ᠲᠠᠪᠤᠨ ᠬᠣᠰᠢᠭᠤ ᠮᠠᠯ ᠤᠨ ᠬᠡᠰᠢᠭ ᠦᠨ ᠢᠷᠦᠭᠡᠯ Таван хошуу малын хишгийн ерөөл ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠪᠤᠨ ᠬᠣᠰᠢᠭᠤ ᠮᠠᠯ ᠤᠨ ᠬᠡᠰᠢᠭ ᠦᠨ ᠢᠷᠦᠭᠡᠯ Таван хошуу малын хишгийн ерөөл

ᠲᠠᠪᠤᠨ ᠬᠣᠰᠢᠭᠤ ᠮᠠᠯ ᠤᠨ ᠬᠡᠰᠢᠭ ᠦᠨ ᠢᠷᠦᠭᠡᠯ Таван хошуу малын хишгийн ерөөл

2023-04-16

343

ᠲᠠᠪᠤᠨ ᠬᠣᠰᠢᠭᠤ ᠮᠠᠯ ᠤᠨ ᠬᠡᠰᠢᠭ ᠦᠨ ᠢᠷᠦᠭᠡᠯ


ᠲᠠᠪᠤᠨ ᠬᠣᠰᠢᠭᠤ ᠮᠠᠯ ᠨᠢ
ᠲᠠᠯ᠎ᠠ ᠳᠦᠭᠦᠷᠡᠩ ᠪᠡᠯᠴᠢᠭᠡᠳ
ᠲᠠᠩᠰᠤᠭ  ᠰᠠᠢᠬᠠᠨ ᠤᠷᠭᠤᠮᠠᠯ ᠤᠳ ᠢ
ᠲᠠᠢᠪᠤᠩ ᠴᠢᠯᠦᠭᠡᠲᠡᠢ ᠢᠳᠡᠭᠡᠰᠢᠯᠡᠨ᠎ᠡ᠂
ᠡᠷ᠎ᠡ ᠴᠣᠭᠲᠠᠢ ᠵᠠᠯᠠᠭᠤᠴᠤᠳ
ᠡᠷᠭᠢᠵᠦ ᠲᠣᠭᠣᠷᠢᠵᠤ ᠬᠠᠷᠢᠭᠤᠯᠤᠨ᠎ᠠ᠃
ᠡᠳ᠋ ᠍ ᠦᠨ ᠵᠠᠰᠠᠭ ᠤᠨ ᠪᠠᠶᠠᠯᠢᠭ
ᠡᠷᠬᠢᠮ ᠰᠦᠷᠦᠭ ᠢᠶᠡᠨ ᠦᠷᠡᠵᠢᠭᠦᠯᠦᠶ᠎ᠡ᠃
ᠰᠦ᠋ ᠰᠠᠭᠠᠯᠢ ᠨᠢ ᠳᠠᠩ  ᠳᠤᠰᠤ
ᠰᠡᠭᠦᠯ ᠳᠡᠯ ᠨᠢ ᠴᠤᠯ ᠠᠯᠲᠠ
ᠠᠯᠲᠠᠨ ᠠᠴᠠ ᠢᠯᠡᠭᠦᠦ ᠦᠨᠡᠲᠡᠢ
ᠠᠰᠢᠭᠲᠤ ᠮᠠᠯ ᠰᠦᠷᠦᠭ ᠢ ᠮᠠᠭᠲᠠᠶ᠎ᠠ᠃
ᠪᠠᠷᠠᠭᠤᠨ ᠲᠠᠯ᠎ᠠ ᠪᠠᠷ ᠨᠢ ᠳᠦᠭᠦᠷᠡᠩ
ᠪᠠᠷᠢᠬᠤ ᠳᠤ ᠣᠷᠣᠭ᠎ᠠ
ᠤᠨᠤᠬᠤ ᠳᠤ ᠨᠣᠮᠣᠬᠠᠨ
ᠤᠷᠤᠯᠳᠤᠬᠤ ᠳᠤ ᠬᠤᠷᠳᠤᠨ
ᠤᠴᠠᠷᠠᠬᠤ ᠳᠤ ᠪᠠᠬᠠᠲᠠᠢ
ᠠᠭᠤᠯᠠ ᠲᠠᠯ᠎ᠠ ᠶᠢ ᠪᠦᠷᠬᠦᠭᠰᠡᠨ
ᠤᠯᠠᠭᠠᠨ ᠬᠡᠭᠡᠷ ᠠᠳᠤᠭᠤᠨ ᠤ
ᠬᠡᠰᠢᠭ ᠪᠤᠶᠠᠨ ᠳᠡᠯᠭᠡᠷᠡᠭ᠃
ᠬᠣᠢᠳᠤ ᠲᠠᠯ᠎ᠠ ᠪᠠᠷ ᠨᠢ ᠳᠦᠭᠦᠷᠡᠩ
ᠬᠣᠯᠪᠣᠭ᠎ᠠ ᠬᠣᠶᠠᠷ ᠪᠥᠬᠡ ᠲᠡᠢ
ᠬᠣᠨᠢᠨ ᠬᠠᠷ᠎ᠠ ᠨᠢᠳᠦ ᠲᠡᠢ
ᠰᠢᠷᠡᠭᠡ ᠲᠡᠭᠰᠢ ᠪᠥᠬᠡ ᠲᠡᠢ
ᠰᠢᠯᠢᠳᠡᠭ ᠰᠠᠢᠨ ᠠᠲᠠ
ᠰᠢᠯᠢᠳᠡᠭ ᠰᠠᠢᠬᠠᠨ ᠢᠩᠭᠡ
ᠰᠢᠯᠪᠢ ᠪᠠᠭ᠎ᠠ ᠲᠣᠷᠣᠮ
ᠰᠢᠨ᠎ᠡ ᠭᠠᠷᠤᠭᠰᠠᠨ ᠪᠣᠲᠣᠭᠣ ᠬᠦᠷᠲᠡᠯ᠎ᠡ
ᠰᠢᠯᠢ ᠠᠭᠤᠯᠠ ᠶᠢ  ᠪᠦᠷᠬᠦᠭᠰᠡᠨ
ᠰᠢᠷᠡᠭᠡ ᠤᠯᠠᠭᠠᠨ ᠲᠡᠮᠡᠭᠡᠨ ᠦ
ᠬᠡᠰᠢᠭ ᠪᠤᠶᠠᠨ ᠳᠡᠯᠭᠡᠷᠡᠭ᠃
ᠵᠡᠭᠦᠨ ᠲᠠᠯ᠎ᠠ ᠪᠠᠷ ᠨᠢ ᠳᠦᠭᠦᠷᠡᠩ
ᠵᠢᠰᠦ ᠤᠯᠠᠭᠠᠨ ᠥᠩᠭᠡ ᠲᠡᠢ
ᠰᠡᠯᠡᠮ᠎ᠡ ᠬᠤᠷᠴᠠ ᠡᠪᠡᠷᠲᠡᠢ
ᠰᠢᠩᠭᠡᠨ ᠤᠷᠲᠤ ᠰᠡᠭᠦᠯ ᠲᠡᠢ
ᠦᠨ᠎ᠡ ᠶᠡᠬᠡ ᠲᠡᠢ ᠰᠢᠷ᠎ᠠ ᠨᠤᠭᠤᠳ
ᠦᠷᠡᠵᠢᠯ  ᠰᠠᠢᠲᠦ ᠦᠨᠢᠶ᠎ᠡ ᠨᠦᠭᠦᠳ
ᠵᠡᠯᠡᠨ ᠳᠦ  ᠪᠠᠢᠭ᠍ᠰᠠᠨ ᠪᠢᠷᠠᠭᠤᠨ ᠨᠤᠭᠤᠳ
ᠵᠢᠵᠢᠭ ᠬᠥᠭᠡᠷᠦᠬᠦᠨ ᠲᠤᠭᠤᠯ ᠤᠳ ᠬᠦᠷᠲᠡᠯ᠎ᠡ
ᠲᠠᠯ᠎ᠠ ᠠᠭᠤᠯᠠ ᠶᠢ  ᠪᠦᠷᠬᠦᠭᠰᠡᠨ
ᠦᠬᠡᠷ ᠶᠡᠬᠡ ᠰᠦᠷᠦᠭ ᠦᠨ
ᠬᠡᠰᠢᠭ ᠪᠤᠶᠠᠨ ᠨᠢ ᠳᠡᠯᠭᠡᠷᠡᠭ᠃
ᠤᠷᠢᠳᠤ ᠲᠠᠯ᠎ᠠ ᠪᠠᠷ ᠨᠢ ᠳᠦᠭᠦᠷᠡᠩ

ᠤᠶᠠᠩᠭ᠎ᠠ  ᠰᠠᠢᠬᠠᠨ ᠳᠠᠭᠤᠤ ᠲᠠᠢ
ᠤᠷᠲᠤ ᠪᠣᠭᠣᠨᠢ ᠡᠪᠡᠷ ᠲᠡᠢ
ᠬᠠᠪᠲᠠᠭᠠᠢ ᠤᠭᠤᠴᠠ ᠲᠠᠢ
ᠬᠠᠯᠢᠪ ᠰᠡᠭᠦᠯ ᠲᠡᠢ
ᠬᠠᠯᠵᠠᠨ ᠴᠠᠭᠠᠨ ᠬᠣᠨᠢᠨ ᠤ
ᠬᠡᠰᠢᠭ ᠪᠤᠶᠠᠨ ᠨᠢ ᠳᠡᠯᠭᠡᠷᠡᠭ᠃

ᠳᠣᠣᠷᠠᠳᠤ ᠲᠠᠯ᠎ᠠ ᠪᠠᠷ ᠨᠢ ᠳᠦᠭᠦᠷᠡᠩ
ᠳᠣᠭᠰᠢᠨ ᠰᠢᠷᠦᠭᠦᠨ  ᠪᠠᠢᠳᠠᠯ ᠲᠠᠢ
ᠶᠠᠩᠵᠤ  ᠮᠠᠶᠢᠭ᠋ ᠨᠢ ᠬᠥᠭᠡᠷᠦᠬᠦᠨ
ᠶᠠᠩᠭᠢᠷ ᠰᠠᠶᠢᠬᠠᠨ ᠳᠠᠭᠤᠤ ᠲᠠᠢ
ᠬᠠᠳᠠ ᠪᠠᠷ ᠶᠠᠪᠤᠬᠤ ᠳᠤᠷᠠᠲᠠᠢ
ᠬᠠᠯᠢᠲᠠᠷᠴᠢ ᠤᠨᠠᠬᠤ ᠶᠢ ᠮᠡᠳᠡᠬᠦ ᠦᠭᠡᠢ
ᠴᠢᠩᠭ᠎ᠠ  ᠰᠠᠢᠬᠠᠨ ᠪᠡᠶ᠎ᠡ ᠲᠡᠢ
ᠴᠢᠳᠠᠮᠠᠭᠠᠢ ᠬᠤᠷᠴᠠ ᠲᠤᠭᠤᠷᠠᠢ ᠲᠠᠢ
ᠰᠠᠭᠰᠠᠭᠠᠷ ᠤᠷᠲᠤ ᠨᠣᠣᠰᠣ ᠲᠠᠢ
ᠰᠠᠢᠬᠠᠨ ᠵᠥᠭᠡᠯᠡᠨ ᠨᠣᠣᠯᠣᠤᠷ ᠲᠠᠢ
ᠲᠤᠷᠭᠢᠵᠤ ᠴᠣᠷᠪᠣᠯᠵᠠᠬᠤ ᠴᠢᠮᠡᠭᠡ ᠲᠡᠢ
ᠲᠦᠷᠦᠭᠦᠯᠡᠵᠦ ᠪᠡᠯᠴᠢᠭᠡᠷᠯᠡᠬᠦ ᠠᠭᠠᠰᠢ ᠲᠠᠢ
ᠢᠮᠠᠭᠠᠨ ᠰᠦᠷᠦᠭ ᠦᠨ
ᠬᠡᠰᠢᠭ ᠪᠤᠶᠠᠨ ᠨᠢ ᠳᠡᠯᠭᠡᠷᠡᠭ᠃
ᠳᠡᠭᠡᠳᠦ ᠲᠠᠯ᠎ᠠ ᠪᠠᠷ ᠨᠢ ᠳᠦᠭᠦᠷᠡᠩ
ᠳᠠᠩᠬᠠᠷ ᠰᠠᠢᠬᠠᠨ ᠡᠪᠡᠷ ᠲᠡᠢ
ᠳᠠᠨᠠᠭᠠᠷ ᠲᠣᠮᠣ ᠪᠡᠶ᠎ᠡ ᠲᠡᠢ
ᠬᠠᠵᠢᠭᠢᠨᠠᠭᠰᠠᠨ ᠰᠠᠢᠬᠠᠨ ᠳᠠᠭᠤᠤ ᠲᠠᠢ
ᠰᠠᠭᠠᠯᠢᠷ᠎ᠠ ᠶᠡᠬᠡ
ᠰᠠᠪᠠᠭ ᠢᠶᠠᠷ ᠥᠳᠬᠡᠨ
ᠰᠠᠷᠯᠤᠭ ᠦᠬᠡᠷ ᠦᠨ
ᠬᠡᠰᠢᠭ ᠪᠤᠶᠠᠨ ᠨᠢ ᠳᠡᠯᠭᠡᠷᠡᠭ᠃
ᠡᠨᠡ ᠵᠢᠷᠭᠤᠭᠠᠨ ᠵᠢᠰᠦ ᠶᠢᠨ ᠮᠠᠯ
ᠵᠣᠭᠰᠣᠯᠲᠠ ᠦᠭᠡᠢ ᠶᠠᠪᠤᠵᠤ᠂  ᠵᠠᠭᠤ ᠬᠦᠷᠴᠦ
ᠮᠢᠲᠠᠷᠠᠯ ᠦᠭᠡᠢ ᠶᠠᠪᠤᠵᠤ᠂ ᠮᠢᠩᠭ᠎ᠠ ᠬᠦᠷᠴᠦ
ᠲᠦᠳᠡᠯ ᠦᠭᠡᠢ ᠶᠠᠪᠤᠵᠤ᠂ ᠲᠦᠮᠡ ᠬᠦᠷᠴᠦ
ᠪᠤᠴᠠᠯᠲᠠ ᠦᠭᠡᠢ ᠶᠠᠪᠤᠵᠤ᠂  ᠪᠣᠮᠠ ᠬᠦᠷᠴᠦ
ᠰᠠᠭᠠᠷᠠᠯ ᠦᠭᠡᠢ ᠶᠠᠪᠤᠵᠤ᠂ ᠰᠠᠶ᠋ᠢ ᠬᠦᠷᠴᠦ
ᠣᠨ ᠳᠤ ᠵᠤᠳ ᠭᠦᠢ
ᠣᠷᠴᠢᠯᠠᠩ ᠳᠤ ᠠᠶᠤᠯ ᠦᠭᠡᠢ
ᠡᠵᠡᠨ ᠬᠦᠮᠦᠨ ᠨᠢ ᠡᠮᠭᠡᠭ ᠭᠦᠢ
ᠡᠷᠬᠢᠮ ᠰᠦᠷᠦᠭ ᠨᠢ ᠭᠠᠷᠤᠵᠠ ᠦᠭᠡᠢ
ᠲᠥᠷᠥ ᠤᠯᠤᠰ ᠨᠢ ᠪᠠᠲᠤ᠃
ᠲᠦᠷᠦᠭᠰᠡᠨ ᠡᠬᠡ ᠣᠷᠣᠨ ᠳᠤ ᠪᠠᠨ
ᠲᠦᠮᠡᠨ ᠠᠷᠠᠳ ᠪᠢᠳᠡ
ᠬᠡᠵᠢᠶᠡᠳᠡ ᠮᠥᠩᠬᠡ  ᠪᠠᠢᠬᠤ ᠶᠢᠨ
ᠲᠦᠪᠰᠢᠨ ᠰᠠᠢᠬᠠᠨ ᠢᠷᠦᠭᠡᠯ ᠢ ᠳᠡᠪᠰᠢᠭᠦᠯᠦᠶ᠎ᠡ᠃