ᠬᠠᠯᠢᠮᠠᠭ ᠤᠯᠤᠰ ᠤᠨ ᠲᠤᠬᠠᠢ ᠥᠭᠦᠯᠡᠬᠦ ᠨᠢХалимаг улсын тухай өгүүлэх нь ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠯᠢᠮᠠᠭ ᠤᠯᠤᠰ ᠤᠨ ᠲᠤᠬᠠᠢ ᠥᠭᠦᠯᠡᠬᠦ ᠨᠢХалимаг улсын тухай өгүүлэх нь

ᠬᠠᠯᠢᠮᠠᠭ ᠤᠯᠤᠰ ᠤᠨ ᠲᠤᠬᠠᠢ ᠥᠭᠦᠯᠡᠬᠦ ᠨᠢХалимаг улсын тухай өгүүлэх нь

2023-04-14

617

ᠬᠠᠯᠢᠮᠠᠭ ᠤᠯᠤᠰ ᠤᠨ ᠲᠤᠬᠠᠢ ᠥᠭᠦᠯᠡᠬᠦ ᠨᠢ

ᠬᠠᠯᠢᠮᠠᠭ ᠤᠯᠤᠰ ᠤᠨ ᠲᠤᠬᠠᠢ ᠥᠭᠦᠯᠡᠬᠦ ᠨᠢ
        ᠬᠠᠯᠢᠮᠠᠭᠴᠤᠳ ᠲᠤᠰᠠᠭᠠᠷ ᠲᠣᠭᠲᠠᠨᠢᠯ ᠢ᠋ᠶ᠋ᠠᠨ ᠲᠡᠮᠡᠴᠡᠨ ᠣᠯᠤᠭᠰᠠᠨ ᠨᠢ  
  ᠤᠪᠠᠰᠢ ᠬᠠᠨ ᠢ᠋ ᠳᠠᠭᠠᠵᠤ ᠢᠷᠡᠭᠰᠡᠨ ᠦᠭᠡᠢ ᠸᠣᠯᠭ᠎ᠠ ᠮᠥᠷᠡᠨ ᠦ᠌ ᠪᠠᠷᠠᠭᠤᠨ ᠡᠷᠭᠢ ᠳ᠋ᠦ᠍ ᠬᠣᠴᠣᠷᠴᠤ ᠦᠯᠡᠳᠡᠭᠰᠡᠨ — ᠬᠠᠯᠢᠮᠠᠭᠴᠤᠳ ᠲᠤ᠌ ᠣᠷᠣᠰ ᠤ᠋ᠨ ᠡᠮᠡᠭᠲᠡᠢ ᠬᠠᠭᠠᠨ ᠶᠧᠺᠲ᠋ᠧᠷᠢᠨᠠ ᠬᠣᠶᠠᠳᠤᠭᠠᠷ᠂ ᠬᠠᠯᠢᠮᠠᠭᠴᠤᠳ  ᠤᠨ ᠲᠤᠰᠠᠭᠠᠷ ᠲᠣᠭᠲᠠᠨᠢᠯ ᠤ᠋ᠨ ᠡᠷᠬᠡ ᠶ᠋ᠢ ᠪᠦᠷᠢᠮᠦᠰᠦᠨ ᠬᠠᠰᠤᠭᠠᠳ 1772 ᠣᠨ ᠠ᠋ᠴᠠ ᠡᠬᠢᠯᠡᠨ ᠠᠰᠲ᠋ᠠᠷᠬᠠᠨ ᠮᠣᠵᠢ ᠶ᠋ᠢᠨ ᠬᠠᠮᠤᠭ ᠳᠡᠭᠡᠳᠦ ᠬᠢᠨᠠᠯᠲᠠ ᠳ᠋ᠤ᠌ ᠣᠷᠣᠭᠤᠯᠪᠠ᠃ ᠣᠷᠣᠰ ᠤ᠋ᠨ 10 ᠰᠠᠷ᠎ᠠ ᠶ᠋ᠢᠨ ᠬᠤᠪᠢᠰᠬᠠᠯ ᠤ᠋ᠨ ᠢᠯᠠᠯᠲᠠ ᠣᠯᠲᠠᠯ᠎ᠠ ᠬᠠᠯᠢᠮᠠᠭᠴᠤᠳ 145 ᠵᠢᠯ ᠣᠷᠣᠰ ᠤ᠋ᠨ ᠴᠠᠭᠠᠨ ᠬᠠᠭᠠᠨ ᠤ᠋ ᠳᠠᠷᠤᠩᠭᠤᠢᠯᠠᠯ ᠳ᠋ᠤ᠌ ᠣᠷᠣᠰᠢᠨ ᠠᠮᠢᠳᠤᠷᠠᠵᠤ ᠪᠠᠢᠪᠠ᠃ 
  ᠯᠧᠨᠢᠨ ᠦ᠌ ᠤᠳᠤᠷᠢᠳᠤᠭᠰᠠᠨ 10 ᠰᠠᠷ᠎ᠠ ᠶ᠋ᠢᠨ ᠬᠤᠪᠢᠰᠬᠠᠯ ᠣᠷᠣᠰ ᠤ᠋ᠨ ᠬᠠᠭᠠᠨᠲᠤ ᠲᠥᠷᠥ ᠶ᠋ᠢ ᠲᠦᠯᠬᠢᠨ ᠤᠨᠠᠭᠠᠬᠤ ᠲᠡᠢᠨ ᠳ᠋ᠦ᠍ ᠬᠠᠯᠢᠮᠠᠭᠴᠤᠳ᠂ ᠬᠠᠷᠴᠠᠭᠠᠢ ᠪᠦᠷᠭᠦᠳ ᠬᠠᠯᠢᠨ ᠰᠤᠮᠤᠳᠠᠬᠤ ᠰᠢᠭ᠋ ᠪᠠᠭᠠᠲᠤᠷᠯᠢᠭ ᠢ᠋ᠶ᠋ᠠᠷ ᠣᠷᠣᠯᠴᠠᠵᠤ ᠦᠯᠡᠮᠵᠢ ᠣᠯᠠᠨ ᠶᠡᠬᠡ ᠭᠠᠪᠢᠶ᠎ᠠ ᠪᠠᠢᠭᠤᠯᠤᠭᠰᠠᠨ ᠶᠤᠮ᠃ ᠵᠥᠪᠯᠡᠯᠲᠦ ᠶ᠋ᠢᠨ ᠬᠤᠪᠢᠰᠬᠠᠯ ᠤ᠋ᠨ ᠦᠶ᠎ᠡ ᠤᠯᠤᠰ ᠠ᠋ᠴᠠ ᠡᠷᠭᠦᠮᠵᠢᠯᠡᠭᠰᠡᠨ 27 ᠪᠠᠭᠠᠲᠤᠷ ᠤ᠋ᠨ ᠳᠤᠮᠳᠠ ᠬᠠᠯᠢᠮᠠᠭᠴᠤᠳ ᠠᠷᠪᠠᠭᠠᠳ ᠬᠥᠮᠦᠨ ᠪᠠᠢᠨ᠎ᠠ᠃ ᠠᠷᠪᠠᠨ ᠰᠠᠷ᠎ᠠ ᠶ᠋ᠢᠨ ᠬᠤᠪᠢᠰᠬᠠᠯ ᠦᠨᠳᠦᠰᠦᠲᠡᠨ ᠨᠦ᠍ᠭᠦᠳ ᠦ᠋ᠨ ᠲᠤᠰᠠᠭᠠᠷ ᠲᠣᠭᠲᠠᠨᠢᠯ ᠪᠠ ᠴᠢᠯᠥᠭᠡᠯᠡᠯᠲᠡ ᠶ᠋ᠢ ᠠᠪᠴᠢᠷᠠᠨ ᠦᠭᠬᠦᠯ᠎ᠡ᠃ ᠡᠯ᠎ᠡ ᠦᠨᠳᠦᠰᠦᠲᠡᠨ ᠵᠠᠯᠭ᠎ᠠ ᠵᠠᠯᠭ᠎ᠠ ᠪᠠᠷ ᠲᠤᠰᠠᠭᠠᠷ ᠲᠣᠭᠲᠠᠨᠢᠭᠰᠠᠨ ᠪᠦᠭᠦᠳᠡ ᠨᠠᠢᠷᠠᠮᠳᠠᠬᠤ ᠤᠯᠤᠰ ᠣᠷᠣᠨ ᠢ᠋ ᠪᠠᠢᠭᠤᠯᠬᠤ ᠠᠵᠠ ᠵᠠᠪᠰᠢᠶᠠᠨ ᠢ᠋ᠶ᠋ᠠᠷ ᠬᠠᠯᠢᠮᠠᠭᠴᠤᠳ 1920 ᠣᠨ ᠳ᠋ᠤ᠌ 《 ᠬᠠᠯᠢᠮᠠᠭ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ》 ᠢ ᠪᠠᠢᠭᠤᠯᠵᠤ 1935 ᠣᠨ ᠳ᠋ᠤ᠌ 《ᠪᠦᠭᠦᠳᠡ ᠨᠠᠢᠷᠠᠮᠳᠠᠬᠤ ᠬᠠᠯᠢᠮᠠᠭ ᠮᠣᠩᠭᠣᠯ ᠤᠯᠤᠰ》 ᠭᠡᠵᠦ ᠥᠭᠡᠷᠡᠴᠢᠯᠡᠪᠡ᠃ 
  ᠯᠧᠨᠢᠨ ᠨᠠᠰᠤ ᠪᠠᠷᠠᠭᠰᠠᠨ ᠤ᠋ ᠳᠠᠷᠠᠭ᠎ᠠ᠂ ᠰᠲ᠋ᠠᠯᠢᠨ ᠬᠤᠪᠢᠰᠬᠠᠯ ᠢ᠋ ᠡᠰᠡᠷᠭᠦᠴᠡᠭᠴᠢᠳ ᠢ᠋ ᠴᠡᠪᠡᠷᠯᠡᠬᠦ ᠬᠥᠳᠡᠯᠭᠡᠭᠡᠨ ᠭᠡᠮᠡᠨ ᠥᠷᠨᠢᠭᠦᠯᠵᠦ ᠬᠠᠯᠢᠮᠠᠭᠴᠤᠳ ᠲᠤ᠌ ᠴᠢᠰᠤᠲᠤ ᠳᠠᠷᠤᠩᠭᠤᠢᠯᠠᠯ ᠶᠠᠪᠤᠭᠤᠯᠪᠠ᠃ ᠳᠡᠯᠡᠬᠡᠢ ᠶ᠋ᠢᠨ ᠬᠣᠶᠠᠳᠤᠭᠠᠷ ᠲᠡᠢᠨ ᠦ᠌ ᠬᠤᠭᠤᠴᠠᠭᠠᠨ ᠳ᠋ᠤ᠌ 1943 ᠣᠨ ᠳ᠋ᠤ᠌ ᠬᠠᠯᠢᠮᠠᠭᠴᠤᠳ ᠢ᠋ ᠭᠧᠷᠮᠠᠨ ᠤ᠋ ᠹᠠᠰᠢᠰ᠂ ᠡᠾᠢᠲᠯᠧᠷ ᠲᠡᠢ ᠰᠦᠯᠪᠡᠭᠡᠯᠳᠦᠪᠡ 《ᠢᠲᠡᠭᠡᠯ ᠦᠭᠡᠢ ᠬᠥᠮᠦᠰ》 ᠭᠡᠵᠦ ᠴᠦᠯᠡᠯᠭᠡ ᠬᠢᠪᠡ᠃ ᠬᠠᠯᠢᠮᠠᠭ ᠤ᠋ᠨ ᠨᠡᠢᠰᠯᠡᠯ — ᠡᠯᠡᠰᠦᠲᠡᠢ ᠶ᠋ᠢ 12 ᠰᠠᠷ᠎ᠠ ᠶ᠋ᠢᠨ 27 ᠤ ᠡᠳᠦᠷ ᠦ᠋ᠨ ᠰᠥᠨᠢ ᠶ᠋ᠢᠨ ᠭᠦᠨ ᠢ᠋ᠶ᠋ᠡᠷ ᠭᠡᠨᠡᠳᠲᠡ 10 ᠲᠦᠮᠡᠨ ᠴᠡᠷᠢᠭ ᠪᠦᠰᠡᠯᠡᠵᠦ ᠬᠣᠶᠠᠷᠬᠠᠨ ᠡᠳᠦᠷ ᠲᠦ᠍ ᠪᠦᠬᠦᠨ ᠢ᠋ ᠮᠠᠰᠢᠨ ᠲᠡᠷᠭᠡᠨ ᠳ᠋ᠦ᠍ ᠲᠡᠭᠡᠭᠡᠵᠦ ᠫᠤᠤ ᠲᠤᠯᠭᠠᠨ ᠪᠢᠲᠡᠭᠦᠦ ᠭᠠᠯ ᠳᠡᠷᠭᠡᠨ᠎ᠡ ᠬᠥᠭᠡᠭᠡᠨ ᠭᠠᠷᠭᠠᠬᠤ ᠳ᠋ᠤ᠌ ᠬᠥᠮᠦᠨ ᠪᠦᠷᠢ ᠵᠥᠪᠬᠡᠨ ᠬᠣᠷᠢᠨ ᠺᠢᠯᠣᠭ᠌ᠷᠠᠮ ᠡᠳ᠋ ᠠᠪᠬᠤ ᠳ᠋ᠤ᠌ ᠬᠢᠵᠠᠭᠠᠷᠯᠠᠵᠤ ᠪᠣᠢᠳᠠ ᠪᠥᠭᠯᠡᠭᠦᠦ ᠬᠠᠬᠢᠷ ᠬᠦᠢᠲᠡᠨ ᠪᠠᠷᠠᠭᠤᠨ ᠰᠢᠪᠧᠷᠢᠶ᠎ᠡ ᠳ᠋ᠦ᠍ ᠬᠠᠷᠭᠢᠰ ᠬᠡᠷᠴᠡᠭᠡᠢ ᠪᠡᠷ ᠴᠦᠯᠡᠵᠦ ᠳᠠᠷᠤᠩᠭᠤᠢᠯᠠᠪᠠ᠃ ᠵᠠᠷᠢᠮ ᠮᠠᠲ᠋ᠧᠷᠢᠶᠠᠯ ᠳ᠋ᠤ᠌᠂ ᠴᠥᠯᠡᠯᠭᠡ ᠳ᠋ᠦ᠍ 20 ᠲᠦᠮᠡᠨ ᠬᠥᠮᠦᠨ ᠦ᠌ 11 ᠲᠦᠮᠡ ᠨᠢ ᠦᠬᠦᠯ᠎ᠡ ᠭᠡᠳᠡᠭ᠃ ᠬᠠᠯᠢᠮᠠᠭᠴᠤᠳ ᠤ᠋ᠨ ᠥᠪᠡᠷᠲᠡᠭᠡᠨ ᠵᠠᠰᠠᠬᠤ ᠡᠷᠬᠡ ᠢᠩᠭᠢᠵᠦ ᠬᠠᠰᠤᠭᠳᠠᠭᠰᠠᠨ  ᠢᠶᠠᠷ ᠪᠠᠷᠠᠬᠤ ᠦᠭᠡᠢ᠂ ᠬᠠᠯᠢᠮᠠᠭ ᠬᠡᠯᠡ ᠪᠡᠷ ᠢ᠋ᠶ᠋ᠡᠨ ᠶᠠᠷᠢᠯᠴᠠᠬᠤ᠂ ᠬᠠᠯᠢᠮᠠᠭ ᠨᠡᠷ᠎ᠡ ᠠᠪᠬᠤ ᠵᠢᠴᠢ ᠬᠠᠯᠢᠮᠠᠭ ᠰᠤᠷᠭᠠᠭᠤᠯᠢ ᠪᠠᠢᠭᠤᠯᠬᠤ ᠡᠷᠬᠡ ᠦᠭᠡᠢ ᠪᠣᠯᠭᠠᠪᠠ᠃ ᠡᠨᠡ ᠬᠦ᠌ ᠬᠡᠷᠴᠡᠭᠡᠢ ᠪᠠᠯᠠᠮᠠᠳ ᠳᠠᠷᠤᠩᠭᠤᠢᠯᠠᠯ᠂ ᠦᠨᠳᠦᠰᠦᠲᠡᠨ ᠤ ᠭᠤᠳᠤᠭᠠᠯ ᠳᠣᠷᠣᠮᠵᠢᠯᠠᠯ᠂ ᠬᠥᠮᠦᠨ ᠴᠢᠨᠠᠷ ᠦᠭᠡᠢ ᠬᠣᠣᠷ ᠬᠥᠨᠥᠭᠡᠯ ᠨᠢ 13 ᠵᠢᠯ ᠢᠯᠡᠭᠦᠦ ᠦᠷᠭᠦᠯᠵᠢᠯᠡᠵᠡᠢ᠃ 
  ᠳᠡᠯᠡᠬᠡᠢ ᠶ᠋ᠢᠨ ᠬᠣᠶᠠᠳᠤᠭᠠᠷ ᠤᠳᠠᠭ᠎ᠠ ᠶ᠋ᠢᠨ ᠲᠡᠢᠨ ᠢᠯᠠᠯᠲᠠ ᠣᠯᠵᠤ ᠤᠯᠤᠰ ᠦᠨᠳᠦᠰᠦᠲᠡᠨ ᠡᠷᠬᠡ ᠴᠢᠯᠥᠭᠡ ᠲᠤᠰᠠᠭᠠᠷ ᠲᠣᠭᠲᠠᠨᠢᠬᠤ ᠴᠠᠭ ᠡᠷᠢᠨ ᠳ᠋ᠦ᠍ ᠬᠠᠯᠢᠮᠠᠭ ᠤ᠋ᠨ ᠪᠠᠭᠠᠲᠤᠷᠯᠢᠭ ᠠᠷᠠᠳ ᠲᠦᠮᠡᠨ ᠦ᠌ ᠨᠤᠭᠤᠷᠠᠰᠢ ᠦᠭᠡᠢ ᠲᠡᠮᠡᠴᠡᠯ ᠱᠠᠭᠠᠷᠳᠠᠯᠭ᠎ᠠ ᠭᠠᠷᠭᠠᠵᠤ᠂ ᠠᠮᠧᠷᠢᠺᠠ ᠳ᠋ᠤ᠌ ᠪᠠᠢᠭᠰᠠᠨ ᠳ᠋ᠠᠨᠵᠠᠪ᠂ ᠠᠮᠢᠨᠤᠸ᠋᠂ ᠪᠤᠷᠭᠢᠨᠤᠸ᠋ ᠵᠡᠷᠭᠡ ᠡᠬᠡ ᠤᠷᠤᠨᠴᠤᠳ ᠪᠠ ᠧᠦ᠋ᠷᠣᠫᠠ ᠳ᠋ᠤ᠌ ᠵᠠᠢᠯᠠᠨ ᠶᠠᠪᠤᠭᠰᠠᠨ ᠬᠠᠯᠢᠮᠠᠭᠴᠤᠳ ᠤ᠋ᠨ ᠬᠠᠮᠲᠤ ᠶ᠋ᠢᠨ ᠴᠢᠷᠮᠠᠢᠯᠭ᠎ᠠ᠂ ᠳᠡᠯᠡᠬᠡᠢ ᠵᠢᠨ ᠲᠥᠪ ᠶᠣᠰᠣᠨ ᠤ᠋ ᠶᠠᠷᠢᠶ᠎ᠠ ᠬᠡᠯᠡᠯᠴᠡᠭᠡ ᠶ᠋ᠢᠨ ᠬᠦᠴᠦᠲᠡᠢ ᠳᠠᠷᠤᠯᠲᠠ ᠶ᠋ᠢᠨ ᠳᠣᠣᠷ᠎ᠠ ᠰᠲ᠋ᠠᠯᠢᠨ ᠢ᠋ ᠦᠬᠦᠭᠰᠡᠨ ᠦ᠌ ᠬᠣᠢᠨ᠎ᠠ 1957 ᠣᠨ ᠳ᠋ᠤ᠌ ᠡᠾᠧᠷᠦ᠋ᠱᠤᠸ᠋ ᠤ᠋ᠨ ᠡᠷᠬᠡ ᠪᠠᠷᠢᠵᠤ ᠪᠠᠢᠭᠰᠠᠨ ᠬᠤᠭᠤᠴᠠᠭᠠᠨ ᠳ᠋ᠤ᠌ ᠬᠠᠯᠢᠮᠠᠭ ᠤ᠋ᠨ ᠪᠦᠭᠦᠳᠡ ᠨᠠᠢᠷᠠᠮᠳᠠᠬᠤ ᠤᠯᠤᠰ ᠢ᠋ ᠳᠠᠬᠢᠨ ᠰᠡᠷᠭᠦᠭᠡᠨ ᠴᠠᠭᠠᠳᠬᠠᠨ ᠥᠭᠴᠦ ᠡᠬᠡ ᠨᠤᠲᠤᠭ ᠲᠤ᠌ ᠪᠠᠨ ᠳᠠᠬᠢᠨ ᠪᠤᠴᠠᠬᠤ ᠶ᠋ᠢ ᠵᠥᠪᠰᠢᠶᠡᠷᠡᠪᠡ᠃ ᠬᠠᠯᠢᠮᠠᠭᠴᠤᠳ ᠡᠷᠬᠡ ᠴᠢᠯᠥᠭᠡ ᠲᠤᠰᠠᠭᠠᠷ ᠲᠣᠭᠲᠠᠨᠢᠯ ᠢ᠋ᠶ᠋ᠠᠨ ᠳᠠᠬᠢᠨ ᠪᠤᠴᠠᠭᠠᠨ ᠠᠪᠴᠢᠷᠠᠪᠠ᠃ 1991 ᠣᠨ ᠳ᠋ᠤ᠌ ᠵᠥᠪᠯᠡᠯᠲᠦ ᠵᠠᠳᠠᠷᠠᠭᠰᠠᠨ ᠤ᠋ ᠰᠡᠭᠦᠯᠡᠷ ᠬᠠᠯᠢᠮᠠᠭ ᠪᠦᠭᠦᠳᠡ ᠨᠠᠢᠷᠠᠮᠳᠠᠬᠤ ᠤᠯᠤᠰ ᠭᠡᠬᠦ ᠨᠡᠷᠡᠢᠳᠦᠯ ᠲᠡᠢ ᠪᠣᠯᠪᠠ᠃ ᠬᠠᠯᠢᠮᠠᠭᠴᠤᠳ ᠤ᠋ᠨ ᠤᠭ ᠨᠤᠲᠤᠭ 140 ᠲᠦᠮᠡᠨ ᠲᠡᠭᠰᠢ ᠳᠥᠷᠪᠡᠯᠵᠢᠨ ᠺᠢᠯᠣᠮᠧᠲ᠋ᠷ ᠪᠠᠢᠭᠰᠠᠨ ᠠ᠋ᠴᠠ ᠪᠠᠨ ᠥᠨᠥ ᠵᠥᠪᠬᠡᠨ 16 ᠲᠦᠮᠡᠨ ᠲᠡᠭᠰᠢ ᠳᠥᠷᠪᠡᠯᠵᠢᠨ ᠺᠢᠯᠣᠮᠧᠲ᠋ᠷ ᠪᠣᠯᠵᠤ 30 ᠭᠠᠷᠤᠢ ᠲᠦᠮᠡᠨ ᠬᠠᠯᠢᠮᠠᠭᠴᠤᠳ ᠠᠳᠠ ᠠᠵᠤ ᠲᠥᠷᠥᠨ ᠠᠮᠢᠳᠤᠷᠠᠵᠤ ᠪᠣᠢ᠃ ᠥᠨᠥ ᠶ᠋ᠢᠨ ᠨᠤᠲᠤᠭ ᠨᠢ ᠵᠡᠭᠦᠨ ᠲᠠᠯ᠎ᠠ ᠨᠢ ᠺᠠᠰᠫᠢ ᠲᠠᠩᠭᠢᠰ — ᠬᠥᠬᠡ ᠨᠠᠭᠤᠷ ᠬᠦᠷᠴᠦ᠂ ᠡᠮᠦᠨ᠎ᠡ ᠪᠡᠶ᠎ᠡ ᠨᠢ ᠳᠠᠵᠢᠺᠰᠲ᠋ᠠᠨ ᠲᠠᠢ ᠵᠠᠯᠭᠠᠵᠤ ᠪᠠᠷᠠᠭᠤᠨ ᠡᠮᠦᠨᠡᠭᠦᠷ ᠢ᠋ᠶ᠋ᠡᠨ ᠸᠣᠯᠭ᠎ᠠ ᠮᠥᠷᠡᠨ (ᠢᠵᠢᠯ ᠭᠣᠣᠯ)ᠳᠤ ᠲᠤᠯᠵᠤ ᠪᠠᠢᠨ᠎ᠠ᠃ 
      ᠬᠠᠯᠢᠮᠠᠭ ᠤᠯᠤᠰ ᠤ᠋ᠨ ᠨᠡᠢᠰᠯᠡᠯ — ᠡᠯᠡᠰᠦᠲᠡᠢ 
  ᠡᠯᠡᠰᠦᠲᠡᠢ ᠬᠣᠲᠠ ᠪᠣᠯ ᠪᠦᠭᠦᠳᠡ ᠨᠠᠢᠷᠠᠮᠳᠠᠬᠤ ᠬᠠᠯᠢᠮᠠᠭ ᠤᠯᠤᠰ ᠤ᠋ᠨ ᠨᠡᠢᠰᠯᠡᠯ᠃ 1930 ᠣᠨ ᠳ᠋ᠤ᠌ ᠰᠢᠨ᠎ᠡ ᠪᠡᠷ ᠪᠠᠢᠭᠤᠯᠤᠭᠳᠠᠨ ᠧᠦ᠋ᠷᠣᠫᠠ ᠮᠠᠶᠢᠭ ᠢ᠋ᠶ᠋ᠠᠷ ᠰᠦᠨᠳᠡᠷᠯᠡᠨ ᠪᠣᠰᠴᠤ ᠪᠠᠢᠭ᠎ᠠ ᠵᠠᠯᠠᠭᠤᠬᠠᠨ ᠬᠣᠲᠠ ᠴᠤ᠌ ᠵᠡᠭᠡᠯᠢ ᠭᠤᠳᠤᠮᠵᠢ ᠶ᠋ᠢᠨ ᠪᠠᠷᠢᠯᠭ᠎ᠠ ᠱᠤᠭᠤᠮᠠᠯ ᠨᠢ ᠦᠨᠳᠦᠰᠦᠲᠡᠨ ᠦ᠌ ᠥᠪᠡᠷᠮᠢᠴᠡ ᠣᠨᠴᠠᠯᠢᠭ ᠪᠠ ᠣᠷᠣᠨ ᠨᠤᠲᠤᠭ  ᠤᠨ ᠣᠨᠴᠠᠯᠢᠭ ᠬᠢᠭᠡᠳ ᠴᠠᠭ ᠡᠷᠢᠨ ᠦ᠌ ᠣᠨᠴᠠᠯᠢᠭ ᠳᠣᠪᠣᠢᠮ᠎ᠠ ᠪᠦᠲᠦᠭᠡᠨ ᠪᠠᠢᠭᠤᠯᠵᠤ ᠪᠠᠢᠨ᠎ᠠ᠃ ᠪᠦᠬᠦ ᠬᠣᠲᠠ ᠵᠢᠨ ᠬᠥᠮᠦᠨ ᠨᠢ ᠪᠦᠬᠦ ᠤᠯᠤᠰ ᠤ᠋ᠨ ᠬᠥᠮᠦᠨ ᠦ᠌ 1/3ᠵᠢ ᠡᠵᠡᠯᠡᠨ᠎ᠡ᠃ 
  ᠡᠯᠡᠰᠦᠲᠡᠢ ᠪᠠᠭᠤᠳᠠᠯ ᠨᠢ ᠥᠩᠭᠡᠷᠡᠭᠰᠡᠨ ᠳ᠋ᠦ᠍ ᠤᠯᠤᠰ ᠤ᠋ᠨ ᠪᠠᠭᠤᠳᠠᠯ ᠭᠡᠰᠡᠨ ᠨᠡᠷᠡᠢᠳᠦᠯ ᠲᠡᠢ᠃ 《 ᠡᠯᠡᠰᠦᠲᠡᠢ ᠪᠠᠭᠤᠳᠠᠯ》 ᠨᠢ ᠳᠡᠯᠡᠬᠡᠢ ᠶ᠋ᠢᠨ ᠳᠥᠷᠪᠡᠨ ᠵᠦᠭ ᠨᠠᠢ᠍ᠮᠠᠨ ᠵᠣᠪᠬᠢᠰ ᠤ᠋ᠨ ᠣᠯᠠᠨ ᠤᠯᠤᠰ ᠣᠷᠣᠨ ᠤ᠋ ᠵᠣᠴᠢᠳ ᠪᠠ ᠵᠢᠭᠤᠴᠢᠯᠠᠭᠰᠠᠳ ᠢ᠋ ᠬᠦᠯᠢᠶᠡᠨ ᠤᠭᠲᠤᠳᠠᠭ᠃ ᠵᠣᠴᠢᠨ ᠤᠭᠲᠤᠬᠤ ᠲᠢᠩᠬᠢᠮ ᠦ᠋ᠨ ᠬᠠᠨᠠᠨ ᠳ᠋ᠤ᠌ ᠴᠢᠩᠭᠢᠰ ᠬᠠᠭᠠᠨ ᠤ᠋ ᠲᠣᠮᠣ ᠬᠥᠷᠥᠭ ᠢ᠋ ᠵᠠᠯᠠᠭᠰᠠᠨ ᠪᠠᠢᠳᠠᠭ᠃ ᠵᠣᠴᠢᠳ ᠤ᠋ᠨ ᠲᠢᠩᠬᠢᠮ ᠦ᠋ᠨ ᠪᠣᠱᠣᠭ᠎ᠠ ᠶ᠋ᠢ ᠠᠯᠬᠤᠨ ᠣᠷᠣᠭᠰᠠᠭᠠᠷ ᠨᠢᠭᠡᠨ ᠦᠶ᠎ᠡ ᠶ᠋ᠢᠨ ᠳᠡᠭᠷᠢᠯᠢᠭ ᠪᠠᠭᠠᠲᠤᠷ᠂ ᠮᠣᠷᠢᠨ ᠨᠢᠷᠤᠭᠤᠨ ᠳ᠋ᠤ᠌ ᠵᠢᠯᠣᠭᠣ ᠳᠠᠷᠤᠵᠤ ᠠᠽᠢᠶ᠎ᠠ ᠧᠦ᠋ᠷᠣᠫᠠ ᠬᠣᠶᠠᠷ ᠲᠢᠪ ᠢ᠋ ᠡᠪᠬᠡᠨ ᠬᠤᠷᠢᠶᠠᠵᠤ᠂ ᠳᠡᠡᠯᠡᠬᠡᠢ ᠶ᠋ᠢᠨ ᠵᠠᠢ ᠶ᠋ᠢ ᠣᠢᠷᠠᠲᠤᠭᠤᠯᠤᠭᠰᠠᠨ ᠢ᠋ ᠰᠡᠳᠭᠢᠭᠳᠡᠭᠦᠯᠦᠨ᠂ ᠥᠪᠡᠷ ᠦ᠋ᠨ ᠡᠷᠬᠡ ᠦᠭᠡᠢ ᠬᠦᠨᠳᠦᠳᠬᠡᠯ ᠪᠢᠰᠢᠷᠡᠯ ᠢ᠋ ᠲᠥᠷᠥᠭᠳᠡᠭᠦᠯᠦᠨ᠎ᠡ᠃ ᠪᠠᠰᠠ ᠳᠡᠭᠡᠷ᠎ᠡ ᠵᠠᠭᠤᠨ ᠤ᠋ ᠭᠤᠴᠢᠭᠠᠳ ᠣᠨ ᠤ᠋ ᠦᠶ᠎ᠡ ᠶ᠋ᠢᠨ ᠬᠠᠯᠢᠮᠠᠭᠴᠤᠳ ᠤ᠋ᠨ ᠨᠡᠭᠦᠳᠡᠯ ᠰᠣᠶᠣᠯ᠂ ᠮᠠᠯᠵᠢᠬᠤ ᠠᠮᠢᠳᠤᠷᠠᠯ᠂ ᠦᠢᠯᠡᠳᠪᠦᠷᠢᠯᠡᠬᠦ ᠣᠷᠴᠢᠨ ᠢ᠋ ᠬᠠᠷᠠᠭᠤᠯᠤᠭᠰᠠᠨ ᠮᠣᠩᠭᠣᠯ ᠭᠡᠷ᠂ ᠮᠣᠩᠭᠣᠯ ᠪᠦᠰᠡᠭᠦᠢ᠂ ᠮᠣᠩᠭᠣᠯ ᠨᠣᠬᠠᠢ ᠵᠡᠷᠭᠡ ᠪᠣᠳᠣᠭ ᠦᠭᠡᠢ ᠵᠢᠷᠤᠭ ᠤ᠋ᠳ ᠨᠢ ᠠᠶᠠᠨ ᠤ᠋ ᠴᠢᠯᠡᠭᠡ ᠶ᠋ᠢ ᠲᠠᠢᠯᠵᠤ ᠬᠠᠯᠠᠭᠤᠮᠰᠤᠭ ᠢ᠋ᠶ᠋ᠠᠷ ᠵᠣᠴᠢᠳ ᠢ᠋ ᠤᠭᠲᠤᠨ᠎ᠠ᠃ 
  ᠡᠯᠡᠰᠦᠲᠡᠢ ᠪᠠᠭᠤᠳᠠᠯ ᠨᠢ ᠬᠣᠲᠠᠨ ᠤ᠋ ᠲᠥᠪ ᠲᠦ᠍ ᠪᠠᠢᠷᠢᠰᠢᠵᠤ᠂ ᠶᠡᠷᠦᠩᠬᠡᠢᠯᠡᠭᠴᠢ ᠶ᠋ᠢᠨ ᠣᠷᠳᠣᠨ ᠪᠠ ᠤᠯᠤᠰ ᠤ᠋ᠨ ᠶᠡᠬᠡ ᠰᠤᠷᠭᠠᠭᠤᠯᠢ ᠠ᠋ᠴᠠ ᠲᠤᠩ ᠤᠢᠷᠬᠠᠨ᠃ ᠮᠠᠨ ᠤ᠋ ᠤᠯᠤᠰ ᠤ᠋ᠨ ᠮᠠᠰᠢᠨ ᠲᠡᠷᠭᠡ ᠰᠤᠷᠤᠭᠴᠢᠳ ᠤ᠋ᠨ ᠲᠡᠷᠭᠡ ᠳ᠋ᠦ᠍ ᠵᠠᠮ ᠵᠠᠢᠯᠠᠵᠤ ᠥᠭᠳᠡᠭ ᠬᠠᠤᠯᠢ ᠳᠦᠷᠢᠮ ᠲᠡᠢ᠂ ᠡᠯᠡᠰᠦᠲᠡᠢ ᠬᠣᠲᠠᠨ ᠤ᠋ ᠮᠠᠰᠢᠨ ᠲᠡᠷᠭᠡ ᠶᠠᠪᠠᠭᠠᠨ ᠬᠥᠮᠦᠨ ᠳ᠋ᠦ᠍ ᠵᠠᠮ ᠲᠠᠯᠪᠢᠨ ᠥᠭᠳᠡᠭ ᠪᠣᠯᠪᠠᠰᠤᠨ ᠵᠠᠩ ᠮᠣᠷᠠᠯ ᠲᠠᠢ᠃ 
  ᠡᠯᠡᠰᠦᠲᠡᠢ ᠬᠣᠲᠠᠨ ᠳ᠋ᠤ᠌ 《ᠳᠡᠯᠡᠬᠡᠢ ᠶ᠋ᠢᠨ ᠰᠢᠲᠠᠷ᠎ᠠ ᠶ᠋ᠢᠨ ᠬᠣᠲᠠ》 ᠭᠡᠵᠦ ᠪᠠᠢᠳᠠᠭ ᠲᠤ᠌ ᠶᠡᠷᠦᠩᠬᠡᠢᠯᠡᠭᠴᠢ ᠷᠧᠰᠢᠨ — ᠦᠯᠠᠮᠵᠢᠨᠤᠸ᠋ ᠪᠠᠢᠭᠤᠯᠵᠠᠢ᠃ ᠲᠡᠷᠡ ᠳᠡᠯᠡᠬᠡᠢ ᠶ᠋ᠢᠨ ᠰᠢᠲᠠᠷ᠎ᠠ ᠶ᠋ᠢᠨ ᠨᠡᠢᠭᠡᠮᠯᠢᠭ ᠦ᠋ᠨ ᠲᠡᠷᠢᠭᠦᠯᠡᠭᠴᠢ᠃ ᠡᠯᠡᠰᠦᠲᠡᠢ ᠬᠣᠲᠠᠨ ᠳ᠋ᠤ᠌ ᠠᠯᠢ ᠣᠯᠠᠨ ᠱᠤᠭᠤᠮᠠᠯ ᠲᠠᠢ᠂ ᠬᠣᠲᠠᠨ ᠤ᠋ ᠲᠥᠪ ᠲᠠᠯᠠᠪᠠᠢ ᠳ᠋ᠠᠬᠢ ᠤᠯᠤᠰ ᠤ᠋ᠨ ᠵᠠᠰᠠᠭ ᠤ᠋ᠨ ᠣᠷᠳᠣᠨ ᠤ᠋ ᠲᠣᠮᠣ ᠠᠰᠠᠷ ᠤ᠋ᠨ ᠡᠮᠦᠨ᠎ᠡ ᠯᠧᠨᠢᠨ ᠦ᠌ ᠱᠤᠭᠤᠮᠠᠯ ᠰᠦᠷᠯᠢᠭ ᠰᠠᠢᠬᠠᠨ ᠰᠡᠬᠦᠢᠨ ᠰᠦᠨᠳᠡᠷᠯᠡᠨ᠎ᠡ᠃ ᠪᠠᠰᠠ ᠳᠡᠯᠡᠬᠡᠢ ᠶ᠋ᠢᠨ ᠬᠣᠶᠠᠳᠤᠭᠠᠷ ᠲᠡᠢᠨ ᠳ᠋ᠦ᠍ ᠪᠠᠭᠠᠲᠤᠷᠯᠢᠭ ᠢ᠋ᠶ᠋ᠠᠷ ᠪᠡᠶ᠎ᠡ ᠦᠷᠡᠭᠳᠡᠭᠰᠡᠨ ᠦᠨᠳᠦᠰᠦᠲᠡᠨ  ᠤ ᠪᠠᠭᠠᠲᠤᠷᠴᠤᠳ ᠤ᠋ᠨ ᠬᠥᠰᠢᠶ᠎ᠡ ᠪᠠᠢᠬᠤ ᠶ᠋ᠢᠨ ᠵᠡᠷᠭᠡ ᠪᠡᠷ ᠬᠠᠯᠢᠮᠠᠭ ᠤ᠋ᠨ ᠠᠯᠳᠠᠷᠲᠤ ᠵᠠᠩᠭᠠᠷᠴᠢ — ᠡᠯᠢᠶ᠎ᠡ ᠶ᠋ᠢᠨ ᠤᠪᠤᠯᠠ ᠶ᠋ᠢᠨ ᠱᠤᠭᠤᠮᠠᠯ᠂ ᠵᠠᠩᠭᠠᠷ ᠲᠤᠤᠯᠢ ᠳ᠋ᠠᠬᠢ ᠬᠣᠩᠭᠣᠷ ᠪᠠᠭᠠᠲᠤᠷ ᠤ᠋ᠨ ᠱᠤᠭᠤᠮᠠᠯ᠂ ᠲᠣᠪᠰᠢᠭᠤᠷ ᠳᠠᠷᠤᠭᠰᠠᠨ ᠬᠠᠯᠢᠮᠠᠭ ᠨᠠᠰᠤᠲᠠᠨ ᠵᠡᠷᠭᠡ ᠦᠨᠳᠦᠰᠦᠲᠡᠨ ᠪᠠ ᠣᠷᠣᠨ ᠭᠠᠵᠠᠷ ᠤ᠋ᠨ ᠲᠡᠦᠬᠡ ᠰᠣᠶᠣᠯ ᠢ᠋ ᠬᠠᠷᠠᠭᠤᠯᠤᠭᠰᠠᠨ ᠤᠷᠠᠯᠢᠭ ᠰᠠᠢᠬᠠᠨ ᠱᠤᠭᠤᠮᠠᠯ ᠨᠢ ᠬᠠᠯᠢᠮᠠᠭ ᠮᠣᠩᠭᠣᠯᠴᠤᠳ ᠤ᠋ᠨ ᠠᠮᠢᠳᠤᠷᠠᠯ ᠰᠣᠶᠣᠯ ᠢ᠋ ᠣᠯᠠᠨ ᠲᠠᠯ᠎ᠠ ᠪᠠᠷ ᠳᠤᠰᠬᠠᠨ᠎ᠠ᠃  
  ᠬᠠᠯᠢᠮᠠᠭ ᠤᠯᠤᠰ ᠤ᠋ᠨ ᠶᠡᠷᠦᠩᠬᠡᠢᠯᠡᠭᠴᠢ  ᠷᠧᠰᠢᠨ — ᠨᠢᠺᠤᠯᠢᠶ᠋ᠸᠧᠢᠴᠢ ᠦᠯᠡᠮᠵᠢᠨᠤᠸ᠋ ᠪᠣᠯ ᠣᠷᠣᠰ ᠤ᠋ᠨ ᠬᠣᠯᠪᠣᠭᠠᠨ ᠤ᠋ ᠪᠦᠭᠦᠳᠡ ᠨᠠᠢᠷᠠᠮᠳᠠᠬᠤ ᠬᠠᠯᠢᠮᠠᠭ ᠤᠯᠤᠰ ᠤ᠋ᠨ ᠵᠠᠯᠠᠭᠤ ᠶᠡᠷᠦᠩᠬᠡᠢᠯᠡᠭᠴᠢ᠃ ᠲᠡᠷᠡ 1962 ᠣᠨ ᠤ᠋ 4 ᠰᠠᠷ᠎ᠠ ᠶ᠋ᠢᠨ 5 ᠤ ᠡᠳᠦᠷ ᠡᠯᠡᠰᠦᠲᠡᠢ ᠬᠣᠲᠠᠨ ᠳ᠋ᠤ᠌ ᠮᠡᠨᠳᠦᠯᠡᠵᠡᠢ᠃ 1989 ᠣᠨ ᠳ᠋ᠤ᠌ ᠣᠷᠣᠰ ᠤ᠋ᠨ ᠮᠣᠰᠺᠸᠠ ᠶ᠋ᠢᠨ ᠣᠯᠠᠨ ᠤᠯᠤᠰ ᠤ᠋ᠨ ᠬᠠᠷᠢᠯᠴᠠᠭ᠎ᠠ ᠶ᠋ᠢᠨ ᠶᠡᠬᠡ ᠰᠤᠷᠭᠠᠭᠤᠯᠢ ᠠ᠋ᠴᠠ ᠰᠢᠯᠢᠳᠡᠭ ᠪᠦᠲᠦᠮᠵᠢ ᠲᠡᠢ ᠲᠡᠭᠦᠰᠴᠦ ᠤᠯᠤᠰ ᠲᠤ᠌ ᠪᠠᠨ ᠪᠤᠴᠠᠨ ᠢᠷᠡᠵᠡᠢ᠃ ᠳᠡᠭᠡᠷ᠎ᠡ ᠵᠠᠭᠤᠨ ᠤ᠋ ᠶᠡᠷᠡᠭᠡᠳ ᠣᠨ ᠳ᠋ᠤ᠌ ᠪᠠᠩᠬᠢ ᠶ᠋ᠢᠨ ᠳᠠᠷᠤᠭ᠎ᠠ ᠪᠠᠷ ᠠᠵᠢᠯᠯᠠᠨ CHM ᠺᠣᠮᠫᠠᠨᠢ ᠪᠠᠢᠭᠤᠯᠤᠨ ᠶᠡᠬᠡ ᠬᠥᠷᠥᠩᠭᠡᠵᠢᠵᠡᠢ᠃ 1993 ᠣᠨ ᠳ᠋ᠤ᠌ ᠪᠦᠬᠦ ᠠᠷᠠᠳ ᠤ᠋ᠨ ᠶᠡᠬᠡ ᠰᠣᠩᠭᠣᠭᠤᠯᠢ ᠪᠠᠷ ᠳᠠᠮᠵᠢᠨ ᠪᠦᠭᠦᠳᠡ ᠨᠠᠢᠷᠠᠮᠳᠠᠬᠤ ᠬᠠᠯᠢᠮᠠᠭ ᠤᠯᠤᠰ ᠤ᠋ᠨ ᠬᠠᠮᠤᠭ ᠤ᠋ᠨ ᠵᠠᠯᠠᠭᠤ ᠶᠡᠷᠦᠩᠬᠡᠢᠯᠡᠭᠴᠢ ᠪᠡᠷ ᠰᠣᠩᠭᠣᠭᠳᠠᠨ ᠲᠡᠦᠬᠡ ᠵᠢᠨ ᠰᠢᠨ᠎ᠡ ᠲᠡᠮᠳᠡᠭᠯᠡᠯ ᠢ᠋ ᠡᠭᠦᠳᠴᠦ᠂ ᠣᠳᠣ ᠪᠣᠯᠲᠠᠯ᠎ᠠ ᠮᠥᠨ ᠶᠡᠷᠦᠩᠬᠡᠢᠯᠡᠭᠴᠢ ᠪᠡᠷ ᠭᠢᠯᠠᠷᠠᠭᠤᠯᠵᠤ ᠶᠠᠪᠤᠨ᠎ᠠ᠃ ᠲᠡᠷᠡ 1997 ᠣᠨ ᠳ᠋ᠤ᠌ ᠣᠷᠣᠰ ᠤ᠋ᠨ ᠬᠣᠯᠪᠣᠭᠠᠨ ᠤ᠋ ᠶᠡᠷᠦᠩᠬᠡᠢᠯᠡᠭᠴᠢ ᠶᠧᠯᠢᠴᠢᠨ ᠦ᠌ ᠨᠥᠬᠥᠷᠯᠡᠯ ᠦ᠋ᠨ ᠭᠠᠪᠢᠶᠠᠨ ᠲᠡᠮᠳᠡᠭ ᠢ᠋ ᠭᠠᠷᠲᠠᠵᠠᠢ᠃ 
  ᠷᠧᠰᠢᠨ 1978 ᠣᠨ ᠳ᠋ᠤ᠌ 17 ᠨᠠᠰᠤᠲᠠᠢ ᠳ᠋ᠤ᠌ ᠪᠠᠨ ᠳᠡᠯᠡᠬᠡᠢ ᠶ᠋ᠢᠨ ᠰᠢᠲᠠᠷ᠎ᠠ ᠶ᠋ᠢᠨ ᠤᠷᠤᠯᠳᠤᠭᠠᠨ ᠳ᠋ᠤ᠌ ᠮᠠᠩᠯᠠᠢ ᠲᠡᠷᠢᠭᠦᠨ ᠢ᠋ᠶ᠋ᠡᠷ ᠲᠣᠳᠣᠷᠠᠵᠤ᠂ 1995 ᠣᠨ ᠳ᠋ᠤ᠌ ᠳᠡᠯᠡᠬᠡᠢ ᠶ᠋ᠢᠨ ᠣᠯᠠᠨ ᠤᠯᠤᠰ ᠤ᠋ᠨ ᠰᠢᠲᠠᠷ᠎ᠠ ᠶ᠋ᠢᠨ ᠨᠡᠢᠭᠡᠮᠯᠢᠭ ᠦ᠋ᠨ ᠲᠡᠷᠢᠭᠦᠯᠡᠭᠴᠢ ᠪᠣᠯᠵᠠᠢ᠃ ᠢᠩᠭᠢᠭᠡᠳ 2005 ᠣᠨ ᠳ᠋ᠤ᠌ ᠨᠡᠢᠰᠯᠡᠯ — ᠡᠯᠡᠰᠦᠲᠡᠢ ᠬᠣᠲᠠᠨ ᠳ᠋ᠤ᠌ ᠪᠠᠨ ᠳᠡᠯᠡᠬᠡᠢ ᠶ᠋ᠢᠨ ᠰᠢᠲᠠᠷ᠎ᠠ ᠶ᠋ᠢᠨ ᠬᠣᠲᠠ ᠭᠡᠵᠦ ᠪᠠᠢᠭᠤᠯᠵᠠᠢ᠃ 
  ᠳᠡᠯᠡᠬᠡᠢ ᠶ᠋ᠢᠨ ᠰᠢᠳᠡᠷ᠎ᠡ ᠶ᠋ᠢᠨ ᠬᠣᠲᠠᠨ ᠤ᠋ ᠲᠥᠪ ᠨᠢ ᠳᠥᠷᠪᠡᠨ ᠳᠠᠪᠬᠤᠷᠯᠢᠭ ᠠᠰᠠᠷ ᠲᠠᠢ᠃ ᠨᠢᠭᠡᠳᠦᠭᠡᠷ ᠳᠠᠪᠬᠤᠷᠯᠢᠭ ᠲᠤ᠌ ᠨᠢ ᠰᠢᠲᠠᠷ᠎ᠠ ᠶ᠋ᠢᠨ ᠬᠦᠯᠦᠭ ᠵᠢᠷᠤᠵᠤ᠂ ᠭᠤᠷᠪᠠᠨ ᠨᠠᠰᠤᠲᠠᠢ ᠬᠡᠦᠬᠡᠳ ᠦ᠋ᠨ ᠴᠢᠨᠡᠭᠡ ᠲᠣᠮᠣ ᠰᠢᠳᠡᠷ᠎ᠡ ᠵᠢ ᠵᠢᠭᠰᠠᠭᠠᠵᠠᠢ᠃ ᠬᠣᠶᠠᠷ᠂ ᠭᠤᠷᠪᠠᠳᠤᠭᠠᠷ ᠠᠰᠠᠷ ᠤ᠋ᠨ ᠳᠠᠪᠬᠤᠷᠯᠢᠭ ᠲᠤ᠌ ᠤᠷᠤᠯᠳᠤᠭᠠᠨ ᠤ᠋ ᠲᠠᠯᠠᠪᠠᠢ ᠪᠠ ᠤᠷᠤᠯᠳᠤᠭᠠᠨ ᠳ᠋ᠤ᠌ ᠬᠡᠷᠡᠭᠯᠡᠬᠦ ᠲᠡᠷᠡ ᠪᠦᠬᠦᠢ ᠬᠡᠷᠡᠭᠰᠡᠯ ᠢ᠋ ᠪᠡᠯᠡᠬᠡᠨ ᠪᠡᠯᠡᠳᠬᠡᠵᠦ ᠥᠷᠥᠵᠡᠢ᠃ ᠳᠥᠷᠪᠡᠳᠦᠭᠡᠷ ᠳᠠᠪᠬᠤᠷᠯᠢᠭ ᠨᠢ ᠳᠡᠯᠡᠬᠡᠢ ᠶ᠋ᠢᠨ ᠰᠢᠳᠡᠷ᠎ᠡ ᠶ᠋ᠢᠨ ᠮᠦᠽᠧᠢ᠃ ᠠᠳᠠ ᠳᠡᠯᠡᠬᠡᠢ ᠶ᠋ᠢᠨ ᠬᠠᠮᠤᠭ ᠲᠣᠮᠣ ᠰᠢᠲᠠᠷ᠎ᠠ ᠠ᠋ᠴᠠ ᠬᠠᠮᠤᠭ ᠤ᠋ᠨ ᠵᠢᠵᠢᠭ ᠰᠢᠲᠠᠷ᠎ᠠ ᠬᠦᠷᠲᠡᠯ᠎ᠡ ᠪᠦᠷ ᠳᠡᠯᠭᠡᠵᠦ ᠪᠣᠢ᠃ ᠪᠠᠰᠠ ᠶᠡᠷᠦᠩᠬᠡᠢᠯᠡᠭᠴᠢ ᠷᠧᠰᠢᠨ ᠦᠯᠠᠮᠵᠢᠨᠤᠸ᠋ 17 ᠨᠠᠰᠤᠲᠠᠢ ᠳ᠋ᠤ᠌ ᠪᠠᠨ ᠳᠡᠯᠡᠬᠡᠢ ᠶ᠋ᠢᠨ ᠰᠢᠲᠠᠷ᠎ᠠ ᠶ᠋ᠢᠨ ᠤᠷᠤᠯᠳᠤᠭᠠᠨ ᠳ᠋ᠤ᠌ ᠣᠷᠣᠯᠴᠠᠵᠤ ᠲᠡᠷᠢᠭᠦᠯᠡᠭᠰᠡᠨ ᠳ᠋ᠦ᠍ ᠪᠡᠨ ᠬᠡᠷᠡᠭᠯᠡᠭᠰᠡᠨ ᠰᠢᠳᠡᠷ᠎ᠡ ᠶ᠋ᠢᠨ ᠰᠢᠷᠡᠭᠡ ᠬᠢᠭᠡᠳ ᠣᠯᠠᠨ ᠤᠯᠤᠰ ᠠ᠋ᠴᠠ ᠲᠡᠭᠦᠨ ᠳ᠋ᠦ᠍  ᠪᠡᠯᠭᠡᠯᠡᠭᠰᠡᠨ ᠡᠯᠳᠡᠪ ᠡᠰᠡᠨ ᠰᠣᠨᠢᠨ ᠰᠠᠢᠬᠠᠨ ᠪᠡᠯᠡᠭ ᠰᠡᠯᠲᠡ᠂ ᠱᠠᠩᠨᠠᠯ ᠤ᠋ᠨ ᠬᠤᠨᠳᠠᠭ᠎ᠠ ᠮᠡᠲᠦ ᠶ᠋ᠢᠨ ᠦᠵᠡᠭᠦᠯᠦᠯᠭᠡ ᠶ᠋ᠢᠨ ᠪᠣᠳᠠᠰ ᠢ᠋ ᠵᠢᠭᠰᠠᠭᠠᠨ ᠳᠡᠯᠭᠡᠵᠦ ᠪᠠᠢᠳᠠᠭ᠃ 
  2007 ᠣᠨ ᠤ᠋ ᠨᠠᠮᠤᠷ ᠤ᠋ᠨ ᠰᠡᠭᠦᠯᠴᠢ ᠪᠡᠷ ᠡᠯᠡᠰᠦᠲᠡᠢ ᠶ᠋ᠢᠨ ᠳᠡᠯᠡᠬᠡᠢ ᠶ᠋ᠢᠨ ᠰᠢᠳᠡᠷ᠎ᠡ ᠶ᠋ᠢᠨ ᠬᠣᠲᠠᠨ ᠳ᠋ᠤ᠌ ᠣᠯᠠᠨ ᠤᠯᠤᠰ ᠤ᠋ᠨ ᠪᠠᠭᠠᠴᠤᠳ ᠤ᠋ᠨ ᠰᠢᠲᠠᠷ᠎ᠠ ᠶ᠋ᠢᠨ ᠤᠷᠤᠯᠳᠤᠭᠠᠨ ᠶᠠᠪᠤᠭᠳᠠᠵᠠᠢ᠃ ᠡᠨᠡ ᠦᠶ᠎ᠡ ᠳ᠋ᠦ᠍ ᠶᠡᠷᠦᠩᠬᠡᠢᠯᠡᠭᠴᠢ ᠦᠯᠠᠮᠵᠢᠨᠤᠸ᠋ ᠭᠠᠳᠠᠭᠠᠳᠤ ᠳ᠋ᠤ᠌ ᠠᠢᠯᠴᠢᠯᠠᠨ ᠪᠠᠢᠭᠰᠠᠨ ᠴᠤ᠌ ᠪᠤᠴᠠᠵᠤ ᠢᠷᠡᠭᠡᠳ ᠤᠷᠤᠯᠳᠤᠭᠠᠨ ᠤ᠋ ᠡᠬᠢᠯᠡᠯᠲᠡ ᠶ᠋ᠢᠨ ᠲᠤᠤᠵᠠ ᠬᠠᠢᠴᠢᠯᠠᠭᠰᠠᠨ ᠪᠠᠢᠯ᠎ᠠ᠃ 
  ᠬᠠᠯᠢᠮᠠᠭ ᠤᠯᠤᠰ ᠥᠨᠥᠳᠥᠷ ᠳᠡᠯᠡᠬᠡᠢ ᠶ᠋ᠢᠨ ᠰᠤᠷᠭᠠᠨ ᠬᠥᠮᠦᠵᠢᠯ᠂ ᠰᠢᠲᠠᠷ᠎ᠠ ᠶ᠋ᠢᠨ ᠪᠠ ᠲᠡᠦᠬᠡ ᠰᠣᠶᠣᠯ ᠤ᠋ᠨ ᠲᠥᠪ ᠪᠣᠯᠤᠭᠰᠠᠨ ᠨᠢ ᠳᠡᠯᠡᠬᠡᠢ ᠨᠡᠢᠲᠡ ᠶ᠋ᠢᠨ ᠠᠩᠬᠠᠷᠤᠯ ᠢ᠋ ᠶᠡᠬᠡᠬᠡᠨ ᠲᠠᠲᠠᠵᠤ ᠪᠠᠢᠨ᠎ᠠ᠃ ᠳᠡᠯᠡᠬᠡᠢ ᠶ᠋ᠢᠨ ᠰᠢᠳᠡᠷ᠎ᠡ  ᠨᠢ ᠠᠳᠡᠬᠢ ᠰᠤᠷᠭᠠᠭᠤᠯᠢ ᠶ᠋ᠢᠨ ᠰᠤᠷᠬᠤ ᠨᠠᠰᠤᠨ ᠤ᠋ ᠬᠡᠦᠬᠡᠳ ᠦ᠋ᠨ ᠵᠠᠪᠠᠯ ᠰᠤᠷᠤᠯᠴᠠᠬᠤ ᠬᠢᠴᠢᠶᠡᠯ ᠪᠣᠯᠪᠠ᠃ 
  ᠬᠠᠯᠢᠮᠠᠭ ᠤ᠋ᠨ ᠶᠡᠷᠦᠩᠬᠡᠢᠯᠡᠭᠴᠢ ᠶ᠋ᠢᠨ ᠣᠷᠳᠣᠨ ᠤ᠋ ᠡᠮᠦᠨᠡᠬᠢ ᠶᠡᠬᠡ ᠲᠠᠯᠠᠪᠠᠢ ᠳ᠋ᠤ᠌ ᠬᠥᠮᠦᠨ ᠦ᠌ ᠴᠡᠭᠡᠵᠢ ᠲᠤᠯᠤᠮ᠎ᠠ ᠥᠨᠳᠥᠷ ᠰᠢᠳᠡᠷ᠎ᠡ ᠶ᠋ᠢᠨ ᠱᠤᠭᠤᠮᠠᠯ ᠲᠠᠢ᠃ ᠡᠨᠡ ᠱᠤᠭᠤᠮᠠᠯ ᠢ᠋ ᠵᠠᠮ ᠢ᠋ᠶ᠋ᠠᠷ ᠥᠩᠭᠡᠷᠡᠭᠴᠢᠳ ᠪᠤᠶᠤ ᠵᠤᠭᠠᠴᠠᠭᠰᠠᠳ ᠥᠪᠡᠷ ᠥᠪᠡᠷ ᠦ᠋ᠨ ᠲᠤᠷᠰᠢᠯ ᠢ᠋ᠶ᠋ᠠᠷ ᠨᠡᠭᠦᠯᠭᠡᠨ ᠤᠷ᠎ᠠ ᠡᠷᠳᠡᠮ ᠢ᠋ᠶ᠋ᠡᠨ ᠭᠠᠢᠬᠠᠭᠤᠯᠤᠨ ᠨᠠᠭᠠᠳᠬᠤ ᠬᠥᠳᠡᠯᠭᠡᠭᠡᠨ ᠦ᠌ ᠠᠮᠢᠳᠤ ᠰᠢᠳᠡᠷ᠎ᠡ ᠶ᠋ᠢᠨ ᠬᠥᠯᠭᠡ ᠪᠣᠯᠤᠭᠰᠠᠨ ᠨᠢ ᠡᠯᠡᠰᠦᠲᠡᠢ ᠬᠣᠲᠠ ᠶ᠋ᠢᠨ ᠪᠠᠰᠠ ᠨᠢᠭᠡᠨ ᠥᠪᠡᠷᠮᠢᠴᠡ ᠣᠨᠴᠠᠯᠢᠭ ᠲᠠᠢ ᠦᠵᠡᠮᠵᠢ ᠪᠠ ᠭᠠᠢᠬᠠᠮᠰᠢᠭ ᠪᠢᠯᠡ ᠃
  ᠶᠡᠷᠦᠩᠬᠡᠢᠯᠡᠭᠴᠢ ᠷᠧᠰᠢᠨ ᠡᠴᠡ ᠬᠠᠯᠢᠮᠠᠭᠴᠤᠳ ᠲᠤ᠌ ᠪᠠᠨ 1943 ᠣᠨ ᠤ᠋ 12 ᠰᠠᠷ᠎ᠠ ᠶ᠋ᠢᠨ 28 ᠤ ᠡᠳᠦᠷ ᠢ᠋ ᠥᠨᠢ ᠮᠠᠷᠲᠠᠭᠤᠯᠬᠤ ᠦᠭᠡᠢ ᠶ᠋ᠢᠨ ᠲᠥᠯᠥᠭᠡ ᠲᠤᠰ ᠡᠳᠦᠷ ᠢ᠋ ᠬᠠᠯᠢᠮᠠᠭ ᠤ᠋ᠨ ᠲᠡᠦᠬᠡᠨ ᠳ᠋ᠡᠬᠢ ᠬᠠᠮᠤᠭ ᠤ᠋ᠨ ᠬᠠᠷᠠᠰᠠᠯᠲᠠᠢ ᠡᠳᠦᠷ ᠪᠣᠯᠭᠠᠬᠤ ᠪᠠᠷ ᠲᠣᠭᠲᠠᠭᠠᠨ ᠲᠤᠩᠬᠠᠭᠯᠠᠵᠠᠢ᠃ 
  ᠳᠥᠷᠪᠡᠨ ᠣᠢᠷᠠᠳ ᠤ᠋ᠨ ᠬᠣᠢᠴᠢᠰ — ᠬᠠᠯᠢᠮᠠᠭᠴᠤᠳ ᠣᠷᠣᠰ ᠤ᠋ᠨ ᠨᠤᠲᠤᠭ ᠲᠤ᠌ ᠳᠥᠷᠪᠡᠨ ᠵᠠᠭᠤ ᠰᠢᠬᠠᠮ ᠵᠢᠯ ᠣᠯᠠᠨ ᠣᠯᠠᠨ ᠭᠠᠰᠠᠯᠠᠩ ᠵᠣᠪᠠᠯᠠᠩ ᠢ᠋ ᠠᠮᠰᠠᠨ ᠦᠷᠡᠭᠳᠡᠯ ᠰᠦᠢᠳᠦᠯ ᠢ᠋ ᠲᠤᠭᠤᠯᠵᠤ ᠥᠨᠥᠳᠥᠷ ᠦ᠋ᠨ ᠥᠪᠡᠷ ᠦ᠋ᠨ ᠡᠰᠢ ᠭᠠᠷᠤᠯ ᠤ᠋ᠨ ᠲᠡᠦᠬᠡ᠂ ᠡᠪᠦᠭᠡ ᠳᠡᠭᠡᠳᠦᠰ ᠢ᠋ᠶ᠋ᠡᠨ ᠴᠠᠭᠯᠠᠰᠢ ᠦᠭᠡᠢ ᠭᠦᠨ ᠵᠤᠵᠠᠭᠠᠨ ᠬᠠᠢᠷ᠎ᠠ ᠬᠦᠨᠳᠦᠳᠬᠡᠯ ᠲᠡᠢ ᠪᠡᠷ ᠰᠢᠲᠦᠭᠰᠡᠭᠡᠷ᠃ ᠲᠡᠳᠡ 《ᠡᠯᠡᠰᠦᠲᠡᠢ ᠪᠠᠭᠤᠳᠠᠯ》 ᠳᠤ ᠪᠠᠨ ᠡᠪᠦᠭᠡ ᠴᠢᠩᠭᠢᠰ ᠬᠠᠭᠠᠨ ᠤ᠋ ᠬᠥᠷᠥᠭ ᠢ᠋ ᠲᠠᠬᠢᠬᠤ ᠪᠠᠷ ᠪᠠᠷᠠᠬᠤ ᠦᠭᠡᠢ᠂ 1994 ᠣᠨ ᠤ᠋ ᠨᠠᠮᠤᠷ ᠤ᠋ᠨ ᠨᠢᠭᠡᠨ ᠡᠳᠦᠷ᠂ ᠦᠯᠠᠮᠵᠢᠨᠤᠸ᠋ ᠲᠦᠷᠦᠭᠦᠯᠡᠵᠦ ᠲᠥᠷᠥ ᠶ᠋ᠢᠨ ᠨᠠᠷᠢᠨ ᠪᠢᠴᠢᠭ ᠦ᠋ᠨ ᠳᠠᠷᠤᠭ᠎ᠠ᠂ ᠠᠯᠳᠠᠷᠲᠤ ᠭᠡᠰᠡᠷᠴᠢ ᠴᠠᠭᠠᠵᠢᠮ ᠪᠣᠯᠤᠨ ᠬᠠᠯᠢᠮᠠᠭ ᠤᠯᠤᠰ ᠤ᠋ᠨ ᠢ᠋ᠶ᠋ᠠᠨ ᠴᠠᠭᠠᠨ ᠨᠣᠮ ᠬᠡᠢᠳ ᠦ᠋ᠨ ᠰᠢᠷᠡᠭᠡᠲᠦ ᠯᠠᠮᠠ ᠪᠠᠯᠵᠢᠨᠢᠮ᠎ᠠ ᠨᠠᠷ ᠢ᠋ ᠳᠠᠭᠠᠭᠤᠯᠤᠨ ᠮᠢᠩᠭᠠᠨ ᠣᠨ ᠤ᠋ ᠡᠮᠦᠨᠡᠬᠢ ᠣᠢᠷᠠᠳ ᠤ᠋ᠨ ᠡᠪᠦᠭᠡ ᠳᠡᠭᠡᠳᠦᠰ ᠦ᠋ᠨ ᠬᠢᠨᠢ ᠰᠥᠭᠥᠳᠴᠦ ᠮᠥᠷᠭᠥᠨ ᠠᠭᠰᠠᠨ ᠪᠤᠷᠬᠠᠨ ᠬᠠᠯᠳᠤᠨ ᠠᠭᠤᠯᠠᠨ ᠣᠷᠭᠢᠯ ᠳ᠋ᠤ᠌ ᠭᠠᠷᠴᠤ ᠰᠥᠭᠥᠳᠴᠦ ᠮᠥᠷᠭᠥᠨ ᠳᠡᠭᠡᠳᠦ ᠶ᠋ᠢᠨ ᠤᠯᠠᠮᠵᠢᠯᠠᠯ ᠵᠠᠩ ᠵᠢᠷᠤᠮ ᠢ᠋ᠶ᠋ᠠᠷ ᠡᠷᠭᠦᠯᠲᠡ ᠡᠷᠭᠦᠵᠦ ᠲᠠᠬᠢᠭᠰᠠᠨ ᠶᠤᠮ ᠭᠡᠨ᠎ᠡ ᠃
    ᠲᠡᠢᠮᠦ ᠠ᠋! ᠴᠢᠩᠭᠢᠰ ᠬᠠᠭᠠᠨ ᠲᠡᠮᠦᠵᠢᠨ ᠢ᠋ ᠪᠠᠭ᠎ᠠ ᠪᠠᠯᠴᠢᠷ ᠲᠤ᠌ ᠭᠤᠷᠪᠠᠨ ᠮᠡᠷᠭᠢᠳ ᠬᠥᠨᠥᠭᠡᠬᠦ ᠪᠡᠷ ᠭᠡᠨᠡᠳᠲᠡ ᠳᠠᠭᠠᠷᠢᠨ ᠣᠷᠣᠭᠰᠠᠨ᠎ᠠ᠂ ᠲᠡᠮᠦᠵᠢᠨ ᠠᠮᠢ ᠭᠠᠷᠬᠤ ᠪᠠᠷ ᠪᠤᠷᠬᠠᠨ ᠬᠠᠯᠳᠤᠨ ᠤ᠋ ᠪᠡᠷᠬᠡ ᠳ᠋ᠦ᠍ ᠰᠢᠷᠭᠤᠨ ᠡᠰᠡᠨ ᠮᠡᠨᠳᠦ ᠠᠮᠢ ᠭᠠᠷᠤᠭᠠᠳ ᠡᠪᠴᠢᠭᠦᠦ ᠪᠡᠨ ᠳᠡᠯᠡᠳᠴᠦ ᠵᠠᠯᠪᠠᠷᠢᠨ᠄ 
  ᠥᠨᠥᠴᠢᠨ ᠪᠢᠳᠡᠨ ᠦ᠌ 
  ᠣᠮᠣᠭ ᠪᠣᠯᠤᠭᠰᠠᠨ 
  ᠥᠨᠳᠥᠷ ᠳᠡᠭᠡᠳᠦ ᠪᠤᠷᠬᠠᠨ ᠬᠠᠯᠳᠤᠨ ᠴᠢᠮ᠎ᠠ ᠶ᠋ᠢ 
  ᠡᠳᠦᠷ ᠪᠦᠷᠢ ᠮᠢᠯᠢᠶᠠᠵᠤ ᠪᠠᠢᠶ᠎ᠠ 
  ᠦᠳᠡᠰᠢ ᠪᠦᠷ ᠳᠠᠬᠢᠵᠤ ᠪᠠᠢᠶ᠎ᠠ! 
  ᠦᠶ᠎ᠡ ᠶ᠋ᠢᠨ ᠦᠶ᠎ᠡ 
  ᠡᠭᠦᠷᠢᠳᠡ ᠳᠠᠬᠢᠵᠤ 
  ᠦᠶ᠎ᠡ ᠲᠤᠲᠤᠮ ᠦᠷᠭᠦᠯᠵᠢ ᠰᠢᠲᠦᠶ᠎ᠡ ᠭᠡᠰᠡᠨ ᠶᠦ᠍ᠮ᠃ 
  ᠦᠯᠠᠮᠵᠢᠨᠤᠸ᠋ ᠮᠣᠩᠭᠣᠯ ᠬᠦᠦ ᠶ᠋ᠢᠨ ᠶᠣᠰᠣᠭᠠᠷ ᠴᠢᠩᠭᠢᠰ ᠬᠠᠭᠠᠨ ᠲᠡᠮᠦᠵᠢᠨ ᠦ᠌ 800 ᠵᠢᠯ ᠦ᠋ᠨ ᠡᠮᠦᠨᠡᠬᠢ ᠵᠠᠯᠪᠠᠷᠢᠯ ᠳᠠᠭᠠᠳᠬᠠᠯ ᠢ᠋ ᠵᠢᠷᠤᠮᠯᠠᠨ ᠪᠤᠷᠬᠠᠨ ᠬᠠᠯᠳᠤᠨ ᠠᠭᠤᠯᠠᠨ ᠳ᠋ᠤ᠌ ᠳᠠᠪᠠᠵᠤ ᠰᠥᠭᠥᠳᠴᠦ ᠮᠥᠷᠭᠥᠨ ᠲᠠᠬᠢᠯᠭ᠎ᠠ ᠡᠷᠭᠦᠨ ᠰᠠᠴᠤᠯᠢ ᠰᠠᠴᠤᠯᠠᠭᠰᠠᠨ ᠨᠢ ᠪᠦᠬᠦ ᠮᠣᠩᠭᠣᠯ ᠡᠯᠢᠭᠡᠳᠡᠨ ᠴᠢᠰᠤᠲᠠᠨ ᠤ᠋ ᠦᠯᠢᠭᠡᠷ ᠳᠠᠭᠤᠷᠢᠶᠠᠯ ᠪᠢᠯᠡ᠃ 
  ᠪᠤᠷᠬᠠᠨ ᠬᠠᠯᠳᠤᠨ ᠬᠠᠨ ᠬᠠᠢᠷᠬᠠᠨ ᠪᠦᠬᠦ ᠮᠣᠩᠭᠣᠯ ᠲᠣᠭᠠᠲᠠᠨ ᠤ᠋ ᠰᠢᠲᠦᠭᠡᠨ ᠠᠭᠤᠯᠠ᠃ ᠪᠤᠷᠬᠠᠨ ᠬᠠᠯᠳᠤᠨ ᠠᠭᠤᠯᠠᠨ ᠤ᠋ ᠳᠤᠮᠳᠠᠳᠤ ᠣᠪᠣᠭ᠎ᠠ ᠶ᠋ᠢᠨ ᠳᠡᠷᠭᠡᠳᠡ ᠭᠤᠷᠪᠠᠨ ᠮᠧᠲ᠋ᠷ ᠦ᠋ᠨ ᠭᠣᠣᠯ ᠲᠠᠢ ᠲᠣᠮᠣ ᠬᠦᠷᠡᠯ ᠲᠣᠭᠣᠭ᠎ᠠ ᠪᠠᠢᠳᠠᠭ ᠭᠡᠨ᠎ᠡ᠃ ᠬᠡᠨ᠂ ᠬᠡᠵᠢᠶ᠎ᠡ ᠶᠠᠮᠠᠷ ᠠᠷᠭ᠎ᠠ ᠤᠬᠠᠭᠠᠨ ᠢ᠋ᠶ᠋ᠠᠷ ᠠᠳᠠ ᠵᠠᠯᠠᠭᠰᠠᠨ ᠨᠢ ᠣᠳᠣ ᠴᠤ᠌ ᠲᠠᠢᠯᠤᠭᠳᠠᠭᠠᠳᠤᠢ ᠣᠨᠢᠰᠣᠭ᠎ᠠ᠃ ᠡᠨᠡ ᠣᠷᠴᠢᠮ ᠤ᠋ᠨ ᠨᠤᠲᠤᠭ ᠤᠰᠤ ᠨᠢ ᠴᠢᠩᠭᠢᠰ ᠬᠠᠭᠠᠨ ᠤ᠋ ᠡᠪᠦᠭᠡ ᠳᠡᠭᠡᠳᠦᠰ  ᠤᠨ ᠣᠯᠠᠨ ᠣᠯᠠᠨ ᠦᠶ᠎ᠡ ᠶ᠋ᠢᠨ ᠨᠡᠷ᠎ᠡ᠂ ᠲᠡᠦᠬᠡ ᠳ᠋ᠦ᠍ ᠨᠢᠭᠲᠠ ᠬᠣᠯᠪᠣᠭ᠎ᠠ ᠲᠠᠢ᠃ ᠣᠳᠣ ᠮᠣᠩᠭᠣᠯ ᠤᠯᠤᠰ ᠤ᠋ᠨ ᠲᠥᠷᠥ ᠶ᠋ᠢᠨ ᠲᠠᠬᠢᠯᠭ᠎ᠠ ᠨᠢ ᠡᠨᠡ ᠶᠡᠬᠡ ᠣᠪᠣᠭ᠎ᠠ ᠳ᠋ᠤ᠌ ᠶᠠᠪᠤᠭᠳᠠᠨ᠎ᠠ᠃ 1992 ᠣᠨ ᠠ᠋ᠴᠠ ᠡᠬᠢᠯᠡᠨ ᠪᠤᠷᠬᠠᠨ ᠬᠠᠯᠳᠤᠨ — ᠬᠡᠨᠲᠡᠢ ᠠᠭᠤᠯᠠ ᠶ᠋ᠢ ᠲᠠᠬᠢᠬᠤ ᠤᠯᠠᠮᠵᠢᠯᠠᠯ ᠲᠡᠦᠬᠡ ᠰᠡᠷᠭᠦᠭᠡᠭᠳᠡᠪᠡ᠃ 1995 ᠣᠨ ᠳ᠋ᠤ᠌ ᠮᠣᠩᠭᠣᠯ ᠤᠯᠤᠰ ᠤ᠋ᠨ ᠶᠡᠷᠦᠩᠬᠡᠢᠯᠡᠭᠴᠢ ᠨᠠ᠊᠂ ᠪᠠᠭᠠᠪᠠᠨᠳᠢ ᠶ᠋ᠢᠨ ᠵᠠᠷᠯᠢᠭ ᠢ᠋ᠶ᠋ᠠᠷ ᠠᠯᠪᠠᠨ ᠶᠣᠰᠣᠭᠠᠷ ᠲᠥᠷᠥ ᠶ᠋ᠢᠨ ᠲᠠᠬᠢᠯᠭ᠎ᠠ ᠲᠠᠢ ᠠᠭᠤᠯᠠ ᠪᠣᠯᠭᠠᠪᠠ᠃ 
  2022 ᠣᠨ ᠤ 11 ᠰᠠᠷ᠎ᠠ ᠶᠢᠨ 1  ᠦ ᠡᠳᠦᠷ ᠂  ᠳᠥᠷᠪᠡᠨ ᠣᠢᠷᠠᠳ  ᠬᠠᠯᠢᠮᠠᠭ ᠤᠨ ᠠᠷᠠᠳ ᠤᠨ ᠶᠡᠭᠡ ᠬᠤᠷᠠᠯ  ᠬᠠᠯᠢᠮᠠᠭ ᠤᠨ ᠲᠤᠰᠠᠭᠠᠷ ᠲᠤᠩᠬᠠᠭ ᠢ ᠨᠡᠢᠲᠡᠯᠡᠪᠡ ᠂ ᠭᠡᠪᠡᠴᠦ ᠲᠡᠷᠡ ᠨᠢ ᠬᠠᠯᠢᠮᠠᠭ ᠤᠯᠤᠰ ᠲᠤ ᠪᠣᠳᠠᠲᠤ ᠡᠷᠬᠡ ᠲᠡᠢ ᠪᠣᠳᠠᠲᠤ ᠴᠣᠭᠴᠠ ᠪᠢᠰᠢ ᠪᠣᠯᠬᠣᠷ ᠵᠢᠩᠬᠢᠨᠢ ᠪᠤᠰᠤ ᠲᠤᠰᠠᠭᠠᠷ ᠲᠤᠩᠬᠠᠭ ᠪᠣᠯᠵᠠᠢ᠃