠠ ᠥᠬᠢᠳ ᠡᠮᠡᠰ ᠢ᠋ ᠪᠤᠯᠢᠶᠠᠵᠤ ᠪᠣᠯᠬᠤ ᠦᠭᠡᠢ ᠂ ᠥᠨᠥᠴᠢᠨ ᠥᠷᠥᠭᠡᠰᠦᠨ ᠢ᠋ ᠠᠪᠤᠷᠠᠨ ᠲᠡᠳᠬᠦᠵᠦ ᠂ ᠬᠣᠷᠢᠶᠠᠨ ᠲᠡᠵᠢᠭᠡᠬᠦ ᠬᠡᠷᠡᠭᠲᠡᠢ ᠭᠡᠮᠡᠨ ᠴᠢᠩᠭ᠎ᠠ ᠲᠣᠭᠲᠠᠭᠠᠯ ᠭᠠᠷᠭᠠᠪᠠ ᠃ ᠵᠣ᠌ ᠶᠤᠸᠠᠨ ᠵᠠᠩ ᠤ᠋ᠨ ᠲᠣᠭᠲᠠᠭᠠᠭᠰᠠᠨ ᠡᠳᠡᠭᠡᠷ ᠪᠠᠢᠯᠳᠤᠬᠤ ᠪᠣᠳᠣᠯᠭ᠎ᠠ ᠪᠠ ᠠᠷᠭ᠎ᠠ ᠲᠣᠭᠲᠠᠭᠠᠯ ᠨᠢ ᠪᠦᠷ ᠴᠠᠭ ᠲᠤ᠌ ᠪᠠᠨ ᠲᠣᠬᠢᠷᠠᠭᠰᠠᠨ ᠵᠥᠪ ᠠᠷᠭ᠎ᠠ ᠪᠣᠳᠣᠯᠭ᠎ᠠ ᠪᠣᠯᠬᠤ ᠲᠤᠯᠠ ᠤᠮᠠᠷᠠᠲᠤ ᠣᠷᠣᠨ ᠤ᠋ ᠠᠷᠠᠳ ᠣᠯᠠᠨ ᠤ᠋ ᠬᠠᠯᠠᠭᠤᠨ ᠬᠦᠷᠢᠶᠡᠯᠡᠯ ᠢ᠋ ᠣᠯᠵᠤ ᠂ ᠤᠮᠠᠷᠠᠰᠢ ᠳᠠᠢᠯᠠᠭᠰᠠᠨ ᠴᠡᠷᠢᠭ ᠦ᠋ᠨ ᠢᠯᠠᠯᠲᠠ ᠶ᠋ᠢᠨ ᠮᠡᠳᠡᠭᠡ ᠶᠢᠩ ᠲᠢᠶᠠᠨ ᠹᠦ ᠳ᠋ᠦ᠍  ᠵᠠᠯᠭᠠᠭ᠎ᠠ ᠵᠠᠯᠭᠠᠭ᠎ᠠ ᠪᠠᠷ ᠬᠦᠷᠭᠡᠭᠳᠡᠵᠦ ᠪᠠᠢᠪᠠ ᠃ 
       ᠵᠣ᠌ ᠶᠤᠸᠠᠨ ᠵᠠᠩ ᠤ᠋ᠨ ᠡᠨᠡ ᠤᠳᠠᠭᠠᠨ ᠤ᠋ ᠤᠮᠠᠷᠠᠰᠢ ᠳᠠᠢᠯᠠᠭᠰᠠᠨ ᠲᠡᠢᠨ ᠪᠣᠯ ᠮᠠᠰᠢ ᠶᠡᠬᠡ ᠠᠴᠢ ᠬᠣᠯᠪᠣᠭᠳᠠᠯ ᠲᠠᠢ ᠲᠡᠢᠨ ᠪᠣᠯᠤᠮᠤᠢ ᠃ ᠳᠤᠮᠳᠠᠳᠤ ᠤᠯᠤᠰ ᠤ᠋ᠨ ᠲᠡᠦᠬᠡᠨ ᠳᠡᠭᠡᠷ᠎ᠡ ᠵᠥᠪᠬᠡᠨ ᠤᠮᠠᠷ᠎ᠠ ᠶ᠋ᠢᠨ ᠨᠡᠭᠦᠳᠡᠯᠴᠢᠨ ᠦᠨᠳᠦᠰᠦᠲᠡᠨ ᠡᠮᠦᠨᠡᠰᠢ ᠳᠠᠢᠯᠠᠭᠰᠠᠨ ᠲᠡᠢᠨ ᠪᠠᠢᠬᠤ ᠠ᠋ᠴᠠ ᠪᠢᠰᠢ ᠂ ᠬᠠᠷᠢᠨ ᠡᠮᠦᠨ᠎ᠡ ᠡᠴᠡ ᠤᠮᠠᠷᠠᠰᠢ ᠳᠠᠢᠯᠠᠭᠰᠠᠨ ᠲᠡᠢᠨ ᠠᠩᠬ᠎ᠠ ᠤᠳᠠᠭ᠎ᠠ ᠶᠠᠪᠤᠭᠳᠠᠭᠰᠠᠨ ᠠᠵᠤᠭᠤ ᠃ ᠡᠨᠡ ᠬᠦ᠌ ᠠᠭᠤᠤ ᠶᠡᠬᠡ ᠤᠳᠬ᠎ᠠ ᠠᠭᠤᠯᠭ᠎ᠠ ᠲᠠᠢ ᠲᠡᠢᠨ ᠢ᠋ ᠢᠯᠠᠯᠲᠠ ᠠ᠋ᠴᠠ ᠢᠯᠠᠯᠲᠠ ᠳ᠋ᠤ᠌ ᠬᠦᠷᠭᠡᠬᠦ ᠶ᠋ᠢᠨ ᠲᠥᠯᠥᠭᠡ ᠰᠢᠦᠢ ᠳ᠋ᠠ ᠂ ᠴᠠᠩ ᠢᠦᠢ ᠴᠦᠨ ᠬᠣᠶᠠᠭᠤᠯᠠ ᠵᠣ᠌ ᠶᠤᠸᠠᠨ ᠵᠠᠩ ᠤ᠋ᠨ ᠲᠣᠭᠲᠠᠭᠠᠭᠰᠠᠨ ᠠᠷᠭ᠎ᠠ ᠪᠣᠳᠣᠯᠭ᠎ᠠ ᠶ᠋ᠢ ᠨᠠᠷᠢᠨ ᠲᠤᠭᠤᠱᠢᠯᠠᠭᠤᠯᠤᠨ ᠬᠡᠷᠡᠭᠵᠢᠭᠦᠯᠵᠦ ᠂ ᡁᠢ ᠵᠧᠩ ᠦ᠋ᠨ ᠬᠣᠷᠢᠨ ᠳᠣᠯᠣᠳᠤᠭᠠᠷ ᠣᠨ ᠤ᠋ ᠠᠷᠪᠠᠳᠤᠭᠠᠷ ᠰᠠᠷ᠎ᠠ ᠳ᠋ᠤ᠌ ᠤᠮᠠᠷᠠᠰᠢ ᠮᠣᠷᠳᠠᠵᠤ ᠂ ᠵᠢᠯ ᠦ᠋ᠨ ᠡᠴᠦᠰ ᠪᠣᠯᠬᠤ ᠳ᠋ᠤ᠌ ᠱᠠᠨᠳᠦ᠋ᠩ ᠦ᠋ᠨ ᠪᠦᠬᠦ ᠨᠤᠲᠤᠭ ᠢ᠋ ᠬᠣᠷᠢᠶᠠᠨ ᠲᠣᠭᠲᠠᠭᠠᠪᠠ ᠃ ᠳᠠᠷᠠᠭ᠎ᠠ ᠵᠢᠯ ᠦ᠋ᠨ ᠴᠠᠭᠠᠨ ᠰᠠᠷ᠎ᠠ ᠠᠨᠤ ᠰᠢᠦᠢ ᠳ᠋ᠠ ᠂ ᠴᠠᠩ ᠢᠦᠢ ᠴᠦᠨ ᠴᠡᠷᠢᠭ ᠢ᠋ᠶ᠋ᠡᠨ ᠬᠣᠶᠠᠷ ᠵᠠᠮ ᠬᠤᠪᠢᠶᠠᠨ ᠾᠧᠨᠠᠨ ᠳ᠋ᠤ᠌ ᠴᠥᠮᠥᠷᠡᠨ ᠣᠷᠣᠪᠠ ᠃    ᠲᠡᠳᠦᠢ ᠳ᠋ᠦ᠍ᠷ ᠲᠣᠬᠤᠨᠲᠡᠮᠦᠷ ᠬᠠᠭᠠᠨ ᠂ ᠵᠣ᠌ ᠶᠤᠸᠠᠨ ᠵᠠᠩ ᠤ᠋ᠨ ᠤᠮᠠᠷᠠᠰᠢ ᠳᠠᠢᠯᠠᠬᠤ ᠴᠡᠷᠢᠭ ᠲᠣᠮᠢᠯᠠᠭᠰᠠᠨ ᠮᠡᠳᠡᠭᠡ ᠶ᠋ᠢ ᠣᠯᠤᠭᠠᠳ ᠬᠥᠬᠡᠲᠡᠮᠦᠷ ᠢ᠋ ᠪᠦᠬᠦ ᠤᠯᠤᠰ ᠤ᠋ᠨ ᠴᠡᠷᠢᠭ ᠮᠣᠷᠢᠨ ᠤ᠋ ᠶᠡᠷᠦᠩᠬᠡᠢ ᠵᠠᠬᠢᠷᠤᠭᠴᠢ ᠪᠠᠷ ᠲᠣᠮᠢᠯᠠᠵᠤ ᠾᠧᠨᠠᠨ ᠳ᠋ᠤ᠌ ᠢᠯᠡᠭᠡᠪᠡ ᠃ ᠯᠢ ᠰᠧ ᠴᠢ ᠪᠣᠯ ᠬᠥᠬᠡᠲᠡᠮᠦᠷ ᠦ᠋ᠨ ᠡᠴᠢᠭᠡ ᠴᠠᠭᠠᠨᠲᠡᠮᠦᠷ ᠯᠦ᠍ᠭᠡ ᠬᠠᠮᠲᠤ ᠴᠡᠷᠢᠭ ᠪᠠᠢᠭᠤᠯᠵᠤ ᠤᠯᠠᠭᠠᠨ ᠠᠯᠴᠢᠭᠤᠷᠲᠠᠨ ᠪᠣᠰᠤᠯᠭ᠎ᠠ ᠶ᠋ᠢᠨ ᠴᠡᠷᠢᠭ ᠢ᠋ ᠳᠠᠷᠤᠩᠭᠤᠢᠯᠠᠭᠰᠠᠨ ᠬᠥᠮᠦᠨ ᠲᠤᠯᠠ ᠠᠯᠳᠠᠷ ᠭᠠᠪᠢᠶ᠎ᠠ ᠳ᠋ᠤ᠌ ᠪᠠᠨ ᠡᠷᠳᠦᠵᠦ ᠬᠥᠬᠡᠲᠡᠮᠦᠷ ᠦ᠋ᠨ ᠵᠠᠬᠢᠷᠤᠯ ᠢ᠋ ᠡᠰᠡ ᠬᠦᠯᠢᠶᠡᠨ ᠂ ᠵᠠᠩ ᠯᠢᠶᠠᠩ ᠪᠢ ᠨᠠᠷ ᠢ᠋ ᠥᠳᠥᠭᠡᠵᠦ ᠬᠥᠬᠡᠲᠡᠮᠦᠷ ᠢ᠋  ᠡᠰᠡᠷᠭᠦᠴᠡᠪᠡ ᠃  
        ᠬᠥᠬᠡᠲᠡᠮᠦᠷ ᠦ᠋ᠨ ᠨᠢᠳᠦᠨ ᠳ᠋ᠦ᠍ ᠤᠯᠠᠭᠠᠨ ᠠᠯᠴᠢᠭᠤᠷᠲᠠᠨ ᠴᠡᠷᠢᠭ ᠪᠣᠯ ᠵᠥᠪᠬᠡᠨ ᠬᠡᠷᠢᠶ᠎ᠡ ᠳᠠᠭᠤ ᠶ᠋ᠢᠨ ᠰᠦᠷᠦᠭ ᠲᠡᠳᠦᠢ ᠪᠣᠯᠬᠤ ᠲᠤᠯᠠ ᠱᠠᠨᠳᠦ᠋ᠩ ᠂ ᠾᠧᠨᠠᠨ ᠢ᠋ ᠰᠡᠷᠭᠡᠢᠯᠡᠨ ᠬᠠᠮᠠᠭᠠᠯᠠᠬᠤ ᠡᠭᠦᠷᠭᠡ ᠶ᠋ᠢ ᠳᠡᠭᠦᠦ  ᠲᠣᠢᠨ ᠲᠡᠮᠦᠷ ᠲᠦ᠍ ᠲᠤᠰᠢᠶᠠᠵᠤ ᠥᠪᠡᠷ ᠢ᠋ᠶ᠋ᠡᠨ ᠭᠣᠣᠯ ᠬᠦᠴᠦᠨ ᠴᠡᠷᠢᠭ ᠢ᠋ᠶ᠋ᠡᠨ ᠵᠠᠬᠢᠷᠴᠤ ᠯᠢ ᠰᠧ ᠴᠢ ᠶ᠋ᠢ ᠳᠠᠢᠯᠠᠭᠰᠠᠨ ᠪᠠᠢᠪᠠ ᠃ ᠲᠣᠢᠨ ᠲᠡᠮᠦᠷ ᠪᠣᠯ ᠶᠤᠸᠠᠨ ᠤᠯᠤᠰ ᠤ᠋ᠨ ᠴᠡᠷᠢᠭ ᠦ᠋ᠨ ᠨᠣᠶᠠᠳ ᠤ᠋ᠨ ᠳᠣᠲᠣᠷ᠎ᠠ ᠣᠯᠠᠨ ᠠ᠋ᠴᠠ ᠲᠤᠵᠠᠷᠠᠭᠰᠠᠨ ᠮᠠᠩᠯᠠᠢ ᠵᠠᠩᠵᠤᠨ ᠪᠣᠯᠤᠮᠤᠢ ᠃ ᠭᠡᠪᠡᠴᠦ ᠬᠠᠲᠠᠭᠤ ᠪᠡᠷᠬᠡ ᠲᠡᠢᠨ ᠪᠠᠢᠯᠳᠤᠭᠠᠨ ᠢ᠋ ᠣᠯᠠᠨᠲᠠ ᠥᠩᠭᠡᠷᠡᠭᠦᠯᠦᠭᠰᠡᠨ ᠪᠠᠶᠠᠯᠢᠭ ᠲᠤᠷᠰᠢᠯᠭ᠎ᠠ ᠲᠠᠢ ᠬᠠᠰᠢᠷ ᠭᠠᠷ ᠰᠢᠦᠢ ᠳ᠋ᠠ ᠂ ᠴᠠᠩ ᠢᠦᠢ ᠴᠦᠨ ᠦ᠌ ᠡᠮᠦᠨ᠎ᠡ ᠬᠠᠷᠠᠬᠠᠨ ᠨᠢᠯᠠᠭᠰᠠᠭ ᠪᠠᠢᠭᠰᠠᠭᠠᠷ ᠠᠵᠢ ! 
       ᠭᠤᠷᠪᠠᠳᠤᠭᠠᠷ ᠰᠠᠷ᠎ᠠ ᠳ᠋ᠤ᠌ ᠰᠢᠦᠢ ᠳ᠋ᠠ ᠶ᠋ᠢᠨ ᠴᠡᠷᠢᠭ ᠪᠢᠶᠠᠨᠯᠢᠶᠠᠩ ᠬᠣᠲᠠ ᠶ᠋ᠢ ᠡᠪᠳᠡᠵᠦ ᠂ ᠳᠥᠷᠪᠡᠳᠦᠭᠡᠷ ᠰᠠᠷ᠎ᠠ ᠳ᠋ᠤ᠌ ᠴᠠᠩ ᠢᠦᠢ ᠴᠦᠨ ᠦ᠌ ᠴᠡᠷᠢᠭ ᠯᠦᠸᠧ ᠶᠠᠩ ᠢ᠋ ᠡᠵᠡᠯᠡᠪᠡ ᠃ ᠡᠨᠡ ᠦᠶ᠎ᠡ ᠳ᠋ᠦ᠍ ᠾᠧᠨᠠᠨ ᠢ᠋ ᠳᠠᠷᠤᠨ ᠰᠠᠭᠤᠭᠰᠠᠨ ᠲᠥᠷᠥᠯ ᠦ᠋ᠨ ᠨᠣᠶᠠᠨ ᠯᠢᠶᠠᠩ ᠸᠠᠩ ᠠᠷᠭᠤᠨᠲᠡᠮᠦᠷ ᠪᠠᠢᠳᠠᠯ ᠢ᠋ ᠵᠥᠪ ᠢ᠋ᠶ᠋ᠡᠷ ᠵᠢᠱ᠌ᠢᠵᠦ ᠲᠠᠪᠤᠨ ᠲᠦᠮᠡᠨ ᠴᠡᠷᠢᠭ ᠢ᠋ᠶ᠋ᠡᠷ ᠯᠦᠸᠧ ᠾᠧ ᠭᠣᠣᠯ ᠤ᠋ᠨ ᠤᠮᠠᠷᠠᠲᠤ ᠡᠷᠭᠢ ᠶ᠋ᠢ ᠪᠡᠬᠢᠯᠡᠨ ᠰᠠᠬᠢᠵᠤ ᠤᠯᠠᠭᠠᠨ ᠠᠯᠴᠢᠭᠤᠷᠲᠠᠨ ᠴᠡᠷᠢᠭ ᠦ᠋ᠨ ᠤᠮᠠᠷᠠᠰᠢ ᠲᠦᠷᠢᠨ ᠣᠷᠣᠬᠤ ᠶ᠋ᠢ ᠬᠣᠷᠢᠭᠯᠠᠨ ᠪᠠᠢᠯᠳᠤᠪᠠ ᠃ ᠰᠢᠦᠢ  ᠳ᠋ᠠ ᠶ᠋ᠢᠨ ᠴᠡᠷᠢᠭ ᠯᠦᠸᠧ ᠾᠧ ᠭᠣᠣᠯ ᠳ᠋ᠤ᠌ ᠢᠷᠡᠭᠡᠳ ᠦᠵᠡᠬᠦᠯ᠎ᠡ ᠶᠤᠸᠠᠨ ᠤᠯᠤᠰ ᠤ᠋ᠨ ᠴᠡᠷᠢᠭ ᠨᠢᠭᠡᠨᠲᠡ ᠭᠣᠣᠯ ᠤ᠋ᠨ ᠡᠷᠭᠢ  ᠳ᠋ᠡᠬᠢ ᠪᠠᠷᠲᠠᠭ᠎ᠠ ᠶ᠋ᠢ ᠡᠵᠡᠯᠡᠨ ᠤᠭᠲᠤᠨ ᠪᠠᠢᠯᠳᠤᠬᠤ ᠪᠠᠷ ᠪᠡᠯᠡᠬᠡᠨ ᠪᠠᠢᠪᠠ ᠃ ᠴᠠᠩ ᠢᠦᠢ ᠴᠦᠨ ᠨᠢᠭᠡᠨ ᠰᠠᠯᠠᠭ᠎ᠠ ᠴᠡᠷᠢᠭ ᠢ᠋ ᠵᠠᠬᠢᠷᠴᠤ ᠣᠩᠭᠣᠴᠠᠨ ᠳ᠋ᠤ᠌ ᠰᠠᠭᠤᠭᠠᠳ ᠤᠮᠠᠷᠠᠲᠤ ᠡᠷᠭᠢ ᠳᠠᠢᠰᠢ ᠬᠦᠴᠦᠯᠡᠨ ᠪᠠᠢᠯᠳᠤᠵᠤ ᠨᠡᠯᠢᠶᠡᠳ ᠴᠡᠷᠢᠭ ᠢ᠋ᠶ᠋ᠡᠨ ᠰᠦᠢᠳᠬᠡᠭᠡᠳ ᠪᠤᠴᠠᠪᠠ ᠃ 
      ᠰᠢᠦᠢ ᠳ᠋ᠠ ᠂ ᠴᠠᠩ ᠢᠦᠢ ᠴᠦᠨ ᠳ᠋ᠦ᠍ ᠥᠭᠦᠯᠡᠷᠦᠨ ᠄ 《 ᠭᠣᠣᠯ ᠢ᠋ ᠰᠠᠬᠢᠭᠰᠠᠨ ᠴᠡᠷᠢᠭ ᠨᠢᠭᠡᠨᠲᠡ ᠭᠦᠢᠴᠡᠳ ᠪᠡᠯᠡᠳᠬᠡᠯ ᠬᠢᠭᠰᠡᠨ ᠲᠤᠯᠠ ᠪᠢᠳᠡ ᠡᠰᠡᠷᠭᠦ ᠲᠠᠯ᠎ᠠ ᠠ᠋ᠴᠠ ᠰᠢᠭᠤᠳ ᠳᠠᠭᠠᠷᠢᠭᠠᠳ ᠡᠪᠳᠡᠬᠦᠶ᠎ᠡ ᠪᠡᠷᠬᠡ ᠲᠤᠯᠠ ᠠᠷᠭ᠎ᠠ ᠪᠠᠷ ᠠᠪᠬᠤ ᠶ᠋ᠢ ᠪᠣᠳᠣᠯᠬᠢᠯᠠᠪᠠᠰᠤ ᠵᠣᠬᠢᠮᠤᠢ 》 ᠬᠡᠮᠡᠬᠦᠶ᠎ᠡ ᠴᠠᠩ ᠢᠦᠢ ᠴᠦᠨ ᠥᠭᠦᠯᠡᠷᠦᠨ ᠄ 《 ᠳᠠᠢᠰᠤᠨ ᠴᠡᠷᠢᠭ ᠭᠣᠣᠯ ᠬᠦᠴᠦᠨ ᠢ᠋ᠶ᠋ᠡᠨ ᠲᠥᠪᠯᠡᠷᠡᠭᠦᠯᠵᠦ ᠮᠠᠨ ᠤ᠋ ᠴᠡᠷᠢᠭ ᠦ᠋ᠨ ᠭᠣᠣᠯ ᠭᠡᠲᠦᠯᠬᠦ ᠶ᠋ᠢ ᠬᠣᠷᠢᠭᠯᠠᠮᠤᠢ ᠃ ᠲᠡᠢᠨ ‍ᠬᠦ ᠪᠢᠳᠡ ᠭᠣᠣᠯ ᠤ᠋ᠨ ᠳᠡᠭᠡᠳᠦ ᠳᠣᠣᠷᠠᠲᠤ ᠤᠷᠤᠰᠬᠠᠯ ᠢ᠋ᠶ᠋ᠠᠷ ᠬᠣᠶᠠᠷ ᠠᠩᠭᠢ ᠭᠠᠪᠰᠢᠭᠠᠢ ᠴᠡᠷᠢᠭ ᠢᠯᠡᠭᠡᠵᠦ ᠰᠥᠨᠢ ᠶ᠋ᠢᠨ ᠬᠠᠷᠠᠩᠭᠤᠢ ᠶ᠋ᠢ ᠠᠰᠢᠭᠯᠠᠨ ᠭᠣᠣᠯ ᠢ᠋ ᠰᠡᠮᠡᠬᠡᠷ ᠭᠡᠲᠦᠯᠵᠦ ᠳᠠᠢᠰᠤᠨ ᠤ᠋ ᠠᠷᠤ ᠲᠠᠯ᠎ᠠ ᠠ᠋ᠴᠠ ᠭᠡᠨᠡᠳᠡᠭᠦᠯᠦᠨ ᠳᠠᠭᠠᠷᠢᠪᠠᠰᠤ ᠰᠠᠢᠨ 》 ᠬᠡᠮᠡᠪᠡ ᠃  
      ᠰᠢᠦᠢ ᠳ᠋ᠠ ᠂ ᠴᠠᠩ ᠢᠦᠢ ᠴᠦᠨ ᠦ᠌ ᠠᠷᠭ᠎ᠠ ᠪᠠᠷ ᠬᠣᠶᠠᠷ ᠰᠠᠯᠠᠭ᠎ᠠ ᠭᠠᠪᠰᠢᠭᠠᠢ ᠴᠡᠷᠢᠭ ᠢ᠋ ᠰᠢᠯᠢᠵᠦ ᠭᠠᠷᠭᠠᠭᠠᠳ ᠰᠥᠨᠢ ᠳᠦᠯᠢ ᠪᠡᠷ ᠭᠣᠣᠯ ᠤ᠋ᠨ ᠳᠡᠭᠡᠳᠦ ᠳᠣᠣᠷᠠᠲᠤ ᠤᠷᠤᠰᠬᠠᠯ ᠢ᠋ ᠨᠢᠭᠤᠴᠠ ᠪᠠᠷ ᠭᠡᠲᠦᠯᠦᠨ ᠠᠷᠭᠤᠨᠲᠡᠮᠦᠷ ᠦ᠋ᠨ ᠴᠡᠷᠢᠭ ᠦ᠋ᠨ ᠠᠷᠤ ᠲᠠᠯ᠎ᠠ ᠠ᠋ᠴᠠ ᠭᠡᠨᠡᠳᠡᠭᠦᠯᠦᠨ ᠳᠠᠭᠠᠷᠢᠪᠠ ᠃ ᠠᠷᠭᠤᠨᠲᠡᠮᠦᠷ ᠵᠠᠩᠵᠤᠨ ᠵᠥᠪᠬᠡᠨ ᠡᠮᠦᠨᠡᠲᠦ ᠲᠠᠯ᠎ᠠ ᠶ᠋ᠢᠨ ᠳᠠᠢᠰᠤᠨ ᠴᠡᠷᠢᠭ ᠢ᠋ ᠠᠩᠬᠠᠷᠤᠭᠰᠠᠨ ᠠ᠋ᠴᠠ ᠪᠢᠰᠢ ᠂ ᠬᠠᠷᠢᠨ ᠠᠷᠤ ᠲᠠᠯ᠎ᠠ ᠠ᠋ᠴᠠ ᠭᠡᠨᠡᠳᠡᠭᠦᠯᠦᠨ ᠳᠠᠭᠠᠷᠢᠬᠤ ᠶ᠋ᠢ ᠰᠠᠨᠠᠭᠠᠨ ᠳ᠋ᠤ᠌ ᠦᠭᠡᠢ ᠪᠠᠢᠭᠰᠠᠨ ᠲᠤᠯᠠᠳᠠ ᠮᠠᠰᠢ ᠰᠠᠮᠭᠠᠷᠳᠠᠵᠤ ᠵᠡᠭᠦᠨᠰᠢ ᠪᠠᠷᠠᠭᠤᠨᠰᠢ ᠲᠣᠨᠨ ᠰᠠᠵᠢᠨ ᠵᠠᠭᠤᠷᠠᠯᠳᠤᠨ  ᠪᠠᠢᠯᠳᠤᠪᠠ ᠃ ᠶᠠᠭ ᠡᠨᠡ ᠦᠶ᠎ᠡ ᠳ᠋ᠦ᠍ ᠰᠢᠦᠢ ᠲᠠ ᠭᠣᠣᠯ ᠤ᠋ᠨ ᠡᠰᠡᠷᠭᠦ ᠲᠠᠯ᠎ᠠ᠎ᠠᠴᠠ ᠶᠡᠬᠡ ᠴᠡᠷᠢᠭ ᠢ᠋ᠶ᠋ᠡᠨ ᠳᠠᠢᠴᠢᠯᠠᠨ ᠬᠡᠩᠭᠡᠷᠭᠡ ᠳᠡᠯᠡᠳᠦᠨ ᠫᠤᠤ ᠲᠠᠯᠪᠢᠵᠤ ᠤᠮᠠᠷᠠᠲᠤ ᠡᠷᠭᠢ ᠳᠠᠢᠰᠢ ᠰᠢᠭᠤᠳ ᠳᠠᠭᠠᠷᠢᠨ ᠢᠷᠡᠪᠡ ᠃ ᠠᠷᠭᠤᠨᠲᠡᠮᠦᠷ ᠵᠠᠩᠵᠤᠨ ᠭᠱᠠᠨ ᠵᠠᠭᠤᠷ᠎ᠠ ᠭᠤᠷᠪᠠᠨ ᠲᠠᠯ᠎ᠠ ᠶ᠋ᠢᠨ ᠳᠠᠭᠠᠷᠢᠯᠲᠠ ᠳ᠋ᠤ᠌ ᠲᠤᠯᠭᠠᠷᠠᠵᠤ ᠲᠠᠪᠤᠨ ᠲᠦᠮᠡᠨ ᠴᠡᠷᠢᠭ ᠦ᠋ᠨ ᠬᠠᠭᠠᠰ ᠨᠢ ᠬᠣᠬᠢᠷᠠᠵᠤ ᠬᠠᠭᠠᠰ ᠨᠢ ᠪᠤᠲᠠᠷᠠᠨ ᠰᠠᠷᠨᠢᠪᠠ ᠃ ᠡᠢᠨ ᠬᠦ᠌ ᠲᠡᠷᠡ ᠠᠷᠪᠠᠭᠠᠳ ᠰᠢᠳᠠᠷ ᠮᠣᠷᠢᠲᠠᠨ ᠤ᠋ ᠬᠠᠮᠲᠤ ᠪᠦᠰᠡᠯᠡᠯᠲᠡ ᠶ᠋ᠢ ᠰᠢᠪᠲᠤᠯᠤᠨ ᠤᠮᠠᠷᠠᠰᠢ ᠠᠯᠠᠨ ᠪᠠᠢᠯᠳᠤᠵᠤ ᠪᠠᠢᠭᠠᠳ ᠬᠦᠨᠳᠦ ᠰᠢᠷᠠᠭᠳᠤᠵᠤ ᠰᠢᠦᠢ ᠲᠠ ᠶ᠋ᠢᠨ ᠴᠡᠷᠢᠭ ᠲᠦ᠍ ᠣᠯᠵᠠᠯᠠᠭᠳᠠᠪᠠ ᠃  
      ᠲᠤᠬᠠᠢ ᠶ᠋ᠢᠨ ᠦᠶᠡᠰ ᠲᠣᠷ ᠯᠢ ᠰᠧ ᠴᠢ ᠂ ᠵᠠᠩ ᠯᠢᠶᠠᠩ ᠪᠢ ᠶ᠋ᠢᠨ ᠴᠡᠷᠢᠭ ᠶᠠᠭ ᠰᠠᠢᠬᠠᠨ ᠲᠦᠩᠭᠤᠸᠠᠨ ᠪᠣᠭᠣᠮᠲᠠ ᠶ᠋ᠢ ᠡᠵᠡᠯᠡᠨ ᠰᠠᠭᠤᠵᠤ ᠪᠠᠢᠵᠤᠬᠤᠢ ᠃ ᠲᠡᠳᠡ ᠰᠢᠦᠢ ᠲᠠ ᠶ᠋ᠢᠨ ᠴᠡᠷᠢᠭ ᠾᠧᠨᠠᠨ ᠳ᠋ᠤ᠌ ᠴᠥᠮᠥᠷᠡᠨ ᠣᠷᠣᠭᠰᠠᠨ ᠢ᠋ ᠰᠣᠨᠣᠰᠤᠭᠠᠳ ᠭᠠᠷ ᠳᠣᠣᠷᠠᠬᠢ ᠬᠣᠶᠠᠷ ᠵᠠᠩᠵᠤᠨ ᠢ᠋ᠶ᠋ᠠᠷ ᠢ᠋ᠶ᠋ᠠᠨ ᠲᠦᠩᠭᠤᠸᠠᠨ ᠪᠣᠭᠣᠮᠲᠠ ᠶ᠋ᠢ ᠰᠠᠬᠢᠭᠤᠯᠵᠤ ᠥᠪᠡᠷ ᠢ᠋ᠶ᠋ᠡᠨ ᠰᠧᠴᠤᠸᠠᠨ ᠲᠠᠢᠰᠢ ᠳᠤᠲᠠᠭᠠᠪᠠ ᠃ ᠲᠡᠨᠳᠡᠴᠡ ᠹᠧᠩ ᠰᠢᠶᠠᠩ ᠬᠦᠷᠦᠭᠡᠳ ᠴᠠᠩ ᠢᠦᠢ ᠴᠦᠨ ᠦ᠌ ᠪᠦᠭᠭᠦᠭᠰᠡᠨ ᠴᠡᠷᠢᠭ ᠲᠡᠢ ᠤᠴᠠᠷᠠᠭᠠᠳ ᠶᠡᠬᠡᠳᠡ ᠳᠡᠢᠯᠦᠭᠳᠡᠵᠦ ᠪᠠᠷᠠᠭᠤᠨᠰᠢ ᠯᠢᠨ ᠲᠤᠤ ᠬᠦᠷᠦᠭᠡᠳ ᠠᠮᠢᠳᠤ ᠪᠠᠷ ᠪᠠᠷᠢᠭᠳᠠᠪᠠ ᠃  
       ᠠᠷᠭᠤᠨᠲᠡᠮᠦᠷ ᠲᠤᠰᠠᠯᠠᠬᠤ ᠴᠡᠷᠢᠭ ᠦᠭᠡᠢ ᠪᠠᠢᠳᠠᠯ ᠳᠣᠣᠷ᠎ᠠ ᠰᠢᠦᠢ ᠳ᠋ᠠ ᠶ᠋ᠢᠨ ᠤᠮᠠᠷᠠᠰᠢ ᠳᠠᠢᠯᠠᠭᠰᠠᠨ ᠴᠡᠷᠢᠭ ᠢ᠋ ᠯᠦᠸᠧ ᠾᠧ ᠭᠣᠣᠯ ᠤ᠋ᠨ ᠠᠮᠠᠨ ᠳ᠋ᠤ᠌ ᠠᠷᠪᠠᠭᠠᠳ ᠡᠳᠦᠷ ᠬᠣᠷᠢᠭᠯᠠᠨ ᠪᠠᠢᠯᠳᠤᠭᠰᠠᠨ ᠨᠢ ᠲᠤᠬᠤᠨᠲᠡᠮᠦᠷ ᠬᠠᠭᠠᠨ ᠳᠠᠢᠳᠤ ᠠ᠋ᠴᠠ ᠤᠮᠠᠷᠠᠰᠢ ᠤᠬᠤᠷᠢᠨ ᠭᠠᠷᠬᠤ ᠳ᠋ᠤ᠌ ᠴᠠᠭ ᠬᠤᠭᠤᠴᠠᠭ᠎ᠠ ᠣᠯᠭᠣᠵᠤ ᠦᠭᠭᠦᠭᠰᠡᠨ ᠪᠥᠯᠥᠭᠡ ᠃  
       ᠰᠢᠦᠢ  ᠳ᠋ᠠ ᠂ ᠴᠠᠩ ᠢᠦᠢ ᠴᠦᠨ ᠦ᠌ ᠤᠮᠠᠷᠠᠰᠢ ᠳᠠᠢᠯᠠᠭᠰᠠᠨ ᠴᠡᠷᠢᠭ ᠯᠦᠸᠧ ᠾᠧ ᠭᠣᠣᠯ ᠤ᠋ᠨ ᠬᠣᠷᠢᠭᠯᠠᠯᠲᠠ ᠶ᠋ᠢ ᠰᠢᠪᠲᠤᠯᠤᠭᠰᠠᠨ ᠬᠣᠢᠨ᠎ᠠ ᠂ ᠾᠧᠨᠠᠨ ᠤ᠋ ᠵᠧᠦ ᠰᠢᠶᠠᠨ ᠢ᠋ ᠮᠥᠰᠥᠨ᠎ᠡ ᠲᠡᠷᠭᠡ ᠲᠦᠯᠬᠢᠬᠦ ᠠᠳᠠᠯᠢ  ᠬᠢᠯᠪᠠᠷᠬᠠᠨ ᠢ᠋ᠶ᠋ᠠᠷ ᠡᠵᠡᠯᠡᠵᠦ ᠂ ᠶᠡᠬᠡ ᠲᠠᠲᠠᠮᠠᠯ ᠭᠣᠣᠯ ᠢ᠋ᠶ᠋ᠠᠷ ᠥᠭᠰᠥᠨ ᠴᠠᠩ ᠯᠦ᠍ ( ᠡᠦᠲᠦ ᠶ᠋ᠢᠨ ᠾᠧᠪᠧᠢ ᠶ᠋ᠢᠨ ᠼᠠᠩᠵᠸᠦ ) ᠂ ᡁᠢ ᠭᠦ ( ᠡᠦᠲᠦ ᠶ᠋ᠢᠨ ᠲᠢᠶᠠᠨᠵᠢᠨ ) ᠢ᠋ ᠡᠪᠳᠡᠵᠦ ᠰᠢᠭᠤᠳ ᠲᠦᠩᠵᠸᠦ ᠳ᠋ᠦ᠍ ᠲᠤᠯᠵᠤ ᠢᠷᠡᠪᠡ ᠃ ᠲᠦᠩᠵᠸᠦ ᠶ᠋ᠢ ᠰᠠᠬᠢᠭᠴᠢ ᠵᠠᠩᠵᠤᠨ ᠡᠰᠦ ᠂ ᠱᠦᠮᠢ ᠶᠤᠸᠠᠨ ᠤ᠋ ᠬᠡᠷᠡᠭ ᠰᠢᠳᠬᠡᠭᠴᠢ ᠪᠤᠶᠠᠨᠲᠡᠮᠦᠷ ᠨᠠᠷ ᠴᠡᠷᠢᠭ ᠳᠠᠢᠴᠢᠯᠠᠨ ᠪᠦᠬᠦ ᠬᠦᠴᠦᠨ ᠢ᠋ᠶ᠋ᠡᠷ ᠬᠣᠷᠢᠭᠯᠠᠨ ᠪᠠᠢᠯᠳᠤᠭᠰᠠᠨ ᠠᠪᠠᠴᠤ ᠬᠦᠴᠦᠨ ᠦ᠌ ᠬᠠᠷᠢᠴᠠᠯ ᠮᠠᠰᠢ ᠶᠡᠬᠡ ᠵᠥᠷᠢᠶ᠎ᠡ ᠲᠡᠢ ᠲᠤᠯᠠ ᠡᠰᠡᠷᠭᠦᠴᠡᠵᠦ ᠳᠡᠢᠯᠬᠦ ᠦᠭᠡᠢ ᠪᠣᠯᠤᠭᠠᠳ ᠪᠤᠶᠠᠨᠲᠡᠮᠦᠷ ᠂ ᠡᠰᠦ ᠨᠠᠷ ᠠᠮᠢ ᠦᠷᠡᠭᠳᠡᠵᠦ ᠪᠤᠲᠠᠷᠠᠭᠰᠠᠨ ᠴᠡᠷᠢᠭ ᠦ᠋ᠨ ᠡᠷᠡᠴᠦᠳ ᠳᠠᠢᠳᠤ ᠬᠣᠲᠠ ᠳ᠋ᠤ᠌ ᠳᠤᠲᠠᠭᠠᠵᠤ ᠢᠷᠡᠪᠡ ᠃  
       ᠰᠢᠦᠢ ᠳ᠋ᠠ ᠂ ᠴᠠᠩ ᠢᠦᠢ ᠴᠦᠨ ᠢᠯᠠᠯᠲᠠ ᠶ᠋ᠢᠨ ᠡᠷᠴᠢᠨ ᠳᠡᠭᠡᠷ᠎ᠡ ᠪᠡᠨ ᠳᠠᠢᠳᠤ ᠬᠣᠲᠠ ᠶ᠋ᠢ ᠰᠢᠭᠤᠳ ᠬᠠᠭᠠᠷ᠎ᠠ ᠢᠷᠡᠭᠰᠡᠨ ᠦᠭᠡᠢ ᠂ ᠬᠠᠷᠢᠨ ᠳᠠᠢᠳᠤ ᠬᠣᠲᠠ ᠶ᠋ᠢᠨ ᠰᠡᠷᠭᠡᠢᠯᠡᠯᠲᠡ ᠶ᠋ᠢᠨ ᠪᠠᠢᠳᠠᠯ ᠢ᠋ ᠲᠠᠩᠨᠠᠨ ᠪᠠᠢᠴᠠᠭᠠᠵᠤ ᠰᠠᠨᠠᠭᠠᠨ ᠤ᠋ ᠭᠠᠳᠠᠭᠤᠷᠬᠢ ᠪᠠᠢᠳᠠᠯ ᠭᠠᠷᠬᠤ ᠶ᠋ᠢ ᠭᠦᠢᠴᠡᠳ ᠵᠢᠱ᠌ᠢᠵᠦ ᠲᠥᠰᠦᠪᠯᠡᠵᠦ ᠪᠣᠳᠠᠲᠠᠢ ᠠᠷᠭᠠᠴᠠᠭᠠᠬᠤ ᠪᠡᠯᠡᠳᠬᠡᠯ ᠬᠢᠵᠡᠢ ᠃  
       ᠶᠤᠸᠠᠨ ᠤᠯᠤᠰ ᠤ᠋ᠨ ᠤᠯᠤᠰ ᠲᠥᠷᠥ ᠶ᠋ᠢᠨ ᠭᠣᠯᠣᠮᠲᠠ ᠪᠣᠯᠤᠭᠰᠠᠨ ᠳᠠᠢᠳᠤ ᠬᠣᠲᠠ ᠶ᠋ᠢᠨ ᠰᠡᠷᠭᠡᠢᠯᠡᠯᠲᠡ ᠨᠢ ᠮᠠᠰᠢ ᠪᠡᠬᠢ ᠳᠡᠭᠡᠷ᠎ᠡ ᠪᠡᠨ ᠬᠣᠲᠠ ᠳᠣᠲᠣᠷ᠎ᠠ ᠶᠡᠬᠡ ᠬᠡᠮᠵᠢᠶᠡᠨ ᠦ᠌ ᠠᠮᠤ ᠬᠦᠨᠡᠰᠦ ᠨᠥᠭᠡᠴᠡᠯᠡᠵᠦ ᠪᠠᠢᠭ᠎ᠠ ᠲᠤᠯᠠᠳᠠ ᠨᠢᠭᠡ ᠵᠢᠯ ᠢᠳᠡᠵᠦ ᠭᠦᠢᠴᠡᠮᠦᠢ ᠃ ᠢᠯᠠᠩᠭᠤᠶ᠎ᠠ ᠳᠠᠢᠳᠤ ᠬᠣᠲᠠ ᠠ᠋ᠴᠠ ᠳᠡᠮᠡᠢ ᠬᠣᠯᠠ ᠦᠭᠡᠢ ᠲᠠᠢᠶᠤᠸᠠᠨ ᠬᠣᠲᠠ ᠳ᠋ᠤ᠌ ᠬᠥᠬᠡᠲᠡᠮᠦᠷ ᠦ᠋ᠨ ᠵᠠᠬᠢᠷᠤᠭᠰᠠᠨ ᠠᠷᠪᠠᠨ ᠲᠠᠪᠤᠨ ᠲᠦᠮᠡᠨ ᠴᠡᠷᠢᠭ ᠪᠠᠷᠰ ᠤ᠋ᠨ ᠬᠠᠷᠠᠴᠠ ᠪᠠᠷ ᠪᠠᠷᠠᠯᠠᠵᠤ ᠪᠠᠢᠭ᠎ᠠ ᠣᠴᠢᠷ᠎ᠠ ᠬᠠᠭᠠᠮᠵᠢᠯᠠᠷ᠎ᠠ ᠢᠷᠡᠬᠦᠢ ᠢᠨᠦ ᠴᠠᠭ ᠢᠮᠠᠭᠲᠠ ᠪᠡᠯᠡᠬᠡᠨ ᠪᠠᠢᠵᠤᠬᠤᠢ ᠃ 
      ᠪᠠᠢᠳᠠᠯ ᠡᠢᠮᠦ ᠳ᠋ᠦ᠍ ᠰᠢᠦᠢ ᠳ᠋ᠠ᠂ ᠴᠠᠩ ᠢᠦᠢ ᠴᠦᠨ ᠨᠠᠷ ᠪᠠᠢᠯᠳᠤᠬᠤ ᠠᠷᠭ᠎ᠠ ᠶ᠋ᠢᠨ ᠲᠠᠯ᠎ᠠ ᠪᠠᠷ ᠲᠣᠬᠢᠷᠠᠭᠤᠯᠤᠯᠲᠠ ᠬᠢᠵᠦ ᠴᠥᠭᠡᠨ ᠴᠡᠷᠢᠭ ᠢ᠋ᠶ᠋ᠡᠷ ᠳᠠᠢᠳᠤ ᠬᠣᠲᠠ ᠶ᠋ᠢ ᠪᠦᠰᠡᠯᠡᠨ ᠂ ᠭᠣᠣᠯ ᠬᠦᠴᠦᠨ ᠢ᠋ᠶ᠋ᠡᠨ ᠡᠯ᠎ᠡ ᠭᠠᠵᠠᠷ ᠠ᠋ᠴᠠ ᠬᠠᠭᠠᠮᠵᠢᠯᠠᠷ᠎ᠠ ᠢᠷᠡᠬᠦ ᠶᠤᠸᠠᠨ ᠤᠯᠤᠰ ᠤ᠋ᠨ ᠴᠡᠷᠢᠭ ᠢ᠋ ᠵᠠᠮ ᠲᠣᠰᠴᠤ ᠤᠰᠠᠳᠬᠠᠬᠤ ᠪᠠᠷ ᠪᠡᠯᠡᠳᠬᠡᠭᠡᠳ ᠂ ᠨᠠᠢ᠍ᠮᠠᠳᠤᠭᠠᠷ ᠰᠠᠷ᠎ᠠ ᠶ᠋ᠢᠨ ᠬᠣᠶᠠᠷ ᠤ᠋ᠨ ᠡᠳᠦᠷ ᠳᠠᠢᠳᠤ ᠬᠣᠲᠠ ᠶ᠋ᠢ ᠪᠦᠰᠡᠯᠡᠪᠡ ᠃ ᠭᠡᠲᠡᠯ᠎ᠡ ᠡᠨᠡ ᠦᠶ᠎ᠡ ᠳ᠋ᠦ᠍ ᠲᠣᠬᠤᠨᠲᠡᠮᠦᠷ ᠬᠠᠭᠠᠨ ᠢ᠋ᠶ᠋ᠠᠷ ᠨᠢᠭᠡᠨᠲᠡ ᠳᠠᠢᠳᠤ ᠠ᠋ᠴᠠ ᠤᠬᠤᠷᠢᠨ ᠭᠠᠷᠤᠭᠠᠳ ᠱᠠᠩᠳᠤ ᠳ᠋ᠤ᠌ ᠬᠦᠷᠦᠭᠰᠡᠨ ᠪᠠᠢᠪᠠ ᠃ 
       ᠥᠭᠦᠯᠡᠬᠦ ᠢᠨᠦ ᠂ ᠲᠣᠬᠤᠨᠲᠡᠮᠦᠷ ᠬᠠᠭᠠᠨ ᠢ᠋ᠶ᠋ᠠᠷ ᠰᠢᠦᠢ ᠳ᠋ᠠ ᠂ ᠴᠠᠩ ᠢᠦᠢ ᠴᠦᠨ ᠦ᠌ ᠴᠡᠷᠢᠭ ᠲᠦᠩᠵᠸᠦ ᠶ᠋ᠢ ᠬᠠᠭᠠᠭᠰᠠᠨ ᠴᠢᠮᠡᠭᠡ ᠶ᠋ᠢ ᠰᠣᠨᠣᠰᠤᠭᠠᠳ ᠴᠢᠩ ᠨᠢᠩ ᠳ᠋ᠢᠶᠠᠨ ᠣᠷᠳᠣᠨ ᠳ᠋ᠤ᠌ ᠬᠠᠲᠤᠳ ᠲᠠᠲᠠᠪᠤᠷᠢ ᠂ ᠬᠣᠩ ᠲᠠᠢᠽᠢ ᠵᠢᠴᠢ ᠦᠷ᠎ᠡ ᠠᠴᠢ ᠨᠠᠷ ᠢ᠋ᠶ᠋ᠠᠨ ᠴᠤᠭᠯᠠᠭᠤᠯᠵᠤ ᠣᠳᠣᠬᠠᠨ ᠤ᠋ ᠲᠦᠭᠰᠢᠭᠦᠷᠢᠲᠦ ᠪᠠᠢᠳᠠᠯ ᠢ᠋ ᠮᠡᠳᠡᠭᠦᠯᠵᠦ ᠤᠮᠠᠷᠠᠰᠢ ᠡᠯᠡᠰᠦᠨ ᠨᠤᠲᠤᠭ ᠬᠡᠭᠡᠷ᠎ᠡ ᠲᠠᠯ᠎ᠠ ᠳ᠋ᠤ᠌ ᠪᠠᠨ ᠪᠤᠴᠠᠵᠤ ᠬᠠᠷᠢᠬᠤ ᠰᠢᠢᠳᠪᠦᠷᠢ ᠭᠠᠷᠭᠠᠵᠤᠬᠤᠢ ᠃ ᠲᠡᠨᠳᠡᠴᠡ ᠲᠡᠳᠡᠨ ᠢ᠋ ᠶᠠᠭᠤᠮ᠎ᠠ ᠬᠡᠦᠮ᠎ᠡ ᠪᠡᠨ ᠪᠤᠰᠢᠭᠤ ᠪᠠᠭᠴᠠᠯᠠᠵᠤ ᠪᠡᠯᠡᠳᠭᠡ ᠬᠡᠮᠡᠭᠡᠳ ᠳ᠋ᠤᠸᠠᠨ ᠮᠢᠩ ᠳ᠋ᠢᠶᠠᠨ ᠬᠠᠷᠰᠢ ᠳ᠋ᠤ᠌ ᠢᠷᠡᠵᠦ ᠰᠠᠢᠳ ᠲᠦᠰᠢᠮᠡᠳ ᠢ᠋ ᠳᠠᠭᠤᠳᠠᠨ ᠠᠪᠴᠢᠷᠠᠭᠠᠳ ᠂ ᠳᠠᠢᠳᠤ ᠠ᠋ᠴᠠ ᠤᠬᠤᠷᠢᠨ ᠭᠠᠷᠴᠤ ᠱᠠᠩᠳᠤ ᠳ᠋ᠤ᠌ ᠰᠢᠯᠵᠢᠨ ᠣᠴᠢᠬᠤ ᠪᠠᠷ   ᠵᠠᠷᠯᠠᠭᠰᠠᠨ᠎ᠠ ᠳ᠋ᠤᠸᠠᠨ ᠮᠢᠩ ᠳ᠋ᠢᠶᠠᠨ ᠬᠠᠷᠰᠢ ᠶ᠋ᠢᠨ ᠳᠣᠲᠣᠷ᠎ᠠ ᠬ᠌ᠱᠠᠨ ᠵᠠᠭᠤᠷ᠎ᠠ ᠰᠠᠮᠠᠭᠤᠷᠠᠯ ᠪᠣᠯᠪᠠ ᠃  
      ᠴᠡᠷᠢᠭ ᠦ᠋ᠨ ᠨᠢᠭᠤᠴᠠ ᠶ᠋ᠢᠨ ᠬᠦᠷᠢᠶᠡᠯᠡᠩ ᠦ᠋ᠨ ᠬᠡᠷᠡᠭ ᠮᠡᠳᠡᠭᠴᠢ ᠬᠠᠷᠠᠵᠠᠩ ᠠᠢᠯᠠᠳᠬᠠᠷᠤᠨ ᠄ 《 ᠬᠤᠯᠠᠭᠠᠢ ᠶ᠋ᠢᠨ ᠴᠡᠷᠢᠭ ᠨᠢᠭᠡᠨᠲᠡ ᠲᠦᠩᠵᠸᠦ ᠶ᠋ᠢ ᠡᠵᠡᠯᠡᠭᠰᠡᠨ ᠲᠤᠯᠠ ᠬᠠᠭᠠᠨ ᠤ᠋ ᠬᠥᠰᠬᠡ ᠲᠡᠷᠭᠡ ᠨᠡᠢᠰᠯᠡᠯ ᠬᠣᠲᠠ ᠠ᠋ᠴᠠ ᠭᠠᠷᠤᠮᠠᠭᠴᠠ ᠨᠡᠢᠰᠯᠡᠯ ᠬᠣᠲᠠ ᠶ᠋ᠢ ᠬᠠᠮᠠᠭᠠᠯᠠᠵᠤ ᠡᠰᠡ ᠴᠢᠳᠠᠮᠤᠢ ᠃ ᠬᠠᠭᠠᠨ ᠢ᠋ᠶ᠋ᠠᠷ ᠠᠯᠲᠠᠨ ᠤᠯᠤᠰ ᠤ᠋ᠨ ᠰᠢᠦᠸᠠᠨᠽᠦᠢ᠍ᠩ ᠬᠠᠭᠠᠨ ᠤ᠋ ᠡᠮᠦᠨᠡᠰᠢ ᠵᠢᠭᠤᠲᠠᠭᠰᠠᠨ ᠬᠡᠷᠡᠭ ᠢ᠋ᠶ᠋ᠡᠷ ᠰᠤᠷᠭᠠᠮᠵᠢ ᠪᠣᠯᠭᠠᠵᠤ ᠨᠡᠢᠰᠯᠡᠯ ᠬᠣᠲᠠ ᠶ᠋ᠢ ᠦᠬᠦᠨ ᠰᠠᠬᠢᠵᠤ ᠲᠤᠰᠠᠯᠠᠬᠤ ᠴᠡᠷᠢᠭ ᠦ᠋ᠨ ᠬᠦᠷᠴᠦ ᠢᠷᠡᠬᠦ ᠶ᠋ᠢ ᠬᠦᠯᠢᠶᠡᠪᠡᠰᠦ ᠵᠣᠬᠢᠯᠲᠠᠢ 》 ᠬᠡᠮᠡᠪᠡ ᠃ 
       ᠲᠣᠬᠣᠭᠳᠠᠮᠤᠢ ᠬᠠᠭᠠᠨ ᠥᠭᠦᠯᠡᠷᠦᠨ ᠄ 《 ᠡᠰᠦ ᠂  ᠪᠣᠶᠠᠨᠲᠡᠮᠦᠷ ᠨᠢᠭᠡᠨᠲᠡ ᠪᠠᠢᠯᠳᠤᠨ ᠦᠷᠡᠭᠳᠡᠪᠡ ᠃ ᠬᠥᠬᠡᠲᠡᠮᠦᠷ ᠡᠦᠲᠦ ᠲᠠᠢᠶᠤᠸᠠᠨ ᠳ᠋ᠤ᠌ ᠪᠠᠢᠬᠤ ᠣᠴᠢᠷ᠎ᠠ ᠨᠢᠭᠡᠨ ᠴᠠᠭ ᠲᠤᠷ ᠬᠠᠭᠠᠮᠵᠢᠯᠠᠷ᠎ᠠ ᠢᠷᠡᠵᠦ ᠦᠯᠦ ᠳᠠᠶ᠋ᠢᠯᠤᠮᠤᠢ ᠃ ᠥᠭᠡᠷ᠎ᠡ ᠶᠠᠮᠠᠷ ᠲᠤᠰᠠᠯᠠᠬᠤ ᠴᠡᠷᠢᠭ ᠢ᠋ ᠬᠦᠯᠢᠶᠡᠮᠦᠢ ? 》
       ᠲᠠᠢ ᠵᠢᠶᠠᠨ ᠲᠦᠰᠢᠮᠡᠯ ᠵᠣᠣ ᠪᠢᠶᠠᠨᠪᠤᠬ᠎ᠠ ᠤᠬᠢᠯᠠᠨ ᠠᠢᠯᠠᠳᠬᠠᠷᠤᠨ ᠄ 《 ᠳᠡᠯᠡᠬᠡᠢ ᠳ᠋ᠠᠬᠢᠨ ᠬᠡᠮᠡᠪᠡᠰᠦ  ᠱ᠌ᠢᠽᠦ᠍ ᠰᠡᠴᠡᠨ ᠬᠠᠭᠠᠨ ᠤ᠋ ᠳᠡᠯᠡᠬᠡᠢ ᠳ᠋ᠠᠬᠢᠨ ᠪᠣᠯᠠᠢ ᠃ ᠬᠠᠭᠠᠨ ᠢ᠋ᠶ᠋ᠠᠷ ᠦᠬᠦᠲᠡᠯ᠎ᠡ ᠰᠠᠬᠢᠪᠠᠰᠤ ᠵᠣᠬᠢᠮᠤᠢ ᠃ ᠲᠦᠰᠢᠮᠡᠳ ᠪᠢᠳᠡ ᠬᠣᠲᠠ ᠠ᠋ᠴᠠ ᠭᠠᠷᠴᠤ ᠴᠡᠷᠢᠭ ᠮᠣᠷᠢ ᠡᠯᠰᠡᠨ ᠬᠦᠴᠦᠯᠡᠨ ᠪᠠᠢᠯᠳᠤᠰᠤᠭᠠᠢ 》 ᠬᠡᠮᠡᠬᠦᠶ᠎ᠡ ᠲᠣᠬᠤᠨᠲᠡᠮᠦᠷ ᠬᠠᠭᠠᠨ ᠲᠣᠯᠣᠭᠠᠢ ᠰᠠᠵᠢᠨ ᠥᠭᠦᠯᠡᠷᠦᠨ ᠄ 《 ᠦᠯᠦ ᠪᠣᠯᠤᠮᠤᠢ ᠃ ᠪᠢ ᠡᠯ᠎ᠡ ᠲᠠᠯ᠎ᠠ ᠶ᠋ᠢᠨ ᠨᠥᠬᠥᠴᠡᠯ ᠪᠣᠯᠤᠯᠴᠠᠭ᠎ᠠ ᠶ᠋ᠢ ᠪᠦᠷᠢᠨ ᠬᠢᠨᠠᠵᠤ ᠦᠵᠡᠪᠡ ᠃ ᠳᠠᠢᠳᠤ ᠬᠣᠲᠠ ᠶ᠋ᠢᠨ ᠰᠡᠷᠭᠡᠢᠯᠡᠯᠲᠡ ᠪᠠᠲᠤ ᠪᠡᠬᠢ ᠬᠡᠮᠡᠪᠡᠴᠦ ᠪᠣᠯᠤᠲᠡᠮᠦᠷ ᠂ ᠬᠥᠬᠡᠲᠡᠮᠦᠷ ᠬᠣᠭᠣᠷᠣᠨᠳᠣ ᠪᠠᠨ ᠲᠠᠰᠤᠷᠠᠯᠲᠠ ᠦᠭᠡᠢ ᠬᠢᠮᠤᠷᠠᠯᠳᠤᠵᠤ ᠠᠷᠠᠳ ᠤ᠋ᠨ ᠰᠡᠳᠬᠢᠯ ᠰᠠᠮᠠᠭᠤᠷᠠᠵᠤ ᠂ ᠬᠣᠲᠠ ᠶ᠋ᠢᠨ ᠰᠡᠷᠭᠡᠢᠯᠡᠯᠲᠡ ᠬᠡᠷᠡᠭ ᠳᠡᠭᠡᠷ᠎ᠡ ᠪᠡᠨ ᠨᠢᠭᠡᠨᠲᠡ ᠬᠣᠭᠣᠰᠣᠨ ᠪᠣᠯᠪᠠᠢ ᠃ ᠡᠦᠲᠦ ᠬᠠᠮᠢᠭ᠎ᠠ ᠣᠴᠢᠵᠤ ᠴᠡᠷᠢᠭ ᠮᠣᠷᠢ ᠡᠯᠰᠡᠮᠦᠢ ? 》
      ᠵᠣᠣ ᠪᠠᠶᠠᠨᠪᠤᠬ᠎ᠠ ᠥᠴᠢᠷᠦᠨ ᠄ 《 ᠬᠡᠷᠪᠡ ᠪᠢᠳᠡ ᠳᠠᠢᠳᠤ ᠬᠣᠲᠠ ᠶ᠋ᠢ ᠡᠰᠡᠷᠭᠦᠴᠡᠨ ᠪᠠᠢᠯᠳᠤᠬᠤ ᠦᠭᠡᠢ ᠪᠡᠷ ᠳᠠᠢᠰᠤᠨ ᠳ᠋ᠤ᠌ ᠡᠵᠡᠯᠡᠭᠦᠯᠬᠦ ᠪᠣᠯᠪᠠᠰᠤ ᠪᠣᠭᠳᠠ ᠳᠡᠭᠡᠳᠦ ᠶ᠋ᠢᠨ ᠰᠦᠷ ᠰᠦᠯᠳᠡ ᠮᠠᠨ ᠢ᠋ ᠦᠯᠦ ᠳᠠᠭᠠᠯᠠᠮᠤᠢ ! 》 ᠲᠣᠬᠤᠨᠲᠡᠮᠦᠷ ᠬᠠᠭᠠᠨ ᠠᠭᠤᠷᠯᠠᠨ ᠥᠭᠦᠯᠡᠷᠦᠨ ᠄ 《  ᠪᠠᠶᠠᠨᠪᠤᠬ᠎ᠠ ᠴᠢ ᠨᠠᠳᠠ ᠶ᠋ᠢ ᠰᠥᠩ ᠾᠦᠢᠽᠦᠶ᠋ᠩ ᠂ ᠴᠢᠨᠽᠦᠢ᠍ᠩ ᠦ᠋ᠨ ᠪᠣᠷᠣ ᠮᠥᠷ ᠢ᠋ᠶ᠋ᠡᠷ ᠢᠨᠦ ᠪᠣᠷᠪᠢᠳᠠᠨ ᠳᠠᠭᠠᠭᠤᠯᠬᠤ ᠬᠡᠮᠡᠮᠦ ? ᠳᠠᠢᠳᠤ ᠠ᠋ᠴᠠ ᠵᠠᠢᠯᠠᠵᠤ ᠱᠠᠩᠳᠤ ᠳ᠋ᠤ᠌ ᠤᠬᠤᠷᠢᠨ ᠣᠴᠢᠭᠠᠳ ᠬᠦᠴᠦ ᠪᠡᠨ ᠬᠤᠷᠠᠮᠳᠤᠭᠤᠯᠤᠨ ᠭᠡᠳᠡᠷᠭᠦ ᠴᠣᠬᠢᠨ ᠢᠷᠡᠵᠦ ᠪᠣᠯᠤᠮᠤᠢ ᠢ᠋᠎ᠡ ᠃ ᠥᠨᠥ ᠪᠢ ᠨᠢᠭᠡᠨᠲᠡ ᠵᠣᠷᠢᠭ ᠰᠢᠢᠳᠪᠡ ᠂ ᠴᠢ ᠪᠢᠲᠡᠭᠡᠢ ᠢᠯᠡᠭᠦᠴᠡ ᠥᠭᠦᠯᠡ ! 》 ᠬᠡᠮᠡᠭᠡᠳ ᠲᠥᠪ ᠪᠢᠴᠢᠭ ᠦ᠋ᠨ ᠮᠣᠵᠢ ᠶ᠋ᠢᠨ ᠵᠡᠭᠦᠨ ᠭᠠᠷᠤᠨ ᠴᠢᠩᠰᠠᠩ ᠰᠢᠷᠡᠮᠦᠨ ᠂ ᠲᠡᠢ ᠴᠠᠩ ᠰᠧ ᠶᠠᠮᠤᠨ ᠤ᠋ ᠲᠦᠰᠢᠮᠡᠯ ᠠᠷᠭᠤᠢ ᠳ᠋ᠤ᠌ ᠵᠠᠷᠯᠢᠭ ᠪᠣᠯᠤᠷᠤᠨ ᠄ 《 ᠲᠠᠨ ᠤ᠋ ᠬᠣᠶᠠᠷ ᠪᠦᠷ ᠰᠦᠮ᠎ᠡ ᠳ᠋ᠦ᠍ᠷ ᠣᠲᠣᠭᠠᠳ ᠣᠯᠠᠨ ᠪᠣᠭᠳᠠ ᠬᠠᠭᠠᠳ ᠤ᠋ᠨ ᠬᠥᠷᠥᠭ ᠪᠠ ᠣᠩᠭᠣᠨ ᠰᠢᠲᠦᠭᠡᠨ ᠢ᠋ ᠴᠤᠭᠯᠠᠭᠤᠯᠵᠤ ᠠᠪᠤᠭᠠᠳ ᠬᠣᠩ ᠲᠠᠢᠽᠢ ᠯᠤᠭ᠎ᠠ ᠤᠷᠢᠳ ᠢ᠋ᠶ᠋ᠠᠷ ᠤᠮᠠᠷᠠᠰᠢ ᠣᠳᠰᠤᠭᠠᠢ 》 ᠬᠡᠮᠡᠪᠡ ᠃ 

       ᠰᠢᠷᠡᠮᠦᠨ ᠠᠷᠭᠤᠢ ᠬᠣᠶᠠᠷ ᠬᠠᠭᠠᠨ ᠤ᠋ ᠵᠠᠷᠯᠢᠭ ᠢ᠋ᠶ᠋ᠠᠷ ᠲᠠᠬᠢᠯᠭ᠎ᠠ ᠶ᠋ᠢᠨ ᠰᠦᠮ᠎ᠡ ᠳ᠋ᠦ᠍ ᠬᠦᠷᠴᠦ᠂ ᠰᠦᠮ᠎ᠡ ᠶ᠋ᠢ ᠰᠠᠬᠢᠭᠴᠢ ᠲᠦᠰᠢᠮᠡᠯ ᠸᠠᠩ ᠰᠧ ᠽᠦᠩ ᠂ᠬᠠᠷᠠᠪᠤᠬ᠎ᠠ ᠯᠤᠭ᠎ᠠ ᠬᠠᠮᠲᠤ ᠪᠠᠷ ᠪᠣᠭᠳᠠᠰ ᠬᠠᠭᠠᠳ ᠤ᠋ᠨ ᠬᠥᠷᠥᠭ ᠰᠢᠲᠦᠭᠡᠨ ᠢ᠋ ᠢᠯᠭᠠᠨ ᠳᠢᠭᠯᠡᠭᠡᠳ ᠤᠮᠠᠷᠠᠰᠢ ᠣᠳᠪᠠ ᠃  
       ᠲᠤᠬᠤᠨᠳᠡᠮᠤᠷ ᠬᠠᠭᠠᠨ ᠪᠠᠰᠠ ᠬᠤᠸᠠᠢ ᠸᠠᠩ ᠲᠡᠮᠤᠷᠪᠤᠬ᠎ᠠ ( ᠬᠤᠪᠢᠯᠠᠢ ᠰᠡᠴᠡᠨ ᠬᠠᠭᠠᠨ ᠤ᠋ ᠣᠮᠪᠣᠯᠣ ᠂ ᠨᠢᠭᠡᠨᠲᠡ ᠳᠠᠯᠠ ᠭᠠᠷᠤᠭᠰᠠᠨ ᠥᠲᠡᠭᠦᠰ ᠪᠠᠢᠵᠤᠬᠤᠢ ) ᠪᠠᠷ ᠲᠥᠷᠥ ᠶ᠋ᠢ ᠣᠷᠣᠯᠠᠨ ᠵᠠᠬᠢᠷᠤᠭᠤᠯᠵᠤ ᠂ ᠵᠡᠭᠦᠨ ᠭᠠᠷᠤᠨ ᠴᠢᠩᠰᠠᠩ ᠴᠢᠩ ᠲᠦᠩ (ᠬᠠᠩᠯᠢᠨ ᠬᠥᠮᠦᠨ᠂ ᠮᠢᠩᠯᠢᠭᠳᠡᠮᠤᠷ ᠤ᠋ᠨ ᠣᠮᠪᠣᠯᠣ ) ᠪᠠᠷ ᠨᠡᠢᠰᠯᠡᠯ ᠢ᠋ ᠰᠠᠬᠢᠭᠤᠯᠬᠤ ᠪᠠᠷ ᠵᠠᠷᠯᠢᠭ ᠪᠠᠭᠤᠯᠭᠠᠵᠤᠬᠤᠢ᠃ ᠲᠡᠨᠳᠡᠴᠡ ᠲᠤᠰ ᠰᠥᠨᠢ ᠶ᠋ᠢᠨ (ᡁᠢ ᠵᠧᠩ ᠦ᠋ᠨ ᠬᠣᠷᠢᠨ  ᠨᠠᠢ᠍ᠮᠠᠳᠤᠭᠠᠷ ᠣᠨ ᠤ᠋ ᠢᠯᠡᠭᠦᠦ ᠳᠣᠯᠣᠳᠤᠭᠠᠷ ᠰᠠᠷ᠎ᠠ ᠶ᠋ᠢᠨ ᠬᠣᠷᠢᠨ ᠳᠣᠯᠣᠭᠠᠨ ᠤ᠋ ᠡᠳᠦᠷ ) ᠭᠤᠷᠪᠠᠨ ᠵᠢᠩ ᠦ᠋ᠨ ᠦᠶ᠎ᠡ ᠳ᠋ᠦ᠍ ᠬᠠᠭᠠᠨ ᠲᠥᠷᠥ ᠤᠯᠠᠮᠵᠢᠯᠠᠬᠤ ᠬᠠᠰ ᠲᠠᠮᠠᠭ᠎ᠠ ᠪᠠᠨ ᠬᠠᠨᠴᠤᠢᠯᠠᠵᠤ᠂ ᠬᠣᠩ ᠲᠠᠢᠽᠢ ᠠᠶᠤᠰᠢᠷᠢᠳᠠᠷᠠ ᠪᠣᠯᠤᠨ ᠥᠯᠵᠡᠢ ᠬᠤᠲᠤᠭ ᠬᠠᠲᠤᠨ ᠵᠢᠴᠢ ᠦᠷ᠎ᠡ ᠠᠴᠢ ᠨᠠᠷ ᠂ ᠬᠠᠭᠠᠨ ᠣᠷᠳᠣᠨ ᠤ᠋ ᠬᠡᠰᠡᠭ ᠨᠣᠶᠠᠳ ᠲᠦᠰᠢᠮᠡᠳ ᠦ᠋ᠨ ᠬᠠᠮᠲᠤ ᠮᠣᠷᠢᠲᠤ ᠴᠡᠷᠢᠭ ᠦ᠋ᠨ ᠬᠠᠮᠠᠭᠠᠯᠠᠯ ᠲᠠᠢ ᠪᠠᠷ ᠵᠢᠶᠠᠨ  ᠲᠧ ᠮᠧᠨ ᠬᠠᠭᠠᠯᠭ᠎ᠠ ᠪᠠᠷ ᠭᠠᠷᠴᠤ ᠮᠣᠯᠲᠣᠰᠢ ᠶ᠋ᠢᠨ ᠰᠦᠪᠡ ᠪᠡᠷ  ᠤᠮᠠᠷᠠᠰᠢᠯᠠᠵᠤ ᠱᠠᠩᠳᠤ ᠶ᠋ᠢ ᠵᠣᠷᠢᠪᠠ ᠃   
      ᠬᠠᠮᠲᠤ ᠶᠠᠪᠤᠭᠰᠠᠨ ᠰᠠᠢᠳ ᠲᠦᠰᠢᠮᠡᠳ ᠬᠡᠮᠡᠪᠡᠰᠦ ᠄ ᠪᠠᠷᠠᠭᠤᠨ ᠭᠠᠷᠤᠨ ᠤ᠋ ᠴᠢᠩᠰᠠᠩ  ᠳ᠋ᠢᠩᠵᠤ᠂ ᠵᠡᠭᠦᠨ ᠭᠠᠷᠤᠨ ᠴᠢᠩᠰᠠᠩ ᠰᠢᠷᠡᠮᠦᠨ᠂ ᠫᠢᠩ ᠵᠠᠩ ᠲᠦᠰᠢᠮᠡᠯ ᠽᠠᠩ ᠵᠢᠶᠠ  ᠨᠥ᠍ ᠂  ᠢᠦᠢᠱ᠌ᠢ ᠳ᠋ᠠᠢᠹᠦ᠋ ᠲᠦᠰᠢᠮᠡᠯ ᠬᠠᠭᠠᠶ   ᠂ ᠪᠢᠴᠢᠭ ᠦ᠋ᠨ ᠤᠳᠬᠠᠴᠢ ᠶ᠋ᠢᠨ ᠬᠦᠷᠢᠶᠡᠯᠡᠩ ᠦ᠋ᠨ ᠡᠷᠭᠢᠨ ᠰᠠᠢᠳ ᠯᠢ  ᠪᠠᠢᠵᠢᠶᠠᠨᠤ ᠂ ᠴᠡᠷᠢᠭ ᠦ᠋ᠨ ᠨᠢᠭᠤᠴᠠ ᠶ᠋ᠢᠨ ᠬᠦᠷᠢᠶᠡᠯᠡᠩ ᠦ᠋ᠨ ᠬᠡᠷᠡᠭ ᠮᠡᠳᠡᠭᠴᠢ ᠬᠠᠷᠠᠵᠠᠩ᠂ ᠸᠠᠩ ᠬᠣᠩ ᠶᠤᠸᠠᠨ ᠵᠡᠷᠭᠡ ᠵᠠᠭᠤ ᠭᠠᠷᠤᠢ ᠪᠢᠴᠢᠭ ᠴᠡᠷᠢᠭ ᠦ᠋ᠨ ᠲᠦᠰᠢᠮᠡᠳ ᠪᠠᠢᠪᠠ ᠃  
       ᡁᠢ ᠵᠧᠩ ᠦ᠋ᠨ ᠬᠣᠷᠢᠨ  ᠨᠠᠢ᠍ᠮᠠᠳᠤᠭᠠᠷ  ᠣᠨ ᠤ᠋ ᠨᠠᠢ᠍ᠮᠠᠳᠤᠭᠠᠷ ᠰᠠᠷ᠎ᠠ ᠶ᠋ᠢᠨ ᠬᠣᠶᠠᠷ ᠤ᠋ᠨ ᠡᠳᠦᠷ ᠰᠢᠦᠢ ᠳ᠋ᠠ ᠥᠪᠡᠷ ᠢ᠋ᠶ᠋ᠡᠨ ᠴᠡᠷᠢᠭ ᠵᠠᠬᠢᠷᠴᠤ ᠳᠠᠢᠳᠤ ᠬᠣᠲᠠ ᠶ᠋ᠢ ᠢᠷᠡᠵᠦ ᠬᠠᠭᠠᠪᠠ᠃ ᠰᠢᠦᠢ  ᠳ᠋ᠠ ᠬᠣᠲᠠ ᠳᠣᠲᠣᠷ᠎ᠠ ᠪᠦᠭᠭᠦᠭᠰᠡᠨ ᠴᠡᠷᠢᠭ ᠪᠠᠢᠵᠤ ᠮᠠᠭᠠᠳ ᠭᠡᠮᠡᠨ ᠰᠡᠵᠢᠭᠯᠡᠵᠦ ᠴᠢ ᠬᠤᠸᠠ ᠮᠧᠨ ᠬᠠᠭᠠᠯᠭ᠎ᠠ ᠬᠦᠷᠦᠭᠡᠳ ᠬᠤᠶᠠᠭ ᠴᠡᠷᠢᠭ ᠢ᠋  ᠵᠠᠷᠯᠠᠵᠤ ᠭᠣᠣ ᠰᠤᠪᠠᠭ ᠢ᠋ ᠪᠥᠭᠯᠡᠭᠦᠯᠦᠨ ᠬᠣᠲᠠ ᠶ᠋ᠢᠨ ᠬᠡᠷᠡᠮ ᠢ᠋  ᠳᠠᠪᠠᠵᠤ ᠳᠣᠲᠣᠭᠰᠢ ᠣᠷᠣᠪᠠ ᠃ ᠤᠯᠤᠰ ᠢ᠋ ᠣᠷᠣᠯᠠᠨ ᠰᠠᠬᠢᠭᠴᠢ ᠬᠤᠸᠠᠢ ᠸᠠᠩ ᠲᠡᠮᠤᠷᠪᠤᠬ᠎ᠠ ᠂ ᠵᠡᠭᠦᠨ ᠭᠠᠷᠤᠨ ᠴᠢᠩᠰᠠᠩ ᠴᠢᠩ ᠲᠦᠩ ᠂ ᠫᠢᠩ ᠵᠠᠩ ᠲᠦᠰᠢᠮᠡᠯ ᠲᠡᠷᠡᠪᠢᠰᠢ ᠂ ᠫᠢᠶᠣᠣ  ᠰᠠᠢᠨᠪᠤᠬ᠎ᠠ᠂ ᠪᠠᠷᠠᠭᠤᠨ ᠭᠠᠷᠤᠨ   ᠳᠠᠮᠨᠠᠭᠴᠢ ᠲᠦᠰᠢᠮᠡᠯ ᠵᠠᠩ ᠺᠠᠩ ᠪᠦᠸᠧ ᠂ ᠪᠠᠢᠴᠠᠭᠠᠨ ᠦᠵᠡᠭᠴᠢ ᠲᠦᠰᠢᠮᠡᠯ ᠮᠠᠨ ᠴᠢᠤᠸᠠᠨ ᠨᠠᠷ   ᠬᠡᠳᠦᠨ ᠮᠢᠩᠭᠠᠨ ᠰᠢᠯᠢᠳᠡᠭ ᠴᠡᠷᠢᠭ ᠢ᠋  ᠠᠪᠴᠤ ᠲᠣᠰᠴᠤ ᠪᠠᠢᠯᠳᠤᠪᠠ᠃ ᠬᠣᠲᠠ ᠶ᠋ᠢᠨ ᠠᠷᠠᠳ ᠪᠠᠰᠠ ᠴᠢᠯᠠᠭᠤ ᠰᠢᠳᠠᠮ ᠪᠠᠷᠢᠵᠤ ᠢᠷᠡᠭᠡᠳ ᠰᠢᠦᠢ  ᠳ᠋ᠠ  ᠶ᠋ᠢᠨ ᠬᠡᠷᠡᠮ ᠳᠠᠪᠠᠵᠤ ᠣᠷᠣᠵᠤ ᠢᠷᠡᠭᠰᠡᠨ ᠴᠡᠷᠢᠭ ᠢ᠋ ᠪᠦᠰᠡᠯᠡᠨ ᠤᠰᠠᠳᠬᠠᠪᠠ ᠃ ᠰᠢᠦᠢ ᠳ᠋ᠠ ᠬᠣᠲᠠ ᠶ᠋ᠢᠨ ᠬᠡᠷᠡᠮ ᠳᠡᠭᠡᠷ᠎ᠡ ᠵᠣᠭᠰᠣᠵᠤ ᠳᠠᠢᠳᠤ ᠬᠣᠲᠠ ᠶ᠋ᠢᠨ ᠴᠡᠷᠢᠭ ᠠᠷᠠᠳ ᠤ᠋ᠨ ᠵᠠᠭᠤᠷᠠᠯᠳᠤᠨ  ᠪᠠᠢᠯᠳᠤᠬᠤ ᠶ᠋ᠢ ᠦᠵᠡᠭᠡᠳ ᠰᠡᠳᠬᠢᠷᠦᠨ ᠄ 《 ᠡᠨᠡ ᠦᠶ᠎ᠡ ᠳ᠋ᠦ᠍ᠷ ᠬᠥᠬᠡᠲᠡᠮᠦᠷ ᠦ᠋ᠨ ᠴᠡᠷᠢᠭ ᠬᠠᠭᠠᠮᠵᠢᠯᠠᠷ᠎ᠠ ᠢᠷᠡᠪᠡᠰᠦ ᠪᠢᠳᠡᠨ ᠳ᠋ᠦ᠍ ᠠᠰᠢᠭ ᠦᠭᠡᠢ ᠪᠣᠯᠤᠮᠤᠢ 》 ᠬᠡᠮᠡᠭᠡᠳ ᠭᠠᠷ ᠳᠣᠣᠷᠠᠬᠢ ᠲᠤᠰᠠᠯᠠᠬᠤ ᠵᠠᠩᠵᠤᠨ ᠳ᠋ᠤᠷ ᠵᠠᠷᠯᠢᠭ ᠪᠠᠭᠤᠯᠭᠠᠵᠤ ᠳᠥᠷᠪᠡᠨ ᠲᠠᠯ᠎ᠠ ᠠ᠋ᠴᠠ ᠳᠠᠢᠳᠤ ᠬᠣᠲᠠ ᠶ᠋ᠢ ᠬᠠᠭᠠᠵᠤ ᠪᠠᠢᠯᠳᠤᠭᠤᠯᠪᠠ ᠃  
       ᠲᠡᠮᠤᠷᠪᠤᠬ᠎ᠠ᠂ ᠴᠢᠩ ᠲᠦᠩ ᠨᠠᠷ ᠪᠦᠷ ᠨᠠᠰᠤᠨ ᠥᠲᠡᠯᠦᠭᠰᠡᠨ ᠲᠤᠯᠠ ᠲᠡᠰᠪᠦᠷᠢᠯᠡᠨ ᠪᠠᠢᠯᠳᠤᠵᠤ ᠳᠡᠢᠯᠬᠦ ᠦᠭᠡᠢ ᠪᠠᠢᠭᠰᠠᠨ ᠴᠤ᠌ ᠬᠡᠳᠦᠨ ᠲᠠᠯ᠎ᠠ ᠠ᠋ᠴᠠ ᠰᠢᠦᠢ ᠳ᠋ᠠ ᠶ᠋ᠢᠨ ᠴᠡᠷᠢᠭ ᠵᠥᠭᠡᠢ ᠮᠡᠲᠦ ᠳᠦᠩᠭᠢᠨᠡᠨ ᠢᠷᠡᠬᠦ ᠶ᠋ᠢ ᠦᠵᠡᠭᠡᠳ ᠂ ᠲᠤᠰ ᠲᠤᠰ ᠲᠤ᠌ ᠪᠠᠨ ᠳᠤᠭᠤᠯᠠᠭ᠎ᠠ ᠬᠤᠶᠠᠭ ᠢ᠋ᠶ᠋ᠠᠨ ᠡᠮᠦᠰᠴᠦ ᠬᠦᠯᠦᠭ ᠮᠣᠷᠢᠨ ᠳ᠋ᠤ᠌ ᠪᠠᠨ ᠮᠣᠷᠳᠠᠭᠠᠳ ᠳᠠᠢᠰᠤᠨ ᠴᠡᠷᠢᠭ ᠢ᠋ ᠴᠢᠭᠯᠡᠨ ᠪᠠᠢᠯᠳᠤᠨ ᠡᠭᠦᠰᠬᠡᠪᠡ ᠃ ᠳᠠᠢᠳᠤ ᠬᠣᠲᠠ ᠶ᠋ᠢ ᠰᠠᠬᠢᠭᠴᠢ ᠵᠠᠩᠵᠤᠨ ᠭᠦᠸᠧ ᠶᠦᠨ ᠵᠦᠩ ᠂ ᠵᠡᠭᠦᠨ ᠵᠢᠭᠦᠷ ᠦ᠋ᠨ ᠲᠤᠰᠠᠯᠠᠭᠴᠢ ᠲᠦᠰᠢᠮᠡᠯ ᠳ᠋ᠢᠩ ᠵᠢᠩ ᠺᠧ ᠨᠠᠷ ᠪᠠᠰᠠ ᠳᠠᠭᠠᠯᠳᠤᠨ ᠪᠠᠢᠯᠳᠤᠵᠤ ᠳᠠᠢᠰᠤᠨ ᠴᠡᠷᠢᠭ ᠦ᠋ᠨ ᠳᠤᠮᠳᠠ ᠨᠠᠭᠠᠰᠢ  ᠴᠠᠭᠠᠱᠢ ᠴᠠᠪᠴᠢᠯᠠᠨ ᠠᠯᠠᠯᠳᠤᠵᠠᠢ ᠃ 
      ᠰᠢᠦᠢ ᠳ᠋ᠠ ᠥᠨᠳᠥᠷ ᠳᠡᠭᠡᠷ᠎ᠡ ᠵᠣᠭᠰᠣᠭᠠᠳ ᠤᠷᠲᠤ ᠴᠠᠭᠠᠨ ᠰᠠᠬᠠᠯ ᠲᠠᠢ ᠡᠪᠦᠭᠡᠨ ᠵᠡᠭᠡᠷᠳᠡ ᠮᠣᠷᠢ ᠬᠦᠯᠦᠭᠯᠡᠭᠰᠡᠨ ᠡᠪᠦᠭᠡᠨ ᠲᠡᠢ ᠬᠣᠶᠠᠭᠤᠯᠠ ᠬᠣᠨᠢᠨ ᠰᠦᠷᠦᠭ ᠲᠦ᠍ ᠣᠷᠣᠭᠰᠠᠨ ᠪᠠᠷᠰ ᠰᠢᠭ᠋ ᠬᠤᠳᠬᠤᠯᠳᠤᠨ ᠪᠠᠢᠯᠳᠤᠬᠤ ᠶ᠋ᠢ ᠦᠵᠡᠭᠡᠳ ᠮᠠᠰᠢ ᠭᠠᠢᠬᠠᠮᠤᠢ ᠃ 
      ᠡᠢᠨ ᠬᠦ᠌ ᠰᠢᠦᠢ ᠳ᠋ᠠ ᠰᠡᠯᠡᠮ᠎ᠡ ᠪᠡᠷ ᠵᠢᠭᠠᠵᠤ ᠥᠭᠦᠯᠡᠷᠦᠨ ᠄ 《 ᠲᠡᠷᠡ ᠬᠣᠶᠠᠷ ᠥᠲᠡᠭᠦᠦ ᠵᠠᠩᠵᠤᠨ ᠬᠡᠨ ᠪᠣᠢ ? 》 ᠬᠡᠮᠡᠪᠡᠰᠦ  ᠰᠢᠳᠠᠷ   ᠪᠠᠢᠭ᠎ᠠ ᠯᠢ ᠸᠧᠨ ᠵᠦᠩ ᠥᠴᠢᠷᠦᠨ ᠄ 《 ᠰᠣᠨᠣᠰᠬᠤᠯ᠎ᠠ ᠲᠥᠷᠥ ᠶ᠋ᠢ ᠣᠷᠣᠯᠠᠨ ᠵᠠᠬᠢᠷᠤᠭᠴᠢ ᠲᠡᠮᠤᠷᠪᠤᠬ᠎ᠠ ᠂ ᠵᠡᠭᠦᠨ ᠭᠠᠷᠤᠨ ᠴᠢᠩᠰᠠᠩ ᠴᠢᠩ ᠲᠦᠩ ᠬᠡᠮᠡᠮᠦᠢ᠃ ᠪᠢ ᠨᠢᠭᠡᠨ ᠰᠠᠯᠠᠭ᠎ᠠ ᠰᠢᠯᠢᠳᠡᠭ ᠴᠡᠷᠢᠭ ᠠᠪᠴᠤ ᠪᠠᠷᠢᠵᠤ ᠠᠪᠴᠢᠷᠠᠰᠤᠭᠠᠢ 》 ᠬᠡᠮᠡᠬᠦᠶ᠎ᠡ ᠰᠢᠦᠢ ᠳ᠋ᠠ ᠥᠴᠢᠷᠦᠨ ᠄《ᠶᠤᠸᠠᠨ ᠤᠯᠤᠰ ᠤ᠋ᠨ ᠪᠢᠴᠢᠭ ᠴᠡᠷᠢᠭ ᠦ᠋ᠨ ᠲᠦᠰᠢᠮᠡᠳ ᠦ᠋ᠨ ᠳᠣᠲᠣᠷ᠎ᠠ ᠡᠢᠮᠦᠷᠬᠦᠦ ᠮᠡᠷᠭᠡᠨ ᠪᠠᠭᠠᠲᠤᠷ ᠬᠥᠮᠦᠰ ᠴᠥᠭᠡᠨ ᠪᠣᠯᠪᠠᠢ᠃ ᠲᠡᠭᠦᠨ ᠢ᠋ ᠪᠠᠭᠤᠯᠭᠠᠵᠤ ᠠᠪᠲᠤᠭᠠᠢ 》 ᠬᠡᠮᠡᠪᠡ ᠃  
       ᠯᠢ ᠸᠧᠨ ᠵᠦᠩ ᠲᠡᠷᠡ ᠳᠠᠷᠤᠢ ᠲᠠᠪᠤᠨ ᠵᠠᠭᠤᠨ ᠰᠢᠯᠢᠳᠡᠭ ᠴᠡᠷᠢᠭ ᠳᠠᠢᠴᠢᠯᠠᠨ ᠲᠡᠮᠤᠷᠪᠤᠬ᠎ᠠ ᠂ ᠴᠢᠩ ᠲᠦᠩ ᠲᠠᠨ ᠢ᠋ ᠴᠢᠭᠯᠡᠨ ᠣᠳᠪᠠ ᠃ ᠶᠠᠭ ᠡᠨᠡ ᠦᠶ᠎ᠡ ᠳ᠋ᠦ᠍ ᠲᠡᠮᠤᠷᠪᠤᠬ᠎ᠠ ᠵᠡᠷᠯᠢᠭ ᠰᠤᠮᠤᠨ ᠳ᠋ᠤ᠌ ᠣᠨᠣᠭᠳᠠᠵᠤ ᠮᠣᠷᠢᠨ ᠠ᠋ᠴᠠ ᠪᠠᠨ ᠣᠢᠴᠢᠭᠰᠠᠨ᠎ᠠ ᠭᠦᠸᠧ ᠶᠦᠨ ᠵᠦᠩ ᠮᠣᠷᠢᠨ ᠠ᠋ᠴᠠ ᠪᠠᠨ ᠪᠠᠭᠤᠭᠠᠳ ᠲᠡᠩᠬᠡᠷᠡᠭᠦᠯᠦᠷ᠎ᠡ ᠬᠦᠷᠪᠡᠰᠦ ᠳᠠᠢᠰᠤᠨ ᠴᠡᠷᠢᠭ ᠬᠡᠳᠦᠢᠨ ᠬᠦᠷᠢᠶᠡᠯᠡᠨ ᠠᠪᠴᠤ  ᠵᠠᠭᠤᠷᠠᠯᠳᠤᠨ  ᠪᠠᠢᠯᠳᠤᠪᠠ᠃ ᠭᠦᠸᠧ ᠶᠦᠨ ᠵᠦᠩ ᠵᠠᠮ ᠭᠠᠷᠲᠠᠯ᠎ᠠ ᠪᠠᠢᠯᠳᠤᠨ ᠲᠡᠮᠤᠷᠪᠤᠬ᠎ᠠ ᠶ᠋ᠢᠨ ᠳᠡᠷᠭᠡᠳᠡ ᠬᠦᠷᠪᠡᠰᠦ ᠲᠡᠮᠤᠷᠪᠤᠬ᠎ᠠ ᠴᠢᠰᠤ ᠠᠷᠪᠢᠨ ᠭᠠᠷᠤᠭᠠᠳ ᠨᠢᠭᠡᠨᠲᠡ ᠠᠮᠢᠰᠬᠤᠯ ᠲᠠᠰᠤᠷᠠᠵᠤᠬᠤᠢ᠃ ᠭᠦᠸᠧ ᠶᠦᠨ ᠵᠦᠩ 《 ᠬᠤᠸᠠᠢ ᠸᠠᠩ ᠠ᠋! 》 ᠭᠡᠮᠡᠨ ᠪᠠᠷᠬᠢᠷᠠᠭᠠᠳ ᠰᠡᠯᠡᠮ᠎ᠡ ᠪᠡᠷ ᠢ᠋ᠶ᠋ᠡᠨ ᠬᠦᠵᠦᠭᠦᠦ ᠪᠡᠨ ᠣᠭᠲᠣᠯᠤᠨ ᠦᠬᠦᠪᠡ᠃ 
      ᠴᠢᠩ ᠲᠦᠩ ᠴᠢᠩᠰᠠᠩ ᠂ ᠲᠡᠷᠡᠪᠢᠰᠢ ᠂ ᠫᠢᠶᠣᠣ  ᠰᠠᠢᠨᠪᠤᠬ᠎ᠠ ᠯᠤᠭ᠎ᠠ ᠬᠠᠮᠲᠤ ᠴᠢ ᠬᠤᠸᠠ ᠮᠧᠨ ᠬᠠᠭᠠᠯᠭ᠎ᠠ ᠪᠠᠷ ᠴᠤᠪᠤᠨ ᠢᠷᠡᠬᠦ ᠳᠠᠢᠰᠤᠨ ᠴᠡᠷᠢᠭ ᠢ᠋  ᠬᠣᠷᠢᠭᠯᠠᠷ᠎ᠠ ᠶᠠᠪᠤᠲᠠᠯ᠎ᠠ ᠂ ᠯᠢ ᠸᠧᠨ ᠵᠦᠩ ᠦ᠋ᠨ ᠳᠠᠭᠠᠭᠤᠯᠤᠭᠰᠠᠨ ᠴᠡᠷᠢᠭ ᠯᠦ᠍ᠭᠡ  ᠲᠠᠭᠠᠷᠠᠯᠳᠤᠵᠤ ᠨᠢᠭᠡᠨ ᠵᠡᠷᠭᠡ ᠬᠠᠳᠬᠤᠯᠳᠤᠨ ᠪᠠᠢᠯᠳᠤᠵᠤ ᠪᠦᠷ ᠡᠷᠡᠯᠬᠡᠭ ᠢ᠋ᠶ᠋ᠡᠷ ᠪᠡᠶ᠎ᠡ ᠦᠷᠡᠭᠳᠡᠪᠡ᠃ 
      ᠳᠠᠢᠳᠤ ᠬᠣᠲᠠ ᠶ᠋ᠢᠨ ᠴᠡᠷᠢᠭ ᠠᠷᠠᠳ ᠥᠷᠯᠥᠭᠡ ᠡᠴᠡ ᠨᠠᠷᠠ ᠤᠨᠠᠲᠠᠯ᠎ᠠ ᠪᠠᠢᠯᠳᠤᠵᠤ ᠡᠴᠦᠰ ᠲᠦ᠍ᠷ ᠲᠡᠮᠤᠷᠪᠤᠬ᠎ᠠ᠂ ᠴᠢᠩ ᠲᠦᠩ᠂ ᠲᠡᠷᠡᠪᠢᠰᠢ᠂ ᠫᠢᠶᠣᠣ  ᠰᠠᠢᠨᠪᠤᠬ᠎ᠠ ᠂ ᠳ᠋ᠢᠩ ᠵᠢᠩ ᠺᠧ ᠂ ᠵᠠᠩ ᠺᠠᠩ ᠪᠦᠸᠧ ᠂ ᠮᠠᠨ ᠴᠢᠤᠸᠠᠨ ᠨᠠᠷ ᠪᠦᠷ ᠪᠠᠢᠯᠳᠤᠨ ᠦᠬᠦᠵᠦ ᠳᠠᠢᠳᠤ ᠬᠣᠲᠠ  ᠡᠵᠡᠯᠡᠭᠳᠡᠪᠡ᠃ 
      ᠰᠢᠦᠢ ᠳ᠋ᠠ ᠳᠠᠢᠳᠤ ᠬᠣᠲᠠ ᠳ᠋ᠤ᠌ ᠣᠷᠣᠵᠤ ᠰᠢᠦᠸᠠᠨ ᠷᠠᠨ ᠸᠠᠩ ᠂ ᠵᠧᠨ  ᠩᠠᠩ ᠸᠠᠩ ᠂ ᠸᠧᠢ ᠱᠦᠨ ᠸᠠᠩ ᠵᠡᠷᠭᠡ ᠵᠢᠷᠭᠤᠭᠠᠨ ᠸᠠᠩ ᠤ᠋ᠨ ᠬᠥᠪᠡᠭᠦᠨ ᠢ᠋ ᠣᠯᠵᠠᠯᠠᠵᠤ ᠂ ᠸᠠᠩ ᠤ᠋ᠨ ᠲᠠᠮᠠᠭ᠎ᠠ ᠂ ᠪᠢᠴᠢᠭ ᠳᠠᠩᠰᠠ ᠶ᠋ᠢ ᠬᠣᠷᠢᠶᠠᠨ ᠠᠪᠴᠤ ᠳᠠᠢᠳᠤ ᠬᠣᠲᠠ ᠶ᠋ᠢᠨ ᠰᠠᠩ ᠬᠥᠮᠥᠷᠭᠡ ᠂ ᠪᠢᠴᠢᠭ ᠵᠢᠷᠤᠭ ᠵᠡᠷᠭᠡ ᠬᠣᠪᠣᠷ ᠴᠤᠬᠠᠭ ᠡᠳ᠋ ᠡᠷᠳᠡᠨᠢᠰ ᠪᠦᠭᠦᠳᠡ ᠶ᠋ᠢ ᠲᠣᠭᠠᠯᠠᠵᠤ ᠪᠦᠷᠢᠳᠬᠡᠭᠡᠳ ᠪᠢᠲᠡᠭᠦᠮᠵᠢᠯᠡᠪᠡ᠃ 
       ᠲᠡᠨᠳᠡᠴᠡ ᠲᠤᠬᠤᠨᠳᠡᠮᠤᠷ ᠬᠠᠭᠠᠨ ᠱᠠᠩᠳᠤ ᠳ᠋ᠤ᠌ ᠤᠬᠤᠷᠢᠨ ᠣᠴᠢᠭᠰᠠᠨ ᠤ᠋ ᠬᠣᠢᠨ᠎ᠠ ᠂ ᠶᠡᠬᠡ ᠠᠮᠤᠭᠤᠯᠠᠩᠲᠤ ᠣᠷᠳᠣᠨ ᠳ᠋ᠤ᠌ ᠪᠢᠴᠢᠭ ᠴᠡᠷᠢᠭ ᠦ᠋ᠨ ᠲᠦᠰᠢᠮᠡᠳ ᠢ᠋ᠶ᠋ᠡᠨ ᠴᠤᠭᠯᠠᠭᠤᠯᠵᠤ ᠂ ᠣᠷᠳᠣᠨ ᠤ᠋ ᠬᠤᠷᠠᠯ ᠬᠤᠷᠠᠵᠤ ᠳᠠᠢᠳᠤ ᠬᠣᠲᠠ ᠶ᠋ᠢ ᠡᠭᠡᠭᠦᠯᠦᠨ ᠠᠪᠬᠤ ᠠᠷᠭ᠎ᠠ ᠪᠣᠳᠣᠯᠭ᠎ᠠ ᠶ᠋ᠢ ᠲᠥᠯᠥᠪᠯᠡᠪᠡ ᠃  
      ᠶᠡᠬᠡ ᠬᠤᠷᠠᠯ ᠳᠡᠭᠡᠷ᠎ᠡ ᠲᠤᠬᠤᠨᠳᠡᠮᠤᠷ ᠬᠠᠭᠠᠨ ᠤ᠋ ᠥᠭᠦᠯᠡᠭᠰᠡᠨ ᠦᠭᠡ ᠢᠨᠤ ᠄ 
      ᠣᠯᠠᠨ ᠰᠠᠢᠳ ᠲᠦᠰᠢᠮᠡᠯ ᠡᠨᠡ ᠬᠡᠳᠦᠨ ᠡᠳᠦᠷ ᠶᠡᠬᠡᠳᠡ ᠵᠦᠳᠡᠵᠦ ᠵᠣᠪᠠᠪᠠᠢ᠃ ᠮᠢᠨᠦ ᠳᠠᠢᠳᠤ ᠠ᠋ᠴᠠ ᠤᠬᠤᠷᠢᠨ ᠭᠠᠷᠬᠤ ᠪᠠᠷ ᠰᠢᠢᠳᠦᠭᠰᠡᠨ ᠢᠨᠤ ᠠᠯᠤᠰ ᠬᠡᠳᠦ ᠶ᠋ᠢᠨ ᠠᠴᠢ ᠬᠣᠯᠪᠣᠭᠳᠠᠯ ᠲᠠᠢ ᠠᠵᠤᠭᠤ ᠃ ᠡᠨᠡ ᠲᠤᠬᠠᠢ ᠬᠣᠵᠢᠮ ᠤ᠋ᠨ ᠬᠥᠮᠦᠰ ᠰᠢᠭᠦᠮᠵᠢᠯᠡᠨ ᠥᠭᠦᠯᠡᠲᠦᠭᠡᠢ᠃ ᠠᠳᠠ ᠮᠡᠬᠦᠰ ᠪᠢ ᠢᠯᠡᠭᠦᠦ ᠦᠯᠦ ᠳᠤᠤᠭᠠᠷᠤᠮᠤᠢ᠃ 
     ᠡᠳᠦᠭᠡ ᠮᠠᠨ ᠤ᠋ ᠴᠡᠷᠢᠭ ᠦ᠋ᠨ ᠬᠦᠴᠦᠨ ᠬᠡᠮᠡᠪᠡᠰᠦ ᠂ ᠬᠥᠬᠡᠲᠡᠮᠦᠷ  ᠠᠷᠪᠠᠨ ᠲᠠᠪᠤᠨ ᠲᠦᠮᠡᠨ ᠴᠡᠷᠢᠭ ᠢ᠋ ᠵᠠᠬᠢᠷᠴᠤ ᠱᠠᠨ ᠰᠢ ᠂ ᠭᠠᠨᠰᠦ ᠶ᠋ᠢᠨ ᠭᠠᠵᠠᠷ ᠢ᠋ ᠡᠵᠡᠯᠡᠨ ᠰᠠᠭᠤᠮᠤᠢ᠃ ᠴᠢᠩᠰᠠᠩ ᠨᠠᠬᠠᠴᠤ ( ᠮᠤᠬᠤᠯᠠᠢ ᠶ᠋ᠢᠨ ᠬᠣᠢᠴᠢᠰ᠂ ᠯᠢᠶᠤᠤᠶᠠᠩ ᠬᠤᠪᠢᠶᠠᠷᠢ ᠮᠣᠵᠢ ᠶ᠋ᠢᠨ ᠴᠢᠩᠰᠠᠩ ) ᠬᠣᠷᠢᠨ ᠲᠦᠮᠡᠨ ᠴᠡᠷᠢᠭ ᠢ᠋ ᠵᠠᠬᠢᠷᠴᠤ ᠯᠢᠶᠣᠤᠳ᠋ᠦ᠋ᠩ ᠢ᠋  ᠰᠠᠬᠢᠨ ᠰᠡᠷᠭᠡᠢᠯᠡᠮᠦᠢ᠃ ᠶᠦᠨᠨᠠᠨ ᠳ᠋ᠤ᠌ ᠪᠠᠰᠠ ᠯᠢᠶᠠᠩ ᠸᠠᠩ  ᠪᠠᠽᠠᠷᠧᠠᠷᠮᠢ ᠶ᠋ᠢᠨ  ᠠᠷᠪᠠᠨ ᠬᠡᠳᠦᠨ ᠲᠦᠮᠡᠨ ᠴᠡᠷᠢᠭ ᠳᠠᠷᠤᠨ ᠰᠠᠭᠤᠵᠤ ᠪᠣᠷ ᠪᠥᠭᠡᠳ ᠰᠣᠯᠣᠩᠭᠣᠰ ᠮᠥᠨ ᠪᠢᠳᠡᠨ ᠦ᠌ ᠬᠠᠷᠢᠶᠠᠨ ᠤ᠋ ᠤᠯᠤᠰ ᠲᠤᠯᠠ ᠴᠡᠷᠢᠭ ᠭᠠᠷᠭᠠᠵᠤ ᠲᠤᠰᠠᠯᠠᠵᠤ ᠪᠣᠯᠤᠮᠤᠢ ᠃ 
      ᠵᠦᠬᠡ (ᠵᠣ᠌ ᠶᠤᠸᠠᠨ ᠵᠠᠩ ) ᠬᠡᠳᠦᠢᠪᠡᠷ ᠳᠠᠢᠳᠤ ᠶ᠋ᠢ ᠡᠵᠡᠯᠡᠭᠰᠡᠨ ᠪᠣᠯᠪᠠᠴᠤ ᠬᠡᠷᠢᠶ᠎ᠡ ᠤᠩᠭᠤᠯᠠᠢ ᠳ᠋ᠤ᠌ ᠪᠠᠨ ᠵᠡᠭᠦᠦ ᠰᠢᠭᠠᠭᠰᠠᠨ ᠬᠡᠷᠡᠭ ᠪᠤᠶᠤ ᠃ ᠪᠢᠳᠡ ᠰᠠᠢᠲᠤᠷ ᠵᠥᠪᠯᠡᠵᠦ ᠳᠠᠢᠳᠤ ᠶ᠋ᠢ ᠡᠷᠲᠡ ᠡᠳᠦᠷ ᠡᠭᠡᠭᠦᠯᠦᠨ ᠠᠪᠴᠤ ᠳᠡᠭᠡᠳᠦᠰ ᠦ᠋ᠨ ᠰᠦᠷ ᠭᠡᠷᠡᠯ ᠢ᠋ ᠳᠠᠬᠢᠨ ᠮᠠᠨᠳᠤᠭᠤᠯᠰᠤᠭᠠᠢ ᠬᠡᠮᠡᠵᠦᠬᠦᠢ ᠃  
      ᠲᠤᠬᠤᠨᠳᠡᠮᠤᠷ ᠬᠠᠭᠠᠨ ᠤ᠋ ᠡᠨᠡ ᠠᠩᠭᠢ ᠥᠭᠦᠯᠡᠯ ᠢᠨᠤ ᠪᠢᠴᠢᠭ ᠴᠡᠷᠢᠭ ᠦ᠋ᠨ ᠰᠠᠢᠳ ᠲᠦᠰᠢᠮᠡᠳ ᠲᠣᠷ ᠵᠢᠷᠦᠬᠡᠨ ᠲᠠᠮᠢᠷ ᠰᠠᠢᠵᠢᠷᠠᠭᠤᠯᠬᠤ ᠡᠮ ᠲᠠᠷᠢᠯᠭ᠎ᠠ ᠪᠣᠯᠵᠤ ᠪᠦᠭᠦᠳᠡᠭᠡᠷ ᠡᠷᠴᠢ ᠵᠣᠷᠢᠭ ᠨᠡᠮᠡᠭᠳᠡᠨ ᠰᠡᠳᠬᠢᠯ ᠰᠠᠨᠠᠭ᠎ᠠ  ᠲᠠᠯᠪᠢᠭᠤᠰᠢᠷᠠᠪᠠ ᠃ ᠣᠷᠳᠣᠨ ᠤ᠋ ᠬᠤᠷᠠᠯ ᠤ᠋ᠨ ᠳᠠᠷᠠᠭ᠎ᠠ ᠲᠤᠬᠤᠨᠳᠡᠮᠤᠷ ᠬᠠᠭᠠᠨ ᠤ᠋ ᠵᠠᠷᠯᠢᠭ ᠢ᠋ᠶ᠋ᠠᠷ ᠬᠥᠬᠡᠲᠡᠮᠦᠷ ᠢ᠋ ᠪᠦᠬᠦ ᠤᠯᠤᠰ ᠤ᠋ᠨ ᠴᠡᠷᠢᠭ ᠮᠣᠷᠢᠨ ᠤ᠋ ᠶᠡᠷᠦᠩᠬᠡᠢ ᠵᠠᠬᠢᠷᠤᠭᠴᠢ ᠡᠷᠭᠦᠮᠵᠢᠯᠡᠵᠦ ᠂ ᠴᠡᠷᠢᠭ ᠲᠡᠢᠨ ᠦ᠌ ᠠᠯᠢᠪᠠ ᠡᠷᠬᠡ ᠶ᠋ᠢ ᠪᠦᠷ ᠲᠡᠭᠦᠨ ᠳ᠋ᠦ᠍ ᠲᠤᠰᠢᠶᠠᠪᠠ᠃ ᠪᠠᠰᠠ ᠯᠢᠶᠣᠤᠳ᠋ᠦ᠋ᠩ ᠦ᠋ᠨ ᠨᠠᠬᠠᠴᠤ᠂ ᠶᠦᠨᠨᠠᠨ ᠤ᠋ ᠪᠠᠽᠠᠷᠧᠠᠷᠮᠢ ᠳ᠋ᠤ᠌ ᠡᠯᠴᠢᠨ ᠢᠯᠡᠭᠡᠵᠦ ᠬᠣᠯᠪᠣᠭ᠎ᠠ ᠠᠪᠤᠭᠤᠯᠪᠠ᠃  
       ᠲᠡᠳᠦᠢ ᠳ᠋ᠦ᠍ᠷ ᠰᠢᠦᠢ ᠳ᠋ᠠ ᠂ ᠴᠠᠩ ᠢᠦᠢ ᠴᠦᠨ ᠳᠠᠢᠳᠤ ᠶ᠋ᠢ ᠡᠵᠡᠯᠡᠭᠰᠡᠨ ᠦ᠌ ᠬᠣᠢᠨ᠎ᠠ᠂ ᠭᠣᠣᠯ ᠬᠦᠴᠦᠨ ᠴᠡᠷᠢᠭ ᠢ᠋ ᠬᠣᠶᠠᠷ ᠵᠠᠮ ᠬᠤᠪᠢᠶᠠᠵᠤ ᠬᠥᠬᠡᠲᠡᠮᠦᠷ ᠦ᠋ᠨ ᠴᠡᠷᠢᠭ ᠢ᠋ ᠪᠦᠰᠡᠯᠡᠨ ᠤᠰᠠᠳᠬᠠᠬᠤ ᠪᠠᠷ ᠲᠥᠯᠥᠪᠯᠡᠪᠡ ᠃  
       ᠴᠠᠩ ᠢᠦᠢ ᠴᠦᠨ  ᠠᠷᠪᠠᠨ ᠲᠦᠮᠡᠨ ᠴᠡᠷᠢᠭ ᠢ᠋ ᠳᠠᠢᠴᠢᠯᠠᠨ ᠡᠮᠦᠨᠡᠰᠢ ᠪᠤᠤ ᠳ᠋ᠢᠩ ᠢ᠋ᠶ᠋ᠡᠷ ᠣᠷᠣᠵᠤ ᠠᠷᠤ ᠵᠠᠮ ᠢ᠋ᠶ᠋ᠠᠷ ᠱᠠᠨ ᠰᠢ ᠶ᠋ᠢ ᠳᠣᠪᠲᠣᠯᠪᠠ᠃ ᠰᠢᠦᠢ  ᠲᠠ ᠶ᠋ᠢᠨ ᠵᠠᠬᠢᠷᠤᠭᠰᠠᠨ ᠴᠡᠷᠢᠭ  ᠵᠠᠩᠳᠧ ᠪᠡᠷ ᠣᠷᠣᠵᠤ ᠡᠮᠦᠨ᠎ᠡ ᠵᠠᠮ ᠢ᠋ᠶ᠋ᠠᠷ ᠬᠥᠬᠡᠲᠡᠮᠦᠷ ᠦ᠋ᠨ ᠴᠡᠷᠢᠭ ᠢ᠋ ᠬᠣᠷᠢᠭᠯᠠᠨ ᠪᠠᠢᠯᠳᠤᠪᠠ᠃ ᠳᠠᠩ ᠾᠧ ᠡᠮᠦᠨ᠎ᠡ ᠵᠠᠮ ᠤ᠋ᠨ ᠴᠡᠷᠢᠭ ᠢ᠋  ᠮᠠᠩᠯᠠᠢᠯᠠᠵᠤ ᠲᠡᠢᠨ ᠦ᠌ ᠲᠡᠷᠢᠭᠦᠨ ᠭᠠᠪᠢᠶ᠎ᠠ ᠪᠠᠢᠭᠤᠯᠬᠤ ᠶ᠋ᠢ ᠰᠠᠨᠠᠵᠤ ᠰᠢᠦᠢ  ᠲᠠ ᠶ᠋ᠢᠨ ᠵᠥᠪᠰᠢᠶᠡᠷᠡᠯ ᠦᠭᠡᠢ ᠪᠡᠷ ᠰᠢᠭᠤᠳ ᠽᠧᠵᠧᠤ ᠶ᠋ᠢ ᠡᠵᠡᠯᠡᠵᠦ ᠂ ᠱᠠᠨ ᠰᠢ ᠶ᠋ᠢ ᠥᠨᠥ ᠮᠠᠷᠭᠠᠰᠢ ᠬᠣᠷᠢᠶᠠᠨ ᠲᠣᠭᠲᠠᠭᠠᠬᠤ ᠪᠠᠷ ᠰᠠᠭᠰᠠᠭᠤᠷᠠᠪᠠ ᠃ 
       ᠬᠥᠬᠡᠲᠡᠮᠦᠷ ᠶᠠᠭ ᠡᠨᠡ ᠵᠠᠪᠰᠢᠶᠠᠨ ᠢ᠋ ᠬᠦᠯᠢᠶᠡᠨ ᠪᠠᠢᠭᠰᠠᠨ ᠲᠤᠯᠠ ᠳᠠᠩ ᠾᠧ ᠶ᠋ᠢᠨ ᠥᠨᠥᠴᠢᠨ ᠴᠡᠷᠢᠭ ᠢ᠋ᠶ᠋ᠡᠷ ᠳᠣᠲᠣᠭᠰᠢ ᠳᠠᠭᠠᠷᠢᠨ ᠢᠷᠡᠭᠰᠡᠨ ᠳ᠋ᠦ᠍ ᠱᠠᠨ ᠰᠢ ᠶ᠋ᠢᠨ ᠬᠠᠨ ᠳ᠋ᠢᠶᠠᠨ ᠳ᠋ᠤ᠌ ᠰᠢᠯᠢᠳᠡᠭ ᠴᠡᠷᠢᠭ ᠢ᠋ ᠪᠦᠭᠭᠦᠭᠦᠯᠵᠦ ᠂ ᠳᠠᠩ ᠾᠧ ᠶ᠋ᠢᠨ ᠴᠡᠷᠢᠭ ᠢ᠋ ᠰᠥᠨᠢ ᠪᠡᠷ ᠭᠡᠨᠡᠳᠡᠭᠦᠯᠦᠨ ᠴᠣᠬᠢᠭᠰᠠᠨ᠎ᠠ ᠳᠠᠩ ᠾᠧ ᠪᠠᠷᠢᠵᠤ ᠲᠠᠯᠪᠢᠬᠤ ᠪᠠᠨ ᠣᠯᠬᠤ ᠦᠭᠡᠢ ᠶᠡᠬᠡᠳᠡ ᠳᠡᠢᠯᠦᠭᠳᠡᠭᠡᠳ ᠪᠤᠷᠤᠭᠤᠯᠠᠪᠠ ᠃ ᠲᠤᠬᠤᠨᠳᠡᠮᠤᠷ ᠬᠠᠭᠠᠨ ᠂ ᠬᠥᠬᠡᠲᠡᠮᠦᠷ ᠦ᠋ᠨ ᠢᠯᠠᠯᠲᠠ ᠣᠯᠤᠭᠰᠠᠨ ᠮᠡᠳᠡᠭᠡ ᠶ᠋ᠢ ᠣᠯᠤᠭᠠᠳ ᠶᠡᠬᠡᠳᠡ ᠪᠠᠶᠠᠷᠯᠠᠵᠤ ᠂ ᠳᠠᠢᠳᠤ ᠬᠣᠲᠠ ᠶ᠋ᠢ ᠡᠳᠦᠷ ᠬᠤᠭᠤᠴᠠᠭᠠᠯᠠᠨ ᠡᠭᠡᠭᠦᠯᠦᠨ ᠠᠪᠲᠤᠭᠠᠢ ᠭᠡᠮᠡᠨ ᠬᠥᠬᠡᠲᠡᠮᠦᠷ ᠲᠦ᠍ ᠵᠠᠷᠯᠠᠪᠠ ᠃ ᠬᠥᠬᠡᠲᠡᠮᠦᠷ ᠵᠠᠷᠯᠢᠭ ᠢ᠋ ᠬᠦᠯᠢᠶᠡᠵᠦ ᠳᠠᠢᠳᠤ ᠬᠣᠲᠠ ᠶ᠋ᠢ ᠡᠭᠡᠭᠦᠯᠦᠨ ᠠᠪᠬᠤ ᠪᠠᠷ ᠨᠠᠷᠢᠨ ᠪᠡᠯᠡᠳᠬᠡᠵᠦ ᠨᠢᠭᠲᠠ ᠲᠥᠯᠥᠪᠯᠡᠨ ᠠᠷᠪᠠᠨ ᠲᠦᠮᠡᠨ ᠰᠢᠯᠢᠳᠡᠭ ᠴᠡᠷᠢᠭ ᠳᠠᠢᠴᠢᠯᠠᠨ ᠶᠠᠨ ᠮᠧᠨ ᠭᠤᠸᠠᠨ ᠪᠣᠭᠣᠮᠲᠠ ᠪᠠᠷ ᠭᠠᠷᠴᠤ ᠳᠠᠢᠳᠤ ᠶ᠋ᠢ ᠴᠢᠭᠯᠡᠨ ᠮᠣᠷᠳᠠᠪᠠ ᠃ ᠬᠥᠬᠡᠲᠡᠮᠦᠷ ᠦ᠋ᠨ ᠲᠥᠯᠥᠪᠯᠡᠭᠰᠡᠨ ᠨᠢ ᠬᠡᠷᠪᠡ ᠰᠢᠦᠢ  ᠲᠠ ᠲᠤᠰᠠᠯᠠᠷ᠎ᠠ ᠦᠯᠦ ᠢᠷᠠᠪᠠᠰᠤ ᠳᠠᠢᠳᠤ ᠶ᠋ᠢ ᠡᠭᠡᠭᠦᠯᠦᠨ ᠠᠪᠤᠭᠠᠳ ᠲᠣᠬᠤᠨᠲᠡᠮᠦᠷ ᠬᠠᠭᠠᠨ ᠢ᠋ ᠨᠡᠢᠰᠯᠡᠯ ᠳ᠋ᠦ᠍ ᠤᠭᠲᠤᠨ ᠠᠪᠴᠤ ᠢᠷᠡᠬᠦ ᠂ ᠬᠡᠷᠪᠡ ᠰᠢᠦᠢ  ᠲᠠ ᠲᠤᠰᠠᠯᠠᠷ᠎ᠠ ᠢᠷᠡᠬᠦ ᠪᠣᠯᠪᠠᠰᠤ ᠠᠮᠤᠷ ᠴᠡᠷᠢᠭ ᠢ᠋ᠶ᠋ᠡᠷ ᠵᠦᠳᠡᠭᠰᠡᠨ ᠴᠡᠷᠢᠭ ᠢ᠋ ᠪᠦᠰᠡᠯᠡᠨ ᠤᠰᠠᠳᠬᠠᠵᠤ ᠳᠠᠢᠳᠤ ᠶ᠋ᠢ ᠡᠭᠡᠭᠦᠯᠦᠨ ᠠᠪᠤᠮᠤᠢ ᠃ ᠬᠥᠬᠡᠲᠡᠮᠦᠷ ᠦ᠋ᠨ ᠡᠨᠡ ᠲᠥᠯᠥᠪᠯᠡᠭᠡ ᠶ᠋ᠢ ᠰᠡᠪ ᠦᠭᠡᠢ ᠰᠠᠢᠬᠠᠨ ᠲᠥᠯᠥᠪᠯᠡᠭᠡ ᠬᠡᠮᠡᠵᠦ ᠪᠣᠯᠤᠮᠤᠢ ᠃ ᠰᠢᠦᠢ  ᠲᠠ ᠲᠤᠰᠠᠯᠠᠷ᠎ᠠ ᠢᠷᠡᠬᠦ ᠡᠰᠡᠬᠦ ᠬᠠᠮᠢᠶ᠎ᠠ ᠦᠭᠡᠢ ᠂ ᠳᠠᠢᠳᠤ ᠬᠣᠲᠠ ᠶ᠋ᠢ ᠬᠥᠬᠡᠲᠡᠮᠦᠷ ᠡᠭᠡᠭᠦᠯᠦᠨ ᠠᠪᠬᠤ ᠨᠢ ᠭᠠᠷᠴᠠᠭ᠎ᠠ ᠦᠭᠡᠢ ᠃ ᠭᠡᠲᠡᠯ᠎ᠡ ᠰᠢᠦᠢ  ᠲᠠ ᠬᠠᠷᠢᠨ ᠬᠥᠬᠡᠲᠡᠮᠦᠷ ᠦ᠋ᠨ ᠪᠣᠳᠣᠭᠰᠠᠨ ᠠ᠋ᠴᠠ ᠭᠠᠳᠠᠭᠤᠷᠬᠢ ᠭᠤᠷᠪᠠᠳᠤᠭᠠᠷ ᠵᠠᠮ ᠢ᠋ ᠰᠣᠩᠭᠣᠵᠤ ᠬᠥᠬᠡᠲᠡᠮᠦᠷ ᠢ᠋ ᠰᠠᠭᠠᠷᠠᠭᠤᠯᠤᠭᠰᠠᠨ ᠪᠠᠢᠪᠠ ᠃        ᠰᠢᠦᠢ  ᠲᠠ ᠬᠥᠬᠡᠲᠡᠮᠦᠷ ᠳᠠᠢᠳᠤ ᠶ᠋ᠢ ᠳᠠᠢᠯᠠᠷ᠎ᠠ ᠢᠷᠡᠭᠰᠡᠨ ᠴᠢᠮᠡᠭᠡ ᠶ᠋ᠢ ᠰᠣᠨᠣᠰᠤᠭᠠᠳ ᠵᠠᠩᠵᠤᠨ ᠨᠠᠷ ᠲᠤ᠌ ᠪᠠᠨ ᠥᠭᠦᠯᠡᠷᠦᠨ ᠄ 《 ᠸᠠᠩ ᠪᠤᠤ ᠪᠤᠤ ( ᠬᠥᠬᠡᠲᠡᠮᠦᠷ ᠦ᠋ᠨ ᠨᠥᠭᠥᠭᠡ ᠨᠡᠷ᠎ᠡ ) ᠶᠡᠬᠡ ᠴᠡᠷᠢᠭ ᠳᠠᠢᠴᠢᠯᠠᠨ ᠠᠯᠤᠰ ᠤ᠋ᠨ ᠠᠶᠠᠨ ᠲᠡᠢᠨ ᠬᠢᠬᠦ ᠪᠡᠷ ᠮᠣᠷᠳᠠᠭᠰᠠᠨ ᠲᠤᠯᠠ ᠲᠡᠭᠦᠨ ᠦ᠌ ᠡᠵᠡᠯᠡᠨ ᠰᠠᠭᠤᠭ᠎ᠠ ᠲᠠᠢᠶᠤᠸᠠᠨ ᠯᠠᠪᠲᠠᠶ᠎ᠠ ᠬᠣᠭᠣᠰᠣᠨ ᠪᠠᠢᠮᠤᠢ ᠃ ᠪᠢᠳᠡ ᠴᠠᠭ ᠢ᠋ ᠠᠮᠵᠢᠨ ᠲᠡᠭᠦᠨ ᠦ᠌ ᠠᠭᠤᠷᠤᠭ ᠣᠷᠣᠨ ᠢ᠋ ᠭᠡᠨᠡᠳᠡᠭᠦᠯᠦᠨ ᠴᠣᠬᠢᠰᠤᠭᠠᠢ 》 ᠬᠡᠮᠡᠭᠡᠳ ᠳᠠᠢᠳᠤ ᠬᠣᠲᠠ ᠶ᠋ᠢᠨ ᠰᠡᠷᠭᠡᠢᠯᠡᠯᠲᠡ ᠶ᠋ᠢ ᠵᠢᠭᠦᠷ ᠦ᠋ᠨ ᠵᠠᠩᠵᠤᠨ ᠳ᠋ᠤᠷ ᠲᠤᠰᠢᠶᠠᠵᠤ ᠥᠪᠡᠷ ᠢ᠋ᠶ᠋ᠡᠨ ᠰᠢᠯᠢᠳᠡᠭ ᠴᠡᠷᠢᠭ ᠵᠠᠬᠢᠷᠴᠤ ᠲᠠᠢᠶᠤᠸᠠᠨ ᠢ᠋ ᠴᠢᠭᠯᠡᠨ ᠮᠣᠷᠳᠠᠪᠠ ᠃       
 
       ᠲᠠᠢᠶᠤᠸᠠᠨ ᠪᠣᠯ ᠬᠥᠬᠡᠲᠡᠮᠦᠷ ᠦ᠋ᠨ ᠰᠠᠭᠤᠷᠢᠨ ᠭᠠᠵᠠᠷ ᠪᠣᠯᠬᠤ ᠲᠤᠯᠠ ᠲᠠᠢᠶᠤᠸᠠᠨ ᠢ᠋ ᠠᠯᠳᠠᠭᠰᠠᠭᠠᠷ ᠲᠡᠷᠡ ᠬᠥᠯ ᠲᠣᠭᠲᠠᠬᠤ  ᠭᠠᠵᠠᠷ ᠦᠭᠡᠢ ᠪᠣᠯᠤᠮᠤᠢ  ᠃ ᠡᠢᠨ ᠬᠦ᠌ ᠬᠥᠬᠡᠲᠡᠮᠦᠷ ᠴᠡᠷᠢᠭ ᠤᠳᠤᠷᠢᠳᠤᠨ ᠪᠤᠤ ᠠᠨ ᠵᠧᠦ ( ᠡᠦᠲᠦ ᠶ᠋ᠢᠨ ᠾᠧᠪᠧᠢ ᠶ᠋ᠢᠨ ᠰᠢᠨ ᠪᠤᠤ ᠠᠨ ) ᠳ᠋ᠤ᠌ ᠢᠷᠡᠭᠡᠳ ᠰᠢᠦᠢ ᠳ᠋ᠠ ᠴᠡᠷᠢᠭ ᠳᠠᠢᠴᠢᠯᠠᠨ ᠲᠠᠢᠶᠤᠸᠠᠨ ᠢ᠋ ᠴᠣᠬᠢᠬᠤ ᠪᠠᠷ ᠮᠣᠷᠳᠠᠭᠰᠠᠨ ᠢ᠋ ᠰᠣᠨᠣᠰᠴᠤ ᠮᠠᠰᠢ ᠭᠡᠯᠮᠡᠭᠳᠡᠭᠡᠳ ᠲᠡᠷᠡ ᠳᠠᠷᠤᠢ ᠲᠠᠢᠶᠤᠸᠠᠨ ᠢ᠋ ᠬᠠᠮᠠᠭᠠᠯᠠᠷ᠎ᠠ ᠪᠤᠴᠠᠵᠤ ᠢᠷᠡᠪᠡ ᠃ ᠡᠨᠡ ᠦᠶ᠎ᠡ ᠳ᠋ᠦ᠍ ᠰᠢᠦᠢ ᠳ᠋ᠠ ᠶ᠋ᠢᠨ ᠴᠡᠷᠢᠭ ᠲᠠᠢᠶᠤᠸᠠᠨ ᠠ᠋ᠴᠠ  ᠲᠠᠪᠢᠨ ᠭᠠᠵᠠᠷ ᠵᠠᠢᠲᠠᠢ ᠬᠦᠷᠢᠶ᠎ᠡ ᠪᠠᠭᠤᠭᠠᠳ ᠪᠠᠢᠵᠠᠢ ᠃ ᠬᠥᠬᠡᠲᠡᠮᠦᠷ ᠦ᠋ᠨ ᠴᠡᠷᠢᠭ ᠡᠳᠦᠷ ᠰᠥᠨᠢ ᠠᠮᠠᠷᠠᠯᠲᠠ ᠦᠭᠡᠢ ᠳᠣᠪᠲᠣᠯᠭᠠᠨ ᠢᠷᠡᠭᠡᠳ ᠲᠠᠢᠶᠤᠸᠠᠨ ᠤ᠋ ᠬᠣᠲᠠ ᠶ᠋ᠢᠨ ᠭᠠᠳᠠᠨ᠎ᠠ ᠰᠢᠦᠢ ᠳ᠋ᠠ  ᠶ᠋ᠢᠨ ᠴᠡᠷᠢᠭ ᠯᠦ᠍ᠭᠡ ᠤᠴᠠᠷᠠᠵᠤ ᠬᠣᠶᠠᠷ ᠡᠲᠡᠭᠡᠳ ᠢ᠋ᠶ᠋ᠡᠷ ᠢ᠋ᠶ᠋ᠡᠨ ᠬᠡᠳᠦᠨ ᠡᠳᠦᠷ ᠨᠥᠷᠢᠯᠳᠦᠨ ᠪᠠᠢᠯᠳᠤᠵᠤ ᠬᠡᠨ ᠠᠯᠢᠨ ᠢ᠋ᠶ᠋ᠠᠨ ᠳᠡᠢᠯᠦᠭᠰᠡᠨ ᠦᠭᠡᠢ ᠲᠦᠷ ᠴᠡᠷᠢᠭ ᠢ᠋ᠶ᠋ᠡᠨ ᠬᠤᠷᠢᠶᠠᠵᠤ ᠬᠦᠷᠢᠶ᠎ᠡ ᠪᠠᠭᠤᠪᠠ ᠃ 
       ᠬᠥᠬᠡᠲᠡᠮᠦᠷ ᠲᠠᠢᠶᠤᠸᠠᠨ ᠬᠣᠲᠠ ᠶ᠋ᠢᠨ ᠪᠠᠷᠠᠭᠤᠨ ᠪᠡᠶ᠎ᠡ ᠳ᠋ᠦ᠍ ᠠᠭᠤᠯᠠ ᠶ᠋ᠢ ᠰᠢᠬᠠᠨ ᠬᠦᠷᠢᠶ᠎ᠡ ᠪᠠᠭᠤᠭᠠᠳ ᠬᠣᠭᠣᠯᠠ ᠪᠤᠳᠠᠭ᠎ᠠ ᠪᠡᠯᠡᠳᠬᠡᠨ ᠵᠡᠭᠦᠨᠰᠢ ᠪᠠᠷᠠᠭᠤᠨᠰᠢ ᠪᠤᠵᠢᠭᠢᠨᠠᠯᠳᠤᠮᠤᠢ ᠃  
      ᠲᠡᠳᠦᠢ ᠳ᠋ᠦ᠍ ᠰᠢᠦᠢ ᠳ᠋ᠠ ᠶ᠋ᠢᠨ ᠵᠢᠭᠦᠷ ᠦ᠋ᠨ ᠵᠠᠩᠵᠤᠨ ᠭᠦᠸᠧ ᠶᠢᠩ ᠴᠡᠷᠢᠭ ᠢ᠋ᠶ᠋ᠡᠨ ᠵᠠᠬᠢᠷᠴᠤ ᠴᠠᠩ ᠢᠦᠢ ᠴᠦᠨ ᠦ᠌ ᠴᠡᠷᠢᠭ ᠯᠦ᠍ᠭᠡ ᠨᠡᠢᠯᠡᠵᠦ ᠥᠨᠳᠥᠷ ᠲᠦ᠍ ᠠᠪᠠᠷᠢᠨ ᠦᠵᠡᠪᠡᠰᠦ ᠬᠥᠬᠡᠲᠡᠮᠦᠷ ᠦ᠋ᠨ ᠴᠡᠷᠢᠭ ᠪᠡᠯᠡᠳᠬᠡᠯ ᠦᠭᠡᠢ ᠂ ᠰᠡᠳᠬᠢᠯ ᠠᠮᠤᠷ ᠪᠠᠢᠭ᠎ᠠ ᠶ᠋ᠢ ᠮᠡᠳᠡᠭᠡᠳ ᠥᠭᠦᠯᠡᠷᠦᠨ ᠄ 《 ᠴᠠᠩ ᠵᠠᠩᠵᠤᠨ ᠂ ᠬᠥᠬᠡᠲᠡᠮᠦᠷ ᠦ᠋ᠨ  ᠴᠡᠷᠢᠭ ᠣᠯᠠᠨ ᠪᠣᠯᠪᠠᠴᠤ ᠡᠮᠬᠢ ᠵᠠᠮᠪᠠᠷᠠᠭ᠎ᠠ ᠦᠭᠡᠢ ᠂ ᠬᠦᠷᠢᠶ᠎ᠡ ᠪᠠᠭᠤᠭᠰᠠᠨ ᠨᠢ ᠥᠷᠭᠡᠨ ᠠᠭᠤᠳᠠᠮ ᠪᠣᠯᠪᠠᠴᠤ ᠪᠡᠯᠡᠳᠬᠡᠯ ᠰᠡᠷᠭᠡᠢᠯᠡᠯ ᠦᠭᠡᠢ ᠂ ᠪᠢᠳᠡ ᠰᠥᠨᠢ ᠪᠡᠷ ᠭᠡᠨᠡᠳᠡᠭᠦᠯᠦᠨ ᠳᠠᠭᠠᠷᠢᠵᠤ ᠪᠣᠯᠤᠮᠤᠢ 》 ᠬᠡᠮᠡᠬᠦᠶ᠎ᠡ ᠴᠠᠩ ᠢᠦᠢ ᠴᠦᠨ ᠵᠥᠪᠰᠢᠶᠡᠷᠡᠵᠦ ᠰᠢᠦᠢ  ᠳ᠋ᠠ ᠳ᠋ᠤ᠌ ᠮᠡᠳᠡᠭᠦᠯᠦᠷᠦᠨ ᠄ 《 ᠮᠠᠨ ᠤ᠋ ᠮᠣᠷᠢᠲᠤ ᠴᠡᠷᠢᠭ ᠢᠷᠡᠭᠰᠡᠨ ᠠᠪᠠᠴᠤ ᠶᠠᠪᠠᠭᠠᠨ ᠴᠡᠷᠢᠭ ᠬᠠᠷᠠᠬᠠᠨ ᠬᠦᠷᠴᠦ ᠢᠷᠡᠭᠡᠳᠦᠢ ᠣᠴᠢᠷ᠎ᠠ ᠬᠥᠬᠡᠲᠡᠮᠦᠷ   ᠯᠤᠭᠡ ᠠᠪᠤᠨ ᠪᠠᠢᠯᠳᠤᠵᠤ ᠦᠯᠦ ᠪᠣᠯᠤᠮᠤᠢ ᠂ ᠬᠠᠷᠢᠨ ᠰᠥᠨᠢ ᠪᠡᠷ ᠴᠡᠷᠢᠭ ᠦ᠋ᠨ ᠬᠦᠷᠢᠶ᠎ᠡ ᠶ᠋ᠢ ᠳᠠᠷᠤᠪᠠᠰᠤ ᠰᠠᠢᠨ 》 ᠬᠡᠮᠡᠪᠡ ᠃  
       ᠰᠢᠦᠢ ᠳ᠋ᠠ ᠂ ᠴᠠᠩ ᠢᠦᠢ ᠴᠦᠨ ᠨᠠᠷ ᠤ᠋ᠨ ᠬᠡᠯᠡᠬᠦ ᠶ᠋ᠢ ᠵᠥᠪᠰᠢᠶᠡᠷᠡᠪᠡ ᠃ ᠡᠢᠨ ᠠᠲᠠᠯ᠎ᠠ ᠬᠥᠬᠡᠲᠡᠮᠦᠷ ᠦ᠋ᠨ ᠭᠠᠷ ᠳᠣᠣᠷᠠᠬᠢ ᠴᠡᠷᠢᠭ ᠦ᠋ᠨ ᠨᠣᠶᠠᠨ ᠬᠣᠪᠢᠮᠠ ᠬᠡᠮᠡᠭᠴᠢ ᠪᠠᠢᠯᠳᠤᠭᠠᠨ ᠳ᠋ᠤ᠌ ᠬᠣᠢᠷᠭᠣᠳᠠᠭᠠᠳ ᠬᠦᠬᠡᠲᠡᠮᠦᠷ ᠦ᠋ᠨ ᠵᠢᠮᠡᠯᠡᠯ ᠢ᠋ ᠬᠦᠷᠲᠡᠭᠰᠡᠨ ᠪᠠᠢᠪᠠ ᠃ ᠲᠡᠷᠡ ᠂ ᠬᠦᠬᠡᠲᠡᠮᠦᠷ ᠲᠦ᠍ ᠬᠣᠣᠷ ᠪᠣᠳᠣᠵᠤ ᠳᠠᠯᠳᠠᠭᠤᠷ ᠬᠥᠮᠦᠨ ᠲᠣᠮᠢᠯᠠᠨ ᠰᠢᠦᠢ ᠳ᠋ᠠ ᠳ᠋ᠤ᠌ ᠪᠠᠭᠤᠵᠤ ᠥᠭᠭᠦᠭᠡᠳ ᠳᠣᠲᠣᠷ᠎ᠠ ᠠ᠋ᠴᠠ ᠳᠠᠮᠵᠢᠨ ᠲᠤᠰᠠᠯᠠᠶ᠎ᠠ ᠬᠡᠮᠡᠪᠡ ᠃ ᠰᠢᠦᠢ ᠳ᠋ᠠ ᠶᠡᠬᠡᠳᠡ ᠪᠠᠶᠠᠷᠯᠠᠨ ᠲᠡᠷᠡ ᠰᠥᠨᠢ ᠨᠢ ᠬᠥᠬᠡᠲᠡᠮᠦᠷ ᠦ᠋ᠨ ᠴᠡᠷᠢᠭ ᠦ᠋ᠨ ᠬᠦᠷᠢᠶ᠎ᠡ ᠶ᠋ᠢ ᠭᠡᠨᠡᠳᠡᠭᠦᠯᠦᠨ ᠳᠠᠭᠠᠷᠢᠵᠤ ᠬᠥᠬᠡᠲᠡᠮᠦᠷ ᠢ᠋ ᠪᠠᠷᠢᠬᠤ ᠪᠠᠷ ᠪᠡᠯᠡᠳᠬᠡᠪᠡ ᠃ 
      ᠰᠥᠨᠢ ᠶ᠋ᠢᠨ ᠬᠠᠷᠠᠩᠭᠤᠢ ᠪᠣᠯᠬᠤ ᠳ᠋ᠤ᠌ ᠰᠢᠦᠢ  ᠳ᠋ᠠ  ᠲᠠᠪᠢᠨ ᠮᠣᠷᠢᠲᠤ ᠴᠡᠷᠢᠭ ᠲᠦ᠍ ᠭᠠᠯ ᠪᠠᠮᠪᠠᠷ ᠪᠠᠷᠢᠭᠤᠯᠵᠤ ᠬᠣᠲᠠ ᠶ᠋ᠢᠨ ᠵᠡᠭᠦᠨᠳᠡᠬᠢ ᠥᠨᠳᠥᠷ ᠭᠠᠵᠠᠷ ᠲᠤ᠌  ᠪᠦᠭᠭᠦᠭᠦᠯᠪᠡ᠃ ᠭᠦᠸᠧ ᠶᠢᠩ ᠠᠷᠪᠠᠭᠠᠳ ᠮᠣᠷᠢᠲᠤ ᠴᠡᠷᠢᠭ ᠢ᠋ ᠳᠠᠭᠠᠭᠤᠯᠵᠤ ᠬᠥᠬᠡᠲᠡᠮᠦᠷ ᠦ᠋ᠨ ᠴᠡᠷᠢᠭ ᠦ᠋ᠨ ᠬᠦᠷᠢᠶ᠎ᠡ ᠳ᠋ᠦ᠍ ᠰᠢᠭᠤᠳ ᠳᠠᠷᠤᠨ ᠣᠷᠣᠭᠠᠳ ᠭᠠᠯ ᠪᠠᠮᠪᠠᠷ ᠢ᠋ᠶ᠋ᠠᠨ ᠡᠷᠭᠦᠵᠦ ᠫᠤᠤ ᠲᠠᠯᠪᠢᠭᠰᠠᠨ᠎ᠠ ᠬᠣᠲᠠ ᠶ᠋ᠢᠨ ᠵᠡᠭᠦᠨᠳᠡᠬᠢ ᠪᠦᠭᠭᠦᠭᠰᠡᠨ ᠴᠡᠷᠢᠭ ᠪᠠᠰᠠ ᠭᠠᠯ ᠪᠠᠮᠪᠠᠷ ᠢ᠋ᠶ᠋ᠠᠨ ᠡᠷᠭᠦᠵᠦ ᠫᠤᠤ ᠲᠠᠯᠪᠢᠨ ᠥᠨᠳᠥᠷ ᠳᠠᠭᠤᠨ ᠢ᠋ᠶ᠋ᠠᠷ ᠬᠠᠰᠬᠢᠷᠤᠯᠳᠤᠨ ᠳᠣᠪᠲᠣᠯᠤᠨ ᠢᠷᠡᠪᠡ ᠃ 
       ᠬᠥᠬᠡᠲᠡᠮᠦᠷ ᠦ᠋ᠨ ᠴᠡᠷᠢᠭ ᠶᠠᠮᠠᠷ ᠬᠡᠷᠡᠭ ᠪᠣᠯᠤᠭᠰᠠᠨ ᠢ᠋ ᠮᠡᠳᠡᠬᠦ ᠦᠭᠡᠢ ᠶᠡᠬᠡᠳᠡ ᠰᠠᠮᠭᠠᠷᠳᠠᠵᠤ ᠬᠠᠷᠢᠯᠴᠠᠨ ᠠᠯᠠᠯᠳᠤᠵᠤ ᠡᠬᠢᠯᠡᠪᠡ ᠃ ᠡᠨᠡ ᠦᠶ᠎ᠡ ᠳ᠋ᠦ᠍ ᠬᠥᠬᠡᠲᠡᠮᠦᠷ ᠬᠠᠷᠢᠨ ᠴᠠᠴᠠᠷ ᠤ᠋ᠨ ᠳᠣᠲᠣᠷ᠎ᠠ ᠳ᠋ᠧᠩ ᠦ᠋ᠨ ᠳᠣᠣᠷ᠎ᠠ ᠰᠠᠭᠤᠭᠠᠳ ᠴᠡᠷᠢᠭ ᠦ᠋ᠨ ᠪᠢᠴᠢᠭ ᠤᠩᠰᠢᠵᠤ ᠪᠠᠶ᠋ᠢᠪᠠ ᠃ ᠭᠡᠨᠡᠳᠲᠡ ᠭᠠᠯ ᠤᠲᠤᠭ᠎ᠠ ᠮᠠᠨᠳᠤᠵᠤ ᠬᠠᠰᠬᠢᠷᠬᠤ ᠳᠠᠭᠤᠨ ᠬᠢᠲᠤᠭ᠎ᠠ ᠰᠡᠯᠡᠮ᠎ᠡ ᠶ᠋ᠢᠨ ᠬᠠᠪᠢᠷᠤᠯᠳᠤᠬᠤ ᠳᠠᠭᠤᠨ ᠰᠣᠨᠣᠰᠳᠠᠵᠤ ᠶᠡᠬᠡ ᠪᠡᠷ ᠦᠢᠮᠡᠯᠳᠦᠨ ᠡᠭᠦᠰᠬᠡᠭᠰᠡᠨ ᠳ᠋ᠦ᠍ ᠂ ᠬᠥᠬᠡᠲᠡᠮᠦᠷ ᠬᠥᠯ ᠨᠢᠴᠦᠭᠦᠨ ᠢ᠋ᠶ᠋ᠡᠷ ᠴᠠᠴᠠᠷ ᠠ᠋ᠴᠠ ᠭᠠᠷᠴᠤ ᠦᠵᠡᠬᠦᠯ᠎ᠡ ᠬᠣᠪᠢᠮᠠ ᠬᠠᠷᠢᠨ ᠴᠡᠷᠢᠭ ᠳᠠᠭᠠᠭᠤᠯᠤᠨ ᠥᠭᠡᠳᠡ ᠡᠴᠡ ᠰᠢᠭᠤᠳ ᠳᠠᠭᠠᠷᠢᠨ ᠢᠷᠡᠬᠦ ᠬᠠᠷᠠᠭᠳᠠᠪᠠ ᠃ ᠲᠡᠷᠡ ᠪᠠᠶ᠋ᠢᠲᠠᠯ ᠬᠤᠪᠢᠷᠠᠭᠰᠠᠨ ᠢ᠋ ᠮᠡᠳᠡᠭᠡᠳ ᠳᠠᠷᠤᠢ ᠲᠦᠷᠭᠡᠨ ᠴᠠᠴᠠᠷ ᠤ᠋ᠨ ᠠᠷᠤ ᠳ᠋ᠤ᠌ ᠬᠦᠷᠴᠦ ᠨᠢᠭᠡᠨ ᠵᠠᠶ᠋ᠢᠲᠠᠩ ᠮᠣᠷᠢ ᠣᠯᠵᠤ ᠤᠨᠤᠭᠠᠳ ᠪᠠᠷᠠᠭᠤᠨ ᠬᠣᠶ᠋ᠢᠰᠢ ᠪᠠᠨ ᠳᠤᠲᠠᠭᠠᠪᠠ ᠃ ᠬᠥᠬᠡᠲᠡᠮᠦᠷ ᠦ᠋ᠨ ᠵᠠᠬᠢᠷᠤᠭᠰᠠᠨ ᠠᠷᠪᠠᠨ ᠲᠦᠮᠡᠨ ᠴᠡᠷᠢᠭ ᠲᠣᠯᠣᠭᠠᠢ ᠦᠭᠡᠢ ᠢᠯᠠᠭ᠎ᠠ ᠪᠣᠯᠵᠤ ᠳᠥᠷᠪᠡᠨ ᠲᠦᠮᠡ ᠨᠢ ᠤᠰᠠᠳᠬᠠᠭᠳᠠᠵᠤ ᠦᠯᠡᠳᠡᠭᠰᠡᠨ ᠨᠢ ᠪᠤᠲᠠᠷᠠᠨ ᠰᠠᠷᠨᠢᠪᠠ ᠃  
      ᠴᠠᠩ ᠢᠦᠢ ᠴᠦᠨ ᠦ᠌ ᠴᠡᠷᠢᠭ ᠬᠥᠬᠡᠲᠡᠮᠦᠷ ᠢ᠋ ᠪᠣᠷᠪᠢᠳᠠᠨ ᠨᠡᠬᠡᠮᠵᠢᠯᠡᠭᠰᠡᠨ ᠪᠣᠯᠪᠠᠴᠤ ᠰᠥᠨᠢ ᠶ᠋ᠢᠨ ᠬᠠᠷᠠᠩᠭᠤᠢ ᠳ᠋ᠤ᠌ ᠭᠦᠢᠴᠡᠵᠦ  ᠳᠡᠢᠯᠦᠭᠰᠡᠨ ᠦᠭᠡᠢ ᠲᠤᠯᠠ ᠭᠡᠳᠡᠷᠭᠦ ᠪᠤᠴᠠᠵᠤ ᠢᠷᠡᠭᠡᠳ ᠲᠠᠶ᠋ᠢᠶᠣᠸᠠᠨ ᠢ᠋ ᠡᠪᠳᠡᠵᠦ ᠱᠠᠨ ᠰᠢ ᠶ᠋ᠢᠨ ᠡᠯ᠎ᠡ ᠵᠧᠦ ᠰᠢᠶᠠᠨ ᠢ᠋ ᠬᠣᠷᠢᠶᠠᠨ ᠲᠣᠭᠲᠠᠭᠠᠪᠠ ᠃ ᠰᠢᠦᠢ ᠳ᠋ᠠ ᠴᠡᠷᠢᠭ ᠢ᠋ᠶ᠋ᠡᠨ ᠵᠠᠰᠠᠵᠤ ᠴᠢᠨᠠᠭᠰᠢᠳᠠ ᠱᠠᠨᠰᠢ ᠳ᠋ᠤ᠌ ᠴᠥᠮᠥᠷᠡᠨ ᠣᠷᠣᠪᠠ ᠃ ᠯᠢ ᠰᠧ ᠴᠢ ᠂ ᠵᠠᠩ ᠯᠢᠶᠠᠩ ᠪᠢ ᠨᠠᠷ ᠱᠠᠨᠰᠢ ᠶ᠋ᠢ ᠰᠠᠬᠢᠨ ᠰᠠᠭᠤᠵᠤ ᠪᠠᠢᠪᠠ ᠃ ᠲᠡᠳᠡ ᠰᠢᠦᠢ ᠳ᠋ᠠ ᠶ᠋ᠢᠨ ᠴᠡᠷᠢᠭ ᠦ᠋ᠨ ᠰᠤᠷᠠᠭ ᠢ᠋  ᠰᠣᠨᠣᠰᠤᠮᠠᠭᠴᠠ ᠤᠬᠤᠷᠢᠨ ᠳᠤᠲᠠᠭᠠᠵᠤ ᠯᠢᠨ ᠲᠤᠤ ᠬᠦᠷᠦᠭᠡᠳ ᠪᠦᠭᠭᠦᠭᠰᠡᠨ ᠴᠡᠷᠢᠭ ᠦ᠋ᠨ ᠳᠠᠭᠠᠷᠢᠯᠲᠠ ᠳ᠋ᠤ᠌ ᠤᠴᠠᠷᠠᠭᠠᠳ ᠯᠢ ᠰᠧ ᠴᠢ ᠪᠠᠭᠤᠵᠤ ᠥᠭᠪᠡ ᠃ ᠵᠠᠩ ᠯᠢᠶᠠᠩ ᠪᠢ ᠤᠷᠢᠳᠠ ᠪᠠᠷ ᠪᠠᠭᠤᠵᠤ ᠥᠭᠭᠦᠭᠡᠳ ᠰᠡᠭᠦᠯᠡᠷ ᠨᠢ ᠤᠷᠪᠠᠵᠤ ᠴᠢᠩ ᠶᠠᠩ ᠢ᠋ ᠪᠡᠬᠢᠯᠡᠨ ᠰᠠᠭᠤᠭᠰᠠᠨ ᠪᠣᠯᠪᠠᠴᠤ ᠰᠢᠦᠢ ᠳ᠋ᠠ  ᠶ᠋ᠢᠨ ᠰᠢᠷᠦᠭᠦᠨ ᠳᠠᠭᠠᠷᠢᠯᠲᠠ ᠳ᠋ᠤ᠌ ᠤᠴᠠᠷᠠᠭᠠᠳ ᠡᠴᠦᠰ ᠲᠦ᠍ᠷ ᠪᠦᠷᠢᠮᠦᠰᠦᠨ ᠰᠥᠨᠥᠭᠡᠭᠳᠡᠪᠡ ᠃ ᠡᠨᠲᠡᠴᠡ ᠱᠠᠨᠰᠢ ᠂ ᠱᠠᠨ ᠰᠢ ᠪᠦᠷ ᠮᠢᠩ ᠤᠯᠤᠰ ᠤ᠋ᠨ ᠭᠠᠷ ᠲᠤ᠌ ᠣᠷᠣᠪᠠ ᠃ 
        ᠬᠥᠬᠡᠲᠡᠮᠦᠷ ᠦ᠋ᠨ ᠴᠡᠷᠢᠭ ᠲᠠᠢᠶᠤᠸᠠᠨ ᠤ᠋ ᠪᠠᠢᠯᠳᠤᠭᠠᠨ ᠳ᠋ᠤ᠌ ᠶᠡᠬᠡ ᠪᠡᠷ ᠢᠯᠠᠭᠳᠠᠭᠰᠠᠨ ᠴᠢᠮᠡᠭᠡ ᠶ᠋ᠢ ᠲᠣᠬᠣᠭᠳᠠᠮᠤᠢ ᠬᠠᠭᠠᠨ ᠰᠣᠨᠣᠰᠤᠭᠠᠳ ᠪᠠᠷᠠᠭᠤᠨ ᠭᠠᠷᠤᠨ ᠴᠢᠩᠰᠠᠩ ᠶᠢᠰᠤᠨᠪᠤᠬ᠎ᠠ ᠶ᠋ᠢ ᠲᠣᠮᠢᠯᠠᠨ ᠳᠠᠢᠳᠤ ᠶ᠋ᠢ ᠡᠭᠡᠭᠦᠯᠦᠨ ᠠᠪᠬᠤ ᠪᠠᠷ ᠢᠯᠡᠭᠡᠪᠡ ᠃ ᠪᠠᠰᠠ ᠺᠦᠩ ᠰᠢᠩ ᠂ ᠲᠥᠷᠥᠪᠡᠢ ᠨᠠᠷ ᠢ᠋ ᠵᠠᠷᠯᠢᠭᠳᠠᠵᠤ ᠴᠡᠷᠢᠭ ᠢ᠋ᠶ᠋ᠡᠨ ᠳᠠᠢᠴᠢᠯᠠᠨ ᠳ᠋ᠠᠲ᠋ᠦ᠋ᠩ ᠡᠴᠡ ᠮᠣᠷᠳᠠᠵᠤ ᠶᠢᠰᠤᠨᠪᠤᠬ᠎ᠠ ᠶ᠋ᠢᠨ ᠴᠡᠷᠢᠭ ᠢ᠋ ᠬᠠᠮᠵᠢᠵᠤ ᠳᠠᠢᠳᠤ ᠶ᠋ᠢ ᠡᠭᠡᠭᠦᠯᠦᠨ ᠠᠪᠲᠤᠭᠠᠢ ᠬᠡᠮᠡᠪᠡ ᠃  
      ᠶᠢᠰᠤᠨᠪᠤᠬ᠎ᠠ ᠲᠦᠮᠡ ᠭᠠᠷᠤᠢ ᠮᠣᠷᠢᠲᠤ ᠴᠡᠷᠢᠭ ᠢ᠋ ᠳᠠᠢᠴᠢᠯᠠᠨ ᠪᠠᠢ ᠾᠧ ᠭᠣᠣᠯ ( ᠡᠦᠲᠦ ᠶ᠋ᠢᠨ ᠪᠡᠭᠡᠵᠢᠩ ᠦ᠋ᠨ ᠴᠤᠤ ᠪᠠᠢ ᠾᠧ ᠭᠣᠣᠯ ) ᠳ᠋ᠤ᠌ ᠢᠷᠡᠵᠦ ᠬᠦᠷᠢᠶ᠎ᠡ ᠪᠠᠭᠤᠵᠤ ᠲᠦᠩᠵᠸᠦ ᠶ᠋ᠢ ᠡᠪᠳᠡᠵᠦ ᠳᠠᠢᠳᠤ ᠶ᠋ᠢ ᠡᠵᠡᠯᠡᠬᠦ ᠪᠡᠷ ᠲᠥᠯᠥᠪᠯᠡᠪᠡ ᠃ ᠪᠠᠢ ᠾᠧ ᠭᠣᠣᠯ ᠢ᠋ ᠰᠠᠬᠢᠭᠰᠠᠨ ᠮᠢᠩ ᠤᠯᠤᠰ ᠤ᠋ᠨ ᠵᠠᠩᠵᠤᠨ ᠼᠤᠤ ᠯᠢᠶᠠᠩ ᠴᠧᠨ ᠠᠶᠤᠭᠠᠳ ᠶᠢᠰᠤᠨᠪᠤᠬ᠎ᠠ ᠶ᠋ᠢᠨ ᠴᠡᠷᠢᠭ ᠲᠡᠢ ᠠᠪᠤᠨ ᠪᠠᠢᠯᠳᠤᠭᠰᠠᠨ ᠦᠭᠡᠢ ᠂ ᠬᠠᠷᠢᠨ ᠭᠣᠣᠯ ᠤ᠋ᠨ ᠬᠥᠪᠡᠭᠡ ᠪᠡᠷ ᠲᠣᠨᠨ ᠬᠢᠭᠢᠷᠢ ᠮᠠᠨᠳᠤᠭᠤᠯᠤᠨ ᠣᠩᠭᠣᠴᠠ ᠰᠠᠯ ᠵᠣᠭᠰᠣᠭᠠᠵᠤ ᠬᠡᠩᠭᠡᠷᠭᠡ ᠳᠡᠯᠡᠳᠦᠨ ᠰᠦᠷ ᠪᠠᠳᠠᠷᠠᠭᠤᠯᠤᠨ ᠵᠢᠷᠦᠬᠡᠨ ᠲᠠᠮᠢᠷ ᠢ᠋ᠶ᠋ᠠᠨ ᠲᠡᠵᠢᠭᠡᠪᠡ ᠃ 
      ᠶᠢᠰᠤᠨᠪᠤᠬ᠎ᠠ ᠮᠢᠩ ᠤᠯᠤᠰ ᠤ᠋ᠨ ᠰᠠᠬᠢᠭᠤᠯ ᠴᠡᠷᠢᠭ ᠦ᠋ᠨ ᠥᠩᠭᠡᠴᠡ ᠰᠦᠷ ᠪᠠᠢᠳᠠᠯ ᠳ᠋ᠤ᠌ ᠬᠠᠭᠤᠷᠲᠠᠭᠠᠳ ᠲᠤᠬᠠᠢ ᠶ᠋ᠢᠨ ᠵᠢᠯ ᠳ᠋ᠦ᠍ ᠪᠣᠯᠣᠲᠡᠮᠦᠷ ᠢ᠋ ᠳᠠᠢᠯᠠᠭᠰᠠᠨ ᠲᠡᠷᠡ ᠣᠮᠣᠭ ᠰᠦᠷ ᠨᠢ ᠳᠠᠷᠤᠭᠳᠠᠭᠠᠳ ᠥᠩᠭᠡᠨ ᠳᠡᠭᠡᠷ᠎ᠡ ᠪᠡᠨ ᠬᠦᠴᠦᠷᠬᠡᠭ ᠦᠨᠡᠨ ᠳ᠋ᠦ᠍ ᠪᠡᠨ ᠪᠠᠭᠤᠷᠠᠢ ᠂ ᠮᠢᠩᠭᠠᠭᠠᠳᠬᠠᠨ ᠬᠥᠮᠦᠨ ᠲᠡᠢ ᠮᠢᠩ ᠦ᠋ᠨ ᠴᠡᠷᠢᠭ ᠲᠡᠢ ᠪᠠᠢᠯᠳᠤᠭᠰᠠᠨ ᠦᠭᠡᠢ ᠤᠬᠤᠷᠢᠪᠠ ᠃ ᠺᠦᠩ ᠰᠢᠩ ᠂ ᠲᠥᠷᠥᠪᠡᠢ ᠶ᠋ᠢᠨ ᠴᠡᠷᠢᠭ ᠳ᠋ᠠᠲ᠋ᠦ᠋ᠩ ᠡᠴᠡ ᠮᠣᠷᠳᠠᠵᠤ ᠳᠠᠢᠳᠤ ᠬᠦᠷᠬᠦ ᠡᠴᠡ ᠡᠮᠦᠨ᠎ᠡ ᠮᠢᠩ ᠤᠯᠤᠰ ᠤ᠋ᠨ ᠪᠦᠭᠭᠦᠭᠰᠡᠨ ᠴᠡᠷᠢᠭ ᠦ᠋ᠨ ᠭᠡᠨᠡᠳᠲᠡ ᠶ᠋ᠢᠨ ᠳᠠᠭᠠᠷᠢᠯᠲᠠ ᠳ᠋ᠤ᠌ ᠤᠴᠠᠷᠠᠭᠠᠳ ᠪᠦᠬᠦᠨ ᠢ᠋ᠶ᠋ᠡᠷ ᠢ᠋ᠶ᠋ᠡᠨ  ᠰᠥᠨᠥᠭᠡᠭᠳᠡᠪᠡ ᠃ 
      ᠲᠣᠬᠤᠨᠲᠡᠮᠦᠷ ᠬᠠᠭᠠᠨ ᠡᠨᠡ ᠬᠣᠶᠠᠷ ᠤᠳᠠᠭᠠᠨ ᠤ᠋ ᠢᠯᠠᠭᠳᠠᠯ ᠂ ᠢᠯᠠᠩᠭᠤᠶ᠎ᠠ ᠬᠥᠬᠡᠲᠡᠮᠦᠷ ᠦ᠋ᠨ ᠢᠯᠠᠭᠳᠠᠭᠰᠠᠨ ᠪᠠᠢᠳᠠᠯ ᠠ᠋ᠴᠠ ᠰᠡᠷᠡᠮᠵᠢ ᠠᠪᠴᠤ ᠳᠠᠢᠳᠤ ᠶ᠋ᠢ ᠥᠨᠥ ᠮᠠᠷᠭᠠᠰᠢ ᠡᠭᠡᠭᠦᠯᠦᠨ ᠠᠪᠬᠤ ᠭᠡᠰᠡᠨ ᠰᠠᠨᠠᠭ᠎ᠠ ᠪᠠᠨ ᠬᠤᠷᠢᠶᠠᠵᠤ ᠡᠯᠡᠰᠦᠨ ᠨᠤᠲᠤᠭ ᠲᠤ᠌ ᠪᠠᠨ ᠡᠪᠦᠯ ᠬᠠᠪᠤᠷ ᠢ᠋ ᠨᠥᠭᠴᠢᠭᠡᠵᠦ ᠂ ᠡᠪᠦᠭᠡ ᠳᠡᠭᠡᠳᠦᠰ ᠦ᠋ᠨ ᠢ᠋ᠶ᠋ᠡᠨ ᠠᠤᠭ᠎ᠠ ᠦᠢᠯᠡᠰ ᠢ᠋ ᠵᠠᠯᠭᠠᠮᠵᠢᠯᠠᠨ ᠬᠥᠭᠵᠢᠭᠦᠯᠦᠶ᠎ᠡ ᠭᠡᠮᠡᠨ ᠰᠡᠳᠬᠢᠯ ᠰᠢᠭᠤᠳᠪᠠ ᠃ ᠭᠡᠲᠡᠯ᠎ᠡ ᠬᠡᠷᠡᠭ ᠶᠠᠪᠤᠳᠠᠯ ᠬᠡᠵᠢᠶᠡᠳᠡ ᠬᠥᠮᠦᠨ ᠦ᠌ ᠪᠣᠳᠣᠭᠰᠠᠨ ᠰᠠᠨᠠᠭᠰᠠᠨ ᠢ᠋ᠶ᠋ᠠᠷ ᠪᠣᠯᠳᠠᠭ ᠦᠭᠡᠢ ᠠᠵᠤᠭᠤ ᠃ ᠡᠶ᠋ᠢᠨ ‍ᠬᠦ ᡁᠢ ᠵᠧᠩ ᠦ᠋ᠨ ᠬᠣᠷᠢ ᠶᠢᠰᠦᠳᠦᠭᠡᠷ ᠣᠨ ( 1369 ᠣᠨ ) ᠤ᠋ ᠵᠢᠷᠭᠤᠳᠤᠭᠠᠷ ᠰᠠᠷ᠎ᠠ ᠳ᠋ᠤ᠌ ᠵᠦᠬᠡ ᠨᠣᠶᠠᠨ ᠶᠡᠬᠡ ᠵᠠᠩᠵᠤᠨ ᠴᠠᠩ ᠢᠦᠢ ᠴᠦᠨ ᠂ ᠯᠢ ᠸᠧᠨ ᠵᠦᠩ ᠢ᠋ᠶ᠋ᠡᠷ  ᠨᠠᠢ᠍ᠮᠠᠨ ᠲᠦᠮᠡᠨ ᠶᠠᠪᠠᠭᠠᠨ ᠴᠡᠷᠢᠭ ᠂ ᠨᠢᠭᠡ ᠲᠦᠮᠡᠨ ᠮᠣᠷᠢᠲᠤ ᠴᠡᠷᠢᠭ ᠢ᠋ ᠳᠠᠢᠴᠢᠯᠠᠭᠤᠯᠤᠨ ᠱᠠᠩᠳᠤ ᠬᠣᠲᠠ ᠶ᠋ᠢ ᠴᠣᠬᠢᠭᠤᠯᠪᠠ ᠃ ᠡᠦᠲᠦ ᠴᠣᠬᠣᠮ ᠶᠠᠭᠤ ᠪᠣᠯᠬᠤ ᠶ᠋ᠢ ᠮᠡᠳᠡᠬᠦ ᠦᠭᠡᠢ ᠳᠠᠷᠠᠭ᠎ᠠ ᠪᠦᠯᠦᠭ ᠲᠦ᠍ ᠦᠵᠡᠮᠦ ᠃