ᠠᠯᠠᠱᠠ ᠸᠠᠩ ᠤᠨ ᠰᠠᠷᠠᠨᠬᠦᠦАлша вангийн сэрнхүү ᠤᠷᠲᠤ ᠶ᠋ᠢᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠠᠱᠠ ᠸᠠᠩ ᠤᠨ ᠰᠠᠷᠠᠨᠬᠦᠦАлша вангийн сэрнхүү

ᠠᠯᠠᠱᠠ ᠸᠠᠩ ᠤᠨ ᠰᠠᠷᠠᠨᠬᠦᠦАлша вангийн сэрнхүү

2023-04-16

270

ᠠᠯᠠᠱᠠ ᠸᠠᠩ ᠤᠨ ᠰᠠᠷᠠᠨᠬᠦᠦ

   ᠣᠷᠳᠣᠰ ᠭᠦᠷᠦ ᠳᠠᠭᠤᠤ

ᠥᠨᠳᠥᠷ ᠳᠡᠭᠡᠷ᠎ᠡ ᠪᠠᠨ ᠯᠠ ᠭᠠᠷᠬᠤ ᠳᠤ

ᠦᠷᠭᠦᠯᠵᠢ ᠶᠢᠨ ᠪᠠᠷ᠎ᠠ ᠯᠠ ᠬᠠᠷᠠᠭᠳᠠᠨ᠎ᠠ

ᠦᠷᠭᠦᠯᠵᠢᠳᠡ ᠪᠡᠨ ᠯᠠ ᠰᠠᠨᠠᠭᠳᠠᠬᠤ ᠨᠢ

ᠠᠯᠠᠱᠠ ᠸᠠᠩ ᠤᠨ ᠯᠠ ᠰᠠᠷᠠᠨᠬᠦᠦ᠃

ᠠᠷᠪᠠᠨ ᠲᠡᠮᠡᠭᠡᠨ ᠦ ᠠᠴᠢᠶ᠎ᠠ ᠲᠠᠢ

ᠠᠯᠠᠭ ᠮᠣᠷᠢᠨ ᠬᠣᠰᠢ ᠲᠠᠢ

ᠲᠡᠷᠡ ᠴᠢᠨᠢ ᠬᠡᠨ ᠪᠤᠢ ᠳ᠋ᠠ ᠭᠡᠪᠡᠯ

ᠠᠯᠠᠱᠠ ᠸᠠᠩ ᠤᠨ ᠰᠠᠷᠠᠨᠬᠦᠦ᠃

ᠬᠣᠷᠢᠨ ᠲᠡᠮᠡᠭᠡᠨ ᠦ ᠠᠴᠢᠶ᠎ᠠ ᠲᠠᠢ

ᠬᠤᠯᠠ ᠮᠣᠷᠢᠨ ᠬᠣᠰᠢ ᠲᠠᠢ

ᠲᠡᠷᠡ ᠴᠢᠨᠢ ᠬᠡᠨ ᠪᠤᠢ ᠳ᠋ᠠ ᠭᠡᠪᠡᠯ

ᠠᠯᠠᠱᠠ ᠸᠠᠩ ᠤᠨ ᠰᠠᠷᠠᠨᠬᠦᠦ᠃

ᠭᠤᠴᠢᠨ ᠲᠡᠮᠡᠭᠡᠨ ᠦ ᠠᠴᠢᠶ᠎ᠠ ᠲᠠᠢ

ᠭᠤᠷᠪᠠᠨ ᠦᠶ᠎ᠡ ᠶᠢᠨ ᠰᠢᠲᠦᠭᠡᠨ ᠲᠠᠢ

ᠲᠡᠷᠡ ᠴᠢᠨᠢ ᠬᠡᠨ ᠪᠤᠢ ᠳ᠋ᠠ ᠭᠡᠪᠡᠯ

ᠠᠯᠠᠱᠠ ᠸᠠᠩ ᠤᠨ ᠰᠠᠷᠠᠨᠬᠦᠦ᠃

ᠳᠥᠴᠢᠨ ᠲᠡᠮᠡᠭᠡᠨ ᠦ ᠠᠴᠢᠶ᠎ᠠ ᠲᠠᠢ

ᠳᠥᠷᠪᠡᠨ ᠶᠡᠬᠡ ᠠᠮᠪᠠᠨ ᠲᠠᠢ

ᠲᠡᠷᠡ ᠴᠢᠨᠢ ᠬᠡᠨ ᠪᠤᠢ ᠳ᠋ᠠ ᠭᠡᠪᠡᠯ

ᠠᠯᠠᠱᠠ ᠸᠠᠩ ᠤᠨ ᠰᠠᠷᠠᠨᠬᠦᠦ᠃

ᠲᠠᠪᠢᠨ ᠲᠡᠮᠡᠭᠡᠨ ᠦ ᠠᠴᠢᠶ᠎ᠠ ᠲᠠᠢ

ᠲᠠᠮᠠᠭ᠎ᠠ ᠶᠢᠨ ᠲᠠᠪᠤᠨ ᠵᠢᠩᠬᠢᠨᠢ ᠲᠠᠢ

ᠲᠡᠷᠡ ᠴᠢᠨᠢ ᠬᠡᠨ ᠪᠤᠢ ᠳ᠋ᠠ ᠭᠡᠪᠡᠯ

ᠠᠯᠠᠱᠠ ᠸᠠᠩ ᠤᠨ ᠰᠠᠷᠠᠨᠬᠦᠦ᠃

ᠭᠤᠷᠪᠠᠨ ᠬᠣᠰᠢᠭᠤ ᠨᠤᠲᠤᠭ ᠲᠠᠢ

ᠭᠤᠷᠪᠠᠨ ᠦᠶ᠎ᠡ ᠶᠢᠨ ᠰᠢᠲᠦᠭᠡᠨ ᠲᠠᠢ

ᠲᠡᠷᠡ ᠴᠢᠨᠢ ᠬᠡᠨ ᠪᠤᠢ ᠳ᠋ᠠ ᠭᠡᠪᠡᠯ

ᠠᠯᠠᠱᠠ ᠸᠠᠩ ᠤᠨ ᠰᠠᠷᠠᠨᠬᠦᠦ᠃

ᠳᠥᠷᠪᠡᠨ ᠬᠣᠰᠢᠭᠤ ᠨᠤᠲᠤᠭ ᠲᠠᠢ

ᠳᠥᠷᠪᠡᠨ ᠦᠶ᠎ᠡ ᠶᠢᠨ ᠰᠢᠲᠦᠭᠡᠨ ᠲᠠᠢ

ᠲᠡᠷᠡ ᠴᠢᠨᠢ ᠬᠡᠨ ᠪᠤᠢ ᠳ᠋ᠠ ᠭᠡᠪᠡᠯ

ᠠᠯᠠᠱᠠ ᠸᠠᠩ ᠤᠨ ᠰᠠᠷᠠᠨᠬᠦᠦ᠃

ᠲᠠᠪᠤᠨ ᠬᠣᠰᠢᠭᠤ ᠨᠤᠲᠤᠭ ᠲᠠᠢ

ᠲᠠᠪᠤᠨ ᠦᠶ᠎ᠡ ᠶᠢᠨ ᠰᠢᠲᠦᠭᠡᠨ ᠲᠠᠢ

ᠲᠡᠷᠡ ᠴᠢᠨᠢ ᠬᠡᠨ ᠪᠤᠢ ᠳ᠋ᠠ ᠭᠡᠪᠡᠯ

ᠠᠯᠠᠱᠠ ᠸᠠᠩ ᠤᠨ ᠰᠠᠷᠠᠨᠬᠦᠦ᠃