ᠭᠡᠷ ᠮᠢᠯᠢᠶᠠᠬᠤ ᠢᠷᠦᠭᠡᠯ Гэр мялаах ерөөл
ᠭᠡᠷ ᠮᠢᠯᠢᠶᠠᠬᠤ ᠢᠷᠦᠭᠡᠯ
ᠲᠦᠮᠡᠨ ᠥᠯᠵᠡᠢ ᠪᠦᠷᠢᠳᠦᠭᠰᠡᠨ
ᠲᠥᠷᠥ ᠤᠯᠤᠰ ᠢ
ᠪᠠᠲᠤᠳᠬᠠᠭᠰᠠᠨ
ᠲᠡᠭᠦᠰ ᠶᠡᠬᠡ
ᠵᠢᠷᠭᠠᠯ ᠤᠨ
ᠲᠦᠪᠰᠢᠨ ᠰᠠᠢᠨ ᠡᠳᠦᠷ ᠭᠡᠵᠦ
ᠰᠠᠷ᠎ᠠ ᠶᠢᠨ ᠰᠠᠢᠨ ᠢ ᠰᠠᠭᠠᠳᠠᠨ ᠬᠦᠯᠢᠶᠡᠵᠦ
ᠡᠳᠦᠷ ᠦᠨ ᠰᠠᠢᠨ ᠢ ᠥᠨᠵᠢᠨ ᠬᠦᠯᠢᠶᠡᠵᠦ
ᠥᠨᠥᠳᠥᠷ ᠦᠨ
ᠡᠳᠦᠷ ᠢ
ᠡᠭᠦᠷᠢᠳᠡ ᠶᠢᠨ
ᠲᠡᠦᠬᠡᠲᠦ ᠰᠠᠢᠨ ᠡᠳᠦᠷ ᠭᠡᠵᠦ
ᠥᠨᠳᠥᠷ ᠳᠡᠨᠵᠢ
ᠳᠡᠭᠡᠷ᠎ᠡ
ᠥᠷᠭᠥᠭᠡ ᠪᠡᠨ
ᠪᠠᠷᠢᠵᠤ ᠪᠠᠢᠭ᠎ᠠ ᠶᠤᠮ ᠪᠠᠢᠨ᠎ᠠ
ᠪᠠᠷᠢᠭᠰᠠᠨ
ᠭᠠᠵᠠᠷ ᠢ ᠰᠢᠨᠵᠢᠯᠡᠵᠦ
ᠪᠠᠷᠠᠭᠤᠨ
ᠵᠡᠭᠦᠨ ᠲᠠᠯ᠎ᠠ ᠠᠴᠠ ᠨᠢ ᠬᠠᠷᠠᠪᠠᠯ
ᠪᠠᠷᠰ ᠠᠷᠰᠯᠠᠩ ᠤᠨ
ᠰᠢᠨᠵᠢ ᠲᠡᠢ
ᠪᠠᠢᠷᠢ ᠪᠠᠢᠳᠠᠯ ᠢ ᠠᠵᠢᠭᠯᠠᠪᠠᠯ
ᠪᠠᠳᠮ᠎ᠠ
ᠯᠢᠩᠬᠤ᠎ᠠ ᠴᠡᠴᠡᠭ ᠰᠢᠭ
ᠪᠠᠳᠠᠷᠠᠵᠤ ᠳᠡᠯᠭᠡᠷᠡᠮᠡᠷ ᠭᠠᠵᠠᠷ ᠲᠤ
ᠪᠠᠷᠢᠭᠰᠠᠨ
ᠶᠤᠮ ᠪᠠᠢᠨ᠎ᠠ᠃
ᠨᠠᠢ᠍ᠮᠠᠨ ᠲᠠᠯ᠎ᠠ ᠤᠷᠤᠭᠤ ᠨᠢ ᠤᠶᠠᠭᠰᠠᠨ
ᠨᠠᠶᠠᠨ ᠬᠣᠶᠠᠷ
ᠣᠭᠣᠰᠣᠷ ᠲᠠᠢ
ᠲᠠᠰᠢᠶ᠎ᠠ
ᠵᠥᠷᠢᠭᠦᠯᠭᠡ ᠪᠦᠷᠢ ᠶᠢ
ᠳᠠᠷᠤᠵᠤ
ᠤᠶᠠᠭᠰᠠᠨ
ᠳᠠᠯᠠᠨ ᠬᠣᠶᠠᠷ
ᠣᠭᠣᠰᠣᠷ ᠲᠠᠢ
ᠳᠠᠯᠠᠢ ᠴᠠᠭᠠᠨ
ᠥᠷᠭᠥᠭᠡ ᠪᠠᠢᠨ᠎ᠠ᠃
ᠣᠷᠤᠯᠴᠠᠭᠤᠯᠵᠤ
ᠬᠢᠭᠰᠡᠨ ᠵᠦᠢᠯ ᠦᠳ ᠢ
ᠣᠨᠴᠠᠯᠠᠵᠤ
ᠵᠠᠷᠢᠮ ᠢ ᠳᠤᠷᠠᠳᠪᠠᠯ᠂
ᠬᠣᠢᠳᠤ ᠬᠠᠩᠭᠠᠢ ᠶᠢᠨ ᠪᠤᠷᠭᠠᠰᠤ ᠪᠠᠷ
ᠬᠠᠪᠢᠷᠭ᠎ᠠ
ᠶᠠᠭᠤ ᠶᠢ ᠨᠢ ᠬᠢᠭᠰᠡᠨ
ᠬᠠᠨᠳᠠᠭᠠᠢ
ᠪᠤᠭᠤ ᠶᠢᠨ ᠵᠣᠭᠣᠭ ᠢᠶᠠᠷ
ᠨᠠᠭᠠᠨ᠎ᠠ
ᠴᠠᠭᠠᠨ᠎ᠠ ᠠᠴᠠ ᠲᠣᠪᠴᠢᠯᠠᠭᠰᠠᠨ
ᠬᠠᠨ᠎ᠠ ᠲᠡᠭᠦᠨ ᠢ
ᠮᠢᠯᠢᠶᠠᠶ᠎ᠠ᠃
ᠤᠷᠢᠳᠤ
ᠬᠠᠩᠭᠠᠢ ᠶᠢᠨ ᠮᠣᠳᠣ ᠪᠠᠷ
ᠤᠨᠢ ᠶᠠᠭᠤ ᠶᠢ
ᠨᠢ ᠬᠢᠭᠰᠡᠨ
ᠤᠨᠠᠭ᠎ᠠ
ᠳᠠᠭᠠᠨ ᠤ ᠬᠢᠯᠭᠠᠰᠤ ᠪᠠᠷ
ᠰᠠᠭᠠᠯᠳᠤᠷᠭ᠎ᠠ
ᠶᠠᠭᠤ ᠶᠢ ᠨᠢ ᠬᠢᠭᠰᠡᠨ
ᠤᠨᠢ ᠲᠡᠭᠦᠨ ᠢ
ᠮᠢᠯᠢᠶᠠᠶ᠎ᠠ᠃
ᠬᠠᠩᠭᠠᠢ ᠶᠢᠨ
ᠮᠣᠳᠣ ᠶᠢ ᠬᠠᠭᠠᠯᠵᠤ ᠬᠢᠭᠰᠡᠨ
ᠬᠠᠷᠠᠭᠤᠯ ᠤᠨ
ᠢᠷ ᠢᠶᠡᠷ ᠥᠭᠡᠯᠡᠵᠦ ᠬᠢᠭᠰᠡᠨ
ᠬᠠᠮᠤᠭ
ᠠᠮᠢᠲᠠᠨ ᠢ ᠬᠠᠱᠠᠩ ᠲᠣᠭᠲᠠᠭᠠᠭᠰᠠᠨ
ᠬᠠᠭᠠᠯᠭ᠎ᠠ
ᠲᠡᠭᠦᠨ ᠢ ᠮᠢᠯᠢᠶᠠᠶ᠎ᠠ᠃
ᠬᠤᠰᠤ
ᠮᠣᠳᠣ ᠶᠢ ᠴᠠᠪᠴᠢᠵᠤ ᠬᠢᠭᠰᠡᠨ
ᠬᠤᠷᠤᠤ
ᠳᠠᠭ᠎ᠠ ᠶᠢ ᠥᠷᠥᠮᠳᠡᠵᠦ ᠬᠢᠭᠰᠡᠨ
ᠨᠠᠷᠠᠨ ᠤ
ᠭᠡᠷᠡᠯ ᠢ
ᠨᠠᠰᠢ
ᠣᠷᠣᠭᠤᠯᠤᠭᠴᠢ
ᠭᠠᠯ ᠤᠨ ᠭᠡᠷᠡᠯ ᠢ
ᠭᠠᠳᠠᠭᠰᠢ
ᠳᠡᠯᠭᠡᠷᠡᠭᠦᠯᠦᠭᠴᠢ
ᠬᠣᠷᠯᠣ
ᠡᠷᠳᠡᠨᠢ ᠶᠢᠨ ᠰᠢᠨᠵᠢᠲᠡᠢ
ᠲᠣᠭᠣᠨᠣ
ᠲᠡᠭᠦᠨ ᠢ ᠮᠢᠯᠢᠶᠠᠶ᠎ᠠ᠃
ᠳᠠᠯᠠᠢ ᠴᠠᠭᠠᠨ
ᠳᠡᠭᠡᠪᠦᠷ ᠲᠡᠢ
ᠳᠠᠷᠠᠭᠠᠷ
ᠴᠠᠭᠠᠨ ᠲᠤᠭᠤᠷᠭ᠎ᠠ ᠲᠠᠢ
ᠬᠣᠰᠢᠯᠠᠩ
ᠬᠢᠯᠭᠠᠰᠤᠨ ᠪᠦᠰᠡᠯᠡᠭᠦᠷ ᠲᠡᠢ
ᠲᠠᠩᠨᠠᠢ
ᠰᠢᠷᠢᠭᠡᠰᠦ ᠲᠡᠢ ᠡᠭᠦᠳᠡ ᠲᠡᠢ
ᠤᠭᠠᠯᠵᠠ
ᠰᠢᠷᠢᠭᠡᠰᠦ ᠲᠡᠢ ᠡᠷᠦᠬᠡ ᠲᠡᠢ
ᠴᠥᠮ ᠪᠦᠷᠢᠨ᠂
ᠲᠡᠭᠦᠨ ᠢ ᠮᠢᠯᠢᠶᠠᠶ᠎ᠠ᠃
ᠣᠷᠣᠭ᠎ᠠ
ᠮᠣᠷᠢᠨ ᠤ ᠳᠡᠯ ᠢᠶᠡᠷ
ᠣᠷᠢᠶᠠᠨ
ᠲᠣᠮᠵᠢ ᠬᠢᠭᠰᠡᠨ
ᠣᠷᠣᠭᠰᠠᠨ
ᠪᠤᠤᠷ᠎ᠠ ᠶᠢᠨ ᠵᠣᠭᠳᠣᠷ ᠢᠶᠠᠷ
ᠣᠶᠣᠵᠤ ᠰᠢᠷᠵᠢ
ᠬᠢᠭᠰᠡᠨ
ᠣᠭᠲᠠᠷᠭᠤᠢ ᠶᠢᠨ
ᠰᠠᠯᠬᠢ ᠲᠠᠢ
ᠲᠡᠮᠡᠴᠡᠯᠳᠦᠨ ᠪᠠᠢᠳᠠᠭ
ᠣᠭᠣᠰᠣᠷ ᠪᠦᠴᠡ
ᠲᠡᠭᠦᠨ ᠢ ᠮᠢᠯᠢᠶᠠᠶ᠎ᠠ᠃
ᠥᠷᠭᠡᠨ
ᠡᠭᠦᠳᠡ ᠶᠢ ᠨᠢ ᠡᠷᠭᠦᠵᠦ ᠣᠷᠣᠭᠠᠳ
ᠥᠨᠳᠥᠷ ᠪᠣᠱᠣᠭ᠎ᠠ ᠶᠢ ᠨᠢ ᠠᠯᠬᠤᠵᠤ ᠣᠷᠣᠭᠠᠳ
ᠪᠠᠷᠠᠭᠤᠨ
ᠠᠪᠳᠠᠷ᠎ᠠ ᠶᠢ ᠨᠢ ᠨᠡᠭᠡᠭᠡᠵᠦ ᠦᠵᠡᠪᠡᠯ
ᠪᠠᠷᠰ ᠤᠨ
ᠠᠷᠠᠰᠤ᠂
ᠪᠠᠭᠠᠪᠠᠭᠠᠢ᠂
ᠴᠢᠨᠣ᠎ᠠ
ᠦᠨᠡᠭᠡ᠂
ᠪᠤᠯᠠᠭ᠎ᠠ
ᠬᠢᠷᠰᠠ᠂
ᠮᠠᠨᠤᠤᠯ
ᠬᠥᠳᠡᠷ ᠦᠨ
ᠠᠷᠠᠰᠤ ᠬᠦᠷᠲᠡᠯ᠎ᠡ
ᠴᠥᠮ ᠪᠦᠷᠢᠨ. ᠲᠡᠭᠦᠨ ᠢ ᠮᠢᠯᠢᠶᠠᠶ᠎ᠠ᠃
ᠵᠡᠭᠦᠨ
ᠠᠪᠳᠠᠷ᠎ᠠ ᠶᠢ
ᠨᠡᠭᠡᠭᠡᠵᠦ
ᠦᠵᠡᠪᠡᠯ
ᠵᠦᠢᠯ
ᠪᠦᠷᠢ ᠶᠢᠨ ᠡᠷᠳᠡᠨᠢ
ᠵᠦᠰᠦᠮᠡᠯ
ᠲᠣᠷᠭ᠎ᠠ
ᠰᠢᠬᠠᠮᠠᠯ ᠴᠠᠢ
ᠨᠡᠬᠡᠮᠡᠯ
ᠪᠠᠷᠠᠭ᠎ᠠ ᠬᠦᠷᠲᠡᠯ᠎ᠡ
ᠴᠥᠮ ᠪᠦᠷᠢᠨ᠂
ᠲᠡᠭᠦᠨ ᠢ ᠮᠢᠯᠢᠶᠠᠶ᠎ᠠ᠃
ᠬᠣᠢᠳᠤ ᠠᠪᠳᠠᠷ᠎ᠠ ᠶᠢ ᠨᠡᠭᠡᠭᠡᠵᠦ ᠦᠵᠡᠪᠡᠯ
ᠬᠤᠢ ᠪᠠᠷ
ᠲᠣᠷᠭ᠎ᠠ
ᠬᠠᠩᠵᠠ ᠪᠠᠷ
ᠴᠠᠢ
ᠬᠤᠯᠤᠰᠤᠨ
ᠯᠢᠩᠪᠦ
ᠬᠤᠭᠤᠷ
ᠶᠠᠲᠤᠭ᠎ᠠ
ᠪᠢᠷ ᠶᠠᠩ ᠲᠠᠢ
ᠪᠢᠴᠢᠭ ᠳᠠᠩᠰᠠ
ᠱᠠᠭ᠎ᠠ
ᠰᠢᠲᠠᠷ᠎ᠠ
ᠱᠠᠭ᠎ᠠ ᠶᠢᠨ
ᠰᠤᠮᠤ
ᠡᠷ᠎ᠡ ᠶᠢᠨ
ᠵᠣᠳᠣᠭ
ᠡᠪ ᠦᠨ ᠴᠠᠪᠠᠤ
ᠬᠤᠷᠳᠤᠨ
ᠮᠣᠷᠢᠨ ᠤ ᠬᠤᠰᠤᠭᠤᠷ
ᠬᠤᠷ᠎ᠠ ᠰᠡᠭᠦᠯᠡᠨ ᠦ ᠪᠣᠭᠣᠯᠲᠠ ᠬᠦᠷᠲᠡᠯ᠎ᠡ
ᠴᠥᠮ ᠪᠦᠷᠢᠨ᠂
ᠲᠡᠭᠦᠨ ᠢ ᠮᠢᠯᠢᠶᠠᠶ᠎ᠠ᠃
ᠲᠠᠩᠭᠤᠳ
ᠴᠡᠩᠮᠡᠨ ᠡᠮᠵᠢᠶᠡᠷᠢ ᠲᠡᠢ
ᠲᠠᠪᠤᠨ
ᠳᠠᠪᠬᠤᠷ ᠭᠤᠳᠤᠰ ᠲᠠᠢ᠃
ᠲᠠᠰᠢ ᠮᠠᠩᠨᠤᠭ
ᠬᠥᠨᠵᠢᠯᠡ ᠲᠡᠢ
ᠲᠠᠩᠰᠤᠭ ᠰᠠᠢᠬᠠᠨ ᠣᠷᠣ᠂ ᠲᠡᠭᠦᠨ ᠢ ᠮᠢᠯᠢᠶᠠᠶ᠎ᠠ᠃
ᠲᠡᠭᠦᠨ ᠦ ᠳᠠᠭᠠᠤ ᠳᠤ ᠠᠪᠳᠠᠷ᠎ᠠ ᠶᠢ ᠨᠡᠭᠡᠭᠡᠵᠦ ᠦᠵᠡᠪᠡᠯ
ᠨᠢᠭᠤᠷ ᠤᠨ ᠲᠣᠯᠢ
ᠨᠢᠳᠦᠨ ᠦ ᠰᠢᠯ
ᠰᠢᠳᠦᠨ ᠦ
ᠱᠤᠸᠠᠵᠠ
ᠱᠦᠭᠦᠷ ᠰᠠᠮ
ᠠ᠋ ᠰᠠᠪᠠᠨ
ᠬᠦᠷᠲᠡᠯ᠎ᠡ
ᠴᠥᠮ ᠪᠦᠷᠢᠨ᠂
ᠲᠡᠭᠦᠨ ᠢ ᠮᠢᠯᠢᠶᠠᠶ᠎ᠠ᠃
ᠣᠷᠣᠨ ᠤ
ᠳᠡᠭᠡᠳᠦ ᠲᠠᠯ᠎ᠠ ᠶᠢᠨ ᠬᠠᠢᠷᠴᠠᠭ ᠳᠡᠭᠡᠷ᠎ᠡ
ᠤᠶᠤᠬᠤ ᠤᠲᠠᠰᠤ
ᠤᠭᠳᠤᠯᠬᠤ ᠬᠠᠢᠴᠢ
ᠣᠯᠠᠨ
ᠵᠦᠢᠯ ᠦᠨ ᠶᠠᠭᠤᠮ᠎ᠠ
ᠴᠥᠮ ᠪᠦᠷᠢᠨ᠂
ᠲᠡᠭᠦᠨ ᠢ ᠮᠢᠯᠢᠶᠠᠶ᠎ᠠ᠃
ᠬᠠᠷ᠎ᠠ ᠬᠢᠯᠢᠩ
ᠬᠥᠪᠡᠭᠡ ᠲᠡᠢ
ᠬᠠᠩᠪᠤ
ᠲᠣᠷᠭᠠᠨ ᠬᠥᠰᠢᠭ ᠲᠡᠢ
ᠬᠠᠨᠠᠨ ᠬᠡ
ᠰᠢᠷᠢᠭᠡᠰᠦ ᠲᠡᠢ
ᠲᠠᠯ᠎ᠠ ᠶᠢᠨ
ᠲᠠᠪᠤᠨ ᠲᠣᠭᠣᠷᠢᠭᠤᠯᠭ᠎ᠠ ᠲᠠᠢ
ᠴᠥᠮ ᠪᠦᠷᠢᠨ᠂
ᠲᠡᠭᠦᠨ ᠢ ᠮᠢᠯᠢᠶᠠᠶ᠎ᠠ᠃
ᠲᠥᠷᠥ ᠶᠢᠨ
ᠳᠥᠷᠪᠡᠨ ᠲᠣᠲᠣᠭᠣ ᠲᠠᠢ
ᠲᠡᠮᠦᠷ
ᠳᠥᠷᠪᠡᠨ ᠰᠢᠷ ᠲᠡᠢ
ᠭᠠᠩ ᠬᠤᠶᠠᠭ ᠴᠠᠭᠠᠷᠢᠭ ᠲᠠᠢ
ᠭᠠᠯ ᠤᠨ
ᠲᠤᠯᠭ᠎ᠠ᠂ ᠲᠡᠭᠦᠨ ᠢ ᠮᠢᠯᠢᠶᠠᠶ᠎ᠠ᠃
ᠪᠠᠯᠪᠠ ᠶᠢᠨ
ᠳᠠᠷᠬᠠᠨ ᠪᠠᠯᠪᠠᠵᠤ ᠬᠢᠭᠰᠡᠨ
ᠬᠠᠰ ᠤᠨ
ᠳᠠᠷᠬᠠᠨ ᠬᠠᠳᠤᠵᠤ ᠬᠢᠭᠰᠡᠨ
ᠬᠠᠢᠴᠢ᠂
ᠲᠡᠭᠦᠨ ᠢ ᠮᠢᠯᠢᠶᠠᠶ᠎ᠠ᠃
ᠣᠷᠣᠰ ᠤᠨ
ᠳᠠᠷᠬᠠᠨ ᠣᠪ ᠢ ᠨᠢ ᠣᠯᠤᠭᠰᠠᠨ
ᠮᠣᠩᠭᠣᠯ ᠤᠨ
ᠳᠠᠷᠬᠠᠨ ᠮᠠᠶ᠋ᠢᠭ ᠢ ᠨᠢ ᠣᠯᠤᠭᠰᠠᠨ
ᠲᠡᠮᠦᠷ ᠦᠨ
ᠳᠠᠷᠬᠠᠨ ᠲᠥᠭᠡ ᠴᠢᠭᠢ ᠶᠢ ᠨᠢ ᠲᠣᠬᠢᠷᠠᠭᠤᠯᠤᠭᠰᠠᠨ
ᠳᠥᠷᠪᠡᠨ
ᠬᠥᠯᠲᠡᠢ ᠰᠢᠷᠡᠭᠡ ᠰᠢᠭ
ᠳᠥᠷᠪᠡᠯᠵᠢᠨ
ᠵᠣᠣ ᠲᠠᠢ ᠮᠣᠷᠢ ᠰᠢᠭ᠋
ᠰᠢᠷᠡᠭᠡ
ᠪᠥᠬᠡᠲᠡᠢ ᠲᠡᠮᠡᠭᠡ ᠰᠢᠭ
ᠭᠠᠢᠬᠠᠮᠰᠢᠭ᠌ᠲᠤ ᠽᠠᠨᠳᠠᠨ ᠡᠷᠭᠢᠭᠦᠯᠭᠡ
ᠲᠡᠭᠦᠨ ᠢ
ᠮᠢᠯᠢᠶᠠᠶ᠎ᠠ
ᠭᠠᠷ ᠳᠠᠩᠬᠤ
ᠭᠠᠯ ᠤᠨ
ᠰᠢᠯᠡᠭᠡᠪᠦᠷ
ᠬᠤᠤ ᠳᠣᠩᠪᠤ
ᠬᠤᠪᠢᠩ
ᠭᠥᠨᠵᠢᠶᠡ
ᠬᠣᠭᠣᠯᠠᠨ ᠤ
ᠲᠦᠮᠫᠡᠨ
ᠢᠳᠡᠭᠡᠨ ᠦ
ᠲᠠᠪᠠᠭ
ᠬᠦᠷᠲᠡᠯ᠎ᠡ
ᠴᠥᠮ ᠪᠦᠷᠢᠨ᠂ ᠲᠡᠭᠦᠨ ᠢ ᠮᠢᠯᠢᠶᠠᠶ᠎ᠠ᠃
ᠤᠷᠠᠨ ᠳᠠᠷᠬᠠᠨ ᠤᠬᠤᠵᠤ ᠬᠢᠭᠰᠡᠨ
ᠤᠭᠤᠷ ᠲᠡᠭᠦᠨ ᠢ ᠮᠢᠯᠢᠶᠠᠶ᠎ᠠ᠃
ᠭᠠᠩ ᠪᠣᠯᠣᠳ ᠢᠶᠠᠷ ᠢᠷ ᠢ ᠬᠢᠭᠰᠡᠨ
ᠭᠠᠴᠤᠤᠷ ᠮᠣᠳᠣ ᠪᠠᠷ ᠡᠰᠢ ᠶᠢ ᠬᠢᠭᠰᠡᠨ
ᠰᠦᠬᠡ᠂ ᠲᠡᠭᠦᠨ ᠢ ᠮᠢᠯᠢᠶᠠᠶ᠎ᠠ᠃
ᠠᠮᠢᠲᠠᠨ ᠪᠦᠭᠦᠳᠡ ᠶᠢ ᠤᠮᠳᠠᠯᠠᠵᠤ ᠥᠭᠳᠡᠭ
ᠠᠮᠲᠠᠲᠠᠨ ᠪᠦᠭᠦᠳᠡᠢ ᠳᠦ ᠳᠣᠲᠣᠷ᠎ᠠ ᠪᠠᠨ ᠠᠭᠤᠯᠠᠳᠠᠭ
ᠠᠶᠠᠭ᠎ᠠ ᠱᠠᠭᠠᠵᠠᠩ᠂ ᠲᠡᠭᠦᠨ ᠢ ᠮᠢᠯᠢᠶᠠᠶ᠎ᠠ᠃
ᠲᠤᠤᠯ ᠤᠨ ᠪᠤᠷᠭᠠᠰᠤ ᠶᠢ ᠲᠤᠯᠭᠠᠵᠤ ᠮᠠᠲᠠᠭᠰᠠᠨ
ᠲᠤᠭᠤᠯ ᠪᠢᠷᠠᠭᠤᠨ ᠤ ᠰᠢᠷᠢ ᠪᠡᠷ ᠦᠳᠡᠭᠰᠡᠨ
ᠠᠷᠤ ᠶᠢᠨ ᠮᠣᠳᠣ ᠶᠢ ᠠᠪᠴᠢᠷᠠᠵᠤ ᠬᠢᠭᠰᠡᠨ
ᠠᠲᠠᠨ ᠤ ᠵᠣᠭᠣᠭ ᠢᠶᠠᠷ ᠦᠳᠡᠵᠦ ᠬᠢᠭᠰᠡᠨ
ᠠᠷᠤᠭ ᠱᠡᠵᠢᠭᠡᠢ᠂ ᠲᠡᠭᠦᠨ ᠢ ᠮᠢᠯᠢᠶᠠᠶ᠎ᠠ᠃
ᠰᠠᠢᠨ ᠮᠣᠳᠣ ᠶᠢ ᠴᠢᠪᠴᠢᠵᠤ ᠬᠢᠭᠰᠡᠨ
ᠰᠠᠯᠠᠭ᠎ᠠ ᠮᠣᠳᠣ ᠶᠢ ᠠᠰᠢᠭᠯᠠᠵᠤ ᠬᠢᠭᠰᠡᠨ᠂
ᠰᠠᠷᠯᠤᠭ ᠦᠬᠡᠷ ᠦᠨ ᠰᠢᠷᠢ ᠪᠡᠷ ᠦᠳᠡᠭᠰᠡᠨ
ᠰᠠᠪᠠᠷ᠂ ᠲᠡᠭᠦᠨ ᠢ ᠮᠢᠯᠢᠶᠠᠶ᠎ᠠ᠃
ᠡᠨᠡ ᠠᠢᠯ ᠨᠢ
ᠣᠯᠠᠨ ᠮᠠᠯ ᠢᠶᠠᠨ ᠭᠠᠳᠠᠨ᠎ᠠ ᠪᠠᠨ ᠬᠤᠷᠢᠶᠠᠭᠠᠳ
ᠣᠶᠤᠲᠠᠨ ᠪᠦᠭᠦᠳᠡ ᠶᠢ ᠭᠡᠷ ᠲᠦ ᠪᠡᠨ ᠳᠦᠭᠦᠷᠭᠡᠭᠡᠳ
ᠥᠪᠴᠢ ᠬᠡᠪᠢᠰ ᠳᠡᠪᠢᠰᠬᠡᠷ ᠲᠡᠢ
ᠥᠩᠭᠡ ᠶᠢᠨ ᠢᠳᠡᠭᠡ ᠵᠢᠮᠢᠰ ᠥᠷᠦᠭᠡᠰᠦᠲᠡᠢ᠃
ᠡᠳᠦᠷ ᠰᠥᠨᠢ ᠦᠭᠡᠢ ᠨᠠᠢᠢᠷ ᠲᠠᠢ
ᠥᠭᠡᠳᠡ ᠪᠡᠨ ᠥᠩᠭᠡᠷᠡᠭᠰᠡᠨ ᠪᠦᠭᠦᠳᠡ ᠶᠢ
ᠬᠣᠭᠣᠯᠠᠯᠠᠵᠤ ᠪᠠᠢᠳᠠᠭ
ᠤᠷᠤᠭᠤ ᠶᠢ ᠪᠠᠨ ᠥᠩᠭᠡᠷᠡᠭᠰᠡᠨ ᠪᠦᠭᠦᠳᠡ ᠶᠢ
ᠤᠮᠳᠠᠯᠠᠵᠤ ᠪᠠᠢᠳᠠᠭ
ᠦᠷᠢᠶ᠎ᠡ ᠳᠠᠭ᠎ᠠ ᠪᠠᠨ ᠲᠠᠨᠢᠬᠤ ᠦᠭᠡᠢ ᠪᠠᠶᠠᠨ
ᠦᠷ᠎ᠡ ᠬᠡᠦᠬᠡᠳ ᠢᠶᠡᠨ ᠲᠠᠨᠢᠬᠤ ᠦᠭᠡᠢ ᠥᠨᠢᠷ
ᠵᠠᠭᠠᠨ ᠤ ᠰᠢᠷᠢ ᠪᠡᠷ ᠬᠥᠬᠥᠥᠷ ᠢᠶᠡᠨ ᠬᠢᠭᠡᠳ
ᠽᠠᠨᠳᠠᠨ ᠮᠣᠳᠣ ᠪᠠᠷ ᠪᠦᠯᠢᠭᠦᠷ ᠢᠶᠡᠨ ᠬᠢᠭᠡᠳ
ᠵᠠᠮᠪᠠᠭ᠎ᠠ ᠴᠡᠴᠡᠭ ᠢᠶᠡᠷ ᠴᠢᠮᠡᠭ ᠬᠢᠭᠡᠳ
ᠵᠢᠷᠠᠨ ᠠᠯᠳᠠ ᠵᠡᠯ᠎ᠡ ᠪᠡᠨ ᠰᠢᠭᠠᠭᠠᠳ
ᠵᠢᠷᠠᠭᠠᠬᠠᠢ ᠪᠣᠯᠤᠭᠰᠠᠨ ᠤᠨᠠᠭ᠎ᠠ ᠤᠶᠠᠭᠠᠳ
ᠲᠦᠮᠡᠨ ᠠᠷᠠᠳ ᠲᠠᠢ ᠲᠦᠵᠢᠭᠢᠨᠡᠵᠦ
ᠲᠥᠷᠥ ᠵᠠᠰᠠᠭ ᠨᠢ
ᠲᠡᠮᠦᠷ ᠬᠦᠷᠢᠶ᠎ᠡ ᠮᠡᠲᠦ ᠪᠠᠲᠤᠵᠢᠵᠤ
ᠲᠦᠷᠦᠭᠰᠡᠨ ᠪᠢᠳᠡ ᠨᠠᠷ
ᠬᠠᠪᠤᠷ ᠤᠨ ᠴᠡᠴᠡᠭ ᠮᠡᠲᠦ ᠳᠡᠯᠭᠡᠷᠡᠵᠦ ᠪᠠᠢᠬᠤ ᠶᠢᠨ
ᠡᠭᠦᠷᠢᠳᠡ ᠶᠢᠨ ᠰᠠᠢᠨ ᠢᠷᠦᠭᠡᠯ ᠢ
ᠥᠨᠳᠥᠷ ᠳᠠᠭᠤ ᠪᠠᠷ
ᠡᠷᠭᠦᠨ ᠳᠡᠪᠰᠢᠭᠦᠯᠦᠶ᠎ᠡ᠃
