ᠲᠣᠬᠤᠨᠲᠡᠮᠦᠷ ᠤᠬᠠᠭᠠᠨᠲᠤ ᠬᠠᠭᠠᠨ (14) - ᠬᠦᠴᠢᠬᠡᠨ Тохонтөмөр ухаант хаан(14) - Хүчхэн ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠬᠤᠨᠲᠡᠮᠦᠷ ᠤᠬᠠᠭᠠᠨᠲᠤ ᠬᠠᠭᠠᠨ (14) - ᠬᠦᠴᠢᠬᠡᠨ Тохонтөмөр ухаант хаан(14) - Хүчхэн

ᠲᠣᠬᠤᠨᠲᠡᠮᠦᠷ ᠤᠬᠠᠭᠠᠨᠲᠤ ᠬᠠᠭᠠᠨ (14) - ᠬᠦᠴᠢᠬᠡᠨ Тохонтөмөр ухаант хаан(14) - Хүчхэн

ᠠᠩᠭᠢᠯᠠᠯ:ᠲᠡᠦᠬᠡ ᠰᠣᠶᠣᠯ
2023-04-16

294

ᠳᠣᠬᠣᠨᠲᠡᠮᠦᠷ ᠤᠬᠠᠭᠠᠨᠲᠤ ᠬᠠᠭᠠᠨ – 14


                       ᠠᠷᠪᠠᠨ ᠳᠥᠷᠪᠡᠳᠦᠭᠡᠷ ᠪᠦᠯᠦᠭ  
             ᠵᠡᠪᠰᠡᠭᠲᠦ ᠬᠢᠮᠤᠷᠠᠯᠳᠤᠭᠠᠨ ᠳᠠᠷᠠᠭᠠᠯᠠᠨ ᠡᠭᠦᠰᠴᠦ ᠲᠣᠬᠤᠨᠲᠡᠮᠦᠷ ᠶᠡᠬᠡᠳᠡ ᠰᠠᠭᠠᠷᠠᠪᠠᠢ  
             ᠵᠠᠪᠰᠠᠷ ᠤ᠋ᠨ ᠬᠠᠳ ᠢ᠋ ᠬᠣᠷᠢᠶᠠᠨ ᠲᠣᠭᠲᠠᠭᠠᠵᠤ ᠵᠣ᠌ ᠶᠤᠸᠠᠨ ᠵᠠᠩ ᠤᠯᠠᠷᠢᠯ ᠢ᠋ ᠨᠡᠭᠡᠭᠡᠪᠡᠢ 

    ᠥᠭᠦᠯᠡᠬᠦ ᠢᠨᠤ ᠂ ᠬᠦᠬᠡᠲᠡᠮᠦᠷ ᠡᠴᠢᠭᠡ ᠶ᠋ᠢᠨ ᠢ᠋ᠶ᠋ᠡᠨ ᠭᠡᠷᠢᠶᠡᠰᠦ ᠵᠣᠷᠢᠭ ᠢ᠋ ᠵᠠᠯᠭᠠᠮᠵᠢᠯᠠᠵᠤ ᠤᠯᠠᠭᠠᠨ ᠠᠯᠴᠢᠭᠤᠷᠲᠠᠨ ᠪᠣᠰᠤᠯᠭ᠎ᠠ ᠶ᠋ᠢᠨ ᠴᠡᠷᠢᠭ ᠢ᠋ ᠳᠠᠷᠤᠨ ᠱᠦᠭᠦᠷᠳᠡᠬᠦ ᠪᠡᠷ ᠡᠷᠡᠯᠬᠡᠭᠯᠡᠨ ᠪᠠᠢᠯᠳᠤᠪᠠ ᠃ ᠭᠡᠲᠡᠯ᠎ᠡ ᠰᠣᠯᠣᠩᠭᠣᠰ ᠬᠠᠲᠤᠨ ᠴᠢ‍ ᠣᠪᠣᠭᠲᠤ ᠬᠤᠸᠠᠩᠬᠡᠦ ᠶ᠋ᠢᠨ ᠡᠭᠦᠰᠬᠡᠭᠰᠡᠨ ᠣᠷᠳᠣᠨ ᠤ᠋ ᠳᠣᠲᠣᠭᠠᠳᠤ ᠶ᠋ᠢᠨ 《 ᠵᠠᠢᠯᠠᠭᠤᠯᠬᠤ 》 ᠪᠠ 《 ᠪᠠᠢᠭᠤᠯᠬᠤ 》 ᠲᠡᠮᠡᠴᠡᠯ ᠨᠢ ᠴᠢᠨᠠᠭᠰᠢᠳᠠ ᠬᠥᠭᠵᠢᠭᠡᠳ ᠴᠡᠷᠢᠭ ᠦ᠋ᠨ ᠡᠷᠬᠡ ᠶ᠋ᠢ ᠠᠳᠬᠤᠭᠰᠠᠨ ᠵᠠᠩᠵᠤᠨ ᠲᠦᠰᠢᠮᠡᠳ ᠦ᠋ᠨ ᠬᠣᠭᠣᠷᠣᠨᠳᠣᠬᠢ ᠡᠷᠬᠡᠰᠢᠶᠡᠯ ᠦ᠋ᠨ ᠣᠷᠣᠨ ᠪᠤᠯᠢᠶᠠᠯᠳᠤᠬᠤ ᠵᠡᠪᠰᠡᠭᠲᠦ ᠬᠢᠮᠤᠷᠠᠯᠳᠤᠭᠠᠨ ᠪᠣᠯᠵᠤ ᠬᠤᠪᠢᠷᠠᠭᠠᠳ ᠂ ᠵᠠᠭᠤᠨ ᠲᠦᠮᠡᠨ ᠮᠣᠩᠭᠣᠯ ᠴᠡᠷᠢᠭ ᠮᠣᠷᠢ ᠶ᠋ᠢ ᠨᠢᠭᠡᠳᠦᠯᠲᠡᠢ ᠰᠢᠯᠵᠢᠭᠦᠯᠦᠨ ᠵᠠᠬᠢᠷᠴᠤ ᠵᠦᠩᠶᠤᠸᠠᠨ ᠣᠷᠣᠨ ᠤ᠋ ᠤᠯᠠᠭᠠᠨ ᠠᠯᠴᠢᠭᠤᠷᠲᠠᠨ ᠪᠣᠰᠤᠯᠭ᠎ᠠ ᠶ᠋ᠢᠨ ᠴᠡᠷᠢᠭ ᠢ᠋ ᠳᠠᠢᠯᠠᠬᠤ ᠵᠠᠪ ᠴᠢᠯᠥᠭᠡ ᠦᠭᠡᠢ ᠪᠣᠯᠭᠠᠪᠠ ᠃ 
      ᡁᠢ ᠵᠧᠩ ᠦ᠋ᠨ ᠬᠣᠷᠢᠨ ᠳᠣᠯᠣᠳᠤᠭᠠᠷ ᠣᠨ (1367 ᠣᠨ ) ᠳ᠋ᠤ᠌ ᠤᠯᠠᠭᠠᠨ ᠠᠯᠴᠢᠭᠤᠷᠲᠠᠨ ᠪᠣᠰᠤᠯᠭ᠎ᠠ ᠶ᠋ᠢᠨ ᠴᠡᠷᠢᠭ ᠦ᠋ᠨ ᠲᠦᠷᠦᠭᠦᠦ ᠯᠢᠦ ᠹᠦ ᠲᠦᠩ ᠤᠮᠠᠷᠠᠰᠢ ᠭᠠᠯᠵᠠᠭᠤᠷᠠᠭᠰᠠᠨ ᠮᠡᠲᠦ ᠳᠠᠭᠠᠷᠢᠨ ᠳᠣᠪᠲᠣᠯᠤᠭᠰᠠᠨ ᠦᠶ᠎ᠡ ᠳ᠋ᠦ᠍ ᠯᠢ ᠰᠧ ᠴᠢ ᠂ ᠵᠠᠩ ᠯᠢᠶᠠᠩ ᠪᠢ ᠂ ᠲᠥᠷᠥᠪᠡᠢ ᠭᠤᠷᠪᠠᠭᠤᠯᠠ ᠪᠣᠰᠤᠯᠭ᠎ᠠ ᠶ᠋ᠢᠨ ᠴᠡᠷᠢᠭ ᠢ᠋ ᠳᠠᠢᠯᠠᠬᠤ ᠦᠭᠡᠢ ᠬᠠᠷᠢᠨ ᠬᠦᠬᠡᠲᠡᠮᠦᠷ ᠦ᠋ᠨ ᠴᠡᠷᠢᠭ ᠢ᠋ ᠪᠦᠰᠡᠯᠡᠨ ᠴᠣᠬᠢᠪᠠ ᠃ ᠬᠦᠬᠡᠲᠡᠮᠦᠷ ᠠᠭᠤᠷᠯᠠᠵᠤ ᠤᠯᠠᠭᠠᠨ ᠠᠯᠴᠢᠭᠤᠷᠲᠠᠨ ᠪᠣᠰᠤᠯᠭ᠎ᠠ ᠶ᠋ᠢᠨ ᠴᠡᠷᠢᠭ ᠢ᠋ ᠳᠠᠷᠤᠩᠭᠤᠢᠯᠠᠨ ᠪᠠᠢᠯᠳᠤᠵᠤ ᠪᠠᠢᠭᠰᠠᠨ ᠭᠣᠣᠯ ᠬᠦᠴᠦᠨ ᠴᠡᠷᠢᠭ ᠢ᠋ᠶ᠋ᠡᠨ ᠭᠡᠳᠡᠷᠭᠦ ᠲᠠᠲᠠᠵᠤ ᠠᠪᠴᠢᠷᠠᠭᠠᠳ ᠯᠢ ᠰᠧ ᠴᠢ ᠶ᠋ᠢᠨ ᠬᠣᠯᠪᠣᠭᠠᠲᠤ ᠴᠡᠷᠢᠭ ᠢ᠋ ᠡᠰᠡᠷᠭᠦᠴᠡᠨ ᠪᠠᠢᠯᠳᠤᠪᠠ ᠃ ᠲᠣᠬᠤᠨᠲᠡᠮᠦᠷ ᠬᠠᠭᠠᠨ ᠡᠨᠡ ᠬᠦ᠌ ᠵᠠᠩᠭᠢᠯᠠᠭ᠎ᠠ ᠶ᠋ᠢᠨ ᠦᠶ᠎ᠡ ᠳ᠋ᠦ᠍ ᠨᠠᠭᠠᠰᠢ ᠴᠠᠭᠠᠱᠢ ᠭᠤᠢᠪᠢᠯᠵᠠᠭᠠᠳ ᠡᠷᠡᠰ ᠰᠢᠭᠤᠷᠬᠠᠢ ᠠᠷᠭ᠎ᠠ ᠬᠡᠮᠵᠢᠶ᠎ᠡ ᠠᠪᠤᠭᠰᠠᠨ ᠦᠭᠡᠢ ᠂ ᠴᠢᠨᠠᠭᠰᠢᠯᠠᠭᠠᠳ ᠥᠰᠢᠶᠡᠲᠡᠨ ᠢ᠋ᠶ᠋ᠡᠨ ᠥᠷᠥᠰᠢᠶᠡᠵᠦ ᠥᠪᠡᠷ ᠢ᠋ ᠪᠡᠨ ᠬᠣᠣᠷᠯᠠᠵᠤ ᠂ ᠡᠴᠦᠰ ᠲᠦ᠍ ᠪᠡᠨ ᠰᠠᠨᠠᠭᠠᠴᠢᠯᠠᠭᠠᠲᠤ ᠪᠤᠰᠤ ᠪᠠᠢᠳᠠᠯ ᠳ᠋ᠤ᠌ ᠣᠷᠣᠵᠤ ᠶᠡᠬᠡᠳᠡ ᠰᠠᠭᠠᠷᠠᠭᠰᠠᠨ ᠪᠠᠢᠵᠤᠬᠤᠢ ᠃ᠳᠣᠲᠣᠭᠠᠳᠤ ᠶ᠋ᠢᠨ ᠬᠢᠮᠤᠷᠠᠯᠳᠤᠭᠠᠨ ᠬᠦᠴᠦᠨ ᠲᠡᠩᠴᠡᠵᠦ ᠬᠡᠨ ᠠᠯᠢᠨ ᠨᠢ ᠳᠡᠢᠯᠬᠦ ᠳᠡᠢᠯᠦᠭᠳᠡᠬᠦ ᠢᠯᠭᠠᠷᠠᠬᠤ ᠦᠭᠡᠢ ᠵᠢᠯ ᠢᠯᠡᠭᠦᠦ ᠦᠷᠭᠦᠯᠵᠢᠯᠡᠨ ᠶᠠᠪᠤᠭᠳᠠᠭᠰᠠᠨ ᠪᠠᠢᠳᠠᠯ ᠳᠣᠣᠷ᠎ᠠ ᠂ ᠳ᠋ᠢᠩ ᠶᠤᠸᠠᠨ ( ᠣᠳᠣ ᠶ᠋ᠢᠨ ᠠᠨᠾᠦ᠋ᠢ ᠳ᠋ᠦ᠍ ᠬᠠᠷᠢᠶᠠᠯᠠᠭᠳᠠᠨ᠎ᠠ ) ᠎ᠤ ᠨᠤᠲᠤᠭ ᠤ᠋ᠨ ᠪᠠᠶᠠᠨ ᠭᠦᠸᠧ ᠽᠢ ᠰᠢᠩ ᠦ᠋ᠨ ᠤᠳᠤᠷᠢᠳᠤᠭᠰᠠᠨ ᠤᠯᠠᠭᠠᠨ ᠠᠯᠴᠢᠭᠤᠷᠲᠠᠨ ᠪᠣᠰᠤᠯᠭ᠎ᠠ ᠶ᠋ᠢᠨ ᠴᠡᠷᠢᠭ ᠲᠦ᠍ ᠡᠢᠮᠦ ᠨᠢᠭᠡᠨ ᠬᠥᠮᠦᠨ ᠬᠦᠷᠴᠦ ᠢᠷᠡᠪᠡ ᠃ ᠲᠡᠭᠦᠨ ᠦ᠌ ᠲᠥᠷᠥᠭᠰᠡᠨ ᠪᠠᠢᠳᠠᠯ ᠳᠦᠷᠢ ᠢᠨᠤ ᠮᠠᠰᠢ ᠣᠨᠴᠠᠭᠠᠢ ᠂ ᠴᠡᠷᠢᠭ ᠬᠥᠮᠦᠨ ᠬᠡᠮᠡᠬᠦᠶ᠎ᠡ ᠪᠠᠭᠠᠲᠤᠷ ᠰᠦᠷ ᠦᠭᠡᠢ ᠂ ᠪᠢᠴᠢᠭ ᠦ᠋ᠨ ᠬᠥᠮᠦᠨ ᠬᠡᠮᠡᠬᠦᠶ᠎ᠡ ᠡᠮᠦᠰᠴᠦ ᠵᠡᠭᠦᠭᠰᠡᠨ ᠢᠨᠤ ᠳᠠᠷᠢ ᠲᠡᠭᠰᠢ ᠪᠤᠰᠤ ᠂ ᠬᠤᠤᠱᠠᠩ ᠬᠡᠮᠡᠬᠦᠶ᠎ᠡ ᠦᠰᠦ ᠭᠡᠵᠢᠭᠡ ᠢᠨᠤ ᠰᠡᠭᠰᠡᠢᠵᠦ ᠰᠠᠭᠰᠠᠢᠭᠠᠳ ᠂ ᠡᠭᠡᠯ ᠬᠥᠮᠦᠨ ᠬᠡᠮᠡᠬᠦᠶ᠎ᠡ ᠬᠤᠤᠱᠠᠩ ᠮᠠᠶᠢᠭ ᠤ᠋ᠨ ᠵᠠᠰᠠᠯ ᠲᠠᠢ ᠃ ᠨᠡᠷ᠎ᠡ ᠢᠨᠤ ᠵᠣ᠌ ᠶᠤᠸᠠᠨ ᠵᠠᠩ ᠂ ᠪᠠᠭ᠎ᠠ ᠶ᠋ᠢᠨ ᠨᠡᠷ᠎ᠡ ᠢᠨᠤ ᠴᠥᠩ ᠪᠠ ( ᠨᠠᠢ᠍ᠮᠠᠨ ᠰᠠᠷ᠎ᠠ ᠶ᠋ᠢᠨ ᠨᠠᠢ᠍ᠮᠠᠨ ᠳ᠋ᠤ᠌ ᠲᠥᠷᠥᠭᠰᠡᠨ ) ᠬᠡᠮᠡᠮᠦᠢ ᠃ ᠬᠤᠤᠵᠸᠦ ᠶ᠋ᠢᠨ ᠵᠦᠩ ᠯᠢ ᠶ᠋ᠢᠨ ᠬᠥᠮᠦᠨ ᠠᠵᠤᠭᠤ ᠃ ᠪᠠᠭ᠎ᠠ ᠳ᠋ᠤ᠌ ᠪᠠᠨ ᠦᠭᠡᠢᠭᠦᠦ ᠶᠠᠳᠠᠭᠤ ᠥᠰᠴᠦ ᠂ ᠠᠷᠪᠠᠨ ᠳᠣᠯᠣᠭᠠᠲᠠᠢ ᠳ᠋ᠤᠷ ᠡᠴᠢᠭᠡ ᠡᠬᠡ ᠨᠢ ᠨᠠᠰᠤ ᠪᠠᠷᠠᠵᠤ ᠠᠮᠢᠳᠤᠷᠠᠬᠤ ᠠᠷᠭ᠎ᠠ ᠦᠭᠡᠢ ᠪᠣᠯᠬᠤ ᠳ᠋ᠤ᠌ ᠪᠠᠨ ᠬᠤᠸᠠᠩ ᠵᠢᠦᠸᠠᠢ ᠰᠧ ᠰᠦᠮ᠎ᠡ ᠳ᠋ᠦ᠍ ᠬᠤᠤᠱᠠᠩ ᠪᠣᠯᠵᠤᠬᠤᠢ ᠃ ᠬᠤᠸᠠᠩ ᠵᠢᠦᠸᠠᠢ ᠰᠧ ᠰᠦᠮ᠎ᠡ ᠪᠣᠯ ᠲᠠᠪᠤᠨ ᠵᠠᠭᠤᠨ ᠣᠨ ᠤ᠋ ᠲᠡᠦᠬᠡ ᠲᠡᠢ ᠡᠷᠲᠡᠨ ᠦ᠌ ᠦᠶ᠎ᠡ ᠶ᠋ᠢᠨ ᠪᠤᠷᠬᠠᠨ ᠤ᠋ ᠰᠦᠮ᠎ᠡ ᠪᠥᠯᠥᠭᠡ ᠃ ᠭᠣᠣᠯ ᠰᠢᠲᠦᠭᠡᠨ ᠨᠢ ᠮᠠᠢᠳᠠᠷᠢ ᠪᠤᠷᠬᠠᠨ ᠪᠣᠯᠤᠮᠤᠢ ᠃ ᡁᠢ ᠵᠧᠩ ᠦ᠋ᠨ ᠠᠷᠪᠠᠨ ᠨᠢᠭᠡᠳᠦᠭᠡᠷ ᠣᠨ (1352 ᠣᠨ ) ᠳ᠋ᠤ᠌ ᠪᠠᠢ ᠯᠢᠶᠠᠨ ᠵᠢᠶᠣᠤ ᠰᠤᠷᠲᠠᠬᠤᠨ ᠤ᠋ ᠲᠦᠷᠦᠭᠦᠦ ᠬᠠᠨ ᠱᠠᠨ ᠲᠦᠩ ᠂ ᠯᠢᠦ ᠹᠦ ᠲᠦᠩ ᠨᠠᠷ 《 ᠮᠠᠢᠳᠠᠷᠢ ᠪᠤᠷᠬᠠᠨ ᠢᠯᠡᠷᠡᠵᠦ ᠳᠡᠯᠡᠬᠡᠢ ᠳ᠋ᠠᠬᠢᠨ ᠲᠦᠪᠰᠢᠷᠡᠬᠦ 》 ᠬᠡᠮᠡᠬᠦ ᠤᠷᠢᠶ᠎ᠠ ᠪᠠᠷ ᠭᠠᠴᠢᠭᠳᠠᠭᠰᠠᠨ ᠠᠷᠠᠳ ᠢ᠋ ᠤᠷᠢᠶᠠᠯᠠᠨ ᠶᠤᠸᠠᠨ ᠤ᠋ ᠬᠠᠭᠠᠨᠲᠤ ᠲᠥᠷᠥ ᠶ᠋ᠢ ᠡᠰᠡᠷᠭᠦᠴᠡᠨ ᠪᠣᠰᠤᠯᠴᠠᠭᠰᠠᠨ ᠪᠥᠯᠥᠭᠡ ᠃ ᠡᠳᠦᠭᠡ ᠮᠠᠢᠳᠠᠷᠢ ᠪᠤᠷᠬᠠᠨ ᠤ᠋ ᠲᠤᠭ ᠢ᠋ ᠡᠷᠭᠦᠭᠡᠳ ᠲᠣᠯᠣᠭᠠᠢ ᠪᠠᠨ ᠤᠯᠠᠭᠠᠨ ᠠᠯᠴᠢᠭᠤᠷ ᠢ᠋ᠶ᠋ᠠᠷ ᠣᠷᠢᠶᠠᠭᠠᠳ ᠪᠣᠰᠤᠯᠭ᠎ᠠ ᠭᠠᠷᠭᠠᠭᠰᠠᠳ ᠨᠡᠯᠢᠶᠡᠳ ᠬᠥᠮᠦᠨ ᠪᠣᠢ ᠃ ᠡᠭᠦᠨ ᠳ᠋ᠦ᠍ ᠬᠠᠨ ᠱᠠᠨ ᠲᠦᠩ ᠦ᠋ᠨ ᠬᠥᠪᠡᠭᠦᠨ ᠬᠠᠨ ᠯᠢᠨ ᠡᠯ ᠢ᠋ ᠬᠠᠨ ᠡᠷᠭᠦᠮᠵᠢᠯᠡᠵᠦ ᠂ 《 ᠶᠡᠬᠡ ᠰᠥᠩ ᠤᠯᠤᠰ》 ᠢ᠋ ᠪᠠᠶ᠋ᠢᠭᠤᠯᠵᠤ ᠬᠠᠲᠤᠨ ᠭᠣᠣᠯ ᠂ ᠬᠤᠸᠠᠢ ᠾᠧ ᠭᠣᠣᠯ ᠤ᠋ᠨ ᠰᠠᠪᠠ ᠭᠠᠵᠠᠷ ᠢ᠋ᠶ᠋ᠠᠷ ᠬᠥᠳᠡᠯᠭᠡᠭᠡᠨ ᠬᠢᠵᠦ ᠪᠠᠢᠭ᠎ᠠ ᠯᠢᠦ ᠹᠦ ᠲᠦᠩ ᠢ᠋ᠶ᠋ᠡᠷ ᠲᠣᠯᠣᠭᠠᠶ᠋ᠢᠯᠠᠭᠤᠯᠤᠭᠰᠠᠨ ᠤᠯᠠᠭᠠᠨ ᠠᠯᠴᠢᠭᠤᠷᠲᠠᠨ ᠴᠡᠷᠢᠭ ᠦ᠋ᠳ ᠪᠣᠢ ᠃ ᠡᠭᠦᠨ ᠢ᠋ ᠤᠮᠠᠷᠠᠲᠤ ᠶ᠋ᠢᠨ ᠤᠯᠠᠭᠠᠨ ᠠᠯᠴᠢᠭᠤᠷᠲᠠᠨ ᠴᠡᠷᠢᠭ ᠬᠡᠮᠡᠮᠦᠢ ᠃ 《 ᠲᠢᠶᠠᠨ ᠸᠠᠨ》 ᠬᠡᠮᠡᠬᠦ ᠤᠯᠤᠰ ᠪᠠᠶ᠋ᠢᠭᠤᠯᠵᠤ ᠬᠥᠬᠡ ᠮᠥᠷᠡᠨ ᠦ᠌ ᠳᠤᠮᠳᠠᠳᠤ ᠳᠣᠣᠷᠠᠲᠤ ᠰᠠᠪᠠ ᠭᠠᠵᠠᠷ ᠢ᠋ᠶ᠋ᠠᠷ ᠬᠥᠳᠡᠯᠭᠡᠭᠡᠨ  ᠬᠢᠭᠰᠡᠨ ᠰᠢᠦᠢ ᠱᠸᠤ ᠾᠦᠢ ᠂ ᠫᠧᠩ ᠶᠢᠩ ᠢᠦᠢ ᠶ᠋ᠢᠨ ᠤᠳᠤᠷᠢᠳᠤᠭᠰᠠᠨ ᠤᠯᠠᠭᠠᠨ ᠠᠯᠴᠢᠭᠤᠷᠲᠠᠨ ᠴᠡᠷᠢᠭ ᠦ᠋ᠳ ᠪᠣᠢ ᠃ ᠡᠭᠦᠨ ᠢ᠋ ᠡᠮᠦᠨᠡᠲᠦ ᠶ᠋ᠢᠨ ᠤᠯᠠᠭᠠᠨ ᠠᠯᠴᠢᠭᠤᠷᠲᠠᠨ ᠴᠡᠷᠢᠭ ᠬᠡᠮᠡᠮᠦᠢ ᠃ ᠭᠦᠸᠧ ᠽᠢ ᠰᠢᠩ ᠪᠣᠯ ᠳ᠋ᠢᠩ ᠶᠤᠸᠠᠨ ᠤ᠋ ᠪᠠᠢ ᠯᠢᠶᠠᠨ ᠵᠢᠶᠣᠤ ᠰᠤᠷᠲᠠᠬᠤᠨ ᠤ᠋ ᠲᠦᠷᠦᠭᠦᠦ ᠪᠥᠯᠥᠭᠡ ᠃ ᠤᠮᠠᠷᠠᠲᠤ ᠶ᠋ᠢᠨ ᠤᠯᠠᠭᠠᠨ ᠠᠯᠴᠢᠭᠤᠷᠲᠠᠨ ᠴᠡᠷᠢᠭ ᠦ᠋ᠨ ᠲᠦᠷᠦᠭᠦᠦ ᠳ᠋ᠦ᠍ ᠽᠦᠨ ᠳ᠋ᠣᠣ ᠯᠤᠭ᠎ᠠ ᠤᠭ ᠠ᠋ᠴᠠ ᠨᠠᠶ᠋ᠢᠵᠠᠯᠠᠨ ᠶᠠᠪᠤᠯᠴᠠᠬᠤ ᠲᠤᠯᠠ ᠳ᠋ᠤ᠌ ᠽᠦᠨ ᠳ᠋ᠣᠣ ᠬᠥᠮᠦᠨ ᠲᠣᠮᠢᠯᠠᠨ ᠢᠷᠡᠭᠦᠯᠵᠦ ᠂ ᠭᠦᠸᠧ ᠽᠢ ᠰᠢᠩ ᠢ᠋ ᠲᠡᠭᠦᠨ ᠯᠦ᠍ᠭᠡ ᠬᠠᠮᠲᠤ ᠪᠠᠷ ᠪᠣᠰᠤᠯᠭ᠎ᠠ ᠭᠠᠷᠭᠠᠬᠤ ᠶ᠋ᠢ ᠤᠷᠢᠶᠠᠯᠠᠪᠠ ᠃ ᠭᠦᠸᠧ ᠽᠢ ᠰᠢᠩ ᠂ ᠰᠦᠨ ᠳ᠋ᠸ ᠶᠠ ᠵᠡᠷᠭᠡ ᠳᠥᠷᠪᠡᠨ ᠨᠥᠬᠥᠳ ᠢ᠋ᠶ᠋ᠡᠨ ᠡᠷᠢᠵᠦ ᠵᠥᠪᠳᠡᠬᠦᠶ᠎ᠡ ᠪᠦᠭᠦᠳᠡᠭᠡᠷ ᠡᠢᠮᠦ ᠰᠠᠨᠠᠭ᠎ᠠ ᠲᠠᠢ ᠪᠠᠢᠭᠰᠠᠨ ᠪᠣᠯᠬᠣᠷ ᠬᠡᠯᠡᠯᠴᠡᠩᠭᠦᠲᠡ ᠦᠭᠡ ᠠᠶᠠᠰ ᠨᠡᠢᠯᠡᠭᠡᠳ ᠂ ᡁᠢ ᠵᠧᠩ ᠦ᠋ᠨ ᠠᠷᠪᠠᠨ ᠬᠣᠶᠠᠳᠤᠭᠠᠷ ᠣᠨ ᠤ᠋ ᠬᠣᠶᠠᠳᠤᠭᠠᠷ ᠰᠠᠷ᠎ᠠ ᠶ᠋ᠢᠨ ᠠᠷᠪᠠᠨ ᠳᠣᠯᠣᠭᠠᠨ ᠤ᠋ ᠡᠳᠦᠷ ᠬᠡᠳᠦᠨ ᠮᠢᠩᠭᠠᠨ ᠰᠦᠰᠦᠭᠲᠡᠨ ᠣᠯᠠᠨ ᠢ᠋ᠶ᠋ᠠᠨ ᠴᠤᠭᠯᠠᠭᠤᠯᠵᠤ ᠂ ᠰᠥᠨᠢ ᠶ᠋ᠢᠨ ᠬᠠᠷᠠᠩᠭᠤᠢ ᠳ᠋ᠤ᠌ ᠬᠤᠤᠵᠸᠤ ᠬᠣᠲᠠ ᠳ᠋ᠤ᠌ ᠰᠢᠷᠭᠤᠯᠠᠨ ᠣᠷᠣᠭᠠᠳ ᠵᠧᠦ ᠶ᠋ᠢᠨ ᠨᠣᠶᠠᠨ ᠢ᠋ ᠤᠨᠲᠠᠭ᠎ᠠ ᠪᠠᠷ ᠨᠢ ᠪᠠᠷᠢᠵᠤ ᠠᠯᠠᠭᠠᠳ ᠂ ᠮᠠᠷᠭᠠᠰᠢ ᠥᠷᠯᠥᠭᠡ ᠨᠢ ᠬᠣᠲᠠ ᠶ᠋ᠢᠨ ᠬᠡᠷᠡᠮ ᠳᠡᠭᠡᠷ᠎ᠡ ᠤᠯᠠᠭᠠᠨ ᠠᠯᠴᠢᠭᠤᠷᠲᠠᠨ ᠪᠣᠰᠤᠯᠭ᠎ᠠ ᠶ᠋ᠢᠨ ᠴᠡᠷᠢᠭ ᠦ᠋ᠨ ᠲᠤᠭ ᠢ᠋ ᠮᠠᠨᠳᠤᠭᠤᠯᠪᠠ ᠃ 
       ᠡᠨᠡ ᠦᠶ᠎ᠡ ᠳ᠋ᠦ᠍ ᠵᠣ᠌ ᠶᠤᠸᠠᠨ ᠵᠠᠩ ᠬᠣᠷᠢᠨ ᠲᠠᠪᠤᠲᠠᠢ ᠪᠠᠢᠵᠤᠬᠤᠢ ᠃ ᠪᠠᠭ᠎ᠠ ᠶ᠋ᠢᠨ ᠦᠶ᠎ᠡ ᠳ᠋ᠦ᠍ ᠬᠠᠮᠲᠤ ᠦᠬᠡᠷ ᠬᠠᠷᠢᠭᠤᠯᠵᠤ ᠪᠠᠢᠭᠰᠠᠨ ᠰᠠᠢᠨ ᠨᠠᠢᠵᠠ ᠳᠠᠩ ᠾᠧ ᠵᠠᠬᠢᠳᠠᠯ ᠢᠷᠡᠭᠦᠯᠵᠦ ᠵᠣ᠌ ᠶᠤᠸᠠᠨ ᠵᠠᠩ ᠢ᠋ ᠪᠣᠰᠤᠯᠭ᠎ᠠ ᠶ᠋ᠢᠨ ᠴᠡᠷᠢᠭ ᠲᠦ᠍ ᠣᠷᠣᠬᠤ ᠶ᠋ᠢ ᠰᠠᠨᠠᠭᠤᠯᠪᠠ ᠃ ᠵᠣ᠌ ᠶᠤᠸᠠᠨ ᠵᠠᠩ ᠰᠠᠢᠨ ᠨᠠᠢᠵᠠ ᠶ᠋ᠢᠨ ᠢ᠋ᠶ᠋ᠡᠨ ᠰᠠᠨᠠᠭᠤᠯᠭ᠎ᠠ ᠶ᠋ᠢ ᠢᠳᠡᠪᠬᠢᠲᠡᠢ ᠬᠦᠯᠢᠶᠡᠨ ᠠᠪᠴᠤ ᠲᠡᠷᠡ ᠳᠣᠣᠷ᠎ᠠ ᠨᠢ ᠢᠷᠡᠭᠰᠡᠨ ᠬᠥᠮᠦᠨ ᠢ᠋ ᠳᠠᠭᠠᠵᠤ ᠭᠦᠸᠧ ᠽᠢ ᠰᠢᠩ ᠯᠦ᠍ᠭᠡ ᠵᠣᠯᠭᠠᠪᠠ ᠃  
       ᠭᠦᠸᠧ ᠽᠢ ᠰᠢᠩ ᠠᠰᠠᠭᠤᠷᠤᠨ ᠄ 《 ᠴᠢ ᠶᠠᠮᠠᠷ ᠨᠡᠷ᠎ᠡ ᠲᠡᠢ ᠪᠣᠢ ? 》
       ᠵᠣ᠌ ᠶᠤᠸᠠᠨ ᠵᠠᠩ ᠥᠭᠦᠯᠡᠷᠦᠨ ᠄ 《 ᠮᠢᠨᠦ ᠣᠪᠣᠭ ᠵᠣ᠌ ᠂ ᠪᠠᠭ᠎ᠠ ᠶ᠋ᠢᠨ ᠨᠡᠷ᠎ᠡ ᠴᠥᠩ ᠪᠠ ( ᠨᠠᠢ᠍ᠮᠠᠨ ᠰᠠᠷ᠎ᠠ ᠶ᠋ᠢᠨ ᠨᠠᠢ᠍ᠮᠠᠨ ᠳ᠋ᠤ᠌ ᠲᠥᠷᠥᠭᠰᠡᠨ ᠪᠣᠯᠬᠣᠷ ᠳᠠᠪᠬᠤᠷ ᠨᠠᠢ᠍ᠮᠠ ᠬᠡᠮᠡᠪᠡ ) 》 ᠬᠡᠮᠡᠭᠰᠡᠨ᠎ᠡ ᠭᠦᠸᠧ ᠽᠢ ᠰᠢᠩ ᠲᠡᠭᠦᠨ ᠦ᠌ ᠠᠰᠪᠤᠷ ᠴᠠᠭᠠᠪᠤᠷ ᠢ᠋ ᠦᠵᠡᠭᠡᠳ ᠰᠢᠳᠠᠷ ᠬᠠᠮᠠᠭᠠᠯᠠᠬᠤ ᠴᠡᠷᠢᠭ ᠲᠦ᠍ ᠪᠡᠨ ᠡᠯᠰᠡᠪᠡ ᠃ ᠵᠣ᠌ ᠶᠤᠸᠠᠨ ᠵᠠᠩ ᠂ ᠭᠦᠸᠧ ᠽᠢ ᠰᠢᠩ ᠦ᠋ᠨ ᠰᠢᠳᠠᠷ ᠬᠠᠮᠠᠭᠠᠯᠠᠬᠤ ᠴᠡᠷᠢᠭ ᠲᠦ᠍ ᠡᠯᠰᠡᠭᠳᠡᠭᠰᠡᠨ ᠦ᠌ ᠬᠣᠢᠨ᠎ᠠ ᠠᠯᠢᠪᠠ ᠬᠡᠷᠡᠭ ᠲᠦ᠍ ᠨᠠᠷᠢᠨ ᠨᠢᠮᠪᠠᠢ ᠪᠥᠭᠡᠳ ᠤᠴᠢᠷ ᠶᠠᠪᠤᠳᠠᠯ ᠢ᠋ ᠰᠢᠢᠳᠪᠦᠷᠢᠯᠡᠬᠦ ᠳ᠋ᠦ᠍ ᠪᠡᠨ ᠮᠠᠰᠢ ᠤᠬᠠᠭᠠᠯᠢᠭ ᠲᠤᠯᠠ ᠤᠳᠠᠭᠰᠠᠨ ᠦᠭᠡᠢ ᠭᠦᠸᠧ ᠽᠢ ᠰᠢᠩ ᠦ᠋ᠨ ᠢᠲᠡᠭᠡᠯ ᠢ᠋ ᠣᠯᠪᠠ ᠃ ᠨᠢᠭᠡ ᠤᠳᠠᠭ᠎ᠠ ᠭᠦᠸᠧ ᠽᠢ ᠰᠢᠩ ᠢ᠋ ᠳᠠᠭᠠᠵᠤ ᠬᠣᠲᠠ ᠶ᠋ᠢᠨ ᠭᠠᠳᠠᠨ᠎ᠠ ᠪᠠᠢᠴᠠᠭᠠᠵᠤ ᠶᠠᠪᠤᠲᠠᠯ᠎ᠠ ᠨᠢᠭᠡ ᠪᠦᠯᠦᠭ ᠠᠯᠪᠠᠨ ᠤ᠋ ᠴᠡᠷᠢᠭ ᠲᠡᠢ ᠤᠴᠠᠷᠠᠪᠠ ᠃ ᠵᠣ᠌ ᠶᠤᠸᠠᠨ ᠵᠠᠩ ᠵᠠᠷᠯᠢᠭ ᠢ᠋ ᠬᠦᠯᠢᠶᠡᠯ ᠦᠭᠡᠢ ᠰᠡᠯᠡᠮ᠎ᠡ ᠪᠡᠨ ᠰᠤᠭᠤᠯᠤᠨ ᠠᠯᠪᠠᠨ ᠴᠡᠷᠢᠭ ᠢ᠋ ᠤᠭᠲᠤᠨ ᠪᠠᠢᠯᠳᠤᠭᠠᠳ ᠬᠣᠶᠠᠷ ᠴᠡᠷᠢᠭ ᠦ᠋ᠨ ᠨᠣᠶᠠᠨ ᠢ᠋ ᠠᠯᠠᠭᠰᠠᠨ ᠳ᠋ᠤ᠌ ᠪᠤᠰᠤᠳ ᠨᠢ ᠠᠶᠤᠭᠠᠳ ᠳᠤᠲᠠᠭᠠᠨ ᠶᠠᠪᠤᠪᠠ ᠃ ᠲᠡᠷᠡ ᠬᠣᠶᠠᠷ ᠠᠯᠪᠠᠨ ᠴᠡᠷᠢᠭ ᠦ᠋ᠨ ᠨᠣᠶᠠᠨ ᠤ᠋ ᠪᠡᠶ᠎ᠡ ᠳ᠋ᠦ᠍ ᠪᠡᠨ ᠠᠪᠴᠤ ᠶᠠᠪᠤᠭ᠎ᠠ ᠡᠳ᠋ ᠮᠥᠩᠭᠥ ᠂ ᠰᠤᠪᠤᠳ ᠡᠷᠳᠡᠨᠢ ᠶ᠋ᠢᠨ ᠵᠦᠢᠯ ᠢ᠋ ᠬᠣᠷᠢᠶᠠᠨ ᠠᠪᠤᠭᠠᠳ ᠭᠦᠸᠧ ᠽᠢ ᠰᠢᠩ ᠳ᠋ᠦ᠍ ᠡᠷᠭᠦᠨ ᠪᠠᠷᠢᠭᠰᠠᠨ ᠳ᠋ᠤ᠌ ᠂ ᠶᠡᠬᠡᠳᠡ ᠪᠠᠶᠠᠷᠯᠠᠨ ᠴᠡᠷᠢᠭ ᠦ᠋ᠨ ᠶᠠᠮᠤᠨ ᠳ᠋ᠤ᠌ ᠪᠠᠨ ᠪᠤᠴᠠᠭᠰᠠᠨ ᠤ᠋ ᠳᠠᠷᠠᠭ᠎ᠠ ᠵᠣ᠌ ᠶᠤᠸᠠᠨ ᠵᠠᠩ ᠢ᠋ ᠰᠢᠳᠠᠷ ᠬᠠᠮᠠᠭᠠᠯᠠᠬᠤ ᠴᠡᠷᠢᠭ ᠦ᠋ᠨ ᠨᠣᠶᠠᠨ ᠡᠷᠭᠦᠮᠵᠢᠯᠡᠪᠡ ᠃ 
       ᠭᠦᠸᠧ ᠽᠢ ᠰᠢᠩ ᠠᠩᠬ᠎ᠠ ᠪᠣᠰᠤᠯᠭ᠎ᠠ ᠭᠠᠷᠭᠠᠬᠤ ᠳ᠋ᠤ᠌ ᠪᠠᠨ ᠬᠣᠶᠠᠳᠤᠭᠠᠷ ᠡᠬᠡᠨᠡᠷ ᠵᠠᠩ ᠣᠪᠣᠭᠲᠤ ᠪᠣᠯᠤᠨ ᠭᠤᠷᠪᠠᠨ ᠬᠥᠪᠡᠭᠦᠨ ᠵᠢᠴᠢ ᠬᠦᠷᠢ ᠳᠡᠭᠦᠦ ᠵᠠᠩ ᠲᠢᠶᠠᠨ ᠶᠢᠤ ᠶ᠋ᠢ ᠳᠠᠭᠠᠭᠤᠯᠵᠤ ᠢᠷᠡᠭᠰᠡᠨ ᠪᠥᠯᠥᠭᠡ ᠃ ᠡᠳᠦᠭᠡ   ᠵᠣ᠌ ᠶᠤᠸᠠᠨ ᠵᠠᠩ ᠢ᠋ ᠰᠢᠳᠠᠷ ᠬᠠᠮᠠᠭᠠᠯᠠᠬᠤ ᠴᠡᠷᠢᠭ ᠦ᠋ᠨ ᠨᠣᠶᠠᠨ ᠪᠣᠯᠭᠠᠭᠰᠠᠨ ᠤ᠋ ᠳᠠᠷᠠᠭ᠎ᠠ ᠂ ᠲᠡᠭᠦᠨ ᠦ᠌ ᠠᠷᠭ᠎ᠠ ᠤᠬᠠᠭᠠᠨ ᠲᠠᠢ ᠪᠥᠭᠡᠳ ᠪᠠᠭ᠎ᠠ ᠰᠠᠭ᠎ᠠ ᠪᠢᠴᠢᠭ ᠦᠰᠦᠭ ᠲᠡᠢ ᠶ᠋ᠢ ᠲᠣᠭᠣᠵᠤ ᠵᠢᠷᠤᠮ ᠤ᠋ᠨ ᠥᠬᠢᠨ ᠮᠠ ᠣᠪᠣᠭᠲᠤ ᠶ᠋ᠢ ᠪᠡᠷᠢ ᠪᠣᠯᠭᠠᠨ ᠥᠭᠴᠦ ᠬᠦᠴᠦᠨ ᠦ᠌ ᠬᠦᠷᠭᠡᠨ ᠢ᠋ᠶ᠋ᠡᠨ ᠪᠣᠯᠭᠠᠵᠤ 《 ᠶᠤᠸᠠᠨ ᠵᠠᠩ 》 ᠬᠡᠮᠡᠬᠦ ᠨᠡᠷ᠎ᠡ ᠬᠠᠢᠷᠠᠯᠠᠪᠠ ᠃ ᠵᠣ᠌ ᠶᠤᠸᠠᠨ ᠵᠠᠩ ᠰᠠᠨᠠᠭᠰᠠᠨ ᠠ᠋ᠴᠠ᠎ ᠭᠠᠳᠠᠭᠤᠷᠬᠢ ᠰᠠᠢᠨ ᠬᠡᠷᠡᠭ ᠤᠳᠠᠭ᠎ᠠ ᠳᠠᠷᠠᠭᠠᠯᠠᠨ ᠲᠣᠬᠢᠶᠠᠯᠳᠤᠭᠰᠠᠨ ᠳ᠋ᠤ᠌ ᠪᠠᠶᠠᠷᠯᠠᠬᠤ ᠶ᠋ᠢᠨ ᠶᠡᠬᠡᠪᠡᠷ ᠪᠠᠶᠠᠷᠯᠠᠵᠤ ᠭᠦᠸᠧ ᠽᠢ ᠰᠢᠩ ᠢ᠋ ᠰᠡᠳᠬᠢᠯ ᠵᠢᠷᠦᠬᠡᠨ ᠡᠴᠡ ᠪᠡᠨ ᠬᠦᠷᠢᠶᠡᠯᠡᠨ ᠳᠠᠭᠠᠪᠠ ᠃ 
       ᡁᠢ ᠵᠧᠩ ᠦ᠋ᠨ ᠠᠷᠪᠠᠨ ᠬᠣᠶᠠᠳᠤᠭᠠᠷ ᠣᠨ (1352 ᠣᠨ ) ᠤ᠋ ᠨᠠᠢ᠍ᠮᠠᠳᠤᠭᠠᠷ ᠰᠠᠷ᠎ᠠ ᠳ᠋ᠤ᠌ ᠶᠤᠸᠠᠨ ᠤᠯᠤᠰ ᠤ᠋ᠨ ᠴᠡᠷᠢᠭ ᠰᠢᠦᠢᠵᠸᠦ ᠶ᠋ᠢ ᠡᠪᠳᠡᠵᠦ ᠮᠠᠭᠠᠵᠢ ᠯᠢ ( ᠯᠢ ᠡᠯ ) ᠢ᠋ ᠪᠠᠷᠢᠵᠤ ᠠᠯᠠᠪᠠ ᠃ ᠳᠡᠳ᠋ ᠵᠠᠩᠵᠤᠨ ᠵᠣᠣ ᠵᠢᠶᠦ᠋ᠨ ᠶᠦᠩ ᠂ ᠫᠧᠩ ᠲᠠ ᠬᠣᠶᠠᠭᠤᠯᠠ ᠪᠤᠲᠠᠷᠠᠭᠰᠠᠨ ᠴᠡᠷᠢᠭ ᠢ᠋ᠶ᠋ᠡᠨ ᠬᠣᠷᠢᠶᠠᠨ ᠴᠤᠭᠯᠠᠭᠤᠯᠵᠤ ᠭᠦᠸᠧ ᠽᠢ ᠰᠢᠩ ᠢ᠋ ᠳᠠᠭᠠᠷ᠎ᠠ ᠢᠷᠡᠪᠡ ᠃ 
       ᠲᠡᠳᠦᠢ ᠳ᠋ᠦ᠍ᠷ ᠵᠣᠣ ᠵᠢᠶᠦ᠋ᠨ ᠶᠦᠩ ᠦ᠋ᠨ ᠳᠠᠭᠠᠭᠤᠯᠵᠤ ᠢᠷᠡᠭᠰᠡᠨ ᠴᠡᠷᠢᠭ ᠨᠢ ᠭᠦᠸᠧ ᠽᠢ ᠰᠢᠩ ᠦ᠋ᠨ ᠴᠡᠷᠢᠭ ᠦ᠋ᠨ ᠨᠢᠭᠡ ᠳᠠᠬᠢᠨ ᠢᠯᠡᠭᠦᠦ ᠪᠠᠢᠭᠰᠠᠨ ᠪᠥᠭᠡᠳ ᠵᠣᠣ ᠵᠢᠶᠦ᠋ᠨ ᠶᠦᠩ ᠥᠪᠡᠷ ᠢ᠋ ᠪᠡᠨ ᠸᠠᠩ ᠡᠷᠭᠦᠮᠵᠢᠯᠡᠭᠰᠡᠨ ᠪᠣᠯᠬᠣᠷ ᠭᠦᠸᠧ ᠽᠢ ᠰᠢᠩ ᠯᠤᠭᠡ ᠴᠡᠷᠢᠭ ᠵᠠᠬᠢᠷᠬᠤ ᠡᠷᠬᠡ ᠪᠤᠯᠢᠶᠠᠯᠳᠤᠨ ᠬᠤᠷᠴᠠ ᠰᠢᠷᠦᠭᠦᠨ ᠵᠥᠷᠢᠴᠡᠯ ᠡᠭᠦᠰᠪᠡ ᠃ ᠡᠨᠳᠡᠴᠡ ᠭᠦᠸᠧ ᠽᠢ ᠰᠢᠩ ᠦ᠋ᠨ ᠪᠣᠰᠤᠯᠭ᠎ᠠ ᠶ᠋ᠢᠨ ᠴᠡᠷᠢᠭ ᠨᠢ ᠭᠦᠸᠧ ᠽᠢ ᠰᠢᠩ ᠢ᠋ ᠬᠦᠷᠢᠶᠡᠯᠡᠬᠦ ᠪᠣᠯᠤᠨ ᠵᠣᠣ ᠵᠢᠶᠦ᠋ᠨ ᠶᠦᠩ ᠢ᠋ ᠬᠦᠷᠢᠶᠡᠯᠡᠬᠦ ᠬᠣᠶᠠᠷ ᠪᠦᠯᠦᠭ ᠪᠣᠯᠵᠤ ᠬᠤᠪᠢᠶᠠᠭᠳᠠᠪᠠ ᠃ ᠫᠧᠩ ᠲᠠ ᠪᠣᠯ ᠡᠷᠡᠯᠬᠡᠭ ᠪᠠᠭᠠᠲᠤᠷ ᠪᠥᠭᠡᠳ ᠠᠷᠭ᠎ᠠ ᠤᠬᠠᠭᠠᠨ ᠲᠠᠢ ᠬᠥᠮᠦᠨ ᠪᠥᠯᠥᠭᠡ ᠃ ᠲᠡᠷᠡ ᠮᠥᠷᠡᠨ ᠭᠣᠣᠯ ᠢ᠋ᠶ᠋ᠠᠷ ᠤᠳᠠᠭᠠᠨ ᠶᠠᠪᠤᠭᠰᠠᠨ ᠬᠥᠮᠦᠨ ᠪᠣᠯᠬᠣᠷ ᠭᠦᠸᠧ ᠽᠢ ᠰᠢᠩ ᠲᠡᠢ ᠠᠭᠤᠯᠵᠠᠮᠠᠭᠴᠠ ᠰᠡᠳᠬᠢᠯ ᠨᠡᠢᠯᠡᠪᠡ ᠃ ᠵᠣᠣ ᠵᠢᠶᠦ᠋ᠨ ᠶᠦᠩ ᠬᠠᠷᠢᠨ ᠲᠠᠷᠢᠶᠠᠴᠢᠨ ᠪᠠᠢᠭᠰᠠᠨ ᠲᠤᠯᠠ ᠰᠦᠨ ᠲᠧ ᠶᠠ ᠯᠤᠭ᠎ᠠ ᠡᠪ ᠨᠡᠢᠯᠡᠪᠡ ᠃ 
      ᠨᠢᠭᠡᠨ ᠡᠳᠦᠷ ᠰᠦᠨ ᠳ᠋ᠸ ᠶᠠ ᠂ ᠵᠣᠣ ᠵᠢᠶᠦ᠋ᠨ ᠶᠦᠩ ᠢ᠋ ᠤᠷᠢᠵᠤ ᠴᠡᠷᠢᠭ ᠲᠡᠢᠨ ᠦ᠌ ᠶᠠᠪᠤᠳᠠᠯ ᠢ᠋ ᠵᠥᠪᠯᠡᠬᠦ ᠵᠠᠭᠤᠷ᠎ᠠ ᠬᠠᠳᠬᠤᠨ ᠥᠭᠦᠯᠡᠷᠦᠨ ᠄ 《 ᠪᠢᠳᠡ ᠬᠣᠶᠠᠷ ᠪᠦᠷ ᠬᠣᠪᠣᠭᠣ ᠲᠠᠲᠠᠵᠤ ᠬᠠᠳᠤᠭᠤᠷ ᠡᠷᠭᠢᠭᠦᠯᠦᠭᠰᠡᠨ ᠬᠥᠮᠦᠨ ᠰᠢᠦ ! ᠬᠥᠮᠦᠨ ᠳ᠋ᠦ᠍ ᠠᠳᠠᠯᠢ ᠪᠠᠶᠠᠨ ᠠᠢᠯ ᠤ᠋ᠨ ᠠᠭᠡ ᠯᠣᠣᠶᠧ ᠪᠢᠰᠢ ᠲᠤᠯᠠ ᠬᠡᠨ ᠪᠢᠳᠡᠨ ᠢ᠋ ᠨᠢᠳᠦᠨ ᠳ᠋ᠦ᠍ ᠪᠡᠨ ᠬᠠᠪᠴᠢᠮᠤᠢ 》 ᠬᠡᠮᠡᠪᠡ ᠃ 
      ᠵᠣᠣ ᠵᠢᠶᠦ᠋ᠨ ᠶᠦᠩ ᠥᠭᠦᠯᠡᠷᠦᠨ ᠄ 《 ᠠᠪᠤᠭᠠᠢ ᠲᠠᠨ ᠭᠦᠸᠧ  ᠳᠠ ᠱᠤᠸᠠᠢ ᠶ᠋ᠢ ᠵᠢᠭᠠᠵᠤ ᠪᠣᠢ ᠤᠤ? 》
      ᠰᠦᠨ ᠳ᠋ᠸ ᠶᠠ ᠥᠴᠢᠷᠦᠨ ᠄ 《 ᠲᠡᠢᠮᠦ ᠠ᠋ ! ᠰᠣᠨᠣᠰᠬᠤᠯᠠᠷ ᠭᠦᠸᠧ  ᠳᠠ ᠱᠤᠸᠠᠢ ᠴᠢᠮ᠎ᠠ ᠶ᠋ᠢ ᠢᠯᠠᠭᠳᠠᠭᠰᠠᠨ ᠴᠡᠷᠢᠭ ᠦ᠋ᠨ ᠵᠠᠩᠵᠤᠨ ᠂ ᠰᠢᠦᠢ᠌ᠵᠸᠦ ᠶ᠋ᠢᠨ ᠪᠦᠰᠡᠯᠡᠯᠲᠡ ᠶ᠋ᠢ ᠰᠢᠪᠳᠤᠯᠠᠨ ᠭᠠᠷᠬᠤ ᠳ᠋ᠤ᠌ ᠫᠧᠩ ᠶᠤᠸᠠᠨᠱᠤᠸᠠᠢ ᠶ᠋ᠢᠨ ᠬᠠᠮᠠᠭᠠᠯᠠᠯ ᠳᠣᠣᠷ᠎ᠠ ᠰᠠᠶᠢ ᠠᠮᠢ ᠭᠠᠷᠤᠭᠰᠠᠨ ᠬᠡᠮᠡᠮᠦ》 ᠬᠡᠮᠡᠵᠦᠬᠦᠢ ᠃ 
      ᠵᠣᠣ ᠵᠢᠶᠦ᠋ᠨ ᠶᠦᠩ ᠬᠡᠮᠡᠭᠴᠢ ᠪᠦᠳᠦᠭᠦᠯᠢᠭ ᠪᠥᠭᠡᠳ ᠠᠭᠤᠷ ᠶᠡᠬᠡᠲᠡᠢ ᠬᠥᠮᠦᠨ ᠪᠣᠯᠬᠣᠷ ᠲᠡᠷᠡ ᠳᠠᠷᠤᠢ ᠪᠣᠰᠴᠤ ᠵᠣᠭᠰᠣᠭᠠᠳ ᠰᠢᠳᠠᠷ ᠴᠡᠷᠢᠭ ᠢ᠋ ᠳᠠᠭᠤᠳᠠᠨ ᠢᠷᠡᠭᠦᠯᠵᠦ ᠰᠦᠨ ᠳ᠋ᠸ ᠶᠠ ᠶ᠋ᠢᠨ ᠬᠠᠮᠲᠤ ᠭᠦᠸᠧ ᠽᠢ ᠰᠢᠩ ᠢ᠋ ᠡᠷᠢᠷ᠎ᠡ ᠣᠴᠢᠪᠠ ᠃ 
       ᠲᠡᠳᠦᠢ ᠳ᠋ᠦ᠍ᠷ ᠭᠦᠸᠧ ᠽᠢ ᠰᠢᠩ ᠮᠣᠷᠢ ᠤᠨᠤᠵᠤ ᠭᠠᠳᠠᠭᠰᠢ ᠭᠠᠷᠬᠤ ᠲᠠᠢ ᠲᠣᠬᠢᠶᠠᠯᠳᠤᠭᠠᠳ ᠵᠣᠣ ᠵᠢᠶᠦ᠋ᠨ ᠶᠦᠩ ᠤᠷᠤᠭᠰᠢ ᠳᠠᠪᠰᠢᠨ ᠭᠦᠸᠧ ᠽᠢ ᠰᠢᠩ ᠢ᠋ ᠮᠣᠷᠢᠨ ᠠ᠋ᠴᠠ ᠨᠢ ᠲᠡᠳᠡᠨ ᠪᠠᠭᠤᠯᠭᠠᠵᠤ ᠂ ᠰᠦᠨ ᠳ᠋ᠸ ᠶᠠ ᠶ᠋ᠢᠨ ᠴᠡᠷᠢᠭ ᠦ᠋ᠨ ᠬᠦᠷᠢᠶᠡᠨ ᠳ᠋ᠦ᠍ ᠠᠪᠠᠴᠢᠭᠠᠳ ᠴᠡᠷᠢᠭ ᠵᠠᠬᠢᠷᠬᠤ ᠡᠷᠬᠡ ᠪᠡᠨ ᠲᠤᠰᠢᠶᠠ ᠭᠡᠮᠡᠨ ᠱᠠᠭᠠᠷᠳᠠᠪᠠ ᠃ 
      ᠡᠨᠡ ᠦᠶ᠎ᠡ ᠳ᠋ᠦ᠍ ᠶᠤᠸᠠᠨ ᠤᠯᠤᠰ ᠤ᠋ᠨ ᠴᠡᠷᠢᠭ ᠵᠢᠶᠠ ᠯᠦ᠍ ᠶ᠋ᠢᠨ ᠳᠠᠢᠴᠢᠯᠠᠯᠲᠠ ᠳᠣᠣᠷ᠎ᠠ ᠵᠣᠣ ᠵᠢᠶᠦ᠋ᠨ ᠶᠦᠩ ᠂ ᠫᠧᠩ  ᠳᠠ ᠶ᠋ᠢ ᠨᠡᠬᠡᠮᠵᠢᠯᠡᠨ ᠬᠣᠣᠵᠸᠦ ᠳ᠋ᠦ᠍ ᠬᠦᠷᠴᠦ ᠢᠷᠡᠭᠡᠳ ᠬᠣᠲᠠ ᠶ᠋ᠢ ᠪᠦᠰᠡᠯᠡᠭᠰᠡᠨ ᠪᠠᠢᠪᠠ ᠃ ᠵᠣ᠌ ᠶᠤᠸᠠᠨ ᠵᠠᠩ ᠡᠨᠡ ᠬᠦ᠌ ᠪᠠᠴᠢᠮ ᠪᠠᠢᠳᠠᠯ ᠢ᠋ ᠠᠪᠤᠷᠠᠬᠤ ᠶ᠋ᠢᠨ ᠲᠥᠯᠥᠭᠡ ᠂ ᠭᠦᠸᠧ ᠽᠢ ᠰᠢᠩ ᠦ᠋ᠨ ᠬᠣᠶᠠᠷ ᠬᠥᠪᠡᠭᠦᠨ ᠢ᠋ ᠳᠠᠭᠠᠭᠤᠯᠵᠤ ᠵᠣᠣ ᠵᠢᠶᠦ᠋ᠨ ᠶᠦᠩ ᠪᠣᠯᠤᠨ ᠰᠦᠨ ᠳ᠋ᠸ ᠶᠠ ᠳ᠋ᠤ᠌ ᠠᠵᠢᠯ ᠬᠢᠵᠦ ᠭᠦᠸᠧ ᠽᠢ ᠰᠢᠩ ᠯᠦ᠍ᠭᠡ ᠡᠪᠰᠡᠭᠦᠯᠦᠨ ᠬᠠᠮᠲᠤ ᠪᠠᠷ ᠵᠢᠶᠠ ᠯᠦ᠍ ᠶ᠋ᠢᠨ ᠪᠦᠰᠡᠯᠡᠯᠲᠡ ᠶ᠋ᠢ ᠬᠣᠷᠢᠭᠯᠠᠬᠤ ᠶ᠋ᠢ ᠰᠠᠨᠠᠭᠤᠯᠪᠠ ᠃ 
       ᠵᠢᠶᠠ ᠯᠦ᠍ ᠶᠡᠬᠡ ᠴᠡᠷᠢᠭ ᠢ᠋ᠶ᠋ᠡᠷ ᠲᠠᠪᠤᠨ ᠰᠠᠷ᠎ᠠ ᠪᠦᠰᠡᠯᠡᠨ ᠪᠠᠢᠯᠳᠤᠭᠠᠳ ᠬᠠᠭᠠᠨᠲᠤ ᠲᠥᠷᠥ᠎ᠡᠴᠡ ᠲᠤᠰᠠᠯᠠᠬᠤ ᠴᠡᠷᠢᠭ ᠢᠷᠡᠭᠦᠯᠦᠭᠰᠡᠨ ᠦᠭᠡᠢ ᠲᠤᠯᠠ ᠬᠣᠣᠵᠸᠦ ᠶ᠋ᠢ ᠡᠪᠳᠡᠵᠦ ᠳᠡᠢᠯᠦᠭᠰᠡᠨ ᠦᠭᠡᠢ ᠃ ᠲᠡᠢᠨ ᠬᠦ᠌ ᠴᠡᠷᠢᠭ ᠢ᠋ᠶ᠋ᠡᠨ ᠬᠤᠷᠢᠶᠠᠵᠤ ᠰᠢᠦᠢᠵᠸᠦ ᠳ᠋ᠦ᠍ ᠪᠤᠴᠠᠪᠠ ᠃ 
       ᠵᠣ᠌ ᠶᠤᠸᠠᠨ ᠵᠠᠩ ᠠᠯᠪᠠᠨ ᠴᠡᠷᠢᠭ ᠪᠤᠴᠠᠭᠰᠠᠨ ᠢ᠋ ᠦᠵᠡᠭᠡᠳ ᠭᠦᠸᠧ ᠽᠢ ᠰᠢᠩ ᠳ᠋ᠦ᠍ ᠥᠭᠦᠯᠡᠷᠦᠨ ᠄ 《ᠮᠠᠨ ᠤ᠋ ᠴᠡᠷᠢᠭ ᠦ᠋ᠨ ᠬᠦᠴᠦᠨ ᠬᠥᠮᠦᠨ ᠦ᠌ ᠬᠢ ᠳ᠋ᠦ᠍ ᠬᠦᠷᠬᠦ ᠦᠭᠡᠢ ᠲᠤᠯᠠ ᠬᠥᠳᠡᠯᠦᠩᠭᠦᠢ ᠪᠤᠰᠤ ᠪᠠᠢᠳᠠᠯ ᠳ᠋ᠤ᠌ ᠣᠷᠣᠪᠠ ᠃ ᠪᠢ ᠶᠠᠪᠤᠵᠤ ᠴᠡᠷᠢᠭ ᠮᠣᠷᠢ ᠡᠯᠰᠡᠶ᠎ᠡ 》 ᠬᠡᠮᠡᠭᠰᠡᠨ᠎ᠡ ᠭᠦᠸᠧ ᠽᠢ ᠰᠢᠩ ᠮᠠᠰᠢ ᠪᠠᠶᠠᠷᠯᠠᠵᠤ ᠥᠭᠦᠯᠡᠷᠦᠨ ᠄ 《 ᠶᠤᠸᠠᠨ ᠵᠠᠩ ᠂ ᠲᠦᠷᠭᠡᠨ ᠣᠴᠢᠵᠤ ᠲᠦᠷᠭᠡᠨ ᠢᠷᠡᠭᠡᠷᠡᠢ 》 ᠬᠡᠮᠡᠪᠡ ᠃ ᠵᠣ᠌ ᠶᠤᠸᠠᠨ ᠵᠠᠩ ᠂ ᠬᠤᠤᠵᠤᠤ ᠠ᠋ᠴᠠ ᠰᠠᠯᠵᠤ ᠲᠥᠷᠥᠭᠰᠡᠨ ᠨᠤᠲᠤᠭ ᠵᠦᠩ ᠯᠢ ᠶ᠋ᠢᠨ ᠲᠠᠢ ᠫᠢᠩ ᠵᠤᠸᠠᠩ ᠲᠣᠰᠬᠣᠨ ᠳ᠋ᠤ᠌ ᠪᠠᠨ ᠢᠷᠡᠪᠡ ᠃ ᠲᠡᠷᠡ ᠲᠣᠰᠬᠣᠨ ᠤ᠋ ᠪᠠᠨ ᠡᠮᠦᠨ᠎ᠡ ᠠᠭᠤᠯᠠᠨ ᠤ᠋ ᠪᠠᠯ ᠳ᠋ᠤ᠌ ᠬᠦᠷᠴᠦ ᠢᠷᠡᠭᠡᠳ ᠠᠷᠪᠠᠭᠠᠳ ᠵᠢᠯ ᠦ᠋ᠨ ᠡᠮᠦᠨᠡᠬᠢ ᠨᠢᠭᠡᠨ ᠬᠡᠷᠡᠭ ᠲᠠᠷᠢᠬᠢᠨ ᠤ᠋ ᠳᠣᠲᠣᠷ᠎ᠠ ᠥᠪᠡᠷ ᠦ᠋ᠨ ᠡᠷᠬᠡ ᠦᠭᠡᠢ ᠡᠷᠭᠢᠯᠳᠦᠵᠦ ᠡᠬᠢᠯᠡᠪᠡ ᠃ 
  
              ᠵᠧᠦ ᠶᠤᠸᠠᠨ ᠵᠠᠩ ᠠᠷᠪᠠᠨ ᠬᠡᠳᠦᠲᠡᠢ ᠪᠠᠢᠬᠤ ᠳ᠋ᠤ᠌ ᠪᠠᠨ ᠡᠨᠡ ᠠᠭᠤᠯᠠᠨ ᠤ᠋ ᠪᠠᠯ ᠳᠡᠭᠡᠷ᠎ᠡ ᠦᠬᠡᠷ ᠬᠠᠷᠢᠭᠤᠯᠵᠤ ᠪᠠᠢᠪᠠ ᠃ ᠨᠢᠭᠡᠨ ᠡᠳᠦᠷ᠎ᠡ ᠠᠷᠪᠠᠨ ᠬᠡᠳᠦᠨ ᠪᠠᠭ᠎ᠠ ᠨᠠᠢᠵᠠ ᠨᠢ ᠥᠯᠥᠰᠴᠦ ᠥᠯᠪᠡᠷᠦᠭᠡᠳ  ᠵᠣ᠌ ᠶᠤᠸᠠᠨ ᠵᠠᠩ ᠢ᠋ ᠠᠷᠭ᠎ᠠ ᠪᠣᠳᠣᠵᠤ ᠥᠯ ᠢ᠋ᠶ᠋ᠡᠨ ᠳᠠᠷᠤᠬᠤ ᠶ᠋ᠢ ᠬᠦᠰᠡᠪᠡ ᠃ ᠲᠡᠳᠦᠢ ᠳ᠋ᠦ᠍ ᠭᠠᠵᠠᠷ ᠪᠦᠬᠦᠨ ᠳ᠋ᠦ᠍ ᠥᠯᠥᠰᠬᠦᠯᠡᠩ ᠠᠷᠠᠳ ᠵᠡᠷᠯᠢᠭ ᠨᠣᠭᠣᠭ᠎ᠠ ᠂ ᠮᠣᠳᠣᠨ ᠤ᠋ ᠨᠠᠪᠴᠢ ᠬᠠᠯᠢᠰᠤ ᠶ᠋ᠢ ᠪᠦᠷ ᠢᠳᠡᠵᠦ ᠳᠠᠭᠤᠰᠤᠭᠰᠠᠨ ᠲᠤᠯᠠ ᠥᠯ ᠳᠠᠷᠤᠬᠤ ᠵᠦᠢᠯ ᠭᠡᠪᠡᠯ ᠭᠠᠭᠴᠠ ᠬᠠᠷᠢᠭᠤᠯᠵᠤ ᠪᠠᠢᠭ᠎ᠠ ᠦᠬᠡᠷ ᠪᠣᠯᠤᠨ᠎ᠠ ᠃ ᠭᠡᠲᠡᠯ᠎ᠡ ᠡᠨᠡ ᠦᠬᠡᠷ ᠪᠦᠷ ᠭᠠᠵᠠᠷ ᠤ᠋ᠨ ᠡᠵᠡᠨ ᠂ ᠪᠠᠶᠠᠳ ᠤ᠋ᠨ ᠬᠥᠷᠥᠩᠭᠡ ᠲᠤᠯᠠ ᠳᠤᠷ᠎ᠠ ᠪᠠᠷ ᠠᠯᠠᠵᠤ ᠢᠳᠡᠵᠦ ᠪᠣᠯᠬᠤ ᠦᠭᠡᠢ  ᠃  ᠵᠣ᠌ ᠶᠤᠸᠠᠨ ᠵᠠᠩ ᠥᠭᠦᠯᠡᠷᠦᠨ 《 ᠮᠢᠨᠦ ᠬᠠᠷᠢᠭᠤᠯᠵᠤ ᠪᠠᠢᠭ᠎ᠠ ᠡᠨᠡ ᠪᠢᠷᠠᠭᠤ ᠶ᠋ᠢ ᠠᠯᠠᠵᠤ ᠢᠳᠡᠰᠦᠭᠡᠢ ᠃ ᠮᠠᠯ ᠤ᠋ᠨ ᠡᠵᠡᠨ ᠠᠰᠠᠭᠤᠪᠠᠯ ᠪᠢ ᠮᠡᠳᠡᠶ᠎ᠡ ᠂ ᠲᠠᠨᠤᠰ ᠲᠤ᠌ ᠬᠠᠮᠢᠶ᠎ᠠ ᠦᠭᠡᠢ 》 ᠭᠡᠳ ᠵᠣ᠌ ᠶᠤᠸᠠᠨ ᠵᠠᠩ ᠦᠬᠡᠷ ᠦ᠋ᠨ ᠠᠷᠠᠰᠤ ᠶᠠᠰᠤ ᠶ᠋ᠢ ᠬᠤᠷᠢᠶᠠᠵᠤ ᠠᠪᠤᠭᠠᠳ ᠰᠢᠷᠣᠢ ᠳ᠋ᠤ᠌ ᠪᠤᠯᠠᠵᠤ ᠂ ᠰᠡᠭᠦᠯ ᠢ᠋ ᠨᠢ ᠬᠠᠳᠠᠨ ᠤ᠋ ᠵᠠᠪᠰᠠᠷ ᠲᠤ᠌ ᠰᠢᠬᠠᠵᠤ ᠲᠠᠯᠪᠢᠪᠠ ᠃ ᠲᠡᠨᠳᠡᠴᠡ ᠭᠡᠷ ᠲᠦ᠍ ᠪᠡᠨ ᠬᠠᠷᠢᠭᠠᠳ ᠮᠠᠯ ᠤ᠋ᠨ ᠡᠵᠡᠨ ᠳ᠋ᠦ᠍ ᠥᠭᠦᠯᠡᠷᠦᠨ ᠄ 《 ᠲᠠᠨ ᠤ᠋ ᠦᠬᠡᠷ ᠴᠢᠨᠢ ᠬᠠᠳᠠᠨ ᠵᠠᠪᠰᠠᠷ ᠣᠷᠣᠭᠠᠳ ᠶᠠᠭᠠᠬᠢᠵᠤ ᠲᠠᠲᠠᠭᠰᠠᠨ ᠴᠤ᠌ ᠭᠠᠷᠭᠠᠵᠤ ᠳᠡᠢᠯᠦᠭᠰᠡᠨ ᠦᠭᠡᠢ 》 ᠬᠡᠮᠡᠪᠡ ᠃ ᠮᠠᠯ ᠤ᠋ᠨ ᠡᠵᠡᠨ ᠦᠯᠦ  ᠢᠲᠡᠭᠡᠭᠡᠳ ᠠᠭᠤᠯᠠᠨ ᠳ᠋ᠤ᠌ ᠢᠷᠡᠵᠦ ᠦᠵᠡᠬᠦᠶ᠎ᠡ ᠦᠬᠡᠷ ᠦ᠋ᠨ ᠰᠡᠭᠦᠯ ᠬᠠᠷᠠᠭᠳᠠᠵᠤ ᠪᠠᠢᠯ᠎ᠠ ᠃ ᠪᠠᠰᠠ ᠭᠠᠯ ᠲᠦᠯᠡᠭᠰᠡᠨ ᠦᠨᠡᠰᠦ ᠰᠢᠷᠣᠢ ᠪᠠᠢᠭ᠎ᠠ ᠶ᠋ᠢ ᠦᠵᠡᠭᠡᠳ ᠠᠯᠢᠪᠠ ᠬᠡᠷᠡᠭ ᠢ᠋ ᠪᠦᠷ ᠣᠢᠯᠠᠭᠠᠵᠤ  ᠵᠣ᠌ ᠶᠤᠸᠠᠨ ᠵᠠᠩ ᠢ᠋  ᠨᠢᠪᠱᠢᠷᠡᠲᠡᠯ᠎ᠡ ᠵᠣᠳᠣᠭᠠᠳ ᠬᠥᠭᠡᠭᠡᠵᠦ ᠶᠠᠪᠤᠭᠤᠯᠤᠭᠰᠠᠨ ᠭᠡᠨ᠎ᠡ ᠃ ᠭᠡᠲᠡᠯ᠎ᠡ ᠲᠡᠭᠦᠨ ᠦ᠌ ᠡᠨᠡ ᠬᠢᠭᠰᠡᠨ ᠬᠡᠷᠡᠭ ᠨᠢ ᠬᠠᠮᠲᠤ ᠮᠠᠯ ᠬᠠᠷᠢᠭᠤᠯᠵᠤ ᠪᠠᠢᠭᠰᠠᠨ ᠪᠢᠴᠢᠬᠠᠨ ᠨᠠᠢᠵᠠ ᠨᠥᠬᠥᠳ ᠲᠦ᠍ ᠨᠢ ᠭᠦᠨ ᠰᠠᠭᠤᠭᠳᠠᠯ ᠥᠭᠴᠦ  ᠵᠣ᠌ ᠶᠤᠸᠠᠨ ᠵᠠᠩ ᠢ᠋ ᠬᠠᠷᠠᠮᠴᠢ ᠦᠭᠡᠢ ᠥᠷᠥᠰᠢᠶᠡᠯᠲᠦ ᠵᠢᠷᠤᠮᠲᠤ 《 ᠰᠠᠢᠨ ᠡᠷ᠎ᠡ 》 ᠭᠡᠮᠡᠨ ᠮᠠᠭᠲᠠᠳᠠᠭ ᠪᠠᠢᠪᠠ ᠃ 
        ᠵᠣ᠌ ᠶᠤᠸᠠᠨ ᠵᠠᠩ ᠥᠩᠭᠡᠷᠡᠭᠰᠡᠨ ᠦ᠌ ᠬᠡᠷᠡᠭ ᠢ᠋ ᠡᠷᠭᠢᠴᠡᠭᠦᠯᠦᠨ ᠪᠣᠳᠣᠭᠰᠠᠭᠠᠷ ᠲᠠᠢ ᠫᠢᠩ ᠵᠤᠸᠠᠩ ᠲᠣᠰᠬᠣᠨ ᠳ᠋ᠤ᠌ ᠢᠷᠡᠭᠡᠳ ᠴᠡᠷᠢᠭ ᠡᠯᠰᠡᠬᠦ ᠲᠤᠩᠬᠠᠭ ᠪᠢᠴᠢᠭ ᠭᠠᠷᠭᠠᠪᠠ ᠃ ᠥᠩᠭᠡᠷᠡᠭᠰᠡᠨ ᠦ᠌ ᠲᠠᠨᠢᠬᠤ ᠨᠥᠬᠥᠳ ᠨᠢ ᠠᠬ᠎ᠠ ᠳᠡᠭᠦᠦ ᠣᠢᠷ᠎ᠠ ᠰᠠᠳᠤᠨ ᠤ᠋ ᠬᠡᠦᠬᠡᠳ ᠠᠴᠢ ᠨᠠᠷ ᠢᠶᠠᠨ ᠳᠠᠭᠠᠭᠤᠯᠤᠨ ᠬᠣᠢᠨ᠎ᠠ ᠡᠮᠦᠨ᠎ᠡ ᠡᠴᠡ ᠪᠡᠨ ᠵᠠᠯᠭᠠᠯᠳᠤᠨ ᠢᠷᠡᠵᠦ ᠂  ᠵᠣ᠌ ᠶᠤᠸᠠᠨ ᠵᠠᠩ ᠤ᠋ᠨ ᠴᠡᠷᠢᠭ ᠲᠦ᠍ ᠨᠡᠷ᠎ᠡ ᠮᠡᠳᠡᠭᠦᠯᠵᠦ ᠠᠷᠪᠠᠭᠠᠳ ᠡᠳᠦᠷ ᠪᠣᠯᠤᠭᠰᠠᠨ ᠦᠭᠡᠢ ᠳᠣᠯᠣᠭᠠᠨ ᠵᠠᠭᠤᠨ ᠬᠥᠮᠦᠨ ᠪᠣᠯᠪᠠ ᠃ ᠡᠳᠡᠭᠡᠷ ᠬᠥᠮᠦᠰ ᠦ᠋ᠨ ᠳᠣᠲᠣᠷ᠎ᠠ ᠪᠠᠭ᠎ᠠ ᠶ᠋ᠢᠨ ᠦᠶ᠎ᠡ ᠶ᠋ᠢᠨ ᠨᠠᠢᠵᠠ ᠰᠢᠦᠢ ᠳᠡ ᠂ ᠵᠧᠦ ᠳ᠋ᠸ ᠰᠢᠩ ᠨᠠᠷ ᠪᠠᠢᠭᠰᠠᠨ ᠢ᠋ᠶ᠋ᠠᠷ ᠪᠠᠷᠠᠬᠤ ᠦᠭᠡᠢ ᠂ ᠪᠠᠰᠠ ᠡᠦ ᠯᠢᠶᠠᠩ ᠂ ᠬᠤᠸᠠ ᠶᠦᠨ ᠂ ᠭᠧᠩ ᠽᠠᠢ ᠴᠧᠩ ᠂ ᠯᠤᠤ ᠵᠦᠩ ᠰᠢᠶᠠᠩ ᠂ ᠭᠦᠸᠧ ᠶᠢᠩ ᠵᠡᠷᠭᠡ ᠡᠷᠳᠡᠮ ᠴᠢᠳᠠᠪᠤᠷᠢᠲᠠᠢ ᠬᠥᠮᠦᠰ ᠪᠠᠢᠪᠠ ᠃ 
        ᠵᠣ᠌ ᠶᠤᠸᠠᠨ ᠵᠠᠩ ᠨᠡᠷ᠎ᠡ ᠲᠡᠮᠳᠡᠭᠯᠡᠭᠦᠯᠦᠭᠰᠡᠨ ᠳᠣᠯᠣᠭᠠᠨ ᠵᠠᠭᠤᠨ ᠬᠥᠮᠦᠨ ᠦ᠌ ᠳᠣᠲᠣᠷ᠎ᠠ ᠠ᠋ᠴᠠ ᠬᠣᠷᠢᠨ ᠳᠥᠷᠪᠡᠨ ᠬᠥᠮᠦᠨ ᠢ᠋ ᠰᠢᠯᠢᠵᠦ ᠴᠡᠷᠢᠭ ᠦ᠋ᠨ ᠪᠠᠭ᠎ᠠ ᠨᠣᠶᠠᠨ ᠡᠷᠭᠦᠮᠵᠢᠯᠡᠵᠦ ᠂ ᠬᠤᠤᠵᠤᠤ ᠳ᠋ᠤ᠌ ᠪᠤᠴᠠᠵᠤ ᠢᠷᠡᠭᠡᠳ ᠭᠦᠸᠧ ᠽᠢ ᠰᠢᠩ ᠳ᠋ᠦ᠍ ᠲᠤᠰᠢᠶᠠᠵᠤ ᠥᠭᠭᠦᠭᠡᠳ ᠥᠪᠡᠷ ᠢ᠋ᠶ᠋ᠡᠨ ᠴᠡᠷᠢᠭ ᠮᠣᠷᠢ ᠪᠠᠢᠭᠤᠯᠤᠨ ᠰᠢᠨ᠎ᠡ ᠪᠠᠢᠳᠠᠯ ᠢ᠋ ᠭᠠᠷᠭᠠᠬᠤ ᠪᠠᠷ ᠰᠢᠦᠢ  ᠳᠠ ᠂ ᠳᠠᠩ ᠾᠧ ᠵᠡᠷᠭᠡ ᠬᠣᠷᠢᠨ ᠳᠥᠷᠪᠡᠨ ᠨᠥᠬᠥᠳ ᠢ᠋ᠶ᠋ᠡᠨ ᠳᠠᠭᠠᠭᠤᠯᠤᠨ ᠬᠤᠤᠵᠤᠤ ᠠ᠋ᠴᠠ ᠰᠠᠯᠵᠤ ᠡᠮᠦᠨᠡᠰᠢ ᠳ᠋ᠢᠩ ᠶᠤᠸᠠᠨ ᠳ᠋ᠤ᠌ ᠬᠦᠷᠴᠦ ᠦᠷᠭᠦᠯᠵᠢᠯᠡᠨ ᠴᠡᠷᠢᠭ ᠮᠣᠷᠢ ᠡᠯᠰᠡᠪᠡ ᠃ 
       ᠳ᠋ᠢᠩ ᠶᠤᠸᠠᠨ ᠪᠣᠯ ᠭᠦᠸᠧ ᠽᠢ ᠰᠢᠩ ᠦ᠋ᠨ ᠲᠥᠷᠥᠭᠰᠡᠨ ᠨᠤᠲᠤᠭ ᠲᠤᠯᠠᠳᠠ ᠴᠡᠷᠢᠭ ᠲᠦ᠍ ᠡᠯᠰᠡᠭᠳᠡᠷ᠎ᠡ ᠢᠷᠡᠭᠰᠡᠳ ᠮᠠᠰᠢ ᠬᠥᠭᠵᠢᠶᠡᠨ ᠲᠡᠢ  ᠪᠠᠢᠪᠠ ᠃   ᠵᠣ᠌ ᠶᠤᠸᠠᠨ ᠵᠠᠩ ᠨᠤᠲᠤᠭ ᠤᠰᠤ ᠪᠠᠨ ᠬᠠᠮᠠᠭᠠᠯᠠᠬᠤ ᠪᠠᠷ ᠵᠣᠬᠢᠶᠠᠨ ᠪᠠᠢᠭᠤᠯᠤᠭᠰᠠᠨ 《 ᠵᠢᠷᠤᠮ ᠤ᠋ᠨ ᠴᠡᠷᠢᠭ 》 ᠢ᠋ ᠢᠳᠡᠪᠬᠢᠲᠡᠢ ᠬᠣᠷᠢᠶᠠᠨ ᠴᠤᠭᠯᠠᠭᠤᠯᠵᠤ ᠬᠡᠳᠦᠬᠡᠨ ᠰᠠᠷ᠎ᠠ ᠶ᠋ᠢᠨ ᠳᠣᠲᠣᠷ᠎ᠠ ᠬᠣᠶᠠᠷ ᠲᠦᠮᠡ ᠭᠠᠷᠤᠢ ᠴᠡᠷᠢᠭ ᠮᠣᠷᠢ ᠲᠠᠢ ᠪᠣᠯᠵᠠᠢ ᠃ 
       ᠹᠧᠩ ᠭᠦᠸᠧ ᠶᠦᠩ ᠂ ᠹᠧᠩ ᠭᠦᠸᠧ ᠱᠧᠩ ᠠᠬ᠎ᠠ ᠳᠡᠭᠦᠦ ᠬᠣᠶᠠᠭᠤᠯᠠ ᠪᠣᠯ ᠳ᠋ᠢᠩ ᠶᠤᠸᠠᠨ ᠤ᠋ ᠶᠡᠬᠡ ᠪᠢᠴᠢᠭᠲᠡᠨ ᠠᠵᠤᠭᠤ ᠃ ᠲᠡᠳᠡ ᠬᠣᠶᠠᠭᠤᠯᠠ ᠵᠣ᠌ ᠶᠤᠸᠠᠨ ᠵᠠᠩ ᠤ᠋ᠨ ᠠᠯᠤᠰ ᠤ᠋ᠨ ᠪᠣᠳᠣᠯᠭ᠎ᠠ ᠠᠤᠭ᠎ᠠ ᠵᠣᠷᠢᠭ ᠲᠠᠢ ᠶ᠋ᠢ ᠦᠵᠡᠭᠡᠳ ᠲᠡᠭᠦᠨ ᠦ᠌ ᠴᠡᠷᠢᠭ ᠦ᠋ᠨ ᠬᠦᠷᠢᠶᠡᠨ ᠳ᠋ᠦ᠍ᠨᠢ ᠢᠷᠡᠵᠦ ᠵᠣᠯᠭᠠᠪᠠ ᠃ 
       ᠵᠣ᠌ ᠶᠤᠸᠠᠨ ᠵᠠᠩ ᠥᠪᠡᠷ ᠢ᠋ᠶ᠋ᠡᠨ ᠪᠢᠴᠢᠭ ᠠᠷᠪᠢᠨ ᠤᠩᠰᠢᠭᠰᠠᠨ ᠦᠭᠡᠢ ᠪᠣᠯᠬᠣᠷ ᠪᠢᠴᠢᠭ ᠦ᠋ᠨ ᠬᠥᠮᠦᠨ ᠢ᠋ ᠡᠯᠰᠡᠨ ᠴᠤᠭᠯᠠᠭᠤᠯᠵᠤ ᠲᠡᠳᠡᠨ  ᠡᠴᠡ ᠨᠣᠮᠣᠬᠠᠨ ᠳᠠᠷᠤᠤ ᠠᠰᠠᠭᠤᠨ ᠰᠤᠷᠳᠠᠭ ᠪᠥᠯᠥᠭᠡ ᠲᠡᠷᠡ ᠂ ᠹᠧᠩ ᠣᠪᠣᠭᠲᠤ ᠠᠬ᠎ᠠ ᠳᠡᠭᠦᠦ ᠬᠣᠶᠠᠭᠤᠯᠠ ᠶ᠋ᠢ ᠬᠠᠯᠠᠭᠤᠨ ᠢ᠋ᠶ᠋ᠠᠷ ᠤᠭᠲᠤᠨ ᠵᠣᠴᠢᠯᠠᠵᠤ ᠶᠡᠬᠡ ᠦᠢᠯᠡ ᠶ᠋ᠢ ᠪᠦᠲᠦᠭᠡᠬᠦ ᠠᠷᠭ᠎ᠠ ᠤᠬᠠᠭᠠᠨ ᠢ᠋ ᠠᠰᠠᠭᠤᠨ ᠰᠤᠷᠪᠠᠰᠤ ᠂ ᠹᠧᠩ ᠭᠦᠸᠧ ᠶᠦᠩ ᠥᠭᠦᠯᠡᠷᠦᠨ ᠄ 《 ᠶᠡᠬᠡ ᠦᠢᠯᠡ ᠶ᠋ᠢ ᠪᠦᠲᠦᠭᠡᠬᠦᠢ ᠶ᠋ᠢ ᠬᠦᠰᠡᠪᠡᠰᠦ ᠶᠠᠭᠤᠨ ᠤ᠋ ᠡᠮᠦᠨ᠎ᠡ ᠪᠠᠲᠤ ᠪᠡᠬᠢ ᠰᠠᠭᠤᠷᠢᠨ ᠭᠠᠵᠠᠷ ᠪᠠᠢᠵᠤ ᠂ ᠯᠠᠪᠳᠠᠭᠤᠨ ᠵᠣᠭᠰᠣᠵᠤ ᠴᠢᠳᠠᠮᠠᠭᠠᠢ ᠤᠷᠤᠭᠰᠢᠯᠠᠨ ᠪᠣᠯᠭᠣᠮᠵᠢᠲᠠᠢ ᠤᠬᠤᠷᠢᠵᠤ ᠴᠢᠳᠠᠪᠠᠰᠤ ᠰᠠᠷᠢ ᠤᠯᠠᠮ ᠢ᠋ᠶ᠋ᠠᠷ ᠬᠥᠭᠵᠢᠬᠦ ᠶ᠋ᠢ ᠡᠷᠢᠮᠦᠢ 》 ᠬᠡᠮᠡᠪᠡ ᠃ 
       ᠵᠣ᠌ ᠶᠤᠸᠠᠨ ᠵᠠᠩ ᠰᠣᠨᠣᠰᠤᠭᠠᠳ ᠲᠣᠯᠣᠭᠠᠢ ᠳᠣᠬᠢᠵᠤ ᠠᠰᠠᠭᠤᠷᠤᠨ ᠄ 《 ᠰᠢᠶᠠᠨᠱᠧᠩ ᠦ᠋ᠨ ᠦᠵᠡᠬᠦ ᠪᠡᠷ ᠰᠠᠭᠤᠷᠢᠨ ᠭᠠᠵᠠᠷ ᠢ᠋ ᠬᠠᠮᠢᠭ᠎ᠠ ᠲᠣᠭᠲᠠᠭᠠᠪᠠᠰᠤ ᠵᠣᠬᠢᠯᠲᠠᠢ 》 ᠬᠡᠮᠡᠭᠰᠡᠨ᠎ᠡ ᠹᠧᠩ ᠭᠦᠸᠧ ᠶᠦᠩ ᠥᠭᠦᠯᠡᠷᠦᠨ 《 ᠵᠢᠢ ᠴᠢᠩ ( ᠡᠦᠲᠦ ᠶ᠋ᠢᠨ ᠨᠠᠨᠵᠢᠩ ᠬᠣᠲᠠ ) ᠶ᠋ᠢᠨ ᠭᠠᠵᠠᠷ ᠤ᠋ᠨ ᠪᠠᠢᠴᠠ ᠪᠡᠷᠬᠡ ᠪᠠᠷᠲᠠᠭ᠎ᠠ ᠲᠠᠢ ᠂ ᠪᠠᠷᠰ ᠣᠴᠣᠢᠨ ᠯᠤᠤ ᠴᠠᠭᠠᠷᠢᠭᠯᠠᠵᠤ ᠂ ᠵᠢᠷᠭᠤᠭᠠᠨ ᠲᠥᠷᠥ ᠶ᠋ᠢᠨ ᠨᠡᠢᠰᠯᠡᠯ ᠪᠠᠢᠵᠤᠬᠤᠢ ᠃ ᠬᠡᠷᠪᠡ ᠲᠤᠰ ᠭᠠᠵᠠᠷ ᠢ᠋ ᠡᠵᠡᠯᠡᠪᠡᠰᠦ ᠤᠯᠠᠮ  ᠢ᠋ᠶ᠋ᠠᠷ ᠥᠷᠭᠡᠵᠢᠨ ᠦᠢᠯᠡᠰ ᠪᠦᠲᠦᠭᠡᠵᠦ ᠪᠣᠯᠤᠮᠤᠢ 》 ᠬᠡᠮᠡᠪᠡ ᠃ 
       ᠵᠣ᠌ ᠶᠤᠸᠠᠨ ᠵᠠᠩ ᠢ᠋ᠶ᠋ᠠᠷ ᠹᠧᠩ ᠭᠦᠸᠧ ᠶᠦᠩ ᠦ᠋ᠨ ᠦᠭᠡ ᠶ᠋ᠢ ᠠᠪᠴᠤ ᠴᠡᠷᠢᠭ ᠢ᠋ᠶ᠋ᠡᠨ ᠳᠠᠢᠴᠢᠯᠠᠨ ᠡᠮᠦᠨᠡᠰᠢ ᠣᠷᠣᠪᠠ ᠃ ᠵᠠᠮ ᠤ᠋ᠨ ᠭᠣᠳᠣᠰ ᠲᠤ᠌  ᠯᠢ ᠱᠠᠨ ᠴᠠᠩ  ᠳᠠᠭᠠᠷ᠎ᠠ ᠢᠷᠡᠭᠰᠡᠨ ᠳ᠋ᠦ᠍ ᠶᠡᠬᠡ ᠯᠡ ᠪᠠᠶᠠᠷᠯᠠᠵᠤ ᠠᠰᠠᠭᠤᠷᠤᠨ ᠄ 《 ᠣᠳᠣᠬᠢ ᠰᠠᠮᠠᠭᠤᠷᠠᠯ ᠬᠡᠵᠢᠶ᠎ᠡ ᠲᠥᠪᠱᠢᠷᠡᠮᠦᠢ ? 》ᠬᠡᠮᠡᠬᠦᠯ᠎ᠡ ᠯᠢ ᠱᠠᠨ ᠴᠠᠩ ᠰᠠᠬᠠᠯ ᠢ᠋ᠶ᠋ᠠᠨ ᠢᠮᠡᠷᠴᠦ ᠥᠭᠦᠯᠡᠷᠦᠨ ᠄ 《 ᠠᠪᠤᠭᠠᠢ ᠪᠠᠷ ᠬᠠᠨ  ᠭᠣᠣᠽᠦ ᠯᠢᠦ ᠪᠠᠩ ᠤ᠋ᠨ ᠦᠯᠢᠭᠡᠷ ᠢ᠋ ᠴᠡᠭᠡᠵᠢᠯᠡᠵᠦ ᠠᠮᠤᠢ ᠤᠤ ? ᠲᠡᠷᠡ ᠪᠡᠷ ᠫᠧᠢ ᠰᠢᠶᠠᠨ ( ᠡᠦᠲᠦ ᠶ᠋ᠢᠨ ᠵᠢᠶᠠᠩᠰᠦ ᠶ᠋ᠢᠨ ᠫᠧᠢ ᠰᠢᠶᠠᠨ ) ᠤ᠋ ᠬᠥᠮᠦᠨ ᠪᠤᠶᠤ ᠂ ᠮᠠᠨ ᠤ᠋ ᠬᠤᠤᠵᠤᠤ ᠠ᠋ᠴᠠ ᠳᠡᠮᠡᠢ ᠬᠣᠯᠠ ᠦᠭᠡᠢ ᠪᠣᠯᠠᠢ ᠃ ᠪᠥᠰ  ᠳᠡᠪᠡᠯᠲᠦ᠂ ᠴᠡᠭᠡᠵᠢ ᠠᠭᠤᠵᠢᠭᠤ ᠂ ᠬᠥᠮᠦᠨ ᠢ᠋ ᠲᠠᠨᠢᠵᠤ ᠴᠢᠳᠠᠮᠠᠭᠠᠢ ᠬᠡᠷᠡᠭᠯᠡᠮᠦᠢ ᠃ ᠴᠡᠷᠢᠭ ᠦ᠋ᠨ ᠰᠠᠬᠢᠯᠭ᠎ᠠ ᠴᠢᠩᠭ᠎ᠠ ᠂ ᠢᠷᠭᠡᠳ ᠢ᠋ ᠥᠷᠥᠰᠢᠶᠡᠮᠦᠢ  ᠃ᠲᠡᠢᠮᠦ ᠶ᠋ᠢᠨ ᠲᠤᠯᠠᠳᠠ ᠲᠠᠪᠤᠬᠠᠨ ᠵᠢᠯ ᠦ᠋ᠨ ᠬᠤᠭᠤᠴᠠᠭᠠᠨ᠎ᠠ ᠳᠡᠯᠡᠬᠡᠢ ᠳ᠋ᠠᠬᠢᠨ  ᠲᠥᠪᠱᠢᠷᠡᠪᠡᠢ ᠃ᠠᠪᠤᠭᠠᠢ ᠪᠠᠷ ᠬᠠᠨ  ᠭᠣᠣᠽᠦ ᠮᠡᠲᠦ ᠪᠠᠢᠪᠠᠰᠤ ᠳᠡᠯᠡᠬᠡᠢ ᠳ᠋ᠡᠭᠡᠨ ᠢ᠋ ᠲᠦᠪᠰᠢᠷᠡᠭᠦᠯᠬᠦ ᠳ᠋ᠦ᠍ ᠪᠡᠷᠬᠡ ᠦᠭᠡᠢ 》 ᠬᠡᠮᠡᠪᠡ ᠃  ᠵᠣ᠌ ᠶᠤᠸᠠᠨ ᠵᠠᠩ ᠰᠣᠨᠣᠰᠤᠭᠠᠳ ᠶᠡᠬᠡᠳᠡ ᠪᠢᠰᠢᠷᠡᠵᠦ ᠯᠢ ᠱᠠᠨ ᠴᠠᠩ ᠢ᠋ ᠡᠷᠭᠦᠨ ᠬᠦᠨᠳᠦᠯᠡᠪᠡ ᠃ 
        ᡁᠢ ᠵᠧᠩ ᠦ᠋ᠨ ᠠᠷᠪᠠᠨ ᠳᠥᠷᠪᠡᠳᠦᠭᠡᠷ ᠣᠨ ( 1354 ᠣᠨ ) ᠤ᠋ ᠳᠣᠯᠣᠳᠤᠭᠠᠷ ᠰᠠᠷ᠎ᠠ ᠳ᠋ᠤ᠌  ᠵᠣ᠌ ᠶᠤᠸᠠᠨ ᠵᠠᠩ  ᠴᠦᠵᠸᠦ ( ᠡᠦᠲᠦ ᠶ᠋ᠢᠨ ᠠᠨᠾᠦ᠋ᠢ ᠶ᠋ᠢᠨ ᠴᠦ᠍ ᠰᠢᠶᠠᠨ ) ᠢ᠋ ᠪᠠᠢᠯᠳᠤᠨ ᠠᠪᠤᠭᠠᠳ ᠲᠦᠷ ᠬᠥᠯ ᠲᠣᠭᠲᠠᠨ ᠴᠡᠷᠢᠭ ᠮᠣᠷᠢ ᠪᠠᠨ ᠥᠷᠭᠡᠳᠬᠡᠪᠡ ᠃   ᠵᠣ᠌ ᠶᠤᠸᠠᠨ ᠵᠠᠩ ᠤ᠋ᠨ ᠠᠴᠢ ᠬᠥᠪᠡᠭᠦᠨ  ᠵᠣ᠌ ᠸᠧᠨ ᠵᠢᠩ ᠂ ᠬᠦᠷᠭᠡᠨ ᠠᠬ᠎ᠠ ᠯᠢ ᠵᠧᠨ ᠵᠢᠴᠢ ᠬᠥᠪᠡᠭᠦᠨ ᠪᠤᠤ ᠡᠯ ᠢ᠋ᠶ᠋ᠡᠨ ᠳᠠᠭᠠᠭᠤᠯᠤᠨ  ᠵᠣ᠌ ᠶᠤᠸᠠᠨ ᠵᠠᠩ ᠢ᠋ ᠳᠠᠭᠠᠷ᠎ᠠ ᠢᠷᠡᠪᠡ ᠃ ᠪᠤᠤ ᠡᠯ ᠬᠡᠮᠡᠭᠴᠢ  ᠢᠨᠤ ᠯᠢ ᠸᠧᠨ ᠵᠦᠩ ᠦ᠋ᠨ ᠪᠠᠭ᠎ᠠ ᠶ᠋ᠢᠨ ᠨᠡᠷ᠎ᠡ ᠪᠤᠶᠤ  ᠂ ᠵᠣ᠌ ᠶᠤᠸᠠᠨ ᠵᠠᠩ ᠤ᠋ᠨ ᠵᠢᠭᠡ ᠬᠦᠦ ᠠᠵᠤᠭᠤ  ᠃ ᠵᠣ᠌ ᠶᠤᠸᠠᠨ ᠵᠠᠩ ᠪᠠᠰᠠ ᠳ᠋ᠢᠩ ᠶᠤᠸᠠᠨ ᠤ᠋ ᠵᠡᠭᠡᠯᠢ ᠳᠡᠭᠡᠷ᠎ᠡ ᠡᠴᠡ ᠨᠢᠭᠡᠨ ᠥᠨᠥᠴᠢᠨ ᠬᠥᠪᠡᠭᠦᠨ ᠢ᠋ ᠣᠯᠵᠤ ᠠᠪᠤᠭᠰᠠᠨ ᠪᠥᠯᠥᠭᠡ ᠃ ᠲᠡᠭᠦᠨ ᠦ᠌ ᠨᠡᠷ᠎ᠡ ᠠᠨᠤ ᠮᠦ᠍ ᠶᠢᠩ ᠬᠡᠮᠡᠮᠦᠢ ᠃   ᠵᠣ᠌ ᠸᠧᠨ ᠵᠢᠩ ᠂ ᠯᠢ ᠸᠧᠨ ᠵᠦᠩ ᠂  ᠮᠦ᠍ ᠶᠢᠩ ᠪᠦᠷ  ᠠᠷᠪᠠᠨ ᠳᠥᠷᠪᠡᠲᠡᠢ ᠂ ᠴᠣᠪᠣᠭᠣ ᠰᠡᠷᠭᠦᠯᠡᠩ ᠂ ᠰᠤᠷᠬᠤᠢ ᠳ᠋ᠤᠷ ᠪᠠᠬᠠᠲᠠᠢ ᠲᠤᠯᠠ  ᠵᠣ᠌ ᠶᠤᠸᠠᠨ ᠵᠠᠩ ᠲᠡᠳᠡᠭᠡᠷ ᠬᠡᠦᠬᠡᠳ ᠢ᠋ ᠮᠠᠰᠢ ᠬᠠᠢᠷᠠᠯᠠᠵᠤ ᠬᠥᠮᠦᠵᠢᠭᠦᠯᠪᠡ ᠃ 
       ᠲᠡᠳᠦᠢ ᠳ᠋ᠦ᠍ᠷ ᠬᠤᠤᠵᠤᠤ ᠳ᠋ᠤ᠌ ᠪᠠᠢᠭᠰᠠᠨ ᠭᠦᠸᠧ ᠽᠢ ᠰᠢᠩ ᠂ ᠰᠦᠨ ᠳ᠋ᠸ ᠶᠠ ᠪᠣᠯᠤᠨ ᠵᠣᠣ ᠵᠢᠶᠦ᠋ᠨ ᠶᠦᠩ ᠦ᠋ᠨ ᠬᠠᠪᠴᠢᠯ ᠰᠢᠬᠠᠯᠲᠠ ᠶ᠋ᠢ  ᠬᠦᠯᠢᠶᠡᠵᠦ ᠳᠡᠢᠯᠬᠦ ᠦᠭᠡᠢ ᠪᠣᠯᠵᠤ  ᠵᠣ᠌ ᠶᠤᠸᠠᠨ ᠵᠠᠩ ᠢ᠋ ᠡᠷᠢᠷ᠎ᠡ  ᠴᠦᠵᠸᠦ ᠳ᠋ᠦ᠍ ᠢᠷᠡᠪᠡ ᠃  ᠵᠣ᠌ ᠶᠤᠸᠠᠨ ᠵᠠᠩ ᠥᠩᠭᠡᠷᠡᠭᠰᠡᠨ ᠦ᠌ ᠥᠷᠥᠰᠢᠶᠡᠯ ᠬᠠᠢᠷ᠎ᠠ ᠶ᠋ᠢ ᠰᠡᠳᠬᠢᠵᠦ ᠭᠦᠸᠧ ᠽᠢ ᠰᠢᠩ ᠳ᠋ᠦ᠍ ᠥᠪᠡᠷ ᠦ᠋ᠨ ᠴᠡᠷᠢᠭ ᠮᠣᠷᠢ ᠪᠠᠨ ᠪᠦᠬᠦᠨ ᠢ᠋ ᠲᠤᠰᠢᠶᠠᠵᠤ ᠵᠠᠬᠢᠷᠤᠭᠤᠯᠪᠠ ᠃ 
        ᡁᠢ ᠵᠧᠩ ᠦ᠋ᠨ ᠠᠷᠪᠠᠨ ᠲᠠᠪᠤᠳᠤᠭᠠᠷ ᠣᠨ ᠤ᠋ ᠬᠣᠶᠠᠳᠤᠭᠠᠷ ᠰᠠᠷ᠎ᠠ ᠳ᠋ᠤ᠌ ᠤᠮᠠᠷᠠᠲᠤ ᠶ᠋ᠢᠨ ᠤᠯᠠᠭᠠᠨ ᠠᠯᠴᠢᠭᠤᠷᠲᠠᠨ  ᠴᠡᠷᠢᠭ ᠦ᠋ᠨ ᠲᠦᠷᠦᠭᠦᠦ ᠯᠢᠦ ᠹᠦ ᠲᠦᠩ ᠥᠪᠡᠷ ᠢ᠋ ᠪᠡᠨ ᠤᠯᠠᠭᠠᠨ ᠠᠯᠴᠢᠭᠤᠷᠲᠠᠨ ᠴᠡᠷᠢᠭ ᠢ᠋ ᠦᠨᠳᠦᠰᠦᠯᠡᠨ ᠪᠠᠢᠭᠤᠯᠤᠭᠴᠢ ᠭᠡᠮᠡᠨ 《 ᠰᠢᠶᠣᠤ ᠮᠢᠩ ᠸᠠᠩ 》 ᠤ᠋ᠨ ᠨᠡᠷ᠎ᠡ ᠪᠡᠷ ᠡᠯ᠎ᠡ ᠭᠠᠵᠠᠷ ᠳᠠᠬᠢ ᠤᠯᠠᠭᠠᠨ ᠠᠯᠴᠢᠭᠤᠷᠲᠠᠨ ᠴᠡᠷᠢᠭ ᠢ᠋ ᠡᠯᠰᠡᠨ ᠬᠤᠷᠢᠶᠠᠵᠤ 《 ᠶᠡᠬᠡ ᠰᠥᠩ ᠤᠯᠤᠰ 》 ᠤ᠋ᠨ ᠲᠤᠭ ᠤ᠋ᠨ ᠳᠣᠣᠷ᠎ᠠ ᠨᠢᠭᠡᠳᠬᠡᠬᠦ ᠪᠡᠷ ᠵᠠᠷᠯᠢᠭ ᠪᠠᠭᠤᠯᠭᠠᠪᠠ ᠃ 
        ᠭᠦᠸᠧ ᠽᠢ ᠰᠢᠩ ᠠᠩᠬ᠎ᠠ ᠪᠣᠰᠤᠯᠭ᠎ᠠ ᠭᠠᠷᠭᠠᠬᠤ ᠳ᠋ᠤ᠌ ᠪᠠᠨ  ᠳᠦ ᠽᠦᠨ ᠳ᠋ᠣᠣ ᠯᠤᠭ᠎ᠠ ᠬᠣᠯᠪᠣᠭ᠎ᠠ ᠠᠪᠤᠭᠰᠠᠨ ᠪᠣᠯᠬᠣᠷ ᠶᠣᠰᠣᠨ ᠳ᠋ᠤ᠌ ᠪᠠᠨ ᠪᠠᠰᠠ ᠯᠢᠦ  ᠹᠦ ᠲᠦᠩ ᠳ᠋ᠦ᠍ ᠬᠠᠷᠢᠶᠠᠯᠠᠭᠳᠠᠬᠤ ᠠᠵᠤᠭᠤ ᠃ ᠲᠡᠢᠨ ᠬᠦ᠌ ᠵᠠᠷᠯᠢᠭ ᠢ᠋ ᠬᠦᠯᠢᠶᠡᠬᠦ ᠪᠡᠷ ᠢᠯᠡᠷᠬᠡᠢᠯᠡᠭᠰᠡᠨ ᠪᠥᠭᠡᠳ ᠾᠸᠵᠸᠤ ( ᠡᠦᠲᠦ ᠶ᠋ᠢᠨ ᠠᠨᠾᠦ᠋ᠢ ᠶ᠋ᠢᠨ ᠾᠧ ᠰᠢᠶᠠᠨ ) ᠢ᠋ ᠪᠦᠰᠡᠯᠡᠨ ᠪᠠᠢᠯᠳᠤᠵᠤ ᠪᠠᠢᠭᠰᠠᠨ ᠵᠣ᠌ ᠶᠤᠸᠠᠨ ᠵᠠᠩ ᠳ᠋ᠤ᠌ ᠮᠡᠳᠡᠭᠳᠡᠪᠡ ᠃  
       ᡁᠢ ᠵᠧᠩ ᠦ᠋ᠨ ᠠᠷᠪᠠᠨ ᠲᠠᠪᠤᠳᠤᠭᠠᠷ ᠣᠨ ᠤ᠋ ᠭᠤᠷᠪᠠᠳᠤᠭᠠᠷ ᠰᠠᠷ᠎ᠠ ᠳ᠋ᠤ᠌ ᠭᠦᠸᠧ ᠽᠢ ᠰᠢᠩ ᠭᠡᠨᠡᠳᠲᠡ ᠡᠪᠡᠳᠴᠢᠨ ᠢ᠋ᠶ᠋ᠡᠷ ᠦᠬᠦᠪᠡ᠃ ᠵᠣ᠌ ᠶᠤᠸᠠᠨ ᠵᠠᠩ ᠾᠸᠵᠸᠤ ᠠ᠋ᠴᠠ ᠪᠤᠴᠠᠵᠤ ᠢᠷᠡᠭᠡᠳ ᠭᠦᠸᠧ ᠽᠢ ᠰᠢᠩ ᠢ᠋ ᠣᠷᠣᠰᠢᠭᠤᠯᠪᠠ᠃ ᠵᠠᠩ ᠲᠢᠶᠠᠨ ᠶᠢᠤ ᠪᠥᠸᠸᠵᠸᠤ ᠳ᠋ᠤ᠌ ᠣᠴᠢᠭᠠᠳ ᠭᠦᠸᠧ ᠽᠢ ᠰᠢᠩ ᠦ᠋ᠨ ᠦᠬᠦᠭᠰᠡᠨ ᠭᠠᠰᠢᠭᠤᠳᠠᠯ ᠤ᠋ᠨ ᠮᠡᠳᠡᠭᠡ ᠶ᠋ᠢ ᠮᠡᠳᠡᠭᠦᠯᠦᠭᠰᠡᠨ ᠳ᠋ᠦ᠍ 《 ᠰᠢᠶᠣᠤ ᠮᠢᠩ ᠸᠠᠩ 》 ᠬᠠᠨ ᠯᠢᠨ ᠡᠯ ᠵᠣᠣ ᠪᠢᠴᠢᠭ ᠪᠠᠭᠤᠯᠭᠠᠵᠤ ᠭᠦᠸᠧ ᠽᠢ ᠰᠢᠩ ᠦ᠋ᠨ ᠬᠣᠶᠠᠳᠤᠭᠠᠷ ᠬᠥᠪᠡᠭᠦᠨ ᠭᠦᠸᠧ ᠲᠢᠶᠠᠨ ᠰᠢᠦᠢ ᠶ᠋ᠢ  ᠳᠦ ᠶᠤᠸᠠᠨᠱᠤᠸᠠᠢ ᠂ ᠵᠠᠩ ᠲᠢᠶᠠᠨ ᠶᠢᠤ ᠶ᠋ᠢ ᠪᠠᠷᠠᠭᠤᠨ ᠭᠠᠷᠤᠨ ᠳᠡᠳ᠋ ᠶᠤᠸᠠᠨᠱᠤᠸᠠᠢ ᠂ ᠵᠣ᠌ ᠶᠤᠸᠠᠨ ᠵᠠᠩ ᠢ᠋ ᠵᠡᠭᠦᠨ ᠭᠠᠷᠤᠨ ᠳᠡᠳ᠋ ᠶᠤᠸᠠᠨᠱᠤᠸᠠᠢ ᠡᠷᠭᠦᠮᠵᠢᠯᠡᠪᠡ᠃ ᠭᠦᠸᠧ ᠲᠢᠶᠠᠨ ᠰᠢᠦᠢ ᠬᠡᠮᠡᠭᠴᠢ ᠦᠬᠦᠭᠡᠨᠴᠡ ᠳᠣᠷᠣᠢ ᠮᠡᠳᠡᠯᠭᠡ ᠴᠢᠳᠠᠪᠤᠷᠢ ᠦᠭᠡᠢ᠃ ᠵᠠᠩ ᠲᠢᠶᠠᠨ ᠶᠢᠤ ᠨᠡᠩᠳᠡ ᠪᠢᠴᠢᠭ ᠦ᠋ᠨ ᠪᠠᠯᠠᠢ ᠂ ᠪᠡᠷᠲᠡᠭᠴᠢᠨ ᠡᠷ᠎ᠡ ᠲᠡᠳᠦᠢ ᠲᠤᠯᠠ ᠴᠡᠷᠢᠭ ᠦ᠋ᠨ ᠶᠡᠬᠡ ᠡᠷᠬᠡ ᠤᠳᠠᠯ ᠦᠭᠡᠢ ᠵᠣ᠌ ᠶᠤᠸᠠᠨ ᠵᠠᠩ ᠤ᠋ᠨ ᠭᠠᠷ ᠲᠤ᠌ ᠣᠷᠣᠪᠠ ᠃ 
        ᠵᠣ᠌ ᠶᠤᠸᠠᠨ ᠵᠠᠩ ᠴᠦᠵᠧᠤ ᠠ᠋ᠴᠠ ᠰᠠᠯᠵᠤ ᠾᠸᠵᠸᠤ ᠳ᠋ᠤ᠌ ᠢᠷᠡᠭᠰᠡᠨ᠎ᠡ ᠬᠤ᠌ ᠳᠠ ᠬᠠᠢ ᠂ ᠴᠠᠩ ᠢᠦᠢ ᠴᠦᠨ ᠂ ᠳ᠋ᠧᠩ ᠢᠦᠢ ᠨᠠᠷ ᠲᠤᠰ ᠲᠤᠰ ᠤ᠋ᠨ ᠴᠡᠷᠢᠭ ᠢ᠋ᠶ᠋ᠡᠨ ᠠᠪᠴᠤ ᠵᠣ᠌ ᠶᠤᠸᠠᠨ ᠵᠠᠩ ᠢ᠋ ᠳᠠᠭᠠᠷ᠎ᠠ ᠢᠷᠡᠪᠡ ᠃ ᠡᠨᠳᠡᠴᠡ ᠵᠣ᠌ ᠶᠤᠸᠠᠨ ᠵᠠᠩ ᠤ᠋ᠨ ᠰᠦᠷ ᠬᠦᠴᠦᠨ ᠶᠡᠬᠡᠳᠡ ᠮᠠᠨᠳᠤᠪᠠ ᠃ ᠲᠡᠷᠡ ᠯᠢ ᠱᠠᠨ ᠴᠠᠩ ᠤ᠋ᠨ ᠦᠭᠡ ᠶ᠋ᠢ ᠰᠠᠨᠠᠵᠤ ᠂ ᠬᠠᠨ ᠭᠤᠤᠽᠤ ᠬᠣᠶᠠᠳᠤᠭᠠᠷ ᠪᠣᠯᠬᠤ ᠪᠠᠷ ᠰᠠᠨᠠᠭ᠎ᠠ ᠡᠭᠦᠰᠬᠡᠪᠡ ᠃ 
       ᠶᠠᠭ ᠡᠨᠡ ᠦᠶ᠎ᠡ ᠳ᠋ᠦ᠍ ᠴᠤᠤ ᠬᠤ᠌ ᠭᠠᠵᠠᠷ ᠳᠠᠬᠢ ᠤᠯᠠᠭᠠᠨ ᠠᠯᠴᠢᠭᠤᠷᠲᠠᠨ ᠪᠣᠰᠤᠯᠭ᠎ᠠ ᠶ᠋ᠢᠨ ᠴᠡᠷᠢᠭ ᠦ᠋ᠨ ᠲᠦᠷᠦᠭᠦᠦ ᠢᠦᠢ ᠲᠢᠩ ᠢᠦᠢ ᠮᠢᠩᠭ᠎ᠠ ᠭᠠᠷᠤᠢ ᠣᠩᠭᠣᠴᠠ ᠲᠦᠮᠡ ᠭᠠᠷᠤᠢ ᠬᠥᠮᠦᠨ ᠢ᠋ ᠠᠪᠴᠤ ᠳᠠᠭᠠᠷ᠎ᠠ ᠢᠷᠡᠪᠡ ᠃ ᠶᠠᠭ ᠰᠠᠢᠬᠠᠨ ᠬᠤᠷ᠎ᠠ ᠪᠣᠷᠣᠭᠠᠨ ᠤ᠋ ᠤᠯᠠᠷᠢᠯ ᠲᠤᠯᠠ ᠭᠣᠣᠯ ᠮᠥᠷᠡᠨ ᠦᠶᠡᠷᠯᠡᠵᠦ ᠤᠰᠤᠨ ᠵᠠᠮ ᠢ᠋ᠶ᠋ᠠᠷ ᠪᠠᠢᠯᠳᠤᠬᠤ ᠳ᠋ᠤ᠌ ᠬᠠᠮᠤᠭ ᠤ᠋ᠨ ᠲᠣᠬᠢᠷᠠᠮᠵᠢᠲᠠᠢ ᠪᠠᠢᠪᠠ ᠃ ᠵᠣ᠌ ᠶᠤᠸᠠᠨ ᠵᠠᠩ ᠴᠠᠭ ᠲᠣᠬᠢᠶᠠᠯ ᠢ᠋ ᠠᠯᠳᠠᠯ ᠦᠭᠡᠢ ᠵᠢᠢ ᠴᠢᠩ ᠢ᠋ ᠡᠵᠡᠯᠡᠬᠦ ᠪᠡᠷ ᠴᠤᠤ  ᠬᠤ᠌ ᠶ᠋ᠢᠨ ᠤᠰᠤᠨ ᠴᠡᠷᠢᠭ ᠲᠦ᠍ ᠵᠠᠷᠯᠢᠭ ᠪᠠᠭᠤᠯᠭᠠᠵᠤ ᠬᠥᠬᠡ ᠮᠥᠷᠡᠨ ᠦ᠌ ᠵᠡᠭᠦᠨ ᠡᠷᠭᠢ ᠳ᠋ᠦ᠍ ᠪᠠᠢᠭ᠎ᠠ ᠼᠠᠢ ᠱᠢ ( ᠡᠦᠲᠦ ᠶ᠋ᠢᠨ ᠠᠨᠾᠦ᠋ᠢ ᠶ᠋ᠢᠨ  ᠮᠠ ᠠᠨ ᠱᠠᠨ ᠬᠣᠲᠠ) ᠂ ᠲᠠᠢ ᠫᠢᠩ ( ᠡᠦᠲᠦ ᠶ᠋ᠢᠨ ᠠᠨᠾᠦ᠋ᠢ ᠶ᠋ᠢᠨ ᠳᠠᠩ  ᠳᠦ ) ᠶ᠋ᠢ ᠪᠦᠰᠡᠯᠡᠨ ᠪᠠᠢᠯᠳᠤᠪᠠ ᠃ 
        ᠲᠠᠢ ᠫᠢᠩ ᠬᠣᠲᠠ ᠶ᠋ᠢ ᠰᠠᠬᠢᠭᠴᠢ ᠵᠠᠩᠵᠤᠨ ᠪᠣᠯ ᠶᠤᠸᠠᠨ ᠤᠯᠤᠰ ᠤ᠋ᠨ ᠮᠠᠨᠼᠢ ᠬᠠᠶ᠎ᠠ ᠠᠵᠤᠭᠤ᠃ ᠲᠡᠷᠡ ᠂ ᠼᠠᠢ ᠱᠢ ᠣᠯᠣᠮ ᠳ᠋ᠤ᠌ ᠬᠦᠨᠳᠦ ᠴᠡᠷᠢᠭ ᠰᠠᠭᠤᠯᠭᠠᠵᠤ ᠡᠳᠦᠷ ᠰᠥᠨᠢ ᠦᠭᠡᠢ ᠰᠠᠬᠢᠨ ᠰᠡᠷᠭᠡᠢᠯᠡᠮᠦᠢ᠃ ᠵᠣ᠌ ᠶᠤᠸᠠᠨ ᠵᠠᠩ ᠲᠣᠭᠣᠷᠢᠨ ᠪᠦᠰᠡᠯᠡᠬᠦ ᠠᠷᠭ᠎ᠠ ᠪᠠᠷ ᠼᠠᠢ ᠱᠢ ᠣᠯᠣᠮ ᠤ᠋ᠨ ᠳᠡᠭᠡᠳᠦ ᠲᠠᠯ᠎ᠠ ᠪᠠᠷ ᠬᠥᠬᠡ ᠮᠥᠷᠡᠨ ᠢ᠋ ᠭᠡᠲᠦᠯᠵᠦ ᠲᠠᠢ ᠫᠢᠩ ᠬᠣᠲᠠ ᠶ᠋ᠢ ᠬᠠᠭᠠᠪᠠ ᠃ ᠲᠠᠢ ᠫᠢᠩ ᠬᠣᠲᠠ ᠶ᠋ᠢ ᠰᠠᠬᠢᠭᠰᠠᠨ ᠨᠣᠶᠠᠨ  ᠵᠢᠨ ᠡᠢ ᠪᠠᠢᠯᠳᠤᠨ ᠦᠬᠦᠪᠡ ᠃ 
       ᠵᠣ᠌ ᠶᠤᠸᠠᠨ ᠵᠠᠩ ᠬᠥᠬᠡ ᠮᠥᠷᠡᠨ ᠢ᠋ ᠭᠡᠲᠦᠯᠦᠨ ᠲᠠᠢ ᠫᠢᠩ ᠬᠣᠲᠠ ᠶ᠋ᠢ ᠡᠵᠡᠯᠡᠭᠰᠡᠨ ᠦ᠌ ᠬᠣᠢᠨ᠎ᠠ ᠴᠡᠷᠢᠭ ᠢ᠋ᠶ᠋ᠡᠨ ᠵᠠᠰᠠᠵᠤ ᠴᠡᠭᠴᠡᠯᠡᠭᠡᠳ ᠦᠷᠭᠦᠯᠵᠢᠯᠡᠨ ᠵᠢᠢ ᠴᠢᠩ ( ᠡᠦᠲᠦ ᠶ᠋ᠢᠨ ᠨᠠᠨᠵᠢᠩ ᠬᠣᠲᠠ ) ᠶ᠋ᠢ ᠴᠢᠭᠯᠡᠨ ᠮᠣᠷᠳᠠᠪᠠ ᠃ 
      ᠮᠠᠨᠼᠢ ᠬᠠᠶ᠎ᠠ ᠭᠤᠷᠪᠠᠨ ᠲᠦᠮᠡᠨ ᠴᠡᠷᠢᠭ ᠳᠠᠢᠴᠢᠯᠠᠨ ᠤᠰᠤ ᠬᠠᠭᠤᠷᠠᠢ ᠬᠣᠶᠠᠷ ᠵᠠᠮ ᠢ᠋ᠶ᠋ᠠᠷ ᠵᠣ᠌ ᠶᠤᠸᠠᠨ ᠵᠠᠩ ᠤ᠋ᠨ ᠴᠡᠷᠢᠭ ᠢ᠋ ᠬᠣᠷᠢᠭᠯᠠᠨ ᠴᠣᠬᠢᠪᠠ᠃ ᠬᠠᠭᠤᠷᠠᠢ ᠵᠠᠮ ᠤ᠋ᠨ ᠴᠡᠷᠢᠭ ᠢ᠋ ᠴᠧᠨ ᠶᠧ ᠰᠢᠶᠠᠨ ᠵᠠᠩᠵᠤᠨ ᠤᠳᠤᠷᠢᠳᠴᠤ ᠲᠠᠢ ᠫᠢᠩ ᠬᠣᠲᠠ ᠶ᠋ᠢ ᠴᠢᠭᠯᠡᠨ ᠢᠷᠡᠭᠡᠳ ᠰᠢᠦᠢ  ᠳᠠ᠂ ᠮᠠᠨᠼᠢ ᠬᠠᠶ᠎ᠠ ᠪᠡᠶ᠎ᠡ ᠪᠡᠷ ᠵᠠᠬᠢᠷᠴᠤ ᠼᠠᠢ ᠱᠢ ᠣᠯᠣᠮ ᠢ᠋ ᠴᠢᠭᠯᠡᠨ ᠢᠷᠡᠬᠦᠶ᠎ᠡ ᠮᠥᠷᠡᠨ ᠦ᠌ ᠬᠥᠪᠡᠭᠡ ᠪᠡᠷ  ᠵᠣ᠌ ᠶᠤᠸᠠᠨ ᠵᠠᠩ ᠤ᠋ᠨ ᠴᠡᠷᠢᠭ ᠲᠤᠭ ᠳᠠᠯᠪᠠᠭ᠎ᠠ ᠬᠡᠢᠰᠬᠡᠵᠦ ᠮᠠᠰᠢ ᠰᠦᠷ ᠲᠡᠢ ᠪᠠᠢᠵᠤᠬᠤᠢ᠃ ᠲᠡᠷᠢᠭᠦᠯᠡᠭᠰᠡᠨ ᠵᠠᠩᠵᠤᠨ ᠠᠨᠤ ᠴᠠᠩ ᠢᠦᠢ ᠴᠦᠨ ᠪᠥᠯᠥᠭᠡ᠃ ᠮᠠᠨᠼᠢ ᠬᠠᠶ᠎ᠠ ᠵᠠᠷᠯᠢᠭ ᠪᠠᠭᠤᠯᠭᠠᠵᠤ ᠴᠠᠩ ᠢᠦᠢ ᠴᠦᠨ ᠦ᠌ ᠴᠡᠷᠢᠭ ᠢ᠋ ᠪᠦᠰᠡᠯᠡᠨ ᠳᠠᠭᠠᠷᠢᠬᠤ ᠬᠡᠮᠡᠲᠡᠯ᠎ᠡ ᠴᠧᠨ ᠶᠧ ᠰᠢᠶᠠᠨ ᠵᠠᠩᠵᠤᠨ ᠪᠦᠭᠭᠦᠭᠰᠡᠨ ᠴᠡᠷᠢᠭ ᠦ᠋ᠨ ᠭᠡᠨᠡᠳᠲᠡ ᠶ᠋ᠢᠨ ᠳᠠᠭᠠᠷᠢᠯᠲᠠ ᠳ᠋ᠤ᠌ ᠤᠴᠠᠷᠠᠭᠠᠳ ᠢᠯᠠᠭᠳᠠᠭᠰᠠᠨ ᠴᠢᠮᠡᠭᠡ ᠬᠦᠷᠭᠡᠵᠦ ᠢᠷᠡᠪᠡ᠃ ᠮᠠᠨᠼᠢ ᠬᠠᠶ᠎ᠠ ᠂ ᠤᠷᠢᠳᠤ ᠨᠢ ᠬᠡᠳᠦ ᠤᠳᠠᠭ᠎ᠠ ᠬᠠᠭᠠᠨᠲᠤ ᠲᠥᠷᠥ ᠡᠴᠡ ᠲᠤᠰᠠᠯᠠᠬᠤ ᠴᠡᠷᠢᠭ ᠭᠤᠶᠤᠭᠰᠠᠨ ᠪᠣᠯᠪᠠᠴᠤ ᠬᠦᠷᠴᠦ ᠢᠷᠡᠭᠰᠡᠨ ᠦᠭᠡᠢ ᠲᠤᠯᠠ ᠠᠷᠭ᠎ᠠ ᠪᠤᠰᠤ ᠴᠡᠷᠢᠭ ᠢ᠋ᠶ᠋ᠡᠨ ᠬᠤᠷᠢᠶᠠᠵᠤ ᠵᠢᠢ ᠴᠢᠩ ᠬᠣᠲᠠ ᠳ᠋ᠤ᠌ ᠤᠬᠤᠷᠢᠨ ᠣᠳᠪᠠ᠃ ᠵᠢᠢ ᠴᠢᠩ ᠬᠣᠲᠠ ᠶ᠋ᠢ ᠰᠠᠬᠢᠭᠰᠠᠨ ᠲᠦᠰᠢᠮᠡᠯ ᠪᠣᠯ ᠢᠦᠢᠱ᠌ᠢ ᠳ᠋ᠠᠢᠹᠦ᠋ ᠲᠦᠰᠢᠮᠡᠯ  ᠹᠦᠱᠧᠤ ᠠᠵᠤᠭᠤ᠃ ᠲᠡᠷᠡ ᠲᠤᠬᠤᠨᠳᠡᠮᠤᠷ ᠬᠠᠭᠠᠨ ᠤ᠋ ᠵᠠᠷᠯᠢᠭ ᠢ᠋ᠶ᠋ᠠᠷ ᠮᠥᠷᠡᠨ ᠦ᠌ ᠡᠮᠦᠨᠡᠲᠦ ᠶ᠋ᠢᠨ ᠴᠡᠷᠢᠭ ᠲᠡᠢᠨ ᠦ᠌ ᠶᠠᠪᠤᠳᠠᠯ ᠢ᠋ ᠡᠷᠭᠢᠯᠡᠮᠦᠢ᠃ ᠲᠡᠷᠡ ᠴᠡᠷᠢᠭ ᠦ᠋ᠨ ᠬᠦᠴᠦᠨ ᠢ᠋ᠶ᠋ᠡᠨ ᠵᠢᠢ ᠴᠢᠩ ᠬᠣᠲᠠᠨ᠎ᠠ ᠲᠥᠪᠯᠡᠷᠡᠭᠦᠯᠦᠨ ᠪᠠᠢᠷᠢᠯᠠᠭᠤᠯᠤᠭᠰᠠᠨ ᠪᠣᠯᠬᠣᠷ ᠵᠣ᠌ ᠶᠤᠸᠠᠨ ᠵᠠᠩ ᠤ᠋ᠨ ᠪᠣᠰᠤᠯᠭ᠎ᠠ ᠶ᠋ᠢᠨ ᠴᠡᠷᠢᠭ ᠲᠡᠳᠦᠢ ᠬᠦᠨᠳᠦ ᠬᠣᠷᠢᠭᠯᠠᠯᠲᠠ ᠳ᠋ᠤ᠌ ᠤᠴᠠᠷᠠᠭᠰᠠᠨ ᠦᠭᠡᠢ ᠶᠢᠰᠦᠳᠦᠭᠡᠷ ᠰᠠᠷ᠎ᠠ ᠶ᠋ᠢᠨ ᠡᠬᠢᠨ ᠢ᠋ᠶ᠋ᠡᠷ ᠵᠢᠢ ᠴᠢᠩ ᠬᠣᠲᠠᠨ᠎ᠠ ᠲᠤᠯᠵᠤ ᠢᠷᠡᠪᠡ ᠃ 
       ᠹᠦᠱᠧᠤ ᠠᠯᠢ ᠬᠡᠳᠦᠢᠨ ᠪᠡᠯᠡᠳᠬᠡᠯ ᠲᠡᠢ ᠪᠠᠢᠭᠰᠠᠨ ᠪᠣᠯᠬᠣᠷ ᠲᠡᠷᠡ ᠳᠠᠷᠤᠢ ᠮᠣᠷᠢᠲᠤ ᠴᠡᠷᠢᠭ ᠲᠣᠮᠢᠯᠠᠨ ᠵᠣ᠌ ᠶᠤᠸᠠᠨ ᠵᠠᠩ ᠤ᠋ᠨ ᠬᠣᠰᠢᠭᠤᠴᠢ ᠴᠡᠷᠢᠭ ᠢ᠋ ᠪᠦᠰᠡᠯᠡᠨ ᠤᠰᠠᠳᠬᠠᠵᠤ ᠮᠠᠩᠯᠠᠢᠯᠠᠭᠰᠠᠨ ᠵᠠᠩᠵᠤᠨ ᠢ᠋ ᠨᠢ ᠠᠯᠠᠪᠠ ᠃ 
       ᠵᠣ᠌ ᠶᠤᠸᠠᠨ ᠵᠠᠩ ᠪᠡᠶ᠎ᠡ ᠪᠡᠷ ᠵᠢᠷᠭᠤᠭᠠᠨ ᠲᠦᠮᠡᠨ ᠴᠡᠷᠢᠭ ᠳᠠᠢᠴᠢᠯᠠᠨ ᠵᠢᠢ ᠴᠢᠩ ᠬᠣᠲᠠ ᠶ᠋ᠢ ᠵᠡᠭᠦᠦ ᠬᠠᠳᠬᠤᠬᠤ ᠵᠠᠢ ᠦᠭᠡᠢ ᠪᠣᠯᠲᠠᠯ᠎ᠠ ᠪᠦᠰᠡᠯᠡᠨ ᠠᠪᠤᠪᠠ ᠃ ᠹᠦᠱᠧᠤ ᠬᠡᠳᠦᠨ ᠤᠳᠠᠭ᠎ᠠ ᠪᠦᠰᠡᠯᠡᠯᠲᠡ ᠶ᠋ᠢ ᠰᠢᠪᠲᠤᠯᠬᠤ ᠪᠠᠷ ᠪᠠᠢᠯᠳᠤᠭᠰᠠᠨ ᠪᠣᠯᠪᠠᠴᠤ ᠳᠡᠢᠯᠦᠭᠰᠡᠨ ᠦᠭᠡᠢ᠃ ᠴᠡᠷᠢᠭ ᠦ᠋ᠨ ᠰᠡᠳᠬᠢᠯ ᠲᠣᠭᠲᠠᠭᠤᠨ ᠦᠭᠡᠢ ᠪᠣᠯᠵᠤ ᠬᠣᠲᠠ ᠶ᠋ᠢᠨ ᠠᠷᠠᠳ ᠥᠪᠡᠷ ᠵᠠᠭᠤᠷ᠎ᠠ ᠪᠠᠨ ᠰᠠᠮᠠᠭᠤᠷᠠᠪᠠ᠃ ᠮᠠᠨᠼᠢ ᠬᠠᠢ ᠠ ᠥᠭᠦᠯᠡᠷᠦᠨ᠄ 《 ᠳ᠋ᠠᠢᠹᠦ᠋ ᠨᠣᠶᠠᠨ! ᠬᠣᠲᠠ ᠶ᠋ᠢᠨ ᠳᠣᠲᠣᠷ᠎ᠠ ᠰᠠᠮᠠᠭᠤᠷᠠᠯ ᠭᠠᠷᠴᠤ ᠴᠡᠷᠢᠭ ᠦ᠋ᠨ ᠰᠡᠳᠬᠢᠯ ᠲᠣᠭᠲᠠᠭᠤᠨ ᠦᠭᠡᠢ ᠪᠣᠯᠪᠠ ᠃ ᠲᠠ ᠪᠠᠷ ᠬᠣᠲᠠ ᠭᠠᠷᠴᠤ ᠪᠡᠶ᠎ᠡ ᠵᠠᠢᠯᠠ ᠂ ᠪᠢ ᠬᠣᠷᠢᠭᠯᠠᠨ ᠪᠠᠢᠯᠳᠤᠶ᠎ᠠ ! 》 ᠬᠡᠮᠡᠪᠡᠰᠦ  ᠹᠦᠱᠧᠤ ᠥᠭᠦᠯᠡᠷᠦᠨ ᠄ 《 ᠪᠢ ᠡᠵᠡᠨ ᠦ᠌ ᠵᠠᠷᠯᠢᠭ ᠢ᠋ ᠬᠦᠯᠢᠶᠡᠵᠦ ᠵᠢᠢ ᠴᠢᠩ ᠢ᠋ ᠰᠠᠬᠢᠬᠤ ᠪᠠᠷ ᠢᠷᠡᠭᠰᠡᠨ ᠲᠤᠯᠠ ᠶᠠᠭᠠᠬᠢᠨ ᠬᠣᠲᠠ ᠪᠠᠨ ᠣᠷᠬᠢᠵᠤ ᠶᠠᠪᠤᠮᠤᠢ 》 ᠬᠡᠮᠡᠪᠡ᠃ ᠰᠥᠨᠢ ᠶ᠋ᠢᠨ ᠭᠦᠨ ᠳ᠋ᠦ᠍ ᠭᠡᠨᠡᠳᠲᠡ ᠬᠣᠲᠠ ᠶ᠋ᠢᠨ ᠬᠡᠷᠡᠮ ᠳ᠋ᠦ᠍ ᠭᠠᠯ ᠤᠲᠤᠭ᠎ᠠ ᠮᠠᠨᠳᠤᠵᠤ ᠤᠯᠠᠭᠠᠨ ᠠᠯᠴᠢᠭᠤᠷᠲᠠᠨ ᠴᠡᠷᠢᠭ ᠬᠡᠷᠡᠮ ᠢ᠋ ᠤᠬᠤᠵᠤ ᠳᠣᠣᠭᠤᠷ ᠣᠷᠣᠵᠤ ᠢᠷᠡᠭᠰᠡᠨ ᠪᠠᠢᠵᠤᠬᠤᠢ᠃ ᠮᠠᠨᠼᠢ ᠬᠠᠷ᠎ᠠ ᠹᠦᠱᠧᠤ ᠠ᠋ᠴᠠ ᠰᠠᠯᠵᠤ ᠬᠣᠲᠠ ᠶ᠋ᠢᠨ ᠬᠠᠭᠠᠯᠭ᠎ᠠ ᠬᠦᠷᠲᠡᠯ᠎ᠡ ᠪᠣᠰᠤᠯᠭ᠎ᠠ ᠶ᠋ᠢᠨ ᠴᠡᠷᠢᠭ ᠨᠢᠭᠡᠨᠲᠡ ᠦᠶᠡᠷ ᠦ᠋ᠨ ᠤᠰᠤᠨ ᠮᠡᠲᠦ ᠬᠣᠲᠠᠨ᠎ᠠ ᠰᠢᠷᠭᠤᠯᠠᠨ ᠣᠷᠣᠵᠤ ᠢᠷᠡᠪᠡ ᠃ ᠮᠠᠨᠼᠢ ᠬᠠᠶ᠎ᠠ ᠲᠡᠷᠡ ᠳᠠᠷᠤᠢ ᠰᠡᠯᠡᠮ᠎ᠡ ᠡᠷᠭᠢᠭᠦᠯᠦᠨ ᠲᠡᠷᠢᠭᠦᠯᠡᠨ ᠶᠠᠪᠤᠭ᠎ᠠ ᠳᠠᠢᠰᠤᠨ ᠤ᠋ ᠵᠠᠩᠵᠤᠨ ᠢ᠋ ᠴᠠᠪᠴᠢᠨ ᠤᠨᠠᠭᠠᠪᠠ ᠃ ᠡᠨᠡ ᠦᠶ᠎ᠡ ᠳ᠋ᠦ᠍ ᠠᠷᠤ ᠲᠠᠯ᠎ᠠ ᠠ᠋ᠴᠠ ᠨᠢᠭᠡᠨ ᠵᠡᠷᠯᠢᠭ ᠰᠤᠮᠤ ᠴᠡᠭᠡᠵᠢ ᠶ᠋ᠢ ᠨᠡᠪᠲᠡᠯᠦᠨ ᠮᠠᠨᠼᠢ ᠬᠠᠶ᠎ᠠ ᠪᠠᠭᠠᠲᠤᠷᠯᠢᠭ ᠢ᠋ᠶ᠋ᠠᠷ ᠠᠮᠢ ᠦᠷᠡᠭᠳᠡᠪᠡ ᠃ ᠹᠦᠱᠧᠤ᠂ ᠬᠣᠲᠠ ᠨᠢᠭᠡᠨᠲᠡ ᠠᠪᠲᠠᠭᠰᠠᠨ ᠢ᠋ ᠮᠡᠳᠡᠭᠡᠳ ᠹᠧᠩ ᠬᠤᠸᠠᠩ ᠲᠠᠢ ᠲᠠᠢᠰᠠᠨ᠎ᠠ ᠠᠪᠠᠷᠢᠨ ᠴᠡᠷᠢᠭ ᠦ᠋ᠨ ᠡᠷᠡᠴᠦᠳ ᠢ᠋ ᠵᠠᠬᠢᠷᠤᠨ ᠪᠠᠢᠯᠳᠤᠮᠤᠢ ᠃ ᠰᠢᠳᠠᠷ ᠬᠥᠮᠦᠰ ᠲᠡᠭᠦᠨ ᠢ᠋ ᠳᠤᠲᠠᠭᠠᠭᠲᠤᠨ ᠬᠡᠮᠡᠪᠡᠰᠦ  《 ᠪᠢ ᠤᠯᠤᠰ ᠲᠥᠷᠥ ᠶ᠋ᠢᠨ ᠲᠡᠷᠢᠭᠦᠯᠡᠭᠰᠡᠨ ᠰᠠᠢᠳ  ᠪᠦᠬᠦᠢ ᠶ᠋ᠢᠨ ᠲᠤᠯᠠ ᠬᠣᠲᠠ ᠠᠪᠲᠠᠬᠤᠢ ᠯᠤᠭ᠎ᠠ ᠬᠠᠮᠲᠤ ᠦᠬᠦᠰᠦᠭᠡᠢ 》 ᠭᠡᠮᠡᠨ ᠡᠰᠡ ᠪᠣᠯᠤᠯᠤᠭ᠎ᠠ᠃ ᠤᠳᠠᠭᠰᠠᠨ ᠦᠭᠡᠢ ᠪᠣᠰᠤᠯᠭ᠎ᠠ ᠶ᠋ᠢᠨ ᠴᠡᠷᠢᠭ ᠳᠥᠷᠪᠡᠨ ᠵᠦᠭ ᠡᠴᠡ ᠳᠠᠭᠠᠷᠢᠨ ᠢᠷᠡᠭᠡᠳ ᠹᠦᠱᠧᠤ ᠶ᠋ᠢ ᠵᠢᠳᠠᠯᠠᠨ ᠤᠨᠠᠭᠠᠪᠠ᠃ ᠲᠤᠬᠤᠨᠳᠡᠮᠤᠷ ᠬᠠᠭᠠᠨ ᠢ᠋ᠶ᠋ᠠᠷ  ᠹᠦᠱᠧᠤ ᠶ᠋ᠢᠨ ᠤᠯᠤᠰ ᠲᠥᠷᠥ ᠶ᠋ᠢᠨ ᠲᠥᠯᠥᠭᠡ ᠪᠡᠶ᠎ᠡ ᠦᠷᠡᠭᠳᠡᠭᠰᠡᠨ ᠭᠠᠪᠢᠶ᠎ᠠ ᠶ᠋ᠢ ᠲᠡᠮᠳᠡᠭᠯᠡᠵᠦ ᠂ ᠵᠢᠶᠠᠩ ᠵᠧ ᠬᠤᠪᠢᠶᠠᠷᠢ ᠮᠣᠵᠢ ᠶ᠋ᠢᠨ ᠵᠡᠭᠦᠨ ᠭᠠᠷᠤᠨ ᠴᠢᠩᠰᠠᠩ ᠂ ᠸᠧᠢ ᠭᠦᠸᠧ ᠬᠦᠩ ᠨᠡᠬᠡᠵᠦ ᠡᠷᠭᠦᠮᠵᠢᠯᠡᠭᠡᠳ ᠵᠦᠩ  ᠱᠤ᠌ ᠬᠡᠮᠡᠬᠦᠢ ᠴᠣᠯᠠ ᠬᠠᠢᠷᠠᠯᠠᠪᠠ ᠃ 
       ᠵᠣ᠌ ᠶᠤᠸᠠᠨ ᠵᠠᠩ ᠂ ᠵᠢᠢ ᠴᠢᠩ ᠢ᠋ ᠡᠵᠡᠯᠡᠭᠰᠡᠨ ᠦ᠌ ᠬᠣᠢᠨ᠎ᠠ ᠶᠢᠩ ᠲᠢᠶᠠᠨ ᠹᠦ ᠭᠡᠮᠡᠨ ᠬᠠᠯᠠᠪᠠ ᠃ ᠲᠡᠷᠡ ᠂ ᠰᠢᠦᠢ  ᠳᠠ ᠪᠣᠯᠤᠨ ᠳ᠋ᠧᠩ ᠢᠦᠢ ᠪᠡᠷ ᠴᠡᠷᠢᠭ ᠵᠠᠬᠢᠷᠤᠭᠤᠯᠤᠨ ᠵᠧᠨᠵᠢᠶᠠᠩ᠂ ᠭᠤᠸᠠᠩ ᠲᠧ᠂ ᠵᠢᠶᠠᠩ ᠶᠢᠨ᠂ ᠴᠠᠩ ᠱᠤ᠌᠂ ᠨᠢᠩ ᠭᠦᠸᠧ᠂ ᠶᠠᠩᠵᠧᠤ᠂ ᡂᠵᠸᠤ ᠂ ᠾᠦᠢᠵᠧᠤ ᠵᠡᠷᠭᠡ ᠭᠠᠵᠠᠷ ᠢ᠋ ᠪᠠᠢᠯᠳᠤᠨ ᠡᠵᠡᠯᠡᠭᠦᠯᠵᠦ ᠮᠥᠷᠡᠨ ᠦ᠌ ᠤᠮᠠᠷ᠎ᠠ ᠳ᠋ᠠᠬᠢ  ᠴᠦᠵᠧᠤ ᠂ ᠾᠸᠵᠸᠤ ᠯᠤᠭᠡ ᠬᠣᠯᠪᠣᠵᠤ ᠶᠢᠩ ᠲᠢᠶᠠᠨ  ᠹᠦ ᠪᠡᠷ ᠲᠥᠪ ᠪᠣᠯᠭᠠᠭᠰᠠᠨ ᠰᠠᠭᠤᠷᠢᠨ ᠭᠠᠵᠠᠷ ᠢ᠋ ᠪᠠᠢᠭᠤᠯᠪᠠ ᠃ ᠮᠣᠷᠢᠨ ᠨᠢᠷᠤᠭᠤᠨ ᠳᠡᠭᠡᠷ᠎ᠡ ᠲᠥᠷᠥ ᠶ᠋ᠢ ᠪᠠᠢᠭᠤᠯᠵᠤ ᠪᠣᠯᠬᠤ ᠪᠣᠯᠪᠠᠴᠤ ᠮᠣᠷᠢᠨ ᠨᠢᠷᠤᠭᠤᠨ ᠳᠡᠭᠡᠷ᠎ᠡ ᠲᠥᠷᠥ ᠶ᠋ᠢ ᠵᠠᠰᠠᠵᠤ ᠦᠯᠦ ᠪᠣᠯᠬᠤ ᠶᠣᠰᠣ ᠶ᠋ᠢ ᠵᠣ᠌  ᠶᠤᠸᠠᠨ ᠵᠠᠩ ᠪᠠᠰᠠ ᠲᠣᠳᠣᠷᠬᠠᠢ ᠮᠡᠳᠡᠬᠦ ᠠᠵᠤᠭᠤ᠃ ᠲᠡᠷᠡ ᠶᠢᠩ ᠲᠢᠶᠠᠨ  ᠹᠦ ᠶ᠋ᠢ ᠰᠠᠭᠤᠷᠢᠨ ᠭᠠᠵᠠᠷ ᠪᠣᠯᠭᠠᠭᠰᠠᠨ ᠤ᠋ ᠳᠠᠷᠠᠭ᠎ᠠ  ᠵᠢᠶᠠᠩᠨᠠᠨ ᠣᠷᠣᠨ ᠤ᠋ ᠪᠢᠴᠢᠭ ᠦ᠋ᠨ ᠡᠷᠳᠡᠮᠲᠡᠳ ᠢ᠋ ᠥᠷᠭᠡᠨ ᠢ᠋ᠶ᠋ᠡᠷ ᠡᠯᠰᠡᠨ ᠤᠷᠢᠵᠤ ᠬᠦᠨᠳᠦ ᠪᠡᠷ ᠬᠡᠷᠡᠭᠯᠡᠭᠰᠡᠨ ᠪᠠᠢᠪᠠ᠃ 
      ᠵᠣ᠌ ᠱᠧᠩ ᠪᠣᠯ ᠾᠦᠢᠵᠧᠤ ᠶ᠋ᠢᠨ ᠰᠢᠦᠢ ᠨᠢᠩ ᠦ᠋ᠨ ᠬᠥᠮᠦᠨ᠂ ᠶᠤᠸᠠᠨ ᠤᠯᠤᠰ ᠤ᠋ᠨ ᠰᠡᠭᠦᠯᠴᠢ ᠦᠶ᠎ᠡ ᠶ᠋ᠢᠨ ᠣᠷᠣᠭᠰᠠᠳ ᠪᠤᠶᠤ᠃ ᠵᠣ᠌ ᠶᠤᠸᠠᠨ ᠵᠠᠩ ᠾᠦᠢᠵᠧᠤ ᠶ᠋ᠢ ᠡᠵᠡᠯᠡᠨ ᠠᠪᠤᠭᠰᠠᠨ ᠤ᠋ ᠬᠣᠢᠨ᠎ᠠ ᠳ᠋ᠧᠩ ᠢᠦᠢ ᠶ᠋ᠢᠨ ᠡᠷᠭᠦᠨ ᠲᠠᠨᠢᠯᠴᠠᠭᠤᠯᠭ᠎ᠠ ᠪᠠᠷ ᠲᠡᠭᠦᠨ ᠢ᠋ ᠠᠪᠴᠤ ᠠᠭᠤᠯᠵᠠᠭᠠᠳ ᠴᠠᠭ ᠤ᠋ᠨ ᠥᠩᠭᠡ ᠶ᠋ᠢ ᠠᠰᠠᠭᠤᠭᠰᠠᠨ ᠳ᠋ᠤ᠌ ᠵᠣ᠌ ᠱᠧᠩ 《ᠥᠨᠳᠥᠷ ᠬᠡᠷᠡᠮ ᠴᠣᠭᠴᠠᠯᠠᠵᠤ ᠂ ᠥᠷᠭᠡᠨ ᠢ᠋ᠶ᠋ᠡᠷ ᠠᠮᠤ ᠨᠥᠭᠡᠴᠡᠯᠡᠵᠦ ᠂ ᠸᠠᠩ ᠰᠠᠭᠤᠬᠤ ᠶ᠋ᠢ ᠠᠯᠭᠤᠷᠯᠠᠬᠤ 》 ᠬᠡᠮᠡᠭᠰᠡᠨ ᠰᠠᠨᠠᠭᠤᠯᠭ᠎ᠠ ᠥᠭᠴᠡᠢ ᠃ ᠵᠣ᠌ ᠶᠤᠸᠠᠨ ᠵᠠᠩ ᠲᠡᠭᠦᠨ ᠦ᠌ ᠡᠨᠡ ᠬᠦ᠌ ᠰᠠᠨᠠᠭᠤᠯᠭ᠎ᠠ ᠶ᠋ᠢ ᠪᠠᠶᠠᠷᠲᠠᠢ ᠬᠦᠯᠢᠶᠡᠨ ᠠᠪᠴᠤ ᠂ ᠬᠠᠨ ᠯᠢᠨ ᠡᠯ ᠢ᠋ ᠡᠮᠦᠨ᠎ᠡ ᠪᠡᠨ ᠪᠠᠷᠢᠵᠤ ᠂ 《 ᠶᠡᠬᠡ ᠰᠥᠩ 》 ᠦ᠋ᠨ ᠲᠣᠨᠨ ᠢ᠋  ᠡᠷᠭᠦᠨ ᠶᠤᠸᠠᠨ ᠤᠯᠤᠰ ᠤ᠋ᠨ ᠴᠡᠷᠢᠭ ᠦ᠋ᠨ ᠳᠠᠭᠠᠷᠢᠯᠲᠠ ᠠ᠋ᠴᠠ ᠵᠠᠢᠯᠠᠰᠬᠢᠭᠰᠡᠨ ᠪᠠᠢᠪᠠ᠃ 

       ᠯᠢᠦ ᠵᠢᠢ ᠂ ᠡᠷᠭᠦᠭᠰᠡᠨ ᠨᠡᠷ᠎ᠡ ᠨᠢ ᠪᠦᠸᠧ ᠸᠧᠨ ᠂ ᠵᠧᠵᠢᠶᠠᠩ ᠤ᠋ᠨ ᠴᠢᠩ ᠲᠢᠶᠠᠨ ᠤ᠋ ᠬᠥᠮᠦᠨ ᠂ ᠶᠤᠸᠠᠨ ᠤᠯᠤᠰ ᠤ᠋ᠨ ᠰᠡᠭᠦᠯᠴᠢ ᠦᠶ᠎ᠡ ᠶ᠋ᠢᠨ ᠣᠷᠣᠭᠰᠠᠳ᠂ ᠵᠢᠶᠠᠩᠰᠢ ᠶ᠋ᠢᠨ ᠭᠣᠣ ᠠᠨ ᠰᠢᠶᠠᠨ ᠤ᠋ ᠮᠡᠳᠡᠭᠴᠢ᠂ ᠵᠢᠶᠠᠩ ᠵᠧ ᠣᠷᠣᠨ ᠤ᠋ ᠪᠢᠴᠢᠭ ᠦ᠋ᠨ ᠰᠤᠷᠭᠠᠯ ᠤ᠋ᠨ ᠶᠠᠮᠤᠨ ᠤ᠋ ᠳᠡᠳ᠋ ᠲᠦᠰᠢᠮᠡᠯ᠂ ᠴᠦᠵᠧᠤ ᠶ᠋ᠢᠨ ᠶᠡᠷᠦᠩᠬᠡᠢ ᠬᠠᠮᠢᠶᠠᠷᠬᠤ ᠣᠷᠳᠣᠨ ᠤ᠋ ᠰᠢᠭᠦᠭᠴᠢ ᠨᠣᠶᠠᠨ ᠪᠣᠯᠵᠤ ᠥᠩᠭᠡᠷᠡᠪᠡ᠃ ᠲᠡᠷᠡ ᠳᠡᠯᠡᠬᠡᠢ ᠳ᠋ᠠᠬᠢᠨ ᠶᠡᠬᠡᠳᠡ ᠰᠠᠮᠠᠭᠤᠷᠠᠭᠰᠠᠨ ᠢ᠋ ᠦᠵᠡᠭᠡᠳ ᠲᠤᠰᠢᠶᠠᠯ ᠢ᠋ᠶ᠋ᠠᠨ ᠭᠡᠭᠡᠵᠦ ᠲᠥᠷᠥᠭᠰᠡᠨ ᠨᠤᠲᠤᠭ  ᠵᠢᠨ ᠬᠤᠸᠠ ᠳ᠋ᠤ᠌ ᠣᠴᠢᠭᠠᠳ ᠠᠭᠯᠠᠭ ᠠᠭᠤᠯᠠᠨ᠎ᠠ ᠨᠢᠭᠤᠭᠳᠠᠨ ᠰᠠᠭᠤᠪᠠ ᠃  ᠵᠣ᠌ ᠶᠤᠸᠠᠨ ᠵᠠᠩ ᠲᠡᠭᠦᠨ ᠦ᠌  ᠡᠷᠳᠡᠮ ᠢ᠋  ᠪᠠᠬᠠᠷᠠᠵᠤ ᠬᠥᠮᠦᠨ ᠲᠣᠮᠢᠯᠠᠨ ᠵᠠᠬᠢᠳᠠᠯ ᠢᠯᠡᠭᠡᠵᠦ ᠶᠢᠩ ᠲᠢᠶᠠᠨ  ᠹᠦ ᠳ᠋ᠦ᠍ ᠵᠠᠯᠠᠵᠤ ᠠᠪᠴᠢᠷᠠᠭᠠᠳ ᠴᠠᠭ ᠤ᠋ᠨ ᠪᠠᠢᠳᠠᠯ ᠢ᠋ ᠠᠰᠠᠭᠤᠵᠤ ᠂ ᠬᠣᠢᠰᠢᠳᠠ ᠶ᠋ᠢᠨ ᠲᠡᠮᠡᠴᠡᠯ ᠦ᠋ᠨ ᠠᠷᠭ᠎ᠠ ᠪᠣᠳᠣᠯᠭ᠎ᠠ ᠶ᠋ᠢ ᠠᠰᠠᠭᠤᠪᠠᠰᠤ ᠯᠢᠦ ᠵᠢᠢ ᠥᠭᠦᠯᠡᠷᠦᠨ ᠄ 《 ᠡᠳᠦᠭᠡ ᠮᠠᠨ ᠤ᠋ ᠴᠡᠷᠢᠭ ᠪᠦᠰᠡᠯᠡᠯᠲᠡ ᠶ᠋ᠢᠨ ᠳᠤᠮᠳᠠ ᠣᠷᠣᠰᠢᠵᠤ ᠪᠠᠢᠭ᠎ᠠ ᠪᠣᠯᠪᠠᠴᠤ ᠬᠣᠢᠲᠤ ᠲᠠᠯ᠎ᠠ ᠶ᠋ᠢᠨ ᠰᠢᠶᠣᠤ ᠮᠢᠩ ᠸᠠᠩ ᠬᠠᠨ ᠯᠢᠨ ᠡᠯ ᠪᠣᠯᠤᠨ ᠯᠢᠦ  ᠹᠦ ᠲᠦᠩ ᠪᠣᠯ ᠪᠢᠳᠡᠨ ᠦ᠌  ᠨᠥᠬᠥᠷ ᠪᠤᠶᠤ᠃ ᠲᠡᠳᠡ ᠪᠢᠳᠡᠨ ᠢ᠋ ᠣᠷᠣᠯᠠᠨ ᠶᠤᠸᠠᠨ ᠤ᠋ ᠴᠡᠷᠢᠭ ᠢ᠋ ᠬᠠᠯᠠᠭᠯᠠᠵᠤ ᠠᠮᠤᠢ ᠃ ᠡᠮᠦᠨ᠎ᠡ ᠵᠦᠭ ᠦ᠋ᠨ ᠹᠠᠩ ᠭᠦᠸᠧ ᠵᠧᠨ ᠪᠣᠯ ᠠᠮᠢ ᠵᠢᠭᠤᠬᠤ ᠲᠡᠳᠦᠢ  ᠲᠤᠯᠠ ᠲᠡᠭᠦᠨ ᠢ᠋ ᠠᠩᠬᠠᠷᠬᠤ ᠴᠢᠬᠤᠯᠠ ᠦᠭᠡᠢ᠃ ᠣᠳᠣᠬᠠᠨ ᠳ᠋ᠤ᠌ ᠠᠩᠬᠠᠷᠤᠨ   ᠰᠡᠷᠭᠡᠢᠯᠡᠭᠦᠱᠢᠲᠡᠢ ᠢᠨᠦ᠍ ᠵᠡᠭᠦᠨ ᠪᠠᠷᠠᠭᠤᠨ ᠬᠣᠶᠠᠷ ᠲᠠᠯ᠎ᠠ ᠳ᠋ᠤ᠌ ᠪᠠᠢᠭ᠎ᠠ ᠵᠠᠩ ᠱᠢ ᠴᠧᠩ ᠂ ᠴᠧᠨ ᠶᠢᠦ ᠯᠢᠶᠠᠩ ᠪᠥᠯᠥᠭᠡ ᠃ ᠡᠳᠦᠭᠡ ᠵᠠᠩ ᠱᠢ ᠴᠧᠩ ᠮᠥᠷᠡᠨ ᠦ᠌ ᠵᠡᠭᠦᠨᠳᠡᠬᠢ ᠠᠮᠤ ᠵᠢᠭᠠᠰᠤᠨ ᠤ᠋ ᠨᠤᠲᠤᠭ ᠢ᠋ ᠡᠵᠡᠯᠡᠨ ᠪᠠᠶᠠᠨ ᠵᠢᠷᠭᠠᠯ ᠲᠠᠢ ᠪᠠᠢᠭ᠎ᠠ ᠲᠤᠯᠠ ᠴᠡᠷᠢᠭ  ᠠᠷᠠᠳ  ᠠᠨᠤ ᠪᠠᠢᠯᠳᠤᠬᠤ ᠳᠠᠢᠳᠤᠬᠤ ᠶ᠋ᠢ ᠦᠯᠦ ᠬᠦᠰᠡᠮᠦᠢ ᠃ ᠴᠧᠨ ᠶᠢᠦ ᠯᠢᠶᠠᠩ ᠵᠢᠶᠠᠩᠳᠧᠦ (ᠡᠦᠲᠦ ᠶ᠋ᠢᠨ ᠵᠢᠶᠠᠩᠰᠢ ᠶ᠋ᠢᠨ ᠵᠢᠤᠵᠢᠶᠠᠩ ) ᠢ᠋ ᠡᠵᠡᠯᠡᠭᠰᠡᠨ ᠦ᠌ ᠬᠣᠢᠨ᠎ᠠ ᠰᠢᠦᠢ ᠱᠧᠦ ᠾᠦᠢ ᠶ᠋ᠢ ᠲᠣᠰᠴᠤ ᠠᠪᠴᠢᠷᠠᠭᠠᠳ ᠬᠠᠨ ᠪᠣᠯᠭᠠᠨ ᠬᠦᠨᠳᠦᠳᠬᠡᠬᠦ ᠪᠣᠯᠪᠠᠴᠤ ᠥᠪᠡᠷ ᠢ᠋ᠶ᠋ᠡᠨ ᠬᠠᠷᠢᠨ ᠬᠠᠨ ᠸᠠᠩ  ᠡᠷᠭᠦᠮᠵᠢᠯᠡᠵᠦ ᠂ ᠠᠯᠢᠪᠠ ᠡᠷᠬᠡ ᠶ᠋ᠢ ᠭᠠᠭᠴᠠᠭᠠᠷ ᠮᠡᠳᠡᠮᠦᠢ  ᠃ ᠲᠡᠷᠡ ᠪᠣᠯ ᠪᠢᠳᠡᠨ ᠦ᠌ ᠬᠠᠮᠤᠭ ᠤ᠋ᠨ ᠶᠡᠬᠡ ᠰᠦᠷᠳᠡᠭᠦᠯᠦᠯ ᠪᠣᠯᠬᠤ ᠲᠤᠯᠠ ᠠᠯᠢᠪᠠ ᠬᠦᠴᠦᠨ ᠢ᠋ᠶ᠋ᠡᠷ ᠲᠡᠭᠦᠨ ᠢ᠋ ᠰᠡᠷᠭᠡᠢᠯᠡᠪᠡᠰᠦ ᠵᠣᠬᠢᠮᠤᠢ ᠃ ᠡᠳᠦᠭᠡ ᠪᠢᠳᠡᠨ ᠵᠠᠩ ᠱᠢ ᠴᠧᠩ ᠯᠤᠭᠡ ᠡᠪᠰᠡᠵᠦ ᠨᠠᠮ ᠲᠣᠭᠲᠠᠭᠤᠨ ᠪᠠᠢᠳᠠᠯ ᠢ᠋ ᠬᠠᠮᠠᠭᠠᠯᠠᠨ ᠠᠷᠤ ᠲᠠᠯ᠎ᠠ ᠠ᠋ᠴᠠ ᠭᠡᠨᠡᠳᠡᠭᠦᠯᠦᠨ ᠳᠠᠭᠠᠷᠢᠬᠤ ᠶ᠋ᠢ ᠠᠩᠬᠠᠷᠪᠠᠰᠤ ᠵᠦᠢᠲᠡᠢ ᠃ ᠪᠠᠷᠠᠭᠤᠨ ᠲᠠᠯ᠎ᠠ ᠳ᠋ᠤ᠌ ᠪᠠᠢᠭ᠎ᠠ ᠴᠧᠨ ᠶᠢᠦ ᠯᠢᠶᠠᠩ ᠤ᠋ᠨ ᠬᠦᠴᠦᠨ ᠢ᠋ ᠰᠥᠨᠥᠭᠡᠭᠰᠡᠨ ᠦ᠌ ᠬᠣᠢᠨ᠎ᠠ ᠂ ᠴᠡᠷᠢᠭ ᠢ᠋ ᠵᠡᠭᠦᠨᠰᠢ ᠣᠷᠣᠭᠤᠯᠵᠤ ᠵᠠᠩ ᠱᠢ ᠴᠧᠩ ᠦ᠋ᠨ ᠬᠦᠴᠦᠨ ᠢ᠋ ᠤᠰᠠᠳᠬᠠᠪᠠᠰᠤ ᠮᠥᠷᠡᠨ ᠦ᠌ ᠡᠮᠦᠨᠡᠳᠡᠬᠢ ᠭᠠᠵᠠᠷ ᠣᠷᠣᠨ ᠡᠷᠬᠡ ᠦᠭᠡᠢ ᠮᠠᠨ ᠤ᠋ ᠡᠷᠬᠡᠨ ᠳ᠋ᠦ᠍ ᠣᠷᠣᠮᠤᠢ 》 ᠬᠡᠮᠡᠪᠡ ᠃ 
       ᠵᠣ᠌ ᠶᠤᠸᠠᠨ ᠵᠠᠩ ᠢ᠋ᠶ᠋ᠠᠷ ᠯᠢᠦ ᠵᠢᠢ ᠶ᠋ᠢᠨ ᠢᠯᠭᠠᠨ ᠥᠭᠦᠯᠡᠬᠦ ᠶ᠋ᠢ ᠮᠠᠰᠢ ᠠᠩᠬᠠᠷᠤᠯᠲᠠᠢ ᠰᠣᠨᠣᠰᠴᠤ ᠪᠠᠢᠭ᠎ᠠ ᠲᠤᠯᠠ ᠯᠢᠦ ᠵᠢᠢ ᠵᠠᠯᠭᠠᠵᠤ ᠥᠭᠦᠯᠡᠷᠦᠨ ᠄ 《 ᠰᠢᠶᠣᠤ ᠮᠢᠩ ᠸᠠᠩ ᠂ ᠶᠤᠸᠠᠨ ᠤᠯᠤᠰ ᠤ᠋ᠨ ᠴᠡᠷᠢᠭ ᠯᠤᠭᠡ  ᠵᠠᠭᠤᠷᠠᠯᠳᠤᠨ  ᠪᠠᠢᠯᠳᠤᠵᠤ ᠬᠠᠮᠤᠭ ᠡᠴᠦᠰ ᠲᠦ᠍ ᠬᠣᠶᠠᠷ ᠲᠠᠯ᠎ᠠ ᠪᠠᠷ ᠢ᠋ᠶ᠋ᠠᠨ ᠲᠠᠮᠢᠷ ᠲᠡᠩᠬᠡᠭᠡ ᠪᠡᠨ ᠪᠠᠷᠠᠭᠰᠠᠨ ᠲᠡᠷᠡ ᠦᠶ᠎ᠡ ᠳ᠋ᠦ᠍ ᠂ ᠴᠠᠭ ᠲᠣᠬᠢᠶᠠᠯ ᠢ᠋ ᠠᠯᠳᠠᠯ ᠦᠭᠡᠢ ᠳᠠᠢᠴᠢᠨ ᠬᠦᠴᠦᠲᠦ ᠴᠡᠷᠢᠭ ᠢ᠋ᠶ᠋ᠡᠷ ᠵᠦᠳᠡᠵᠦ ᠮᠣᠬᠣᠭᠰᠠᠨ ᠴᠡᠷᠢᠭ ᠢ᠋ ᠳᠠᠢᠯᠠᠪᠠᠰᠤ ᠂ ᠳᠡᠯᠡᠬᠡᠢ ᠳ᠋ᠠᠬᠢᠨ ᠪᠢᠳᠡᠨ ᠦ᠌ ᠪᠣᠯᠬᠤ ᠠᠨᠤ ᠤᠭᠤᠲᠠᠨ ᠳᠣᠲᠣᠷ᠎ᠠ ᠠ᠋ᠴᠠ ᠶᠠᠭᠤᠮ᠎ᠠ ᠠᠪᠬᠤ ᠮᠡᠲᠦ ᠬᠢᠯᠪᠠᠷ   ᠪᠥᠯᠥᠭᠡ 》 ᠬᠡᠮᠡᠬᠦᠶ᠎ᠡ ᠵᠣ᠌ ᠶᠤᠸᠠᠨ ᠵᠠᠩ ᠲᠡᠰᠬᠡᠯ ᠦᠭᠡᠢ ᠶᠡᠬᠡᠳᠡ ᠪᠠᠶᠠᠷᠯᠠᠵᠤ ᠠᠯᠠᠭ᠎ᠠ ᠪᠠᠨ ᠲᠠᠰᠢᠵᠤ ᠥᠭᠦᠯᠡᠷᠦᠨ ᠄ 《 ᠪᠦᠸᠧ ᠸᠧᠨ ᠰᠢᠶᠠᠨᠱᠧᠩ ᠴᠢ ᠳᠠᠷᠤᠢ ᠮᠢᠨᠦ ᠺᠦᠩ ᠮᠢᠩ ᠪᠣᠯᠠᠢ 》 ᠬᠡᠮᠡᠪᠡ ᠃ 
      ᠦᠵᠡᠰᠡ ᠂ ᠯᠢᠦ ᠪᠦᠸᠧ ᠸᠧᠨ ᠰᠢᠶᠠᠨᠱᠧᠩ ᠦ᠋ᠨ ᠥᠭᠦᠯᠡᠭᠰᠡᠨ ᠡᠴᠡ ᠭᠠᠳᠠᠭᠤᠷ ᠭᠠᠷᠤᠭᠰᠠᠨ ᠦᠭᠡᠢ ᠃ ᡁᠢ ᠵᠧᠩ ᠦ᠋ᠨ ᠬᠣᠷᠢᠨ ᠭᠤᠷᠪᠠᠳᠤᠭᠠᠷ ᠣᠨ ( 1363 ᠣᠨ ) ᠳ᠋ᠤ᠌ ᠴᠧᠨ ᠶᠢᠦ ᠯᠢᠶᠠᠩ ᠵᠢᠷᠠᠨ ᠲᠦᠮᠡᠨ ᠴᠡᠷᠢᠭ ᠢ᠋ᠶ᠋ᠡᠷ ᠬᠣᠩᠲᠥ᠋ ( ᠡᠦᠲᠦ ᠶ᠋ᠢᠨ ᠵᠢᠶᠠᠩᠰᠢ ᠶ᠋ᠢᠨ ᠨᠠᠨᠴᠠᠩ )  ᠢ᠋  ᠪᠦᠰᠡᠯᠡᠪᠡ ᠃  ᠵᠣ᠌ ᠶᠤᠸᠠᠨ ᠵᠠᠩ ᠬᠣᠷᠢᠨ ᠲᠦᠮᠡᠨ ᠴᠡᠷᠢᠭ ᠢ᠋ ᠵᠠᠬᠢᠷᠴᠤ ᠴᠧᠨ ᠶᠢᠦ ᠯᠢᠶᠠᠩ ᠤ᠋ᠨ ᠴᠡᠷᠢᠭ ᠯᠤᠭᠡ ᠪᠦᠸᠧ ᠶᠠᠩ ᠬᠤ᠌ ᠨᠠᠭᠤᠷ ᠤ᠋ᠨ ᠬᠥᠪᠡᠭᠡᠨ᠎ᠡ ᠰᠢᠷᠦᠭᠦᠨ ᠢ᠋ᠶ᠋ᠡᠷ ᠪᠠᠢᠯᠳᠤᠵᠤ ᠂ ᠴᠧᠨ ᠶᠢᠦ ᠯᠢᠶᠠᠩ ᠵᠡᠷᠯᠢᠭ ᠰᠤᠮᠤᠨ ᠳ᠋ᠤ᠌ ᠣᠨᠣᠭᠳᠠᠵᠤ ᠦᠬᠦᠪᠡ ᠃ ᠴᠧᠨ ᠶᠢᠦ ᠯᠢᠶᠠᠩ ᠤ᠋ᠨ ᠬᠥᠪᠡᠭᠦᠨ ᠴᠧᠨ ᠯᠢ ᠂ ᠶᠡᠬᠡ ᠵᠠᠩᠵᠤᠨ ᠵᠠᠩ ᠳ᠋ᠢᠩ ᠪᠢᠶᠠᠨ ᠤ᠋ ᠬᠠᠮᠲᠤ ᠪᠤᠲᠠᠷᠠᠭᠰᠠᠨ ᠴᠡᠷᠢᠭ ᠢ᠋ᠶ᠋ᠡᠨ ᠬᠤᠷᠢᠶᠠᠵᠤ ᠦᠴᠠᠩ ᠳ᠋ᠤ᠌ ᠳᠤᠲᠠᠭᠠᠪᠠ ᠃ ᠳᠠᠷᠠᠭ᠎ᠠ ᠵᠢᠯ ᠨᠢ ᠵᠣ᠌ ᠶᠤᠸᠠᠨ ᠵᠠᠩ ᠪᠡᠶ᠎ᠡ ᠪᠡᠷ ᠴᠡᠷᠢᠭ ᠳᠠᠢᠴᠢᠯᠠᠨ ᠦᠴᠠᠩ ᠢ᠋ ᠪᠦᠰᠡᠯᠡᠨ ᠴᠣᠬᠢᠭᠰᠠᠨ ᠳ᠋ᠤ᠌ ᠴᠧᠨ ᠯᠢ ᠂ ᠵᠠᠩ ᠳ᠋ᠢᠩ ᠪᠢᠶᠠᠨ ᠪᠠᠭᠤᠵᠤ ᠥᠭᠭᠦᠭᠡᠳ 《 ᠬᠠᠨ ᠤᠯᠤᠰ 》 ᠮᠥᠬᠥᠪᠡ ᠃ ᡁᠢ ᠵᠧᠩ ᠦ᠋ᠨ ᠬᠣᠷᠢᠨ ᠵᠢᠷᠭᠤᠳᠤᠭᠠᠷ ᠣᠨ ᠤ᠋ ᠠᠷᠪᠠᠨ ᠬᠣᠶᠠᠳᠤᠭᠠᠷ ᠰᠠᠷ᠎ᠠ ᠳ᠋ᠤ᠌ ᠵᠣ᠌ ᠶᠤᠸᠠᠨ ᠵᠠᠩ ᠂ ᠯᠢᠶᠣᠤ ᠶᠦᠩ ᠵᠦᠩ ᠢ᠋ ᠲᠣᠮᠢᠯᠠᠨ ᠰᠢᠶᠣᠤ ᠮᠢᠩ ᠸᠠᠩ ᠬᠠᠨ ᠯᠢᠨ ᠡᠯ ᠢ᠋ ᠶᠢᠩ ᠲᠢᠶᠠᠨ ᠹᠦ  (ᠡᠦᠲᠦ ᠶ᠋ᠢᠨ ᠵᠢᠶᠠᠩᠰᠦ ᠶ᠋ᠢᠨ ᠨᠠᠨᠵᠢᠩ ) ᠳ᠋ᠤ᠌ ᠲᠣᠰᠴᠤ ᠠᠪᠴᠢᠷᠠᠭᠤᠯᠬᠤ ᠵᠠᠮ ᠵᠠᠭᠤᠷ᠎ᠠ ᠪᠠᠨ ᠂ ᠭᠤᠸᠠᠵᠸᠦ ( ᠡᠦᠲᠦ ᠶ᠋ᠢᠨ ᠵᠢᠶᠠᠩᠰᠦ ᠶ᠋ᠢᠨ ᠯᠢᠦ ᠾᠧ ) ᠪᠡᠷ ᠥᠩᠭᠡᠷᠡᠬᠦ ᠳ᠋ᠦ᠍ ᠰᠢᠶᠣᠤ ᠮᠢᠩ ᠸᠠᠩ ᠢ᠋ ᠮᠥᠷᠡᠨ ᠳ᠋ᠦ᠍ ᠵᠢᠪᠦᠭᠦᠯᠵᠦ ᠦᠬᠦᠭᠦᠯᠪᠡ ᠃ ᡁᠢ ᠵᠧᠩ ᠦ᠋ᠨ ᠬᠣᠷᠢᠨ ᠳᠣᠯᠣᠳᠤᠭᠠᠷ ᠣᠨ ᠤ᠋ ᠶᠢᠰᠦᠳᠦᠭᠡᠷ ᠰᠠᠷ᠎ᠠ ᠳ᠋ᠤ᠌ ᠰᠢᠦᠢ ᠳᠠ ᠂ ᠴᠠᠩ ᠢᠦᠢ ᠴᠦᠨ ᠨᠠᠷ ᠵᠣ᠌ ᠶᠤᠸᠠᠨ ᠵᠠᠩ ᠤ᠋ᠨ ᠵᠠᠷᠯᠢᠭ ᠢ᠋ᠶ᠋ᠠᠷ ᠫᠢᠩ ᠵᠢᠶᠠᠩ ᠢ᠋ ᠡᠪᠳᠡᠵᠦ ᠵᠠᠩ ᠱᠢ ᠴᠧᠩ ᠢ᠋ ᠠᠮᠢᠳᠤ ᠪᠠᠷ ᠪᠠᠷᠢᠪᠴᠢᠯᠠᠨ ᠶᠢᠩ ᠲᠢᠶᠠᠨ ᠹᠦ ᠳ᠋ᠦ᠍ ᠳᠠᠷᠤᠵᠤ ᠬᠦᠷᠭᠡᠬᠦ ᠵᠠᠮ ᠵᠠᠭᠤᠷ᠎ᠠ ᠪᠠᠨ ᠵᠠᠩ ᠱᠢ ᠴᠧᠩ ᠪᠡᠶ᠎ᠡ ᠪᠡᠨ ᠬᠣᠣᠷᠯᠠᠪᠠ ᠃ ᠡᠢᠨ ᠬᠦ᠌ ᠶᠤᠸᠠᠨ ᠤᠯᠤᠰ ᠤ᠋ᠨ ᠰᠡᠭᠦᠯᠴᠢ ᠦᠶ᠎ᠡ ᠳ᠋ᠦ᠍ ᠡᠰᠡᠷᠭᠦᠴᠡᠨ ᠪᠣᠰᠤᠯᠴᠠᠭᠰᠠᠨ ᠤᠯᠠᠭᠠᠨ ᠠᠯᠴᠢᠭᠤᠷᠲᠠᠨ ᠴᠡᠷᠢᠭ ᠂ ᠦᠨᠳᠦᠰᠦᠨ ᠳ᠋ᠦ᠍ ᠪᠡᠨ ᠪᠦᠷ ᠵᠣ᠌ ᠶᠤᠸᠠᠨ ᠵᠠᠩ ᠤ᠋ᠨ ᠵᠠᠬᠢᠷᠤᠯ ᠳ᠋ᠤ᠌ ᠣᠷᠣᠪᠠ ᠃ ᠭᠠᠭᠴᠠ ᠵᠧᠵᠢᠶᠠᠩ ᠤ᠋ᠨ ᠵᠡᠭᠦᠨ ᠬᠡᠰᠡᠭ ᠂ ᠹᠦᠵᠢᠶᠠᠨ ᠤ᠋ ᠳᠠᠯᠠᠢ ᠳᠠᠭᠠᠭᠰᠠᠨ ᠣᠷᠣᠨ ᠢ᠋ᠶ᠋ᠠᠷ ᠬᠥᠳᠡᠯᠭᠡᠭᠡᠨ ᠬᠢᠵᠦ ᠪᠠᠢᠭᠰᠠᠨ ᠹᠠᠩ ᠭᠦᠸᠧ ᠵᠧᠨ ᠦ᠌ ᠦᠯᠡᠳᠡᠭᠳᠡᠯ ᠬᠦᠴᠦᠨ ᠬᠠᠷᠠᠬᠠᠨ ᠨᠠᠭᠠᠰᠢ ᠴᠠᠭᠠᠱᠢ ᠬᠥᠳᠡᠯᠭᠡᠭᠡᠨ ᠬᠢᠵᠦ ᠪᠠᠢᠪᠠ ᠃ ᠵᠣ᠌ ᠶᠤᠸᠠᠨ ᠵᠠᠩ ᠢ᠋ᠶ᠋ᠠᠷ ᠳᠠᠩ ᠾᠧ ᠪᠣᠯᠤᠨ ᠵᠣ᠌ ᠯᠢᠶᠠᠩ ᠽᠦ᠍ ᠶ᠋ᠢ ᠲᠣᠮᠢᠯᠠᠨ ᠳᠠᠭᠠᠷ᠎ᠠ ᠢᠷᠡᠬᠦ ᠶ᠋ᠢ ᠱᠠᠭᠠᠷᠳᠠᠭᠰᠠᠨ ᠳ᠋ᠤ᠌ ᠹᠠᠩ ᠭᠦᠸᠧ ᠵᠧᠨ ᠡᠰᠡᠷᠭᠦᠴᠡᠬᠦ ᠴᠢᠳᠠᠯ ᠦᠭᠡᠢ ᠪᠣᠯᠵᠤ ᠳᠠᠭᠠᠷ᠎ᠠ ᠢᠷᠡᠪᠡ ᠃ ᠡᠨᠳᠡᠴᠡ ᠮᠥᠷᠡᠨ ᠦ᠌ ᠡᠮᠦᠨᠡᠲᠦ ᠶ᠋ᠢᠨ ᠤᠯᠠᠭᠠᠨ ᠠᠯᠴᠢᠭᠤᠷᠲᠠᠨ ᠴᠡᠷᠢᠭ ᠪᠦᠭᠦᠳᠡᠭᠡᠷ ᠵᠣ᠌ ᠶᠤᠸᠠᠨ ᠵᠠᠩ ᠤ᠋ᠨ ᠡᠷᠬᠡᠰᠢᠶᠡᠯ ᠳ᠋ᠦ᠍ ᠣᠷᠣᠪᠠ ᠃  ᠶᠤᠸᠠᠨ ᠤᠯᠤᠰ ᠤ᠋ᠨ ᠬᠠᠭᠠᠨᠲᠤ ᠲᠥᠷᠥ ᠡᠴᠡ ᠡᠷᠦᠬᠡ ᠠᠮᠠᠨ ᠶᠠᠪᠤᠳᠠᠯ ᠤ᠋ᠨ ᠶᠠᠮᠤᠨ ᠤ᠋ ᠡᠷᠭᠢᠨ ᠰᠠᠢᠳ ᠵᠠᠩ ᠴᠠᠩ ᠬᠡᠮᠡᠭᠴᠢ ᠶ᠋ᠢ ᠤᠷᠢᠳ ᠮᠥᠷᠡᠨ ᠦ᠌ ᠵᠡᠭᠦᠨ ᠳ᠋ᠦ᠍ᠷ ᠢᠯᠡᠭᠡᠵᠦ ᠵᠣ᠌ ᠶᠤᠸᠠᠨ ᠵᠠᠩ ᠢ᠋ ᠵᠢᠶᠠᠩᠰᠢ ᠵᠢᠨ ᠫᠢᠩ ᠵᠠᠩ ᠵᠧᠩᠱ᠌ᠢ  ᠲᠦᠰᠢᠮᠡᠯ ᠡᠷᠭᠦᠮᠵᠢᠯᠡᠭᠰᠡᠨ ᠪᠥᠯᠥᠭᠡ ᠃ ᠵᠣ᠌ ᠶᠤᠸᠠᠨ ᠵᠠᠩ ᠢ᠋ᠶ᠋ᠠᠷ ᠶᠤᠸᠠᠨ ᠤᠯᠤᠰ ᠤ᠋ᠨ ᠬᠠᠭᠠᠨᠲᠤ ᠲᠥᠷᠥ ᠶ᠋ᠢᠨ ᠵᠠᠰᠠᠭ ᠤ᠋ᠨ ᠭᠡᠮ ᠢ᠋ ᠲᠣᠭᠠᠴᠢᠵᠤ ᠬᠠᠮᠲᠤ ᠣᠷᠣᠰᠢᠬᠤᠶ᠎ᠠ ᠪᠡᠷᠬᠡ ᠭᠡᠮᠡᠨ ᠢᠯᠡᠷᠬᠡᠢᠯᠡᠭᠰᠡᠨ᠎ᠡ ᠂ ᠵᠠᠩ ᠴᠠᠩ ᠰᠡᠳᠬᠢᠯ ᠬᠥᠳᠡᠯᠵᠦ ᠵᠣ᠌ ᠶᠤᠸᠠᠨ ᠵᠠᠩ ᠤ᠋ᠨ ᠴᠡᠷᠢᠭ ᠦ᠋ᠨ ᠬᠦᠷᠢᠶ᠎ᠡ ᠳ᠋ᠦ᠍ ᠬᠣᠴᠣᠷᠴᠤ ᠂ ᠶᠤᠸᠠᠨ ᠤᠯᠤᠰ ᠤ᠋ᠨ ᠵᠠᠰᠠᠭ ᠲᠥᠷᠥ ᠶ᠋ᠢᠨ ᠳᠣᠲᠣᠭᠠᠳᠤ ᠪᠠᠢᠳᠠᠯ ᠢ᠋  ᠵᠣ᠌ ᠶᠤᠸᠠᠨ ᠵᠠᠩ ᠳ᠋ᠤ᠌ ᠮᠡᠳᠡᠭᠳᠡᠵᠦ ᠦᠳᠲᠡᠷ ᠴᠡᠷᠢᠭ ᠭᠠᠷᠭᠠᠨ ᠳᠠᠢᠯᠠᠬᠤ ᠶ᠋ᠢ ᠰᠠᠨᠠᠭᠤᠯᠪᠠ ᠃  
      ᠲᠡᠳᠦᠢ ᠳ᠋ᠦ᠍ᠷ ᠵᠣ᠌ ᠶᠤᠸᠠᠨ ᠵᠠᠩ ᠨᠢᠭᠡᠨᠲᠡ ᠮᠥᠷᠡᠨ ᠦ᠌ ᠡᠮᠦᠨᠡᠲᠦ ᠤᠮᠠᠷᠠᠲᠤ ᠳ᠋ᠠᠬᠢ ᠵᠠᠪᠰᠠᠷ ᠤ᠋ᠨ ᠬᠦᠴᠦᠨ ᠢ᠋ ᠨᠢᠭᠡᠳᠬᠡᠵᠦ ᠂ ᠥᠪᠡᠷ ᠦ᠋ᠨ ᠪᠡᠶ᠎ᠡ ᠪᠡᠨ ᠡᠦ ᠭᠦᠸᠧ ᠬᠦᠩ ᠡᠷᠭᠦᠮᠵᠢᠯᠡᠵᠦ ᠂ ᠬᠦᠴᠦᠨ ᠴᠢᠳᠠᠯ ᠥᠷᠭᠡᠳᠴᠦ ᠂ ᠵᠢᠭᠦᠷ ᠰᠣᠳᠣᠨ ᠪᠦᠷᠢᠳᠦᠭᠰᠡᠨ ᠠᠵᠤᠭᠤ ᠃ ᠡᠳᠦᠭᠡ ᠶᠤᠸᠠᠨ ᠤ᠋ ᠲᠥᠷᠥ ᠶ᠋ᠢᠨ ᠲᠦᠰᠢᠮᠡᠯ ᠵᠠᠩ ᠴᠠᠩ ᠤ᠋ᠨ ᠠᠮᠠ ᠠ᠋ᠴᠠ ᠵᠠᠰᠠᠭ ᠲᠥᠷᠥ ᠶ᠋ᠢᠨ ᠳᠣᠲᠣᠭᠠᠳᠤ ᠪᠠᠢᠳᠠᠯ ᠢ᠋ ᠨᠠᠷᠢᠨ ᠮᠡᠳᠡᠭᠡᠳ ᠤᠮᠠᠷᠠᠰᠢ ᠳᠠᠢᠯᠠᠬᠤ ᠴᠠᠭ ᠲᠣᠬᠢᠶᠠᠯ ᠨᠢᠭᠡᠨᠲᠡ ᠪᠦᠷᠢᠳᠦᠭᠰᠡᠨ ᠢ᠋ ᠮᠠᠭᠠᠳᠯᠠᠨ ᠲᠣᠭᠲᠠᠭᠠᠪᠠ ᠃ ᠡᠢᠨ ᠬᠦ᠌ ᡁᠢ ᠵᠧᠩ ᠦ᠋ᠨ ᠬᠣᠷᠢᠨ ᠳᠣᠯᠣᠳᠤᠭᠠᠷ ᠣᠨ ᠤ᠋ ᠠᠷᠪᠠᠳᠤᠭᠠᠷ ᠰᠠᠷ᠎ᠠ ᠳ᠋ᠤ᠌ ᠵᠣ᠌ ᠶᠤᠸᠠᠨ ᠵᠠᠩ ᠢ᠋ᠶ᠋ᠠᠷ ᠰᠢᠦᠢ ᠳᠠ ᠶ᠋ᠢ ᠮᠣᠩᠭᠣᠯ ᠢ᠋ ᠳᠠᠢᠯᠠᠬᠤ ᠶᠡᠬᠡ ᠵᠠᠩᠵᠤᠨ ᠂ ᠴᠠᠩ ᠢᠦᠢ ᠴᠦᠨ ᠢ᠋ ᠳᠡᠳ᠋ ᠵᠠᠩᠵᠤᠨ ᠡᠷᠭᠦᠮᠵᠢᠯᠡᠵᠦ ᠬᠣᠷᠢᠨ ᠲᠠᠪᠤᠨ ᠲᠦᠮᠡᠨ ᠶᠡᠬᠡ ᠴᠡᠷᠢᠭ ᠵᠠᠬᠢᠷᠤᠭᠤᠯᠤᠨ ᠤᠮᠠᠷᠠᠰᠢ ᠳᠠᠢᠯᠠᠭᠤᠯᠪᠠ ᠃