ᠠᠳᠤᠭᠤ ᠨᠠᠭᠠᠳᠬᠤ ᠪᠠᠷ ᠶᠠᠪᠤᠨ᠎ᠠАдуу наадхаар явна ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠳᠤᠭᠤ ᠨᠠᠭᠠᠳᠬᠤ ᠪᠠᠷ ᠶᠠᠪᠤᠨ᠎ᠠАдуу наадхаар явна

ᠠᠳᠤᠭᠤ ᠨᠠᠭᠠᠳᠬᠤ ᠪᠠᠷ ᠶᠠᠪᠤᠨ᠎ᠠАдуу наадхаар явна

ᠠᠩᠭᠢᠯᠠᠯ:ᠬᠣᠱᠣᠩ ᠱᠣᠭ
2023-04-18

268

ᠠᠳᠤᠭᠤ ᠨᠠᠭᠠᠳᠬᠤ ᠪᠠᠷ ᠶᠠᠪᠤᠨ᠎ᠠ 

ᠠ !
ᠤᠷᠭ᠎ᠠ ᠦᠵᠦᠭᠦᠷᠯᠡᠵᠦ ᠪᠠᠢᠨ᠎ᠠ !
ᠤᠷᠭ᠎ᠠ ᠦᠵᠦᠭᠦᠷᠯᠡᠵᠦ ᠪᠠᠢᠨ᠎ᠠ ᠠ᠋ ?
ᠲᠡᠭᠡᠭᠡᠳ ᠶᠠᠭᠤ ᠬᠢᠬᠦ ᠪᠡᠷ ᠶᠠᠪᠤᠬᠤ ᠶᠤᠮ ᠪᠣᠢ ?
ᠠᠳᠤᠭᠤ ᠨᠠᠭᠠᠳᠬᠤ ᠪᠠᠷ ᠶᠠᠪᠤᠨ᠎ᠠ !
ᠬᠠᠮᠢᠭᠠᠰᠢ ᠪᠠᠨ ᠪᠣᠢ ?
ᠥᠭᠡᠷ᠎ᠡ ᠠᠢᠯ ᠵᠦᠭ !
ᠥᠭᠡᠷ᠎ᠡ ᠠᠢᠯ ᠳ᠋ᠤ᠌ ?
ᠠ᠋ !
ᠴᠢ ᠲᠡᠭᠡᠭᠡᠳ ᠠᠵᠢᠷᠭ᠎ᠠ ᠬᠠᠶᠠᠵᠤ ᠳᠡᠢᠯᠬᠦ ᠶᠤᠮ ᠤᠤ ?
ᠳᠡᠢᠯᠦᠨ᠎ᠡ !
ᠶᠠ ᠂ ᠳᠡᠢᠯᠦᠨ᠎ᠡ ᠭᠡᠵᠦ ᠤᠤ ᠴᠢ ?
ᠳᠡᠢᠯᠦᠨ᠎ᠡ ᠂ ᠣᠳᠣ ᠡᠨᠡ ᠬᠠᠯᠲᠠᠷ ᠢ᠋ ᠶᠠᠭᠠᠬᠢᠵᠤ ᠤᠷᠭ᠎ᠠ ᠬᠠᠶᠠᠬᠤ ᠶ᠋ᠢ ᠮᠡᠳᠡᠬᠦ ᠦᠭᠡᠢ ᠰᠢᠦ !
ᠠ ! ᠬᠠᠯᠲᠠᠷ ᠢ᠋ ᠶᠠᠭᠠᠬᠢᠵᠤ ᠬᠠᠶᠠᠬᠤ ᠶ᠋ᠢ ᠮᠡᠳᠡᠬᠦ ᠦᠭᠡᠢ ?
ᠬᠠᠯᠲᠠᠷ ᠢ᠋ ᠶᠠᠭᠠᠬᠢᠵᠤ ᠬᠠᠶᠠᠬᠤ ᠶ᠋ᠢ ᠮᠡᠳᠡᠬᠦ ᠦᠭᠡᠢ !
ᠴᠢ ᠲᠡᠭᠡᠭᠡᠳ ᠴᠢᠨᠦ ᠡᠨᠡ ᠤᠷᠭ᠎ᠠ ᠬᠠᠶᠠᠵᠤ ᠪᠣᠯᠬᠤ ᠶᠤᠮ ᠤᠤ ᠳᠠ ?
ᠪᠣᠯᠤᠨ᠎ᠠ ᠂ ᠪᠣᠯᠤᠨ᠎ᠠ ᠃
ᠠ ? ᠪᠣᠯᠤᠨ᠎ᠠ ᠠ᠋ ?
ᠬᠡᠨ ᠲᠡᠢ ᠠᠳᠤᠭᠤ ᠨᠠᠭᠠᠳᠬᠤ ᠪᠠᠷ ᠶᠠᠪᠤᠬᠤ ᠶᠤᠮ ᠂ ᠴᠢ ?
ᠲᠠᠨ ᠲᠠᠢ ᠰᠢᠳᠡ !
ᠨᠠᠳᠠ ᠲᠠᠢ ᠤᠤ ? ᠴᠢ ᠬᠠᠶᠠᠵᠤ ᠳᠡᠢᠯᠬᠦ ᠦᠭᠡᠢ ᠪᠣᠯ ᠪᠢ ᠴᠢᠮ᠎ᠠ ᠶ᠋ᠢ ᠠᠪᠠᠴᠢᠬᠤ ᠦᠭᠡᠢ !
ᠬᠠᠶᠠᠵᠤ ᠳᠡᠢᠯᠦᠨ᠎ᠡ !
ᠠ ! ᠳᠡᠢᠯᠦᠨ᠎ᠡ ᠠ᠋ ? ᠴᠢ ᠤᠤᠯ ᠳ᠋ᠤ᠌ ᠪᠠᠨ ᠬᠠᠶᠠᠵᠤ ᠪᠠᠢᠭᠰᠠᠨ ᠶᠤᠮ ᠤᠤ ᠳᠠ ?
ᠬᠠᠶᠠᠵᠤ ᠪᠠᠢᠵᠠᠢ ᠃
ᠬᠠᠮᠢᠭ᠎ᠠ ᠬᠠᠶᠠᠵᠤ ᠪᠠᠢᠭᠰᠠᠨ ᠪᠣᠢ ?
ᠥᠭᠡᠷ᠎ᠡ ᠲᠡᠷᠡ ᠴᠢᠨᠢ ᠤᠤ ᠂ ᠰᠣᠳᠣ ᠨᠢ ᠤᠤ ⁈
ᠠ᠋ ?
ᠰᠣᠳᠣ ᠶ᠋ᠢᠨ ᠳ᠋ᠦ᠍ ᠃
ᠰᠣᠳᠣ ᠶ᠋ᠢᠨ ᠳ᠋ᠦ᠍ ᠬᠠᠶᠠᠵᠤ ᠪᠠᠢᠵᠤ ᠤᠤ ?
ᠣ !
ᠶᠠᠮᠠᠷ ᠠᠵᠢᠷᠭ᠎ᠠ ᠬᠠᠶᠠᠵᠤ ᠪᠠᠢᠭᠰᠠᠨ ᠪᠣᠢ ?
ᠬᠠᠯᠲᠠᠷ ᠪᠠᠢᠵᠤ ᠪᠠᠢᠵᠠᠢ ᠂ ᠲᠡᠳᠡᠨ ᠦ᠌ ᠃
ᠣᠳᠣ ᠪᠠᠢᠨ᠎ᠠ ᠤᠤ ᠳᠠ ᠂ ᠲᠡᠷᠡ ᠬᠠᠯᠲᠠᠷ ᠠᠵᠢᠷᠭ᠎ᠠ ᠨᠢ ?
ᠣᠳᠣ ᠪᠠᠢᠨ᠎ᠠ ᠃
ᠠ᠋ ᠁
ᠲᠡᠭᠦᠨ ᠢ᠋ ᠨᠠᠭᠠᠳᠬᠤ ᠪᠠᠷ ᠶᠠᠪᠤᠨ᠎ᠠ ᠭᠡᠵᠦ ᠪᠠᠢᠨ᠎ᠠ ᠂ ᠲᠡᠷᠡ ᠬᠠᠯᠲᠠᠷ ᠠᠵᠢᠷᠭ᠎ᠠ ᠶ᠋ᠢ !
ᠠ᠋ ᠁
ᠲᠡᠭᠡᠭᠡᠳ ᠪᠢ ᠤᠷᠭᠠᠯᠠᠨ᠎ᠠ ᠰᠢᠦ !
ᠤᠷᠭᠠᠯᠠᠨ᠎ᠠ ᠂ ᠠ ?
ᠲᠡᠭᠡᠭᠡᠳ ᠴᠢᠮ᠎ᠠ ᠲᠠᠢ ᠶᠠᠪᠤᠨ᠎ᠠ ᠭᠡᠵᠦ ᠪᠠᠢᠨ᠎ᠠ ᠰᠢᠳᠡ ᠃
ᠠ᠋ ᠁
ᠶᠠᠪᠤᠨ᠎ᠠ ᠤᠤ ᠂ ᠦᠵᠦᠭᠦᠷᠯᠡᠭᠡᠳ ᠪᠠᠷᠠᠴᠢᠬᠠᠭᠠᠳ ?
ᠴᠢ ᠲᠡᠭᠡᠭᠡᠳ ᠤᠷᠭ᠎ᠠ ᠪᠠᠨ ᠰᠠᠢᠨ ᠶᠠᠭᠤᠴᠢᠬ᠎ᠠ ᠳᠠ !
ᠠᠯᠢ ᠶ᠋ᠢ ?
ᠤᠷᠭ᠎ᠠ ᠪᠠᠨ ᠰᠠᠢᠨ ᠪᠠᠵᠠᠭᠠᠴᠢᠬ᠎ᠠ !
ᠦᠵᠦᠭᠦᠷᠯᠡᠨ᠎ᠡ ᠂ ᠬᠦ᠌ ᠁ ᠶᠢ ᠁ !
ᠠ᠋᠁
ᠦᠵᠦᠭᠦᠷᠯᠡᠨ᠎ᠡ ᠤᠷᠭ᠎ᠠ ᠶ᠋ᠢ !
ᠣᠴᠢᠭᠠᠳ ᠬᠠᠶᠠᠵᠤ ᠳᠡᠢᠯᠬᠦ ᠦᠭᠡᠢ ᠪᠣᠯ ᠶᠠᠭᠠᠬᠢᠬᠤ ᠪᠣᠢ ᠂ ᠲᠡᠭᠡᠭᠡᠳ ?
ᠬᠠᠶᠠᠵᠤ ᠳᠡᠢᠯᠬᠦ ᠦᠭᠡᠢ ᠪᠣᠯ ᠤᠷᠭ᠎ᠠ ᠪᠠᠨ ᠬᠠᠶᠠᠭᠠᠳ ᠶᠠᠪᠤᠭᠤᠯᠴᠢᠬᠠᠨ᠎ᠠ ᠃
ᠠ ᠁ !
ᠬᠠᠶᠠᠵᠤ ᠳᠡᠢᠯᠬᠦ ᠦᠭᠡᠢ ᠪᠣᠯ ᠤᠷᠭ᠎ᠠ ᠪᠠᠨ ᠬᠠᠶᠠᠭᠠᠳ ᠶᠠᠪᠤᠭᠤᠯᠴᠢᠬᠠᠬᠤ ᠦᠭᠡᠢ ᠶᠤᠮ ᠤᠤ ?
ᠬᠠᠶᠠᠭᠠᠳ ᠶᠠᠪᠤᠭᠤᠯᠴᠢᠬᠠᠨ᠎ᠠ ? ᠲᠡᠭᠡᠭᠡᠳ ᠤᠷᠭ᠎ᠠ ᠪᠠᠨ ᠬᠤᠭᠤᠯᠤᠭᠠᠳ ᠬᠠᠶᠠᠴᠢᠬᠠᠬᠤ ᠦᠭᠡᠢ ᠶᠦ᠍ᠮ ᠤᠤ ?
ᠤᠷᠭ᠎ᠠ ᠪᠠᠨ ᠬᠤᠭᠤᠯᠪᠠᠯ ※ ᠲᠡᠮᠦᠷ ᠠᠪᠠᠭ᠎ᠠ ᠴᠠᠭᠠᠰᠢᠯᠠᠵᠤ ᠪᠠᠢ ※ ᠴᠢᠷᠦᠭᠳᠡᠴᠢᠬᠡᠬᠦ ᠦᠭᠡᠢ ᠤᠤ ᠂
ᠲᠡᠭᠡᠪᠡᠯ ᠴᠢᠷᠦᠭᠳᠡᠭᠡᠳ ᠠᠵᠢᠷᠭ᠎ᠠ ᠶ᠋ᠢ ᠢᠩᠭᠢᠭᠡᠳ ᠬᠠᠶᠠᠴᠢᠬᠠᠬᠤ ᠦᠭᠡᠢ ?
ᠴᠢᠷᠦᠭᠳᠡᠭᠡᠳ ᠪᠠᠰᠠ ᠬᠠᠶᠠᠵᠤ ᠳᠡᠢᠯᠬᠦ ᠦᠭᠡᠢ ᠪᠣᠯ ᠶᠠᠭᠠᠬᠢᠬᠤ ᠪᠣᠢ ᠂ ᠲᠡᠭᠡᠭᠡᠳ ?
ᠲᠡᠭᠡᠭᠡᠳ ᠤᠷᠭ᠎ᠠ ᠬᠤᠭᠤᠯᠴᠢᠬᠠᠬᠤ ᠦᠭᠡᠢ ᠤᠤ !
ᠴᠢ ᠡᠨᠡ ᠶ᠋ᠢ ᠢᠩᠭᠢᠭᠡᠳ ᠦᠵᠦᠭᠦᠷ ᠢ᠋ᠶ᠋ᠡᠨ ᠶᠠᠭᠤ ᠶ᠋ᠢ ᠬᠡᠨ ᠡᠴᠡ ᠰᠤᠷᠤᠭᠰᠠᠨ ᠪᠣᠢ ?
ᠥᠪᠡᠷ ᠢ᠋ᠶ᠋ᠡᠨ ᠰᠤᠷᠤᠨ᠎ᠠ ᠰᠢᠲᠠ !
ᠥᠪᠡᠷ ᠢ᠋ᠶ᠋ᠡᠨ ᠰᠤᠷᠴᠤ ᠠ᠋ ⁈
ᠠ᠋ !
ᠠᠶᠤᠮᠠᠷ ᠰᠢᠳᠡ ᠴᠢ !
ᠵᠠ ᠂ ᠪᠠᠷᠠᠭᠰᠠᠨ ! ᠠᠳᠤᠭᠤ ᠨᠠᠭᠠᠳᠴᠤ ᠳᠡᠢᠯᠦᠭᠰᠡᠭᠡᠷ ᠳᠡᠢᠯᠦᠨ᠎ᠡ ᠂ ᠰᠢ ᠁ ᠰᠢ ᠁
ᠸᠠ ! ᠶᠠᠭᠠᠬᠢᠵᠤ ᠪᠠᠢᠬᠤ ᠪᠣᠢ ⁈
ᠶᠠᠭᠠᠬᠢᠵᠤ ᠪᠠᠢᠬᠤ ᠪᠣᠢ ⁈
ᠰᠣᠳᠣ ᠶ᠋ᠢᠨ ᠠᠵᠢᠷᠭ᠎ᠠ ᠶ᠋ᠢ ᠬᠠᠶᠠᠶ᠎ᠠ ᠂ ᠠᠳᠤᠭᠤ ᠨᠠᠭᠠᠳᠴᠤ ᠪᠠᠢᠨ᠎ᠠ ᠰᠢᠲᠠ !
ᠴᠥᠬᠥ ᠁ ᠴᠥᠬᠥ ᠁ ᠴᠥᠬᠥ ᠁