ᠭᠡᠷ ᠦᠨ ᠢᠷᠦᠭᠡᠯ Гэрийн ерөөл
ᠭᠡᠷ ᠦᠨ ᠢᠷᠦᠭᠡᠯ
ᠬᠠᠩᠭᠠᠢ ᠶᠢᠨ ᠮᠣᠳᠣ ᠶᠢ ᠬᠠᠷᠤᠭᠤᠯᠳᠠᠵᠤ ᠬᠢᠭᠰᠡᠨ
ᠬᠠᠰᠢᠷ
ᠮᠤᠵᠢᠶᠠᠩ ᠤᠷᠠᠯᠠᠵᠤ ᠬᠢᠭᠰᠡᠨ
ᠨᠠᠷᠠᠰᠤ
ᠮᠣᠳᠣ ᠶᠢ ᠨᠠᠭᠠᠵᠤ ᠬᠢᠭᠰᠡᠨ
ᠨᠢᠮᠭᠡᠨ
ᠮᠣᠳᠣ ᠶᠢ ᠨᠡᠢᠯᠡᠭᠦᠯᠵᠦ ᠬᠢᠭᠰᠡᠨ
ᠮᠠᠭᠠᠵᠢᠨ
ᠪᠤᠳᠤᠭ ᠢ ᠨᠠᠢᠷᠠᠭᠤᠯᠵᠦ ᠬᠢᠭᠰᠡᠨ
ᠮᠠᠶᠢᠭ᠋ ᠤᠨ
ᠬᠡ ᠶᠢ ᠨᠢ ᠲᠣᠬᠢᠷᠠᠭᠤᠯᠵᠤ ᠬᠢᠭᠰᠡᠨ
ᠰᠠᠯᠬᠢᠨ
ᠰᠠᠮᠪᠠᠷ᠎ᠠ ᠬᠠᠭᠠᠯᠭ᠎ᠠ ᠲᠠᠢ
ᠰᠠᠯᠭᠠᠵᠤ
ᠲᠠᠯᠪᠢᠳᠠᠭ ᠨᠤᠭᠤᠰᠤ ᠲᠠᠢ
ᠲᠠᠪ ᠬᠢᠵᠤ
ᠬᠠᠭᠠᠭᠳᠠᠳᠠᠭ
ᠲᠣᠷᠬᠢᠵᠤ
ᠨᠡᠭᠡᠭᠡᠭᠳᠡᠳᠡᠭ
ᠬᠠᠭᠠᠯᠭ᠎ᠠ ᠲᠠᠢ
ᠶᠤᠮ ᠪᠠᠢᠨ᠎ᠠ᠃
ᠣᠷᠭᠢᠯ
ᠰᠠᠷᠢᠳᠠᠭ ᠤᠨ ᠣᠶᠣᠭᠠᠷᠢ ᠪᠠᠷ
ᠣᠢ
ᠬᠥᠪᠴᠢ ᠶᠢᠨ ᠬᠠᠶᠠᠭ᠎ᠠ ᠪᠠᠷ
ᠣᠪᠣᠯᠵᠠᠨ
ᠴᠠᠯᠭᠢᠵᠤ ᠤᠷᠤᠰᠤᠭᠰᠠᠨ
ᠣᠷᠬᠣᠨ᠂
ᠰᠡᠯᠡᠩᠭᠡ
ᠣᠨᠣᠨ᠂ ᠬᠡᠷᠦᠯᠦᠨ ᠦ ᠬᠥᠪᠡᠭᠡ ᠪᠡᠷ
ᠰᠢᠷᠢᠩᠭᠢ
ᠰᠢᠭᠤᠢ ᠳᠤ ᠤᠷᠭᠤᠭᠰᠠᠨ
ᠰᠢᠪᠡᠷ
ᠭᠠᠩᠭᠠᠨ ᠪᠤᠷᠭᠠᠰᠤᠨ ᠳᠤᠮᠳᠠ ᠠᠴᠠ
ᠰᠢᠯᠢᠵᠦ ᠰᠠᠢᠨ ᠢ ᠨᠢ ᠰᠣᠩᠭᠣᠵᠤ ᠣᠯᠤᠭᠠᠳ
ᠰᠢᠷᠦᠭᠦᠨ
ᠢᠷ ᠲᠡᠢ
ᠰᠢᠩᠭᠡᠨ
ᠳᠠᠭᠤᠤ ᠲᠠᠢ
ᠰᠢᠨᠡᠬᠡᠨ
ᠬᠠᠩᠭᠢᠨᠠᠭᠤᠷ ᠰᠦᠬᠡ ᠪᠡᠷ
ᠰᠢᠷᠪᠢ ᠲᠠᠰᠤ
ᠴᠠᠪᠴᠢᠵᠤ ᠠᠪᠤᠭᠠᠳ
ᠨᠣᠭᠣᠭᠠᠨ ᠬᠠᠯᠢᠰᠤ ᠶ᠋ᠢ ᠨᠢ ᠴᠡᠪᠡᠷᠯᠡᠭᠡᠳ
ᠨᠣᠢᠲᠠᠨ ᠴᠢᠬᠢ ᠶ᠋ᠢ ᠨᠢ ᠬᠠᠲᠠᠭᠠᠭᠠᠳ
ᠡ ᠰᠡᠪᠡ ᠶ᠋ᠢ ᠨᠢ
ᠳᠠᠷᠤᠭᠠᠳ
ᠥᠨᠳᠥᠷ ᠪᠣᠭᠣᠨᠢ ᠶ᠋ᠢ ᠨᠢ ᠰᠡᠴᠡᠭᠤᠯᠵᠤ
ᠥᠯᠵᠡᠢ
ᠤᠲᠠᠰᠤᠨ ᠨᠢᠳᠦ ᠲᠠᠭᠠᠷᠠᠭᠤᠯᠵᠤ
ᠥᠷᠥᠮᠳᠡᠵᠦ
ᠴᠣᠭᠣᠯᠤᠭᠰᠠᠨ
ᠥᠴᠥᠬᠡᠨ
ᠨᠠᠷᠢᠨ ᠨᠦᠬᠡ ᠪᠡᠷ
ᠥ ᠦᠭᠡᠢ
ᠵᠦᠰᠦᠭᠰᠡᠨ
ᠥᠷᠭᠡᠨ ᠤᠷᠲᠤ
ᠦᠳᠡᠷᠢ ᠶᠢ
ᠥᠭᠡᠳᠡ ᠨᠢ
ᠰᠦᠪᠡᠯᠡᠵᠦ ᠭᠠᠷᠭᠠᠭᠠᠳ
ᠡᠪᠦᠳᠦᠭᠯᠡᠵᠦ
ᠳᠠᠷᠤᠵᠤ ᠪᠠᠢᠭᠠᠳ
ᠥᠨᠳᠡᠢᠵᠦ ᠤᠭᠵᠠᠷᠠᠵᠤ
ᠵᠠᠬᠠᠯᠠᠵᠤ
ᠴᠢᠩᠭᠠᠭᠠᠵᠤ
ᠴᠢᠩᠭᠠᠷᠠᠭᠤᠯᠵᠤ ᠦᠳᠡᠵᠦ
ᠴᠠᠭᠠᠨ᠎ᠠ
ᠨᠠᠭᠠᠨ᠎ᠠ ᠨᠢ ᠲᠣᠪᠴᠢᠯᠠᠵᠤ ᠦᠳᠡᠭᠰᠡᠨ
ᠠᠷᠪᠠᠨ ᠲᠠᠪᠤᠨ
ᠲᠣᠯᠣᠭᠠᠢ ᠲᠠᠢ
ᠠᠶᠠᠯᠢᠭ
ᠴᠠᠭᠠᠨ ᠬᠠᠨ᠎ᠠ ᠶᠤᠮ ᠪᠠᠢᠨ᠎ᠠ᠃
ᠭᠠᠯ ᠤᠨ
ᠭᠡᠷᠡᠯ ᠢ ᠭᠠᠳᠠᠭᠰᠢ ᠨᠢ ᠪᠠᠳᠠᠷᠠᠭᠠᠭᠰᠠᠨ
ᠨᠠᠷᠠᠨ ᠤ
ᠭᠡᠷᠡᠯ ᠢ ᠨᠠᠰᠢ ᠨᠢ ᠭᠡᠢᠭᠦᠯᠦᠭᠰᠡᠨ
ᠵᠦᠢᠮᠡᠯ
ᠬᠤᠰᠤᠨ ᠲᠣᠭᠣᠨᠣ ᠲᠠᠢ
ᠵᠦᠰᠦᠮᠡᠯ
ᠴᠤᠭᠤᠯᠪᠤᠷᠢ ᠤᠨᠢ ᠲᠠᠢ
ᠳᠠᠯᠪᠠᠭ᠎ᠠ
ᠨᠠᠪᠴᠢᠲᠤ ᠪᠠᠭᠠᠨ᠎ᠠ ᠲᠠᠢ
ᠲᠠᠢᠯᠠᠵᠤ ᠲᠣᠭᠲᠠᠭᠠᠭᠰᠠᠨ ᠰᠢᠯ ᠲᠡᠢ
ᠤᠬᠠᠭᠠᠨ
ᠭᠠᠷᠭᠠᠵᠤ ᠤᠷᠠᠯᠠᠭᠰᠠᠨ
ᠤᠭᠠᠯᠵᠠ
ᠭᠠᠷᠭᠠᠵᠤ ᠬᠡᠭᠡᠯᠡᠭᠰᠡᠨ
ᠤᠨᠢ᠂
ᠲᠣᠭᠣᠨᠣ᠂ ᠪᠠᠭᠠᠨ᠎ᠠ ᠲᠠᠢ ᠶᠤᠮ ᠪᠠᠢᠨ᠎ᠠ᠃
ᠤᠯᠠᠭᠠᠨ
ᠪᠤᠭᠤᠷᠤᠯ ᠵᠣᠭᠳᠣᠷ
ᠤᠨᠠᠭᠠᠨ
ᠮᠣᠷᠢᠨ ᠤ ᠳᠡᠯ ᠢᠶᠡᠷ
ᠤᠷᠠᠯᠠᠵᠤ ᠬᠢᠭᠰᠡᠨ
ᠴᠢᠭᠲᠠᠭ᠎ᠠ ᠨᠢ
ᠪᠠᠷᠢᠭᠰᠠᠨ
ᠭᠡᠷ ᠲᠦ ᠪᠡᠨ ᠰᠦᠯᠳᠡ ᠨᠢ ᠪᠣᠯᠵᠤ
ᠪᠠᠴᠢᠮᠳᠠᠭᠤᠯᠤᠭᠰᠠᠨ
ᠰᠠᠯᠬᠢᠨ ᠳᠤ
ᠠᠷᠭᠠᠮᠵᠢ
ᠪᠣᠯᠳᠠᠭ ᠶᠤᠮ ᠪᠠᠢᠨ᠎ᠠ᠃
ᠢᠳᠡᠪᠬᠢᠲᠡᠢ
ᠠᠵᠢᠯᠴᠢᠨ ᠤ ᠭᠠᠷ ᠢᠶᠠᠷ
ᠡᠷᠴᠢᠮᠲᠦ
ᠮᠣᠲ᠋ᠣᠷ ᠤᠨ ᠬᠦᠴᠦ ᠪᠡᠷ
ᠢᠰᠡᠭᠡᠢᠯᠡᠬᠦ ᠹᠠᠪᠷᠢᠺ ᠲᠤ
ᠡᠪᠯᠡᠭᠦᠯᠵᠦ
ᠵᠤᠯᠤᠵᠤ
ᠡᠷᠭᠢᠭᠦᠯᠵᠦ
ᠳᠠᠷᠤᠵᠤ ᠬᠢᠭᠰᠡᠨ ᠢᠰᠡᠭᠡᠢ ᠶᠢ
ᠡ
ᠭᠠᠷᠭᠠᠯ ᠦᠭᠡᠢ ᠬᠠᠢᠴᠢᠯᠠᠵᠤ
ᠥᠭᠡᠳᠡᠰᠦ
ᠭᠠᠷᠭᠠᠯ ᠦᠭᠡᠢ ᠵᠦᠢᠵᠦ
ᠥᠷᠯᠥᠭᠡ
ᠦᠳᠡᠰᠢ ᠶᠢᠨ ᠵᠠᠪᠤᠨ ᠳᠤ ᠣᠶᠣᠭᠠᠳ
ᠬᠤᠢᠨ᠎ᠠ ᠤᠷᠢᠳᠤ ᠠᠴᠠ ᠪᠠᠨ ᠵᠥᠷᠢᠭᠦᠯᠵᠦ ᠨᠥᠮᠦᠷᠭᠡᠭᠰᠡᠨ ᠳᠡᠭᠡᠪᠦᠷ
ᠬᠣᠶᠠᠷ
ᠬᠠᠲᠠᠪᠴᠢᠨ ᠠᠴᠠ ᠪᠠᠨ ᠡᠬᠢᠯᠡᠵᠦ ᠪᠠᠷᠢᠭᠰᠠᠨ ᠲᠤᠭᠤᠷᠭ᠎ᠠ ᠨᠢ
ᠬᠣᠯᠠ ᠵᠥᠷᠢᠵᠦ
ᠡᠯᠪᠡᠭᠳᠡᠭᠰᠡᠨ ᠦᠭᠡᠢ
ᠬᠣᠪᠣᠷᠳᠠᠨ
ᠳᠤᠲᠠᠵᠤ ᠪᠠᠭᠠᠳᠠᠯ ᠦᠭᠡᠢ ᠲᠠᠭᠠᠷᠠᠵᠠᠢ᠃
ᠬᠣᠷᠰᠢᠶ᠎ᠠ
ᠬᠤᠳᠠᠯᠳᠤᠭᠠᠨ ᠤ ᠭᠠᠵᠠᠷ ᠠᠴᠠ
ᠲᠣᠭᠠᠯᠠᠵᠤ ᠮᠸᠲ᠋ᠷᠯᠡᠨ ᠦᠵᠡᠭᠡᠳ
ᠲᠣᠯᠣᠭᠠᠢᠵᠤ ᠡᠪᠬᠡᠭᠰᠡᠨ ᠶᠠᠩᠪᠤᠤ ᠠᠪᠴᠤ
ᠲᠠᠰᠢᠶᠠᠯᠳᠤᠵᠤ
ᠡᠰᠬᠡᠭᠡᠳ
ᠲᠠᠭᠠᠷᠠᠭᠤᠯᠵᠤ
ᠣᠶᠣᠭᠠᠳ
ᠳᠠᠪᠬᠤᠷᠯᠠᠵᠤ
ᠨᠥᠮᠦᠷᠭᠡᠭᠰᠡᠨ ᠪᠦᠷᠢᠶᠡᠰᠦ ᠲᠡᠢ
ᠲᠠᠲᠠᠵᠤ
ᠴᠢᠩᠭᠠᠯᠠᠭᠰᠠᠨ ᠪᠦᠰᠡᠯᠡᠭᠦᠷ ᠲᠡᠢ ᠶᠤᠮ ᠪᠠᠢᠨ᠎ᠠ᠃
ᠡᠳᠦᠷ ᠨᠢ
ᠭᠤᠷᠪᠠᠯᠵᠢᠨ
ᠥᠨᠴᠥᠭ ᠨᠢ
ᠳᠥᠷᠪᠡᠯᠵᠢᠨ ᠡᠷᠦᠬᠡ ᠪᠡᠨ
ᠥᠭᠡᠳᠡ ᠨᠢ
ᠡᠷᠭᠦᠵᠦ ᠲᠠᠯᠪᠢᠭᠠᠳ
ᠲᠦᠯᠬᠢᠵᠦ
ᠳᠡᠭᠡᠭᠰᠢᠯᠡᠭᠦᠯᠦᠭᠡᠳ
ᠲᠡᠭᠰᠢᠯᠡᠵᠦ
ᠲᠠᠭᠠᠷᠠᠭᠤᠯᠤᠭᠠᠳ
ᠰᠠᠶ᠋ᠢᠬᠠᠨ
ᠬᠠᠳᠤᠭᠰᠠᠨ ᠰᠢᠨᠡᠬᠡᠨ ᠣᠭᠣᠰᠣᠷ ᠨᠢ
ᠰᠠᠭᠠᠷᠠᠵᠤ ᠠᠯᠳᠠᠷᠠᠬᠤ ᠦᠭᠡᠢ
ᠰᠠᠯᠬᠢᠨ ᠳᠤ
ᠳᠡᠷᠪᠡᠬᠦ ᠦᠭᠡᠢ
ᠰᠠᠢᠨ ᠠᠴᠠ ᠰᠠᠢᠨ ᠤᠶᠠᠭᠠᠳ
ᠠᠭᠠᠭᠢᠮ᠎ᠠ
ᠬᠠᠯᠠᠭᠤᠨ ᠳᠤ ᠨᠠᠷᠠ ᠨᠡᠪᠲᠡᠷᠡᠬᠦ ᠦᠭᠡᠢ
ᠠᠭᠠᠳᠠᠷ
ᠪᠣᠷᠣᠭᠠᠨ ᠳᠤ ᠤᠰᠤ ᠨᠡᠪᠲᠡᠷᠡᠬᠦ ᠦᠭᠡᠢ
ᠠᠶᠤᠯᠲᠠᠢ ᠬᠦᠢᠲᠡᠨ ᠳᠤ ᠵᠢᠪᠠᠷ ᠨᠡᠪᠲᠡᠷᠡᠬᠦ ᠦᠭᠡᠢ
ᠠᠶᠠᠲᠠᠢ ᠰᠠᠢᠬᠠᠨ ᠪᠦᠷᠢᠶᠡᠰᠦ ᠲᠡᠢ ᠪᠣᠯᠵᠠᠢ᠃
ᠡᠷᠢᠶᠡᠨ
ᠳᠠᠪᠤᠤ ᠶᠢ ᠡᠪᠳᠡᠵᠦ ᠡᠰᠬᠡᠭᠡᠳ
ᠡᠪᠯᠡᠭᠦᠯᠵᠦ
ᠣᠶᠣᠭᠠᠳ ᠡᠮᠵᠢᠵᠦ ᠶᠠᠩᠵᠤᠯᠠᠭᠠᠳ
ᠡᠷᠢᠶᠡᠯᠡᠵᠦ ᠥᠯᠵᠡᠢᠯᠡᠭᠰᠡᠨ ᠬᠥᠰᠢᠭᠡ ᠪᠡᠨ
ᠡᠷᠭᠢᠨ ᠲᠣᠭᠣᠷᠢᠨ ᠳᠤ ᠨᠢ ᠲᠠᠲᠠᠵᠤ ᠲᠠᠭᠠᠷᠠᠭᠤᠯᠤᠭᠠᠳ
ᠲᠠᠩᠨᠠᠢᠯᠠᠵᠤ ᠰᠢᠷᠡᠭᠡ ᠳᠦ
ᠲᠠᠩᠭᠤᠳ
ᠴᠡᠩᠮᠡ ᠪᠡᠷ ᠡᠮᠵᠢᠭᠰᠡᠨ
ᠲᠠᠪᠤ
ᠵᠢᠷᠭᠤᠭᠠᠨ ᠳᠡᠪᠢᠰᠬᠡᠷ ᠢᠶᠡᠨ
ᠲᠠᠯ᠎ᠠ
ᠪᠦᠷᠢ ᠡᠴᠡ ᠨᠢ ᠠᠭᠤᠯᠵᠠᠭᠤᠯᠵᠤ ᠳᠡᠪᠢᠰᠦᠭᠡᠳ
ᠥᠩᠭᠡᠯᠡᠭᠰᠡᠨ
ᠴᠠᠭᠠᠨ ᠣᠷᠣᠨ ᠨᠤᠭᠤᠳ
ᠥᠳᠦᠨ
ᠵᠤᠵᠠᠭᠠᠨ ᠳᠡᠷᠡᠨ ᠨᠦᠭᠦᠳ
ᠨᠡᠬᠡᠮᠡᠯ ᠰᠠᠢᠬᠠᠨ ᠪᠦᠲᠡᠭᠡᠯᠭᠡ ᠨᠦᠭᠦᠳ
ᠤᠷᠳᠤᠭᠤᠷ ᠨᠢ
ᠲᠠᠲᠠᠭᠰᠠᠨ ᠬᠥᠰᠢᠭᠡᠨ ᠨᠦᠭᠦᠳ
ᠤᠭᠢᠶᠠᠵᠤ
ᠢᠩᠳᠡᠦᠳᠡᠭᠰᠡᠨ ᠳᠠᠪᠤᠤᠨ ᠨᠤᠭᠤᠳ
ᠲᠣᠷᠭ᠎ᠠ
ᠮᠠᠩᠨᠤᠭ ᠬᠥᠨᠵᠢᠯᠡ ᠨᠦᠭᠦᠳ
ᠲᠣᠯᠣᠭᠠᠢ ᠪᠣᠭᠣᠳᠠᠭ
ᠠᠯᠴᠢᠭᠤᠷ ᠤᠳ
ᠲᠣᠬᠢᠷᠠᠭᠤᠯᠵᠤ
ᠲᠠᠲᠠᠭᠰᠠᠨ ᠠᠷᠤᠪᠴᠢ ᠲᠠᠢ ᠶᠤᠮ ᠪᠠᠢᠨ᠎ᠠ᠃
ᠳᠣᠲᠣᠷᠯᠠᠵᠤ
ᠭᠠᠳᠠᠷᠯᠠᠭᠰᠠᠨ ᠥᠩᠭᠡᠴᠡᠨ ᠨᠦᠭᠦᠳ
ᠲᠣᠨᠣᠭ ᠶᠠᠩᠵᠤ
ᠲᠣᠪᠣᠷᠤᠤ ᠬᠠᠳᠠᠭᠠᠰᠤᠲᠠᠢ
ᠲᠣᠮᠣ ᠰᠠᠢᠬᠠᠨ ᠬᠦᠷᠢᠨ ᠠᠪᠳᠠᠷ᠎ᠠ ᠳᠡᠭᠡᠷ᠎ᠡ
ᠲᠣᠭᠲᠠᠭᠠᠵᠤ ᠪᠠᠢᠷᠢᠯᠠᠭᠤᠯᠤᠭᠰᠠᠨ ᠵᠦᠢᠯ ᠡᠴᠡ ᠴᠢᠨᠢ
ᠲᠣᠢᠮᠦ ᠲᠠᠢ
ᠭᠠᠭᠴᠠ ᠬᠣᠶᠠᠷ ᠢ ᠬᠡᠯᠡᠪᠡᠯ
ᠲᠣᠯᠣᠭᠠᠢ ᠨᠢᠭᠤᠷ ᠢᠶᠠᠨ ᠬᠠᠷᠠᠳᠠᠭ
ᠲᠣᠭᠣᠷᠢᠭᠤᠯᠵᠤ
ᠬᠤᠪᠴᠠᠰᠤ ᠪᠠᠨ ᠵᠠᠰᠠᠳᠠᠭ
ᠲᠣᠮᠣ ᠵᠢᠵᠢᠭ
ᠲᠣᠯᠢ ᠲᠠᠢ ᠶᠤᠮ ᠪᠠᠢᠨ᠎ᠠ᠃
ᠨᠠᠭᠠᠵᠤ
ᠬᠢᠭᠰᠡᠨ ᠨᠠᠷᠢᠯᠠᠵᠤ ᠤᠷᠠᠯᠠᠭᠰᠠᠨ ᠵᠢᠶᠠᠵᠠᠨ ᠳᠤ ᠨᠢ
ᠨᠠᠮ
ᠵᠠᠰᠠᠭ ᠤᠨ ᠤᠳᠤᠷᠢᠳᠤᠭᠴᠢᠳ
ᠨᠠᠢᠵᠠ ᠠᠨᠳᠠ
ᠨᠥᠬᠥᠳ ᠨᠢ
ᠠᠪᠤ᠂ ᠡᠵᠢ᠂
ᠠᠬ᠎ᠠ ᠳᠡᠭᠦᠦ ᠨᠢ
ᠠᠯᠠᠭ ᠬᠣᠩᠭᠣᠷ
ᠦᠷᠡᠰ ᠦᠨ ᠬᠢ ᠨᠢ ᠵᠢᠷᠤᠭ ᠬᠥᠷᠥᠭ ᠢ
ᠠᠯᠤᠰ
ᠡᠭᠦᠷᠢᠳᠡ ᠶᠢᠨ ᠳᠤᠷᠠᠰᠬᠠᠯ ᠪᠣᠯᠭᠠᠨ ᠬᠠᠳᠠᠭᠠᠯᠠᠭᠰᠠᠨ ᠶᠤᠮ ᠪᠠᠢᠨ᠎ᠠ᠃
ᠬᠦᠴᠦᠲᠦ ᠰᠠᠢᠨ ᠪᠥᠬᠡ
ᠡᠷᠢᠶᠡᠨ ᠪᠤᠯᠴᠢᠩ ᠢ ᠪᠠᠨ ᠡᠷᠢᠭᠰᠡᠨ
ᠡᠷᠡᠬᠡᠢ ᠬᠤᠷᠤᠭᠤ ᠶᠢ ᠪᠠᠨ ᠴᠢᠮᠴᠢᠷᠡᠭᠦᠯᠦᠭᠰᠡᠨ
ᠬᠠᠷᠠᠭᠰᠠᠨ ᠢᠶᠠᠨ ᠠᠨᠳᠠᠳᠠᠭ ᠦᠭᠡᠢ
ᠬᠠᠷᠪᠤᠭᠰᠠᠨ ᠢᠶᠠᠨ ᠠᠯᠳᠠᠳᠠᠭ ᠦᠭᠡᠢ
ᠬᠠᠪᠤᠲᠠᠢ ᠮᠡᠷᠭᠡᠨ ᠬᠠᠷᠪᠤᠭᠠᠴᠢ ᠶᠢᠨ ᠵᠢᠷᠤᠭ ᠢ
ᠬᠠᠳᠠᠭᠠᠯᠠᠵᠤ ᠳᠤᠷᠠᠰᠴᠤ ᠶᠠᠪᠤᠳᠠᠭ ᠶᠤᠮ ᠪᠠᠢᠨ᠎ᠠ᠃
ᠠᠭᠤᠵᠢᠮ ᠵᠠᠢᠲᠠᠢ ᠱᠦᠭᠦᠢ ᠨᠦᠭᠦᠳ
ᠤᠭᠰᠠᠷᠠᠵᠤ ᠲᠠᠯᠪᠢᠭᠰᠠᠨ ᠴᠧᠮᠣᠳᠠᠨ ᠨᠤᠭᠤᠳ
ᠤᠩᠰᠢᠳᠠᠭ ᠨᠣᠮ ᠤᠨ ᠰᠠᠩ ᠳᠤ ᠨᠢ
ᠣᠯᠠᠨ ᠮᠡᠷᠭᠡᠵᠢᠯ ᠦᠨ ᠨᠣᠮ
ᠣᠷᠴᠢᠨ ᠦᠶ᠎ᠡ ᠶᠢᠨ ᠵᠣᠬᠢᠶᠠᠯ ᠤᠳ
ᠷᠣᠮᠠᠨ᠂ ᠲᠤᠭᠤᠵᠢ᠂ ᠵᠦᠵᠦᠭᠡ ᠨᠦᠭᠦᠳ
ᠥᠪᠡᠷ ᠢᠶᠡᠨ ᠰᠤᠷᠤᠯᠴᠠᠬᠤ ᠪᠢᠴᠢᠭ
ᠡᠳᠦᠷ ᠲᠤᠲᠤᠮ ᠤᠨ ᠬᠡᠪᠯᠡᠯ ᠦᠳ
ᠮᠠᠨ ᠤ ᠨᠠᠮ ᠤᠨ ᠲᠡᠦᠬᠡ
ᠮᠠᠷᠺᠰ ᠯᠧᠨᠢᠨ ᠦ ᠰᠤᠷᠭᠠᠯ
ᠳᠤᠬᠠᠢᠯᠠᠭᠰᠠᠨ ᠲᠡᠦᠬᠡ ᠨᠠᠮᠲᠠᠷ
ᠲᠤᠰᠬᠠᠢ ᠮᠡᠷᠭᠡᠵᠢᠯ ᠦᠨ ᠬᠢᠴᠢᠶᠡᠯ
ᠪᠠᠭᠤᠤ ᠶᠢᠨ ᠴᠠᠭ᠂ ᠪᠢᠴᠢᠭ ᠦᠨ ᠴᠠᠭᠠᠰᠤ
ᠪᠢᠷ ᠬᠠᠷᠠᠨᠳᠠ
ᠪᠡᠬᠢ ᠦᠵᠦᠭ
ᠥᠩᠭᠡ ᠶᠢᠨ ᠪᠤᠳᠤᠭ
ᠡᠪᠦᠷ ᠦᠨ ᠳᠡᠪᠲᠡᠷ
ᠬᠡᠦᠬᠡᠳ ᠦᠨ ᠰᠤᠷᠬᠤ ᠪᠢᠴᠢᠭ
ᠬᠦᠰᠦᠨᠦᠭᠲᠦ ᠬᠡᠮᠵᠢᠭᠦᠷ ᠦᠨ ᠱᠤᠭᠤᠮ ᠬᠦᠷᠲᠡᠯ᠎ᠡ ᠪᠦᠷᠢᠨ
ᠠᠷᠠᠳᠴᠢᠯᠠᠭᠰᠠᠨ ᠣᠷᠣᠨ ᠨᠤᠭᠤᠳ ᠤᠨ ᠬᠥᠭᠵᠢᠯ
ᠠᠮᠵᠢᠯᠲᠠ ᠪᠦᠲᠦᠭᠡᠯ ᠦᠨ ᠴᠤᠤᠷᠢᠶ᠎ᠠ
ᠠᠵᠤ ᠦᠢᠯᠡᠳᠪᠦᠷᠢ ᠶᠢᠨ ᠮᠡᠳᠡᠭᠡ ᠰᠡᠯᠲᠡ ᠶᠢ
ᠠᠯᠭᠠᠰᠠᠯ ᠦᠭᠡᠢ ᠲᠠᠨᠢᠭᠤᠯᠵᠤ ᠪᠠᠢᠳᠠᠭ
ᠷᠠᠳᠢᠣ᠋ ᠬᠦᠯᠢᠶᠡᠨ ᠠᠪᠤᠭᠴᠢ ᠪᠠᠢᠨ᠎ᠠ᠃
ᠰᠢᠷᠡᠭᠡᠨ ᠦ ᠴᠠᠭ
ᠰᠢᠯᠢᠨ ᠠᠶᠠᠭ᠎ᠠ
ᠰᠢᠨ᠎ᠡ ᠣᠨ ᠤ ᠬᠤᠸᠠᠩᠯᠢ
ᠱᠠᠭᠠᠵᠠᠩ ᠵᠠᠪᠢᠶ᠎ᠠ
ᠰᠢᠲᠠᠷ᠎ᠠ ᠳᠠᠭᠠᠮ
ᠱᠠᠭ᠎ᠠ ᠶᠢᠨ ᠬᠡᠷᠡᠭᠯᠡᠯ
ᠬᠡᠦᠬᠡᠨ ᠨᠦᠭᠦᠳ ᠦᠨ ᠡᠳ᠋ᠯᠡᠯ
ᠬᠡᠦᠬᠡᠳ ᠦᠨ ᠲᠣᠭᠯᠠᠭᠠᠮ ᠠᠴᠠ
ᠬᠣᠶᠠᠷ ᠨᠢᠭᠡᠬᠡᠨ ᠢ ᠬᠡᠯᠡᠪᠡᠯ᠄
ᠬᠤᠷᠤᠭᠤᠨ ᠤ ᠪᠥᠭᠡᠵᠢ᠂ ᠬᠢᠮᠤᠰᠤᠨ ᠤ ᠬᠢᠲᠤᠭ᠎ᠠ
ᠬᠤᠪᠠᠨᠴᠠᠷ ᠲᠣᠭᠯᠠᠭᠠᠮ
ᠡᠩᠭᠡᠷ ᠦᠨ ᠵᠡᠭᠦᠦ᠂ ᠷᠧᠽᠢᠨ ᠲᠣᠭᠯᠠᠭᠠᠮ
ᠵᠢᠪᠬᠡ ᠥᠯᠥᠭᠡᠢ᠂ ᠴᠢᠬᠢᠨ ᠦ ᠡᠭᠡᠮᠦᠭ
ᠴᠢᠬᠢᠮᠡᠯ ᠲᠣᠭᠯᠠᠭᠠᠮ᠂ ᠦᠰᠦᠨ ᠦ ᠬᠠᠪᠴᠢᠶᠠᠷᠢ
ᠦᠯᠢᠶᠡᠵᠦ ᠬᠡᠢᠯᠡᠳᠡᠭ ᠲᠣᠭᠯᠠᠭᠠᠮ
ᠦᠨᠡᠭᠡ ᠲᠠᠤᠯᠠᠢ ᠶᠢᠨ ᠬᠡᠦᠬᠡᠯᠳᠡᠢ
ᠱᠠᠭᠠᠵᠠᠩ ᠮᠣᠷᠢ᠂ ᠰᠢᠬᠠᠮᠠᠯ ᠲᠡᠮᠡᠭᠡ
ᠣᠢᠷ᠎ᠠ ᠵᠠᠭᠤᠷ᠎ᠠ ᠶᠢᠨ ᠵᠢᠵᠢᠭ ᠡᠳ᠋ᠯᠡᠯ
ᠣᠷᠴᠢᠨ ᠴᠠᠭ ᠤᠨ ᠣᠯᠠᠨ ᠲᠣᠭᠯᠠᠭᠠᠮ ᠪᠠᠢᠨ᠎ᠠ᠃
ᠲᠣᠮᠣ ᠵᠢᠵᠢᠭ ᠪᠡᠶᠡᠨ ᠳᠤ ᠪᠠᠨ
ᠲᠣᠬᠢᠷᠠᠭᠤᠯᠵᠤ ᠬᠢᠭᠰᠡᠨ ᠬᠤᠪᠴᠠᠰᠤ ᠶᠢᠨ ᠴᠢᠨᠢ
ᠲᠣᠢᠮᠦ ᠲᠠᠢ ᠬᠡᠳᠦ ᠶᠢ ᠬᠡᠯᠡᠶ᠎ᠡ᠃
ᠲᠣᠷᠭᠠᠨ ᠳᠡᠪᠡᠯ᠂ ᠳᠣᠲᠣᠭᠤᠷ ᠬᠤᠪᠴᠠᠰᠤ
ᠬᠠᠷ᠎ᠠ ᠴᠠᠭᠠᠨ ᠬᠤᠷᠠᠭᠠᠨ ᠳᠡᠪᠡᠯ
ᠬᠠᠪᠤᠷ ᠨᠠᠮᠤᠷ ᠤᠨ ᠡᠮᠦᠰᠬᠡᠯ
ᠬᠠᠲᠠᠭᠤ ᠤᠯᠠ ᠲᠠᠢ ᠾᠷᠣᠮ
ᠬᠠᠢᠮᠠᠷ ᠤᠯᠠ ᠲᠠᠢ ᠭᠤᠲᠤᠯ
ᠬᠠᠯᠵᠠᠨ ᠰᠠᠷᠢᠰᠤ ᠲᠠᠢ
ᠬᠠᠮᠠᠷ ᠪᠣᠭᠣᠨᠢ ᠲᠠᠢ ᠨᠠᠭᠠᠮᠠᠯ
ᠳᠤᠭᠤᠢ ᠮᠠᠯᠠᠭᠠᠢ. ᠳᠤᠷᠳᠤᠩ ᠪᠥᠰᠡ
ᠳᠤᠯᠠᠭᠠᠨ ᠬᠤᠪᠴᠠᠰᠤ ᠬᠥᠪᠥᠩ ᠲᠡᠢ ᠳᠡᠪᠡᠯ
ᠬᠥᠩᠭᠡᠨ ᠬᠤᠪᠴᠠᠰᠤ
ᠦᠨᠡᠲᠦ ᠳᠠᠪᠤᠤ᠂ ᠦᠢᠲᠡᠩᠬᠤ ᠪᠠᠷ ᠳᠡᠪᠡᠯ
ᠮᠢᠨᠢᠵᠢᠨ ᠮᠠᠯᠠᠭᠠᠢ᠂ ᠮᠢᠶᠡᠨᠴᠡᠦ ᠲᠡᠷᠯᠢᠭ
ᠢᠳᠡᠷ ᠭᠤᠷᠪᠠᠨ ᠶᠢᠰᠦ ᠶᠢᠨ
ᠢᠷᠮᠡᠭᠦᠨ ᠰᠦᠷᠡᠬᠡᠢ ᠬᠦᠢᠲᠡᠨ ᠳᠤ
ᠡᠳ᠋ᠯᠡᠵᠦ ᠡᠮᠦᠰᠳᠡᠭ
ᠢᠰᠡᠭᠡᠢ ᠭᠤᠲᠤᠯ᠂ ᠡᠯᠪᠡᠩᠬᠦ ᠬᠦᠷᠮ᠎ᠡ
ᠦᠰᠦᠲᠡᠢ ᠳᠡᠪᠡᠯ᠂ ᠦᠨᠡᠭᠡᠨ ᠮᠠᠯᠠᠭᠠᠢ ᠬᠦᠷᠲᠡᠯ᠎ᠡ ᠪᠠᠢᠨ᠎ᠠ᠃
ᠤᠷᠲᠤ ᠪᠣᠭᠣᠨᠢ ᠵᠡᠭᠦᠦ᠂ ᠨᠠᠷᠢᠨ ᠲᠤᠤᠱᠠ ᠤᠲᠠᠰᠤ
ᠨᠠᠨᠵᠢᠨ ᠵᠠᠯᠠᠭ᠎ᠠ᠂ ᠲᠡᠷᠭᠡ ᠲᠡᠢ ᠤᠲᠠᠰᠤ
ᠲᠡᠪᠡᠨᠡ ᠰᠢᠪᠡᠭᠦᠷ᠂ ᠲᠡᠮᠡᠭᠡᠨ ᠦ᠌ ᠤᠲᠠᠰᠤ
ᠲᠡᠮᠦᠷ ᠬᠤᠷᠤᠭᠤᠪᠴᠢ᠂ ᠲᠦᠳᠡᠬᠡᠨ ᠤᠲᠠᠰᠤ
ᠨᠡᠬᠡᠮᠡᠯ ᠦ᠋ᠨ ᠵᠡᠭᠦᠦ᠂ ᠨᠡᠢᠳᠬᠡᠭᠰᠡᠨ ᠤᠲᠠᠰᠤ
ᠪᠦᠳᠦᠭᠦᠨ ᠵᠡᠭᠦᠦ᠂ ᠪᠥᠭᠡᠷᠡᠩᠬᠡᠢ ᠤᠲᠠᠰᠤ
ᠣᠨᠴᠢ ᠦᠭᠡᠢ ᠨᠡᠢᠳᠬᠡᠭᠰᠡᠨ ᠤᠲᠠᠰᠤ
ᠣᠭᠲᠣᠣᠷᠬᠠᠨ ᠦᠯᠡᠳᠡᠭᠰᠡᠨ ᠤᠴᠢᠭ
ᠬᠠᠪᠠᠭᠠᠰᠤᠨ ᠤ᠋ ᠵᠡᠭᠦᠦ᠂ ᠬᠠᠭᠠᠰ ᠨᠣᠭᠠᠯ ᠤ᠋ᠨ ᠤᠲᠠᠰᠤ
ᠰᠢᠭᠯᠠᠭᠠᠰᠤᠨ ᠤ᠋ ᠵᠡᠭᠦᠦ
ᠰᠢᠨᠳᠠᠰᠤ ᠰᠢᠷᠪᠥᠰᠥ ᠬᠦᠷᠲᠡᠯ᠎ᠡ ᠪᠠᠢᠳᠠᠭ ᠶᠤᠮ ᠪᠠᠢᠨ᠎ᠠ᠃
ᠭᠤᠸ᠎ᠠ ᠰᠠᠢᠬᠠᠨ ᠤ᠋ ᠬᠡᠷᠡᠭᠯᠡᠯ ᠡᠴᠡ
ᠭᠣᠣᠯ ᠵᠦᠢᠯ ᠢ᠋ ᠬᠡᠯᠡᠪᠡᠯ᠄
ᠦᠰᠦᠨ ᠦ᠌ ᠲᠣᠰᠣ᠂ ᠦᠨᠦᠷ ᠲᠡᠢ ᠤᠰᠤ
ᠨᠢᠭᠤᠷ ᠦ᠋ᠨ ᠦ᠌ ᠲᠤᠰ᠂ ᠨᠢᠳᠦᠨ ᠦ᠌ ᠰᠢᠯ᠂
ᠰᠠᠪᠤᠩ᠂ ᠠ᠋᠂ ᠰᠢᠳᠦᠨ ᠦ᠌ ᠱᠤᠸᠠᠵᠠ
ᠰᠠᠬᠠᠯ ᠤ᠋ᠨ ᠮᠠᠰᠢᠨ
ᠠᠢᠯ ᠪᠣᠯᠭᠠᠨ ᠳ᠋ᠤ᠌ ᠪᠠᠢᠳᠠᠭ
ᠠᠶᠠᠭ᠎ᠠ ᠰᠢᠨᠠᠭᠠᠨ ᠤ᠋ ᠠᠯᠴᠢᠭᠤᠷ
ᠠᠷᠢᠭᠤᠨ ᠴᠡᠪᠡᠷ ᠦ᠋ᠨ ᠬᠡᠷᠡᠭᠯᠡᠯ ᠪᠦᠷᠢᠨ ᠪᠠᠢᠨ᠎ᠠ᠃
ᠣᠶᠣᠳᠠᠯ ᠤ᠋ᠨ ᠮᠠᠰᠢᠨ
ᠰᠲᠠᠯᠠ ᠰᠢᠷᠭᠤᠤᠯᠭᠠ
ᠢᠵᠢᠯ ᠴᠡᠪᠡᠷᠬᠡᠨ ᠰᠠᠨᠳᠠᠯᠢ ᠨᠤᠭᠤᠳ
ᠡᠪᠬᠡᠳᠡᠭ ᠴᠠᠭᠠᠨ ᠣᠷᠣ
ᠢᠳᠡᠰᠢ ᠤᠤᠭᠤᠰᠢ ᠬᠠᠳᠠᠭᠠᠯᠠᠳᠠᠭ
ᠡᠷᠭᠢᠨᠡᠭ ᠱᠦᠭᠦᠢ ᠬᠦᠷᠲᠡᠯ᠎ᠡ ᠪᠠᠢᠨ᠎ᠠ᠃
ᠰᠢᠶᠠᠨ ᠲᠦᠮᠫᠡᠨ. ᠰᠠᠨᠵᠢ ᠲᠠᠢ ᠰᠠᠪᠠ
ᠴᠠᠭᠠᠨ ᠳᠠᠩᠬᠤ᠂ ᠴᠠᠢᠨ ᠤ᠋ ᠳᠣᠩᠪᠣ
ᠬᠠᠢᠴᠢ ᠰᠢᠯᠡᠭᠡᠪᠦᠷ
ᠬᠠᠯᠠᠭᠤᠨ ᠰᠠᠪᠠ. ᠬᠠᠯᠪᠠᠭ᠎ᠠ ᠰᠡᠷᠡᠭᠡ
ᠱᠠᠭᠠᠵᠠᠩ ᠠᠶᠠᠭ᠎ᠠ᠂ ᠰᠢᠨᠠᠭ᠎ᠠ ᠬᠠᠯᠪᠠᠭ᠎ᠠ
ᠭᠤᠯᠢᠷ ᠤ᠋ᠨ ᠭᠠᠮᠫᠠᠨᠵᠠ᠂ ᠭᠤᠯᠤᠤᠵᠠ᠂ ᠵᠠᠭᠠᠵᠤᠤᠷ
ᠤᠬᠢᠶᠠᠭᠤᠷ ᠮᠠᠰᠢᠨ᠂ ᠤᠰᠤᠨ ᠤ᠋ ᠯᠠᠵᠠ
ᠤᠭᠠᠭᠤᠷ ᠤ᠋ᠨ ᠰᠠᠪᠠ
ᠲᠣᠭᠣᠭᠠᠨ ᠤ᠋ ᠬᠠᠪᠬᠠᠭ
ᠲᠣᠮᠣ ᠵᠢᠵᠢᠭ ᠬᠤᠪᠢᠩ
ᠲᠣᠭᠣᠰᠣ ᠰᠤᠷᠤᠭᠴᠢ ᠮᠠᠰᠢᠨ
ᠲᠤᠭ ᠢ᠋ᠶ᠋ᠠᠷ ᠬᠠᠯᠠᠳᠠᠭ ᠵᠢᠩᠨᠡᠭᠦᠷ
ᠲᠣᠭᠠᠴᠠᠭᠠᠨ ᠤ᠋ ᠲᠣᠭᠠᠯᠠᠭᠤᠷ ᠬᠦᠷᠳᠦ
ᠭᠠᠯ ᠤ᠋ᠨ ᠬᠠᠢᠴᠢ᠂ ᠭᠠᠷ ᠴᠢᠳᠧᠩ
ᠵᠤᠤᠬ᠎ᠠ ᠰᠣᠷᠣᠭᠤᠯ᠂ ᠵᠢᠷᠤᠬᠤ ᠴᠦᠢᠳᠡᠩ ᠬᠦᠷᠲᠡᠯ᠎ᠡ ᠪᠠᠢᠨ᠎ᠠ᠃
ᠡᠬᠡ ᠶ᠋ᠢᠨ ᠠᠯᠳᠠᠷᠣᠳᠣᠩ ᠢ᠋
ᠡᠩᠭᠡᠷ ᠳᠡᠭᠡᠷ᠎ᠡ ᠪᠡᠨ ᠭᠢᠯᠠᠯᠵᠠᠭᠤᠯᠤᠭᠰᠠᠨ
ᠡᠭᠡᠴᠢ ᠳᠡᠭᠦᠦ ᠨᠠᠷ ᠮᠠᠨᠢ
ᠡᠷᠬᠢᠮ ᠵᠣᠴᠢᠯᠠᠮᠠᠲᠠᠭᠠᠢ ᠵᠠᠩᠰᠢᠯ ᠢ᠋ᠶ᠋ᠠᠷ ᠢ᠋ᠶ᠋ᠠᠨ
ᠭᠠᠳᠠᠭᠰᠢ ᠲᠠᠲᠠᠭᠰᠠᠨ ᠶᠠᠨᠳᠠᠩ ᠲᠠᠢ
ᠭᠠᠯ ᠰᠠᠢᠲᠠᠢ ᠵᠤᠤᠬᠠᠨ ᠳᠡᠭᠡᠷ᠎ᠡ
ᠲᠦᠮᠪᠦᠭᠦᠷ ᠲᠣᠭᠣᠭ᠎ᠠ ᠶ᠋ᠢ ᠪᠡᠨ ᠲᠠᠯᠪᠢᠵᠤ
ᠲᠦᠳᠡᠬᠡᠨ ᠭᠠᠯ ᠢ᠋ᠶ᠋ᠠᠨ ᠪᠠᠳᠠᠷᠠᠭᠤᠵᠤ
ᠠᠯᠠᠭ ᠡᠷᠢᠶᠡᠨ ᠪᠦᠲᠡᠭᠡᠯᠭᠡ ᠲᠡᠢ
ᠠᠮᠠ ᠳᠥᠷᠪᠡᠯᠵᠢᠨ ᠬᠡᠯᠪᠡᠷᠢ ᠲᠡᠢ
ᠠᠶᠠᠭ᠎ᠠ ᠱᠠᠭᠠᠵᠠᠩ ᠤ᠋ᠨ ᠰᠢᠷᠡᠭᠡᠨ ᠳᠡᠭᠡᠷ᠎ᠡ
ᠠᠪᠴᠢᠷᠠᠵᠤ ᠲᠠᠯᠪᠢᠭᠰᠠᠨ ᠵᠦᠢᠯ ᠢ᠋ ᠬᠡᠯᠡᠪᠡᠯ᠄
ᠲᠠᠪᠤᠨ ᠲᠠᠩᠰᠤᠭ ᠪᠦᠷᠢᠳᠦᠭᠰᠡᠨ ᠴᠠᠢ
ᠲᠠᠪᠠᠭ ᠳᠦᠭᠦᠷᠡᠩ ᠢᠳᠡᠭᠡ
ᠲᠠᠯᠬ᠎ᠠ᠂ ᠲᠣᠰᠣ᠂ ᠰᠢᠬᠢᠷ
ᠬᠡᠪᠯᠡᠵᠦ ᠬᠢᠭᠰᠡᠨ ᠪᠣᠣᠪᠣ
ᠬᠡᠷᠴᠢᠵᠦ ᠬᠢᠭᠰᠡᠨ ᠪᠣᠭᠣᠷᠰᠣᠭ
ᠬᠠᠢᠯᠠᠵᠤ ᠨᠠᠢᠷᠠᠭᠤᠯᠤᠭᠰᠠᠨ ᠲᠤᠰ
ᠬᠠᠨᠳᠠᠯᠠᠵᠤ ᠪᠤᠴᠠᠯᠭᠠᠭᠰᠠᠨ ᠡᠭᠡᠵᠡᠭᠡᠢ
ᠬᠠᠲᠠᠭᠠᠵᠤ ᠲᠠᠯᠪᠢᠭᠰᠠᠨ ᠠᠭᠠᠷᠤᠤᠯ
ᠡᠪᠯᠡᠭᠦᠯᠵᠦ ᠰᠢᠬᠠᠭᠰᠠᠨ ᠪᠢᠰᠢᠯᠠᠭ
ᠢᠷᠭᠡᠨ ᠬᠣᠨᠢᠨ ᠤ᠋ ᠰᠢᠭᠦᠰᠦ
ᠢᠳᠡᠬᠦ ᠳ᠋ᠦ᠍ ᠠᠮᠲᠠᠯᠢᠭ
ᠢᠳᠡᠭᠡᠨ ᠦ᠌ ᠴᠢᠮᠡᠭ ᠲᠡᠢ
ᠥᠷᠥᠮ᠎ᠡ ᠲᠣᠰᠣ ᠲᠡᠷᠢᠭᠦᠲᠡᠨ ᠢ᠋ᠶ᠋ᠡᠷ
ᠥᠩᠭᠡᠯᠡᠵᠦ ᠴᠢᠮᠡᠭᠰᠡᠨ ᠶᠦ᠍ᠮ ᠪᠠᠢᠨ᠎ᠠ᠃
ᠠᠢᠷᠠᠭ ᠲᠠᠷᠠᠭ
ᠠᠷᠢᠬᠢ ᠰᠠᠷᠬᠤᠳ
ᠠᠮᠲᠠᠲᠤ ᠵᠢᠮᠢᠰ
ᠠᠯᠢ ᠰᠠᠢᠬᠠᠨ ᠵᠦᠢᠯ ᠢ᠋ᠶ᠋ᠡᠨ
ᠠᠷᠪᠢᠨ ᠶᠡᠬᠡ ᠪᠡᠷ ᠪᠡᠯᠡᠳᠬᠡᠵᠦ
ᠣᠯᠣᠰᠣ ᠣᠯᠠᠨ ᠢ᠋ ᠪᠡᠨ
ᠤᠷᠢᠨ ᠵᠣᠴᠢᠯᠠᠵᠤ
ᠤᠤᠭᠤᠯᠭᠠᠵᠤ ᠢᠳᠡᠭᠦᠯᠵᠦ ᠪᠠᠢᠭ᠎ᠠ ᠨᠢ
ᠲᠡᠳᠡ ᠪᠦᠬᠦᠨ ᠦ᠌ ᠠᠮᠢᠳᠤᠷᠠᠯ ᠳ᠋ᠤ᠌
ᠲᠡᠮᠳᠡᠭᠯᠡᠯᠳᠦ ᠡᠳᠦᠷ ᠪᠣᠯᠵᠤ ᠪᠠᠢᠭ᠎ᠠ ᠪᠢᠵᠡ ᠠ᠋᠃
ᠥᠷᠭᠥᠭᠡ ᠭᠡᠷ ᠢ᠋ᠶ᠋ᠡᠷ ᠢ᠋ᠶ᠋ᠡᠨ ᠲᠣᠬᠢᠯᠢᠭ
ᠡᠮᠦᠰᠴᠦ ᠡᠳ᠋ᠯᠡᠬᠦ ᠪᠡᠷ ᠢ᠋ᠶ᠋ᠡᠨ ᠪᠠᠶᠠᠯᠢᠭ
ᠥᠭᠭᠢᠶᠡᠮᠦᠷ ᠰᠠᠢᠬᠠᠨ ᠠᠮᠢᠳᠤᠷᠠᠯ ᠲᠠᠢ
ᠥᠨᠢᠳᠡ ᠮᠥᠩᠬᠡ ᠮᠠᠨᠳᠤᠵᠤ ᠶᠠᠪᠤᠬᠤ ᠶ᠋ᠢᠨ
ᠥᠯᠵᠡᠢᠲᠦ ᠢᠷᠦᠭᠡᠯ ᠢ᠋ ᠳᠡᠪᠰᠢᠭᠦᠯᠦᠶ᠎ᠡ᠃
