ᠡᠪᠦᠭᠡ ᠯᠢ ᠰᠧ ᠭᠤᠸᠠᠩ ᠦ᠋ᠨ ᠪᠠᠭ᠎ᠠ ᠨᠠᠰᠤ ( ᠬᠡᠯᠡ ᠪᠢᠴᠢᠭ – ᠶᠢᠰᠦᠳᠦᠭᠡᠷ ᠳᠡᠪᠲᠡᠷ) Өвөө ли се гуангийн бага нас( Хэл бичиг – Есдүгээр дэвтэр)
ᠡᠪᠦᠭᠡ ᠯᠢ ᠰᠧ ᠭᠤᠸᠠᠩ ᠦ᠋ᠨ ᠪᠠᠭ᠎ᠠ ᠨᠠᠰᠤ
ᠡᠪᠦᠭᠡ ᠯᠢ ᠰᠧ ᠭᠤᠸᠠᠩ ᠪᠣᠯ ᠮᠠᠨ ᠤ᠋ ᠤᠯᠤᠰ ᠤ᠋ᠨ ᠭᠠᠵᠠᠷ ᠰᠢᠨᠵᠢᠯᠡᠭᠡᠨ ᠦ᠌ ᠰᠢᠨᠵᠢᠯᠡᠬᠦ ᠤᠬᠠᠭᠠᠨ ᠤ᠋ ᠰᠢᠯᠭᠠᠷᠠᠭᠰᠠᠨ ᠡᠷᠳᠡᠮᠲᠡᠨ ᠶᠦ᠍ᠮ ᠃
ᠭᠡᠪᠡᠴᠦ ᠡᠬᠡ ᠣᠷᠣᠨ ᠤ᠋ ᠥᠷᠨᠢᠯ ᠬᠥᠭᠵᠢᠯ ᠪᠠ ᠰᠢᠨ᠎ᠡ ᠳᠤᠮᠳᠠᠳᠤ ᠤᠯᠤᠰ ᠤ᠋ᠨ ᠪᠠᠭᠠᠴᠤᠳ ᠲᠠ ᠨᠠᠷ ᠤ᠋ᠨ ᠵᠣᠯ ᠵᠢᠷᠭᠠᠯ ᠤ᠋ᠨ ᠲᠥᠯᠥᠭᠡ ᠭᠠᠵᠠᠷ ᠳᠡᠯᠡᠬᠡᠢ ᠶ᠋ᠢ ᠡᠷᠬᠡᠰᠢᠶᠡᠯ ᠳ᠋ᠡᠭᠡᠨ ᠣᠷᠣᠭᠤᠯᠬᠤ ᠪᠠᠷ ᠨᠠᠰᠤ ᠪᠠᠷ ᠢ᠋ᠶ᠋ᠠᠨ ᠲᠡᠮᠡᠴᠡᠭᠰᠡᠨ ᠯᠢ ᠰᠧ ᠭᠤᠸᠠᠩ ᠡᠪᠦᠭᠡ ᠶ᠋ᠢᠨ ᠪᠠᠭ᠎ᠠ ᠨᠠᠰᠤ ᠪᠣᠯ ᠵᠣᠯ ᠵᠢᠷᠭᠠᠯ ᠦᠭᠡᠢ ᠪᠠᠭ᠎ᠠ ᠨᠠᠰᠤ ᠶᠤᠮᠰᠠᠨ ᠃
ᠲᠡᠷᠡ ᠬᠠᠷᠠᠬᠠᠨ ᠪᠠᠭ᠎ᠠ ᠨᠠᠰᠤ ᠪᠠᠨ ᠢᠯᠵᠢᠷᠡᠨ ᠳᠣᠷᠣᠶ᠋ᠢᠲᠠᠭᠰᠠᠨ ᠴᠢᠩ ᠤᠯᠤᠰ ᠤ᠋ᠨ ᠨᠣᠶᠠᠷᠬᠠᠯ ᠤ᠋ᠨ ᠦᠶ᠎ᠡ ᠳ᠋ᠦ᠍ ᠥᠨᠭᠭᠡᠷᠡᠭᠦᠯᠦᠭᠰᠡᠨ ᠪᠢᠯᠡ ᠃
ᠯᠢ ᠰᠧ ᠭᠤᠸᠠᠩ ᠡᠪᠦᠭᠡ ᠂ 1889 ᠣᠨ ᠤ᠋ ᠠᠷᠪᠠᠳᠤᠭᠠᠷ ᠰᠠᠷ᠎ᠠ ᠶ᠋ᠢᠨ ᠬᠣᠷᠢᠨ ᠵᠢᠷᠭᠤᠭᠠᠨ ᠤ᠋ ᠡᠳᠦᠷ ᠂ ᠬᠤᠪᠧᠢ ᠮᠣᠵᠢ ᠶ᠋ᠢᠨ ᠬᠤᠸᠠᠩ ᠭᠠᠩ ᠰᠢᠶᠠᠨ ᠤ᠋ ᠾᠦᠢ ᠯᠦᠩ ᠱᠠᠨ ᠪᠠᠯᠭᠠᠰᠤ ᠭᠡᠰᠡᠨ ᠠᠭᠤᠯᠠᠨ ᠲᠣᠰᠬᠣᠨ ᠳ᠋ᠤ᠌ ᠮᠡᠨᠳᠦᠯᠡᠵᠡᠢ ᠃ ᠲᠡᠭᠦᠨ ᠦ᠌ ᠡᠪᠦᠭᠡ ᠡᠴᠢᠭᠡ ᠪᠣᠯᠤᠨ ᠡᠮᠡᠭᠡ ᠡᠬᠡ ᠨᠢ ᠪᠦᠷ ᠮᠣᠩᠭᠣᠯ ᠦᠨᠳᠦᠰᠦᠲᠡᠨ ᠪᠠᠶ᠋ᠢᠬᠰᠠᠨ ᠪᠥᠭᠡᠳ ᠲᠡᠷᠡ ᠦᠶ᠎ᠡ ᠳ᠋ᠦ᠍ ᠂ ᠭᠡᠷ ᠨᠢ ᠲᠤᠶ᠋ᠢᠯ ᠤ᠋ᠨ ᠶᠠᠳᠠᠭᠤ ᠂ ᠬᠦᠴᠢᠷ ᠵᠣᠪᠠᠯᠠᠩᠲᠠᠢ ᠠᠮᠢᠳᠤᠷᠠᠵᠤ ᠪᠠᠶ᠋ᠢᠵᠠᠢ ᠃ ᠡᠪᠦᠭᠡ ᠡᠴᠢᠭᠡ ᠨᠢ ᠠᠯᠢ ᠡᠷᠲᠡ ᠨᠠᠰᠤ ᠨᠥᠭᠴᠢᠭᠰᠡᠨ ᠪᠣᠯᠬᠣᠷ ᠡᠮᠡᠭᠡ ᠡᠬᠡ ᠨᠢ ᠠᠪᠤ ᠶ᠋ᠢ ᠨᠢ ᠳᠠᠭᠠᠭᠤᠯᠤᠨ ᠂ ᠪᠤᠳᠠᠭ᠎ᠠ ᠭᠤᠶᠤᠨ ᠲᠡᠨᠦᠭᠦᠴᠢᠯᠡᠭᠰᠡᠭᠡᠷ ᠬᠤᠪᠧᠢ ᠮᠣᠵᠢ ᠶ᠋ᠢᠨ ᠬᠤᠸᠠᠩ ᠭᠠᠩ ᠰᠢᠶᠠᠨ ᠤ᠋ ᠾᠦᠢ ᠯᠦᠩ ᠱᠠᠨ ᠳ᠋ᠤ᠌ ᠬᠦᠷᠦᠭᠡᠳ ᠡᠪᠳᠡᠷᠬᠡᠢ ᠰᠦᠮ᠎ᠡ ᠳ᠋ᠦ᠍ ᠨᠤᠲᠤᠭᠰᠢᠨ ᠰᠠᠭᠤᠪᠠ ᠃ ᠲᠡᠷᠡ ᠦᠶ᠎ᠡ ᠳ᠋ᠦ᠍ ᠮᠥᠨ ᠰᠢᠯᠭᠠᠭᠤᠯᠢ ᠶ᠋ᠢᠨ ᠳᠦᠷᠢᠮ ᠶᠠᠪᠤᠭᠤᠯᠵᠤ ᠪᠠᠶ᠋ᠢᠬᠰᠠᠨ ᠪᠣᠯᠬᠣᠷ ᠯᠢ ᠰᠧ ᠭᠤᠸᠠᠩ ᠤ᠋ᠨ ᠠᠪᠤ ᠨᠢ ᠡᠳᠦᠷ ᠲᠡᠭᠡᠨ ᠲᠦᠯᠡᠭᠡ ᠬᠠᠳᠤᠵᠤ ᠬᠤᠳᠠᠯᠳᠤᠨ ᠂ ᠦᠳᠡᠰᠢ ᠳ᠋ᠡᠭᠡᠨ ᠥᠪᠡᠷ ᠢ᠋ᠶ᠋ᠡᠨ ᠰᠤᠷᠤᠯᠴᠠᠭᠰᠠᠭᠠᠷ ᠬᠣᠵᠢᠮ ᠨᠢ ᠣᠶᠤᠲᠠᠨ ᠪᠣᠯᠵᠤ ᠂ ᠶᠡᠬᠡᠬᠡᠨ ᠰᠦᠮ᠎ᠡ ᠳ᠋ᠦ᠍ ᠬᠡᠳᠦᠨ ᠰᠤᠷᠤᠭᠴᠢ ᠡᠯᠰᠡᠭᠡᠳ ᠪᠢᠴᠢᠭ ᠵᠢᠭᠠᠵᠤ ᠪᠠᠶ᠋ᠢᠵᠠᠢ ᠃
ᠯᠢ ᠰᠧ ᠭᠤᠸᠠᠩ ᠤᠤᠯ ᠨᠢ ᠯᠢ ᠵᠦᠩ ᠺᠦᠢ ᠭᠡᠳᠡᠭ ᠪᠠᠶ᠋ᠢᠵᠠᠢ ᠃ ᠶᠠᠭᠠᠬᠢᠭᠠᠳ ᠯᠢ ᠰᠧ ᠭᠤᠸᠠᠩ ᠪᠣᠯᠴᠢᠬᠠᠪᠠ ᠳᠠ ? ᠭᠡᠪᠡᠯ ᠂ ᠪᠠᠰᠠ ᠨᠢᠭᠡ ᠦᠯᠢᠭᠡᠷ ᠲᠠᠢ ᠶᠤᠮ ᠰᠢᠦ ᠃
ᠵᠦᠩ ᠺᠦᠢ ᠲᠠᠪᠤ ᠂ ᠵᠢᠷᠭᠤᠭᠠᠨ ᠨᠠᠰᠤᠨ ᠠ᠋ᠴᠠ ᠪᠠᠨ ᠡᠬᠢᠯᠡᠭᠡᠳ ᠲᠦᠯᠡᠭᠡ ᠲᠦᠯᠡᠰᠢ ᠲᠡᠭᠦᠵᠦ ᠭᠡᠷ ᠲᠡᠭᠡᠨ ᠲᠤᠰᠠ ᠪᠣᠯᠳᠠᠭ ᠠᠵᠢ ᠃ ᠲᠡᠷᠡ ᠡᠳᠦᠷ ᠲᠡᠭᠡᠨ ᠪᠣᠯ ᠡᠬᠡ ᠪᠡᠨ ᠬᠠᠪᠰᠤᠷᠤᠨ ᠠᠵᠢᠯᠯᠠᠵᠤ ᠦᠳᠡᠰᠢ ᠨᠢ ᠠᠬ᠎ᠠ ᠨᠠᠷ ᠲᠠᠢ ᠪᠠᠨ ᠲᠣᠰᠣᠨ ᠳ᠋ᠧᠩ ᠦ᠋ᠨ ᠳᠣᠣᠷ᠎ᠠ ᠰᠠᠭᠤᠵᠤ ᠰᠤᠷᠤᠯᠴᠠᠳᠠᠭ ᠪᠠᠶ᠋ᠢᠪᠠ ᠃ ᠠᠷᠪᠠᠨ ᠬᠣᠶᠠᠷ ᠨᠠᠰᠤᠯᠠᠯ᠎ᠠ ᠃ ᠡᠵᠢ ᠨᠢ ᠬᠤᠷᠢᠮᠯᠠᠬᠤ ᠳ᠋ᠠᠭᠠᠨ ᠡᠮᠦᠰᠦᠭᠰᠡᠨ ᠨᠢᠭᠡ ᠵᠠᠬ᠎ᠠ ᠬᠤᠪᠴᠠᠰᠤ ᠪᠠᠷ ᠢ᠋ᠶ᠋ᠠᠨ ᠬᠦᠦ ᠳ᠋ᠡᠭᠡᠨ ᠬᠥᠪᠥᠩ ᠳᠡᠪᠡᠯ ᠬᠢᠵᠦ ᠡᠮᠦᠰᠬᠡᠨ ᠂ ᠵᠡᠷᠭᠡᠯᠡᠳᠡᠭᠡ ᠭᠡᠷ ᠡᠴᠡ ᠪᠡᠨ ᠵᠠᠮ ᠤ᠋ᠨ ᠵᠣᠭᠣᠰ ᠵᠢᠭᠡᠯᠡᠭᠡᠳ ᠂ ᠲᠡᠭᠦᠨ ᠊ᠢ ᠦᠴᠠᠩ ᠤ᠋ᠨ ᠳᠡᠭᠡᠳᠦ ᠵᠡᠷᠭᠡ ᠶ᠋ᠢᠨ ᠪᠠᠭ᠎ᠠ ᠰᠤᠷᠭᠠᠭᠤᠯᠢ ᠳ᠋ᠤ᠌ ᠰᠢᠯᠭᠠᠭᠤᠯᠪᠠ ᠃
ᠵᠦᠩ ᠺᠦᠢ ᠲᠡᠷᠢᠭᠦᠨ ᠳ᠋ᠦ᠍ ᠰᠢᠯᠭᠠᠭᠤᠯᠤᠭᠰᠠᠨ ᠪᠣᠯᠪᠠᠴᠤ ᠰᠢᠯᠭᠠᠯᠲᠠ ᠶ᠋ᠢ ᠬᠠᠮᠢᠶᠠᠷᠴᠤ ᠪᠠᠶ᠋ᠢᠬᠰᠠᠨ ᠪᠠᠭᠰᠢ ᠨᠠᠷ ᠨᠢ ᠲᠡᠭᠦᠨ ᠊ᠢ ᠶᠠᠳᠠᠭᠤ ᠬᠡᠦᠬᠡᠳ ᠭᠡᠵᠦ ᠰᠤᠷᠭᠠᠭᠤᠯᠢ ᠳ᠋ᠤ᠌ ᠠᠪᠬᠤ ᠳᠤᠷ᠎ᠠ ᠦᠭᠡᠢ ᠪᠠᠶ᠋ᠢᠪᠠ ᠃ ᠠᠵᠠ ᠪᠠᠷ ᠲᠡᠷᠡ ᠰᠤᠷᠭᠠᠭᠤᠯᠢ ᠶ᠋ᠢᠨ ᠨᠢᠭᠡ ᠪᠠᠭᠰᠢ ᠨᠢ ᠬᠠᠷᠢᠨ ᠵᠦᠩ ᠺᠦᠢ ᠶ᠋ᠢᠨ ᠠᠪᠤ ᠶ᠋ᠢᠨ ᠬᠢᠨᠢ ᠰᠤᠷᠤᠭᠴᠢ ᠪᠠᠶ᠋ᠢᠬᠰᠠᠨ ᠲᠤᠯᠠ ᠭᠣᠣᠯ ᠬᠠᠷᠢᠭᠤᠴᠠᠵᠤ ᠪᠠᠶ᠋ᠢᠬᠰᠠᠨ ᠪᠠᠭᠰᠢ ᠨᠠᠷ ᠲᠤ᠌ ᠄ 《 ᠵᠦᠩ ᠺᠦᠢ ᠪᠣᠯ ᠮᠢᠨᠦ ᠪᠠᠭᠰᠢ ᠶ᠋ᠢᠨ ᠬᠦᠦ ᠂ ᠰᠡᠴᠡᠨ ᠰᠡᠷᠭᠦᠯᠡᠩ ᠂ ᠰᠤᠷᠤᠯᠭ᠎ᠠ ᠳ᠋ᠠᠭᠠᠨ ᠴᠢᠷᠮᠠᠶ᠋ᠢᠯᠲᠠ ᠲᠠᠢ ᠬᠡᠦᠬᠡᠳ ᠶᠦ᠍ᠮ ᠂ ᠲᠡᠭᠦᠨ ᠊ᠢ ᠠᠪᠴᠢᠬ᠎ᠠ 》 ᠭᠡᠵᠦ ᠭᠤᠶᠤᠵᠠᠢ ᠃ ᠵᠦᠩ ᠺᠦᠢ ᠰᠤᠷᠭᠠᠭᠤᠯᠢ ᠳ᠋ᠤ᠌ ᠣᠷᠣᠪᠠ ᠃
ᠡᠨᠡ ᠰᠤᠷᠭᠠᠭᠤᠯᠢ ᠰᠤᠷᠤᠭᠴᠢ ᠠ᠋ᠴᠠ ᠰᠤᠷᠤᠯᠭ᠎ᠠ ᠶ᠋ᠢᠨ ᠰᠦᠢᠳᠬᠡᠯ ᠪᠠ ᠬᠣᠭᠣᠯᠠᠨ ᠤ᠋ ᠮᠥᠩᠭᠥ ᠠᠪᠳᠠᠭ ᠦᠭᠡᠢ ᠪᠥᠭᠡᠳ ᠰᠠᠷ᠎ᠠ ᠪᠦᠷᠢ ᠳᠣᠯᠣᠭᠠᠨ ᠯᠠᠩ ᠮᠥᠩᠭᠥ ᠥᠭᠳᠡᠭ ᠃ ᠦᠴᠠᠩ ᠤ᠋ᠨ ᠳᠡᠭᠡᠳᠦ ᠵᠡᠷᠭᠡ ᠶ᠋ᠢᠨ ᠪᠠᠭ᠎ᠠ ᠰᠤᠷᠭᠠᠭᠤᠯᠢ ᠰᠠᠷ᠎ᠠ ᠳ᠋ᠤ᠌ ᠨᠢᠭᠡ ᠤᠳᠠᠭ᠎ᠠ ᠰᠢᠯᠭᠠᠯᠲᠠ ᠬᠢᠵᠦ ᠂ ᠲᠦᠷᠦᠭᠦᠦ ᠲᠠᠪᠤᠨ ᠨᠡᠷ᠎ᠡ ᠳ᠋ᠦ᠍ ᠣᠷᠣᠭᠰᠠᠳ ᠊ᠢ ᠠᠩᠭ᠌ᠯᠢ ᠂ ᠠᠮᠧᠷᠢᠺᠠ ᠂ ᠹᠷᠠᠨᠼᠢ ᠂ ᠭᠧᠷᠮᠠᠨ ᠪᠤᠶᠤ ᠶᠠᠫᠣᠨ ᠤᠯᠤᠰ ᠲᠤ᠌ ᠬᠦᠷᠭᠡᠵᠦ ᠰᠤᠷᠤᠯᠴᠠᠭᠤᠯᠳᠠᠭ ᠪᠠᠶ᠋ᠢᠵᠠᠢ ᠃ ᠵᠦᠩ ᠺᠦᠢ ᠰᠤᠷᠭᠠᠭᠤᠯᠢ ᠳ᠋ᠤ᠌ ᠣᠷᠣᠭᠰᠠᠨ ᠤ᠋ ᠪᠠᠨ ᠳᠠᠷᠠᠭ᠎ᠠ ᠭᠤᠷᠪᠠᠨ ᠰᠠᠷ᠎ᠠ ᠳᠠᠷᠠᠭᠠᠯᠠᠨ ᠲᠡᠷᠢᠭᠦᠨ ᠨᠡᠷ᠎ᠡ ᠳ᠋ᠦ᠍ ᠣᠷᠣᠭᠰᠠᠨ ᠪᠣᠯᠪᠠᠴᠤ ᠰᠤᠷᠭᠠᠭᠤᠯᠢ ᠨᠢ ᠶᠠᠳᠠᠭᠤ ᠬᠡᠦᠬᠡᠳ ᠊ᠢ ᠲᠣᠭᠣᠬᠤ ᠦᠭᠡᠢ ᠪᠣᠯᠬᠣᠷ ᠲᠡᠭᠦᠨ ᠊ᠢ ᠮᠥᠨ ᠯᠡ ᠭᠠᠳᠠᠭᠠᠳᠤ ᠳ᠋ᠤ᠌ ᠬᠦᠷᠭᠡᠵᠦ ᠰᠤᠷᠤᠯᠴᠠᠭᠤᠯᠬᠤ ᠦᠭᠡᠢ ᠪᠠᠶ᠋ᠢᠪᠠ ᠃ ᠲᠡᠭᠦᠨ ᠦ᠌ ᠠᠭᠤᠷ ᠨᠢ ᠬᠦᠷᠴᠦ ᠣᠷᠭᠣᠴᠢᠬᠠᠪᠠ ᠃ ᠭᠡᠪᠡᠴᠦ ᠰᠤᠷᠭᠠᠭᠤᠯᠢ ᠨᠢ ᠲᠡᠭᠦᠨ ᠊ᠢ ᠪᠠᠷᠢᠵᠤ ᠠᠪᠴᠢᠷᠠᠭᠠᠳ ᠂ ᠭᠤᠷᠪᠠᠨ ᠰᠠᠷ᠎ᠠ ᠶ᠋ᠢᠨ ᠰᠤᠷᠤᠯᠭ᠎ᠠ ᠶ᠋ᠢᠨ ᠰᠦᠢᠳᠬᠡᠯ ᠂ ᠬᠣᠭᠣᠯᠠᠨ ᠤ᠋ ᠰᠦᠢᠳᠬᠡᠯ ᠪᠠ ᠬᠣᠷᠢᠨ ᠨᠢᠭᠡᠨ ᠯᠠᠩ ᠨᠥᠬᠥᠪᠥᠷᠢ ᠮᠥᠩᠭᠥ ᠲᠥᠯᠥᠭᠦᠯᠬᠦ ᠭᠡᠪᠡ ᠃ ᠲᠡᠷᠡ ᠶᠠᠮᠠᠷ ᠵᠣᠭᠣᠰ ᠢ᠋ᠶ᠋ᠠᠷ ᠢ᠋ᠶ᠋ᠠᠨ ᠲᠥᠯᠥᠬᠦ ᠪᠢᠯᠡ ? ᠢᠩᠭᠢᠭᠡᠳ ᠭᠤᠷᠪᠠᠨ ᠰᠠᠷ᠎ᠠ ᠳᠠᠷᠠᠭᠠᠯᠠᠨ ᠪᠦᠷ ᠲᠡᠷᠢᠭᠦᠨ ᠨᠡᠷ᠎ᠡ ᠳ᠋ᠦ᠍ ᠰᠢᠯᠭᠠᠭᠤᠯᠤᠭᠰᠠᠨ ᠪᠠᠶ᠋ᠢᠲᠠᠯ᠎ᠠ ᠶᠠᠭᠤᠨ ᠳ᠋ᠤ᠌ ᠭᠠᠳᠠᠭᠠᠳᠤ ᠳ᠋ᠤ᠌ ᠬᠦᠷᠭᠡᠵᠦ ᠰᠤᠷᠤᠯᠴᠠᠭᠤᠯᠬᠤ ᠦᠭᠡᠢ ᠪᠣᠢ ? ᠭᠡᠵᠦ ᠰᠤᠷᠭᠠᠭᠤᠯᠢ ᠠ᠋ᠴᠠ ᠪᠠᠨ ᠲᠤᠯᠭᠠᠨ ᠠᠰᠠᠭᠤᠪᠠ ᠃ ᠰᠤᠷᠭᠠᠭᠤᠯᠢ ᠨᠢ ᠶᠣᠰᠣ ᠦᠭᠡᠢ ᠪᠣᠯᠪᠠᠴᠤ ᠡᠷᠬᠡ ᠪᠡᠷ ᠢ᠋ᠶ᠋ᠡᠨ ᠳᠠᠷᠤᠵᠤ ᠪᠠᠶ᠋ᠢᠭᠠᠳ ᠲᠡᠭᠦᠨ ᠊ᠢ ᠳᠠᠬᠢᠨ ᠢᠯᠡᠭᠦᠦ ᠨᠢᠭᠡ ᠵᠢᠯ ᠰᠤᠷᠤᠯᠴᠠᠭᠤᠯᠤᠭᠠᠳ ᠶᠠᠫᠣᠨ ᠳ᠋ᠤ᠌ ᠬᠦᠷᠭᠡᠵᠡᠢ ᠃
ᠵᠦᠩ ᠺᠦᠢ ᠤᠯᠤᠰ ᠠ᠋ᠴᠠ ᠭᠠᠷᠴᠤ ᠶᠠᠫᠣᠨ ᠳ᠋ᠤ᠌ ᠣᠴᠢᠬᠤ ᠪᠠᠲᠤᠯᠠᠪᠤᠷᠢ ᠶ᠋ᠢᠨ ᠬᠦᠰᠦᠨᠦᠭ ᠲᠠᠭᠯᠠᠬᠤ ᠳ᠋ᠠᠭᠠᠨ ᠲᠡᠷᠡ ᠂ ᠨᠡᠷ᠎ᠡ ᠪᠢᠴᠢᠳᠡᠭ ᠭᠠᠵᠠᠷ ᠨᠢ ᠨᠠᠰᠤ ᠪᠠᠨ ᠪᠢᠴᠢᠴᠢᠬᠡᠵᠡᠢ ᠃ ᠲᠡᠷᠡ ᠦᠶ᠎ᠡ ᠳ᠋ᠦ᠍ ᠡᠶ᠋ᠢᠮᠦ ᠨᠢᠭᠡ ᠬᠦᠰᠦᠨᠦᠭ ᠊ᠢ ᠠᠪᠬᠤ ᠳ᠋ᠤ᠌ ᠴᠤ᠌ ᠵᠣᠭᠣᠰ ᠣᠷᠣᠳᠠᠭ ᠶᠤᠮ ᠃ ᠲᠡᠷᠡ ᠳᠠᠬᠢᠵᠤ ᠠᠪᠬᠤ ᠵᠣᠭᠣᠰ ᠦᠭᠡᠢ ᠳ᠋ᠡᠭᠡᠨ ᠠᠷᠭ᠎ᠠ ᠪᠤᠰᠤ ᠠᠷᠪᠠᠨ ᠳᠥᠷᠪᠡ ᠭᠡᠵᠦ ᠪᠢᠴᠢᠭᠰᠡᠨ ᠦᠰᠦᠭ ᠊ᠢ ᠨᠢ ᠯᠢ ᠭᠡᠵᠦ ᠵᠠᠰᠠᠭᠰᠠᠨ ᠴᠢᠨᠢ ᠯᠢ ᠰᠧ ᠭᠡᠰᠡᠨ ᠪᠣᠯᠴᠢᠬᠠᠪᠠ ᠃ ᠭᠡᠪᠡᠴᠦ ᠤᠩᠰᠢᠭᠠᠳ ᠦᠵᠡᠬᠦᠯᠡᠷ 《 ᠯᠢ ᠰᠧ 》 ᠭᠡᠳᠡᠭ ᠨᠢ ᠳᠠᠩᠴᠢ ᠰᠣᠨᠣᠰᠪᠤᠷᠢ ᠦᠭᠡᠢ ᠪᠣᠯᠬᠣᠷ ᠳᠥᠷᠪᠡᠨ ᠵᠦᠭ ᠲᠦ᠍ ᠪᠦᠷ ᠭᠡᠭᠡᠨ ᠰᠠᠷᠠᠭᠤᠯ ᠭᠡᠪᠡᠯ ᠬᠠᠷᠢᠨ ᠨᠡᠯᠢᠶᠡᠳ ᠡᠪᠯᠢᠭ ᠮᠥᠷᠲᠡᠭᠡᠨ ᠤᠳᠬ᠎ᠠ ᠠᠭᠤᠯᠭ᠎ᠠ ᠲᠠᠢ ᠰᠢᠭ᠋ ᠰᠠᠨᠠᠭᠳᠠᠵᠤ ᠂ ᠠᠷᠤ ᠳ᠋ᠤᠨᠢ 《 ᠭᠤᠸᠠᠩ 》 ᠦᠰᠦᠭ ᠨᠡᠮᠡᠪᠡ ᠃ ᠡᠨᠡ ᠪᠣᠯ 《 ᠯᠢ ᠰᠧ ᠭᠤᠸᠠᠩ 》 ᠭᠡᠳᠡᠭ ᠨᠡᠷ᠎ᠡ ᠶ᠋ᠢᠨ ᠢᠷᠡᠯᠲᠡ ᠮᠥᠨ ᠃
ᠯᠢ ᠰᠧ ᠭᠤᠸᠠᠩ ᠪᠠᠭ᠎ᠠ ᠳ᠋ᠠᠭᠠᠨ ᠶᠠᠮᠠᠷ ᠴᠤ᠌ ᠣᠶᠤᠨ ᠤ᠋ ᠨᠠᠭᠠᠳᠤᠮ ᠳ᠋ᠤ᠌ ᠣᠷᠣᠯᠴᠠᠵᠤ ᠥᠨᠭᠭᠡᠷᠡᠭᠰᠡᠨ ᠦᠭᠡᠢ ᠪᠥᠭᠡᠳ ᠬᠥᠮᠦᠨ ᠦ᠌ ᠵᠢᠯᠣᠭᠣᠳᠤᠯᠭ᠎ᠠ ᠶ᠋ᠢᠨ ᠳᠣᠣᠷ᠎ᠠ ᠰᠢᠨᠵᠢᠯᠡᠬᠦ ᠤᠬᠠᠭᠠᠨ ᠤ᠋ ᠠᠵᠢᠯᠯᠠᠭ᠎ᠠ ᠳ᠋ᠤ᠌ ᠴᠤ᠌ ᠣᠷᠣᠯᠴᠠᠵᠤ ᠥᠨᠭᠭᠡᠷᠡᠭᠰᠡᠨ ᠦᠭᠡᠢ ᠪᠢᠯᠡ ᠃ ᠭᠡᠪᠡᠴᠦ ᠲᠡᠷᠡ ᠬᠠᠷᠠᠬᠠᠨ ᠪᠠᠭ᠎ᠠ ᠠ᠋ᠴᠠ ᠪᠠᠨ ᠪᠠᠶ᠋ᠢᠭᠠᠯᠢ ᠳᠡᠯᠡᠬᠡᠢ ᠳ᠋ᠦ᠍ ᠬᠠᠶ᠋ᠢᠷᠠᠲᠠᠢ ᠪᠠᠶ᠋ᠢᠲᠠᠭ ᠢ᠋ᠶ᠋ᠠᠷ ᠦᠯᠦ ᠪᠠᠷᠠᠨ ᠣᠶᠤᠨ ᠲᠠᠷᠢᠬᠢ ᠪᠠᠨ ᠬᠥᠳᠡᠯᠭᠡᠨ ᠰᠡᠳᠬᠢᠵᠦ ᠪᠣᠳᠣᠬᠤ ᠂ ᠥᠪᠡᠷ ᠢ᠋ᠶ᠋ᠡᠨ ᠭᠠᠷ ᠬᠥᠳᠡᠯᠦᠨ ᠬᠢᠵᠦ ᠣᠷᠣᠯᠳᠣᠬᠤ ᠳᠤᠷᠠᠲᠠᠢ ᠪᠠᠶ᠋ᠢᠲᠠᠭ ᠃ ᠲᠡᠷᠡ ᠥᠪᠡᠷ ᠢ᠋ᠶ᠋ᠡᠨ ᠵᠢᠭᠠᠰᠤᠨ ᠭᠥᠬᠢ ᠬᠢᠵᠦ ᠪᠠᠶ᠋ᠢᠬᠰᠠᠨ ᠂ ᠵᠢᠭᠠᠰᠤ ᠭᠥᠬᠢᠳᠡᠬᠦ ᠠᠷᠭ᠎ᠠ ᠳᠠᠮ ᠊ᠢ ᠰᠤᠳᠤᠯᠵᠤ ᠪᠠᠶ᠋ᠢᠬᠰᠠᠨ ᠃ ᠲᠡᠷᠡ ᠨᠠᠭᠤᠷ ᠤ᠋ᠨ ᠬᠥᠪᠡᠭᠡ ᠪᠡᠷ ᠵᠢᠭᠠᠰᠤ ᠭᠥᠬᠢᠳᠡᠪᠡᠯ ᠪᠤᠰᠤᠳ ᠬᠡᠦᠬᠡᠳ ᠡᠴᠡ ᠪᠦᠷ ᠠᠷᠪᠢᠨ ᠭᠥᠬᠢᠳᠡᠳᠡᠭ ᠃ ᠨᠠᠭᠤᠷ ᠲᠤ᠌ ᠣᠷᠣᠵᠤ ᠯᠢᠩᠬᠤ᠎ᠠ ᠶ᠋ᠢᠨ ᠦᠨᠳᠦᠰᠦ ᠲᠡᠭᠦᠬᠦ ᠳ᠋ᠡᠭᠡᠨ ᠲᠡᠷᠡ ᠰᠢᠪᠠᠷ ᠳᠣᠲᠣᠷᠠᠬᠢ ᠤᠷᠭᠤᠭᠰᠠᠨ ᠪᠠᠶ᠋ᠢᠲᠠᠯ ᠊ᠢ ᠨᠢ ᠨᠠᠷᠢᠨ ᠠᠵᠢᠭᠯᠠᠵᠤ ᠂ ᠪᠤᠰᠤᠳ ᠬᠡᠦᠬᠡᠳ ᠡᠴᠡ ᠠᠷᠪᠢᠨ ᠪᠥᠭᠡᠳ ᠰᠠᠢᠨ ᠲᠡᠭᠦᠳᠡᠭ ᠃ ᠬᠥᠬᠡ ᠮᠥᠷᠡᠨ ᠳᠡᠭᠡᠷ᠎ᠡ ᠶᠠᠪᠤᠵᠤ ᠪᠠᠶ᠋ᠢᠬ᠋᠎ᠠ ᠬᠥᠯᠭᠡ ᠣᠩᠭᠣᠴᠠ ᠪᠠ ᠶᠡᠬᠡ ᠪᠠᠭ᠎ᠠ ᠮᠣᠳᠣᠨ ᠣᠩᠭᠣᠴᠠ ᠶ᠋ᠢ ᠦᠵᠡᠭᠡᠳ ᠲᠡᠷᠡ ᠭᠡᠷ ᠲᠡᠭᠡᠨ ᠬᠠᠷᠢᠮᠠᠭᠴᠠ ᠪᠠᠨ ᠨᠢᠮᠭᠡᠨ ᠴᠠᠭᠠᠨ ᠲᠡᠮᠦᠷ ᠊ᠢ ᠬᠠᠶ᠋ᠢᠴᠢᠯᠠᠨ ᠪᠢᠴᠢᠬᠠᠨ ᠣᠩᠭᠣᠴᠠ ᠬᠢᠴᠢᠬᠡᠳᠡᠭ ᠃ ᠬᠣᠲᠠ ᠶ᠋ᠢᠨ ᠪᠠᠶᠠᠴᠤᠳ ᠤ᠋ᠨ ᠬᠡᠦᠬᠡᠳ ᠴᠠᠭᠠᠨ ᠰᠠᠷ᠎ᠠ ᠳ᠋ᠤ᠌ ᠬᠤᠸᠠᠷᠲᠤ ᠳ᠋ᠧᠩ ᠬᠤᠳᠠᠯᠳᠤᠵᠤ ᠠᠪᠴᠤ ᠪᠠᠶ᠋ᠢᠬᠤ ᠶ᠋ᠢ ᠦᠵᠡᠭᠡᠳ ᠲᠡᠷᠡ ᠬᠤᠯᠤᠰᠤ ᠣᠭᠲᠣᠯᠤᠨ ᠠᠪᠴᠤ ᠬᠤᠰᠤᠵᠤ ᠱᠤᠯᠤᠵᠤ ᠪᠠᠶ᠋ᠢᠭᠠᠳ ᠶᠡᠬᠡ ᠰᠠᠢᠬᠠᠨ ᠬᠤᠸᠠᠷᠲᠤ ᠳ᠋ᠧᠩ ᠬᠢᠴᠢᠬᠡᠳᠡᠭ ᠂ ᠲᠡᠭᠦᠨ ᠦ᠌ ᠳᠣᠲᠣᠷ᠎ᠠ ᠨᠢ ᠵᠤᠯᠠ ᠠᠰᠠᠭᠠᠪᠠᠯ ᠂ ᠭᠡᠷᠡᠯᠲᠦᠨ ᠳᠤᠸᠠᠯᠠᠭᠠᠳ ᠬᠤᠳᠠᠯᠳᠤᠵᠤ ᠠᠪᠤᠭᠰᠠᠨ ᠳ᠋ᠧᠩ ᠡᠴᠡ ᠪᠠᠰᠠ ᠦᠵᠡᠮᠵᠢᠲᠡᠢ ᠨᠠᠷᠢᠯᠢᠭ ᠪᠠᠶ᠋ᠢᠯ᠎ᠠ ᠃
ᠭᠡᠪᠡᠴᠦ ᠡᠳᠡᠭᠡᠷ ᠊ᠢ ᠪᠦᠷ ᠲᠡᠷᠡ ᠥᠪᠡᠷ ᠢ᠋ᠶ᠋ᠡᠨ ᠰᠡᠳᠬᠢᠵᠦ ᠣᠷᠣᠯᠳᠣᠭᠰᠠᠨ ᠶᠤᠮ ᠰᠢᠦ ᠃ ᠣᠯᠠᠨ ᠤᠳᠠᠭᠠᠨ ᠤ᠋ ᠲᠤᠷᠰᠢᠯᠲᠠ ᠨᠢ ᠪᠠᠰᠠ ᠢᠯᠠᠭᠳᠠᠵᠤ ᠪᠢᠯᠡ ᠃ ᠬᠠᠭᠤᠴᠢᠨ ᠨᠡᠶ᠋ᠢᠭᠡᠮ ᠳ᠋ᠦ᠍ ᠵᠢᠭᠠᠯ ᠬᠡᠦᠬᠡᠳ ᠦ᠋ᠨ ᠰᠢᠨᠵᠢᠯᠡᠬᠦ ᠤᠬᠠᠭᠠᠨ ᠤ᠋ ᠲᠤᠬᠠᠢ ᠰᠤᠳᠤᠯᠤᠯ ᠪᠠ ᠳᠤᠷ᠎ᠠ ᠪᠠᠬ᠎ᠠ ᠶ᠋ᠢ ᠬᠡᠨ ᠬᠥᠮᠦᠨ ᠬᠠᠯᠠᠮᠵᠢᠯᠠᠨ ᠳᠡᠮᠵᠢᠬᠦ ᠠᠵᠢ!
ᠭᠡᠪᠡᠴᠦ ᠡᠬᠡ ᠣᠷᠣᠨ ᠤ᠋ ᠪᠠᠨ ᠭᠠᠵᠠᠷ ᠰᠢᠨᠵᠢᠯᠡᠭᠡᠨ ᠦ᠌ ᠤᠶ᠋ᠢᠯᠡᠰ ᠲᠦ᠍ ᠭᠠᠪᠢᠶ᠎ᠠ ᠵᠢᠳᠬᠦᠯ ᠢ᠋ᠶ᠋ᠡᠨ ᠦᠵᠡᠭᠦᠯᠵᠦ ᠂ ᠡᠨᠡ ᠪᠡᠶ᠎ᠡ ᠪᠡᠨ ᠵᠣᠷᠢᠭᠤᠯᠤᠭᠰᠠᠨ ᠮᠠᠨ ᠤ᠋ ᠯᠢ ᠰᠧ ᠭᠤᠸᠠᠩ ᠡᠪᠦᠭᠡ ᠪᠣᠯ ᠶᠠᠭ ᠡᠶ᠋ᠢᠮᠦ ᠵᠢᠷᠭᠠᠯ ᠦᠭᠡᠢ ᠪᠠᠭ᠎ᠠ ᠨᠠᠰᠤᠨ ᠠ᠋ᠴᠠ ᠪᠠᠨ ᠡᠬᠢᠯᠡᠨ ᠰᠢᠨᠵᠢᠯᠡᠬᠦ ᠤᠬᠠᠭᠠᠨ ᠤ᠋ ᠲᠤᠶᠠᠭᠠᠲᠤ ᠣᠷᠭᠢᠯ ᠊ᠢ ᠵᠣᠷᠢᠭᠰᠠᠨ ᠪᠢᠯᠡ ᠃
ᠢᠷᠡᠯᠲᠡ ᠄
2023.3.2
ᠲᠠᠪᠤᠨ ᠵᠢᠯ ᠦᠨ ᠲᠦᠷᠢᠮᠳᠦ ᠪᠠᠭ᠎ᠠ ᠰᠤᠷᠭᠠᠭᠤᠯᠢ ᠳᠤ ᠦᠵᠡᠬᠦ ᠬᠡᠯᠡ ᠪᠢᠴᠢᠭ ᠶᠢᠰᠦᠳᠦᠭᠡᠷ ᠲᠡᠪᠳᠡᠷ ※
ᠦᠪᠦᠷ ᠮᠤᠩᠭᠤᠯ ᠤᠨ ᠰᠤᠷᠭᠠᠨ ᠬᠦᠮᠦᠵᠢᠯ ᠦᠨ ᠬᠡᠪᠯᠡᠯ ᠦᠨ ᠬᠤᠷᠢᠶ᠎ᠠ ᠨᠠᠶ᠋ᠢᠷᠠᠭᠤᠯᠤᠨ ᠬᠡᠪᠯᠡᠭᠦᠯᠪᠡ
ᠦᠪᠦᠷ ᠮᠤᠩᠭᠤᠯ ᠤᠨ ᠰᠢᠨᠬᠤᠸᠠ ᠨᠤᠮ ᠤᠨ ᠲᠡᠯᠭᠡᠭᠦᠷ ᠲᠠᠷᠬᠠᠭᠠᠪᠠ
ᠦᠪᠦᠷ ᠮᠤᠩᠭᠤᠯ ᠤᠨ ᠮᠤᠩᠭᠤᠯ ᠪᠢᠴᠢᠭ ᠬᠡᠪᠯᠠᠬᠦ ᠦᠢᠯᠡᠳᠪᠦᠷᠢ ᠬᠡᠪᠯᠡᠪᠡ
1981 ᠤᠨ ᠤ 5 ᠰᠠᠷ᠎ᠠ ᠳᠤ ᠬᠤᠶᠠᠳᠤᠭᠠᠷ ᠬᠡᠪ ᠢ ᠬᠢᠪᠡ
1984 ᠤᠨ ᠤ 4 ᠰᠠᠷ᠎ᠠ ᠳᠤ ᠲᠦᠷᠪᠡᠳᠦᠭᠡᠷ ᠤᠳᠠᠭ᠎ᠠ ᠶ᠋ᠢᠨ ᠬᠡᠪᠯᠡᠯ ᠡᠴᠡ ᠰᠣᠩᠭᠣᠪᠠ ᠃
ᠦᠰᠦᠭ ᠠᠮᠢᠯᠠᠭᠤᠯᠤᠭᠴᠢ ᠄ ᠣᠶᠤᠨᠴᠡᠴᠡᠭ᠂ ᠦᠵᠢᠶᠡᠳ · ᠡᠷᠳᠡᠨᠢᠴᠡᠴᠡᠭ
ᠬᠢᠨᠠᠭᠴᠢ ᠄ ᠣᠤᠠᠬᠠᠨᠰᠣ᠎ᠠ ᠂ ᠲᠣ᠋ · ᠨᠠᠨᠲᠢᠨ
2023.3.2
