《ᠰᠤᠳᠤᠷ ᠤᠨ ᠴᠢᠭᠤᠯᠭᠠᠨ》1-2-03ᠪᠣᠳᠣᠨᠴᠠᠷ ᠬᠠᠨ ᠲᠡᠭᠦᠨ ᠤ ᠬᠠᠲᠤᠳ ᠪᠠ ᠬᠥᠪᠡᠭᠦᠳбоданчар хан түүний хатад ба хөвгүүд ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠰᠤᠳᠤᠷ ᠤᠨ ᠴᠢᠭᠤᠯᠭᠠᠨ》1-2-03ᠪᠣᠳᠣᠨᠴᠠᠷ ᠬᠠᠨ ᠲᠡᠭᠦᠨ ᠤ ᠬᠠᠲᠤᠳ ᠪᠠ ᠬᠥᠪᠡᠭᠦᠳбоданчар хан түүний хатад ба хөвгүүд

《ᠰᠤᠳᠤᠷ ᠤᠨ ᠴᠢᠭᠤᠯᠭᠠᠨ》1-2-03ᠪᠣᠳᠣᠨᠴᠠᠷ ᠬᠠᠨ ᠲᠡᠭᠦᠨ ᠤ ᠬᠠᠲᠤᠳ ᠪᠠ ᠬᠥᠪᠡᠭᠦᠳбоданчар хан түүний хатад ба хөвгүүд

ᠠᠩᠭᠢᠯᠠᠯ:ᠲᠡᠦᠬᠡ ᠰᠣᠶᠣᠯ
2023-04-27

272

ᠪᠣᠳᠣᠨᠴᠠᠷ ᠬᠠᠨ ᠂ ᠲᠡᠭᠦᠨ ᠤ ᠬᠠᠲᠤᠳ ᠪᠠ ᠬᠥᠪᠡᠭᠦᠳ ᠂ ᠲᠡᠳᠡᠨ ᠤ ᠤ᠌ᠭ ᠰᠤᠷᠪᠤᠯᠵᠢ ᠶ᠋ᠢᠨ ᠲᠤᠬᠠᠢ 

                    ᠡᠨᠡ ᠨᠢ ᠬᠣᠶᠠᠷ ᠬᠡᠰᠡᠭ ᠲᠡᠢ

ᠨᠢᠭᠡᠳᠦᠭᠡᠷ ᠬᠡᠰᠡᠭ

ᠲᠡᠭᠦᠨ ᠤ ᠬᠥᠪᠡᠭᠦᠳ ᠦ᠋ᠨ ᠬᠢᠨᠢ ᠠᠮᠢᠳᠤᠷᠠᠯ ᠤ᠋ᠨ ᠪᠠᠢᠳᠠᠯ ᠤ᠋ᠨ ᠲᠤᠬᠠᠢ ᠣᠷᠣᠰᠢᠯ
ᠪᠣᠳᠣᠨᠴᠠᠷ ᠪᠣᠯ ᠠᠯᠤᠩᠭᠤᠸ᠎ᠠ ᠶ᠋ᠢᠨ ᠭᠤᠲᠠᠭᠠᠷ ᠬᠥᠪᠡᠭᠦᠨ ᠂ ᠲᠤᠬᠠᠢ ᠶ᠋ᠢᠨ ᠦᠶ᠎ᠡ ᠳ᠋ᠡᠭᠡᠨ ᠣᠯᠠᠨ ᠮᠣᠩᠭᠣᠯ ᠠᠢᠮᠠᠭ ᠤ᠋ᠨ ᠵᠣᠩᠬᠢᠯᠠᠭᠴᠢ ᠂ ᠡᠵᠡᠨᠲᠡᠨ ᠪᠢᠯᠡ ᠃ ᠲᠡᠷᠡ ᠪᠡᠷ ᠶᠡᠬᠡ ᠵᠣᠷᠢᠭ ᠲᠠᠢ ᠡᠷᠡᠯᠬᠡᠭ ᠨᠢᠭᠡᠨ ᠪᠠᠢᠪᠠ ᠃ ᠬᠣᠶᠠᠷ ᠬᠥᠪᠡᠭᠦᠨ ᠲᠡᠢ ᠃ ᠶᠡᠬᠡ ᠶ᠋ᠢ ᠨᠢ ᠪᠤᠬ᠎ᠠ ᠂ ᠪᠠᠭ᠎ᠠ ᠶ᠋ᠢ ᠨᠢ ᠪᠤᠬᠠᠲᠠᠢ 《 ᠪᠥᠬᠦᠲᠡᠢ 》 ᠭᠡᠳᠡᠭ ᠃ ᠴᠢᠩᠭᠢᠰ ᠦ᠋ᠨ ᠰᠤᠷᠪᠤᠯᠵᠢ ᠂ ᠮᠥᠨ ᠨᠢᠷᠦᠨ ᠦ᠌ ᠪᠤᠰᠤᠳ ᠣᠯᠠᠨ ᠠᠢᠮᠠᠭ ᠤ᠋ᠨ ᠰᠤᠷᠪᠤᠯᠵᠢ ᠨᠢ ᠪᠤᠬ᠎ᠠ ᠠ᠋ᠴᠠ ᠡᠭᠦᠰᠦᠯ ᠲᠡᠢ ᠂ ᠦᠶ᠎ᠡ ᠵᠠᠯᠭᠠᠮᠵᠢᠯᠠᠭᠴᠢ ᠶ᠋ᠢᠨ ᠬᠤᠪᠢ ᠳ᠋ᠤ᠌ ᠡᠴᠢᠭᠡ ᠪᠡᠨ ᠦᠭᠡᠢ ᠪᠣᠯᠤᠭᠰᠠᠨ ᠠ᠋ᠴᠠ ᠬᠣᠢᠰᠢ ᠲᠡᠷᠡ ᠪᠡᠷ ᠣᠷᠣ ᠵᠠᠯᠭᠠᠮᠵᠢᠯᠠᠵᠠᠢ ᠃ ᠡᠨᠡ ᠬᠦᠦ ᠮᠠᠨᠠᠨ ᠲᠤᠳᠤᠨ ᠭᠡᠳᠡᠭ ᠬᠥᠪᠡᠭᠦᠨ ᠲᠡᠢ ᠃ ᠲᠡᠷᠡ ᠪᠡᠷ ᠮᠣᠩᠭᠣᠯ ᠠᠢᠮᠠᠭ ᠤ᠋ᠨ ᠬᠡᠦᠬᠡᠨ ᠳ᠋ᠦ᠍ ᠰᠦᠢ ᠲᠠᠯᠪᠢᠭᠰᠠᠨ ᠤᠴᠢᠷ ᠬᠦᠷᠭᠡᠨ ᠬᠦᠦ ᠶ᠋ᠢᠨ ᠬᠤᠪᠢ ᠪᠠᠷ ᠲᠠᠢᠰᠢ ᠪᠠᠨ ᠪᠠᠢᠩᠭᠤ ᠯᠠ ᠣᠴᠢᠳᠠᠭ ᠪᠠᠢᠪᠠ ᠃ ᠲᠠᠢᠴᠢᠭᠤᠳ ᠤ᠋ᠨ ᠵᠠᠷᠢᠮ ᠠᠢᠮᠠᠭ ᠤ᠋ᠳ ᠨᠢ ᠲᠡᠭᠦᠨ ᠤ ᠤᠳᠤᠮ ᠤ᠋ᠨ ᠬᠢᠨ ᠭᠡᠵᠡᠭᠡᠳᠡᠭ ᠪᠣᠯᠪᠠᠴᠤ ᠂ ᠡᠨᠡ ᠮᠡᠳᠡᠭᠡᠨ ᠳ᠋ᠦ᠍ ᠢᠲᠡᠭᠡᠬᠦ ᠶ᠋ᠢᠨ ᠬᠡᠷᠡᠭ ᠦᠭᠡᠢ ᠪᠢᠯᠡ ᠃ ᠤᠴᠢᠷ ᠨᠢ ᠶᠡᠬᠡ ᠬᠠᠭᠠᠨ ᠤ᠋ ᠰᠠᠩ ᠳ᠋ᠤ᠌ ᠨᠢᠭᠤᠴᠠᠯᠠᠭᠳᠠᠨ ᠪᠠᠢᠵᠤ ᠂ ᠶᠡᠬᠡ ᠨᠣᠶᠠᠳ᠂ ᠡᠷᠬᠢᠮᠯᠡᠨ ᠡᠷᠬᠢᠯᠡᠵᠦ ᠪᠠᠢᠳᠠᠭ 《 ᠠᠯᠲᠠᠨ ᠳᠡᠪᠲᠡᠷ 》 ᠬᠡᠮᠡᠬᠦ ᠲᠡᠦᠬᠡ ᠶ᠋ᠢᠨ ᠨᠣᠮ ᠳ᠋ᠤ᠌ ᠥᠭᠦᠯᠡᠬᠦ ᠳ᠋ᠡᠭᠡᠨ ᠂ ᠲᠠᠢᠴᠢᠭᠤᠳ ᠠᠢᠮᠠᠭ ᠨᠢ ᠴᠢᠷᠬᠠᠢ ᠯᠢᠩᠭᠦᠮ ᠦ᠋ᠨ ᠣᠪᠣᠭ ᠠ᠋ᠴᠠ ᠭᠠᠷᠤᠯ ᠲᠠᠢ ᠭᠡᠰᠡᠨ ᠪᠠᠢᠳᠠᠭ ᠃ ᠲᠡᠷᠡ ᠪᠡᠷ ᠮᠠᠨᠠᠨ ᠲᠤᠳᠤᠨ ᠤ᠋ ᠠᠴᠢ ᠬᠠᠢᠳᠤ ᠬᠠᠨ  ᠤ᠋ ᠬᠥᠪᠡᠭᠦᠳ ᠦ᠋ᠨ ᠨᠢᠭᠡᠨ ᠠᠵᠤᠭᠤ ᠃ ᠨᠠᠴᠢᠨ ᠤ ᠬᠤᠪᠢ ᠳ᠋ᠤ᠌ ᠭᠡᠪᠡᠯ ᠲᠡᠷᠡ ᠪᠡᠷ ᠥᠪᠡᠷ ᠦ᠋ᠨ ᠢ᠋ᠶ᠋ᠡᠨ ᠠᠴᠢ ᠳᠡᠭᠦᠦ ᠬᠠᠢᠳᠤ ᠬᠠᠨ ᠢ᠋ ᠵᠠᠯᠠᠢᠷ ᠠᠢᠮᠠᠭ ᠤ᠋ᠨ ᠬᠢᠨ ᠡᠴᠡ ᠣᠷᠣᠭᠤᠯᠵᠤ ᠴᠢᠳᠠᠭᠰᠠᠨ ᠪᠣᠯᠤᠨ ᠲᠡᠭᠦᠨ ᠢ᠋ ᠬᠡᠷᠬᠢᠨ ᠬᠠᠮᠠᠭᠠᠯᠠᠨ ᠪᠠᠢᠵᠤ ᠳᠠᠢᠰᠤᠨ ᠤ᠋ ᠳᠤᠮᠳᠠ ᠠ᠋ᠴᠠ ᠵᠢᠭᠤᠲᠠᠨ ᠭᠠᠷᠤᠭᠠᠳ ᠂ ᠤᠨᠤᠨ ᠬᠡᠷᠦᠯᠦᠨ ᠭᠣᠣᠯ ᠤ᠋ᠳ ᠤ᠋ᠨ ᠠᠢ ᠰᠠᠪᠠ ᠪᠠᠷ ᠬᠠᠶᠠᠭᠠᠯᠠᠨ ᠨᠤᠲᠤᠭᠯᠠᠬᠤ ᠪᠣᠯᠤᠭᠰᠠᠨ ᠲᠤᠬᠠᠢ ᠮᠡᠳᠡᠭᠡ ᠪᠡᠷ ᠬᠢᠴᠠᠭᠠᠷᠯᠠᠭᠳᠠᠭᠰᠠᠨ ᠪᠠᠢᠳᠠᠭ ᠪᠢᠯᠡ ᠃
  ᠲᠠᠢᠴᠢᠭᠤᠳ ᠠᠢᠮᠠᠭ ᠨᠢ ᠣᠯᠠᠨ ᠪᠠᠢᠭᠰᠠᠨ ᠪᠣᠯᠬᠣᠷ ᠨᠠᠴᠢᠨ ᠤ ᠤᠳᠤᠮ ᠤ᠋ᠨ ᠬᠢᠨ ᠲᠡᠳᠡᠨ ᠲᠡᠢ ᠨᠡᠢᠯᠡᠨ ᠬᠤᠳᠬᠤᠯᠳᠤᠭᠰᠠᠨ ᠤᠴᠢᠷ ᠲᠠᠢᠴᠢᠭᠤᠳ ᠨᠡᠷ᠎ᠡ ᠪᠡᠷ ᠨᠡᠷᠡᠰᠢᠭᠰᠡᠨ ᠴᠦ᠍ ᠪᠠᠢᠵᠤ ᠪᠣᠯᠬᠤ ᠪᠥᠭᠡᠳ ᠢᠯᠠᠩᠭᠤᠶ᠎ᠠ ᠲᠠᠢᠴᠢᠭᠤᠳ ᠨᠢ ᠲᠡᠭᠦᠨ ᠤ ᠠᠪᠠᠭ᠎ᠠ ᠡᠪᠦᠭᠡ ᠶ᠋ᠢᠨ ᠬᠢᠨᠢ ᠤᠳᠤᠮ ᠤ᠋ᠨ ᠬᠢᠨ ᠪᠠᠢᠭᠰᠠᠨ ᠪᠣᠯᠬᠣᠷ ᠡᠢᠮᠦ ᠠᠯᠳᠠᠭ᠎ᠠ ᠭᠠᠷᠤᠭᠰᠠᠨ ᠪᠠᠢᠵᠤ ᠴᠤ᠌ ᠪᠦᠷ ᠪᠣᠯᠤᠨ᠎ᠠ ᠃ ᠳᠡᠢᠯᠦᠩᠭᠢ ᠶ᠋ᠢᠨ ᠰᠠᠨᠠᠯ ᠴᠣᠬᠣᠮ ᠬᠦ᠌ ᠡᠢᠮᠦ ᠪᠠᠢᠳᠠᠭ ᠪᠥᠭᠡᠳ ᠬᠡᠷᠪᠡ ᠲᠡᠢᠮᠦ ᠦᠭᠡᠢ ᠰᠠᠨ ᠪᠣᠯ ᠨᠠᠴᠢᠨ ᠤ ᠤᠳᠤᠮ ᠤ᠋ᠨ ᠬᠢᠨ ᠨᠢ ᠲᠤᠰ ᠲᠠᠭᠠᠨ ᠪᠢᠴᠢᠭᠳᠡᠬᠦ ᠪᠠᠢᠯ᠎ᠠ ᠃ ᠨᠠᠴᠢᠨ ᠤ ᠤᠷᠤᠭ ᠣᠪᠣᠭ ᠨᠢ ᠨᠢᠷᠤᠨ ᠳ᠋ᠤ᠌ ᠬᠠᠮᠢᠶᠠᠷᠤᠭᠳᠠᠬᠤ ᠪᠥᠭᠡᠳ ᠭᠡᠬᠦ ᠳ᠋ᠡᠭᠡᠨ ᠨᠢᠷᠤᠨ ᠠᠢᠮᠠᠭ ᠤ᠋ᠳ ᠠᠯᠢ ᠰᠠᠯᠪᠤᠷᠢ ᠨᠢ ᠲᠡᠭᠦᠨ ᠤ ᠤᠳᠤᠮ ᠤ᠋ᠨ ᠬᠢᠨ ᠪᠣᠯᠬᠤ ᠨᠢ ᠦᠨᠡᠬᠡᠷ ᠮᠡᠳᠡᠭᠳᠡᠬᠦ ᠦᠭᠡᠢ ᠪᠠᠢᠭ᠎ᠠ ᠪᠢᠯᠡ ᠃ ᠪᠤᠯᠭᠤᠭᠠᠭᠲᠤᠨ ᠃

            ᠬᠣᠶᠠᠳᠤᠭᠠᠷ ᠬᠡᠰᠡᠭ
       ᠪᠣᠳᠣᠨᠴᠠᠷ ᠂ ᠲᠡᠭᠦᠨ ᠤ ᠬᠠᠲᠤᠳ ᠪᠠ ᠬᠥᠪᠡᠭᠦᠳ ᠦ᠋ᠨ ᠬᠢᠨᠢ ᠰᠠᠯᠪᠤᠷᠢ ᠶ᠋ᠢᠨ ᠳᠦᠷᠰᠦᠯᠡᠯ
ᠳᠡᠭᠡᠷ᠎ᠡ ᠳᠤᠷᠠᠳᠤᠭᠰᠠᠨ ᠢ᠋ᠶ᠋ᠠᠷ ᠪᠣᠳᠣᠨᠴᠠᠷ ᠨᠢ ᠭᠣᠶᠠᠷ ᠬᠥᠪᠡᠭᠦᠨ ᠲᠡᠢ ᠂ ᠪᠤᠬ᠎ᠠ ᠪᠠ ᠪᠤᠬᠠᠲᠠᠢ ᠂ ᠪᠤᠬ᠎ᠠ ᠶ᠋ᠢᠨ ᠬᠥᠪᠡᠭᠦᠨ ᠨᠢ ᠮᠠᠨᠠᠨ ᠲᠤᠳᠤᠨ ᠪᠥᠭᠡᠳ ᠴᠢᠩᠭᠢᠰ ᠬᠠᠭᠠᠨ ᠤ᠋ ᠤᠳᠤᠮ ᠤᠭᠰᠠᠭ᠎ᠠ ᠨᠢ ᠲᠡᠭᠦᠨ ᠡᠴᠡ ᠰᠤᠷᠪᠤᠯᠵᠢ ᠲᠠᠢ ᠃ ᠲᠡᠭᠦᠨ ᠤ ᠲᠤᠬᠠᠢ ᠳᠤᠷᠠᠰᠤᠮᠵᠢ ᠬᠦᠦᠷᠨᠢᠯ ᠨᠢ ᠰᠢᠭᠤᠳ ᠯᠠ ᠡᠭᠦᠨ ᠤ ᠳᠠᠷᠠᠭ᠎ᠠ ᠪᠣᠢ ᠃ ᠪᠤᠬᠠᠲᠠᠢ ᠶ᠋ᠢᠨ ᠬᠥᠪᠡᠭᠦᠨ ᠨᠢ ᠨᠠᠴᠢᠨ ᠂ ᠲᠡᠭᠦᠨ ᠤ ᠤᠳᠤᠮ ᠤᠭᠰᠠᠭᠠᠨ ᠤ᠋ ᠬᠢᠨᠢ ᠲᠤᠬᠠᠢ ᠪᠠᠲᠤᠲᠠᠢ ᠮᠡᠳᠡᠭᠡ ᠪᠠᠢᠳᠠᠭ ᠦᠭᠡᠢ ᠂ ᠬᠠᠷᠢᠨ ᠲᠡᠳᠡᠭᠡᠷ ᠢ᠋ ᠳᠦᠷᠰᠦᠯᠡᠪᠡᠯ ᠡᠢᠮᠦ ᠪᠠᠢᠨ᠎ᠠ ᠃
1 ᠪᠣᠳᠣᠨᠴᠠᠷ ᠂ ᠲᠡᠭᠦᠨ ᠤ ᠡᠬᠡᠨᠡᠷ ᠪᠠ ᠬᠥᠪᠡᠭᠦᠳ ᠦ᠋ᠨ ᠤᠳᠤᠮ  ᠤᠭᠰᠠᠭᠠᠨ ᠤ᠋ ᠰᠠᠯᠪᠤᠷᠢ ᠶ᠋ᠢᠨ ᠳᠦᠷᠰᠦᠯᠡᠯ -
1.1 ᠪᠤᠬ᠎ᠠ 
1.2 ᠮᠠᠨᠠᠨ ᠲᠤᠲᠤᠮ
ᠡᠨᠡ ᠪᠣᠯ ᠴᠢᠩᠭᠢᠰ ᠬᠠᠭᠠᠨ ᠤ᠋ ᠳᠤᠲᠠᠬᠠᠨ ( ᠳᠤᠤᠲᠠᠢ ᠬᠥᠮᠦᠨ ) ᠃ ᠲᠣᠲᠠᠬᠤᠨ ᠭᠡᠳᠡᠭ ᠨᠢ ᠳᠣᠯᠣᠳᠠᠬᠢ ᠦᠶ᠎ᠡ ᠶ᠋ᠢᠨ ᠡᠪᠦᠭᠡ ᠳᠡᠭᠡᠳᠦᠰ ᠭᠡᠰᠡᠨ ᠦᠭᠡ ᠃ ᠥᠭᠡᠷ᠎ᠡ ᠴᠦ᠍ ᠳᠣᠮᠣᠭ ᠪᠣᠢ ᠃ ᠲᠡᠭᠦᠨ ᠢ᠋ᠶ᠋ᠡᠷ ᠪᠣᠯ ᠮᠠᠨᠠᠨ ᠲᠤᠳᠤᠨ ᠨᠢ ᠪᠣᠳᠣᠨᠴᠠᠷ ᠤ᠋ᠨ ᠬᠥᠪᠡᠭᠦᠨ ᠭᠡᠨ᠎ᠡ ᠃ ᠬᠠᠷᠢᠨ ᠲᠡᠷᠡ ᠨᠢ ᠪᠤᠬ᠎ᠠ ᠶ᠋ᠢᠨ ᠬᠥᠪᠡᠭᠦᠨ ᠭᠡᠬᠦ ᠨᠢ ᠢᠯᠡᠭᠦᠦ ᠦᠨᠡᠨ ᠤ ᠬᠤᠪᠢ ᠲᠠᠢ ᠃ ᠬᠠᠭᠤᠴᠢᠨ ᠴᠧᠰᠧ  ᠳ᠋ᠦ᠍ ᠡᠢᠮᠦ ᠮᠡᠳᠡᠭᠡ ᠪᠠᠢᠳᠠᠭ ᠠ᠋ᠴᠠ ᠦᠵᠡᠬᠦ ᠳ᠋ᠦ᠍ ᠴᠦ᠍ ᠭᠡᠰᠡᠨ ᠲᠡᠢᠮᠦ ᠪᠠᠢᠨ᠎ᠠ ᠃
1.3  ᠪᠤᠬᠠᠲᠠᠢ 
1.3.1 ᠨᠠᠴᠢᠨ 
        ᠪᠣᠳᠣᠨᠴᠠᠷ ᠤ᠋ᠨ ᠬᠥᠪᠡᠭᠦᠨ ᠮᠠᠨᠠᠨ ᠲᠤᠳᠤᠨ ᠲᠡᠭᠦᠨ ᠤ ᠬᠠᠲᠤᠨ ᠮᠣᠨᠤᠯᠣᠨ᠂      ᠲᠡᠭᠦᠨ ᠤ ᠬᠥᠪᠡᠭᠦᠳ ᠦ᠋ᠨ ᠲᠥᠷᠥᠯ ᠂ ᠤᠭᠰᠠᠭᠠᠨ ᠤ᠋ ᠲᠤᠬᠠᠢ ᠬᠦᠦᠷᠨᠢᠯ
       ᠨᠢᠭᠡᠳᠦᠭᠡᠷ ᠬᠡᠰᠡᠭ 
      ᠤᠳᠤᠷᠢᠳᠬᠠᠯ ᠪᠠ ᠲᠡᠳᠡᠨ ᠤ ᠠᠮᠢᠳᠤᠷᠠᠯ ᠤ᠋ᠨ ᠪᠠᠢᠳᠠᠯ ᠢ᠋ ᠪᠢᠴᠢᠬᠦᠢ ᠨᠢ
  ᠮᠠᠨᠠᠨ ᠲᠤᠳᠤᠨ ᠪᠣᠯ ᠴᠢᠩᠭᠢᠰ ᠬᠠᠭᠠᠨ ᠠ᠋ᠴᠠ ᠳᠡᠭᠡᠭᠰᠢᠬᠢ ᠳᠣᠯᠣᠳᠠᠬᠢ ᠦᠶ᠎ᠡ ᠶ᠋ᠢᠨ ᠡᠪᠦᠭᠡ ᠪᠤᠶᠤ 《 ᠬᠤᠯᠤᠨ ᠡᠪᠦᠭᠡ 》 ᠨᠢ ᠪᠥᠭᠡᠳ ᠮᠣᠩᠭᠣᠯᠴᠤᠳ ᠤᠳᠤᠮ ᠤᠭᠰᠠᠭᠠᠨ ᠤ᠋ ᠪᠠᠨ ᠡᠨᠡ ᠦᠶ᠎ᠡ ᠶ᠋ᠢᠨ ᠡᠪᠦᠭᠡ ᠪᠡᠨ 《 ᠲᠤᠲᠠᠬᠤᠨ 》 ᠭᠡᠳᠡᠭ ᠪᠠᠢᠵᠠᠢ ᠃ ᠲᠡᠷᠡ ᠪᠡᠷ ᠶᠢᠰᠦᠨ ᠬᠥᠪᠡᠭᠦᠨ ᠲᠡᠢ ᠪᠠᠢᠪᠠ ᠃ ᠲᠡᠭᠦᠨ ᠢ᠋ ᠥᠭᠡᠳᠡ ᠪᠣᠯᠤᠭᠰᠠᠨ ᠤ᠋ ᠳᠠᠷᠠᠭ᠎ᠠ ᠡᠨᠡ ᠬᠥᠪᠡᠭᠦᠳ ᠦ᠋ᠨ ᠡᠬᠡ ᠬᠠᠲᠤᠨ ᠮᠣᠨᠤᠯᠤᠨ ᠦᠯᠡᠳᠡᠵᠡᠢ ᠃ ᠬᠥᠪᠡᠭᠦᠳ ᠨᠢ ᠶᠠᠩᠵᠤ ᠪᠦᠷᠢ ᠶ᠋ᠢᠨ ᠭᠠᠵᠠᠷ ᠶᠠᠩᠵᠤ ᠪᠦᠷᠢ ᠶ᠋ᠢᠨ ᠠᠢᠮᠠᠭ ᠤ᠋ᠨ ᠬᠢᠨ ᠡᠴᠡ ᠡᠬᠡᠨᠡᠷ ᠠᠪᠴᠤ ᠂ ᠬᠦᠷᠭᠡᠨ ᠬᠦᠦ ᠶ᠋ᠢᠨ ᠵᠠᠩᠰᠢᠯ ᠢ᠋ ᠳ᠋ᠡᠭᠡᠨ ᠠᠢᠮᠠᠭ ᠳᠠᠮᠵᠢᠨ ᠲᠠᠷᠠᠵᠠᠢ ᠃ ᠮᠣᠨᠣᠯᠤᠨ ᠨᠢ ᠪᠠᠶᠠᠨ ᠪᠥᠭᠡᠳ ᠶᠡᠬᠡ  ᠬᠠᠩᠭᠠᠯᠤᠭᠤᠨ ᠠᠮᠢᠳᠤᠷᠠᠯ ᠲᠠᠢ ᠪᠠᠢᠵᠠᠢ ᠃ ᠲᠡᠭᠦᠨ ᠤ ᠨᠤᠲᠤᠭ ᠪᠠᠭᠤᠴᠠ ᠨᠤᠭᠤᠳ ᠨᠥᠰ ᠡᠷᠭᠢ  ( ᠨᠣᠰ ᠡᠷᠭᠢ ) ᠂ ᠪᠠ ᠭᠥᠭᠡᠢ ᠰᠢᠶᠠᠬᠢ  (  ᠺᠤᠬᠢ ᠰᠢᠶᠠᠬᠢ )   ᠳ᠋ᠤ᠌ ᠪᠠᠢᠳᠠᠭ ᠠᠵᠤᠭᠤ ᠃ ᠬᠡᠳᠦ ᠬᠣᠨᠣᠭᠠᠳ ᠯᠠ ᠠᠳᠤᠭᠤ ᠪᠠᠨ ᠬᠤᠷᠢᠶᠠᠳᠠᠭ ᠃ ᠠᠳᠤᠭᠤ ᠮᠠᠯ ᠨᠢ ᠣᠯᠠᠨ ᠪᠣᠯᠬᠣᠷ ᠲᠡᠭᠦᠨ ᠢ᠋ ᠲᠣᠭᠠᠯᠠᠵᠤ ᠴᠢᠳᠠᠳᠠᠭ ᠦᠭᠡᠢ ᠤᠴᠢᠷ ᠥᠪᠡᠷ ᠦ᠋ᠨ ᠬᠢᠨᠢ ᠰᠠᠭᠤᠵᠤ ᠪᠠᠢᠭ᠎ᠠ ᠠᠭᠤᠯᠠ ᠶ᠋ᠢᠨ ᠣᠷᠣᠢ ᠠ᠋ᠴᠠ ᠲᠡᠭᠦᠨ ᠤ ᠪᠠᠯ ᠳ᠋ᠤᠨᠢ ᠤᠷᠤᠰᠴᠤ ᠪᠠᠢᠭ᠎ᠠ ᠭᠣᠣᠯ ᠤ᠋ᠨ ᠡᠷᠭᠢ ᠬᠦᠷᠲᠡᠯᠡᠬᠢ ᠭᠠᠵᠠᠷ ᠨᠢ ᠪᠢᠲᠡᠭᠦᠦ ᠮᠠᠯ ᠤ᠋ᠨ ᠮᠥᠷ ᠪᠣᠯᠤᠭᠰᠠᠨ ᠪᠠᠢᠪᠠᠯ ᠪᠦᠷᠢᠨ ᠬᠤᠷᠢᠶᠠᠵᠠᠢ ᠭᠡᠵᠦ ᠬᠡᠯᠡᠳᠡᠭ ᠪᠠᠢᠭᠰᠠᠨ ᠪᠠ ᠬᠡᠷᠪᠡ ᠮᠠᠯ ᠤ᠋ᠨ ᠮᠥᠷ ᠨᠢ ᠬᠣᠭᠣᠷᠣᠨᠳᠣ ᠪᠠᠨ ᠶᠡᠬᠡ ᠵᠠᠢᠲᠠᠢ ᠪᠠᠢᠪᠠᠯ ᠮᠠᠯ ᠳᠤᠲᠠᠭᠤ ᠪᠠᠢᠨ᠎ᠠ ᠡᠷᠢᠵᠦ ᠣᠯ ᠭᠡᠵᠦ ᠶᠠᠪᠤᠭᠤᠯᠳᠠᠭ ᠪᠠᠢᠪᠠ ᠃ ᠲᠡᠷᠡ ᠦᠶ᠎ᠡ ᠳ᠋ᠦ᠍ ᠵᠠᠯᠠᠢᠷ ᠭᠡᠵᠦ ᠨᠡᠷᠡᠯᠡᠭᠳᠡᠵᠦ ᠪᠠᠢᠭᠰᠠᠨ ᠮᠣᠩᠭᠣᠯᠴᠤᠳ ᠨᠢ ᠤ᠌ᠭ ᠲᠠᠭᠠᠨ ᠲᠦᠷᠯᠢᠬᠢᠨ ᠤ ᠬᠢᠨ ᠪᠥᠭᠡᠳ ᠲᠡᠳᠡᠭᠡᠷ ᠠᠢᠮᠠᠭ ᠤ᠋ᠨ ᠬᠢᠨ ᠤ ᠰᠠᠯᠪᠤᠷᠢ ᠨᠤᠭᠤᠳ ᠢ᠋ ᠨᠢ ᠨᠢᠭᠲᠠᠯᠠᠪᠠᠯ ᠲᠡᠳᠡᠨ ᠤ ᠬᠡᠳᠦ ᠬᠡᠳᠦᠨ ᠠᠢᠮᠠᠭ ᠤ᠋ᠳ ᠨᠢ ᠬᠡᠷᠦᠯᠦᠨ ᠤ ᠠᠢ ᠰᠠᠪᠠ ᠪᠠᠷ ᠨᠤᠲᠤᠭᠯᠠᠵᠤ ᠪᠠᠢᠪᠠ ᠃ ᠲᠡᠳᠡᠭᠡᠷ ᠨᠢ ᠳᠠᠯᠠᠨ ᠬᠦᠷᠢᠶ᠎ᠡ ᠪᠣᠯᠵᠤ ᠪᠠᠢᠭᠰᠠᠨ ᠠᠵᠤᠭᠤ ᠃ ᠬᠦᠷᠢᠶ᠎ᠡ ᠭᠡᠰᠡᠨ ᠦᠭᠡ ᠶ᠋ᠢᠨ ᠤᠳᠬ᠎ᠠ ᠭᠡᠪᠡᠯ ᠲᠠᠯ᠎ᠠ ᠳ᠋ᠤ᠌ ᠣᠯᠠᠨ ᠣᠯᠠᠨ ᠲᠡᠷᠭᠡ ᠲᠡᠢ ᠠᠢᠯ ᠤ᠋ᠳ ᠳᠤᠮᠳᠠ ᠪᠠᠨ ᠲᠣᠭᠣᠷᠢᠭ ᠵᠠᠢ ᠭᠠᠷᠭᠠᠨ ᠪᠠᠭᠤᠳᠠᠯᠯᠠᠪᠠᠯ ᠲᠡᠭᠦᠨ ᠢ᠋ ᠬᠦᠷᠢᠶ᠎ᠡ ᠭᠡᠳᠡᠭ ᠪᠠᠢᠪᠠ ᠃
  ᠬᠡᠷᠦᠯᠦᠨ ᠭᠣᠣᠯ ᠨᠢ ᠬᠢᠲᠠᠳ ᠤ᠋ᠨ ᠨᠤᠲᠤᠭ ᠲᠤ᠌ ᠣᠢᠷ᠎ᠠ ᠪᠠᠢᠳᠠᠭ ᠪᠢᠯᠡ ᠃ ᠡᠢᠮᠦ ᠡᠴᠡ ᠵᠠᠯᠠᠢᠷ ᠪᠣᠯᠤᠨ ᠪᠤᠰᠤᠳ ᠮᠣᠩᠭᠣᠯ ᠠᠢᠮᠠᠭ ᠤ᠋ᠳ ᠪᠠ ᠬᠢᠲᠠᠳ ᠤ᠋ᠨ ᠣᠷᠣᠰᠢᠨ ᠰᠠᠭᠤᠳᠴᠢᠳ ᠤ᠋ᠨ ᠬᠣᠭᠣᠷᠣᠨᠳᠣ ᠪᠠᠢᠩᠭᠤ ᠯᠠ ᠲᠡᠢᠨ ᠳᠠᠵᠢᠨ ᠮᠥᠷᠭᠥᠯᠳᠦᠭᠡᠨ ᠪᠣᠯᠳᠠᠭ ᠪᠠᠢᠪᠠ ᠃ ᠶᠠᠭ ᠲᠡᠷᠡ ᠦᠶ᠎ᠡ ᠳ᠋ᠦ᠍ ᠬᠢᠲᠠᠳ ᠠ᠋ᠴᠠ ᠵᠠᠯᠠᠢᠷ ᠤ᠋ᠳ ᠢ᠋᠂ ᠳᠠᠯᠠᠨ ᠳᠡᠭᠡᠷᠡᠮᠳᠡᠬᠦ ᠵᠣᠷᠢᠯᠭ᠎ᠠ ᠲᠠᠢ ᠣᠯᠠᠨ ᠲᠣᠭᠠᠨ ᠤ᠋ ᠴᠡᠷᠢᠭ ᠲᠦᠯᠬᠢᠨ ᠣᠷᠣᠭᠤᠯᠪᠠ ᠃ ᠵᠠᠯᠠᠢᠷ ᠠᠢᠮᠠᠭ ᠬᠢᠲᠠᠳ ᠴᠡᠷᠢᠭ ᠦ᠋ᠨ ᠬᠣᠭᠣᠷᠣᠨᠳᠣᠭᠤᠷ ᠤᠷᠤᠰᠴᠤ ᠪᠠᠢᠭᠰᠠᠨ ᠬᠡᠷᠦᠯᠦᠨ ᠳ᠋ᠦ᠍ ᠲᠡᠷᠡ ᠴᠡᠷᠢᠭ ᠲᠤᠯᠵᠤ ᠢᠷᠡᠬᠦ ᠳ᠋ᠦ᠍ ᠶᠡᠬᠡ ᠦᠶᠡᠷ ᠲᠡᠢ ᠪᠠᠢᠭᠰᠠᠨ ᠲᠤᠯᠠ ᠵᠠᠯᠠᠢᠷ ᠤ᠋ᠳ ᠳᠠᠢᠰᠤᠨ ᠤ᠋ ᠲᠡᠷᠡ ᠴᠡᠷᠢᠭ ᠦ᠋ᠳ ᠭᠣᠣᠯ ᠭᠠᠲᠤᠯᠵᠤ ᠴᠢᠳᠠᠬᠤ ᠦᠭᠡᠢ ᠭᠡᠵᠦ ᠪᠣᠳᠣᠭᠠᠳ ᠲᠡᠳᠡᠨ ᠢ᠋ᠶ᠋ᠡᠷ ᠲᠣᠬᠣᠭᠤ ᠬᠢᠵᠦ 《 ᠬᠦᠷᠦᠭᠡᠳ ᠢᠶ᠎ᠡ! ᠢᠷᠡᠭᠡᠳ ᠮᠠᠨ ᠤ᠋ ᠮᠠᠯ ᠢ᠋ ᠳᠡᠭᠡᠷᠡᠮᠳᠡ 》 ᠭᠡᠵᠦ ᠬᠠᠰᠬᠢᠷᠤᠯᠳᠤᠵᠤ ᠂ ᠲᠡᠳᠡᠨ ᠢ᠋ ᠂ ᠳᠠᠯᠠᠯᠵᠤ ᠂ ᠪᠠᠢᠪᠠ ᠃ ᠬᠢᠲᠠᠳ ᠤ᠋ᠨ ᠴᠡᠷᠢᠭ ᠦ᠋ᠳ ᠣᠯᠠᠨ ᠪᠠᠢᠭᠰᠠᠨ ᠪᠣᠯᠬᠣᠷ ᠢ᠋ᠶ᠋ᠠᠨ ᠤᠨᠠᠭᠰᠠᠨ ᠮᠣᠳᠣ ᠂ ᠬᠠᠭᠤᠷᠠᠢ ᠰᠢᠨᠳᠦᠭᠦᠯᠡ ᠲᠦᠷᠭᠡᠨ ᠴᠤᠭᠯᠠᠭᠤᠯᠵᠤ ᠂ ᠰᠥᠨᠢ ᠳ᠋ᠡᠭᠡᠨ ᠰᠠᠯ ᠬᠢᠭᠡᠳ ᠭᠣᠣᠯ ᠢ᠋ ᠭᠠᠲᠤᠯᠤᠨ ᠣᠴᠢᠵᠤ ᠂ ᠲᠡᠨᠳᠡ ᠪᠠᠢᠭᠰᠠᠨ ᠣᠯᠠᠨ ᠲᠣᠭᠠᠨ ᠤ᠋ ᠵᠠᠯᠠᠢᠷ ᠢ᠋ ᠬᠡᠦᠬᠡᠳ ᠦ᠋ᠨ ᠬᠢᠨᠢ ᠬᠠᠮᠲᠤ ᠬᠢᠳᠤᠭᠠᠳ ᠡᠳ᠋ ᠥᠯᠥᠭ ᠪᠠ ᠂ ᠮᠠᠯ ᠢ᠋ ᠳᠡᠭᠡᠷᠡᠮᠳᠡᠵᠡᠢ ᠃
  ᠵᠠᠯᠠᠢᠷ ᠤ᠋ᠳ ᠠ᠋ᠴᠠ ᠳᠠᠢᠰᠤᠨ ᠬᠦᠷᠴᠦ ᠴᠢᠳᠠᠬᠤ ᠦᠭᠡᠢ ᠵᠠᠢᠳᠠᠭᠤ ᠪᠠᠢᠭᠰᠠᠨ ᠨᠢᠭᠡ ᠪᠦᠯᠦᠭ 70 ᠣᠷᠴᠢᠮ ᠡᠷᠦᠬᠡ ᠡᠬᠡᠨᠡᠷ ᠬᠡᠦᠬᠡᠳ ᠢ᠋ᠶ᠋ᠡᠨ ᠠᠪᠴᠤ ᠳᠥᠷᠪᠡᠨ ᠨᠡᠭᠦᠳᠡᠯᠯᠡᠵᠦ ᠶᠠᠪᠤᠭᠰᠠᠭᠠᠷ ᠮᠠᠨᠠᠨ ᠲᠤᠳᠤᠨ  ᠤ᠋ ᠪᠡᠯᠪᠡᠰᠦᠨ ᠭᠡᠷᠭᠡᠢ ᠮᠣᠨᠤᠯᠣᠨ ᠤ᠋ ᠨᠤᠲᠤᠭ ᠲᠤ᠌  ᠪᠠᠭᠤᠳᠠᠯᠯᠠᠵᠠᠢ ᠃ ᠲᠡᠳᠡ ᠥᠯᠥᠰᠦᠭᠰᠡᠨ ᠤᠴᠢᠷ ᠰᠥᠳᠥ ᠶ᠋ᠢᠨ ᠦᠨᠳᠦᠰᠦ ᠤᠬᠤᠵᠤ ᠢᠳᠡᠵᠦ ᠪᠠᠢᠵᠠᠢ  (  ᠰᠥᠳᠦᠨ ᠭᠢᠴᠢᠭᠢᠨ᠎ᠡ ᠂ 《 ᠮᠣᠩᠭᠣᠯ ᠤ᠋ᠨ ᠨᠢᠭᠤᠴᠠ ᠲᠣᠪᠴᠢᠶᠠᠨ 》 ᠂ 74 ᠳ᠋ᠦ᠍ᠭᠡᠷ ᠵᠦᠢᠯ ) ᠃ ᠢᠩᠭᠢᠵᠦ ᠡᠨᠡ ᠬᠠᠪᠢ ᠶ᠋ᠢᠨ ᠭᠠᠵᠠᠷ ᠢ᠋ ᠰᠡᠨᠳᠡᠴᠢᠨ ᠭᠠᠵᠠᠷ ᠰᠠᠢ ᠦᠭᠡᠢ ᠣᠯᠠᠨ ᠨᠦᠬᠡ ᠭᠠᠷᠭᠠᠵᠠᠢ ᠃ ᠭᠡᠲᠡᠯ᠎ᠡ ᠡᠨᠡ ᠭᠠᠵᠠᠷ ᠨᠢ ᠮᠣᠨᠤᠯᠣᠨ ᠤ᠋ ᠬᠡᠦᠬᠡᠳ ᠦ᠋ᠳ ᠦ᠋ᠨ ᠮᠣᠷᠢᠲᠠᠢ ᠶᠠᠪᠤᠵᠤ ᠰᠤᠷᠭᠠᠭᠤᠯᠢ ᠲᠡᠮᠡᠴᠡᠭᠡᠨ ᠬᠢᠳᠡᠭ ᠲᠠᠯᠠᠪᠠᠢ ᠪᠠᠢᠵᠠᠢ ᠃ ᠡᠢᠮᠦ ᠡᠴᠡ ᠮᠣᠨᠤᠯᠤᠨ ᠢᠷᠡᠵᠦ ᠲᠡᠳᠡᠨ ᠳ᠋ᠦ᠍ ᠬᠠᠨᠳᠤᠨ ᠥᠭᠦᠯᠡᠷᠦᠨ : 《 ᠲᠠ ᠨᠠᠷ ᠮᠢᠨᠦ ᠬᠡᠦᠬᠡᠳ ᠦ᠋ᠳ ᠦ᠋ᠨ ᠮᠣᠷᠢ ᠪᠠᠷ ᠲᠡᠮᠡᠴᠡᠭᠡᠨ ᠬᠢᠳᠡᠭ ᠲᠠᠯ᠎ᠠ ᠭᠠᠵᠠᠷ ᠢ᠋ ᠶᠠᠭᠤᠨ ᠳ᠋ᠤ᠌ ᠢᠩᠭᠢᠵᠦ ᠨᠥᠭᠡᠴᠢᠨ ᠰᠦᠢᠳᠬᠡᠪᠡ ? 》 ᠭᠡᠵᠡᠢ ᠃ ᠭᠡᠲᠡᠯ᠎ᠡ ᠲᠡᠳᠡ ᠮᠤᠨᠤᠯᠤᠨ ᠢ᠋ ᠪᠠᠷᠢᠵᠤ ᠠᠪᠤᠭᠠᠳ ᠠᠯᠠᠵᠠᠢ ᠃ ᠲᠡᠭᠦᠨ ᠤ ᠬᠥᠪᠡᠭᠦᠨ ᠪᠦᠷᠢ ᠨᠢ ᠭᠡᠷᠯᠡᠵᠦ ᠶᠠᠮᠠᠷ ᠨᠢᠭᠡᠨ ᠠᠢᠮᠠᠭ ᠲᠠᠢ ᠨᠣᠷᠤᠭ ᠤ᠋ᠨ ᠪᠠᠷᠢᠯᠳᠤᠯᠭ᠎ᠠ ᠲᠠᠢ ᠪᠣᠯᠤᠭᠰᠠᠨ ᠤᠴᠢᠷ ᠲᠡᠳᠡᠨ ᠤ ᠰᠠᠳᠤᠨ ᠨᠢ ᠶᠡᠬᠡ ᠣᠯᠠᠨ ᠪᠣᠯᠵᠠᠢ ᠃ ᠡᠨᠡ ᠪᠠᠢᠳᠠᠯ ᠢ᠋ ᠮᠡᠳᠡᠭᠰᠡᠨ ᠵᠠᠯᠠᠢᠷ ᠤ᠋ᠨ ᠬᠢᠨ ᠲᠡᠳᠡᠨ ᠤ ᠵᠦᠭ ᠡᠴᠡ ᠠᠶᠤᠯ ᠤᠴᠠᠷᠠᠬᠤ ᠦᠭᠡᠢ ᠭᠡᠬᠦ ᠭᠠᠵᠠᠷ ᠦᠭᠡᠢ ᠪᠤᠯᠬᠤᠶ᠋ᠢ ᠮᠡᠳᠡᠵᠦ ᠠᠶᠤᠵᠠᠭᠠᠵᠤ ᠪᠠᠢᠯ᠎ᠠ ᠃ ᠲᠡᠳᠡ ᠲᠡᠳᠡᠭᠡᠷ ᠦ᠋ᠨ ᠵᠠᠮ ᠢ᠋ ᠬᠠᠭᠠᠵᠤ ᠂ ᠤᠲᠤᠵᠤ ᠪᠠᠢᠭᠠᠳ  ᠨᠠᠢ᠌ᠮᠠᠨ ᠬᠥᠮᠦᠨ ᠢ᠋ ᠠᠯᠠᠵᠠᠢ  (  ᠬᠢᠲᠠᠳ᠄ 他们便拦住了路,杀死了九个儿中的八个 ) 
  ᠣᠳᠬᠠᠳ ᠬᠥᠪᠡᠭᠦᠨ ᠬᠠᠢᠳᠤ ᠨᠢ ᠬᠠᠪᠤᠳ ᠠᠢᠮᠠᠭ ᠤ᠋ᠨ ᠬᠦᠷᠭᠡᠨ ᠬᠦᠦ ᠤᠴᠢᠷ ᠲᠡᠷᠡ ᠠᠢᠮᠠᠭ ᠲᠤ᠌ ᠠᠢᠯᠴᠢᠯᠠᠵᠤ ᠶᠠᠪᠤᠵᠠᠢ ᠃ ᠲᠡᠭᠦᠨ ᠤ ᠡᠪᠦᠭᠡ ᠡᠴᠢᠭᠡ ᠨᠠᠴᠢᠨ ᠴᠤ᠌ ᠡᠮᠦᠨ᠎ᠡ ᠥᠭᠦᠯᠡᠭᠰᠡᠨ ᠢ᠋ᠶ᠋ᠡᠷ ᠲᠡᠭᠦᠨ ᠡᠴᠡ ᠡᠮᠦᠨ᠎ᠡ ᠡᠨᠡ ᠠᠢᠮᠠᠭ ᠲᠤ᠌ ᠮᠥᠨ ᠯᠡ ᠬᠦᠷᠭᠡᠨ ᠤ ᠬᠤᠪᠢ ᠪᠠᠷ ᠠᠢᠯᠴᠢᠯᠠᠵᠤ ᠪᠠᠢᠭᠰᠠᠨ ᠠᠵᠢ ᠃ ᠭᠡᠲᠡᠯ᠎ᠡ ᠵᠠᠯᠠᠢᠷ ᠠᠢᠮᠠᠭ ᠤ᠋ᠨ ᠬᠢᠨ ᠮᠥᠨ ᠠᠬ᠎ᠠ ᠶ᠋ᠢᠨ ᠬᠢᠨᠢ ᠬᠥᠪᠡᠭᠦᠳ ᠠᠯᠠᠯᠴᠠᠯ ᠦᠷᠡᠭᠳᠡᠵᠦ ᠪᠠᠢᠭ᠎ᠠ( ᠬᠢᠲᠠᠳ᠄ 札刺亦儿 [部落]的和诸侄之死) ᠶᠢ ᠰᠣᠨᠣᠰᠤᠭᠠᠳ  ᠬᠠᠢᠳᠤ ᠶ᠋ᠢ ᠮᠣᠩᠭᠣᠯᠴᠳ ᠤ᠋ᠨ  ᠠᠢᠷᠠᠭ ᠢᠶᠠᠨ ᠬᠢᠳᠡᠭ ᠪᠠᠰᠲᠤ ᠭᠡᠳᠡᠭ ᠰᠢᠪᠠᠷ ᠰᠠᠪᠠᠨ ᠳ᠋ᠤ᠌ ᠬᠢᠵᠦ ᠨᠢᠭᠤᠵᠠᠢ ᠃
ᠵᠠᠯᠠᠢᠷ ᠤ᠋ᠳ ᠤ᠋ᠨ ᠪᠦᠯᠦᠭ ᠡᠨᠡ ᠭᠡᠮᠲᠦ ᠬᠡᠷᠡᠭ ᠢ᠋ ᠦᠢᠯᠡᠳᠦᠭᠰᠡᠨ ᠢ᠋ ᠦᠯᠡᠳᠡᠭᠰᠡᠨ ᠪᠤᠰᠤᠳ ᠨᠢ ᠮᠡᠳᠡᠵᠦ ᠲᠡᠷᠡ ᠳᠠᠯᠠᠨ ᠬᠥᠮᠦᠨ ᠢ᠋ ᠬᠠᠷᠢᠭᠤᠴᠠᠯᠭ᠎ᠠ ᠳ᠋ᠤ᠌ ᠲᠠᠲᠠᠵᠠᠢ ᠃ ᠲᠡᠳᠡᠨ ᠡᠴᠡ ᠠᠰᠠᠭᠤᠷᠤᠨ : 《 ᠲᠠ ᠨᠠᠷ ᠡᠢᠮᠦ ᠬᠡᠷᠴᠡᠭᠡᠢ ᠦᠢᠯᠡᠳᠦᠯ ᠢ᠋ ᠬᠢᠬᠦ ᠳ᠋ᠡᠭᠡᠨ ᠶᠠᠮᠠᠷ ᠲᠥᠷᠥᠯ ᠰᠠᠳᠤᠨ ( ᠠᠬ᠎ᠠ ᠪᠠ ᠳᠡᠭᠦᠦ) ᠲᠡᠢ ᠪᠡᠨ ᠶᠠᠷᠢᠯᠴᠠᠭᠰᠠᠨ ᠪᠣᠢ 》 ᠭᠡᠵᠡᠢ ᠃ ᠲᠡᠳᠡᠨ ᠡᠴᠡ ᠥᠰᠢᠶ᠎ᠡ ᠠᠪᠴᠤ ᠵᠠᠯᠬᠠᠭᠠᠬᠤ ᠳ᠋ᠠᠭᠠᠨ ᠴᠥᠮ ᠢ᠋ ᠨᠢ ᠬᠥᠨᠥᠭᠡᠵᠡᠢ ᠃ ᠲᠡᠳᠡᠨ ᠤ ᠡᠬᠡᠨᠡᠷ ᠬᠡᠦᠬᠡᠳ ᠦ᠋ᠳ ᠨᠢ ᠮᠣᠨᠤᠯᠣᠨ ᠤ᠋ ᠬᠥᠪᠡᠭᠦᠨ ᠬᠠᠢᠳᠤ ᠶ᠋ᠢᠨ ᠪᠣᠭᠣᠯ ᠪᠣᠯᠵᠠᠢ ᠃ ᠠᠯᠠᠭᠳᠠᠭᠰᠠᠨ ᠵᠠᠯᠠᠢᠷ ᠤ᠋ᠳ ᠤ᠋ᠨ ᠬᠡᠳᠦᠨ ᠬᠥᠪᠡᠭᠦᠨ ᠢ᠋ ᠣᠯᠵᠠᠯᠠᠭᠰᠠᠳ ᠪᠣᠯᠭᠠᠨ ᠦᠯᠡᠳᠡᠭᠡᠭᠰᠡᠨ ᠨᠢ ᠲᠡᠳᠡᠨ ᠤ ᠭᠡᠷ ᠦ᠋ᠨ ᠪᠣᠭᠣᠯ 《 ᠪᠠᠨᠳ᠋ᠧ!  ᠢ ᠬᠠᠨᠠᠳᠠᠨ 》 ᠪᠠᠳᠢ ᠪᠠ ᠬᠠᠮᠢᠶᠠᠲᠠᠨ ᠪᠣᠯᠵᠠᠢ ᠃ ᠲᠡᠷᠡ ᠴᠠᠭ ᠠ᠋ᠴᠠ ᠬᠣᠢᠰᠢ ᠣᠳᠣ ᠪᠣᠯᠲᠠᠯ᠎ᠠ ᠵᠠᠯᠠᠢᠷ ᠠᠢᠮᠠᠭ ᠨᠢ ᠦᠲᠦᠭ ᠂ ᠪᠣᠭᠣᠯ ᠪᠣᠯᠤᠭᠰᠠᠭᠠᠷ ᠴᠢᠩᠭᠢᠰ ᠂ ᠬᠠᠭᠠᠨ ᠂ ᠲᠡᠭᠦᠨ ᠤ ᠤᠷᠤᠭ ᠤ᠋ᠨ ᠬᠢᠨ ᠳ᠋ᠦ᠍ ᠰᠢᠯᠵᠢᠨ ᠢᠷᠡᠵᠡᠢ ᠃ ᠡᠳᠡᠭᠡᠷ ᠦ᠋ᠨ ᠳᠣᠲᠣᠷ᠎ᠠ ᠠ᠋ᠴᠠ ᠶᠡᠬᠡᠰ ᠨᠣᠶᠠᠳ ᠤ᠋ᠳ ᠲᠥᠷᠥᠨ ᠭᠠᠷᠤᠭᠰᠠᠨ ᠢ᠋ ᠲᠡᠳᠡᠨ ᠤ ᠲᠤᠬᠠᠢ ᠪᠢᠴᠢᠭᠰᠡᠨ ᠠᠩᠭᠢ ᠳ᠋ᠠᠭᠠᠨ ᠳᠤᠷᠠᠳᠤᠭᠰᠠᠨ ᠪᠢᠯᠡ ᠃

ᠬᠣᠶᠠᠳᠤᠭᠠᠷ ᠬᠡᠰᠡᠭ

ᠮᠠᠨᠠᠨ ᠲᠤᠳᠤᠨ ᠪᠠ ᠲᠡᠭᠦᠨ ᠤ ᠭᠡᠷᠭᠡᠢ ᠮᠣᠨᠣᠯᠤᠨ ᠪᠣᠯᠤᠨ ᠬᠥᠪᠡᠭᠦᠳ ᠦ᠋ᠨ ᠬᠢᠨᠢ ᠤᠳᠤᠮ ᠤᠭᠰᠠᠭᠠᠨ ᠤ᠋ ᠰᠠᠯᠪᠤᠷᠢ ᠶ᠋ᠢᠨ ᠵᠢᠷᠤᠭᠯᠠᠯ
ᠳᠡᠭᠡᠷ᠎ᠡ ᠥᠭᠦᠯᠡᠭᠰᠡᠨ ᠢ᠋ᠶ᠋ᠡᠷ ᠮᠠᠨᠠᠨ ᠲᠤᠳᠤᠨ ᠨᠢ ᠶᠢᠰᠦᠨ ᠬᠥᠪᠡᠭᠦᠨ ᠲᠡᠢ ᠪᠠᠢᠭᠰᠠᠨ ᠪᠣᠯᠪᠠᠴᠤ   ᠨᠠᠢ᠌ᠮᠠᠨᠢ ᠠᠯᠠᠭᠳᠠᠭᠰᠠᠨ ᠪᠥᠭᠡᠳ ᠲᠡᠳᠡᠭᠡᠷ ᠦ᠋ᠨ ᠨᠡᠷ᠎ᠡ ᠤᠰᠤ ᠨᠢ ᠮᠡᠳᠡᠭᠳᠡᠭᠡ ᠦᠭᠡᠢ ᠶᠤᠮ ᠃ ᠠᠮᠢᠳᠤ ᠦᠯᠡᠳᠡᠭᠰᠡᠨ ᠭᠠᠭᠴᠠ ᠬᠥᠪᠡᠭᠦᠨ ᠬᠠᠢᠳᠤ ᠪᠥᠭᠡᠳ ᠴᠢᠩᠭᠢᠰ ᠬᠠᠭᠠᠨ ᠤ᠋ ᠶᠡᠬᠡ ᠣᠪᠣᠭ ᠲᠡᠭᠦᠨ ᠡᠴᠡ ᠡᠬᠢ ᠡᠭᠦᠰᠪᠦᠷᠢ ᠲᠡᠢ ᠃ ᠲᠡᠳᠡᠨ ᠤ ᠣᠪᠣᠭ ᠤ᠋ᠨ ᠤᠳᠤᠮ ᠤᠭᠰᠠᠭ᠎ᠠ ᠳᠣᠣᠷᠠᠬᠢ ᠪᠠᠢᠳᠠᠯ ᠢ᠋ᠶ᠋ᠠᠷ ᠳᠦᠷᠰᠦᠯᠡᠭᠳᠡᠨ᠎ᠡ ᠃
ᠮᠠᠨᠠᠨ ᠲᠤᠳᠤᠨ ᠲᠡᠭᠦᠨ ᠤ ᠡᠬᠡᠨᠡᠷ ᠪᠠ ᠬᠥᠪᠡᠭᠦᠳ ᠦ᠋ᠨ ᠬᠢᠨᠢ ᠰᠠᠯᠪᠤᠷᠢ ᠶ᠋ᠢᠨ ᠵᠢᠷᠤᠭᠯᠠᠯ
1  2 3 4 5 6 7 8 9 ᠬᠠᠢᠳᠤ

     ᠴᠢᠩᠭᠢᠰ ᠬᠠᠭᠠᠨ ᠤ᠋ ᠪᠣᠣᠬᠢ ᠪᠤᠶᠤ ᠲᠡᠭᠦᠨ ᠡᠴᠡ ᠳᠡᠭᠡᠭᠰᠢᠬᠢ ᠵᠢᠷᠭᠤᠳᠠᠬᠢ ᠦᠶ᠎ᠡ ᠶ᠋ᠢᠨ ᠡᠪᠦᠭᠡ   ᠡᠨᠡ ᠶᠢᠰᠦᠨ ᠬᠥᠪᠡᠭᠦᠨ ᠤ ᠡᠬᠡ ᠨᠢ ᠮᠣᠨᠤᠯᠤᠨ ᠬᠠᠲᠤᠨ ᠪᠤᠶᠤ ᠲᠠᠷᠭᠤᠨ ᠮᠣᠨᠤᠯᠤᠨ ᠠᠵᠤᠭᠤ ᠃ ᠵᠠᠯᠠᠢᠷ ᠤ᠋ᠳ ᠣᠨ ᠳᠠᠷᠠᠭᠠᠯᠠᠯ ᠤ᠋ᠨ ᠪᠢᠴᠢᠭ ᠲᠦ᠍ ᠳᠤᠷᠠᠳᠤᠭᠰᠠᠨ ᠰᠢᠯᠲᠠᠭᠠᠨ ᠢ᠋ᠶ᠋ᠠᠷ ᠲᠡᠭᠦᠨ ᠢ᠋  ᠨᠠᠢ᠌ᠮᠠᠨ ᠬᠥᠪᠡᠭᠦᠨ ᠤ ᠬᠢᠨᠢ ᠬᠠᠮᠲᠤ ᠬᠥᠨᠥᠭᠡᠭᠰᠡᠨ ᠪᠢᠯᠡ ᠃ ᠲᠡᠳᠡᠨ ᠤ ᠬᠠᠮᠤᠭ ᠤ᠋ᠨ ᠪᠠᠭ᠎ᠠ ᠬᠠᠢᠳᠤ ᠨᠢ ᠲᠡᠭᠦᠨ ᠤ ᠡᠴᠢᠭᠡ ᠶ᠋ᠢᠨ ᠦᠶᠡᠯᠢ ᠠᠬ᠎ᠠ ᠨᠠᠴᠢᠨ ᠂ ᠠᠢᠷᠠᠭ ᠤ᠋ᠨ ᠰᠠᠪᠠᠨ ᠳ᠋ᠤ᠌ ᠬᠢᠵᠦ ᠨᠢᠭᠤᠭᠰᠠᠨ ᠤ᠋ ᠬᠦᠴᠦ ᠪᠡᠷ ᠠᠮᠢ ᠭᠠᠷᠴᠠᠢ ᠃ ᠵᠠᠯᠠᠢᠷ ᠠᠢᠮᠠᠭ ᠤ᠋ᠨ ᠬᠡᠰᠡᠭ ᠨᠢ ᠡᠨᠡ ᠬᠡᠷᠡᠭ ᠦ᠋ᠨ ᠤᠴᠢᠷ ᠴᠡᠭᠡᠷᠯᠡᠯ ᠬᠦᠯᠢᠶᠡᠭᠰᠡᠨ ᠨᠢ ᠤ᠌ᠭ ᠲᠠᠭᠠᠨ ᠲᠡᠭᠦᠨ ᠤ ᠪᠣᠭᠣᠯ ᠨᠢ ᠠᠵᠤᠭᠤ ᠃