《ᠰᠤᠳᠤᠷ ᠤᠨ ᠴᠢᠭᠤᠯᠭᠠᠨ》1-2-04ᠬᠠᠢᠳᠤ ᠬᠠᠨ ᠤ᠋ ᠲᠤᠬᠠᠢ ᠬᠦᠦᠷᠨᠢᠯхайду ханы тухай хүүрнэл ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠰᠤᠳᠤᠷ ᠤᠨ ᠴᠢᠭᠤᠯᠭᠠᠨ》1-2-04ᠬᠠᠢᠳᠤ ᠬᠠᠨ ᠤ᠋ ᠲᠤᠬᠠᠢ ᠬᠦᠦᠷᠨᠢᠯхайду ханы тухай хүүрнэл

《ᠰᠤᠳᠤᠷ ᠤᠨ ᠴᠢᠭᠤᠯᠭᠠᠨ》1-2-04ᠬᠠᠢᠳᠤ ᠬᠠᠨ ᠤ᠋ ᠲᠤᠬᠠᠢ ᠬᠦᠦᠷᠨᠢᠯхайду ханы тухай хүүрнэл

ᠠᠩᠭᠢᠯᠠᠯ:ᠲᠡᠦᠬᠡ ᠰᠣᠶᠣᠯ
2023-04-28

295

ᠬᠠᠢᠳᠤ ᠬᠠᠨ ᠤ᠋ ᠲᠤᠬᠠᠢ ᠬᠦᠦᠷᠨᠢᠯ

     ᠬᠠᠢᠳᠤ ᠬᠠᠨ ᠤ᠋ ᠲᠤᠬᠠᠢ ᠬᠦᠦᠷᠨᠢᠯ ᠦ᠋ᠨ ᠡᠬᠢᠨ
  ᠬᠥᠮᠦᠰ ᠦ᠋ᠨ ᠨᠡᠯᠢᠶᠡᠳ ᠨᠢ ᠬᠡᠷᠡᠭᠴᠢᠭᠦᠯᠬᠦ ᠳ᠋ᠦ᠍ ᠬᠡᠴᠡᠭᠦᠦ ᠪᠤᠶᠤ ᠪᠣᠯᠤᠮᠵᠢ ᠦᠭᠡᠢ ᠵᠦᠢᠯ ᠳ᠋ᠦ᠍ ᠶᠡᠬᠡ ᠢᠲᠡᠭᠡᠯ ᠲᠠᠯᠪᠢᠵᠤ ᠪᠠᠢᠭᠰᠠᠨ ᠢ᠋ᠶ᠋ᠠᠨ ᠪᠠᠢᠳᠠᠯ ᠢ᠋ ᠣᠢᠯᠠᠭᠠᠬᠤ ᠪᠠᠷ ᠢ᠋ᠶ᠋ᠠᠨ ᠨᠠᠢᠳᠠᠯᠭ᠎ᠠ ᠲᠠᠰᠤᠷᠠᠳᠠᠭ ᠪᠢᠯᠡ ᠃ ᠭᠡᠲᠡᠯ᠎ᠡ ᠂ ᠣᠭᠲᠣ ᠨᠠᠢᠳᠠᠯᠭ᠎ᠠ ᠦᠭᠡᠢ ᠬᠥᠮᠦᠰ ᠪᠠᠰᠠ ᠣᠯᠠᠨ ᠲᠠ ᠃ ᠬᠠᠷᠢᠨ ᠪᠦᠬᠦᠨ ᠤ ᠳᠡᠭᠡᠳᠦᠰ ᠦᠨᠡᠨ ᠨᠢ ᠲᠡᠳᠡᠨ ᠳ᠋ᠦ᠍ ᠥᠨᠳᠥᠷ ᠵᠡᠷᠭᠡᠲᠦ ᠬᠦᠨᠳᠦᠲᠡᠢ ᠰᠠᠭᠤᠳᠠᠯ ᠬᠠᠢᠷᠠᠯᠠᠳᠠᠭ ᠪᠠᠢᠨ᠎ᠠ ᠃ ᠵᠠᠷᠢᠮ ᠤ᠋ᠨ ᠬᠢᠨᠢ ᠡᠬᠢᠨ ᠦᠶ᠎ᠡ ᠳ᠋ᠦ᠍ ᠡᠬᠢᠨ ᠤ ᠮᠥᠴᠡ ᠳ᠋ᠦ᠍ᠨᠢ ᠲᠡᠷᠡ᠂ ᠪᠡᠷ ᠶᠠᠩᠵᠤ ᠪᠦᠷᠢ ᠶ᠋ᠢᠨ ᠭᠠᠢ ᠲᠠᠭᠠᠷᠢᠭᠤᠯᠵᠤ ᠂ ᠵᠣᠪᠠᠯᠠᠩ ᠦᠵᠡᠭᠦᠯᠵᠦ ᠶᠠᠳᠠᠷᠠᠭᠠᠵᠤ ᠂ ᠪᠡᠷᠬᠡ ᠶ᠋ᠢ ᠲᠤᠭᠤᠯᠤᠭᠤᠯᠵᠤ ᠨᠠᠢᠳᠠᠪᠤᠷᠢ ᠪᠠᠨ ᠪᠠᠷᠠᠭᠰᠠᠨ ᠤ᠋ ᠳᠠᠷᠠᠭ᠎ᠠ ᠯᠠ ᠪᠠᠶᠠᠷ ᠪᠠᠶᠠᠰᠬᠤᠯᠠᠩ ᠢ᠋ᠶ᠋ᠠᠨ ᠬᠦᠷᠲᠡᠭᠡᠳᠡᠭ ᠂ ᠥᠭᠡᠷ᠎ᠡ ᠪᠡᠷ ᠬᠡᠯᠡᠪᠡᠯ 《 ᠭᠠᠢ ᠭᠠᠮᠰᠢᠭ᠋ ᠤ᠋ᠨ ᠳᠠᠷᠠᠭᠠᠬᠢ ᠪᠠᠶᠠᠷ ᠪᠠᠶᠠᠰᠬᠤᠯᠠᠩ 》 ᠪᠤᠶᠤ ᠦᠨᠡᠬᠡᠷ 《  ᠺᠤᠷᠡᠨ ᠨᠣᠮ 》 ᠳ᠋ᠤ᠌ ᠬᠡᠯᠡᠳᠡᠭ ᠢ᠋ᠶ᠋ᠡᠷ 《ᠪᠡᠷᠬᠡᠰᠢᠶᠡᠯ ᠢ᠋ ᠠᠮᠤᠰᠬᠢᠬᠦ ᠲᠡᠢ ᠬᠣᠣᠰᠯᠠᠭᠤᠯᠤᠨ᠎ᠠ 》᠃ ᠲᠡᠷᠡ ᠪᠡᠷ ᠪᠣᠭᠣᠨᠢ ᠴᠠᠭ ᠤ᠋ᠨ ᠳᠣᠲᠣᠷ᠎ᠠ ᠬᠥᠮᠦᠨ ᠢ᠋ ᠠᠢᠮᠠᠭ ᠤ᠋ᠨ ᠵᠣᠩᠬᠢᠯᠠᠭᠴᠢ ᠂ ᠲᠣᠯᠣᠭᠠᠢᠯᠠᠭᠴᠢ ᠪᠣᠯᠭᠠᠵᠤ ᠂ ᠥᠨᠳᠥᠷ ᠠᠯᠪᠠ ᠡᠭᠦᠷᠦᠭᠦᠯᠦᠨ᠎ᠡ ᠃ ᠡᠨᠡ ᠬᠥᠮᠦᠨ ᠤ ᠪᠠᠢᠳᠠᠯ ᠤ᠋ᠨ ᠲᠠᠯ᠎ᠠ ᠪᠠᠷ ᠪᠦᠬᠦᠨ ᠤ ᠳᠡᠭᠡᠳᠦ ᠦᠨᠡᠨ ᠤ ᠲᠠᠭᠠᠯᠠᠯ ᠪᠣᠯ ᠬᠥᠮᠦᠰ ᠲᠡᠭᠦᠨ ᠤ ᠢᠳᠡ ᠰᠢᠳᠢ ᠶ᠋ᠢ ᠨᠢ ᠮᠡᠳᠡᠭ ᠂ ᠲᠠᠨᠢᠵᠤ ᠪᠠᠢᠭ ᠂ 《 ᠺᠤᠷᠡᠨ ᠨᠣᠮ 》 ᠳ᠋ᠤ᠌ ᠪᠦᠷᠢᠨ ᠳᠦᠭᠦᠷᠡᠩ ᠢᠯᠡᠷᠬᠡᠢᠯᠡᠭᠰᠡᠨ ᠢ᠋ᠶ᠋ᠡᠷ 《 ᠠᠯᠯᠠᠾ ᠤ᠋ᠨ ᠲᠠᠢᠳᠬᠤᠷᠠᠭᠤᠯᠤᠯ ᠠ᠋ᠴᠠ ᠪᠦᠦ ᠂ ᠴᠥᠬᠥᠷᠡ 》 ᠭᠡᠰᠡᠨ ᠦᠭᠡ ᠶ᠋ᠢᠨ ᠤᠳᠬ᠎ᠠ ᠶ᠋ᠢᠨ ᠳᠠᠭᠠᠤ ᠡᠭᠦᠨ ᠡᠴᠡ ᠰᠤᠷᠭᠠᠮᠵᠢ ᠠᠪᠤᠭ ᠂ ᠲᠡᠭᠦᠨ ᠤ ᠡᠭᠡᠯᠢ ᠪᠡᠷ ᠳᠦᠭᠦᠷᠡᠩ ᠣᠷᠳᠣᠨ ᠠ᠋ᠴᠠ ᠨᠠᠢᠳᠠᠪᠤᠷᠢ ᠪᠠᠨ ᠠᠯᠳᠠᠵᠤ ᠪᠦᠦ ᠪᠤᠴᠠᠭ ᠂ ᠠᠯᠯᠠᠾ ᠲᠦ ᠴᠢᠩ ᠦᠨᠡᠨᠴᠢ ᠂ ᠠᠷᠢᠭᠤᠨ ᠰᠡᠳᠬᠢᠯ ᠲᠡᠢ ᠢᠷᠡᠵᠡᠭᠡᠭ ᠭᠡᠰᠡᠨ ᠳ᠋ᠦ᠍ ᠯᠡ ᠪᠠᠢᠭ᠎ᠠ ᠳ᠋ᠠᠭ ᠠ᠋ ᠃ ᠡᠭᠦᠨ ᠤ ᠪᠠᠲᠤᠯᠠᠭ᠎ᠠ ᠭᠡᠪᠡᠯ ᠬᠠᠢᠳᠤ ᠬᠠᠨ ᠤ᠋ ᠠᠮᠢᠳᠤᠷᠠᠯ ᠤ᠋ᠨ ᠵᠠᠮ ᠤ᠋ᠨ ᠲᠤᠬᠠᠢ ᠪᠢᠴᠢᠭᠰᠡᠨ ᠡᠴᠡ ᠬᠠᠷᠠᠭᠳᠠᠨ᠎ᠠ ᠃ ᠲᠡᠭᠦᠨ ᠢ᠋ ᠪᠦᠬᠦᠨ ᠤ ᠳᠡᠭᠡᠳᠦ ᠦᠨᠡᠨ ᠬᠡᠴᠢᠨᠡᠭᠡᠨ ᠴᠦ᠍ ᠣᠯᠠᠨ ᠭᠠᠢ ᠭᠠᠮᠰᠢᠭ᠋ ᠂ ᠭᠠᠷᠴᠠᠭ᠎ᠠ ᠦᠭᠡᠢ ᠪᠠᠢᠳᠠᠯ ᠠ᠋ᠴᠠ ᠭᠠᠷᠭᠠᠭᠰᠠᠨ ᠤ᠋ ᠪᠠᠨ ᠳᠠᠷᠠᠭ᠎ᠠ ᠶᠡᠬᠡᠬᠡᠨ ᠪᠢᠢ᠌ᠯᠢᠭᠵᠢᠭᠦᠦ ᠪᠡᠷ ᠪᠣᠯᠤᠮᠵᠢ ᠲᠠᠢ ᠪᠦᠬᠦ ᠬᠡᠰᠢᠭ ᠬᠦᠷᠲᠡᠭᠡᠵᠦ ᠶᠠᠩᠵᠤ ᠪᠦᠷᠢ ᠪᠡᠷ ᠢᠪᠡᠭᠡᠵᠦ ᠪᠠᠢᠪᠠ ᠃
  ᠮᠥᠩᠬᠡ ᠶ᠋ᠢᠨ ᠠᠢᠯᠠᠳᠤᠭᠰᠠᠨ ᠢ᠋ᠶ᠋ᠠᠷ 《 ᠠᠯᠯᠠᠾ ᠳᠤᠷᠠᠲᠠᠢ ᠬᠥᠮᠦᠨ ᠢ᠋ᠶ᠋ᠡᠨ ᠢᠪᠡᠭᠡᠯ ᠳ᠋ᠡᠭᠡᠨ ᠠᠪᠳᠠᠭ 》 ᠭᠡᠨ᠎ᠡ ᠃ ᠦᠨᠡᠬᠡᠷ ᠰᠡᠴᠡᠨ ᠮᠡᠷᠭᠡᠳ ᠲᠦ᠍ ᠰᠤᠷᠭᠠᠮᠵᠢ ᠪᠣᠯᠬᠤ ᠵᠢᠱ᠌ᠢᠶ᠎ᠡ ᠡᠭᠦᠨ ᠳ᠋ᠦ᠍ ᠪᠠᠢᠨ᠎ᠠ ᠃ ᠵᠥᠪ ᠤᠳᠤᠷᠢᠳᠤᠯᠭ᠎ᠠ ᠳ᠋ᠤ᠌ ᠵᠠᠬᠢᠷᠤᠭᠳᠠᠭᠴᠢ ᠪᠦᠷᠢ ᠠᠮᠤᠭᠤᠯᠠᠩ ᠪᠠᠢᠭ!

    ᠮᠠᠨᠠᠨ ᠲᠤᠳᠤᠨ ᠤ᠋ ᠬᠥᠪᠡᠭᠦᠨ ᠬᠠᠢᠳᠤ ᠬᠠᠨ ᠪᠠ ᠲᠡᠭᠦᠨ ᠤ ᠬᠥᠪᠡᠭᠦᠳ ᠦ᠋ᠨ ᠲᠤᠬᠠᠢ ᠬᠦᠦᠷᠨᠢᠯ
      ᠡᠨᠡ ᠨᠢ ᠬᠣᠶᠠᠷ ᠬᠡᠰᠡᠭ ᠲᠡᠢ
     ᠨᠢᠭᠡᠳᠦᠭᠡᠷ  ᠬᠡᠰᠡᠭ
   ᠬᠠᠢᠳᠤ ᠬᠠᠨ ᠪᠠ ᠬᠥᠪᠡᠭᠦᠳ ᠦ᠋ᠨ ᠬᠢᠨᠢ ᠠᠮᠢᠳᠤᠷᠠᠯ ᠤ᠋ᠨ ᠪᠠᠢᠳᠠᠯ ᠤ᠋ᠨ ᠲᠤᠬᠠᠢ ᠤᠳᠤᠷᠢᠳᠬᠠᠯ
ᠬᠠᠢᠳᠤ ᠪᠣᠯ ᠴᠢᠩᠭᠢᠰ ᠬᠠᠭᠠᠨ ᠠ᠋ᠴᠠ ᠳᠡᠭᠡᠭᠰᠢᠬᠢ ᠵᠢᠷᠭᠤᠳᠠᠬᠢ ᠦᠶ᠎ᠡ ᠶ᠋ᠢᠨ ᠬᠥᠮᠦᠨ ᠃ ᠮᠣᠩᠭᠣᠯ ᠢ᠋ᠶ᠋ᠠᠷ ᠳᠡᠭᠡᠭᠰᠢᠬᠢ ᠵᠢᠷᠭᠤᠳᠠᠬᠢ ᠦᠶ᠎ᠡ ᠶ᠋ᠢᠨ ᠢ᠋ᠶ᠋ᠡᠨ ᠡᠪᠦᠭᠡ ᠪᠡᠨ  ᠪᠣᠣᠬᠢ ᠭᠡᠳᠡᠭ ᠪᠠᠢᠪᠠ ᠃ ᠬᠠᠢᠳᠤ ᠬᠠᠨ ᠤ᠋ ᠠᠬ᠎ᠠ ᠳᠡᠭᠦᠦ ᠵᠠᠯᠠᠢᠷ ᠤ᠋ᠳ ᠲᠤ᠌ ᠠᠯᠠᠭᠳᠠᠭᠰᠠᠨ ᠤᠴᠢᠷ ᠬᠠᠢᠳᠤ ᠥᠪᠡᠷ ᠦ᠋ᠨ ᠡᠪᠦᠭᠡ ᠡᠴᠢᠭᠡ  ( ᠬᠢᠲᠠᠳ ᠄其叔) ᠨᠠᠴᠢᠨ ᠲᠠᠢ ᠲᠡᠷᠡ ᠨᠤᠲᠤᠭ ᠠ᠋ᠴᠠ ᠭᠠᠷᠴᠤ ᠳᠡᠭᠡᠷ᠎ᠡ ᠥᠭᠦᠯᠡᠭᠰᠡᠨ ᠨᠤᠲᠤᠭ ᠲᠤ᠌  ᠪᠠᠭᠤᠳᠠᠯᠯᠠᠵᠠᠢ ᠃ ᠪᠦᠬᠦᠨ ᠤ ᠳᠡᠭᠡᠳᠦᠰ ᠂ ᠦᠨᠡᠨ ᠤ ᠲᠠᠭᠠᠯᠠᠯ ᠶᠣᠰᠣᠭᠠᠷ ᠂ ᠡᠳᠦᠷ ᠬᠣᠨᠣᠭ ᠃ ᠰᠠᠷ᠎ᠠ ᠵᠢᠯ ᠥᠩᠭᠡᠷᠡᠭᠡᠭᠡᠳ ᠴᠢᠩᠭᠢᠰ ᠬᠠᠭᠠᠨ ᠤ᠋ ᠪᠠᠢᠬᠤ ᠶᠣᠰᠣᠲᠠᠢ ᠲᠡᠷᠡ ᠰᠤᠪᠤᠳ ᠂ ᠨᠢ ᠥᠪᠡᠷ ᠦ᠋ᠨ ᠢ᠋ᠶ᠋ᠡᠨ ᠡᠪᠦᠭᠡ ᠳᠡᠭᠡᠳᠦᠰ ᠦ᠋ᠨ ᠬᠡᠪᠡᠯᠢ ᠳ᠋ᠦ᠍ ᠡᠷᠭᠢᠵᠦ ᠢᠷᠡᠬᠦ ᠶᠣᠰᠣᠲᠠᠢ ᠬᠡᠮᠡᠬᠦ ᠲᠤᠯᠠ ᠴᠢᠩᠭᠢᠰ ᠬᠠᠭᠠᠨ ᠤ᠋ ᠤ᠌ᠭ ᠰᠤᠷᠪᠤᠯᠵᠢ ᠪᠣᠯᠬᠤ ᠬᠠᠢᠳᠤ ᠬᠠᠨ ᠳ᠋ᠤ᠌ ᠲᠡᠷᠡ ᠪᠡᠷ ᠪᠤᠶᠠᠨ ᠪᠠ ᠠᠴᠠ ᠵᠢᠷᠭᠠᠯ ᠬᠠᠢᠷᠠᠯᠠᠵᠤ ᠂ ᠥᠪᠡᠷ ᠦ᠋ᠨ ᠡᠨᠡᠷᠢᠯ ᠲᠠᠭᠠᠯᠠᠯ ᠢ᠋ ᠬᠦᠷᠲᠡᠭᠡᠭᠰᠡᠨ ᠲᠤᠯᠠ ᠲᠣᠭ᠎ᠠ ᠲᠣᠮᠰᠢ ᠦᠭᠡᠢ ᠣᠯᠠᠨ ᠡᠬᠡᠨᠡᠷ ᠂ ᠬᠥᠮᠦᠰ ᠂ ᠮᠠᠯ ᠰᠦᠷᠦᠭ ᠠᠳᠤᠭᠤ ᠲᠠᠢ ᠪᠣᠯᠵᠠᠢ ᠃ ᠲᠡᠭᠦᠨ ᠡᠴᠡ ᠡᠷᠬᠡ ᠳᠤᠷ᠎ᠠ ᠪᠠᠷ ᠢ᠋ᠶ᠋ᠠᠨ ᠥᠰᠬᠦ ᠠᠮᠠᠨ ᠤ᠋ ᠬᠡᠰᠢᠭ ᠲᠡᠢ ᠠᠵᠠᠲᠠᠢ ᠭᠤᠷᠪᠠᠨ ᠬᠥᠪᠡᠭᠦᠨ ᠨᠡᠷᠡᠲᠦ ᠶᠢᠷᠲᠢᠨᠴᠦ ᠳ᠋ᠦ᠍ ᠲᠥᠷᠥᠵᠡᠢ ᠃  ᠣᠳᠬᠣᠨ ᠬᠥᠪᠡᠭᠦᠨ ᠤ ᠨᠡᠷ᠎ᠡ ᠪᠠᠢᠰᠢᠩᠬᠤᠷ ᠡᠭᠦᠨ ᠡᠴᠡ ᠴᠢᠩᠭᠢᠰ ᠬᠠᠭᠠᠨ ᠤ᠋ ᠠᠯᠲᠠᠨ ᠤᠷᠤᠭ ᠡᠬᠢᠯᠡᠨ᠎ᠡ ᠃ ᠳᠤᠮᠳᠠ ᠬᠥᠪᠡᠭᠦᠨ ᠤ ᠨᠡᠷ᠎ᠡ ᠴᠢᠷᠬᠠᠢ ᠯᠢᠩᠯᠦ᠎ᠠ  (ᠯᠢᠩᠭᠦᠮ) ᠂ ᠤᠳᠬᠤᠨ ᠤ᠋ ᠬᠢᠨᠢ ᠴᠠᠤᠵᠢᠨ ( ᠴᠣᠢᠵᠢᠨ)ᠥᠷᠲᠡᠭᠡᠢ ( 《 ᠮᠣᠩᠭᠣᠯ ᠤ᠋ᠨ ᠨᠢᠭᠤᠴᠠ ᠲᠣᠪᠴᠢᠶᠠᠨ 》 ᠂ 47 ᠳ᠋ᠤᠭᠠᠷ ᠵᠦᠢᠯ ) ᠭᠡᠳᠡᠭ ᠃ ᠲᠡᠭᠦᠨ ᠡᠴᠡ ᠠᠷᠲᠠᠬᠠᠨ ᠪᠠ  ᠰᠠᠢᠵᠢᠭᠤᠳ ᠭᠡᠰᠡᠨ ᠬᠣᠶᠠᠷ ᠠᠢᠮᠠᠭ ᠡᠭᠦᠰᠦᠨ ᠪᠣᠢ ᠪᠣᠯᠵᠠᠢ ᠃ ᠯᠢᠩᠭᠦᠮ ᠭᠡᠳᠡᠭ ᠨᠢ  ᠬᠢᠲᠠᠳ ᠢ᠋ᠶ᠋ᠡᠷ ᠠᠬᠠᠯᠠᠬᠤ ᠨᠣᠶᠠᠨ ᠭᠡᠰᠡᠨ ᠤᠳᠬ᠎ᠠ ᠲᠠᠢ ᠦᠭᠡ  ᠶᠤᠮ ᠃ ᠲᠡᠳᠡᠨ ᠤ ᠬᠢ ᠬᠢᠲᠠᠳ ᠲᠠᠢ ᠡᠵᠡᠨᠲᠡᠨ ᠳᠡᠭᠡᠳᠦᠰ ᠦ᠋ᠨ ᠬᠢᠨᠢ ᠡᠵᠡᠮᠰᠢᠯ ᠲᠡᠢ ᠣᠢᠷ᠎ᠠ ᠪᠠᠢᠭᠰᠠᠨ ᠤᠴᠢᠷ ᠬᠢᠲᠠᠳ ᠨᠡᠷ᠎ᠡ ᠲᠣᠮᠢᠶ᠎ᠠ ᠂ ᠴᠣᠯᠠ ᠬᠡᠷᠡᠭᠯᠡᠬᠦ ᠂ ᠶᠠᠪᠤᠳᠠᠯ ᠨᠡᠯᠢᠶᠡᠳ ᠪᠠᠢᠵᠠᠢ ᠃ ᠮᠣᠩᠭᠣᠯ ᠤ᠋ᠨ ᠵᠢᠷ ᠦ᠋ᠨ ᠬᠥᠮᠦᠰ ᠲᠦ᠍ ᠯᠢᠩᠭᠦᠮ ᠭᠡᠳᠡᠭ ᠦᠭᠡ ᠶ᠋ᠢᠨ ᠤᠳᠬ᠎ᠠ ᠣᠢᠯᠠᠭᠠᠭᠳᠠᠬᠤ ᠦᠭᠡᠢ ᠪᠠᠢᠭᠰᠠᠨ ᠤᠴᠢᠷ ᠴᠢᠷᠬᠠᠢ ᠯᠢᠩᠭᠦᠮ ᠭᠡᠵᠦ ᠨᠡᠷᠡᠯᠡᠳᠡᠭ ᠪᠣᠯᠵᠠᠢ ᠃ ᠲᠡᠷᠡ ᠪᠡᠷ ᠪᠦᠬᠦ ᠲᠠᠢᠴᠢᠭᠤᠳ ᠠᠢᠮᠠᠭ ᠤ᠋ᠨ ᠡᠪᠦᠭᠡ ᠳᠡᠭᠡᠳᠦᠰ ᠶᠤᠮ ᠃ 《 ᠠᠯᠲᠠᠨ ᠳᠡᠪᠲᠡᠷ 》 ᠲᠦ᠍ ᠳᠤᠷᠠᠳᠤᠭᠰᠠᠨ ᠢ᠋ᠶ᠋ᠠᠷ ᠲᠠᠢᠴᠢᠭᠤᠳ ᠨᠢ ᠮᠠᠰᠢ ᠣᠯᠠᠨ ᠲᠣᠭᠠᠲᠠᠢ ᠠᠢᠮᠠᠭ ᠤ᠋ᠳ ᠶᠤᠮ ᠃ ᠡᠨᠡ ᠨᠢ ᠦᠨᠡᠨ ᠳ᠋ᠦ᠍ ᠣᠢᠷ᠎ᠠ ᠪᠥᠭᠡᠳ ᠪᠠᠲᠤᠲᠠᠢ ᠮᠡᠳᠡᠭᠡ ᠶᠤᠮ ᠃ ᠶᠡᠬᠡᠳᠡ ᠨᠡᠷ᠎ᠡ ᠬᠦᠨᠳᠦᠲᠡᠢ ᠢᠵᠠᠭᠤᠷᠲᠠᠨ ᠨᠤᠭᠤᠳ ᠡᠨᠡ ᠯᠡ ᠠᠢᠮᠠᠭ ᠠ᠋ᠴᠠ ᠰᠤᠷᠪᠤᠯᠵᠢ ᠲᠠᠢ ᠭᠡᠳᠡᠭ ᠶᠤᠮ ᠃ ᠲᠡᠳᠡ ᠲᠣᠭ᠎ᠠ ᠲᠣᠮᠰᠢ ᠦᠭᠡᠢ ᠣᠯᠠᠨ ᠴᠡᠷᠢᠭ ᠲᠡᠢ ᠃ ᠲᠡᠳᠡᠭᠡᠷ ᠦ᠋ᠨ ᠣᠪᠣᠭ ᠪᠦᠷᠢ ᠡᠴᠡ ᠭᠣᠢᠳᠠ ᠨᠣᠶᠠᠳ ᠤᠳᠤᠷᠢᠳᠤᠭ᠌ᠴᠢᠳ ᠭᠠᠷᠳᠠᠭ ᠪᠥᠭᠡᠳ ᠲᠡᠳᠡᠨ ᠤ ᠪᠦᠬᠦ ᠠᠢᠮᠠᠭ ᠤ᠋ᠳ ᠨᠢ ᠰᠠᠨᠠᠭ᠎ᠠ ᠨᠢᠭᠡᠲᠡᠢ ᠡᠶ᠎ᠡ ᠡᠪᠲᠡᠢ ᠪᠥᠭᠡᠳ ᠬᠡᠵᠢᠶᠡᠨ ᠡᠴᠡ ᠳᠣᠲᠣᠷ᠎ᠠ ᠠ᠋ᠴᠠ ᠪᠠᠨ ᠡᠵᠡᠨᠲᠡᠨ ᠭᠠᠨ ᠨᠤᠭᠤᠳ ᠢ᠋ᠶ᠋ᠠᠨ ᠰᠣᠩᠭᠣᠳᠠᠭ ᠪᠠ ᠲᠣᠮᠢᠯᠠᠳᠠᠭ ᠂ ᠲᠡᠭᠦᠨ ᠳ᠋ᠡᠭᠡᠨ ᠵᠠᠬᠢᠷᠤᠭᠳᠠᠳᠠᠭ ᠪᠠᠢᠪᠠ ᠃
  ᠴᠢᠩᠭᠢᠰ ᠬᠠᠭᠠᠨ ᠪᠠᠭ᠎ᠠ ᠨᠠᠰᠤᠨ ᠳ᠋ᠠᠭᠠᠨ ᠡᠴᠢᠭᠡ ᠡᠴᠡ ᠪᠡᠨ ᠥᠨᠥᠴᠢᠷᠡᠨ ᠬᠣᠴᠣᠷᠤᠭᠰᠠᠨ ᠤᠴᠢᠷ ᠡᠴᠢᠭᠡ ᠶ᠋ᠢᠨ ᠬᠢᠨᠢ ᠡᠷᠬᠡᠰᠢᠶᠡᠯ ᠦ᠋ᠨ ᠶᠡᠬᠡᠩᠬᠢ ᠬᠥᠮᠦᠰ ᠴᠡᠷᠢᠭ ᠦ᠋ᠳ ᠨᠢ ᠲᠡᠭᠦᠨ ᠡᠴᠡ ᠵᠠᠢᠯᠠᠵᠤ ᠂ ᠲᠠᠢᠴᠢᠭᠤᠳ ᠲᠠᠢ ᠨᠡᠢᠯᠡᠭᠰᠡᠨ ᠪᠠᠢᠨ᠎ᠠ ᠃ ᠡᠭᠦᠨ ᠤ ᠤᠷᠰᠢᠭ᠋ ᠢ᠋ᠶ᠋ᠠᠷ ᠲᠡᠳᠡ ᠪᠠ ᠲᠠᠢᠴᠢᠭᠤᠳ ᠠᠢᠮᠠᠭ ᠤ᠋ᠨ ᠬᠣᠭᠣᠷᠣᠨᠳᠣ ᠲᠡᠢᠨ ᠳᠠᠵᠢᠨ ᠪᠣᠯᠳᠠᠭ ᠪᠠᠢᠯ᠎ᠠ ᠃ ᠡᠭᠦᠨ ᠢ᠋ ᠴᠢᠩᠭᠢᠰ ᠬᠠᠭᠠᠨ ᠤ᠋ ᠲᠤᠬᠠᠢ ᠪᠢᠴᠢᠬᠦ ᠳ᠋ᠡᠭᠡᠨ ᠤᠯᠠ ᠲᠠᠢ ᠲᠣᠳᠣᠷᠬᠠᠢ ᠥᠭᠦᠯᠡᠬᠦ ᠪᠣᠯᠤᠨ᠎ᠠ ᠃ ᠬᠡᠳᠦᠢᠪᠡᠷ ᠴᠢᠩᠭᠢᠰ ᠬᠠᠭᠠᠨ ᠬᠡᠦᠬᠡᠳ ᠪᠠᠢᠭᠰᠠᠨ ᠪᠥᠭᠡᠳ ᠴᠡᠷᠢᠭ ᠦ᠋ᠨ ᠲᠣᠭ᠎ᠠ ᠴᠤ᠌ ᠴᠥᠭᠡᠪᠲᠦᠷ᠎ ᠪᠠᠢᠭᠰᠠᠨ ᠪᠣᠯᠪᠠᠴᠤ ᠂ ᠪᠤᠷᠬᠠᠨ ᠡᠨᠡ ᠪᠦᠬᠦ ᠠᠢᠮᠠᠭ  ᠰᠠᠯᠪᠤᠷᠢ ᠶᠢ ᠪᠦᠲᠦᠭᠡᠵᠦ ᠂ ᠰᠡᠷᠭᠦᠭᠡᠨ ᠂ ᠲᠡᠳᠡᠨ ᠤ ᠠᠰᠢᠳᠠ ᠮᠥᠩᠬᠡ ᠶ᠋ᠢᠨ ᠬᠤᠪᠢ ᠲᠠᠪᠢᠯᠠᠩ ᠢ᠋ ᠭᠣᠲᠣᠷᠬᠠᠢᠯᠠᠨ ᠲᠣᠭᠲᠠᠭᠠᠬᠤ ᠳ᠋ᠠᠭᠠᠨ ᠲᠠᠯᠪᠢᠭᠰᠠᠨ ᠵᠣᠷᠢᠯᠲᠠ ᠨᠢ ᠶᠡᠬᠡᠰ ᠡᠷᠬᠡᠲᠦ ᠴᠢᠩᠭᠢᠰ ᠬᠠᠭᠠᠨ ᠤ᠋ ᠶᠡᠬᠡ ᠭᠦᠷᠦᠨ ᠭᠡᠵᠦ ᠪᠠᠢᠬᠤ ᠪᠠᠷ ᠲᠣᠭᠲᠠᠭᠠᠭᠰᠠᠨ ᠪᠣᠯᠬᠣᠷ ᠮᠢᠩᠭᠠᠨ ᠡᠷᠡᠯᠬᠡᠭ ᠡᠷ᠎ᠡ ᠪᠤᠶᠠᠨᠲᠠᠢ ᠠᠵᠠᠲᠠᠢ ᠲᠡᠷᠡ ᠭᠠᠭᠴᠠ ᠬᠥᠮᠦᠨ ᠲᠡᠢ ᠶᠠᠭᠠᠬᠢᠨ ᠵᠡᠷᠭᠡᠴᠡᠬᠦ ᠠᠵᠤᠭᠤ ? ᠬᠡᠷᠪᠡ ᠲᠠᠢᠴᠢᠭᠤᠳ ᠠᠢᠮᠠᠭ ᠤ᠋ᠨ ᠬᠢᠨ ᠡᠨᠡ ᠰᠡᠴᠡᠨ ᠮᠡᠷᠭᠡᠨ ᠤ  ᠨᠢᠭᠤᠴᠠ ᠶᠢ ᠡᠷᠢᠵᠦ ᠮᠡᠳᠡᠭᠰᠡᠨ ᠰᠠᠨ ᠪᠣᠯ ᠴᠢᠩᠭᠢᠰ ᠬᠠᠭᠠᠨ ᠤ᠋ ᠪᠠᠯᠴᠢᠷ ᠠᠬᠤᠢ ᠴᠠᠭ ᠲᠤ᠌ ᠪᠤᠶᠤ ᠬᠥᠭᠵᠢᠨ ᠥᠰᠴᠦ ᠪᠠᠢᠭᠰᠠᠨ ᠪᠠᠨᠳᠢ ᠨᠠᠰᠤᠨ ᠤ᠋ ᠦᠶ᠎ᠡ ᠳ᠋ᠦ᠍ ᠲᠡᠭᠦᠨ ᠤ ᠨᠥᠮᠥᠷᠭᠡᠨ ᠤ ᠵᠠᠬ᠎ᠠ ᠶ᠋ᠢ ᠮᠥᠷᠦᠨ ᠳᠡᠭᠡᠷ᠎ᠡ ᠪᠡᠨ ᠲᠠᠯᠪᠢᠭᠠᠳ ᠵᠢᠳᠬᠦᠵᠦ ᠪᠠᠢᠬᠤ ᠰᠠᠨ ᠪᠢᠯᠡ ᠃ ᠨᠢᠭᠡᠨᠲᠡ ᠬᠥᠮᠦᠨ ᠤ  ᠣᠶᠤᠨ ᠤᠬᠠᠭᠠᠨ ᠪᠤᠷᠬᠠᠨ ᠤ᠋ ᠪᠢᠯᠢᠭ ᠦ᠋ᠨ ᠮᠡᠯᠮᠡᠢ ᠳ᠋ᠦ᠍ ᠬᠦᠷᠬᠦ ᠳ᠋ᠦ᠍ ᠬᠠᠩᠭᠠᠯᠲᠠ ᠦᠭᠡᠢ ᠤᠴᠢᠷ ᠠ᠋ᠴᠠ ᠲᠡᠳᠡ ᠡᠭᠦᠨ ᠢ᠋ ᠨᠢ ᠤᠬᠠᠭᠠᠷᠠᠯ ᠦᠭᠡᠢ ᠴᠢᠷᠮᠠᠢᠨ ᠠᠮᠢ ᠠᠮᠢᠳᠤᠷᠠᠯ ᠢ᠋ᠶ᠋ᠠᠨ ᠦᠷᠡᠵᠦ ᠪᠠᠢᠯ᠎ᠠ ᠃ ᠲᠡᠳᠡᠭᠡᠷ ᠲᠥᠭᠡᠷᠢᠭᠳᠡᠯ ᠨᠢ ᠳᠠᠩᠴᠤ ᠶᠡᠬᠡ ᠤᠴᠢᠷ ᠦᠨᠡᠨ ᠤᠳᠤᠷᠢᠳᠤᠯᠭ᠎ᠠ ᠳ᠋ᠤ᠌ ᠬᠦᠷᠬᠦ ᠵᠠᠮ ᠲᠡᠳᠡᠨ ᠤ ᠬᠤᠪᠢ ᠳ᠋ᠤ᠌ ᠬᠠᠭᠠᠭᠳᠠᠵᠤ ᠂ ᠥᠪᠡᠷᠰᠡᠳ ᠦ᠋ᠨ ᠢ᠋ᠶ᠋ᠡᠨ ᠬᠤᠳᠠᠯ ᠬᠠᠭᠤᠷᠮᠠᠭ ᠲᠥᠰᠦᠭᠡᠯᠡᠯ ᠳ᠋ᠦ᠍ ᠠᠪᠲᠠᠨ ᠣᠯᠠᠭᠲᠠ ᠲᠤᠯᠤᠯᠳᠤᠨ ᠴᠢᠩᠭᠢᠰ ᠦ᠋ᠨ ᠪᠤᠶᠠᠨ ᠤ᠋ ᠮᠣᠳᠣᠨ ᠤ᠋ ᠦᠨᠳᠦᠰᠦ ᠰᠢᠮ᠎ᠡ ᠰᠢᠭᠦᠰᠦ ᠪᠡᠷ ᠢ᠋ᠶ᠋ᠡᠨ ᠪᠢᠯᠬᠠᠵᠤ ᠂ ᠮᠣᠳᠣ ᠨᠢ ᠴᠡᠴᠡᠭᠯᠡᠨ ᠦᠷ᠎ᠡ ᠵᠢᠮᠢᠰ ᠨᠢ ᠶᠡᠬᠡ ᠤᠷᠭᠤᠵᠤ ᠂ ᠰᠡᠷᠢᠭᠦᠦ ᠲᠠᠲᠠᠬᠤ  ᠰᠡᠭᠦᠳᠡᠷ ᠨᠢ ᠶᠡᠬᠡ ᠪᠣᠯᠲᠠᠯ᠎ᠠ ᠲᠡᠳᠡ ᠴᠢᠩᠭᠢᠰ ᠬᠠᠭᠠᠨ ᠲᠠᠢ ᠲᠡᠷᠰᠯᠡᠯᠳᠦᠪᠡ (ᠴᠢᠩᠭᠢᠰ ᠦ᠋ᠨ ᠨᠠᠰᠤ ᠪᠡᠶ᠎ᠡ ᠭᠦᠢᠴᠡᠵᠦ ᠰᠦᠷ ᠬᠦᠴᠦ ᠨᠢ ᠶᠡᠬᠡᠰᠴᠦ ᠡᠷᠡᠯᠬᠡᠭ ᠵᠣᠷᠢᠭ ᠨᠢ ᠳᠡᠢᠯᠳᠡᠬᠦ ᠦᠭᠡᠢ ᠪᠣᠯᠲᠠᠯ᠎ᠠ ᠲᠡᠳᠡ ᠴᠢᠩᠭᠢᠰ ᠬᠠᠭᠠᠨ ᠲᠠᠢ ᠲᠡᠷᠰᠯᠡᠯᠳᠦᠪᠡ)᠃ ᠲᠡᠭᠷᠢ ᠡᠵᠡᠨᠲᠡᠨ ᠤ ᠬᠦᠴᠦ ᠪᠡᠷ ᠲᠡᠳᠡ ᠃ ᠪᠦᠬᠦ ᠲᠠᠢᠴᠢᠭᠤᠳ ᠲᠡᠭᠦᠨ ᠤ ᠬᠣᠯᠪᠣᠭᠠᠲᠠᠨ ᠪᠤᠰᠤᠳ ᠠᠢᠮᠠᠭ ᠤ᠋ᠳ ᠢ᠋ ᠳᠠᠷᠤᠵᠤ ᠡᠷᠬᠡᠰᠢᠶᠡᠯ ᠳ᠋ᠡᠭᠡᠨ ᠣᠷᠣᠭᠤᠯᠪᠠ ᠃ ᠲᠡᠳᠡ ᠪᠦᠭᠦᠳᠡ ᠴᠢᠩᠭᠢᠰ ᠬᠠᠭᠠᠨ ᠳ᠋ᠤ᠌ ᠳᠤᠭᠤᠯᠭᠠᠪᠤᠷᠢᠲᠠᠢ ᠵᠠᠬᠢᠷᠤᠭᠳᠠᠬᠤ ᠵᠠᠮ ᠳ᠋ᠠᠭᠠᠨ ᠣᠷᠣᠵᠤ ᠠᠶᠤᠬᠤ ᠳ᠋ᠠᠭᠠᠨ ᠴᠡᠷᠢᠭ ᠨᠢ ᠬᠠᠷᠢᠶᠠᠨ ᠤ᠋ ᠬᠢᠨᠢ ᠪᠣᠯᠵᠤ ᠂ ᠥᠪᠡᠷᠰᠡᠳ ᠢ᠋ᠶ᠋ᠡᠨ ᠭᠠᠷᠬᠤ ᠵᠠᠮ ᠦᠭᠡᠢ ᠳᠠᠷᠤᠭᠳᠠᠬᠤ ᠪᠣᠯᠤᠭᠰᠠᠨ ᠲᠤᠬᠠᠢ ᠨᠢ ᠳᠣᠣᠷ᠎ᠠ ᠲᠣᠳᠣᠷᠬᠠᠢ ᠪᠢᠴᠢᠨ᠎ᠡ ᠃
  ᠪᠢ ᠡᠨᠡ ᠬᠦ᠌ ᠥᠭᠦᠯᠡᠯ ᠳ᠋ᠦ᠍ ᠪᠠᠰᠠ ᠴᠢᠷᠬᠠᠢ ᠯᠢᠩᠭᠦᠮ ᠂  ᠴᠠᠤᠵᠢᠨ  (ᠴᠣᠢᠵᠢᠨ) ᠤ ᠤᠳᠤᠮ  ᠤᠭᠰᠠᠭᠠᠨ ᠤ᠋  ᠲᠤᠬᠠᠢ ᠮᠡᠳᠡᠭᠡ ᠶ᠋ᠢ ᠨᠡᠮᠡᠵᠦ ᠣᠷᠣᠭᠤᠯᠤᠶ᠎ᠠ ᠃ ᠢᠩᠭᠢᠭᠰᠡᠨ ᠢ᠋ᠶ᠋ᠡᠷ ᠢ᠋ᠶ᠋ᠡᠨ ᠲᠡᠳᠡᠨ ᠤ ᠲᠤᠬᠠᠢ ᠲᠤᠰ ᠲᠤᠰ ᠲᠤᠨᠢ ᠦᠷᠭᠦᠯᠵᠢᠯᠡᠭᠦᠯᠦᠨ ᠶᠠᠷᠢᠬᠤ ᠦᠭᠡᠢ ᠪᠠᠢᠵᠤ ᠪᠣᠯᠬᠤ ᠶᠤᠮ ᠃ ᠡᠭᠦᠨ ᠳ᠋ᠡᠭᠡᠨ ᠪᠢᠳᠡ ᠪᠠᠰᠠ ᠲᠡᠳᠡᠨ ᠤ ᠰᠠᠯᠪᠤᠷᠢ ᠶ᠋ᠢᠨ ᠲᠤᠬᠠᠢ ᠵᠢᠷᠤᠭᠯᠠᠯ ᠬᠢᠵᠦ ᠦᠵᠡᠭᠦᠯᠦᠶ᠎ᠡ ᠃ ᠴᠢᠷᠬᠠᠢ ᠯᠢᠩᠬᠦᠮ ᠦ᠋ᠨ ᠲᠤᠬᠠᠢ ᠳᠤᠷᠠᠰᠬᠠᠯ ᠭᠡᠪᠡᠯ᠄ ᠲᠡᠷᠡ ᠪᠡᠷ ᠬᠡᠳᠦ ᠬᠡᠳᠦᠨ ᠬᠥᠪᠡᠭᠦᠨ ᠲᠡᠢ ᠪᠠᠢᠭᠰᠠᠨ ᠂ ᠬᠠᠷᠢᠨ ᠲᠡᠭᠦᠨ ᠤ ᠤᠤᠭᠠᠨ ᠬᠥᠪᠡᠭᠦᠨ ᠰᠦᠷᠭᠦᠳᠦᠭᠦ ᠴᠢᠨᠠ (ᠰᠣᠷᠭᠤᠭᠳᠤᠭᠤ ᠴᠢᠨᠣ᠎ᠠ )  ᠨᠢ ᠲᠡᠭᠦᠨ ᠤ ᠰᠢᠳᠠᠷ ᠣᠷᠣᠯᠠᠭᠴᠢ ᠨᠢ ᠪᠠᠢᠪᠠ ᠃ ᠲᠡᠷᠡ ᠪᠡᠷ ᠲᠤᠮᠪᠢᠨᠠᠢ ᠬᠠᠨ ᠤ᠋ ᠣᠪᠣᠭ ᠤ᠋ᠨ ᠲᠣᠯᠣᠭᠠᠢᠯᠠᠭᠴᠢ ᠲᠠᠢ ᠲᠥᠷᠥᠯ  ᠶᠤᠮ ᠃ ᠲᠡᠷᠡ ᠪᠡᠷ ᠨᠢᠭᠡᠨ ᠬᠥᠪᠡᠭᠦᠨ ᠲᠡᠢ ᠂ ᠲᠡᠭᠦᠨ ᠢ᠋ ᠨᠢ ᠠᠮᠪᠠᠭᠠᠢ ᠬᠠᠨ ᠭᠡᠳᠡᠭ ᠪᠥᠭᠡᠳ ᠬᠡᠰᠡᠭ ᠦᠶ᠎ᠡ ᠬᠠᠨ ᠰᠠᠭᠤᠵᠤ ᠪᠠᠢᠭᠰᠠᠨ ᠪᠥᠭᠡᠳ ᠬᠠᠪᠤᠯ  ᠬᠠᠨ ᠤ᠋ ᠣᠪᠣᠭ ᠤ᠋ᠨ ᠨᠠᠭᠭᠯᠠᠭᠴᠢ ᠲᠠᠢ ᠂ ᠲᠥᠷᠥᠯ ᠪᠠᠢᠪᠠ ᠃ ᠲᠡᠭᠦᠨ ᠤ ᠲᠤᠬᠠᠢ ᠥᠭᠦᠯᠡᠯ ᠮᠡᠳᠡᠭᠡ ᠪᠠᠢᠳᠠᠭ ᠦᠭᠡᠢ ᠃ ᠲᠠᠲ᠋ᠠᠷ ᠠᠢᠮᠠᠭ ᠤ᠋ᠨ ᠬᠢᠨ ᠠᠮᠪᠠᠭᠠᠢ ᠶᠢ ᠭᠡᠨᠡᠳᠲᠡ ᠪᠠᠷᠢᠪᠴᠢᠯᠠᠨ ᠠᠪᠴᠤ ᠠᠯᠲᠠᠨ ᠬᠠᠨ ᠳ᠋ᠤ᠌ ᠬᠦᠷᠭᠡᠭᠦᠯᠵᠡᠢ ᠃ ᠲᠠᠲ᠋ᠠᠷ ᠦ᠋ᠳ ᠲᠡᠭᠦᠨ ᠢ᠋ ᠥᠰᠢᠨ ᠦᠵᠡᠨ ᠶᠠᠳᠠᠳᠠᠭ ᠪᠠᠢᠭᠰᠠᠨ ᠤᠴᠢᠷ ᠮᠣᠳᠣᠨ ᠡᠯᠵᠢᠭᠡᠨ ᠳ᠋ᠦ᠍ ᠲᠡᠮᠦᠷ ᠬᠠᠳᠠᠭᠠᠰᠤ ᠪᠠᠷ ᠬᠠᠲᠠᠵᠤ ᠠᠯᠠᠵᠠᠢ ᠃ ᠠᠮᠪᠠᠭᠠᠢ ᠬᠠᠨ ᠤ᠋ ᠬᠥᠪᠡᠭᠦᠨ ᠬᠠᠳᠠᠨ ᠳᠠᠢᠰᠢ ᠪᠥᠭᠡᠳ ᠪᠠᠷᠳᠠᠨ ᠪᠠᠭᠠᠲᠤᠷ ᠤ᠋ᠨ ᠣᠪᠣᠭ ᠤ᠋ᠨ  ᠠᠬᠠᠯᠠᠭ᠌ᠴᠢ ᠲᠠᠢ ᠲᠥᠷᠥᠯ ᠠᠵᠤᠭᠤ ᠃ ᠲᠡᠭᠦᠨ ᠤ ᠬᠥᠪᠡᠭᠦᠨ ᠨᠢ ᠪᠤᠲᠠ ᠪᠢᠯᠡ ᠃ ᠲᠠᠲ᠋ᠠᠷ ᠦ᠋ᠳ ᠠᠮᠪᠠᠭᠠᠢ ᠬᠠᠨ ᠢ᠋ ᠪᠠᠷᠢᠪᠴᠢᠯᠠᠭᠰᠠᠨ ᠤ᠋ ᠰᠢᠯᠲᠠᠭᠠᠨ ᠭᠡᠪᠡᠯ ᠲᠡᠷᠡ ᠪᠡᠷ ᠥᠪᠡᠷ ᠦ᠋ᠨ ᠢ᠋ᠶ᠋ᠡᠨ ᠭᠤᠷᠪᠠᠳᠤᠭᠠᠷ ᠬᠥᠪᠡᠭᠦᠨ ᠲᠡᠮᠦᠷ  ᠶᠦᠷᠡᠬᠢ  (ᠵᠢᠷᠦᠬᠡᠨ T.23)  ᠳ᠋ᠤ᠌ ᠴᠠᠭᠠᠨ ᠲᠠᠲ᠋ᠠᠷ ᠠᠢᠮᠠᠭ ᠤ᠋ᠨ ᠵᠣᠩᠬᠢᠯᠠᠭᠴᠢ ᠶ᠋ᠢᠨ ᠥᠬᠢᠨ ᠬᠠᠢᠷᠭᠤᠲᠠᠢ ᠪᠦᠢᠷᠤᠭ   (ᠬᠢᠲᠠᠳ:察罕-塔塔儿部长海里忽惕的一个女儿)  ᠢ ᠠᠪᠴᠤ ᠥᠭᠬᠦ ᠪᠡᠷ  ᠰᠦᠢ ᠲᠠᠯᠪᠢᠵᠠᠢ ᠃ ᠬᠡᠰᠡᠭ ᠬᠤᠭᠤᠴᠠᠭ᠎ᠠ ᠥᠩᠭᠡᠷᠡᠭᠰᠡᠨ ᠤ ᠳᠠᠷᠠᠭ᠎ᠠ ᠲᠡᠷᠡ ᠪᠡᠷ ᠬᠡᠦᠬᠡᠨ ᠢ᠋ᠶ᠋ᠡᠨ᠂ ᠮᠥᠨ ᠠᠳᠤᠭᠤ ᠪᠠᠨ ᠴᠤ᠌ ᠠᠪᠴᠤ ᠢᠷᠡᠬᠦ ᠪᠣᠯᠵᠠᠢ ᠃ ᠲᠡᠷᠡ ᠪᠡᠷ ᠲᠥᠷᠥᠯ ᠂ ᠲᠥᠷᠥᠭᠰᠡᠳ ᠪᠣᠯᠤᠨ ᠨᠠᠢᠵᠠ ᠨᠠᠷ ᠢ᠋ᠶ᠋ᠠᠨ ᠬᠠᠮᠲᠤ ᠶᠠᠪᠤᠵᠤ ᠠᠳᠤᠭᠤ ᠪᠠᠨ ᠠᠪᠴᠤ ᠢᠷᠡᠶ᠎ᠡ ᠭᠡᠵᠡᠢ ᠃ ᠲᠡᠭᠡᠭᠡᠳ ᠪᠠᠰᠠ ᠶᠢᠰᠦᠭᠡᠢ ᠪᠠᠭᠠᠲᠤᠷ ᠤ᠋ᠨ ᠡᠪᠦᠭᠡ ᠡᠴᠢᠭᠡ ᠬᠠᠪᠤᠯ ᠬᠠᠨ ᠤ᠋ ᠵᠢᠷᠭᠤᠳᠤᠭᠠᠷ ᠂ ᠬᠥᠪᠡᠭᠦ ᠨ ᠳᠤᠲᠠᠨ ( ᠲᠥᠳᠥᠭᠡᠨ ᠂ 《 ᠮᠣᠩᠭᠣᠯ ᠤ᠋ᠨ ᠨᠢᠭᠤᠴᠠ ᠲᠣᠪᠴᠢᠶᠠᠨ 》 ᠂ 48  ᠳ᠋ᠤᠭᠠᠷ ᠵᠦᠢᠯ )   ᠣᠳᠴᠢᠬᠢᠨ ᠢ᠋ ᠢᠷᠡᠭᠦᠯ ᠭᠡᠵᠡᠢ᠃ ᠲᠡᠷᠡ ᠨᠢ ᠠᠮᠪᠠᠭᠠᠢ ᠬᠠᠨ ᠤ᠋ ᠦᠶᠡᠯᠢ ᠠᠬ᠎ᠠ ᠨᠢ ᠠᠵᠢ ᠃
  ᠲᠣᠳᠣᠢᠨ  (ᠲᠥᠳᠥᠭᠡᠨ) ᠣᠳᠴᠢᠬᠢᠨ  ᠦ᠌ ᠳᠣᠲᠣᠨᠣ ᠶ᠋ᠢᠨ ᠬᠥᠮᠦᠰ ᠡᠴᠡ ᠴᠢᠩᠲᠡᠢ ᠨᠣᠶᠠᠨ ᠭᠡᠳᠡᠭ ᠶᠡᠬᠡ ᠤᠬᠠᠭᠠᠨ ᠲᠠᠢ ᠨᠢᠭᠡ ᠨᠢ ᠲᠡᠳᠡᠨ ᠢ᠋ ᠳᠠᠭᠠᠯᠳᠤᠪᠠ ᠃ ᠭᠡᠨᠡᠳᠲᠡ ᠠᠮᠪᠠᠭᠠᠢ ᠬᠠᠨ ᠤ᠋ ᠵᠡᠭᠡᠷᠳᠡ ᠮᠣᠷᠢ ᠨᠢ ᠦᠬᠦᠴᠢᠬᠡᠵᠡᠢ ᠃ ᠴᠢᠩᠲᠡᠢ ᠨᠣᠶᠠᠨ ᠲᠣᠳᠣᠢᠨ ᠣᠳᠴᠢᠬᠢᠨ ᠳ᠋ᠦ᠍ ᠥᠭᠦᠯᠡᠷᠦᠨ : 《 ᠡᠨᠡ ᠮᠣᠷᠢ ᠦᠬᠦᠵᠦ ᠪᠠᠢᠭ᠎ᠠ ᠨᠢ ᠪᠢᠳᠡᠨ ᠳ᠋ᠦ᠍ ᠬᠤᠪᠢ ᠵᠠᠶᠠᠭᠠᠨ ᠤ᠋ ᠰᠡᠷᠡᠮᠵᠢᠯᠡᠭᠦᠯᠬᠦ ᠳᠣᠬᠢᠶ᠎ᠠ ᠭᠡᠵᠦ ᠪᠢ ᠪᠣᠳᠣᠵᠤ ᠪᠠᠢᠨ᠎ᠠ! ᠪᠢᠳᠡ ᠶᠠᠪᠤᠬᠤ ᠦᠭᠡᠢ ᠨᠢ ᠳᠡᠭᠡᠷ᠎ᠡ ᠪᠢᠵᠡ 》 ᠭᠡᠪᠡ ᠃ ᠲᠣᠳᠣᠢᠨ ᠣᠳᠴᠢᠬᠢᠨ ᠡᠭᠦᠨ ᠢ᠋ ᠠᠮᠪᠠᠭᠠᠢ ᠬᠠᠨ ᠳ᠋ᠤ᠌ ᠳᠠᠮᠵᠢᠭᠤᠯᠤᠨ ᠬᠡᠯᠡᠭᠰᠡᠨ ᠪᠣᠯᠪᠠᠴᠤ ᠲᠡᠷᠡ ᠪᠡᠷ ᠦᠯᠦ ᠲᠣᠭᠣᠮᠰᠠᠷᠯᠠᠨ  ᠴᠠᠭᠠᠰᠢ ᠶᠠᠪᠤᠯ᠎ᠠ ᠃ ᠳᠠᠷᠠᠭᠠᠴᠢ ᠶ᠋ᠢᠨ ᠰᠥᠨᠢ ᠨᠢ ᠲᠡᠳᠡ ᠪᠠᠶᠠᠳ ᠲᠤᠬᠠᠯᠠᠳ ᠠᠢᠮᠠᠭ ᠲᠤ᠌ ᠬᠦᠷᠦᠯᠴᠡᠨ ᠣᠴᠢᠵᠠᠢ ᠃ ᠲᠡᠳᠡ ᠲᠤᠷᠠᠩᠬᠠᠢ ᠬᠣᠨᠢ ᠭᠠᠷᠭᠠᠵᠤ  ᠮᠢᠬ᠎ᠠ ᠶᠢ ᠨᠢ ᠴᠢᠨᠠᠵᠤ ᠪᠠᠢᠯ᠎ᠠ ᠃ ᠭᠡᠲᠡᠯ᠎ᠡ ᠭᠡᠨᠡᠳᠲᠡ ᠲᠣᠭᠣᠭ᠎ᠠ ᠨᠢ ᠬᠠᠭᠠᠷᠠᠴᠢᠬᠠᠯ᠎ᠠ ᠃ ᠴᠢᠩᠲᠡᠢ ᠨᠣᠶᠠᠨ ᠨᠥᠬᠥᠭᠡ ᠯᠡ ᠦᠭᠡ ᠪᠡᠨ ᠲᠣᠳᠣᠢᠨ ᠣᠳᠴᠢᠬᠢᠨ ᠳ᠋ᠦ᠍ ᠳᠠᠬᠢᠨ ᠬᠡᠯᠡᠭᠡᠳ ᠂ ᠲᠡᠭᠦᠨ ᠢ᠋ᠶ᠋ᠡᠨ ᠠᠮᠪᠠᠭᠠᠢ ᠬᠠᠨ ᠳ᠋ᠤ᠌ ᠳᠠᠮᠵᠢᠭᠤᠯᠤᠨ ᠬᠡᠯᠡᠭᠦᠯᠪᠡ ᠃ ᠲᠣᠳᠣᠢᠨ ᠣᠳᠴᠢᠬᠢᠨ ᠲᠡᠭᠦᠨ ᠢ᠋ ᠨᠢ ᠠᠮᠪᠠᠭᠠᠢ ᠬᠠᠨ ᠳ᠋ᠤ᠌ ᠬᠡᠯᠡᠲᠡᠯ᠎ᠡ ᠲᠡᠷᠡ ᠪᠡᠷ ᠡᠨᠡ ᠦᠭᠡ ᠶ᠋ᠢ ᠨᠢ ᠳᠠᠭᠠᠯᠠᠭᠰᠠᠨ ᠦᠭᠡᠢ ᠃ ᠬᠠᠷᠢᠨ : 《 ᠴᠢ ᠶᠠᠭᠤᠨ ᠳ᠋ᠤ᠌ ᠡᠳᠦᠷ ᠪᠦᠷᠢ ᠮᠠᠭᠤ ᠠᠮᠠᠯᠠᠭᠠᠳ ᠪᠠᠢᠭ᠎ᠠ ᠶᠤᠮ ᠪᠣᠢ ? ᠡᠨᠡ ᠴᠢᠨᠢ ᠶᠠᠭᠤ ᠭᠡᠰᠡᠨ ᠦᠭᠡ ᠪᠣᠢ ? 》 ᠭᠡᠳ  ᠴᠠᠭᠠᠰᠢ ᠪᠠᠨ ᠶᠠᠪᠤᠵᠠᠢ ᠃ ᠲᠡᠷᠡ ᠪᠡᠷ ᠲᠠᠲ᠋ᠠᠷ ᠠᠢᠮᠠᠭ ᠲᠤ᠌ ᠬᠦᠷᠴᠦ ᠨᠢᠭᠡᠨ ᠠᠢᠯ ᠳ᠋ᠤ᠌ ᠪᠠᠭᠤᠵᠠᠢ ᠃ ᠲᠠᠲ᠋ᠠᠷᠴᠤᠳ ᠴᠥᠮ ᠯᠡ ᠨᠠᠢᠷᠯᠠᠵᠤ ᠪᠠᠢᠪᠠ ᠃ ᠲᠡᠨᠳᠡ ᠨᠤᠲᠤᠭᠯᠠᠵᠤ ᠪᠠᠢᠭᠰᠠᠨ ᠲᠠᠲ᠋ᠠᠷ ᠤ᠋ᠨ ᠵᠣᠩᠬᠢᠯᠠᠭᠴᠢ ᠮᠣᠩᠬᠤ ᠵᠠᠭᠤᠳ ᠬᠣᠷᠢ ᠳᠣᠳᠣᠷᠢᠨ ᠥᠳᠴᠢᠬᠢᠨ ᠢ᠋ ᠭᠡᠷ ᠲᠡᠭᠡᠨ ᠤᠷᠢᠵᠤ ᠠᠷᠪᠠᠨ ᠡᠳᠦᠷ ᠨᠠᠢᠷ ᠬᠢᠵᠡᠢ ᠃ ᠨᠠᠢᠷ ᠤ᠋ᠨ ᠠᠷᠪᠠᠳᠠᠬᠢ ᠡᠳᠦᠷ ᠦ᠋ᠨ ᠦᠳᠡ ᠳᠤᠮᠳᠠ ᠨᠠᠢᠷ ᠢᠳᠡ ᠬᠠᠪᠲᠠᠭᠠᠢᠷᠠᠵᠤ ᠪᠠᠢᠬᠤ ᠳ᠋ᠤ᠌ ᠲᠠᠲ᠋ᠠᠷ ᠠᠢᠮᠠᠭ ᠤ᠋ᠨ ᠵᠣᠩᠬᠢᠯᠠᠭᠴᠢ ᠠ᠋ᠴᠠ ᠡᠯᠴᠢ ᠢᠷᠡᠵᠦ ᠮᠤᠩᠬᠤ ᠵᠠᠭᠤᠳ ᠬᠣᠷᠢ ᠶ᠋ᠢᠨ ᠴᠢᠬᠢᠨ ᠳ᠋ᠦ᠍ ᠬᠡᠳᠦᠨ ᠦᠭᠡ ᠬᠡᠯᠡᠭᠡᠳ ᠭᠠᠷᠴᠤ ᠣᠳᠪᠠ ᠃
  ᠴᠢᠩᠲᠡᠢ ᠨᠣᠶᠠᠨ ᠶᠠᠭᠤ ᠪᠣᠯᠵᠤ ᠪᠠᠢᠭ᠎ᠠ ᠶ᠋ᠢ ᠨᠢ ᠳᠠᠭᠠᠪᠤᠷᠢᠯᠠᠪᠠ ᠪᠣᠯᠤᠯᠲᠠᠢ ᠃ ᠲᠡᠷᠡ ᠪᠡᠷ ᠤᠬᠢᠯᠠᠨ ᠪᠠᠢᠵᠤ ᠂ ᠲᠣᠳᠣᠢᠨ ᠣᠳᠴᠢᠬᠢᠨ ᠳ᠋ᠦ᠍ ᠥᠭᠦᠯᠡᠷᠦᠨ : 《 ᠪᠢᠳᠡ ᠶᠠᠭᠤᠨ ᠳ᠋ᠤ᠌ ᠡᠨᠳᠡ ᠢᠷᠡᠪᠡ ᠠ᠋ ? ᠪᠢᠳᠡᠨ ᠳ᠋ᠦ᠍ ᠠᠳᠤᠭᠤ ᠮᠠᠯ ᠂ ᠬᠣᠭᠣᠯᠠ ᠬᠦᠨᠡᠰᠦ ᠪᠠᠢᠭ᠎ᠠ ᠦᠭᠡᠢ ᠭᠡᠵᠢ ᠦᠦ ? ᠴᠢᠨᠦ ᠠᠮᠢᠳᠤ ᠂ ᠪᠠᠢᠬᠤ ᠴᠠᠭ ᠴᠢᠨᠢ ᠭᠦᠢᠴᠡᠵᠦ ᠪᠠᠢᠬᠤ ᠰᠢᠭ᠋ ᠪᠠᠢᠨ᠎ᠠ 》 ᠃ ᠲᠡᠷᠡ ᠪᠡᠷ ᠢᠩᠭᠢᠵᠦ ᠬᠡᠯᠡᠭᠰᠡᠨ ᠤ ᠤᠴᠢᠷ ᠪᠣᠯ ᠢᠷᠡᠭᠰᠡᠨ ᠡᠯᠴᠢ 《 ᠪᠢᠳᠡ ᠠᠮᠪᠠᠭᠠᠢ ᠬᠠᠨ ᠢ᠋ ᠪᠠᠷᠢᠪᠴᠢᠯᠠᠯ᠎ᠠ ᠃ ᠲᠠ ᠪᠣᠯ ᠲᠣᠳᠣᠢᠨ ᠣᠳᠴᠢᠬᠢᠨ ᠢ᠋ ᠴᠦ᠍ ᠪᠠᠷᠢᠪᠴᠢᠯᠠ ᠃ ᠲᠡᠭᠡᠭᠡᠳ ᠮᠣᠩᠬᠤ ᠴᠢ ᠠᠶᠠᠨ ᠵᠠᠮ ᠳ᠋ᠠᠭᠠᠨ ᠭᠠᠷ ᠂ ᠡᠯᠴᠢ ᠪᠣᠯ ᠡᠨᠡ ᠬᠡᠷᠡᠭ ᠢ᠋ᠶ᠋ᠡᠷ ᠶᠠᠪᠤᠬᠤ ᠪᠣᠯᠤᠨ᠎ᠠ 》 ᠭᠡᠰᠡᠨ ᠮᠡᠳᠡᠭᠡ ᠶ᠋ᠢ ᠬᠦᠷᠭᠡᠵᠦ ᠢᠷᠡᠭᠡ ᠪᠢᠵᠡ ᠭᠡᠵᠦ ᠲᠠᠭᠠᠪᠤᠷᠢᠯᠠᠭᠰᠠᠨ ᠤ᠋ ᠬᠢ ᠪᠢᠯᠡ ᠃ ᠲᠣᠳᠣᠢᠨ ᠣᠳᠴᠢᠬᠢᠨ ᠂ ᠪᠣᠳᠣᠯᠭᠠᠰᠢᠷᠠᠯ᠎ᠠ ᠃ ᠲᠡᠳᠡ ᠬᠣᠭᠣᠷᠣᠨᠳᠣ ᠪᠠᠨ ᠲᠡᠳᠡᠨ ᠤ ᠪᠠᠢᠭ᠎ᠠ ᠭᠡᠷ ᠦ᠋ᠨ ᠡᠭᠦᠳᠡᠨ ᠳ᠋ᠦ᠍ ᠬᠡᠳᠦᠨ ᠨᠣᠶᠠᠳ ᠢᠷᠡᠭᠡᠳ ᠮᠤᠩᠬᠤ ᠵᠠᠭᠤᠳ ᠬᠣᠷᠢ ᠳ᠋ᠤ᠌ ᠥᠭᠦᠯᠡᠷᠦᠨ : 《 ᠡᠨᠡ ᠬᠡᠷᠡᠭ ᠦ᠋ᠨ ᠤᠷᠰᠢᠭ᠋ ᠢ᠋ᠶ᠋ᠠᠷ ᠮᠠᠭᠤᠬᠠᠢ ᠶᠠᠭᠤᠮ᠎ᠠ ᠪᠣᠯᠤᠨ᠎ᠠ ᠃ ᠮᠠᠨ ᠤ᠋ ᠬᠡᠦᠬᠡᠳ ᠦ᠋ᠳ ᠦ᠋ᠨ ᠳᠠᠢᠰᠤᠨ ᠨᠢ ᠵᠥᠪᠬᠡᠨ ᠣᠳᠴᠢᠬᠢᠨ ᠢ᠋ᠶ᠋ᠡᠷ ᠵᠣᠭᠰᠣᠬᠤ ᠦᠭᠡᠢ ᠂ ᠲᠡᠭᠦᠨ ᠤ ᠶᠡᠬᠡᠬᠡᠨ ᠣᠯᠠᠨ ᠲᠣᠭᠠᠨ ᠤ᠋ ᠠᠢᠮᠠᠭ ᠪᠠᠢᠨ᠎ᠠ ᠃ ᠲᠡᠭᠡᠭᠡᠳ ᠬᠣᠶᠠᠷ ᠲᠠᠯ᠎ᠠ ᠬᠣᠭᠣᠷᠣᠨᠳᠣ ᠪᠠᠨ ᠦᠷᠭᠦᠯᠵᠢ ᠳᠠᠢᠰᠤᠩᠨᠠᠯᠴᠠᠨ ᠦᠢᠮᠡᠨ᠎ᠡ ᠃ ᠴᠠᠭᠠᠨ ᠲᠠᠲ᠋ᠠᠷ ᠤ᠋ᠨ ᠨᠣᠶᠠᠳ ᠪᠣᠯ ᠥᠪᠡᠷ ᠦ᠋ᠨ ᠢ᠋ᠶ᠋ᠡᠨ ᠠᠢᠮᠠᠭ ᠤ᠋ᠨ ᠳᠣᠲᠣᠷ᠎ᠠ ᠶᠠᠭᠠᠬᠢᠳᠠᠭ ᠰᠠᠨ ᠶᠤᠮ ᠪᠣᠢ ᠂ ᠳᠤᠷ᠎ᠠ ᠪᠠᠷ ᠢ᠋ᠶ᠋ᠠᠨ ᠪᠣᠯᠤᠭ ᠃ ᠪᠢᠳᠡ ᠪᠣᠯ ᠲᠣᠳᠣᠢᠨ ᠳ᠋ᠤ᠌ ᠶᠠᠮᠠᠷ ᠴᠤ᠌ ᠬᠣᠣᠷ ᠬᠦᠷᠭᠡᠯ ᠦᠭᠡᠢ ᠨᠤᠲᠤᠭ ᠲᠤᠨᠢ ᠪᠤᠴᠠᠭᠠᠶ᠎ᠠ 》ᠭᠡᠪᠡ ᠃ ᠮᠤᠩᠬᠤ ᠵᠠᠭᠤᠳ ᠬᠣᠷᠢ ᠡᠨᠡ ᠰᠠᠨᠠᠯ ᠢ᠋ ᠰᠠᠢᠰᠢᠶᠠᠵᠤ ᠂ ᠨᠥᠭᠥᠭᠡ ᠭᠡᠷ ᠲᠦ᠍ ᠪᠠᠢᠭᠰᠠᠨ ᠲᠣᠳᠣᠢᠨ ᠢ᠋ ᠤᠷᠢᠵᠠᠢ ᠃ ᠲᠣᠳᠣᠢᠨ ᠴᠢᠩᠲᠡᠢ ᠨᠣᠶᠠᠨ ᠤ᠋ ᠦᠭᠡ ᠶ᠋ᠢ ᠰᠠᠨᠠᠵᠤ ᠬᠢᠲᠤᠭ᠎ᠠ ᠬᠠᠨᠴᠤᠢᠯᠠᠭᠠᠳ ᠶᠡᠬᠡ ᠯᠡ ᠪᠣᠯᠭᠣᠮᠵᠢᠲᠠᠢ ᠣᠴᠢᠯ᠎ᠠ ᠃ ᠭᠡᠲᠡᠯ᠎ᠡ ᠂ ᠮᠤᠩᠬᠤ ᠵᠠᠭᠤᠳ ᠬᠣᠷᠢ ᠥᠭᠦᠯᠡᠷᠦᠨ : 《 ᠲᠣᠳᠣᠢᠨ ᠬᠣᠲᠠ ᠮᠢᠨᠢ ᠠ᠋ ᠃ ᠣᠳᠣᠬᠠᠨ ᠨᠤᠲᠤᠭ ᠲᠠᠭᠠᠨ ᠪᠤᠴᠠ ᠃ ᠠᠶᠤᠯ ᠥᠩᠭᠡᠷᠡᠮᠡᠭᠴᠡ ᠪᠢᠳᠡ ᠠᠳᠤᠭᠤ ᠪᠠᠨ ᠠᠪᠤᠨ᠎ᠠ 》 ᠭᠡᠳ ᠲᠡᠭᠦᠨ ᠢ᠋ ᠮᠣᠷᠢᠨ ᠳ᠋ᠤ᠌ ᠮᠣᠷᠳᠠᠭᠤᠯᠤᠨ ᠂ ᠴᠠᠭᠠᠰᠢᠯᠠᠭᠠᠳ ᠥᠭᠦᠯᠡᠷᠦᠨ : 《 ᠴᠢ ᠵᠠᠮ ᠳ᠋ᠠᠭᠠᠨ ᠰᠠᠭᠠᠲᠠᠵᠤ ᠪᠣᠯᠬᠤ ᠦᠭᠡᠢ ᠮᠠᠰᠢ ᠬᠤᠷᠳᠤᠨ ᠶᠠᠪᠤᠭᠠᠷᠠᠢ ᠃ ᠲᠡᠭᠡᠪᠡᠯ ᠠᠮᠢ ᠴᠢᠨᠢ ᠠᠪᠤᠷᠠᠭᠳᠠᠨ᠎ᠠ ᠃ ᠤᠴᠢᠷ ᠨᠢ ᠬᠣᠷᠣᠨ ᠰᠠᠨᠠᠭᠠᠲᠠᠨ ᠪᠠ ᠳᠠᠢᠰᠤᠨ ᠨᠤᠭᠤᠳ ᠲᠤ᠌ ᠣᠯᠵᠠ ᠪᠣᠯᠭᠠᠬᠤ ᠦᠭᠡᠢ ᠶ᠋ᠢᠨ ᠲᠤᠯᠠᠳᠠ ᠶᠠᠭᠤᠮ᠎ᠠ ᠬᠡᠦᠮ᠎ᠡ ᠪᠡᠨ ᠵᠠᠢᠯᠠᠭᠤᠯᠤᠭᠰᠠᠨ ᠴᠢᠨᠢ ᠳᠡᠭᠡᠷ᠎ᠡ 》 ᠭᠡᠪᠡ ᠃ ᠡᠨᠡ ᠪᠦᠬᠦᠨ ᠢ᠋ ᠲᠡᠭᠦᠨ ᠳ᠋ᠦ᠍ ᠬᠡᠯᠡᠭᠡᠳ ᠪᠤᠴᠠᠵᠤ ᠢᠷᠡᠯ᠎ᠡ ᠃ ᠲᠡᠭᠡᠬᠦ ᠳ᠋ᠦ᠍ ᠡᠮᠦᠨ᠎ᠡ ᠨᠢ ᠲᠡᠷᠡ ᠪᠡᠷ ᠲᠣᠳᠣᠢᠨ ᠳ᠋ᠤ᠌ ᠬᠡᠯᠡᠭᠦᠯᠬᠦ ᠪᠡᠷ ᠶᠠᠪᠤᠭᠤᠯᠤᠭᠰᠠᠨ ᠬᠣᠶᠠᠷ ᠡᠯᠴᠢ ᠨᠢ ᠲᠣᠳᠣᠢᠨ ᠤ᠋ ᠳᠡᠷᠭᠡᠳᠡ ᠣᠴᠢᠭᠠᠳ ᠬᠡᠯᠡᠭᠰᠡᠨ ᠨᠢ : 《 ᠥᠴᠥᠭᠡᠳᠦᠷ ᠦ᠋ᠨ ᠡᠯᠴᠢ ᠴᠢᠨᠢ ᠂ ᠪᠢᠳᠡ ᠠᠮᠪᠠᠭᠠᠢ ᠬᠠᠨ ᠢ᠋ ᠬᠡᠳᠦᠢᠨ ᠤ ᠪᠠᠷᠢᠪᠴᠢᠯᠠᠭᠰᠠᠨ ᠃ ᠲᠡᠭᠦᠨᠴᠢᠯᠡᠨ ᠲᠠ ᠨᠠᠷ ᠲᠣᠳᠣᠢᠨ ᠣᠳᠴᠢᠬᠢᠨ ᠢ᠋ ᠪᠠᠷᠢᠪᠴᠢᠯᠠ ᠭᠡᠵᠦ ᠬᠡᠯᠡᠬᠦ ᠪᠡᠷ ᠢᠷᠡᠭᠰᠡᠨ  ᠶᠤᠮ ᠪᠢᠯᠡ᠃ ᠃᠃ ᠭᠡᠳᠡᠭ ᠬᠡᠨ ᠨᠢᠭᠡᠨ ᠲᠡᠭᠦᠨ ᠳ᠋ᠦ᠍ᠨᠢ ᠰᠠᠭᠠᠳ ᠬᠢᠭᠰᠡᠨ ᠶᠤᠮ ᠪᠢᠯᠡ ᠃ ᠢᠩᠭᠢᠬᠦᠯᠡᠷ ᠣᠳᠣ ᠴᠢ ᠠᠮᠢ ᠪᠠᠨ ᠠᠪᠤᠷᠠᠬᠤ ᠶ᠋ᠢᠨ ᠲᠤᠯᠠᠳᠠ ᠮᠣᠷᠢ ᠪᠠᠨ ᠬᠠᠢᠷᠠᠯᠠᠬᠤ ᠦᠭᠡᠢ ᠪᠡᠷ ᠮᠠᠰᠢ ᠬᠤᠷᠳᠤᠨ ᠶᠠᠪᠤᠬᠤ ᠬᠡᠷᠡᠭᠲᠡᠢ 》 ᠭᠡᠪᠡ ᠃ ᠲᠡᠷᠡ ᠪᠡᠷ ᠦᠳᠡ ᠶ᠋ᠢᠨ ᠬᠢᠷᠢ ᠳ᠋ᠦ᠍ ᠭᠠᠷᠴᠤ ᠰᠥᠨᠢ ᠳᠤᠮᠳᠠ ᠪᠣᠯᠲᠠᠯ᠎ᠠ ᠳᠠᠪᠬᠢᠯ᠎ᠠ ᠃ ᠲᠡᠭᠡᠭᠡᠳ ᠰᠥᠨᠢ ᠳᠤᠮᠳᠠ ᠠ᠋ᠴᠠ ᠳᠠᠬᠢᠨ ᠮᠣᠷᠳᠠᠵᠤ ᠶᠠᠪᠤᠭᠰᠠᠭᠠᠷ ᠪᠠᠶᠠᠳ ᠲᠤᠬᠠᠯᠠᠳ ᠠᠢᠮᠠᠭ ᠲᠤ᠌ ᠣᠴᠢᠲᠠᠯ᠎ᠠ ᠲᠡᠳᠡ : 《 ᠠᠮᠪᠠᠭᠠᠢ ᠬᠠᠨ ᠂ ᠲᠣᠳᠣᠢᠨ ᠣᠳᠴᠢᠬᠢᠨ ᠬᠣᠶᠠᠷ ᠢ᠋ ᠪᠠᠷᠢᠪᠴᠢᠯᠠᠭᠰᠠᠨ ᠭᠡᠰᠡᠨ ᠶᠠᠷᠢᠶ᠎ᠠ ᠲᠠᠷᠠᠭᠠᠳ ᠪᠠᠢᠨ᠎ᠠ ᠃ ᠶᠠᠭᠤ ᠪᠣᠯᠪᠠ ᠠ᠋ ? 》 ᠭᠡᠵᠦ ᠠᠰᠠᠭᠤᠵᠤ ᠪᠠᠢᠯ᠎ᠠ ᠃ ᠲᠣᠳᠣᠢᠨ ᠬᠠᠷᠢᠭᠤᠯᠤᠭᠰᠠᠨ ᠨᠢ : 《 ᠬᠡᠷᠪᠡ ᠯᠡ ᠲᠡᠭᠡᠭᠰᠡᠨ  ᠶᠤᠮ ᠪᠣᠯ ᠪᠢ ᠶᠠᠭᠠᠬᠢᠭᠠᠳ ᠡᠨᠳᠡ ᠢᠷᠡᠪᠡ ᠠ᠋ ? 》 ᠭᠡᠵᠡᠢ ᠃ ᠲᠡᠭᠡᠭᠡᠳ ᠲᠡᠷᠡ ᠪᠡᠷ ᠲᠡᠨᠳᠡ ᠡᠴᠡ ᠮᠣᠷᠢ ᠪᠠᠨ ᠶᠡᠭᠦᠯᠡᠵᠦ ᠤᠨᠤᠭᠠᠳ ᠂  ᠴᠠᠭᠠᠰᠢ
ᠶᠠᠪᠤᠵᠤ ᠡᠰᠡᠨ ᠮᠡᠨᠳᠦ ᠭᠡᠷ ᠲᠡᠭᠡᠨ ᠬᠠᠷᠢᠯ᠎ᠠ ᠃
  ᠭᠡᠲᠡᠯ᠎ᠡ ᠲᠠᠲ᠋ᠠᠷ ᠤ᠋ᠨ ᠵᠠᠮ ᠳ᠋ᠤ᠌ ᠭᠠᠷᠤᠭᠰᠠᠨ ᠴᠡᠷᠢᠭ ᠦ᠋ᠳ ᠨᠢ ᠲᠤᠬᠠᠯᠠᠳ ᠠᠢᠮᠠᠭ ᠤ᠋ᠨ ᠬᠢᠨ ᠲᠣᠳᠣᠢᠨ ᠣᠳᠨᠴᠢᠬᠢᠨ ᠳ᠋ᠤ᠌ ᠮᠣᠷᠢᠳ ᠢ᠋ᠶ᠋ᠠᠨ ᠥᠭᠭᠦᠭᠰᠡᠨ ᠤᠴᠢᠷ ᠲᠡᠷᠡ ᠪᠡᠷ ᠶᠠᠪᠤᠵᠠᠢ ᠭᠡᠵᠦ ᠲᠤᠭᠤᠯᠤᠭᠰᠠᠨ ᠪᠠᠢᠨ᠎ᠠ ᠃ ᠡᠭᠦᠨ ᠡᠴᠡ ᠪᠣᠯᠵᠤ ᠲᠠᠲ᠋ᠠᠷ ᠦ᠋ᠳ ᠲᠤᠬᠠᠯᠠᠳ ᠤ᠋ᠳ ᠢ᠋ ᠬᠢᠳᠤᠵᠤ ᠳᠠᠯᠠᠨ ᠳᠡᠭᠡᠷᠡᠮᠳᠡᠵᠡᠢ ᠃ ᠲᠡᠷᠡ ᠦᠶ᠎ᠡ ᠪᠡᠷ ᠨᠢ ᠲᠠᠲ᠋ᠠᠷ ᠠᠢᠮᠠᠭ ᠤ᠋ᠨ ᠬᠢᠨ ᠠᠮᠪᠠᠭᠠᠢ ᠬᠠᠨ ᠢ᠋ ᠰᠦᠰᠡ ᠶ᠋ᠢᠨ ᠂ ᠥᠭᠡᠷ᠎ᠡ ᠪᠡᠷ ᠬᠡᠯᠡᠪᠡᠯ ᠵᠦᠷᠴᠢᠳ ᠦ᠋ᠨ ᠠᠯᠲᠠᠨ ᠬᠠᠨ ᠳ᠋ᠤ᠌ ᠬᠦᠷᠭᠡᠭᠦᠯᠵᠡᠢ ᠃ ᠲᠡᠳᠡ ᠠᠮᠪᠠᠭᠠᠢ ᠬᠠᠨ ᠢ᠋ ᠦᠬᠦᠭᠦᠯᠵᠡᠢ ᠃ ᠡᠨᠡ ᠲᠤᠬᠠᠢ ᠮᠡᠳᠡᠭᠡ ᠲᠣᠳᠣᠢᠨ ᠣᠳᠴᠢᠬᠢᠨ ᠳ᠋ᠦ᠍ ᠲᠡᠭᠦᠨ ᠤ ᠲᠥᠷᠥᠯ ᠦ᠋ᠳ ᠲᠦ᠍ ᠬᠦᠷᠦᠮᠡᠭᠴᠡ ᠲᠡᠳᠡ ᠪᠦᠭᠦᠳᠡ ᠴᠢᠭᠤᠯᠵᠤ ᠰᠦᠰᠡ (ᠠᠯᠲᠠᠨ ᠬᠠᠨ) ᠠ᠋ᠴᠠ ᠥᠰᠢᠶ᠎ᠡ ᠠᠪᠬᠤ ᠶ᠋ᠢᠨ ᠲᠤᠯᠠᠳᠠ ᠨᠢᠭᠡᠳᠴᠡᠢ ᠃ ᠬᠤᠪᠢᠯᠠᠢ ᠬᠠᠭᠠᠨ ( ᠬᠢᠲᠠᠳ : 忽图刺 ) ᠲᠡᠳᠡᠨ ᠢ᠋ ᠵᠠᠩᠴᠤᠯᠠᠨ ᠣᠴᠢᠵᠤ ᠂ ᠬᠢᠲᠠᠳ ᠦ᠋ᠳ ᠢ᠋ ᠪᠤᠲᠠ ᠨᠢᠷᠭᠡᠵᠡᠢ ᠃ ᠡᠨᠡ ᠬᠡᠷᠡᠭ ᠶᠠᠪᠤᠳᠠᠯ ᠢ᠋ ᠵᠣᠬᠢᠬᠤ ᠭᠠᠵᠠᠷ ᠲᠤᠨᠢ ᠳᠡᠯᠭᠡᠷᠡᠩᠭᠦᠢ ᠪᠢᠴᠢᠬᠦ ᠲᠤᠯᠠ ᠣᠳᠣ ᠪᠤᠴᠠᠵᠤ ᠂ ᠡᠬᠢᠨ ᠦ ᠪᠡᠨ ᠶᠠᠷᠢᠶᠠᠨ ᠳ᠋ᠤ᠌ ᠣᠷᠣᠶ᠎ᠠ ᠃
  ᠲᠣᠳᠣᠢᠨ ᠪᠣᠯ ᠴᠢᠩᠭᠢᠰ ᠬᠠᠭᠠᠨ ᠤ᠋ ᠦᠶ᠎ᠡ ᠳ᠋ᠦ᠍ ᠠᠮᠢᠳᠤ ᠰᠡᠷᠡᠭᠦᠨ ᠪᠠᠢᠵᠤ ᠲᠠᠢᠴᠢᠭᠤᠳ ᠤ᠋ᠨ ᠨᠢᠭᠡᠨ ᠵᠣᠩᠬᠢᠯᠠᠭᠴᠢ ᠪᠠᠢᠭᠰᠠᠨ ᠪᠥᠭᠡᠳ ᠬᠠᠷᠢᠨ ᠲᠡᠳᠡᠨ ᠤ ᠡᠵᠡᠨᠲᠡᠨ ᠨᠢ ᠴᠢᠩᠭᠢᠰ ᠬᠠᠭᠠᠨ ᠤ᠋ ᠦᠶ᠎ᠡ ᠳ᠋ᠦ᠍
ᠠᠳᠠᠯ ᠬᠠᠨ ᠤ᠋ ᠬᠥᠪᠡᠭᠦᠨ ᠬᠡᠷᠡᠭᠦᠯᠴᠢ ᠲᠠᠷᠭᠤᠲᠠᠢ 【ᠬᠢᠷᠢᠯᠲᠤᠬ】 ᠪᠠᠢᠪᠠ ᠃ ᠲᠡᠳᠡᠭᠡᠷ ᠨᠢ ᠲᠣᠳᠣᠢᠨ ᠤ᠋ ᠡᠴᠢᠭᠡ ᠶ᠋ᠢᠨ ᠦᠶᠡᠯᠢ ᠠᠬ᠎ᠠ ᠳ᠋ᠤ᠌ ᠬᠠᠷᠢᠶᠠᠯᠠᠭᠳᠠᠵᠤ ᠪᠠᠢᠪᠠ ᠃ ᠲᠡᠷᠡ ᠦᠶ᠎ᠡ ᠳ᠋ᠦ᠍ ᠲᠡᠭᠦᠨ ᠤ ᠠᠪᠠᠭ᠎ᠠ ᠠᠬᠠᠨ ᠲᠡᠭᠦᠰ ᠡᠴᠡ ᠲᠠᠢᠴᠢᠭᠤᠳ ᠤ᠋ᠨ ᠵᠣᠩᠬᠢᠯᠠᠭᠴᠢ ᠨᠢ ᠬᠤᠷᠢᠯ ᠪᠠᠭᠠᠲᠤᠷ (ᠬᠦᠷᠡᠯ ᠪᠠᠭᠠᠲᠤᠷ)  ᠪᠠ ᠠᠩᠬᠤ ᠬᠥᠭᠡᠴᠦ ᠨᠠᠷ ᠪᠠᠢᠪᠠ ᠃ ᠴᠢᠷᠬᠠᠢ ᠯᠢᠩᠭᠦᠮ ᠨᠢ ᠪᠠᠰᠠ ᠥᠭᠡᠷ᠎ᠡ ᠬᠥᠪᠡᠭᠦᠨ ᠲᠡᠢ ᠪᠠᠢᠯ᠎ᠠ ᠃ ᠲᠡᠭᠦᠨ ᠤ ᠠᠬ᠎ᠠ ᠪᠠᠢᠰᠢᠩᠬᠤᠷ ᠥᠭᠡᠳᠡ ᠪᠣᠯᠤᠭᠰᠠᠨ ᠤ᠋ ᠳᠠᠷᠠᠭ᠎ᠠ ᠲᠤᠬᠠᠢ ᠶ᠋ᠢᠨ ᠦᠶ᠎ᠡ ᠶ᠋ᠢᠨ ᠵᠠᠩᠰᠢᠯ ᠢ᠋ ᠳ᠋ᠡᠭᠡᠨ ᠲᠡᠭᠦᠨ ᠤ ᠬᠡᠷᠬᠡᠢ ᠶᠢ ᠥᠪᠡᠷ ᠦ᠋ᠨ ᠠᠪᠠᠯᠢ ᠪᠣᠯᠭᠠᠨ ᠠᠪᠴᠠᠢ ᠃ ᠲᠡᠭᠦᠨ ᠡᠴᠡ ᠨᠢ ᠬᠣᠶᠠᠷ ᠬᠥᠪᠡᠭᠦᠨ ᠲᠥᠷᠥᠭᠰᠡᠨ ᠂ ᠨᠢᠭᠡ ᠶ᠋ᠢᠨ ᠬᠢᠨᠢ ᠨᠡᠷ᠎ᠡ ᠬᠡᠨᠳᠤᠤ ᠴᠢᠨᠣ᠎ᠠ ᠂ ᠨᠥᠬᠥᠭᠡ ᠶ᠋ᠢᠨ ᠬᠢᠨᠢ ᠥᠯᠥᠭᠴᠢᠨ ᠴᠢᠨᠣ᠎ᠠ ᠭᠡᠳᠡᠭ ᠪᠠᠢᠪᠠ ᠃ ᠢᠩᠭᠢᠵᠦ ᠲᠡᠭᠦᠨ ᠤ ᠠᠢᠮᠠᠭ ᠠ᠋ᠴᠠ ᠡᠨᠡ ᠬᠣᠶᠠᠷ ᠬᠥᠪᠡᠭᠦᠨ ᠤ ᠬᠣᠶᠠᠷ ᠠᠢᠮᠠᠭ ᠰᠠᠯᠪᠤᠷᠢᠯᠠᠨ ᠦᠷᠡᠵᠢᠪᠡ ᠃ ᠡᠭᠦᠨ ᠢ᠋ ᠴᠢᠨᠦᠰ ᠭᠡᠳᠡᠭ ᠨᠢ ᠴᠢᠨᠣ᠎ᠠ ᠭᠡᠰᠡᠨ ᠤ ᠣᠯᠠᠨ ᠲᠣᠭᠠᠨ ᠳ᠋ᠤ᠌ ᠪᠠᠢᠭ᠎ᠠ ᠠᠵᠤᠭᠤ ᠃ ᠬᠡᠨᠳᠤᠤ ᠴᠢᠨᠣ᠎ᠠ ᠭᠡᠳᠡᠭ ᠨᠢ ᠠᠵᠢᠷᠭᠠᠨ ᠴᠢᠨᠣ᠎ᠠ ᠪᠤᠶᠤ ᠡᠷ᠎ᠡ ᠴᠢᠨᠣ᠎ᠠ ᠂ ᠨᠥᠭᠥᠭᠡ ᠨᠢ ᠥᠯᠥᠭᠴᠢᠨ ᠴᠢᠨᠣ᠎ᠠ ᠪᠤᠶᠤ ᠡᠮ᠎ᠡ ᠴᠢᠨᠣ᠎ᠠ ᠭᠡᠰᠡᠨ ᠤᠳᠬ᠎ᠠ ᠲᠠᠢ ᠦᠭᠡᠰ  ᠶᠤᠮ ᠃ ᠲᠡᠳᠡᠭᠡᠷ ᠨᠢ ᠴᠢᠩᠭᠢᠰ ᠬᠠᠭᠠᠨ ᠲᠠᠢ ᠡᠪᠲᠡᠢ ᠨᠢᠭᠡᠨ ᠰᠠᠨᠠᠭᠠᠲᠠᠢ ᠪᠠᠢᠵᠠᠢ ᠃ ᠴᠢᠨᠦᠰ ᠠᠢᠮᠠᠭ ᠢ᠋ ᠪᠠᠰᠠ ᠨᠤᠺᠦᠽ (ᠨᠣᠬᠠᠰ) ᠭᠡᠨ᠎ᠡ ᠃ ᠡᠭᠦᠨ ᠢ᠋ ᠡᠷᠲᠡᠨ ᠤ ᠨᠤᠺᠦᠽ  ᠲᠡᠢ ᠠᠳᠠᠯᠢᠳᠬᠠᠵᠤ ᠪᠣᠯᠬᠤ ᠦᠭᠡᠢ ᠃ ᠡᠨᠡ ᠨᠢ ᠲᠡᠭᠦᠨ ᠲᠡᠢ ᠨᠡᠷ᠎ᠡ ᠡᠴᠡ ᠥᠭᠡᠷ᠎ᠡ ᠶᠠᠮᠠᠷ ᠴᠤ᠌ ᠬᠣᠯᠪᠣᠭ᠎ᠠ ᠲᠠᠢ ᠠᠳᠠᠯᠢᠳᠬᠠᠬᠤ ᠵᠦᠢᠯ ᠦᠭᠡᠢ ᠠᠵᠤᠭᠤ ᠃ ᠶᠢᠰᠦᠭᠡᠢ ᠪᠠᠭᠠᠲᠤᠷ ᠂ ᠲᠡᠭᠦᠨ ᠤ ᠡᠪᠦᠭᠡ ᠳᠡᠭᠡᠳᠦᠰ ᠦ᠋ᠨ ᠦᠶ᠎ᠡ ᠳ᠋ᠦ᠍ ᠴᠦ᠍ ᠲᠠᠢᠴᠢᠭᠤᠳ ᠨᠢ ᠲᠡᠭᠦᠨ ᠤ ᠡᠷᠬᠡᠰᠢᠶᠡᠯ ᠳ᠋ᠦ᠍ ᠣᠷᠣᠵᠤ ᠨᠢᠭᠡᠨ ᠰᠠᠨᠠᠭ᠎ᠠ ᠲᠠᠢ ᠪᠠᠢᠪᠠ ᠃ ᠶᠢᠰᠦᠭᠡᠢ ᠪᠠᠭᠠᠲᠤᠷ ᠥᠭᠡᠳᠡ ᠪᠣᠯᠤᠭᠰᠠᠨ ᠠ᠋ᠴᠠ ᠬᠣᠢᠰᠢ ᠲᠡᠳᠡ ᠬᠣᠭᠣᠷᠣᠨᠳᠣ ᠪᠠᠨ ᠬᠠᠭᠠᠷᠠᠯᠳᠤᠨ ᠳᠠᠢᠰᠤᠩᠨᠠᠯᠴᠠᠬᠤ ᠪᠣᠯᠤᠭᠰᠠᠨ ᠡᠨᠡ ᠦᠶ᠎ᠡ ᠡᠴᠡ ᠴᠢᠨᠦᠰ ᠠᠢᠮᠠᠭ ᠴᠢᠩᠭᠢᠰ ᠬᠠᠭᠠᠨ ᠤ᠋ ᠲᠠᠯ᠎ᠠ ᠶ᠋ᠢ ᠪᠠᠷᠢᠮᠲᠠᠯᠠᠬᠤ ᠪᠣᠯᠵᠠᠢ ᠃ ᠲᠡᠳᠡᠨ ᠡᠴᠡ ᠣᠯᠠᠨ ᠰᠠᠯᠪᠤᠷᠢ ᠭᠠᠷᠤᠭᠰᠠᠨ ᠪᠠᠢᠨ᠎ᠠ ᠃ ᠠᠷᠳᠠᠬᠠᠨ ᠰᠠᠢᠵᠢᠭᠤᠳ ᠠᠢᠮᠠᠭ ᠨᠢ ᠲᠡᠭᠦᠨ ᠤ ᠣᠪᠣᠭ ᠠ᠋ᠴᠠ ᠭᠠᠷᠤᠯ ᠲᠠᠢ ᠃ ᠡᠨᠡ ᠠᠢᠮᠠᠭ ᠤ᠋ᠳ ᠴᠤ᠌ ᠲᠠᠢᠴᠢᠭᠤᠳ ᠪᠣᠯᠤᠨ ᠴᠢᠩᠭᠢᠰ ᠬᠠᠭᠠᠨ ᠤ᠋ ᠬᠣᠭᠣᠷᠣᠨᠳᠣ ᠬᠠᠭᠠᠷᠠᠯ ᠭᠠᠷᠬᠤ ᠳ᠋ᠤ᠌ ᠶᠡᠬᠡ ᠬᠠᠭᠠᠨ ᠤ᠋ ᠬᠣᠯᠪᠣᠭᠠᠲᠠᠨ ᠪᠠᠢᠪᠠ ᠃ ᠲᠡᠳᠡᠭᠡᠷ ᠦ᠋ᠨ ᠲᠡᠦᠬᠡ ᠲᠡᠢ ᠮᠡᠳᠡᠭᠳᠡᠵᠦ ᠪᠠᠢᠭ᠎ᠠ ᠵᠦᠢᠯ ᠨᠢ ᠡᠨᠡ ᠠᠢᠮᠠᠭ ᠤ᠋ᠨ ᠰᠠᠯᠪᠤᠷᠢ ᠶ᠋ᠢᠨ ᠲᠤᠬᠠᠢ ᠠᠩᠭᠢ ᠳ᠋ᠤ᠌ ᠳᠤᠷᠠᠳᠤᠭᠳᠠᠨ᠎ᠠ ᠃ ᠡᠳᠡᠭᠡᠷ ᠪᠦᠬᠦ ᠠᠢᠮᠠᠭ ᠤ᠋ᠳ ᠨᠢ ᠤ᠌ᠭ ᠲᠠᠭᠠᠨ ᠨᠢᠷᠦᠨ ᠨᠤᠭᠤᠳ ᠶᠤᠮ ᠃

                  ᠬᠣᠶᠠᠳᠤᠭᠠᠷ ᠬᠡᠰᠡᠭ
     ᠬᠠᠢᠳᠤ ᠬᠠᠨ ᠂ ᠲᠡᠭᠦᠨ ᠤ ᠬᠠᠲᠤᠨ ᠪᠠ ᠬᠥᠪᠡᠭᠦᠳ ᠦ᠋ᠨ ᠲᠥᠷᠥᠯ ᠦ᠋ᠨ ᠰᠠᠯᠪᠤᠷᠢ ᠶ᠋ᠢᠨ ᠲᠤᠬᠠᠢ ᠵᠢᠷᠤᠭᠯᠠᠯ
  ᠳᠡᠭᠡᠷ᠎ᠡ ᠳᠤᠷᠠᠳᠤᠭᠰᠠᠨ ᠢ᠋ᠶ᠋ᠠᠷ ᠬᠠᠢᠳᠤ ᠬᠠᠨ ᠭᠤᠷᠪᠠᠨ ᠬᠥᠪᠡᠭᠦᠨ ᠲᠡᠢ ᠃ ᠪᠠᠢᠰᠢᠩᠬᠤᠷ ᠂ ᠴᠢᠷᠬᠠᠢ ᠯᠢᠩᠭᠦᠮ ᠪᠠ  ᠴᠠᠤᠵᠢᠨ 《 ᠴᠠᠭᠠᠰᠢᠳᠠ ᠴᠣᠢᠵᠢᠨ ᠭᠡᠵᠦ ᠪᠢᠴᠢᠨ᠎ᠡ 》 ᠃ ᠨᠢᠭᠡᠨᠲᠡ ᠴᠢᠩᠭᠢᠰ ᠬᠠᠭᠠᠨ ᠤ᠋ ᠠᠯᠲᠠᠨ ᠤᠷᠤᠭ ᠶᠡᠬᠡ ᠣᠪᠣᠭ ᠨᠢ ᠪᠠᠢᠰᠢᠩᠬᠤᠷ ᠠ᠋ᠴᠠ ᠰᠤᠷᠪᠤᠯᠵᠢ ᠲᠠᠢ ᠲᠤᠯᠠ ᠲᠡᠭᠦᠨ ᠤ ᠲᠤᠬᠠᠢ ᠵᠠᠷᠢᠮ ᠬᠦᠦᠷᠨᠢᠯ ᠥᠭᠦᠯᠡᠯᠭᠡ ᠪᠡᠨ ᠲᠡᠷᠯᠡᠶ᠎ᠡ ᠃
    ᠬᠠᠢᠳᠤ ᠬᠠᠨ ᠂ ᠲᠡᠭᠦᠨ ᠤ ᠭᠡᠷᠭᠡᠢ ᠶ᠋ᠢᠨ ᠵᠢᠷᠤᠭᠯᠠᠯ ᠪᠣᠯᠤᠨ ᠭᠤᠷᠪᠠᠨ ᠬᠥᠪᠡᠭᠦᠳ ᠂ ᠠᠴᠢ ᠨᠠᠷ ᠤ᠋ᠨ ᠬᠢᠨᠢ ᠰᠠᠯᠪᠤᠷᠢ ᠨᠤᠭᠤᠳ ᠤ᠋ᠨ ᠬᠦᠰᠦᠨᠦᠭᠲᠦ  (ᠪᠠᠢᠰᠢᠩᠬᠤᠷ ᠠ᠋ᠴᠠ ᠭᠠᠷᠤᠭᠰᠠᠨ ᠰᠠᠯᠪᠤᠷᠢ ᠨᠢ ᠲᠤᠰ ᠲᠠᠭᠠᠨ ᠪᠢᠴᠢᠭᠳᠡᠬᠦ ᠤᠴᠢᠷ ᠡᠨᠳᠡ ᠦᠯᠦ ᠥᠭᠦᠯᠡᠨᠡᠮ ) 
ᠲᠠᠢᠴᠢᠭᠤᠳ ᠠᠢᠮᠠᠭ ᠤ᠋ᠨ ᠬᠠᠢᠳᠤ ᠬᠠᠨ  ᠤ᠋ ᠬᠥᠪᠡᠭᠦᠨ ᠴᠢᠷᠠᠬᠠᠢ ᠯᠢᠩᠬᠦᠮ ᠦ᠋ᠨ ᠬᠥᠪᠡᠭᠦᠳ ᠠᠴᠢ ᠨᠠᠷ ᠤ᠋ᠨ ᠳᠣᠲᠣᠷ᠎ᠠ ᠣᠯᠠᠨ ᠨᠣᠶᠠᠳ ᠤ᠋ᠳ ᠪᠠᠢᠭᠰᠠᠨ ᠪᠥᠭᠡᠳ ᠵᠠᠷᠢᠮ ᠨᠢ ᠴᠢᠩᠭᠢᠰ ᠬᠠᠭᠠᠨ ᠠ᠋ᠴᠠ ᠡᠮᠦᠨ᠎ᠡ ᠦᠶ᠎ᠡ ᠳ᠋ᠦ᠍ ᠂ ᠵᠠᠷᠢᠮ ᠨᠢ ᠲᠡᠭᠦᠨ ᠤ ᠦᠶ᠎ᠡ ᠳ᠋ᠦ᠍ ᠴᠦ᠍ ᠪᠠᠢᠪᠠ ᠃ ᠲᠡᠳᠡ ᠬᠣᠭᠣᠷᠣᠨᠳᠣ ᠪᠠᠨ ᠳᠠᠭᠠᠷᠠᠳᠠᠭ ᠦᠭᠡᠢ ᠪᠠᠢᠯ᠎ᠠ ᠃ ᠲᠡᠳᠡᠨ ᠤ ᠨᠡᠷᠡᠰ ᠨᠢ ᠶᠠᠩᠵᠤ ᠪᠦᠷᠢ ᠶ᠋ᠢᠨ ᠨᠡᠷ᠎ᠡ ᠶ᠋ᠢᠨ ᠣᠯᠠᠨ ᠥᠭᠦᠯᠡᠯᠭᠡ ᠳ᠋ᠦ᠍ ᠲᠣᠬᠢᠶᠠᠯᠳᠤᠳᠠᠭ ᠪᠥᠭᠡᠳ ᠪᠢᠳᠡᠨ ᠤ ᠪᠢᠴᠢᠭᠰᠡᠨ ᠣᠨ ᠳᠠᠷᠠᠭᠠᠯᠠᠯ ᠤᠨ ᠪᠢᠴᠢᠭ ᠲᠦ᠍ ᠴᠦ᠍ ᠭᠠᠵᠠᠷ ᠰᠠᠢ ᠦᠭᠡᠢ ᠲᠠᠭᠠᠷᠠᠯᠳᠤᠨ᠎ᠠ ᠃ ᠤᠴᠢᠷ ᠶᠠᠭᠤ ᠭᠡᠪᠡᠰᠦ ᠲᠡᠭᠦᠨ ᠤ ᠬᠥᠪᠡᠭᠦᠳ ᠦ᠋ᠨ ᠠᠯᠢ ᠨᠢ ᠲᠠᠢᠴᠢᠭᠤᠳ ᠤ᠋ᠨ ᠵᠣᠩᠬᠢᠯᠠᠭᠴᠢ ᠠᠢᠯᠠᠭᠴᠢ ᠨᠢ ᠪᠠᠢᠭᠰᠠᠨ ᠪᠣᠯᠤᠨ ᠲᠤᠰ ᠪᠦᠷᠢ ᠶ᠋ᠢᠨ ᠰᠠᠯᠪᠤᠷᠢ ᠨᠢ ᠪᠠᠲᠤᠲᠠᠢ ᠲᠣᠭᠲᠠᠭᠠᠭᠳᠠᠭᠰᠠᠨ ᠪᠣᠯᠬᠤᠷ᠎᠂ ᠳᠣᠣᠷᠠᠬᠢ ᠬᠦᠰᠦᠨᠦᠭᠲᠦ ᠳ᠋ᠦ᠍ ᠡᠷᠡᠮᠪᠡ ᠳᠠᠷᠠᠭ᠎ᠠ ᠪᠠᠷ ᠨᠢ ᠳᠡᠯᠭᠡᠷᠡᠩᠭᠦᠢ ᠪᠡᠷ ᠬᠠᠷᠠᠭᠤᠯᠬᠤ ᠪᠣᠯᠤᠮᠵᠢ ᠲᠠᠢ ᠶᠤᠮ ᠃ ᠡᠭᠦᠨ ᠳ᠋ᠦ᠍ :
ᠵᠣᠴᠢ - ᠲᠡᠷᠡ ᠪᠡᠷ ᠴᠡᠷᠢᠭ ᠲᠡᠢ ᠪᠡᠨ ᠴᠢᠩᠭᠢᠰ ᠬᠠᠭᠠᠨ ᠲᠠᠢ ᠬᠣᠯᠪᠣᠭ᠎ᠠ ᠲᠠᠢ ᠪᠠᠢᠪᠠ ᠃
ᠬᠠᠴᠢᠭᠤᠨ ᠪᠡᠬᠢ - ᠤ᠌ᠩ ᠬᠠᠨ ᠤ᠋ ᠨᠢᠭᠡᠨ ᠂ ᠴᠢᠩᠭᠢᠰ ᠬᠠᠭᠠᠨ ᠤ᠋ ᠡᠰᠡᠷᠭᠦ ᠪᠠᠢᠭᠰᠠᠨ ᠃
ᠬᠦᠷᠡᠯ ᠪᠠᠭᠠᠲᠤᠷ - ᠴᠢᠩᠭᠢᠰ ᠬᠠᠭᠠᠨ ᠤ᠋ ᠦᠶ᠎ᠡ ᠳ᠋ᠦ᠍ ᠪᠠᠢᠭᠰᠠᠨ ᠃
ᠣᠲᠣᠷ ᠪᠠᠶᠠᠨ -ᠴᠢᠩᠭᠢᠰ ᠬᠠᠭᠠᠨ ᠤ᠋ ᠦᠶ᠎ᠡ ᠳ᠋ᠦ᠍ ᠪᠠᠢᠭᠰᠠᠨ ᠃
ᠪᠠᠭᠠᠴᠢ - ᠴᠢᠩᠭᠢᠰ ᠬᠠᠭᠠᠨ ᠤ᠋ ᠦᠶ᠎ᠡ ᠳ᠋ᠦ᠍ ᠪᠠᠢᠭᠰᠠᠨ ᠃
ᠠᠳᠠᠯ ᠬᠠᠨ - ᠴᠢᠩᠭᠢᠰ ᠬᠠᠭᠠᠨ ᠠ᠋ᠴᠠ ᠡᠮᠦᠨ᠎ᠡ ᠪᠠᠢᠭᠰᠠᠨ ᠃
ᠴᠢᠩᠭᠢᠰ ᠬᠠᠭᠠᠨ ᠤ᠋ ᠦᠶ᠎ᠡ ᠳ᠋ᠦ᠍ ᠲᠡᠭᠦᠨ ᠤ ᠬᠥᠪᠡᠭᠦᠳ ᠲᠠᠷᠭᠤᠲᠠᠢ ᠬᠡᠷᠡᠭᠦᠯᠴᠢ ( ᠭᠢᠷᠢᠯᠳᠤᠭ)  ᠭᠡᠳᠡᠭ ᠪᠠᠢᠭᠰᠠᠨ ᠃ ᠲᠡᠷᠡ ᠪᠡᠷ ᠴᠢᠩᠭᠢᠰ ᠬᠠᠭᠠᠨ ᠲᠠᠢ ᠲᠡᠷᠰᠯᠡᠯᠳᠦᠵᠦ ᠂ ᠲᠡᠭᠦᠨ ᠤ ᠡᠰᠡᠷᠭᠦ ᠲᠡᠢᠨ ᠳᠠᠵᠢᠨ ᠬᠢᠳᠡᠭ ᠪᠠᠢᠭᠰᠠᠨ ᠶᠡᠬᠡ ᠯᠡ ᠮᠠᠭᠤᠬᠠᠢ ᠬᠥᠮᠦᠨ ᠳ᠋ᠠ ᠃ ᠬᠢᠷᠢᠯᠳᠤᠭ ᠭᠡᠳᠡᠭ ᠨᠢ 《 ᠠᠲᠠᠭᠠᠷᠬᠠᠭ 》 ᠭᠡᠰᠡᠨ ᠦᠭᠡ ᠃ ᠲᠡᠷᠡ ᠪᠡᠷ ᠲᠥᠷᠥᠯ ᠰᠠᠳᠤᠨ ᠲᠠᠢ ᠪᠠᠨ  ᠲᠡᠷᠰᠯᠡᠯᠳᠦᠳᠡᠭ ᠪᠠᠢᠯ᠎ᠠ ᠃
ᠠᠩᠬᠤ ᠬᠥᠭᠡᠴᠦ -ᠴᠢᠩᠭᠢᠰ ᠬᠠᠭᠠᠨ ᠤ᠋ ᠦᠶ᠎ᠡ ᠳ᠋ᠦ᠍ ᠪᠠᠢᠭᠰᠠᠨ ᠃
ᠠᠮᠪᠠᠭᠠᠢ ᠬᠠᠨ- ᠬᠣᠶᠠᠷ ᠬᠥᠪᠡᠭᠦᠨ ᠲᠡᠢ ᠃ ᠬᠠᠳᠠᠨ ᠳᠠᠢᠰᠢ ᠪᠠ ᠳᠤᠲᠠᠢ ᠨᠠᠷ ᠶᠤᠮ ᠃ ᠨᠥᠭᠥᠭᠡ ᠨᠢᠭᠡ ᠳᠣᠮᠣᠭ ᠢ᠋ᠶ᠋ᠠᠷ ᠨᠢ ᠪᠣᠯ ᠡᠨᠡ ᠬᠥᠮᠦᠨ ᠠᠷᠪᠠᠨ ᠬᠥᠪᠡᠭᠦᠨ ᠲᠡᠢ ᠪᠠᠢᠭᠰᠠᠨ ᠭᠡᠬᠦ ᠪᠣᠯᠪᠠᠴᠤ ᠲᠡᠳᠡᠨ ᠤ ᠨᠡᠷ᠎ᠡ ᠨᠢ ᠮᠡᠳᠡᠭᠳᠡᠳᠡᠭ ᠦᠭᠡᠢ  ᠶᠤᠮ ᠃ ᠲᠡᠭᠦᠨ ᠤ ᠣᠷᠣ ᠶ᠋ᠢ ᠬᠠᠳᠠᠨ ᠲᠠᠢᠰᠢ ᠵᠠᠯᠭᠠᠮᠵᠢᠯᠠᠭᠰᠠᠨ ᠪᠢᠯᠡ ᠃ ᠠᠮᠪᠠᠭᠠᠢ ᠬᠠᠨ ᠲᠠᠢ ᠲᠣᠬᠢᠶᠠᠯᠳᠤᠭᠰᠠᠨ ᠶᠠᠪᠤᠳᠠᠯ ᠤ᠋ᠨ ᠤᠯᠠᠮ ᠠ᠋ᠴᠠ ᠮᠥᠨ ᠲᠡᠭᠦᠨ ᠤ ᠦᠶ᠎ᠡ ᠳ᠋ᠦ᠍ ᠠᠬ᠎ᠠ ᠨᠠᠷ ᠨᠢ ᠦᠭᠡᠰᠡᠵᠦ ᠬᠤᠤᠪᠢᠯᠳᠤᠭᠰᠠᠨ ᠤᠴᠢᠷ ᠲᠡᠷᠡ ᠪᠡᠷ ᠡᠵᠡᠨᠲᠡᠨ ᠪᠣᠯᠵᠤ ᠴᠢᠳᠠᠭ᠎ᠠ ᠦᠭᠡᠢ ᠠᠵᠤᠭᠤ ᠃ ᠲᠠᠢᠴᠢᠭᠤᠳ ᠬᠣᠭᠣᠷᠣᠨᠳᠣ ᠪᠠᠨ ᠳᠠᠢᠰᠤᠩᠨᠠᠯᠴᠠᠵᠤ ᠪᠠᠢᠭᠰᠠᠨ ᠤᠴᠢᠷ ᠲᠡᠳᠡᠨ ᠤ ᠳᠣᠲᠣᠷ᠎ᠠ ᠠ᠋ᠴᠠ ᠡᠵᠡᠨᠲᠡᠨ ᠴᠦ᠍ ᠂ ᠤᠳᠤᠷᠢᠳᠤᠭᠴᠢ ᠴᠤ᠌ ᠬᠡᠵᠢᠶ᠎ᠡ ᠴᠦ᠍ ᠭᠠᠷᠴᠤ ᠪᠠᠢᠭᠰᠠᠨ ᠦᠭᠡᠢ ᠃ ᠡᠭᠦᠨ ᠤ ᠤᠯᠠᠮ ᠠ᠋ᠴᠠ ᠲᠡᠳᠡ ᠭᠠᠵᠠᠷ ᠤ᠋ᠨ ᠬᠥᠷᠥᠰᠥᠨ ᠡᠴᠡ ᠠᠷᠴᠢᠭᠳᠠᠵᠠᠢ ᠃ ᠢᠩᠭᠢᠭᠡᠳ ᠭᠦᠢᠴᠡᠯ᠎ᠡ ᠃ ᠲᠠᠢᠴᠢᠭᠤᠳ ᠠᠢᠮᠠᠭ ᠠ᠋ᠴᠠ ᠣᠯᠠᠨ ᠲᠣᠭᠠᠨ ᠤ᠋ ᠨᠣᠶᠠᠳ ᠤ᠋ᠳ ᠭᠠᠷᠤᠯ ᠲᠠᠢ ᠪᠣᠯᠪᠠᠴᠤ ᠳᠣᠲᠣᠷ᠎ᠠ ᠠ᠋ᠴᠠ ᠨᠢ ᠨᠡᠷ᠎ᠡ ᠳ᠋ᠦ᠍ ᠭᠠᠷᠤᠭᠰᠠᠨ ᠶᠠᠩᠵᠤ ᠪᠦᠷᠢ ᠶ᠋ᠢᠨ ᠨᠠᠷᠠᠰᠤᠨ  ᠴᠸᠰᠸ ᠳ᠋ᠦ᠍ ᠳᠤᠷᠠᠳᠤᠭᠰᠠᠨ ᠨᠢ ᠪᠢᠳᠡᠨ ᠤ ᠯᠡ ᠳᠤᠷᠠᠳᠤᠨ ᠪᠣᠢ ᠬᠥᠮᠦᠰ ᠪᠢᠯᠡ ᠃
1 ᠬᠠᠢᠳᠤ ᠬᠠᠨ ᠲᠡᠭᠦᠨ  ᠦ ᠡᠬᠡᠨᠡᠷ ᠤ᠋ᠳ ᠪᠠ ᠬᠥᠪᠡᠭᠦᠳ ᠦ᠋ᠨ ᠬᠢᠨᠢ ᠰᠠᠯᠪᠤᠷᠢ ᠶ᠋ᠢ ᠬᠠᠷᠠᠭᠤᠯᠤᠭᠰᠠᠨ ᠬᠦᠰᠦᠨᠦᠭᠲᠦ
 

1.1 ᠪᠠᠢᠰᠢᠩᠬᠤᠷ
1.2 ᠴᠣᠢᠵᠢᠨ ᠬᠦᠬᠦᠷ
1.3 ᠴᠢᠷᠬᠠᠢ ᠯᠢᠩᠬᠦᠮ
1.3.1 ᠥᠯᠥᠭᠴᠢᠨ ᠴᠢᠨᠣ᠎ᠠ 
1.3.2 ᠬᠡᠨᠳᠦᠦ ᠴᠢᠨᠣ᠎ᠠ 
1.3.3 ᠰᠣᠷᠭᠣᠭᠳᠣᠭᠤ ᠴᠢᠨᠣ᠎ᠠ
1.3.3.1 ᠠᠮᠪᠠᠭᠠᠢ ᠬᠠᠭᠠᠨ-
1.3.3.1.1 ᠲᠣᠲᠠᠢ
1.3.3.1.2 ᠬᠠᠳᠠᠨ ᠳᠠᠢᠰᠢ

  ᠨᠠᠷᠠᠰ ᠤᠨ ᠵᠠᠷᠢᠮ ᠴᠸᠰᠸ ᠳ᠋ᠦ᠍ ᠪᠠᠢᠰᠢᠩᠬᠤᠷ ᠂ ᠴᠣᠢᠵᠢᠨ ᠬᠦᠬᠦᠷ ᠦ᠋ᠨ ᠨᠡᠷᠡᠰ ᠪᠠᠢᠳᠠᠭ ᠦᠭᠡᠢ  ᠶᠤᠮ ᠃ ᠬᠠᠷᠢᠨ ᠲᠤᠮᠪᠢᠨᠠᠢ ᠬᠠᠨ ᠨᠢ ᠬᠠᠢᠳᠤ ᠬᠠᠨ ᠤ᠋ ᠬᠥᠪᠡᠭᠦᠨ ᠭᠡᠰᠡᠨ ᠪᠠᠢᠳᠠᠭ ᠃ ᠭᠡᠲᠡᠯ᠎ᠡ ᠵᠠᠷᠢᠮ ᠬᠠᠭᠤᠴᠢᠨ ᠴᠸᠰᠸ ᠳ᠋ᠦ᠍  ᠪᠠᠢᠰᠢᠩᠬᠤᠷ ᠂ ᠴᠣᠢᠵᠢᠨ ᠬᠦᠬᠦᠷ ᠨᠠᠷ ᠨᠢ ᠬᠠᠢᠳᠤ ᠶ᠋ᠢᠨ ᠬᠥᠪᠡᠭᠦᠨ ᠪᠥᠭᠡᠳ ᠲᠤᠮᠪᠢᠨᠠᠢ ᠬᠠᠨ ᠨᠢ ᠪᠠᠢᠰᠢᠩᠬᠤᠷ ᠤ᠋ᠨ ᠬᠥᠪᠡᠭᠦᠨ ᠭᠡᠵᠦ ᠪᠠᠢᠭᠰᠠᠨ ᠢ᠋ ᠪᠢ ᠦᠵᠡᠭᠰᠡᠨ ᠡᠨᠡ ᠨᠢ ᠠᠷᠠᠢ ᠯᠠ ᠵᠥᠪ ᠃ ᠡᠢᠮᠦ ᠴᠦ᠍ ᠤᠴᠢᠷ ᠠ᠋ᠴᠠ ᠪᠢᠳᠡ ᠪᠠᠢᠰᠢᠩᠬᠤᠷ ᠢ᠋ ᠡᠨᠳᠡ ᠪᠢᠴᠢᠯ᠎ᠡ ᠃ ᠵᠠᠷᠢᠮ ᠴᠸᠰᠸ ᠳ᠋ᠦ᠍  ᠴᠢᠷᠬᠠᠢ ᠨᠢ ᠨᠠᠴᠢᠨ ᠤ ᠬᠥᠪᠡᠭᠦᠨ ᠭᠡᠳᠡᠭ ᠃ ᠭᠡᠲᠡᠯ᠎ᠡ ᠲᠡᠢᠮᠦ ᠪᠤᠰᠤ ᠂ ᠬᠠᠷᠢᠨ ᠬᠠᠢᠳᠤ ᠬᠠᠨ ᠤ᠋ ᠬᠥᠪᠡᠭᠦᠨ ᠭᠡᠳᠡᠭ ᠨᠢ ᠮᠠᠭᠠᠳ ᠦᠭᠡᠢ ᠤᠴᠢᠷ ᠨᠢ ᠢᠩᠭᠢᠵᠦ ᠤᠳᠤᠮ ᠰᠤᠳᠤᠷ ᠲᠤᠨᠢ ᠣᠷᠣᠭᠰᠠᠨ ᠪᠠᠢᠳᠠᠭ ᠃ ᠴᠢᠷᠬᠠᠢ ᠨᠢ ᠪᠠᠢᠰᠢᠩᠬᠤᠷ ᠤ᠋ᠨ ᠪᠡᠯᠪᠡᠰᠦᠨ ᠭᠡᠷᠭᠡᠢ ᠶ᠋ᠢ ᠠᠪᠠᠯᠢ ᠪᠣᠯᠭᠠᠨ ᠠᠪᠴᠤ ᠂ ᠲᠡᠭᠦᠨ ᠡᠴᠡ ᠨᠢ ᠥᠯᠥᠭᠴᠢᠨ ᠴᠢᠨᠣ᠎ᠠ ᠬᠡᠨᠳᠤᠤ ᠴᠢᠨᠣ᠎ᠠ ᠭᠡᠰᠡᠨ ᠬᠣᠶᠠᠷ ᠬᠥᠪᠡᠭᠦᠨ ᠲᠥᠷᠥᠭᠦᠯᠦᠭᠰᠡᠨ ᠃ ᠡᠭᠦᠨ ᠡᠴᠡ ᠨᠢ ᠦᠵᠡᠭᠰᠡᠨ ᠴᠦ᠍ ᠴᠢᠷᠬᠠᠢ ᠪᠣᠯ ᠪᠠᠢᠰᠢᠩᠬᠤᠷ ᠤ᠋ᠨ ᠳᠡᠭᠦᠦ ᠂ ᠪᠣᠯᠵᠤ ᠲᠠᠭᠠᠷᠠᠯ᠎ᠠ ᠃ ᠤᠴᠢᠷ ᠨᠢ ᠴᠢᠷᠬᠠᠢ ᠨᠢ ᠬᠡᠷᠪᠡ ᠨᠠᠴᠢᠨ ᠤ ᠬᠥᠪᠡᠭᠦᠨ ᠪᠠᠢᠭᠰᠠᠨ ᠪᠣᠯ ᠪᠠᠢᠰᠢᠩᠬᠤᠷ ᠲᠡᠭᠦᠨ ᠤ ᠠᠴᠢ ᠨᠢ ᠂ ᠡᠬᠡᠨᠡᠷ ᠨᠢ ᠲᠡᠭᠦᠨ ᠤ ᠪᠡᠷᠢ ᠪᠠᠢᠬᠤ ᠰᠠᠨ ᠪᠢᠯᠡ ᠃ ᠮᠣᠩᠭᠣᠯᠴᠤᠳ ᠤ᠋ᠨ ᠵᠠᠩᠰᠢᠯ ᠢ᠋ᠶ᠋ᠠᠷ ᠡᠢᠮᠦ ᠬᠥᠮᠦᠨ ᠢ᠋ ᠡᠬᠡᠨᠡᠷ ᠢ᠋ᠶ᠋ᠡᠨ ᠪᠣᠯᠭᠠᠬᠤ ᠨᠢ ᠵᠣᠬᠢᠮᠵᠢ ᠦᠭᠡᠢ ᠭᠡᠳᠡᠭ ᠪᠢᠯᠡ ᠃ ᠡᠢᠮᠦ ᠡᠴᠡ ᠲᠡᠭᠦᠨ ᠢ᠋ ᠬᠠᠢᠳᠤ ᠬᠠᠨ ᠤ᠋ ᠬᠥᠪᠡᠭᠦᠨ ᠭᠡᠬᠦ ᠨᠢ ᠢᠯᠡᠭᠦᠦ ᠦᠨᠡᠨ ᠲᠠᠢ ᠶᠤᠮ ᠃ ᠲᠠᠢᠴᠢᠭᠤᠳ ᠨᠢ ᠲᠡᠭᠦᠨ ᠤ ᠠᠢᠮᠠᠭ ᠲᠤ᠌ ᠬᠠᠷᠢᠶᠠᠯᠠᠭᠳᠠᠳᠠᠭ᠃
  ᠡᠨᠡ ᠠᠰᠠᠭᠤᠯᠲᠠ ᠨᠢ ᠬᠣᠵᠢᠮ ᠢ᠋ᠶ᠋ᠠᠨ ᠪᠦᠷ ᠪᠤᠳᠤᠯᠢᠶᠠᠨᠲᠤᠭᠰᠠᠨ ᠤᠴᠢᠷ ᠨᠠᠴᠢᠨ ᠤ᠋ ᠬᠥᠪᠡᠭᠦᠳ ᠨᠢ ᠂ ᠣᠪᠣᠭ ᠨᠢ ᠲᠠᠢᠴᠢᠭᠤᠳ ᠪᠣᠯᠤᠯ᠎ᠠ ᠃ ᠣᠳᠣ ᠲᠠᠢᠴᠢᠭᠤᠳ ᠭᠡᠵᠦ ᠴᠢᠷᠬᠠᠢ ᠶ᠋ᠢᠨ ᠰᠢᠭᠤᠳ ᠤᠳᠤᠮ ᠤ᠋ᠨ ᠬᠢᠨ ᠢ᠋ ᠬᠡᠯᠡᠬᠦ ᠱᠠᠭᠠᠷᠳᠠᠯᠭ᠎ᠠ ᠦᠭᠡᠢ ᠪᠣᠯᠵᠠᠢ ᠃ ᠤᠴᠢᠷ ᠨᠢ ᠲᠡᠳᠡᠭᠡᠷ ᠨᠢ ᠲᠥᠷᠥᠯ ᠰᠠᠳᠤᠨ ᠨᠤᠭᠤᠳ ᠤ᠋ᠨ ᠢ᠋ᠶ᠋ᠠᠨ ᠂ ᠮᠥᠨ ᠬᠠᠷᠢᠶᠠᠯᠠᠭᠳᠠᠳᠠᠭ ᠲᠡᠳᠡᠨ ᠲᠡᠢ ᠨᠢᠭᠡᠳᠦᠭᠡᠳ ᠥᠪᠡᠷᠰᠡᠳ ᠢ᠋ ᠪᠡᠨ ᠲᠠᠢᠴᠢᠭᠤᠳ ᠭᠡᠳᠡᠭ ᠪᠤᠰᠤᠳ ᠠᠢᠮᠠᠭ ᠤ᠋ᠳ ᠤ᠋ᠨ ᠲᠡᠷᠢᠭᠦᠯᠡᠭᠴᠢᠳ ᠡᠵᠡᠨᠲᠡᠨ ᠨᠦ᠍ᠭᠦᠳ ᠪᠠᠢᠪᠠ ᠃ ᠲᠡᠭᠦᠨᠴᠢᠯᠡᠨ ᠮᠣᠩᠭᠣᠯᠴᠤᠳ ᠲᠠᠢ ᠬᠣᠯᠢᠯᠳᠤᠭᠠᠳ ᠂ ᠲᠡᠳᠡᠨ ᠲᠡᠢ ᠠᠳᠠᠯᠢᠰᠢᠭᠰᠠᠨ ᠂ ᠲᠡᠳᠡᠨ ᠲᠡᠢ ᠨᠢᠭᠡᠳᠦᠭᠰᠡᠨ ᠪᠣᠯ ᠬᠡᠳᠦᠢᠪᠡᠷ ᠮᠣᠩᠭᠣᠯ ᠤᠯᠤᠰ ᠪᠠᠢᠭᠰᠠᠨ ᠮᠥᠷᠲᠡᠭᠡᠨ ᠥᠪᠡᠷᠰᠡᠳ ᠢ᠋ ᠪᠡᠨ ᠮᠣᠩᠭᠣᠯ ᠭᠡᠵᠦ ᠨᠡᠷᠡᠯᠡᠭᠡᠳ
ᠪᠠᠢᠭ᠎ᠠ ᠠᠯᠢᠪᠠ ᠠᠢᠮᠠᠭ ᠤ᠋ᠳ ᠢ᠋ ᠴᠦ᠍ ᠲᠠᠢᠴᠢᠭᠤᠳ ᠭᠡᠳᠡᠭ ᠪᠣᠯᠵᠠᠢ ᠃

ᠪᠠᠢᠰᠢᠩᠬᠤᠷ ᠤ᠋ᠨ ᠲᠤᠬᠠᠢ ᠬᠦᠦᠷᠨᠢᠯ
ᠬᠠᠢᠳᠤ ᠬᠠᠨ ᠤ᠋ ᠬᠥᠪᠡᠭᠦᠨ ᠪᠠᠢᠰᠢᠩᠬᠤᠷ  (ᠪᠠᠢᠱᠤᠩᠬᠤᠷ)  ᠪᠠ  ᠬᠥᠪᠡᠭᠦᠳ ᠦᠨ ᠠᠮᠢᠳᠤᠷᠠᠯ ᠤ᠋ᠨ ᠪᠠᠢᠳᠠᠯ ᠂ ᠲᠡᠳᠡᠨ ᠤ ᠰᠠᠯᠪᠤᠷᠢ ᠪᠣᠯᠤᠨ ᠤ᠌ᠭ ᠰᠤᠷᠪᠤᠯᠵᠢ ᠶ᠋ᠢᠨ ᠲᠤᠬᠠᠢ
                                  ᠡᠨᠡ ᠨᠢ ᠬᠣᠶᠠᠷ ᠬᠡᠰᠡᠭ ᠲᠡᠢ
            ᠨᠢᠭᠡᠳᠦᠭᠡᠷ ᠬᠡᠰᠡᠭ
         ᠪᠠᠢᠰᠢᠩᠬᠤᠷ ᠂ ᠲᠡᠭᠦᠨ ᠤ ᠬᠥᠪᠡᠭᠦᠳ ᠦ᠋ᠨ ᠬᠢᠨᠢ ᠠᠮᠢᠳᠤᠷᠠᠯ ᠤ᠋ᠨ ᠲᠤᠬᠠᠢ ᠤᠳᠤᠷᠢᠳᠬᠠᠯ
ᠪᠠᠢᠰᠢᠩᠬᠤᠷ ᠪᠣᠯ ᠴᠢᠩᠭᠢᠰ ᠬᠠᠭᠠᠨ ᠠ᠋ᠴᠠ ᠳᠡᠭᠡᠭᠰᠢᠬᠢ ᠲᠠᠪᠤᠳᠠᠬᠢ ᠦᠶ᠎ᠡ ᠶ᠋ᠢᠨ ᠬᠢ ᠪᠢᠯᠡ ᠃ ᠮᠣᠩᠭᠣᠯᠴᠤᠳ ᠲᠠᠪᠤᠳᠠᠬᠢ ᠦᠶ᠎ᠡ ᠶ᠋ᠢᠨ ᠢ᠋ᠶ᠋ᠡᠨ ᠡᠪᠦᠭᠡ ᠶ᠋ᠢ ᠪᠦᠲᠡ ᠡᠪᠦᠭᠡ 《 ᠪᠦᠲᠡ ᠣᠭᠦᠦ 》 ᠂ ᠭᠡᠳᠡᠭ ᠪᠠᠢᠪᠠ ᠃ ᠲᠤᠮᠪᠢᠨᠠᠢ ᠬᠠᠨ ᠲᠡᠭᠦᠨ ᠤ ᠬᠥᠪᠡᠭᠦᠨ ᠨᠢ ᠃ ᠲᠡᠷᠡ ᠪᠡᠷ ᠶᠠᠮᠠᠷ ᠴᠤ᠌ ᠪᠠᠢᠭᠰᠠᠨ ᠬᠣᠶᠠᠷ ᠬᠥᠪᠡᠭᠦᠨ ᠲᠡᠢ ᠪᠠᠢᠬᠤ ᠶᠣᠰᠣᠲᠠᠢ ᠃ ᠲᠡᠳᠡᠨ ᠤ ᠲᠤᠬᠠᠢ ᠳᠤᠷᠠᠳᠤᠭᠰᠠᠨ ᠵᠦᠢᠯ ᠪᠠᠢᠳᠠᠭ ᠦᠭᠡᠢ ᠃ ᠣᠷᠴᠢᠨ ᠣᠢ ᠶ᠋ᠢᠨ ᠬᠨ ᠳ᠋ᠦ᠍ ᠴᠦ᠍ ᠮᠡᠳᠡᠭᠳᠡᠵᠦ ᠪᠠᠢᠭ᠎ᠠ ᠶᠠᠭᠤᠮ᠎ᠠ ᠦᠭᠡᠢ ᠠᠵᠤᠭᠤ ᠃ ᠬᠥᠪᠡᠭᠦᠳ ᠡᠴᠡ ᠨᠢ ᠮᠡᠳᠡᠭᠳᠡᠵᠦ ᠪᠠᠢᠭ᠎ᠠ ᠠᠯᠳᠠᠷᠲᠤ ᠲᠤᠮᠪᠢᠨᠠᠢ ᠬᠠᠨ ᠪᠢᠯᠡ ᠃

               ᠬᠣᠶᠠᠳᠤᠭᠠᠷ ᠬᠡᠰᠡᠭ

 ᠪᠠᠢᠰᠢᠩᠬᠤᠷ᠂ᠲᠡᠭᠦᠨ ᠤ ᠭᠡᠷᠭᠡᠢ ᠪᠠ ᠬᠥᠪᠡᠭᠦᠨ ᠲᠤᠮᠪᠢᠨᠠᠢ ᠬᠠᠨ ᠤ᠋ ᠰᠠᠯᠪᠤᠷᠢ ᠶ᠋ᠢᠨ ᠵᠢᠷᠤᠭᠯᠠᠯ
ᠪᠠᠢᠰᠢᠩᠬᠤᠷ ᠡᠬᠡᠨᠡᠷ  ᠬᠡᠦᠬᠡᠳ ᠤ᠋ᠨ ᠬᠢᠨᠢ ᠰᠠᠯᠪᠤᠷᠷ  ᠤ᠋ᠨ ᠵᠢᠷᠤᠭᠯᠠᠯ
ᠲᠣᠮᠪᠢᠨᠠᠢ ᠬᠠᠨ
ᠡᠨᠡ ᠨᠢ ᠴᠢᠩᠭᠢᠰ ᠬᠠᠭᠠᠨ ᠤ᠋ ᠪᠦᠲᠦᠭᠦᠦ 《 ᠪᠦᠲᠡ ᠣᠬᠣᠷ 》 ᠪᠤᠶᠤ ᠳᠥᠷᠪᠡᠳᠡᠬᠢ ᠦᠶ᠎ᠡ ᠶ᠋ᠢᠨ ᠡᠪᠦᠭᠡ ᠪᠠᠢᠵᠠᠢ ᠃ᠮᠣᠩᠭᠣᠯ ᠤ᠋ᠨ ᠂ ᠵᠠᠷᠢᠮ ᠳᠣᠮᠣᠭ ᠲᠤ᠌ ᠴᠤ᠌ ᠢᠩᠭᠢᠵᠦ ᠬᠡᠯᠡᠭᠰᠡᠨ ᠪᠠᠢᠳᠠᠭ ᠃
ᠡᠨᠡ ᠪᠠᠢᠰᠢᠩᠬᠤᠷ ᠥᠭᠡᠷ᠎ᠡ ᠬᠥᠪᠡᠭᠦᠳ ᠲᠡᠢ ᠪᠠᠢᠬᠤ ᠶᠣᠰᠣᠲᠠᠢ ᠃ ᠭᠡᠪᠡᠴᠦ ᠴᠢᠩᠭᠢᠰ ᠬᠠᠭᠠᠨ ᠤ᠋ ᠡᠪᠦᠭᠡ ᠳᠡᠭᠡᠳᠦᠰ ᠨᠢ ᠲᠤᠮᠪᠢᠨᠠᠢ ᠬᠠᠨ ᠥᠭᠡᠳᠡ ᠳᠡᠭᠡᠭᠰᠢᠯᠡᠬᠦ ᠤᠴᠢᠷ᠂ ᠡᠨᠳᠡ ᠵᠥᠪᠬᠡᠨ ᠲᠡᠭᠦᠨ ᠢ᠋ᠶ᠋ᠡᠷ ᠯᠡ ᠬᠢᠵᠠᠭᠠᠷᠯᠠᠪᠠ ᠃