ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –13 Монгол оньсгын түүвэр –Хоёрдугаар бүлэг– 13
ᠬᠣᠶᠠᠳᠤᠭᠠᠷ ᠪᠦᠯᠦᠭ – ᠠᠷᠠᠳ ᠦ᠋ᠨ ᠠᠮᠠ ᠪᠠᠷ ᠵᠣᠬᠢᠶᠠᠭᠲᠠᠭᠰᠠᠨ ᠣᠨᠢᠰᠣᠬ᠋᠎ᠠ
ᠪᠠᠶᠠᠨ ᠪᠠᠶ᠋ᠢᠭᠠᠯᠢ ᠶ᠋ᠢᠨ ᠪᠦᠷᠢᠨ ᠵᠤᠶ᠋ᠢᠯ
ᠨᠠᠶ᠋ᠢᠷᠲᠤ ᠭᠤᠷᠪᠠᠨ ᠳᠠᠪᠠᠭ᠎ᠠ
ᠨᠠᠪᠴᠢᠲᠤ ᠭᠤᠷᠪᠠᠨ ᠳᠠᠪᠠᠭ᠎ᠠ
ᠴᠠᠰᠤᠲᠤ ᠭᠤᠷᠪᠠᠨ ᠳᠠᠪᠠᠭ᠎ᠠ
ᠴᠡᠩᠬᠡᠯᠲᠤ ᠭᠤᠷᠪᠠᠨ ᠳᠠᠪᠠᠭ᠎ᠠ
( ᠳᠦᠷᠪᠡᠨ ᠤᠯᠠᠷᠢᠯ )
ᠳᠤᠩ ᠴᠠᠭᠠᠨ
ᠬᠠᠷ᠎ᠠ ᠪᠠᠷᠠᠭᠠᠨ
ᠬᠤᠷᠴᠠ ᠤᠯᠠᠭᠠᠨ
ᠬᠣᠩᠭᠣᠷ ᠰᠢᠷ᠎ᠠ
( ᠳᠦᠷᠪᠡᠨ ᠤᠯᠠᠷᠢᠯ )
ᠬᠦᠨᠳᠡᠢ ᠶ᠋ᠢᠨ ᠭᠤᠷᠪᠠᠨ ᠬᠦᠬᠦᠭᠡ
ᠬᠦᠬᠡ ᠭᠤᠷᠪᠠᠨ ᠳᠠᠪᠠᠭ᠎ᠠ
ᠵᠢᠮᠢᠰᠲᠦ ᠭᠤᠷᠪᠠᠨ ᠮᠣᠳᠣ
ᠵᠢᠷᠭᠠᠯᠠᠩᠲᠤ ᠭᠤᠷᠪᠠᠨ ᠲᠠᠯ᠎ᠠ
( ᠳᠦᠷᠪᠡᠨ ᠤᠯᠠᠷᠢᠯ )
ᠰᠢᠮ᠎ᠡ ᠶ᠋ᠢᠨ ᠭᠤᠷᠪᠠᠨ ᠳᠠᠪᠠᠭ᠎ᠠ ᠶ᠋ᠢ
ᠰᠢᠯᠢᠷᠴᠤ ᠳᠠᠪᠠᠨ᠎ᠠ
( ᠬᠠᠪᠤᠷ )
ᠨᠠᠮ ᠭᠤᠷᠪᠠᠨ ᠳᠠᠪᠠᠭ᠎ᠠ
ᠨᠠᠬᠢᠭᠤ ᠭᠤᠷᠪᠠᠨ ᠳᠠᠪᠠᠭ᠎ᠠ
ᠬᠢᠴᠡ ᠭᠤᠷᠪᠠᠨ ᠳᠠᠪᠠᠭ᠎ᠠ
ᠬᠡᠴᠡᠭᠦᠦ ᠭᠤᠷᠪᠠᠨ ᠳᠠᠪᠠᠭ᠎ᠠ
( ᠳᠦᠷᠪᠡᠨ ᠤᠯᠠᠷᠢᠯ )
ᠲᠦᠷᠦᠬᠦ ᠭᠤᠷᠪᠠᠨ ᠳᠠᠪᠠᠭ᠎ᠠ
ᠲᠥᠭᠦᠬᠥ ᠭᠤᠷᠪᠠᠨ ᠰᠢᠯᠢ
ᠲᠥᠭᠥᠷᠢᠭ ᠭᠤᠷᠪᠠᠨ ᠠᠭᠤᠯᠠ
ᠲᠦᠭᠦᠬᠡᠢ ᠭᠤᠷᠪᠠᠨ ᠴᠠᠶ᠋ᠢᠳᠠᠮ
( ᠳᠦᠷᠪᠡᠨ ᠤᠯᠠᠷᠢᠯ )
ᠢᠳᠠᠮ ᠭᠤᠷᠪᠠᠨ ᠳᠠᠪᠠᠭ᠎ᠠ
ᠪᠠᠶᠠᠨ ᠭᠤᠷᠪᠠᠨ ᠣᠪᠣᠭ᠎ᠠ
ᠮᠥᠰᠥᠲᠦ ᠭᠤᠷᠪᠠᠨ ᠬᠦᠨᠳᠡᠢ
ᠴᠡᠴᠡᠭᠲᠦ ᠭᠤᠷᠪᠠᠨ ᠲᠠᠯ᠎ᠠ
( ᠳᠦᠷᠪᠡᠨ ᠤᠯᠠᠷᠢᠯ )
ᠵᠠᠪᠠᠭ ᠲᠤ
ᠽᠠᠨᠳᠠᠨ ᠠᠶᠠᠭ᠎ᠠ
( ᠨᠠᠷᠠ )
ᠵᠠᠭᠠᠨ ᠤ ᠠᠮᠠ ᠵᠠᠩᠭᠠᠰ ᠭᠡᠨ᠎ᠡ
ᠽᠠᠨᠪᠤᠳᠢᠪ ᠮᠠᠯᠳᠠᠰ ᠭᠡᠨ᠎ᠡ
( ᠨᠠᠷᠠ ᠭᠠᠷᠬᠤ )
ᠨᠢᠭᠡᠨ ᠣᠶᠣᠳᠠᠯ ᠲᠠᠢ ᠬᠦᠬᠡ ᠲᠣᠷᠭᠠᠨ ᠰᠢᠭᠦᠷ
ᠨᠡᠶ᠋ᠢᠬᠡᠨ ᠰᠠᠴᠤᠷᠠᠬᠤ ᠭᠡᠭᠡᠨ ᠰᠤᠪᠤᠳ ᠤᠨ ᠡᠷᠢᠬᠡ
ᠨᠡᠶ᠋ᠢᠲᠡ ᠶ᠋ᠢ ᠭᠡᠶ᠋ᠢᠭᠦᠯᠦᠭᠴᠢ ᠬᠠᠰ ᠡᠷᠳᠡᠨᠢ ᠶ᠋ᠢᠨ ᠲᠣᠯᠢ
ᠨᠢᠰᠦᠨ ᠳᠡᠭᠳᠡᠭᠴᠢ ᠤᠯᠠᠭᠠᠨ ᠠᠯᠲᠠᠨ ᠪᠥᠮᠪᠥᠭᠡ
( ᠰᠠᠷ᠎ᠠ ᠣᠭᠲᠠᠷᠭᠤᠢ ᠣᠳᠣ ᠨᠠᠷᠠ )
ᠲᠣᠷᠭᠠᠨ ᠲᠠᠯ᠎ᠠ ᠳᠤ
ᠲᠣᠭᠣᠰᠣ ᠦᠭᠡᠢ
ᠲᠣᠷᠭᠤᠳ ᠤᠨ ᠠᠳᠤᠭᠤᠨ ᠳᠤ
ᠲᠣᠭ᠎ᠠ ᠦᠭᠡᠢ
( ᠲᠡᠭᠷᠢ ᠣᠳᠣ )
ᠬᠦᠬᠡ ᠪᠤᠬ᠎ᠠ ᠳᠡᠭᠡᠷ᠎ᠡ
ᠱ᠌ᠢᠷᠦ ᠰᠤᠪᠤᠳ ᠠᠴᠢᠵᠤ ᠪᠣᠢ
ᠨᠠ ᠭᠠᠯᠵᠠᠨ ( ᠬᠠᠯᠵᠠᠨ ) ᠨᠢ ᠬᠦᠲᠦᠯᠵᠦ ᠪᠣᠢ
ᠬᠡᠨ ᠭᠠᠯᠵᠠᠨ ᠨᠢ ᠲᠠᠭᠤᠵᠤ ᠪᠣᠢ
( ᠲᠡᠭᠷᠢ ᠣᠳᠣ ᠨᠠᠷᠠ ᠰᠠᠷ᠎ᠠ )
ᠳᠠᠮᠵᠢᠨ ᠰᠢᠷ᠎ᠠ ᠲᠠᠣᠯᠠᠢ
ᠲᠠᠪᠤᠨ ᠲᠦᠮᠡᠨ ᠠᠯᠠᠭᠴᠢ ᠬᠠᠯᠵᠠᠨ ᠲᠠᠤᠯᠠᠢ
( ᠰᠠᠷ᠎ᠠ ᠣᠳᠣ )
ᠠᠯᠲᠠᠨ ᠳᠡᠯᠡᠬᠡᠢ ᠳᠦ ᠠᠷᠪᠠᠨ ᠬᠣᠶᠠᠷ
ᠠᠶ᠋ᠢᠯ ᠪᠦᠷᠢ ᠳᠦ ᠬᠡᠳᠦ ᠬᠡᠳᠦ
ᠠᠯᠢ ᠴᠤ᠌ ᠬᠦᠮᠦᠨ ᠳᠦ ᠨᠢᠭᠡ ᠨᠢᠭᠡ
( ᠠᠷᠪᠠᠨ ᠬᠣᠶᠠᠷ ᠵᠢᠯ )
ᠠᠷᠤ ᠶ᠋ᠢᠨ ᠪᠠᠭ ᠮᠣᠳᠣ
ᠠᠷᠪᠠᠨ ᠬᠣᠶᠠᠷ ᠰᠠᠯᠠᠭ᠎ᠠ ᠲᠠᠢ
ᠠᠷᠪᠠᠨ ᠬᠣᠶᠠᠷ ᠰᠠᠯᠠᠭᠠᠨ ᠳ᠋ᠤᠨᠢ
ᠭᠤᠷᠪᠠᠨ ᠵᠠᠭᠤᠨ ᠵᠢᠷᠠᠨ ᠰᠢᠷ᠎ᠠ ᠴᠡᠴᠡᠭ ᠳᠡᠭᠡᠭᠰᠢ ᠬᠠᠨᠳᠤᠨ ᠳᠡᠯᠭᠡᠷᠡᠵᠦ
ᠭᠤᠷᠪᠠᠨ ᠵᠠᠭᠤᠨ ᠵᠢᠷᠠᠨ ᠬᠠᠷ᠎ᠠ ᠴᠡᠴᠡᠭ ᠳᠣᠷᠣᠭᠰᠢ ᠬᠠᠨᠳᠤᠨ ᠳᠡᠯᠭᠡᠷᠡᠨ᠎ᠡ
( ᠵᠢᠯ ᠰᠠᠷ᠎ᠠ ᠡᠳᠦᠷ ᠰᠥᠨᠢ )
ᠵᠢᠵᠢᠭ ᠴᠢᠯᠠᠭᠤ ᠨᠦᠬᠡ ᠦᠭᠡᠢ
ᠵᠢᠩ ᠲᠣᠷᠭ᠎ᠠ ᠵᠠᠬ᠎ᠠ ᠦᠭᠡᠢ
( ᠣᠳᠣ ᠲᠡᠭᠷᠢ )
ᠵᠤᠨ ᠪᠠᠶ᠋ᠢᠳᠠᠭ ᠦᠭᠡᠢ
ᠵᠢᠷᠭᠤᠭᠠᠨ ᠢᠯᠠᠭ᠎ᠠ
( ᠮᠡᠴᠢᠳ )
ᠵᠤᠨ ᠠᠯᠳᠠᠭᠰᠠᠨ
ᠵᠢᠷᠭᠤᠭᠠᠨ ᠪᠠᠶ᠋ᠢᠳᠠᠰᠤ ᠶ᠋ᠢ
ᠡᠪᠦᠯ ᠣᠯᠵᠤ ᠠᠪᠤᠯ᠎ᠠ
( ᠮᠡᠴᠢᠳ )
ᠡᠳᠦᠷ ᠤᠷᠭᠤᠬᠤ ᠦᠭᠡᠢ
ᠰᠥᠨᠢ ᠤᠷᠭᠤᠨ᠎ᠠ
( ᠭᠤᠷᠪᠠᠨ ᠮᠠᠷᠠᠯ )
ᠲᠣᠭᠣᠳᠠᠭ ᠲᠣᠩᠭᠣᠰ
ᠲᠣᠯᠢ ᠭᠢᠯᠠᠰ
ᠠᠪᠳᠠᠷ᠎ᠠ ᠠᠩᠭᠠᠰ
ᠠᠪᠠᠬᠠᠢ ᠦᠨᠳᠡᠰ
( ᠦᠷ ᠴᠠᠶ᠋ᠢᠬᠤ )
ᠬᠠᠷᠭᠤᠢ ᠳᠤ ᠬᠠᠳᠠᠭᠰᠠᠨ ᠴᠢᠳᠬᠦᠷ
ᠬᠠᠷᠠᠩᠭᠤᠢ ᠳᠤ ᠭᠡᠲᠡᠭᠰᠡᠨ ᠴᠢᠳᠬᠦᠷ
( ᠦᠷ ᠴᠠᠶ᠋ᠢᠬᠤ )
ᠨᠢᠭᠡ ᠮᠣᠳᠣ ᠠᠷᠪᠠᠨ ᠬᠣᠶᠠᠷ ᠮᠥᠴᠢᠷ ᠲᠡᠢ
ᠮᠥᠴᠢᠷ ᠪᠦᠷᠢ ᠭᠤᠴᠢᠨ ᠨᠠᠪᠴᠢ ᠲᠠᠢ
ᠨᠠᠪᠴᠢ ᠶ᠋ᠢᠨ ᠳᠣᠣᠷ᠎ᠠ ᠲᠠᠯ᠎ᠠ ᠨᠢ ᠬᠠᠷ᠎ᠠ
ᠳᠡᠭᠡᠷ᠎ᠡ ᠲᠠᠯ᠎ᠠ ᠨᠢ ᠴᠠᠭᠠᠨ
( ᠵᠢᠯ ᠰᠠᠷ᠎ᠠ ᠰᠥᠨᠢ ᠡᠳᠦᠷ )
ᠪᠡᠭᠡᠵᠢᠩ ᠡᠴᠡ ᠢᠷᠡᠭᠰᠡᠨ
ᠪᠡᠬᠢ ᠴᠠᠭᠠᠨ ᠳᠠᠪᠤᠤ
ᠠᠮᠠᠯᠠᠬᠤ ᠳᠤ ᠠᠷᠪᠠᠨ ᠬᠣᠶᠠᠷ ᠠᠮᠠ
ᠠᠯᠳᠠᠯᠠᠬᠤ ᠳᠤ ᠭᠤᠷᠪᠠᠨ ᠵᠠᠭᠤ ᠵᠢᠷᠠ
( ᠵᠢᠯ ᠰᠠᠷ᠎ᠠ ᠬᠣᠨᠣᠭ )
ᠪᠠᠲᠤ ᠴᠠᠭᠠᠨ ᠪᠠᠶ᠋ᠢᠰᠢᠩ
ᠭᠤᠷᠪᠠᠨ ᠵᠠᠭᠤᠨ ᠵᠢᠷᠠᠨ ᠲᠠᠪᠤᠨ ᠬᠠᠳᠠᠭᠠᠰᠤ ᠲᠠᠢ
ᠠᠷᠪᠠᠨ ᠬᠣᠶᠠᠷ ᠦᠷᠦᠭᠡ ᠲᠡᠢ
ᠭᠤᠴᠢᠨ ᠴᠣᠩᠬᠣ ᠲᠠᠢ
( ᠵᠢᠯ ᠰᠠᠷ᠎ᠠ ᠬᠣᠨᠣᠭ )
ᠥᠷᠥᠰᠢᠶᠡᠬᠦ ᠶ᠋ᠢ ᠮᠡᠳᠡᠬᠦ ᠦᠭᠡᠢ
ᠦᠷᠪᠦᠭᠡᠷ ᠬᠠᠷ᠎ᠠ ᠠᠪᠤ
ᠦᠢ ᠣᠯᠠᠨ ᠤ ᠪᠠᠶᠠᠰᠬᠤᠯᠠᠩ
ᠦᠵᠡᠰᠭᠦᠯᠡᠩᠲᠦ ᠭᠤᠸ᠋᠎ᠠ ᠬᠡᠦᠬᠡᠨ
( ᠡᠪᠦᠯ ᠵᠤᠨ )
ᠦᠶᠦᠭ ᠴᠠᠳᠬᠤᠯᠠᠩ ᠡᠵᠢ
ᠬᠠᠲᠠᠭᠤ ᠬᠠᠬᠢᠷ ᠡᠵᠢ
( ᠨᠠᠮᠤᠷ ᠬᠠᠪᠤᠷ )
ᠲᠣᠪ ᠭᠡᠰᠡᠨ ᠭᠠᠤᠯᠢ
ᠲᠣᠭᠣᠭᠠᠨ ᠴᠢᠨᠡᠭᠡᠨ ᠭᠠᠤᠯᠢ
ᠡᠷᠲᠡᠨᠢ ᠶ᠋ᠢᠨ ᠭᠠᠤᠯᠢ
ᠡᠨᠡ ᠣᠷᠣᠨ ᠳ᠋ᠤ᠌ ᠪᠠᠶ᠋ᠢᠬᠤ ᠦᠭᠡᠢ ᠭᠠᠤᠯᠢ
( ᠰᠠᠷ᠎ᠠ )
ᠭᠠᠩᠬ᠋᠎ᠠ ᠮᠥᠷᠡᠨ ᠪ ᠡᠷᠬᠢ ᠳᠡᠭᠡᠷ᠎ᠡ
ᠭᠠᠭᠴᠠᠬᠠᠨ ᠴᠠᠭᠠᠨ ᠰᠢᠪᠠᠭᠤ
( ᠰᠢᠨ᠎ᠡ ᠶ᠋ᠢᠨ ᠬᠣᠶᠠᠷ ᠦ᠋ᠨ ᠰᠠᠷ᠎ᠠ )
ᠴᠡᠩᠬᠡᠷ ᠲᠣᠷᠭᠠᠨ ᠴᠠᠮᠴᠠ
ᠵᠠᠬ᠎ᠠ ᠦᠭᠡᠢ ᠡᠯᠪᠡᠭ
( ᠲᠩᠷᠢ )
ᠲᠥᠭᠥᠷᠢᠭ ᠤᠯᠠᠭᠠᠨ ᠪᠡᠶ᠎ᠡ
ᠲᠦᠮᠡᠨ ᠰᠢᠷ᠎ᠠ ᠦᠰᠦ
( ᠨᠠᠷᠠᠨ ᠪ ᠰᠠᠴᠤᠷᠠᠬ᠋ᠠ )
ᠲᠥᠪ ᠲᠥᠭᠥᠷᠢᠭ ᠬᠥᠬᠡ ᠮᠠᠶ᠋ᠢᠬᠠᠨ
ᠲᠦᠮᠡ ᠮᠢᠩᠭᠠᠨ ᠬᠤᠶᠠᠭ ᠴᠡᠷᠢᠭ
ᠳᠥᠷᠪᠡᠨ ᠵᠦᠭ ᠊ᠢ ᠵᠠᠬᠢᠷᠤᠨ ᠡᠵᠡᠯᠡᠭᠰᠡᠨ
ᠲᠦᠷᠦᠭᠦᠨ ᠬᠣᠶᠠᠷ ᠪᠠᠭᠠᠲᠤᠷ ᠵᠠᠩᠵᠤᠨ
( ᠲᠩᠷᠢ ᠂ ᠣᠲᠣ ᠂ ᠨᠠᠷᠠ ᠂ ᠰᠠᠷ᠎ᠠ )
ᠮᠥᠰᠥᠨ ᠳᠡᠭᠡᠷ᠎ᠡ
ᠮᠥᠩᠭᠥᠨ ᠠᠶᠠᠬ᠋᠎ᠠ
( ᠨᠠᠷᠠ )
ᠴᠠᠰᠤᠨ ᠳᠡᠭᠡᠷ᠎ᠡ
ᠽᠠᠨᠲᠠᠨ ᠠᠶᠠᠬ᠋᠎ᠠ
( ᠰᠠᠷ᠎ᠠ )
ᠳᠣᠬᠢᠭᠤᠷ ᠲᠣᠬᠣᠢ ᠳᠣᠯᠣᠬ᠋ᠠ
ᠳᠣᠬᠢᠶ᠎ᠠ ᠲᠡᠮᠲᠡᠭ ᠨᠢᠭᠡ
ᠲᠣᠭᠣᠷᠢᠵᠤ ᠶᠠᠪᠤᠬᠤ ᠭᠤᠷᠪᠠ
ᠲᠣᠯᠢ ᠪᠣᠯᠬᠤ ᠬᠣᠶᠠᠷ
( ᠳᠣᠬᠢᠭᠤᠷ ᠳᠣᠯᠣᠬ᠋ᠠ ᠴᠣᠯᠮᠣᠨ ᠭᠤᠷᠪᠠᠨ ᠮᠠᠷᠠᠯ ᠨᠠᠷᠠ ᠰᠠᠷ᠎ᠠ )
ᠳᠠᠯᠠᠢ ᠶ᠋ᠢᠨ ᠴᠠᠭᠠᠨ᠎ᠠ
ᠳᠠᠪᠠᠭᠠᠨ ᠪ ᠳᠠᠯᠳᠠ
ᠪᠣᠯᠣᠷ ᠰᠤᠪᠤᠳ
ᠪᠤᠯᠠᠭᠠᠲᠠᠢ ᠪᠠᠶ᠋ᠢᠨ᠎ᠠ
ᠲᠣᠭᠣᠵᠤ ᠣᠯᠪᠠᠯ
ᠲᠣᠷᠭᠠᠨ ᠲᠡᠷᠯᠢᠭ ᠡᠮᠦᠰᠦᠭᠦᠯᠦᠶᠡ
ᠲᠣᠭᠣᠵᠤ ᠣᠯᠬᠤ ᠦᠭᠡᠢ ᠪᠣᠯ
ᠲᠣᠯᠣᠩ ᠲᠤᠶᠠᠬ᠋᠎ᠠ ᠪᠠᠷ ᠮᠢᠯᠢᠶᠠᠶ᠎ᠠ
( ᠴᠣᠯᠮᠣᠨ )
ᠲᠩᠷᠢ ᠳ᠋ᠤ᠌ ᠡᠯᠭᠦᠭᠰᠡᠨ ᠬᠤᠯᠤᠰᠤᠨ ᠨᠤᠮᠤ ᠶ᠋ᠢ
ᠲᠡᠯᠡᠵᠦ ᠳᠡᠶ᠋ᠢᠯᠬᠦ ᠦᠭᠡᠢ ᠪᠠᠭᠠᠲᠤᠷ ᠦᠭᠡᠢ
( ᠬᠠᠪᠢᠷᠭᠠᠨ ᠰᠠᠷ᠎ᠠ )
ᠴᠣᠣ ᠳ᠋ᠤ᠌ ᠭᠠᠷᠤᠭᠰᠠᠨ ᠴᠤᠪᠤᠷᠠᠬ᠋ᠠ ᠭᠤᠷᠪᠠᠨ ᠮᠣᠲᠣ
ᠵᠤᠨ ᠤᠷᠭᠤᠬᠤ ᠦᠭᠡᠢ ᠡᠪᠦᠯ ᠤᠷᠭᠤᠨ᠎ᠠ
ᠡᠲᠦᠷ ᠤᠷᠭᠤᠬᠤ ᠦᠭᠡᠢ ᠰᠥᠨᠢ ᠤᠷᠭᠤᠨ᠎ᠠ
( ᠭᠤᠷᠪᠠᠨ ᠮᠠᠷᠠᠯ )
ᠡᠲᠦᠷ ᠲᠡᠭᠡᠨ ᠥᠷᠥᠭᠡᠯ ᠪᠣᠭᠣᠷᠰᠣᠭ
ᠰᠥᠨᠢ ᠳ᠋ᠡᠭᠡᠨ ᠪᠦᠬᠦᠯᠢ ᠪᠣᠭᠣᠷᠰᠣᠭ
( ᠰᠠᠷ᠎ᠠ )
ᠮᠢᠨᠦ ᠮᠢᠩᠭᠠᠨ ᠬᠣᠨᠢᠳ
ᠮᠢᠲᠠᠷ ᠮᠢᠲᠠᠷ ᠭᠡᠵᠦ
ᠮᠢᠨᠦ ᠤᠯᠠᠭᠠᠨ ᠬᠤᠴᠠ
ᠬᠤᠲᠠᠷ ᠬᠤᠲᠠᠷ ᠬᠢᠨ᠎ᠡ
( ᠣᠲᠣ ᠰᠠᠷ᠎ᠠ )
ᠮᠥᠰᠥᠨ ᠳᠡᠭᠡᠷ᠎ᠡ
ᠮᠥᠩᠭᠥᠨ ᠠᠶᠠᠬ᠋᠎ᠠ
ᠠᠪᠲᠠᠷ᠎ᠠ ᠳᠡᠭᠡᠷ᠎ᠡ
ᠠᠯᠲᠠᠨ ᠠᠶᠠᠬ᠋᠎ᠠ
( ᠰᠠᠷ᠎ᠠ ᠨᠠᠷᠠ )
ᠮᠥᠰᠥᠨ ᠳᠡᠭᠡᠷ᠎ᠡ
ᠮᠥᠩᠭᠥᠨ ᠬᠤᠨᠲᠠᠬ᠋ᠠ
( ᠰᠠᠷ᠎ᠠ )
ᠡᠩ ᠲᠡᠢ ᠬᠥᠬᠡ ᠲᠣᠷᠬ᠋᠎ᠠ ᠶ᠋ᠢ
ᠡᠪᠬᠡᠵᠦ ᠪᠣᠯᠬᠤ ᠦᠭᠡᠢ
( ᠣᠭᠲᠠᠷᠭᠤᠢ )
ᠬᠥᠲᠡᠯᠬᠦ ᠴᠦ᠍ ᠦᠭᠡᠢ
ᠬᠥᠬᠡ ᠳᠠᠯᠠᠢ
( ᠣᠭᠲᠠᠷᠭᠤᠢ )
ᠵᠢᠩᠴᠤ ᠲᠣᠷᠬ᠋᠎ᠠ ᠶ᠋ᠢ
ᠨᠡᠬᠡᠵᠦ ᠪᠠᠷᠠᠲᠠᠭ ᠦᠭᠡᠢ
ᠵᠢᠵᠢᠭ᠌ ᠰᠤᠪᠤᠳ ᠊ᠢ
ᠬᠡᠯᠬᠢᠵᠦ ᠪᠠᠷᠠᠲᠠᠭ ᠦᠭᠡᠢ
( ᠣᠭᠲᠠᠷᠭᠤᠢ ᠣᠲᠣ )
ᠴᠡᠩᠬᠡᠷ ᠲᠣᠷᠬ᠋᠎ᠠ ᠡᠩ ᠦᠭᠡᠢ
ᠵᠢᠵᠢᠭ᠌ ᠰᠤᠪᠤᠳ ᠰᠦᠪᠡ ᠦᠭᠡᠢ
( ᠣᠭᠲᠠᠷᠭᠤᠢ ᠣᠲᠣ )
ᠡᠷᠦᠬᠡᠨ ᠳᠡᠭᠡᠷ᠎ᠡ
ᠥᠭᠡᠬᠦᠨ ᠴᠥᠪᠥᠲᠡᠯ
( ᠣᠲᠣ )
ᠪᠢᠵᠢᠳ ᠦ᠋ᠨ ᠲᠣᠷᠭᠠᠨ ᠳᠡᠪᠡᠯ
ᠪᠢᠲᠡᠭᠦᠦ ᠮᠥᠩᠭᠥᠨ ᠲᠣᠪᠴᠢ ᠲᠠᠢ
( ᠣᠲᠣ )
ᠬᠥᠬᠡ ᠮᠠᠩᠨᠤᠭ ᠳᠡᠭᠡᠷ᠎ᠡ ᠰᠢᠭᠢᠳᠬᠡᠭᠰᠡᠨ
ᠬᠦᠲᠡᠷ ᠮᠥᠩᠭᠥᠨ ᠳᠣᠪᠣ ᠶ᠋ᠢ ᠬᠠᠷᠠᠬᠤ ᠳ᠋ᠤ᠌
ᠲᠣᠪ ᠲᠣᠲᠣᠷᠬᠠᠢ ᠦᠵᠡᠭᠳᠡᠪᠡᠴᠦ
ᠲᠣᠭᠠᠯᠠᠭᠠᠳ ᠬᠡᠵᠢᠶᠡᠲᠡ ᠪᠠᠷᠠᠰᠢ ᠦᠭᠡᠢ
( ᠣᠲᠣ )
ᠪᠠᠷᠢᠶᠠᠴᠢᠨ ᠪ ᠠᠲᠤᠭᠤ
ᠪᠠᠷᠠᠭᠤᠨ ᠲᠡᠰᠢ ᠪᠡᠨ ᠪᠡᠯᠴᠢᠨ᠎ᠡ
( ᠣᠲᠣ )
ᠵᠠᠬ᠎ᠠ ᠦᠭᠡᠢ ᠲᠣᠷᠭᠠᠨ ᠳᠡᠭᠡᠷ᠎ᠡ
ᠵᠠᠮᠪᠠᠷᠠᠬ᠋ᠠ ᠦᠭᠡᠢ ᠰᠤᠪᠤᠳ
( ᠣᠲᠣ )
ᠬᠥᠬᠡ ᠲᠣᠷᠬ᠋᠎ᠠ ᠶ᠋ᠢ
ᠬᠥᠭᠡᠭᠡᠭᠡᠳ ᠭᠦᠢᠴᠡᠬᠦ ᠦᠭᠡᠢ
( ᠲᠩᠷᠢ )
ᠡᠵᠢ ᠶ᠋ᠢᠨ ᠥᠭᠭᠦᠭᠰᠡᠨ ᠰᠤᠪᠤᠳ ᠊ᠢ
ᠲᠣᠭᠠᠯᠠᠭᠠᠳ ᠲᠣᠭᠠᠯᠠᠭᠠᠳ ᠪᠠᠷᠠᠬᠤ ᠦᠭᠡᠢ
ᠡᠴᠢᠭᠡ ᠶ᠋ᠢᠨ ᠥᠭᠭᠦᠭᠰᠡᠨ ᠲᠣᠷᠬ᠋᠎ᠠ ᠶ᠋ᠢ
ᠡᠪᠬᠡᠭᠡᠳ ᠡᠪᠬᠡᠭᠡᠳ ᠪᠠᠷᠠᠬᠤ ᠦᠭᠡᠢ
( ᠣᠲᠣ ᠲᠩᠷᠢ )
ᠬᠥᠬᠡ ᠲᠣᠷᠭᠠᠨ ᠳ᠋ᠤ᠌ ᠬᠥᠪᠡᠭᠡ ᠦᠭᠡᠢ
ᠰᠢᠯᠢᠨ ᠱ᠌ᠢᠷᠦᠨ ᠳ᠋ᠤ᠌ ᠰᠦᠪᠡ ᠦᠭᠡᠢ
( ᠣᠭᠲᠠᠷᠭᠤᠢ ᠣᠲᠣᠳ )
ᠲᠡᠮᠦᠷ ᠠᠪᠲᠠᠷ᠎ᠠ
ᠲᠦᠮᠡᠨ ᠬᠠᠲᠠᠭᠠᠰᠤ ᠲᠠᠢ
( ᠣᠭᠲᠠᠷᠭᠤᠢ ᠣᠲᠣ )
ᠲᠦᠮᠡᠨ ᠬᠣᠨᠢ ᠨᠢ ᠪᠡᠯᠴᠢᠭᠡᠳ ᠶᠠᠪᠤᠬᠤ ᠳ᠋ᠤ᠌
ᠲᠦᠨᠲᠦᠭᠡᠷ ᠬᠤᠴᠠ ᠨᠢ ᠤᠨᠲᠠᠭᠠᠳ ᠬᠣᠴᠣᠷᠤᠨ᠎ᠠ
( ᠣᠲᠣ ᠰᠠᠷ᠎ᠠ)
ᠠᠪᠤ ᠶ᠋ᠢᠨ ᠰᠤᠮᠤ ᠶ᠋ᠢ
ᠲᠣᠭᠠᠯᠠᠵᠤ ᠪᠠᠷᠠᠲᠠᠭ ᠦᠭᠡᠢ
ᠡᠵᠢ ᠶ᠋ᠢᠨ ᠬᠥᠨᠵᠢᠯᠡ ᠶ᠋ᠢ
ᠡᠪᠬᠡᠵᠦ ᠪᠠᠷᠠᠲᠠᠭ ᠦᠭᠡᠢ
( ᠣᠲᠣ ᠣᠭᠲᠠᠷᠭᠤᠢ)
ᠳᠠᠭᠠᠭᠤᠯᠵᠤ ᠶᠠᠪᠤᠬᠤ ᠳᠣᠯᠣᠬ᠋ᠠ
ᠲᠤᠯᠡᠶ᠋ᠢᠵᠦ ᠶᠠᠪᠤᠬᠤ ᠨᠢᠭᠡ
ᠭᠡᠶ᠋ᠢᠭᠦᠯᠵᠦ ᠶᠠᠪᠤᠬᠤ ᠭᠤᠷᠪᠠ
ᠭᠡᠷᠡᠯᠲᠦᠭᠦᠯᠵᠦ ᠶᠠᠪᠤᠬᠤ ᠬᠣᠶᠠᠷ
( ᠳᠣᠬᠢᠭᠤᠷ ᠳᠣᠯᠣᠬ᠋ᠠ ᠴᠣᠯᠮᠣᠨ ᠭᠤᠷᠪᠠᠨ ᠮᠠᠷᠠᠯ ᠨᠠᠷᠠ ᠰᠠᠷ᠎ᠠ)
ᠲᠣᠪ ᠳᠤᠭᠤᠢ ᠴᠤ᠌ ᠪᠣᠯᠤᠭᠠᠰᠠᠢ
ᠳᠤᠮᠳᠠ ᠪᠠᠨ ᠨᠦᠬᠡ ᠲᠡᠢ ᠴᠤ᠌ ᠪᠣᠯᠤᠭᠠᠰᠠᠢ
ᠪᠠᠷᠢᠭᠠᠳ ᠠᠪᠬᠤ ᠴᠤ᠌ ᠪᠣᠯᠤᠭᠠᠰᠠᠢ
ᠪᠠᠬ᠎ᠠ ᠪᠠᠨ ᠬᠠᠨᠲᠠᠯ᠎ᠠ ᠲᠣᠭᠯᠠᠬᠤ ᠰᠠᠨ
( ᠰᠣᠯᠣᠩᠬ᠋᠎ᠠ)
ᠪᠣᠷᠣᠭᠠᠨ ᠪ ᠬᠣᠶ᠋ᠢᠨ᠎ᠠ ᠢᠷᠡᠳᠡᠭ
ᠪᠤᠯᠪᠠᠷᠠᠢ ᠰᠠᠶ᠋ᠢᠬᠠᠨ ᠥᠩᠭᠡ ᠲᠡᠢ
ᠡᠮᠦᠨᠡᠬᠡᠨ ᠬᠠᠷᠠᠭᠲᠠᠬᠤ ᠪᠠᠶ᠋ᠢᠲᠠᠯ᠎ᠠ
ᠡᠭᠦᠷᠢᠲᠡ ᠶᠠᠪᠤᠭᠠᠳ ᠠᠭᠤᠯᠵᠠᠬᠤ ᠦᠭᠡᠢ
( ᠰᠣᠯᠣᠩᠬ᠋᠎ᠠ)
ᠡᠷᠢᠶᠡᠨ ᠳᠡᠭᠡᠰᠦ ᠶ᠋ᠢ
ᠡᠪᠬᠡᠵᠦ ᠪᠣᠯᠬᠤ ᠦᠭᠡᠢ
( ᠰᠣᠯᠣᠩᠬ᠋᠎ᠠ)
ᠶᠢᠰᠦᠨ ᠥᠩᠭᠡ ᠶ᠋ᠢᠨ ᠡᠷᠢᠶᠡᠨ ᠪᠥᠰ
ᠥᠨᠲᠥᠷ ᠳᠡᠭᠡᠷ᠎ᠡ ᠡᠯᠭᠦᠭᠡ ᠲᠡᠢ
ᠦᠵᠡᠬᠦ ᠳ᠋ᠤ᠌ ᠨᠢᠲᠦᠨ ᠡᠮᠦᠨ᠎ᠡ
ᠪᠠᠷᠢᠬᠤ ᠳ᠋ᠤ᠌ ᠭᠠᠷ ᠬᠦᠷᠬᠦ ᠦᠭᠡᠢ
( ᠰᠣᠯᠣᠩᠬ᠋᠎ᠠ)
ᠲᠠᠯ᠎ᠠ ᠳᠡᠭᠡᠷᠡᠬᠢ
ᠲᠠᠪᠤᠨ ᠥᠩᠭᠡ ᠶ᠋ᠢᠨ ᠳᠤᠷᠳᠤᠩ ᠊ᠢ
ᠡᠵᠢ ᠴᠤ᠌ ᠠᠪᠴᠤ ᠪᠣᠯᠬᠤ ᠦᠭᠡᠢ
ᠪᠢ ᠴᠤ᠌ ᠠᠪᠴᠤ ᠪᠣᠯᠬᠤ ᠦᠭᠡᠢ
( ᠰᠣᠯᠣᠩᠬ᠋᠎ᠠ)
ᠠᠯᠲᠠᠨ ᠲᠡᠮᠡᠭᠡ ᠠᠩᠭᠠᠰ ᠬᠢᠨ᠎ᠡ
ᠠᠷᠭᠠᠮᠵᠢᠨ ᠳᠡᠭᠡᠰᠦ ᠬᠦᠯᠢᠰ ᠬᠢᠨ᠎ᠡ
( ᠭᠢᠯᠪᠠᠬ᠋ᠠ)
ᠡᠨᠲᠡ ᠡᠴᠡ ᠬᠠᠷᠪᠤᠭᠰᠠᠨ ᠰᠤᠮᠤ
ᠪᠡᠭᠡᠵᠢᠩ ᠬᠦᠷᠴᠦ
ᠪᠡᠭᠡᠵᠢᠩ ᠡᠴᠡ ᠬᠠᠷᠪᠤᠭᠰᠠᠨ ᠰᠤᠮᠤ
ᠡᠨᠲᠡ ᠢᠷᠡᠨ᠎ᠡ
( ᠵᠠᠮ)
ᠬᠦᠵᠦᠭᠦᠦ ᠦᠭᠡᠢ ᠲᠡᠮᠡᠭᠡ
ᠬᠦᠷᠢᠶ᠎ᠡ ᠬᠦᠷᠦᠨ᠎ᠡ
( ᠵᠠᠮ)
ᠡᠷᠡᠦ ᠦᠭᠡᠢ ᠲᠡᠮᠡᠭᠡ
ᠡᠪᠡᠰᠦ ᠶ᠋ᠢ ᠪᠠᠷᠠᠨ᠎ᠠ
( ᠲᠦᠢᠮᠡᠷ)
ᠡᠮᠦᠨ᠎ᠡ ᠨᠢ ᠤᠯᠠᠭᠠᠨ ᠮᠣᠷᠢ ᠳᠠᠪᠬᠢᠯᠳᠤᠵᠤ
ᠬᠣᠶ᠋ᠢᠨ᠎ᠠ ᠠ᠋ᠴᠠ ᠨᠢ ᠬᠠᠷ᠎ᠠ ᠮᠣᠷᠢ ᠲᠣᠭᠯᠠᠨ᠎ᠠ
( ᠲᠦᠢᠮᠡᠷ)
ᠰᠢᠷ ᠪᠣᠲᠣᠭ ᠲᠠᠯᠪᠢᠬᠰᠠᠨ ᠦᠭᠡᠢ ᠪᠠᠶ᠋ᠢᠲᠠᠯ᠎ᠠ ᠥᠩᠭᠡ ᠨᠢ ᠤᠯᠠᠭᠠᠨ
ᠰᠢᠯᠢᠳᠡᠭ ᠰᠠᠶ᠋ᠢᠨ ᠶ᠋ᠢᠠᠨ ᠤᠨᠤᠭᠰᠠᠨ ᠦᠭᠡᠢ ᠪᠠᠶ᠋ᠢᠲᠠᠯ᠎ᠠ ᠶᠠᠪᠤᠬᠤ ᠨᠢ ᠲᠦᠷᠭᠡᠨ
ᠰᠢᠩᠭᠡᠬᠦ ᠬᠣᠲᠣᠭᠣᠲᠣ ᠦᠭᠡᠢ ᠪᠠᠶ᠋ᠢᠲᠠᠯ᠎ᠠ ᠢᠲᠡᠬᠦ ᠨᠢ ᠶᠡᠬᠡ
ᠰᠢᠯᠪᠢ ᠲᠣᠶ᠋ᠢᠬ ᠦᠭᠡᠢ ᠪᠠᠶ᠋ᠢᠲᠠᠯ᠎ᠠ ᠮᠥᠷ ᠨᠢ ᠬᠠᠷ᠎ᠠ
( ᠲᠦᠢᠮᠡᠷ)
ᠬᠡᠭᠡᠷ ᠮᠣᠷᠢ ᠲᠡᠯᠡᠮᠡᠨ ᠵᠢᠷᠣᠬ᠋᠎ᠠ
ᠬᠡᠪᠢᠰ ᠦ᠋ᠨ ᠬᠦᠯᠢᠮ ᠲᠠᠪᠢᠨ ᠵᠢᠷᠣᠬ᠋᠎ᠠ
ᠭᠠᠷ ᠦ᠋ᠨ ᠦᠵᠦᠭᠦᠷ ᠭᠠᠩᠬᠤᠨ ᠵᠢᠷᠣᠬ᠋᠎ᠠ
ᠭᠠᠵᠠᠷ ᠲᠩᠷᠢ ᠨᠡᠶ᠋ᠢᠯᠡᠮᠡ ᠵᠢᠷᠣᠬ᠋᠎ᠠ
( ᠲᠦᠢᠮᠡᠷ)
ᠭᠦᠶᠦᠨ ᠭᠦᠶᠦᠨ ᠰᠢᠷᠠᠭᠴᠢᠨ
ᠬᠦᠢᠴᠡᠭᠳᠡᠬᠦ ᠦᠭᠡᠢ ᠰᠢᠷᠠᠭᠴᠢᠨ
( ᠵᠡᠷᠭᠡᠯᠭᠡᠨ)
ᠲᠡᠷᠡ ᠲᠡᠨᠲᠡ ᠲᠡᠮᠡᠭᠡ ᠰᠢᠭ᠌
ᠲᠡᠭᠦᠨ ᠡᠴᠡ ᠨᠠᠭᠠᠭᠤᠷ ᠢᠮᠠᠬ᠋ᠠ ᠰᠢᠭ᠋
ᠠᠶ᠋ᠢᠯ ᠦ᠋ᠨ ᠭᠠᠲᠠᠨ᠎ᠠ ᠲᠠᠤᠯᠠᠢ ᠰᠢᠭ᠋
ᠮᠠᠨ ᠪ ᠭᠠᠲᠠᠨ᠎ᠠ ᠲᠠᠬᠢᠶ᠎ᠠ ᠰᠢᠭ᠋
( ᠵᠡᠷᠭᠡᠯᠭᠡᠨ)
ᠡᠷ᠎ᠡ ᠬᠥᠮᠦᠨ ᠪ ᠶᠠᠪᠤᠲᠠᠯ ᠰᠢᠭ᠋
ᠡᠷᠬᠡ ᠬᠡᠦᠬᠡᠳ ᠦ᠋ᠨ ᠲᠣᠭᠯᠠᠭᠠᠮ ᠰᠢᠭ᠋
( ᠵᠡᠷᠭᠡᠯᠭᠡᠨ)
ᠪᠠᠯ ᠶ᠋ᠢᠠᠷ ᠶᠠᠪᠤᠭᠰᠠᠨ ᠵᠠᠮ ᠰᠢᠭ᠋
ᠪᠡᠯᠡᠬᠡᠨ ᠪᠠᠷᠢᠬᠰᠠᠨ ᠪᠠᠶ᠋ᠢᠰᠢᠩ ᠰᠢᠭ᠋
( ᠵᠡᠷᠭᠡᠯᠭᠡᠨ)
ᠬᠦᠩ ᠬᠦᠩ ᠬᠦᠷᠢᠶᠡᠯᠡᠩ
ᠬᠦᠷᠡᠩ ᠮᠣᠷᠢ ᠵᠢᠷᠣᠭᠠᠯᠠᠩ
( ᠵᠡᠷᠭᠡᠯᠭᠡᠨ)
ᠨᠠᠷᠠᠨ ᠪ ᠳᠣᠣᠭᠤᠷ ᠨᠠᠭᠠᠤᠠᠴᠤ ᠪᠠᠶ᠋ᠢᠬᠤ ᠰᠢᠭ᠋
ᠨᠠᠪᠴᠢ ᠴᠡᠴᠡᠭ ᠳᠡᠯᠭᠡᠷᠡᠵᠦ ᠪᠠᠶ᠋ᠢᠬᠤ ᠰᠢᠭ᠋
ᠪᠥᠵᠥᠩ ᠲᠠᠤᠯᠠᠢ ᠪᠥᠩᠰᠢᠵᠦ ᠪᠠᠶ᠋ᠢᠬᠤ ᠰᠢᠭ᠋
ᠪᠥᠭᠡᠷ᠎ᠡ ᠵᠢᠷᠦᠬᠡ ᠳᠣᠭᠳᠣᠯᠵᠤ ᠪᠠᠶ᠋ᠢᠬᠤ ᠰᠢᠭ᠋
( ᠵᠡᠷᠭᠡᠯᠭᠡᠨ)
ᠲᠡᠨᠲᠡ ᠲᠡᠨᠲᠡ ᠲᠡᠮᠡᠭᠡ ᠰᠢᠬ
ᠲᠡᠬ᠋ᠷᠢ ᠶ᠋ᠢᠨ ᠬᠠᠶᠠᠭᠠᠨ ᠳ᠋ᠤ᠌ ᠢᠮᠠᠬ᠋ᠠ ᠰᠢᠭ᠋
ᠨᠠᠷᠠᠨ ᠳᠣᠣᠭᠤᠷ ᠨᠠᠭᠠᠲᠤᠮ ᠰᠢᠭ᠋
ᠨᠠᠴᠢᠨ ᠱᠣᠩᠬᠣᠷ ᠨᠢᠰᠬᠦ ᠰᠢᠭ᠌
( ᠵᠡᠷᠭᠡᠯᠭᠡᠨ)
ᠠᠴᠢᠶ᠎ᠠ ᠲᠠᠢ ᠲᠡᠮᠡᠭᠡ ᠶᠠᠪᠤᠵᠤ ᠪᠠᠶ᠋ᠢᠬᠤ ᠰᠢᠭ᠋
ᠠᠯᠲᠠᠨ ᠬᠣᠷᠭᠣᠢ ᠬᠡᠶ᠋ᠢᠰᠴᠦ ᠪᠠᠶ᠋ᠢᠬᠤ ᠰᠢᠭ᠋
ᠨᠠᠷᠠᠨ ᠲᠡᠬ᠋ᠷᠢ ᠨᠠᠶ᠋ᠢᠭᠤᠵᠤ ᠪᠠᠶ᠋ᠢᠬᠤ ᠰᠢᠭ᠋
ᠨᠠᠪᠴᠢ ᠴᠡᠴᠡᠭ ᠳᠡᠯᠭᠡᠷᠡᠵᠦ ᠪᠠᠶ᠋ᠢᠬᠤ ᠰᠢᠭ᠋
( ᠵᠡᠷᠭᠡᠯᠭᠡᠨ)
ᠪᠤᠲᠠᠯᠠᠩ ᠦ᠋ᠨ ᠠᠭᠤᠯᠠᠨ ᠪ ᠣᠷᠣᠢ ᠳᠡᠭᠡᠷ᠎ᠡ
ᠪᠤᠭᠤ ᠢᠷᠡᠵᠦ ᠣᠷᠣᠮᠲᠠᠪᠠ
ᠪᠣᠲᠣᠯᠬ᠋ᠠ ᠦᠭᠡᠢ ᠪᠠᠶ᠋ᠢᠲᠠᠯ᠎ᠠ
ᠡᠮᠡᠭᠡᠳ ᠢᠷᠡᠵᠦ ᠤᠬᠢᠯᠠᠪᠠ
( ᠪᠣᠷᠣᠭᠠᠨ)
ᠬᠦᠯ ᠦᠭᠡᠢ ᠪᠠᠶ᠋ᠢᠭᠠᠳ ᠶᠠᠪᠤᠲᠠᠭ
ᠨᠢᠲᠦ ᠦᠭᠡᠢ ᠪᠠᠶ᠋ᠢᠭᠠᠳ ᠤᠬᠢᠯᠠᠲᠠᠭ
( ᠪᠣᠷᠣᠭᠠᠨ)
ᠪᠤᠲᠠᠯᠠᠩ ᠠᠭᠤᠯᠠᠨ ᠪ ᠣᠷᠣᠢ ᠳᠡᠭᠡᠷ᠎ᠡ
ᠪᠤᠷᠬᠠᠨ ᠢᠷᠡᠵᠦ ᠳᠤᠤᠭᠠᠷᠪᠠ
ᠪᠤᠮᠠᠨ ᠡᠷᠲᠡᠨᠢ ᠪᠡᠨ ᠨᠢᠭᠤᠲᠠᠯᠠ
ᠪᠤᠭᠤᠷᠤᠯ ᠡᠮᠡᠭᠡᠨ ᠤᠬᠢᠯᠠᠪᠠ
( ᠪᠣᠷᠣᠭᠠᠨ)
ᠲᠠᠯᠠᠭᠠᠢ ᠴᠠᠭᠠᠨ ᠢᠮᠠᠬ᠋ᠠ
ᠳᠠᠯᠠᠨ ᠠᠭᠤᠯᠠ ᠳᠠᠪᠠᠨ᠎ᠠ
( ᠡᠭᠦᠯᠡ )
ᠥᠨᠳᠥᠷ ᠠ᠋ᠴᠠ ᠪᠤᠭᠤ ᠤᠷᠤᠮᠳᠠᠬᠤ ᠳᠤ
ᠦᠯᠦᠩ ᠠ᠋ᠴᠠ ᠰᠤᠭᠤ ᠭᠠᠷᠤᠨ᠎ᠠ
( ᠲᠩᠷᠢ ᠳᠤᠤᠭᠠᠷᠴᠤ ᠪᠣᠷᠣᠭᠠᠯᠠᠬᠤ )
ᠠᠮᠠ ᠦᠭᠡᠢ ᠪᠠᠶ᠋ᠢᠭᠠᠳ ᠠᠶ᠋ᠢᠬᠤᠪᠲᠤᠷ ᠤᠷᠲᠤ ᠬᠣᠭᠣᠯᠠᠢ ᠲᠠᠢ
ᠬᠡᠯᠡ ᠦᠭᠡᠢ ᠪᠠᠶ᠋ᠢᠭᠠᠳ
ᠬᠡᠨ ᠪᠦᠬᠦᠨ ᠢ ᠰᠣᠴᠢᠭᠠᠬᠤ ᠳᠠᠭᠤ ᠲᠠᠢ
ᠭᠠᠷ ᠦᠭᠡᠢ ᠪᠠᠶ᠋ᠢᠭᠠᠳ
ᠭᠠᠭᠴᠠ ᠴᠣᠬᠢᠭᠠᠳ ᠠᠯᠠᠳᠠᠭ
( ᠠᠶᠤᠩᠭ᠎ᠠ )
ᠬᠥᠨᠳᠡᠢ ᠮᠣᠳᠣᠨ ᠠ᠋ᠴᠠ
ᠬᠥᠬᠡ ᠰᠢᠪᠠᠭᠤ ᠨᠢᠰᠦᠨ᠎ᠡ
( ᠤᠲᠤᠭ᠎ᠠ )
ᠬᠠᠷᠠᠬᠤ ᠳᠤ ᠪᠡᠶ᠎ᠡ ᠲᠠᠢ
ᠪᠠᠷᠢᠬᠤ ᠳᠤ ᠬᠣᠭᠣᠰᠣᠨ
( ᠤᠲᠤᠭ᠎ᠠ )
ᠲᠣᠭᠣᠨᠣ ᠶ᠋ᠢᠨ ᠳᠡᠭᠡᠭᠦᠷ ᠲᠣᠭᠯᠠᠳᠠᠭ
ᠲᠣᠬᠣᠢ ᠪᠡᠶ᠎ᠡ ᠪᠠᠨ ᠵᠠᠩᠭᠢᠳᠤᠭᠠᠳ
ᠡᠷᠭᠢᠨ ᠳᠡᠭᠡᠭᠦᠷ ᠡᠷᠭᠢᠯᠳᠦᠳᠡᠭ
ᠡᠨᠡ ᠪᠡᠶ᠎ᠡ ᠪᠠᠨ ᠵᠠᠩᠭᠢᠳᠤᠭᠠᠳ
( ᠤᠲᠤᠭ᠎ᠠ )
ᠪᠠᠷ᠎ᠠ ᠦᠭᠡᠢ ᠵᠠᠮ ᠢᠶ᠋ᠠᠷ
ᠴᠢᠮᠡᠭᠡ ᠦᠭᠡᠢ ᠨᠡᠭᠦᠳᠡᠯ
( ᠤᠲᠤᠭ᠎ᠠ )
ᠲᠩᠷᠢ ᠲᠤᠯᠤᠮ᠎ᠠ
ᠲᠡᠮᠦᠷ ᠭᠣᠬ᠎ᠠ
( ᠤᠲᠤᠭ᠎ᠠ )
ᠭᠡᠷ ᠭᠡᠷ ᠤᠨ ᠣᠷᠣᠢ ᠳᠡᠭᠡᠷ᠎ᠡ
ᠬᠥᠬᠡ ᠯᠤᠤ ᠲᠣᠭᠯᠠᠨ᠎ᠠ
( ᠤᠲᠤᠭ᠎ᠠ )
ᠬᠠᠲᠠᠷᠢᠭᠠᠳ ᠵᠣᠭᠰᠣᠬᠤ ᠦᠭᠡᠢ
ᠬᠠᠷ᠎ᠠ ᠮᠣᠷᠢ
( ᠭᠣᠣᠯ )
ᠰᠥᠨᠢ ᠡᠳᠦᠷ ᠦᠭᠡᠢ ᠭᠦᠶᠦᠭᠡᠳ ᠯᠡ ᠪᠠᠶ᠋ᠢᠨ᠎ᠠ
ᠰᠡᠭᠦᠳᠡᠷ ᠦᠭᠡᠢ ᠬᠥᠳᠡᠯᠦᠭᠡᠳ ᠯᠡ ᠪᠠᠶ᠋ᠢᠨ᠎ᠠ
( ᠭᠣᠣᠯ )
ᠤᠷᠲᠤ ᠶ᠋ᠢᠨ ᠤᠷᠲᠤ ᠲᠣᠷᠭᠠᠨ ᠬᠠᠳᠠᠭ
ᠤᠭᠠᠯᠵᠠᠯᠠᠨ ᠮᠤᠰᠬᠢᠷᠤᠯᠳᠤᠭᠰᠠᠭᠠᠷ
ᠠᠯᠤᠰ ᠲᠤ᠌ ᠰᠤᠨᠤᠨ᠎ᠠ
( ᠭᠣᠣᠯ )
ᠨᠢᠭᠡ ᠦᠵᠦᠭᠦᠷ ᠨᠢ ᠠᠭᠤᠯᠠᠨ ᠳᠤ ᠰᠢᠷᠭᠤᠵᠤ
ᠨᠥᠭᠦᠭᠡ ᠦᠵᠦᠭᠦᠷ ᠨᠢ ᠳᠠᠯᠠᠢ ᠲᠠᠢ ᠵᠠᠯᠭᠠᠯᠳᠤᠨ᠎ᠠ
( ᠮᠥᠷᠡᠨ )
ᠰᠡᠯᠡᠮᠡᠨ ᠳᠤ ᠴᠠᠪᠴᠢᠬᠳᠠᠳᠠᠭ ᠦᠭᠡᠢ
ᠴᠠᠯᠮ᠎ᠠ ᠳᠤ ᠠᠪᠲᠠᠭᠳᠠᠳᠠᠭ ᠦᠭᠡᠢ
( ᠭᠣᠷᠣᠬ᠎ᠠ )
ᠦᠵᠡᠪᠡᠯ ᠥᠩᠭᠡ ᠦᠭᠡᠢ
ᠪᠠᠷᠢᠪᠠᠯ ᠳᠦᠷᠰᠦ ᠦᠭᠡᠢ
ᠡᠪᠦᠯ ᠬᠠᠲᠠᠭᠤ
ᠵᠤᠨ ᠵᠥᠭᠡᠯᠡᠨ
( ᠤᠰᠤ )
ᠬᠠᠵᠠᠭᠠᠷ ᠨᠣᠭᠲᠣ ᠦᠭᠡᠢ ᠵᠢᠷᠣᠭ᠎ᠠ ᠮᠣᠷᠢ
ᠬᠠᠲᠠᠷᠢᠭᠠᠳ ᠵᠣᠭᠰᠣᠬᠤ ᠦᠭᠡᠢ ᠬᠠᠷ᠎ᠠ ᠮᠣᠷᠢ
( ᠤᠰᠤ )
ᠠᠳᠬᠤᠭᠠᠳ ᠠᠳᠬᠤᠭᠳᠠᠬᠤ ᠦᠭᠡᠢ
ᠲᠡᠪᠡᠷᠢᠭᠡᠳ ᠲᠡᠪᠡᠷᠢᠭᠳᠡᠬᠦ ᠦᠭᠡᠢ
ᠠᠶ᠋ᠢᠯ ᠤᠨ ᠠᠮᠠᠷᠠᠭ
ᠠᠮᠢᠲᠠᠨ ᠤ ᠬᠣᠩᠭᠣᠷ
( ᠤᠰᠤ )
ᠤᠷᠤᠭᠤ ᠭᠠᠵᠠᠷ ᠮᠡᠯᠮᠡᠯᠵᠡᠳᠡᠭ
ᠥᠭᠡᠳᠡ ᠭᠠᠵᠠᠷ ᠡᠷᠭᠢᠯᠳᠦᠳᠡᠭ
ᠬᠠᠲᠠᠭᠤ ᠠ᠋ᠴᠠ ᠵᠠᠶ᠋ᠢᠯᠠᠳᠠᠭ
ᠵᠥᠭᠡᠯᠡᠨ ᠢ ᠵᠠᠬᠢᠷᠳᠠᠭ
ᠬᠥᠯ ᠦᠭᠡᠢ ᠪᠠᠶ᠋ᠢᠭᠠᠳ ᠭᠦᠶᠦᠭᠴᠢ
ᠬᠦᠷᠵᠡ ᠦᠭᠡᠢ ᠪᠠᠶ᠋ᠢᠭᠠᠳ ᠮᠠᠯᠲᠠᠭᠴᠢ
( ᠭᠣᠣᠯ ᠤᠨ ᠤᠰᠤ )
ᠬᠠᠲᠠᠭᠤ ᠪᠡᠬᠢ ᠪᠡᠶ᠎ᠡ ᠲᠠᠢ ᠠᠲᠠᠯ᠎ᠠ
ᠨᠠᠷᠠᠨ ᠤ ᠭᠡᠷᠡᠯ ᠠ᠋ᠴᠠ ᠠᠶᠤᠨ᠎ᠠ
ᠬᠠᠪᠤᠷ ᠤᠨ ᠠᠭᠤᠷ ᠣᠷᠣᠬᠤ ᠳᠤ
ᠬᠠᠭᠤᠴᠢᠨ ᠤ ᠵᠢᠰᠦ ᠪᠠᠨ ᠰᠡᠷᠭᠦᠭᠡᠨ᠎ᠡ
( ᠮᠥᠰᠥ )
ᠴᠠᠪᠴᠢᠪᠠᠴᠤ ᠴᠠᠪᠠ ᠭᠠᠷᠬᠤ ᠦᠭᠡᠢ
ᠴᠢᠴᠢᠪᠡᠴᠦ ᠨᠦᠬᠡ ᠭᠠᠷᠬᠤ ᠦᠭᠡᠢ
( ᠤᠰᠤ )
ᠪᠤᠵᠠᠷ ᠢ ᠠᠷᠢᠯᠭᠠᠬᠤ ᠳᠤ ᠪᠡᠶ᠎ᠡ ᠪᠠᠨ ᠴᠦᠯᠡᠨᠡ
ᠪᠤᠰᠤᠳ ᠤᠨ ᠠᠮᠢᠳᠤᠷᠠᠬᠤ ᠳᠤ ᠠᠮᠢ ᠪᠠᠨ ᠥᠭᠭᠦᠨ᠎ᠡ
( ᠤᠰᠤ )
ᠨᠢᠭᠤᠷ ᠦᠭᠡᠢ ᠪᠠᠶ᠋ᠢᠭᠠᠳ ᠲᠠᠨᠢᠯ ᠣᠯᠠᠨ
ᠨᠢᠳᠦ ᠦᠭᠡᠢ ᠪᠠᠶ᠋ᠢᠭᠠᠳ ᠦᠵᠡᠬᠦ ᠬᠣᠯᠠ
ᠬᠥᠯ ᠦᠭᠡᠢ ᠪᠠᠶ᠋ᠢᠭᠠᠳ ᠭᠦᠶᠦᠬᠦ ᠬᠤᠷᠳᠤᠨ
ᠪᠡᠶ᠎ᠡ ᠦᠭᠡᠢ ᠪᠠᠶ᠋ᠢᠭᠠᠳ ᠬᠦᠴᠦ ᠶᠡᠬᠡ
( ᠦᠶᠡᠷ ᠤᠨ ᠤᠰᠤ )
ᠤᠷᠲᠤ ᠬᠠᠷ᠎ᠠ ᠮᠣᠷᠢ
ᠤᠷᠭᠠᠯᠠᠵᠤ ᠭᠦᠢᠴᠡᠭᠳᠡᠬᠦ ᠦᠭᠡᠢ
( ᠭᠣᠣᠯ )
ᠴᠢᠨᠠᠭᠰᠠᠨ ᠴᠤ᠌ ᠪᠠᠷᠠᠭᠳᠠᠳᠠᠭ ᠦᠭᠡᠢ
ᠰᠢᠪᠬᠠᠭᠰᠠᠨ ᠴᠤ᠌ ᠳᠠᠭᠤᠰᠳᠠᠭ ᠦᠭᠡᠢ
( ᠤᠰᠤ )
ᠵᠢᠷᠣᠭ᠎ᠠ ᠬᠠᠷ᠎ᠠ ᠮᠣᠷᠢ
ᠵᠢᠭᠢᠮᠡ ᠵᠢᠷᠣᠭ᠎ᠠ ᠤᠨᠠᠭ᠎ᠠ ᠲᠠᠢ
( ᠤᠰᠤ ᠵᠢᠭᠠᠰᠤ )
ᠬᠥᠬᠡ ᠲᠩᠷᠢ ᠬᠥᠪᠬᠡᠯᠵᠡᠭᠡ
ᠬᠥᠨᠳᠡᠢ ᠮᠣᠳᠣ ᠨᠠᠬᠢᠯᠵᠠᠭ᠎ᠠ
( ᠤᠰᠤ ᠵᠠᠪᠢ )
ᠬᠥᠨᠳᠡᠢ ᠳᠤ
ᠬᠥᠬᠡ ᠲᠣᠬᠣᠮ
( ᠨᠠᠭᠤᠷ )
ᠲᠠᠯ᠎ᠠ ᠳᠤ ᠳᠣᠪᠣᠶ᠋ᠢᠬᠰᠠᠨ
ᠲᠠᠩᠭᠤᠳ ᠯᠠᠮᠠ ᠶ᠋ᠢᠨ ᠳᠣᠪᠣ
( ᠨᠣᠮᠣᠨ ᠰᠢᠷᠣᠢ )
ᠴᠡᠩᠬᠡᠷ ᠴᠠᠭᠠᠨ ᠥᠩᠭᠡᠲᠡᠢ
ᠴᠡᠯᠮᠡᠭ ᠣᠭᠲᠠᠷᠭᠤᠢ ᠳᠤ ᠭᠡᠷ ᠲᠠᠢ
ᠠᠶᠠᠯᠠᠬᠤ ᠠ᠋ᠴᠠ ᠠᠶᠤᠬᠤ ᠦᠭᠡᠢ
ᠰᠠᠯᠬᠢᠯᠠᠬᠤ ᠠ᠋ᠴᠠ ᠠᠶᠤᠳᠠᠭ
( ᠡᠭᠦᠯᠡ )
ᠲᠡᠷᠲᠡᠭᠡ ᠳᠡᠭᠡᠭᠦᠷ
ᠴᠢᠮᠡᠭᠡ ᠦᠭᠡᠢ ᠨᠡᠭᠦᠳᠡᠯ
( ᠡᠭᠦᠯᠡ )
ᠬᠥᠪᠥᠩ ᠭᠡᠬᠦ ᠳ᠋ᠤ᠌ ᠨᠣᠯᠣᠣᠷ ᠦᠭᠡᠢ
ᠬᠥᠨᠵᠢᠯᠡ ᠭᠡᠬᠦ ᠳ᠋ᠤ᠌ ᠵᠠᠬ᠎ᠠ ᠦᠭᠡᠢ
ᠭᠤᠯᠢᠷ ᠭᠡᠬᠦ ᠳ᠋ᠤ᠌ ᠤᠰᠤ ᠦᠭᠡᠢ
ᠤᠰᠤ ᠭᠡᠬᠦ ᠳ᠋ᠤ᠌ ᠮᠥᠬᠦᠯᠢᠭ ᠦᠭᠡᠢ
( ᠴᠠᠰᠤ )
ᠨᠠᠷᠠᠨ ᠪ ᠨᠠᠭᠠᠲᠠᠢ ᠨᠠᠭᠠᠲᠤᠭᠰᠠᠨ ᠰᠢᠭ᠋
ᠨᠠᠪᠴᠢ ᠴᠡᠴᠡᠭ ᠬᠠᠶᠠᠯᠠᠭᠰᠠᠨ ᠰᠢᠭ᠋
ᠠᠴᠢᠶ᠎ᠠ ᠲᠠᠢ ᠲᠡᠮᠡᠭᠡ ᠲᠣᠶ᠋ᠢᠯᠤᠭᠰᠠᠨ ᠰᠢᠭ᠋
ᠠᠷᠠᠰᠤ ᠤᠩᠭᠠᠰᠤ ᠪᠤᠲᠠᠷᠠᠭᠰᠠᠨ ᠰᠢᠭ᠋
( ᠴᠠᠰᠤ )
ᠬᠥᠢᠲᠡᠨ ᠬᠥᠭᠵᠢᠭᠡᠬᠦ ᠵᠢᠭᠡᠬᠦᠨ ᠬᠠᠰ ᠦ᠋ᠨ ᠬᠡᠮᠬᠡᠲᠡᠭ᠋
ᠬᠥᠯᠲᠡᠬᠦ ᠳ᠋ᠤ᠌ ᠳᠤᠰᠠᠲᠠᠢ ᠬᠥᠬᠡ ᠮᠥᠩᠭᠥᠨ ᠥᠷᠦᠪᠲᠡᠰᠦ
ᠬᠥᠮᠦᠨ ᠠᠮᠢᠲᠠᠨ ᠳ᠋ᠤ᠌ ᠬᠦᠰᠡᠭᠳᠡᠳᠡᠭ ᠦᠭᠡᠢ ᠪᠣᠯᠪᠠᠴᠤ
ᠬᠥᠷᠦᠰᠦᠲᠦ ᠳᠡᠯᠡᠬᠡᠢ ᠳ᠋ᠤ᠌ ᠭᠦᠴᠦ ᠰᠢᠮ᠎ᠡ ᠪᠣᠯᠲᠠᠭ
( ᠴᠠᠰᠤ )
ᠥᠪᠴᠢ ᠳᠡᠯᠡᠬᠡᠢ ᠶ᠋ᠢ ᠪᠦᠷᠬᠦᠭᠰᠡᠨ
ᠥᠩᠭᠡ ᠴᠠᠭᠠᠨ ᠳᠡᠪᠡᠯ
ᠡᠪᠦᠯ ᠥᠩᠭᠡᠷᠡᠬᠦ ᠶ᠋ᠢ ᠦᠵᠡᠪᠡᠯ
ᠦᠪᠡᠷ ᠲᠡᠭᠡᠨ ᠤᠷᠠᠭᠲᠠᠵᠤ ᠪᠠᠷᠠᠨ᠎ᠠ
( ᠴᠠᠰᠤ )
ᠪᠤᠭᠤᠷᠤᠯ ᠲᠡᠮᠡᠭᠡ ᠪᠥᠬᠦ ᠨᠢ ᠰᠠᠭᠰᠠᠶ᠋ᠢᠨᠠ
ᠪᠤᠶᠠᠨ ᠲᠥᠬᠦᠮ ᠰᠠᠬᠠᠯ ᠨᠢ ᠰᠠᠭᠰᠠᠶ᠋ᠢᠨᠠ
ᠬᠠᠷ᠎ᠠ ᠡᠷᠢᠶᠡᠨ ᠬᠠᠨᠴᠤᠢ ᠨᠢ ᠰᠠᠭᠰᠠᠶ᠋ᠢᠨᠠ
ᠬᠠᠨᠴᠤᠢ ᠲᠣᠲᠣᠷ᠎ᠠ ᠪᠦᠨᠲᠦᠶ᠋ᠢᠨ ᠰᠠᠭᠰᠠᠶ᠋ᠢᠨᠠ
( ᠴᠠᠰᠤ )
ᠴᠠᠭᠯᠠᠰᠢ ᠦᠭᠡᠢ ᠰᠠᠶ᠋ᠢᠬᠠᠨ ᠥᠩᠭᠡᠲᠡᠢ
ᠴᠠᠭᠠᠨ ᠮᠥᠩᠭᠦᠨ ᠴᠡᠴᠡᠭ
ᠦᠷ᠎ᠡ ᠰᠠᠴᠤᠬᠤ ᠦᠭᠡᠢ ᠠᠲᠠᠯ᠎ᠠ
ᠡᠪᠦᠯ ᠦ᠋ᠨ ᠴᠠᠭ ᠲᠦ ᠳᠡᠯᠭᠡᠷᠡᠨ᠎ᠡ
( ᠴᠠᠰᠤ )
ᠥᠪᠴᠢ ᠳᠡᠯᠡᠬᠡᠢ ᠶ᠋ᠢ ᠪᠦᠷᠬᠦᠭᠰᠡᠨ
ᠦᠰᠦ ᠲᠡᠢ ᠴᠠᠭᠠᠨ ᠳᠡᠪᠡᠯ
( ᠴᠠᠰᠤ )
ᠲᠤᠯᠠᠬ᠋ᠠ ᠬᠥᠬᠡ ᠲᠡᠮᠡᠭᠡᠨ ᠡᠴᠡ
ᠲᠤᠩ ᠴᠠᠭᠠᠨ ᠨᠣᠣᠰᠤ ᠤᠨᠠᠨ᠎ᠠ
( ᠴᠠᠰᠤ )
ᠤᠨᠠᠵᠤ ᠯᠠ ᠪᠠᠶ᠋ᠢᠨ᠎ᠠ
ᠨᠢᠰᠴᠦ ᠯᠠ ᠪᠠᠶ᠋ᠢᠨ᠎ᠠ
( ᠴᠠᠰᠤ )
ᠬᠣᠨᠢ ᠨᠢ ᠪᠡᠯᠴᠢᠵᠦ
ᠬᠣᠲᠠ ᠨᠢ ᠬᠣᠴᠣᠷᠴᠠᠢ
( ᠴᠠᠰᠤ ᠬᠠᠶ᠋ᠢᠯᠬᠤ )
ᠪᠠᠭᠤᠲᠠᠯ ᠦᠭᠡᠢ ᠤᠨᠠᠭᠠᠵᠤ
ᠵᠠᠵᠢᠯᠤᠯ ᠦᠭᠡᠢ ᠢᠲᠡᠨ᠎ᠡ
( ᠴᠠᠰᠤ ᠬᠠᠶ᠋ᠢᠯᠬᠤ )
ᠴᠠᠭᠠᠨ ᠮᠣᠷᠢ
ᠬᠠᠷ᠎ᠠ ᠣᠯᠤᠩ ᠲᠠᠢ
( ᠮᠦᠰᠦᠨ ᠬᠠᠷᠠᠤ )
ᠭᠠᠯ ᠳ᠋ᠤ᠌ ᠰᠢᠲᠠᠲᠠᠭ ᠦᠭᠡᠢ
ᠤᠰᠤᠨ ᠳ᠋ᠤ᠌ ᠲᠤᠨᠤᠲᠠᠭ ᠦᠭᠡᠢ
( ᠮᠦᠰᠦ )
ᠰᠢᠯ ᠦ᠋ᠨ ᠳᠣᠣᠭᠤᠷ
ᠰᠢᠪᠡᠨᠡᠯᠲᠦᠭᠡᠳ ᠪᠠᠶ᠋ᠢᠨ᠎ᠠ
( ᠮᠥᠰᠥ ᠤᠰᠤ )
ᠬᠠᠷ᠎ᠠ ᠲᠣᠷᠬ᠋᠎ᠠ ᠶ᠋ᠢ
ᠬᠠᠪᠠᠵᠤ ᠪᠣᠯᠲᠠᠭ ᠦᠭᠡᠢ
ᠰᠢᠷ᠎ᠠ ᠲᠣᠷᠬ᠋᠎ᠠ ᠶ᠋ᠢ
ᠱᠠᠭᠯᠠᠵᠤ ᠪᠣᠯᠲᠠᠭ ᠦᠭᠡᠢ
( ᠤᠰᠤ ᠭᠠᠯ )
ᠬᠠᠷ᠎ᠠ ᠪᠤᠬ᠎ᠠ
ᠬᠠᠶᠠᠭᠠᠨ ᠠ᠋ᠴᠠ ᠰᠠᠯᠲᠠᠭ ᠦᠭᠡᠢ
( ᠰᠡᠭᠦᠲᠡᠷ )
ᠬᠠᠪᠲᠠᠭᠠᠢ ᠴᠢᠯᠠᠭᠤ ᠶ᠋ᠢ
ᠬᠠᠭᠠᠯᠵᠤ ᠪᠣᠯᠬᠤ ᠦᠭᠡᠢ
( ᠰᠡᠭᠦᠲᠡᠷ )
ᠪᠤᠯᠠᠵᠤ ᠪᠣᠯᠲᠠᠭ ᠦᠭᠡᠢ
ᠪᠤᠯᠤ ᠬᠠᠷ᠎ᠠ ᠴᠢᠯᠠᠭᠤ
( ᠰᠡᠭᠦᠲᠡᠷ )
ᠬᠠᠲᠠᠨ ᠪ ᠬᠠᠵᠠᠭᠤ ᠳ᠋ᠤ᠌
ᠬᠠᠷ᠎ᠠ ᠲᠣᠷᠬ᠋᠎ᠠ
( ᠰᠡᠭᠦᠲᠡᠷ )
ᠣᠷᠣᠪᠠᠴᠤ ᠴᠤᠭ
ᠭᠠᠷᠪᠠᠴᠤ ᠴᠤᠭ
ᠭᠡᠷᠡᠯ ᠲᠡᠢ ᠭᠠᠵᠠᠷ ᠬᠠᠮᠲᠤ ᠶᠠᠪᠤᠬᠤ ᠠ᠋ᠴᠠ ᠪᠢᠰᠢ
ᠬᠠᠷᠠᠩᠭᠤᠢ ᠭᠠᠵᠠᠷ ᠬᠠᠨᠢ ᠪᠣᠯᠬᠤ ᠦᠭᠡᠢ
( ᠰᠡᠭᠦᠲᠡᠷ )
ᠡᠲᠦᠷ ᠦ᠋ᠨ ᠭᠡᠭᠡ ᠲᠡᠢ ᠳ᠋ᠤ᠌ ᠨᠥᠬᠥᠴᠡᠭᠡᠳ ᠭᠦᠶᠦᠨ᠎ᠡ
ᠦᠲᠡᠰᠢ ᠶ᠋ᠢᠨ ᠬᠠᠷᠠᠩᠭᠤᠢ ᠳ᠋ᠤ᠌ ᠰᠠᠯᠤᠭᠠᠳ ᠣᠲᠤᠨᠠ
( ᠰᠡᠭᠦᠲᠡᠷ )
ᠬᠠᠶ᠋ᠢᠷᠠᠲᠤ ᠡᠵᠢ ᠶ᠋ᠢᠨ ᠮᠢᠨᠢ
ᠬᠢᠵᠦ ᠥᠭᠭᠦᠭᠰᠡᠨ
ᠬᠠᠷ᠎ᠠ ᠪᠠᠷᠢᠨᠲᠠᠭ
ᠬᠡᠵᠢᠶ᠎ᠡ ᠴᠤ᠌ ᠨᠠᠮᠠᠶ᠋ᠢ ᠳᠠᠭᠠᠨ᠎ᠠ
( ᠰᠡᠭᠦᠲᠡᠷ )
ᠡᠲᠦᠷ ᠲᠡᠭᠡᠨ ᠬᠣᠶᠠᠭᠤᠯᠠ
ᠰᠥᠨᠢ ᠳ᠋ᠡᠭᠡᠨ ᠭᠠᠭᠴᠠᠭᠠᠷ
( ᠰᠡᠭᠦᠲᠡᠷ )
ᠲᠠᠯ᠎ᠠ ᠳᠡᠭᠡᠭᠦᠷ ᠲᠠᠯᠪᠢᠨ᠎ᠠ
ᠲᠠᠰᠢᠭᠤᠷ ᠦᠭᠡᠢ ᠭᠤᠶᠠᠲᠠᠨᠠ
( ᠰᠢᠭᠤᠷᠭᠠᠨ )
ᠵᠠᠯᠠᠭᠤ ᠵᠥᠭᠡᠯᠡᠨ ᠊ᠢ ᠳᠠᠷᠤᠯᠠᠨ
ᠵᠠᠯᠢᠬᠠᠢ ᠬᠠᠲᠠᠭᠤ ᠠ᠋ᠴᠠ ᠵᠠᠶ᠋ᠢᠯᠠᠨ
ᠵᠠᠪᠰᠠᠷ ᠪᠠᠶ᠋ᠢᠪᠠᠯ ᠰᠢᠷᠭᠤᠯᠠᠵᠤ
ᠵᠠᠢ ᠦᠭᠡᠢ ᠪᠣᠯ ᠪᠤᠴᠠᠨ᠎ᠠ
( ᠰᠠᠯᠬᠢᠨ )
ᠭᠦᠶᠦᠪᠡᠯ ᠬᠦᠢᠴᠡᠭᠳᠡᠬᠦ ᠦᠭᠡᠢ
ᠬᠦᠴᠦᠯᠡᠪᠡᠯ ᠳᠡᠢᠯᠦᠭᠳᠡᠬᠦ ᠦᠭᠡᠢ
ᠪᠠᠷᠢᠪᠠᠯ ᠪᠡᠶ᠎ᠡ ᠦᠭᠡᠢ
ᠪᠠᠶ᠋ᠢᠯᠲᠤᠪᠠᠯ ᠪᠠᠷ᠎ᠠ ᠦᠭᠡᠢ
( ᠰᠠᠯᠬᠢᠨ )
ᠬᠥᠨᠲᠡᠢ ᠳ᠋ᠤ᠌ ᠭᠦᠶᠦᠪᠡᠯ
ᠬᠥᠯ ᠦᠭᠡᠢ ᠭᠣᠶ᠋ᠢᠪᠠᠯ
ᠲᠠᠯ᠎ᠠ ᠳᠡᠭᠡᠷ᠎ᠡ ᠲᠠᠶ᠋ᠢᠪᠢᠩ
ᠲᠠᠰᠢᠭᠤᠷ ᠦᠭᠡᠢ ᠭᠤᠶ᠋ᠢᠪᠢᠩ
( ᠰᠠᠯᠬᠢᠨ )
ᠬᠡᠭᠡᠷ ᠮᠣᠷᠢ ᠨᠢ ᠬᠠᠶ᠋ᠢᠪᠢᠩ ᠵᠢᠷᠣᠬ᠋᠎ᠠ
ᠬᠡᠪᠢᠰᠦᠨ ᠬᠥᠯᠢᠮ ᠨᠢ ᠳᠡᠪᠢᠨ ᠵᠢᠷᠣᠬ᠋᠎ᠠ
ᠴᠣᠬᠣᠷ ᠮᠣᠷᠢ ᠨᠢ ᠴᠣᠮᠣᠨ ᠵᠢᠷᠣᠬ᠋᠎ᠠ
ᠴᠢᠨᠣ᠎ᠠ ᠶ᠋ᠢᠨ ᠬᠦᠷᠮ᠎ᠡ ᠪᠡᠨ ᠲᠠᠶ᠋ᠢᠯᠤᠨ ᠵᠢᠷᠣᠬ᠋᠎ᠠ
( ᠰᠠᠯᠬᠢᠨ )
ᠪᠠᠶ᠋ᠢᠨ᠎ᠠ ᠭᠡᠬᠦᠯᠡᠷ ᠪᠠᠷ᠎ᠠ ᠨᠢ ᠦᠵᠡᠭᠳᠡᠬᠦ ᠦᠭᠡᠢ
ᠪᠠᠷᠢᠨ᠎ᠠ ᠭᠡᠬᠦᠯᠡᠷ ᠪᠡᠶ᠎ᠡ ᠨᠢ ᠬᠠᠷᠠᠭᠲᠠᠬᠤ ᠦᠭᠡᠢ
ᠪᠢᠨᠳᠠᠷᠢᠶ᠎ᠠ ᠳᠡᠯᠡᠬᠡᠢ ᠶ᠋ᠢᠨ ᠪᠠᠶᠠᠨ ᠬᠥᠷᠥᠩᠭᠡ
ᠪᠠᠶ᠋ᠢᠳᠠᠭ ᠠᠮᠢᠲᠠᠨ ᠤ ᠠᠮᠢᠨ ᠬᠠᠨᠢ
( ᠠᠭᠠᠷ )
ᠤᠷᠤᠰᠤᠭᠠᠳ ᠪᠠᠷᠠᠭᠲᠠᠬᠤ ᠦᠭᠡᠢ
ᠤᠷᠭᠠᠯᠠᠭᠠᠳ ᠪᠠᠷᠢᠬᠳᠠᠬᠤ ᠦᠭᠡᠢ
ᠤᠤᠭᠤᠵᠤ ᠢᠳᠡᠭᠡᠳ ᠴᠠᠳᠬᠤ ᠦᠭᠡᠢ ᠴᠤ᠌
ᠤᠷᠭᠤᠮᠠᠯ ᠠᠮᠢᠲᠠᠨ ᠳᠤ ᠳᠤᠲᠠᠵᠤ ᠪᠣᠯᠬᠤ ᠦᠭᠡᠢ
( ᠠᠭᠠᠷ )
ᠲᠥᠷᠥᠭᠰᠡᠨ ᠪᠡᠶ᠎ᠡ ᠨᠢ ᠬᠠᠲᠠᠭᠤ ᠪᠥᠭᠡᠳ ᠠᠮᠢ ᠦᠭᠡᠢ
ᠬᠠᠯᠠᠭᠤᠨ ᠳᠤ ᠬᠠᠯᠠᠬᠤ ᠴᠤ᠌ ᠦᠭᠡᠢ
ᠬᠥᠢᠲᠡᠨ ᠳᠦ ᠬᠦᠷᠬᠦ ᠴᠤ᠌ ᠦᠭᠡᠢ
ᠬᠦᠮᠦᠨ ᠪᠠᠰᠠ ᠪᠢᠰᠢᠷᠡᠬᠦ ᠴᠤ᠌ ᠦᠭᠡᠢ
( ᠴᠢᠯᠠᠭᠤ )
ᠪᠠᠷᠢᠬᠤ ᠳᠤ ᠪᠡᠶ᠎ᠡ ᠦᠭᠡᠢ
ᠦᠵᠡᠬᠦ ᠳᠦ ᠦᠩᠭᠡ ᠦᠭᠡᠢ
ᠡᠭᠦᠷᠢᠳᠡ ᠶ᠋ᠢᠨ ᠴᠢᠨᠠᠷᠲᠠᠢ
ᠡᠳᠦᠷ ᠪᠦᠷᠢ ᠪᠠᠶ᠋ᠢᠳᠠᠭ
ᠴᠠᠭ ᠪᠦᠷᠢ ᠬᠤᠪᠢᠷᠠᠳᠠᠭ
ᠴᠠᠭᠯᠠᠰᠢ ᠦᠭᠡᠢ ᠬᠡᠮᠵᠢᠶᠡᠲᠡᠢ
( ᠬᠡᠢ ᠠᠭᠠᠷ )
ᠥᠷᠥᠰᠢᠶᠡᠬᠦ ᠶ᠋ᠢ ᠮᠡᠳᠡᠬᠦ ᠦᠭᠡᠢ
ᠦᠷᠪᠦᠭᠡᠷ ᠬᠠᠷ᠎ᠠ ᠠᠪᠤ
ᠦᠢ ᠣᠯᠠᠨ ᠤ ᠪᠠᠶᠠᠰᠬᠤᠯᠠᠩ
ᠦᠵᠡᠰᠭᠦᠯᠡᠩᠲᠦ ᠭᠤᠸ᠋᠎ᠠ ᠦᠬᠢᠨ
( ᠡᠪᠦᠯ ᠵᠤᠨ )
ᠬᠥᠯ ᠦᠭᠡᠢ ᠪᠠᠶ᠋ᠢᠲᠠᠯ᠎ᠠ ᠲᠤᠷᠠᠵᠤ ᠪᠦᠳᠦᠷᠢᠬᠦ ᠦᠭᠡᠢ ᠶᠠᠪᠤᠬᠤ
ᠬᠥᠳᠡᠭᠡ ᠲᠠᠯ᠎ᠠ ᠳᠤ ᠴᠢᠨᠡᠭᠡ ᠪᠡᠷ ᠢᠶ᠋ᠠᠨ ᠳᠣᠪᠲᠣᠯᠪᠠᠴᠤ ᠲᠣᠭᠣᠰᠣ ᠦᠯᠦ ᠭᠠᠷᠬᠤ
ᠬᠥᠨᠳᠡᠯᠡᠨ ᠮᠣᠷᠣᠢ ᠶᠠᠪᠤᠭᠰᠠᠨ ᠴᠤ᠌ ᠵᠣᠷᠢᠬᠰᠠᠨ ᠭᠠᠵᠠᠷ ᠲᠠᠭᠠᠨ ᠬᠦᠷᠬᠦ
ᠬᠦᠮᠦᠨ ᠠᠮᠢᠲᠠᠨ ᠳᠤ ᠲᠤᠰᠠᠲᠠᠢ ᠪᠣᠯᠪᠠᠴᠤ ᠪᠠᠰᠠᠴᠤ ᠠᠶᠤᠮᠰᠢᠬᠲᠠᠢ
( ᠦᠶᠡᠷ )
ᠦᠰᠦᠭ ᠠᠮᠢᠯᠠᠭᠤᠯᠤᠭᠰᠠᠨ ᠨᠢ : ᠳ᠋ᠦ᠋ᠩ ᠹᠧᠩ ᠂ ᠮᠢᠩᠭᠠᠳ · ᠴᠢᠮᠡᠭ ᠂ ᠬᠠᠷᠠᠨᠤᠳ · ᠲᠤᠶᠠᠭ᠎ᠠ ᠂
ᠬᠠᠳᠠᠴᠢ · ᠤᠷᠠᠨ᠎ᠠ ᠂ ᠣᠶᠤᠨᠲᠤᠨᠠᠯ ᠂ ᠠᠯᠲᠠᠨᠲᠤᠶᠠᠭ᠎ᠠ
ᠬᠢᠨᠠᠭᠴᠢ ᠄ ᠬᠠᠷᠠᠨᠤᠳ · ᠲᠤᠶᠠᠭ᠎ᠠ ᠂ ᠮᠢᠩᠭᠠᠳ · ᠴᠢᠮᠡᠭ
