ᠢᠯᠠᠭᠤᠭᠰᠠᠨ ᠡᠷᠬᠡᠲᠦ ᠳᠠᠯᠠᠢ ᠯᠠᠮᠠЯлгуусан эрхт далай лам
ᠢᠯᠠᠭᠤᠭᠰᠠᠨ ᠡᠷᠬᠡᠲᠦ ᠳᠠᠯᠠᠢ ᠯᠠᠮᠠ
ᠣᠷᠳᠣᠰ ᠭᠦᠷᠦ ᠳᠠᠭᠤᠤ
ᠬᠥᠭᠲᠥ ᠨᠠᠮᠤᠷ ᠤᠨ ᠡᠬᠢᠨ ᠰᠠᠷ᠎ᠠ ᠳᠤ
ᠬᠥᠬᠥᠭᠡ ᠰᠢᠪᠠᠭᠤ ᠳᠣᠩᠭᠣᠳᠬᠤ ᠶᠢᠨ ᠦᠶ᠎ᠡ ᠳᠦ
ᠬᠡᠦᠬᠡᠨ ᠦᠷ᠎ᠡ ᠶᠢ ᠪᠡᠨ ᠥᠭᠬᠦ ᠶᠢᠨ ᠴᠠᠭ ᠲᠤ
ᠬᠥᠭ ᠲᠠᠢ ᠬᠣᠭᠣᠯᠠᠢ ᠪᠠᠷ ᠨᠠᠢᠷᠯᠠᠶ᠎ᠠ ᠳ᠋ᠣᠣ᠃
ᠴᠢᠩᠭᠢᠰ ᠪᠣᠭᠳᠠ ᠶᠢᠨ ᠪᠢᠯᠢᠭ ᠴᠢᠨᠠᠷ
ᠴᠡᠩᠬᠡᠨ ᠵᠢᠷᠭᠠᠬᠤ ᠨᠠᠢᠷ ᠤᠨ ᠶᠣᠰᠣ
ᠴᠢᠮᠡᠭᠯᠡᠨ ᠨᠠᠢᠷᠠᠭᠤᠯᠤᠭᠰᠠᠨ ᠡᠨᠡ ᠳᠠᠭᠤᠤ ᠶᠢ
ᠴᠢᠩᠨᠠᠵᠤ ᠰᠣᠨᠣᠰ ᠡ ᠲᠠ ᠨᠠᠷ ᠪᠦᠭᠦᠳᠡ᠃
ᠤᠷᠭᠤᠮᠠᠯ ᠬᠤᠷᠴᠠ ᠨᠠᠷᠠᠨ ᠤ ᠭᠡᠷᠡᠯ ᠢᠶᠡᠷ
ᠤᠳᠪᠠᠯᠠ ᠴᠡᠴᠡᠭ ᠳᠡᠯᠭᠡᠷᠡᠬᠦ ᠶᠢᠨ ᠦᠶ᠎ᠡ ᠳᠦ
ᠦᠷ᠎ᠡ ᠠᠴᠢ ᠨᠠᠷ ᠢᠶᠠᠨ ᠥᠭᠬᠦ ᠶᠢᠨ ᠴᠠᠭ ᠲᠤ
ᠤᠤᠭᠠᠨ ᠬᠣᠭᠣᠯᠠᠢ ᠪᠠᠷ ᠢᠶᠠᠨ ᠳᠠᠭᠤᠯᠠᠨ ᠪᠢᠳᠡ᠃
ᠬᠤᠲᠤᠭᠲᠤ ᠲᠥᠷᠥᠯ ᠦᠨ ᠬᠤᠷᠢᠮ ᠤᠨ ᠶᠣᠰᠤ
ᠬᠤᠲᠤᠭ ᠵᠢᠷᠭᠠᠬᠤ ᠨᠠᠢᠷ ᠤᠨ ᠶᠣᠰᠤ
ᠬᠤᠷᠢᠮ ᠳᠤ ᠪᠠᠨ ᠴᠤᠭᠯᠠᠷᠠᠭᠰᠠᠨ ᠲᠠ ᠨᠠᠷ ᠪᠦᠭᠦᠳᠡ ᠳᠦ ᠪᠡᠨ
ᠬᠤᠷᠤᠭᠤᠨ ᠤ ᠪᠠᠨ ᠦᠵᠦᠭᠦᠷ ᠢᠶᠡᠷ ᠨᠠᠢᠷᠯᠠᠨ᠎ᠠ ᠪᠢᠳᠡ᠃
ᠢᠯᠠᠭᠤᠭᠰᠠᠨ ᠡᠷᠬᠡᠲᠦ ᠳᠠᠯᠠᠢ ᠯᠠᠮᠠ
ᠢᠯᠠᠵᠤ ᠲᠤᠭᠤᠯᠤᠭᠰᠠᠨ ᠪᠣᠭᠳᠠ ᠮᠢᠯᠠ
ᠢᠯᠭᠠᠯ ᠦᠭᠡᠢ ᠸᠴᠢᠷ ᠳ᠋ᠠᠷ᠎ᠠ
ᠢᠮᠠᠭᠲᠠ ᠮᠠᠨ ᠢ ᠪᠡᠨ ᠥᠷᠦᠰᠢᠶᠡᠨ ᠰᠣᠶᠣᠷᠬ᠎ᠠ᠃
ᠰᠠᠮᠠᠨᠳᠠᠪᠠᠳᠠᠷᠢ ᠲᠠᠬᠢᠯ ᠤᠨ ᠳᠦᠷᠰᠦ
ᠰᠠᠴᠤᠷᠠᠯ ᠦᠭᠡᠢ ᠨᠠᠢᠷ ᠤᠨ ᠶᠣᠰᠤ
ᠱᠠᠵᠢᠨ ᠲᠥᠷᠥ ᠶᠢᠨ ᠡᠩᠬᠡ ᠶᠢᠨ ᠪᠠᠶᠠᠷ ᠲᠤ
ᠰᠠᠢᠬᠠᠨ ᠠᠮᠤᠷ ᠵᠢᠷᠭᠠᠶ᠎ᠠ ᠪᠢᠳᠡ᠃
ᠢᠯᠠᠭᠤᠭᠰᠠᠨ ᠡᠷᠬᠡᠲᠦ ᠳᠠᠯᠠᠢ ᠪᠯᠠᠮ᠎ᠠ
ᠢᠯᠡᠳᠳᠡ ᠲᠤᠭᠤᠯᠤᠭᠰᠠᠨ ᠪᠣᠭᠳᠠ ᠮᠢᠯᠠ
ᠢᠯᠭᠠᠯ ᠦᠭᠡᠢ ᠸᠴᠢᠷ ᠳ᠋ᠠᠷᠾᠠ
ᠢᠮᠠᠭᠲᠠ ᠮᠠᠨ ᠢ ᠪᠡᠨ ᠥᠷᠦᠰᠢᠶᠡ᠃
ᠰᠠᠮᠳᠢᠪᠠᠳᠠᠷᠠ ᠶᠢᠨ ᠲᠠᠬᠢᠯ ᠮᠡᠲᠦ
ᠰᠠᠴᠤᠷᠠᠯ ᠦᠭᠡᠢ ᠨᠠᠢᠷ ᠤᠨ ᠶᠣᠰᠤ
ᠱᠠᠵᠢᠨ ᠲᠥᠷᠥ ᠶᠢᠨ ᠡᠩᠬᠡ ᠶᠢᠨ ᠪᠠᠶᠠᠷ ᠲᠤ
ᠰᠠᠢᠬᠠᠨ ᠢᠶᠠᠷ ᠵᠢᠷᠭᠠᠶ᠎ᠠ ᠪᠢᠳᠡ᠃
ᠴᠣᠬᠤᠮ ᠡᠨᠳᠡ ᠠᠭᠤᠯᠵᠠᠨ ᠰᠠᠭᠤᠭᠴᠢ
ᠴᠣᠭᠲᠤ ᠲᠡᠭᠷᠢ ᠶᠢᠨ ᠵᠢᠷᠭᠠᠯ ᠪᠠᠢᠨ᠎ᠠ
ᠴᠢᠭᠤᠯᠤᠭᠰᠠᠨ ᠪᠦᠭᠦᠳᠡ ᠶᠢᠨ ᠬᠥᠭᠵᠢᠶᠡᠨ ᠳᠤᠮᠳᠠ ᠠᠴᠠ
ᠴᠤᠤᠷᠠ ᠶᠢᠨ ᠠᠶᠠᠯᠭᠤ ᠪᠠᠷᠢᠨ᠎ᠠ᠃
ᠬᠤᠲᠤᠭ ᠢᠷᠦᠭᠡᠯ ᠦᠨ ᠬᠦᠴᠦᠨ ᠢᠶᠡᠷ ᠪᠢᠳᠡ
ᠬᠤᠪᠢᠲᠠᠢ ᠬᠤᠤᠷᠠᠢ (ᠬᠤᠭᠤᠷ) ᠶᠢᠨ
ᠴᠢᠭᠤᠯᠤᠭᠰᠠᠨ
ᠪᠦᠭᠦᠳᠡ ᠬᠤᠷᠢᠮ ᠤᠨ ᠵᠢᠷᠭᠠᠯ ᠪᠠᠳᠠᠷᠠᠬᠤ ᠶᠢᠨ ᠴᠠᠭᠲᠤ
ᠬᠤᠭᠤᠷ ᠤᠨ ᠠᠶᠠᠯᠭᠤ ᠪᠠᠷᠢᠨ᠎ᠠ᠃
ᠴᠢᠩᠭᠢᠰ ᠲᠡᠭᠷᠢ ᠶᠢᠨ ᠪᠢᠯᠢᠭ ᠦᠨ ᠡᠭᠡᠰᠢᠭ ᠭᠡᠭᠴᠢ
ᠵᠢᠷᠭᠠᠬᠤ ᠨᠠᠢᠷ ᠤᠨ ᠶᠤᠰᠤ
ᠴᠢᠮᠡᠭᠯᠡᠨ ᠡᠷᠭᠦᠭᠰᠡᠨ ᠡᠨᠡ ᠰᠢᠯᠦᠭ ᠢ
ᠰᠣᠨᠣᠰ ᠪᠦᠭᠦᠳᠡᠭᠡᠷ᠃
ᠨᠠᠪᠴᠢᠲᠤ ᠯᠢᠩᠬᠸ᠎ᠠ ᠶᠢᠨ ᠪᠠᠢᠳᠠᠯ ᠲᠠᠢ ᠠᠳᠠᠯᠢ
ᠨᠠᠰᠤᠨ ᠦᠶ᠎ᠡ ᠶᠢᠨ ᠵᠢᠷᠭᠠᠯ ᠪᠠᠢᠨ᠎ᠠ
ᠨᠠᠭᠠᠳᠤᠮ ᠤᠨ ᠵᠢᠷᠭᠠᠯ ᠪᠠᠳᠠᠷᠠᠬᠤ ᠶᠢᠨ ᠴᠠᠭ ᠲᠤ
ᠨᠠᠢᠷ ᠤᠨ ᠡᠭᠡᠰᠢᠭ ᠪᠠᠷᠢᠨᠠᠢ᠃
ᠲᠦᠭᠡᠮᠡᠯ ᠦᠨ ᠡᠵᠡᠨ ᠪᠣᠭᠳᠠ ᠮᠢᠨᠢ
ᠲᠤᠭᠤᠯᠤᠰᠢ ᠦᠭᠡᠢ ᠭᠠᠯᠪᠠ ᠳᠤ ᠦᠯᠡᠮᠵᠢ ᠪᠠᠲᠤ
ᠲᠡᠭᠦᠰ ᠪᠠᠶᠠᠰᠬᠤᠯᠠᠩ ᠲᠠᠢ ᠲᠡᠭᠷᠢ ᠶᠢᠨ ᠦᠷᠡᠰ
ᠲᠦᠮᠡᠨ ᠦ ᠵᠢᠷᠭᠠᠯ ᠢ ᠪᠠᠳᠠᠷᠠᠭᠤᠯᠪᠠᠢ᠃
