ᠮᠥᠰᠥᠯᠡᠮᠵᠢ ᠶᠢᠨ ᠦᠨᠦᠷ ᠲᠠᠢ ᠪᠠᠭ᠎ᠠ ᠨᠠᠰᠤ – ᠨᠠ ᠂ ᠬᠥᠬᠡᠰᠢᠭᠤᠢ Мөслөмжийн үнэртэй бага нас – На ᠂ Хөхшгуй
ᠮᠥᠰᠥᠯᠡᠮᠵᠢ ᠶᠢᠨ ᠦᠨᠦᠷ ᠲᠠᠢ ᠪᠠᠭ᠎ᠠ ᠨᠠᠰᠤ
ᠨᠠ᠊᠂ ᠬᠦᠬᠡᠰᠢᠭᠤᠢ
ᠠᠩᠭᠢᠷ ᠪᠠᠭ᠎ᠠ ᠶ᠋ᠢᠨ ᠮᠥᠷᠥᠭᠡᠳᠦᠯ ᠳᠤᠷᠠᠰᠤᠯ ᠳ᠋ᠤ᠌ ᠮᠢᠨᠢ ᠠᠷᠢᠯᠤᠰᠢ ᠦᠭᠡᠢ ᠬᠣᠴᠣᠷᠤᠭᠰᠠᠨ ᠨᠢᠭᠡ ᠰᠠᠢᠬᠠᠨ ᠦᠨᠦᠷ ᠪᠠᠶ᠋ᠢᠳᠠᠭ ᠨᠢ ᠮᠥᠰᠥᠯᠡᠮᠵᠢ ᠶ᠋ᠢᠨ ᠦᠨᠦᠷ ᠪᠣᠯᠬᠤ ᠪᠢᠯᠡ ᠃ ᠲᠡᠷᠡ ᠦᠨᠦᠷ ᠪᠠᠭ᠎ᠠ ᠨᠠᠰᠤ ᠶ᠋ᠢ ᠮᠢᠨᠢ ᠠᠷᠭᠠᠳᠠᠵᠤ ᠂ ᠨᠠᠮ᠎ᠠ ᠶ᠋ᠢ ᠪᠠᠯ ᠪᠤᠷᠠᠮ ᠮᠡᠲᠦ ᠡᠷᠭᠢᠴᠡᠭᠦᠯᠦᠯ ᠳ᠋ᠦ᠍ ᠪᠠᠶ᠋ᠢᠨ ᠳᠠᠬᠢᠨ ᠲᠠᠲᠠᠵᠤ ᠣᠷᠣᠭᠤᠯᠳᠠᠭ ᠰᠠᠨ ᠃
ᠪᠠᠭ᠎ᠠ ᠨᠠᠰᠤ ᠪᠠᠨ ᠪᠢ ᠶᠠᠭᠷᠠᠢ ᠣᠢ ᠰᠢᠭᠤᠢ ᠶ᠋ᠢᠨ ᠲᠠᠯᠠᠪᠠᠢ ᠭᠡᠬᠦ ᠶᠠᠳᠠᠭᠤᠯᠢᠭ ᠮᠥᠷᠲᠡᠭᠡᠨ ᠪᠠᠯᠠᠷᠯᠢᠭ ᠭᠠᠵᠠᠷ ᠥᠩᠭᠡᠷᠡᠭᠡᠭᠰᠡᠨ ᠪᠢᠯᠡ ᠃ ᠲᠡᠷᠡ ᠭᠠᠵᠠᠷ ᠨᠢ ᠬᠣᠲᠣᠭᠣᠷ ᠭᠠᠵᠠᠷ ᠪᠣᠯᠬᠣᠷ ᠭᠠᠳᠠᠨᠠᠬᠢ ᠬᠥᠮᠦᠰ ᠮᠠᠨ ᠤ᠋ ᠠᠶ᠋ᠢᠯ ᠢ᠋ ᠶᠠᠭᠷᠠᠢ ᠬᠣᠲᠣᠭᠣᠷ ᠭᠡᠵᠦ ᠪᠢᠳᠡᠨ ᠢ᠋《 ᠶᠠᠭᠷᠠᠢ ᠬᠣᠲᠣᠭᠣᠷ ᠤ᠋ᠨ ᠤᠯᠤᠰ 》 ᠭᠡᠵᠦ ᠬᠡᠯᠡᠳᠡᠭ ᠃ ᠬᠡᠵᠢᠶ᠎ᠡ ᠬᠣᠶ᠋ᠢᠨ᠎ᠠ ᠨᠢ ᠪᠢ ᠥᠪᠡᠷ ᠦ᠋ᠨ ᠪᠢᠴᠢᠭ ᠦ᠋ᠨ ᠥᠷᠥᠭᠡ ᠪᠡᠨ 《 ᠶᠠᠭᠷᠠᠢ ᠬᠣᠲᠣᠭᠣᠷ 》 ᠢᠷᠠᠭᠤ ᠨᠠᠢᠷᠠᠭ ᠤ᠋ᠨ ᠥᠷᠥᠭᠡ ᠭᠡᠵᠦ ᠨᠡᠷᠡᠶ᠋ᠢᠳᠦᠭᠰᠡᠨ ᠮᠢᠨᠢ ᠪᠠᠭ᠎ᠠ ᠨᠠᠰᠤ ᠪᠠᠨ ᠳᠤᠷᠠᠳᠬᠠᠬᠤ ᠶ᠋ᠢᠨ ᠲᠥᠯᠥᠭᠡ ᠶᠦ᠍ᠮ ᠃
ᠠᠩᠬ᠎ᠠ ᠤᠳᠠᠭ᠎ᠠ ᠬᠣᠰᠢᠭᠤ ᠪᠠᠯᠭᠠᠰᠤ ᠣᠷᠣᠭᠰᠠᠨ ᠮᠢᠨᠢ ᠪᠠᠷᠤᠭ ᠶᠢᠰᠦᠨ ᠨᠠᠰᠤᠲᠠᠢ ᠲᠡᠷᠡ ᠵᠢᠯ ᠦ᠋ᠨ ᠵᠤᠨ ᠰᠢᠭ᠋ ᠰᠠᠨᠠᠭᠳᠠᠵᠤ ᠪᠠᠶ᠋ᠢᠨ᠎ᠠ᠃ ᠡᠵᠢ ᠬᠤᠰᠢᠭᠤᠨ ᠤ᠋ ᠡᠮᠨᠡᠯᠭᠡ ᠶ᠋ᠢᠨ ᠬᠣᠷᠢᠶᠠᠨ ᠳ᠋ᠤ᠌ ᠡᠪᠡᠳᠴᠢᠨ ᠦᠵᠡᠭᠦᠯᠬᠦ ᠪᠡᠷ ᠢᠷᠡᠬᠦ ᠳ᠋ᠦ᠍ ᠪᠡᠨ ᠨᠠᠮᠠᠶ᠋ᠢ ᠳᠠᠷᠤᠭᠠᠰᠤ ᠭᠡᠵᠦ ᠪᠣᠳᠣᠭᠰᠠᠨ ᠦᠭᠡᠢ ᠳᠠᠭᠠᠭᠤᠯᠵᠤ ᠢᠷᠡᠭᠰᠡᠨ ᠨᠢ ᠨᠠᠳᠠ ᠳ᠋ᠤ᠌ ᠭᠠᠳᠠᠨᠠᠬᠢ ᠶᠢᠷᠲᠢᠨᠴᠦ ᠶ᠋ᠢ ᠲᠠᠨᠢᠵᠤ 《 ᠨᠢᠳᠦ ᠨᠡᠭᠡᠭᠡᠭᠰᠡᠨ 》 ᠪᠠᠶᠠᠷᠲᠤ ᠶᠠᠪᠤᠳᠠᠯ ᠪᠣᠯᠵᠠᠢ ᠃ ᠲᠡᠷᠡ ᠤᠳᠠᠭ᠎ᠠ ᠪᠢ ᠬᠣᠰᠢᠭᠤ ᠪᠠᠯᠭᠠᠰᠤ ᠭᠡᠳᠡᠭ ᠴᠢᠨᠢ ᠮᠠᠨ ᠤ᠋ ᠬᠣᠷᠢᠭᠠᠳ ᠡᠷᠦᠬᠡ ᠲᠡᠢ ᠬᠣᠲᠣᠭᠣᠷ ᠤ᠋ᠨ ᠠᠶ᠋ᠢᠯ ᠠ᠋ᠴᠠ ᠬᠢᠵᠠᠭᠠᠷ ᠦᠭᠡᠢ ᠶᠡᠬᠡ ᠭᠡᠳᠡᠭ ᠢ᠋ ᠭᠠᠶ᠋ᠢᠬᠠᠭᠰᠠᠨ ᠮᠥᠷᠲᠡᠭᠡᠨ ᠭᠤᠷᠪᠠᠨ ᠮᠥᠩᠭᠥ ᠪᠡᠷ ᠢ᠋ᠶ᠋ᠡᠨ ᠨᠢᠭᠡ ᠬᠡᠰᠡᠭ ᠮᠥᠰᠥᠯᠡᠮᠵᠢ ᠣᠯᠵᠤ ᠠᠩᠬ᠎ᠠ ᠤᠳᠠᠭ᠎ᠠ ᠮᠥᠰᠥᠯᠡᠮᠵᠢ ᠶ᠋ᠢᠨ ᠠᠮᠲᠠ ᠶ᠋ᠢ ᠮᠡᠳᠡᠷᠡᠭᠰᠡᠨ ᠶᠦ᠍ᠮ ᠃
ᠴᠠᠭᠠᠨ ᠰᠢᠷ ᠲᠡᠢ ᠮᠣᠳᠣᠨ ᠳᠡᠪᠰᠡᠭ ᠳᠡᠭᠡᠷ᠎ᠡ ᠪᠡᠨ ᠤᠯᠠᠭᠠᠨ ᠦᠰᠦᠭ ᠲᠡᠢ ᠂ ᠴᠠᠰᠤ ᠴᠠᠭᠠᠨ ᠬᠥᠪᠥᠩ ᠪᠦᠲᠡᠭᠡᠯᠭᠡ ᠲᠡᠢ ᠮᠥᠰᠥᠯᠡᠮᠵᠢ ᠶ᠋ᠢᠨ ᠬᠠᠶ᠋ᠢᠷᠴᠠᠭ ᠢ᠋ ᠨᠡᠭᠡᠭᠡᠬᠦ ᠦᠶ᠎ᠡ ᠶ᠋ᠢᠨ ᠲᠡᠷᠡ ᠦᠨᠦᠷ ᠢ᠋ ᠶᠠᠭᠤ ᠭᠡᠵᠦ ᠰᠠᠨᠠᠨ᠎ᠠ ? ᠣᠳᠣ ᠪᠣᠯᠲᠠᠯ᠎ᠠ ᠠᠭᠤᠰᠬᠢ ᠵᠢᠷᠦᠬᠡᠨ ᠳ᠋ᠦ᠍ ᠰᠡᠩᠭᠢᠨᠡᠵᠦ ᠪᠠᠶ᠋ᠢᠮᠠᠷ ᠰᠠᠨᠠᠭᠳᠠᠨ᠎ᠠ ᠂ ᠬᠣᠭᠣᠯᠠᠢ ᠠᠮᠠᠨ ᠳ᠋ᠤ᠌ ᠠᠮᠲᠠᠭᠳᠠᠵᠤ ᠪᠠᠶ᠋ᠢᠮᠠᠷ ᠪᠣᠳᠣᠭᠳᠠᠨ᠎ᠠ ᠶᠠᠭᠠᠬᠢᠭᠰᠠᠨ ᠰᠠᠢᠬᠠᠨ ᠰᠡᠷᠢᠭᠦᠨ ᠰᠢᠬᠢᠷᠯᠢᠭ ᠮᠥᠷᠲᠡᠭᠡᠨ ᠠᠩᠬᠢᠯᠤᠮ᠎ᠠ ᠦᠨᠦᠷ ᠪᠢᠯᠡ ? ᠲᠡᠷᠡ ᠦᠶ᠎ᠡ ᠳ᠋ᠦ᠍ ᠨᠠᠳᠠ ᠠ᠋ᠴᠠ ᠳᠡᠯᠡᠬᠡᠢ ᠳᠡᠭᠡᠷᠡᠬᠢ ᠬᠠᠮᠤᠭ ᠠᠮᠲᠠᠲᠠᠢ ᠶᠠᠭᠤᠮ᠎ᠠ ᠶᠠᠭᠤ ᠭᠡᠪᠡᠯ ᠪᠢ ᠯᠠᠪ ᠮᠥᠰᠥᠯᠡᠮᠵᠢ ᠭᠡᠵᠦ ᠬᠠᠷᠢᠭᠤᠯᠵᠤ ᠂ ᠬᠣᠵᠢᠮ ᠥᠭᠡᠯᠡᠢ ᠪᠣᠯᠪᠠᠯ ᠶᠠᠮᠠᠷ ᠠᠵᠢᠯ ᠬᠢᠨ᠎ᠡ ᠭᠡᠵᠦ ᠠᠰᠠᠭᠤᠪᠠᠯ ᠯᠠᠪ 《 ᠮᠥᠰᠥᠯᠡᠮᠵᠢ ᠬᠤᠳᠠᠯᠳᠤᠭᠴᠢ 》 ᠪᠣᠯᠤᠨ᠎ᠠ ᠭᠡᠵᠦ ᠯᠡ ᠬᠡᠯᠡᠬᠦ ᠪᠠᠶ᠋ᠢᠭᠰᠠᠨ ᠃
ᠠᠭᠠᠭᠢᠮ᠎ᠠ ᠵᠤᠨ ᠤ᠋ ᠬᠠᠯᠠᠭᠤᠨ ᠳ᠋ᠤ᠌ ᠮᠣᠳᠣᠨ ᠤ᠋ ᠰᠡᠭᠦᠳᠡᠷ ᠲᠦ᠍ ᠵᠣᠭᠰᠣᠭᠠᠳ ᠨᠢᠭᠡ ᠬᠡᠰᠡᠭ ᠮᠥᠰᠥᠯᠡᠮᠵᠢ ᠪᠡᠨ ᠬᠡᠳᠦᠨ ᠲᠠᠯ᠎ᠠ ᠠ᠋ᠴᠠ ᠨᠢ ᠳᠣᠯᠢᠶᠠᠵᠤ ᠬᠠᠶ᠋ᠢᠯᠴᠢᠬᠠᠬᠤ ᠪᠣᠢ ᠂ ᠪᠠᠷᠠᠭᠳᠠᠴᠢᠬᠠᠬᠤ ᠪᠣᠢ ᠭᠡᠵᠦ ᠬᠠᠶ᠋ᠢᠷᠠᠯᠠᠨ ᠬᠠᠷᠠᠮᠨᠠᠨ ᠪᠠᠶ᠋ᠢᠭᠰᠠᠨ ᠵᠢᠭᠠᠯ ᠂ ᠨᠢᠭᠡ ᠮᠡᠳᠡᠬᠦ ᠳ᠋ᠦ᠍ ᠦᠰᠦᠨ ᠲᠣᠯᠢ ᠨᠢ ᠭᠡᠭᠡᠭᠳᠡᠵᠦ ᠂ ᠰᠠᠨᠴᠢᠭ ᠤ᠋ᠨ ᠦᠰᠦ ᠨᠢ ᠴᠠᠢᠭᠠᠳ ᠂ ᠥᠩᠭᠡᠷᠡᠭᠰᠡᠨ ᠦ᠌ ᠡᠨᠡ ᠬᠦ᠌ ᠳᠤᠷᠠᠰᠤᠯ ᠢ᠋ ᠪᠢᠴᠢᠵᠦ ᠰᠠᠭᠤᠨ᠎ᠠ ᠭᠡᠵᠦ ᠥᠩᠭᠡᠷᠡᠬᠦ ᠬᠣᠷᠸ᠎ᠠ ᠶ᠋ᠢᠨ ᠵᠢᠮ᠎ᠡ ᠴᠦ᠍ ᠶᠦ᠍ᠮ ᠤᠤ ᠳᠠ ?
ᠲᠡᠷᠡ ᠤᠳᠠᠭ᠎ᠠ ᠶ᠋ᠢᠨ ᠢᠳᠡᠭᠰᠡᠨ ᠮᠥᠰᠥᠯᠡᠮᠵᠢ ᠶ᠋ᠢᠨ ᠴᠠᠭᠠᠰᠤ ᠪᠠᠨ ᠪᠢ ᠭᠡᠷ ᠲᠦ᠍ ᠪᠡᠨ ᠠᠪᠠᠴᠢᠵᠤ ᠂ ᠨᠢᠭᠡ ᠳᠡᠪᠲᠡᠷ ᠦ᠋ᠨ ᠵᠠᠭᠠᠭ ᠲᠤ᠌ ᠬᠢᠭᠡᠳ ᠪᠠᠶ᠋ᠢᠨ ᠪᠠᠶ᠋ᠢᠨ ᠭᠠᠷᠭᠠᠵᠤ ᠦᠨᠦᠷᠲᠦᠳᠡᠭ ᠪᠠᠶ᠋ᠢᠭᠰᠠᠨ ᠢ᠋ᠶ᠋ᠠᠨ ᠣᠳᠣ ᠡᠷᠭᠢᠴᠡᠭᠦᠯᠵᠦ ᠪᠣᠳᠣᠭᠠᠳ ᠢᠨᠢᠶᠡᠳᠦ ᠴᠦ᠍ ᠬᠦᠷᠦᠮᠡᠷ ᠂ ᠤᠶᠠᠷᠠᠯ ᠴᠤ᠌ ᠲᠥᠷᠥᠮᠡᠷ ᠠ᠋ !
ᠬᠥᠮᠦᠨ ᠦ᠌ ᠪᠠᠭ᠎ᠠ ᠨᠠᠰᠤ ᠭᠡᠵᠦ ᠶᠣᠰᠣᠲᠠᠢ ᠪᠤᠷᠬᠠᠨ ᠤ᠋ ᠱᠠᠩᠨᠠᠭᠰᠠᠨ ᠠᠯᠲᠠᠨ ᠬᠣᠷᠣᠮ ᠪᠠᠶ᠋ᠢᠵᠡᠢ ᠰᠢᠦ !
ᠮᠢᠨᠦ ᠬᠡᠦᠬᠡᠨ ᠪᠠᠭ᠎ᠠ ᠳ᠋ᠤ᠌ ᠪᠠᠨ ᠠᠶᠠᠭ᠎ᠠ ᠠᠯᠳᠠᠬᠤ ᠳ᠋ᠤ᠌ ᠰᠡᠷᠡᠮᠡ ᠦᠭᠡᠢ ᠲᠡᠶ᠋ᠢᠮᠤ ᠪᠥᠬᠡ ᠤᠨᠲᠠᠭᠰᠠᠨ ᠪᠠᠶ᠋ᠢᠲᠠᠯ᠎ᠠ ᠪᠠᠨ ᠭᠡᠷ ᠦ᠋ᠨ ᠠᠷᠤ ᠪᠠᠷ ᠭᠠᠷᠬᠤ 《 ᠮᠥᠰᠥᠯᠡᠮᠵᠢ ᠂ ᠴᠠᠰᠤᠮᠠᠭ 》 ᠭᠡᠬᠦ ᠳᠠᠭᠤᠨ ᠳ᠋ᠤ᠌ ᠭᠡᠳᠡᠭᠡᠯᠡᠭᠦᠯᠦᠭᠰᠡᠨ ᠶᠦ᠍ᠮ ᠰᠢᠭ ᠤᠷᠪᠠᠩᠬᠢᠨ ᠰᠡᠷᠢᠵᠦ ᠂ ᠥᠪᠡᠷ ᠦ᠋ᠨ ᠳᠡᠷᠡ ᠳᠣᠣᠷᠠᠬᠢ ᠵᠠᠶ᠋ᠢᠷ ᠮᠥᠩᠭᠥ ᠪᠡᠨ ᠠᠪᠤᠭᠠᠳ ᠭᠦᠶᠦᠵᠦ ᠭᠠᠷᠳᠠᠭ ᠪᠠᠢᠭᠰᠠᠨ ᠨᠢ ᠲᠡᠷᠡ ᠵᠢᠯ ᠦ᠋ᠨ ᠤᠴᠢᠷ ᠰᠢᠭ᠋ ᠰᠠᠨᠠᠭᠳᠠᠪᠠᠴᠤ ᠥᠩᠭᠡᠷᠡᠭᠡᠳ ᠪᠠᠰᠠ ᠬᠣᠷᠢᠭᠠᠳ ᠵᠢᠯ ᠪᠣᠯᠵᠤ ᠪᠠᠶ᠋ᠢᠨ᠎ᠠ ᠃ ᠨᠢᠳᠤᠨᠤᠨ ᠵᠤᠨ ᠤ᠋ ᠠᠮᠠᠷᠠᠯᠲᠠ ᠳ᠋ᠤ᠌ ᠢᠷᠡᠬᠦ ᠳ᠋ᠦ᠍ ᠪᠡᠨ ᠬᠡᠦᠬᠡᠨ ᠮᠢᠨᠢ ᠶᠠᠩᠵᠤ ᠪᠦᠷᠢ ᠶ᠋ᠢᠨ ᠮᠥᠰᠥᠯᠡᠮᠵᠢ ᠶ᠋ᠢ ᠨᠢᠭᠡ ᠰᠦᠯᠢᠶᠣᠣ ᠤᠭᠤᠲᠠ ᠠᠪᠤᠭᠰᠠᠨ ᠢ᠋ᠶ᠋ᠠᠨ ᠨᠠᠳᠠ ᠳ᠋ᠤ᠌ : 《 ᠠᠪᠤ ᠠ᠋ ! ᠣᠳᠣ ᠶ᠋ᠢᠨ ᠮᠥᠰᠥᠯᠡᠮᠵᠢ ᠶ᠋ᠢᠨ ᠠᠮᠲᠠ ᠨᠢ ᠮᠢᠨᠦ ᠪᠠᠭ᠎ᠠ ᠳ᠋ᠤ᠌ ᠪᠠᠨ ᠢᠳᠡᠵᠦ ᠪᠠᠶ᠋ᠢᠭᠰᠠᠨ ᠮᠥᠰᠥᠯᠡᠮᠵᠢ ᠶ᠋ᠢᠨ ᠠᠮᠲᠠ ᠶ᠋ᠢ ᠬᠣᠯᠠ ᠬᠦᠷᠬᠦ ᠦᠭᠡᠢ ᠰᠢᠭ ᠰᠠᠨᠠᠭᠳᠠᠵᠤ ᠪᠠᠶ᠋ᠢᠨ᠎ᠠ᠂ ᠢᠲᠡᠭᠡᠬᠦ ᠦᠭᠡᠢ ᠪᠣᠯ ᠲᠠ ᠨᠢᠭᠡ ᠢᠳᠡᠵᠦ ᠦᠵᠡ ᠠ᠋ 》 ᠭᠡᠳ ᠨᠠᠳᠠ ᠳ᠋ᠤ᠌ ᠨᠢᠭᠡ ᠪᠠᠷᠢᠭᠤᠯᠤᠭᠰᠠᠨ ᠢ᠋ ᠨᠢ ᠪᠢ ᠦᠨᠡᠬᠡᠷ ᠠᠷᠭᠠᠯᠠᠵᠤ ᠪᠠᠶ᠋ᠢᠵᠤ ᠢᠳᠡᠵᠦ ᠪᠠᠷᠠᠭᠠᠭᠰᠠᠨ ᠶᠤᠮ ᠃
ᠴᠠᠭ ᠦᠶ᠎ᠡ ᠬᠤᠪᠢᠷᠠᠬᠤ ᠶ᠋ᠢ ᠳᠠᠭᠠᠭᠠᠳ ᠶᠠᠭᠤ ᠪᠦᠬᠦᠨ ᠬᠤᠪᠢᠷᠠᠵᠠᠢ ᠃ ᠪᠠᠭ᠎ᠠ ᠶ᠋ᠢᠨ ᠦᠶ᠎ᠡ ᠶ᠋ᠢᠨ ᠬᠣᠶᠠᠷ ᠭᠤᠷᠪᠠᠨ ᠮᠥᠩᠭᠥ ᠶ᠋ᠢᠨ ᠮᠥᠰᠥᠯᠡᠮᠵᠢ ᠣᠳᠣ ᠨᠢᠭᠡ ᠬᠣᠶᠠᠷ ᠲᠥᠭᠥᠷᠢᠭ ᠪᠣᠯᠤᠨ ᠥᠰᠴᠦ ᠂ ᠳᠠᠷᠤᠮᠠᠯᠯᠠᠭᠰᠠᠨ ᠵᠢᠷᠤᠭ ᠲᠠᠢ ᠴᠠᠭᠠᠰᠤ ᠪᠠᠷ ᠭᠠᠷ ᠢ᠋ᠶ᠋ᠠᠷ ᠪᠠᠬᠠᠯᠠᠳᠠᠭ ᠪᠠᠶ᠋ᠢᠭᠰᠠᠨ ᠠ᠋ᠴᠠ ᠪᠠᠨ ᠰᠦᠯᠢᠶᠣᠣ ᠤᠭᠤᠲᠠᠨ ᠳ᠋ᠤ᠌ ᠮᠠᠰᠢᠨ ᠢ᠋ᠶ᠋ᠠᠷ ᠰᠠᠪᠠᠯᠠᠳᠠᠭ ᠪᠣᠯᠵᠠᠢ ᠃ ᠭᠡᠲᠡᠯ᠎ᠡ ᠤᠤᠯ ᠤ᠋ᠨ ᠲᠡᠷᠡ ᠬᠦ᠌ ᠰᠠᠢᠬᠠᠨ ᠦᠨᠦᠷ ᠂ ᠰᠠᠢᠬᠠᠨ ᠠᠮᠲᠠ ᠨᠢ ᠴᠠᠭ ᠦᠶ᠎ᠡ ᠶ᠋ᠢᠨ ᠤᠷᠤᠰᠬᠠᠯ ᠢ᠋ ᠳᠠᠭᠠᠭᠠᠳ ᠮᠢᠨᠦ ᠵᠠᠯᠠᠭᠤ ᠨᠠᠰᠤ ᠰᠢᠭ᠋ ᠪᠦᠷ ᠣᠷᠣ ᠳᠣᠷᠣ ᠦᠭᠡᠢ ᠤᠷᠤᠰᠤᠨ ᠠᠷᠢᠯᠵᠠᠢ ᠃
ᠪᠠᠭ᠎ᠠ ᠶ᠋ᠢᠨ ᠦᠶ᠎ᠡ ᠶ᠋ᠢᠨ ᠮᠥᠰᠥᠯᠡᠮᠵᠢ ᠶ᠋ᠢᠨ ᠦᠨᠦᠷ ᠠᠮᠲᠠ ᠶ᠋ᠢ ᠬᠣᠶᠠᠷ ᠦᠶ᠎ᠡ ᠶ᠋ᠢᠨ ᠬᠥᠮᠦᠨ ᠥᠪᠡᠷ ᠥᠪᠡᠷ ᠦ᠋ᠨ ᠳᠤᠷᠠᠰᠤᠯ ᠮᠥᠷᠥᠭᠡᠳᠦᠯ ᠳᠣᠲᠣᠷ᠎ᠠ ᠪᠠᠨ ᠯᠠ ᠡᠳ᠋ᠯᠡᠳᠡᠭ ᠪᠣᠯᠤᠭᠰᠠᠨ ᠢ᠋ ᠨᠡᠶ᠋ᠢᠬᠡᠮ ᠦ᠋ᠨ ᠬᠥᠭᠵᠢᠯᠲᠡ ᠭᠡᠬᠦ ᠤᠤ ? ᠤᠬᠤᠷᠢᠯᠲᠠ ᠭᠡᠬᠦ ᠤᠤ ?
ᠮᠢᠨᠦ ᠮᠥᠰᠥᠯᠡᠮᠵᠢ ᠶ᠋ᠢᠨ ᠦᠨᠦᠷ ᠲᠡᠢ ᠪᠠᠭ᠎ᠠ ᠨᠠᠰᠤ ᠶ᠋ᠢ ᠨᠠᠳᠠ ᠠ᠋ᠴᠠ ᠬᠡᠨ ᠪᠤᠯᠢᠶᠠᠵᠤ ᠠᠪᠠᠴᠢᠭᠰᠠᠨ ᠪᠢᠯᠡ ? ᠮᠢᠨᠦ ᠬᠡᠦᠬᠡᠨ ᠦ᠌ ᠡᠷᠢᠵᠦ ᠰᠤᠷᠠᠵᠤ ᠪᠠᠶ᠋ᠢᠭ᠎ᠠ ᠮᠥᠰᠥᠯᠡᠮᠵᠢ ᠶ᠋ᠢᠨ ᠲᠡᠷᠡ ᠰᠠᠢᠬᠠᠨ ᠦᠨᠦᠷ ᠠᠮᠲᠠ ᠶ᠋ᠢ ᠬᠡᠨ ᠥᠭᠡᠷᠡᠲᠦᠭᠦᠯᠦᠭᠰᠡᠨ ᠪᠢᠯᠡ ?
ᠮᠥᠰᠥᠯᠡᠮᠵᠢ ᠪᠤᠶᠤ ᠮᠢᠨᠦ ᠮᠥᠰᠥᠯᠡᠮᠵᠢ ᠶ᠋ᠢᠨ ᠦᠨᠦᠷ ᠲᠡᠢ ᠪᠠᠭ᠎ᠠ ᠨᠠᠰᠤ ᠮᠥᠷᠥᠭᠡᠳᠦᠯ ᠳᠤᠷᠠᠰᠤᠯ ᠳ᠋ᠤ᠌ ᠮᠢᠨᠢ ᠴᠡᠯ ᠨᠣᠭᠣᠭᠠᠨ ᠢ᠋ᠶ᠋ᠠᠷ ᠬᠥᠬᠡᠷᠡᠪᠡᠴᠦ ᠂ ᠦᠰᠦ ᠭᠡᠵᠢᠭᠡᠨ ᠳ᠋ᠦ᠍ ᠪᠠᠭᠤᠬᠤ ᠥᠯ ᠪᠤᠭᠤᠷᠤᠯ ᠬᠢᠷᠠᠭᠤ ᠪᠣᠯᠤᠨ ᠦᠨᠡᠨ ᠬᠤᠳᠠᠯ ᠢ᠋ ᠨᠢ ᠣᠯᠬᠤ ᠦᠭᠡᠢ ᠶᠢᠷᠲᠢᠨᠴᠦ ᠶ᠋ᠢᠨ ᠡᠷᠢᠶᠡᠨ ᠪᠠᠷᠠᠭᠠᠨ ᠮᠢᠨᠦ ᠰᠡᠳᠬᠢᠯ ᠦ᠋ᠨ ᠠᠲᠠᠷ ᠲᠤ᠌ ᠡᠯᠡᠰᠦ ᠰᠢᠭ ᠰᠢᠭᠤᠷᠤᠨ᠎ᠠ ᠃
ᠠᠩᠬ᠎ᠠ ᠲᠤᠮᠲᠠᠳᠤ ᠶᠢᠨ ᠡᠪᠦᠯ ᠦᠨ ᠠᠮᠠᠷᠠᠯᠲᠠ ᠶᠢᠨ ᠳᠠᠰᠬᠠᠯ
< ᠠᠮᠲᠠᠷᠬᠠᠨ ᠤᠩᠰᠢᠬᠤᠢ > ᠠᠴᠠ ᠬᠠᠭᠤᠯᠤᠨ ᠪᠢᠴᠢᠪᠡ᠃
ᠦᠰᠦᠭ ᠠᠮᠢᠯᠠᠭᠤᠯᠤᠭᠰᠠᠨ ᠨᠢ᠄ ᠭᠠᠸᠠ
ᠬᠢᠨᠠᠭᠴᠢ᠄ ᠴᠣᠯᠮᠣᠨᠲᠤᠶᠠᠭ᠎ᠠ ᠪᠠᠭ᠍ᠰᠢ
