ᠲᠣᠬᠤᠨᠲᠡᠮᠦᠷ ᠤᠬᠠᠭᠠᠨᠲᠤ ᠬᠠᠭᠠᠨ (13) - ᠬᠦᠴᠢᠬᠡᠨ Тохонтөмөр ухаант хаан(13) - Хүчхэн ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠬᠤᠨᠲᠡᠮᠦᠷ ᠤᠬᠠᠭᠠᠨᠲᠤ ᠬᠠᠭᠠᠨ (13) - ᠬᠦᠴᠢᠬᠡᠨ Тохонтөмөр ухаант хаан(13) - Хүчхэн

ᠲᠣᠬᠤᠨᠲᠡᠮᠦᠷ ᠤᠬᠠᠭᠠᠨᠲᠤ ᠬᠠᠭᠠᠨ (13) - ᠬᠦᠴᠢᠬᠡᠨ Тохонтөмөр ухаант хаан(13) - Хүчхэн

ᠠᠩᠭᠢᠯᠠᠯ:ᠲᠡᠦᠬᠡ ᠰᠣᠶᠣᠯ
2023-04-14

306

ᠲᠣᠬᠣᠨᠲᠡᠮᠦᠷ ᠤᠬᠠᠭᠠᠨᠲᠤ ᠬᠠᠭᠠᠨ – 13


                        ᠠᠷᠪᠠᠨ ᠭᠤᠷᠪᠠᠳᠤᠭᠠᠷ ᠪᠦᠯᠦᠭ    
             ᠬᠠᠭᠠᠨ ᠊ᠢ ᠰᠠᠭᠤᠷᠢᠨ ᠢ᠋ᠶ᠋ᠠᠨ ᠨᠠᠶ᠋ᠢᠷ ᠲᠠᠯᠪᠢᠭᠤᠯᠬᠤ ᠪᠠᠷ ᠴᠢ‍ ᠬᠤᠸᠠᠩᠬᠡᠦ ᠦᠷᠭᠦᠯᠵᠢᠯᠡᠨ ᠬᠤᠤᠪᠢᠯᠳᠤᠪᠠᠢ  
             ᠬᠠᠭᠠᠴᠠᠭᠤᠯᠬᠤ ᠬᠦᠴᠦᠨ ᠊ᠢ ᠢᠯᠭᠠᠨ ᠲᠡᠪᠴᠢᠵᠦ ᠬᠥᠬᠡᠲᠡᠮᠤᠷ ᠵᠣᠷᠢᠭᠯᠠᠨ ᠲᠡᠮᠡᠴᠡᠪᠡᠢ    

    ᠥᠭᠦᠯᠡᠬᠦ ᠨᠢ ᠂ ᠬᠣᠩ ᠲᠠᠶ᠋ᠢᠽᠢ ᠠᠶᠤᠰᠢᠷᠢᠲᠠᠷᠠ ᠬᠡᠮᠡᠭᠴᠢ ᠲᠣᠬᠤᠨᠲᠡᠮᠤᠷ ᠬᠠᠭᠠᠨ ᠤ᠋ ᠵᠠᠷᠯᠢᠭ ᠊ᠢ ᠣᠯᠤᠭᠰᠠᠨ ᠠᠲᠠᠯ᠎ᠠ ᠨᠡᠶ᠋ᠢᠰᠯᠡᠯ ᠬᠣᠲᠠ ᠳ᠋ᠤ᠌ ᠪᠤᠴᠠᠵᠤ ᠢᠷᠡᠭᠰᠡᠨ ᠦᠭᠡᠢ ᠂ ᠬᠠᠷᠢᠨ ᠲᠠᠶ᠋ᠢᠶᠤᠸᠠᠨ ᠊ᠢ ᠰᠠᠬᠢᠨ ᠰᠠᠭᠤᠭ᠎ᠠ ᠬᠥᠬᠡᠲᠡᠮᠤᠷ ᠤ᠋ᠨ ᠴᠡᠷᠢᠭ ᠦ᠋ᠨ ᠬᠦᠷᠢᠶᠡᠨ ᠳ᠋ᠦ᠍ ᠣᠴᠢᠵᠤ ᠪᠡᠶ᠎ᠡ ᠳᠠᠯᠳᠠᠯᠠᠪᠠ ᠃ ᠥᠯᠵᠡᠢ ᠬᠤᠲᠤᠭ ᠬᠠᠲᠤᠨ ᠠᠷᠤ ᠣᠷᠳᠣᠨ ᠤ᠋ ᠲᠠᠶ᠋ᠢᠭᠠᠨ ᠲᠦᠰᠢᠮᠡᠯ ᠰᠧ ᠯᠦᠩ ᠢ ᠬᠡᠮᠡᠭᠴᠢ ᠶ᠋ᠢ ᠲᠠᠶ᠋ᠢᠶᠤᠸᠠᠨ ᠳ᠋ᠤ᠌ ᠨᠢᠭᠤᠴᠠ ᠪᠠᠷ ᠢᠯᠡᠭᠡᠵᠦ ᠂ ᠳᠠᠩ ᠤᠯᠤᠰ ᠤ᠋ᠨ ᠰᠦᠽᠦᠶ᠋ᠩ ᠬᠠᠭᠠᠨ ᠤ᠋ ᠦᠯᠢᠭᠡᠷ ᠢ᠋ᠶ᠋ᠡᠷ ᠬᠠᠭᠠᠨ ᠰᠠᠭᠤᠷᠢᠨ ᠊ᠢ ᠡᠵᠡᠯᠡᠵᠦ ᠂ ᠲᠣᠬᠤᠨᠲᠡᠮᠤᠷ ᠊ᠢ ᠲᠡᠢ ᠱᠠᠩ ᠬᠤᠸᠠᠩ ᠪᠣᠯᠭᠠᠬᠤ ᠪᠠᠷ ᠦᠷᠭᠦᠯᠵᠢᠯᠡᠨ ᠬᠤᠤᠪᠢᠯᠳᠤᠪᠠ ᠃ ᠲᠡᠦᠬᠡᠨ ᠪᠢᠴᠢᠭ ᠲᠦ᠍ ᠦᠭᠦᠯᠡᠭᠰᠡᠨ ᠢᠨᠤ ᠄ ᠳᠠᠩ ᠤᠯᠤᠰ ᠤ᠋ᠨ ᠰᠢᠤᠸᠠᠨᠽᠦᠶ᠋ᠩ ᠬᠠᠭᠠᠨ ᠤ᠋ ᠲᠢᠶᠠᠨ ᠪᠤᠤ ᠶ᠋ᠢᠨ ᠠᠷᠪᠠᠨ ᠳᠥᠷᠪᠡᠳᠦᠭᠡᠷ ᠣᠨ (755 ᠣᠨ ) ᠤ᠋  ᠠᠷᠪᠠᠨ ᠨᠢᠭᠡᠳᠦᠭᠡᠷ ᠰᠠᠷ᠎ᠠ ᠳ᠋ᠤ᠌ ᠠᠨ ᠯᠦ᠍ ᠱᠠᠨ ᠂ ᠱᠢ ᠰᠧ ᠮᠢᠩ ᠴᠡᠷᠢᠭ ᠦ᠋ᠨ ᠬᠤᠪᠢᠰᠤᠯ ᠭᠠᠷᠭᠠᠵᠤ ᠂ ᠯᠢᠩ ᠡᠤ ᠪᠠᠷ ᠬᠠᠲᠤᠨ ᠭᠣᠣᠯ ᠊ᠢ ᠭᠡᠲᠦᠯᠵᠦ ᠯᠦᠸᠧ ᠶᠠᠩ ᠬᠣᠲᠠ ᠶ᠋ᠢ ᠡᠵᠡᠯᠡᠪᠡ ᠃ ᠠᠷᠪᠠᠨ ᠲᠠᠪᠤᠳᠤᠭᠠᠷ ᠣᠨ ᠤ᠋ ᠴᠠᠭᠠᠨ ᠰᠠᠷ᠎ᠠ ᠳ᠋ᠤ᠌ ᠠᠨ ᠯᠦ᠍ ᠱᠠᠨ ᠥᠪᠡᠷ ᠊ᠢ ᠪᠡᠨ ᠶᠠᠨ ᠤᠯᠤᠰ ᠤ᠋ᠨ ᠬᠠᠭᠠᠨ ᠡᠷᠭᠦᠮᠵᠢᠯᠡᠵᠦ ᠂ ᠳᠠᠩ ᠤᠯᠤᠰ ᠤ᠋ᠨ ᠶᠡᠬᠡ ᠵᠠᠩᠵᠤᠨ ᠬᠡ ᠱᠤ᠌ ᠬᠠᠨ ᠤ᠋ ᠴᠡᠷᠢᠭ ᠊ᠢ ᠪᠤᠲᠠ ᠴᠣᠬᠢᠵᠤ ᠲᠥᠩᠭᠤᠸᠠᠨ ᠪᠣᠭᠣᠮᠲᠠ ᠶ᠋ᠢ ᠡᠪᠳᠡᠨ ᠴᠠᠩ ᠠᠨ ( ᠣᠳᠣ ᠶ᠋ᠢᠨ ᠱᠠᠨᠰᠢ ᠶ᠋ᠢᠨ ᠰᠢ ᠠᠨ ) ᠊ᠢ ᠰᠢᠬᠠᠮᠳᠠᠭᠤᠯᠪᠠ ᠃ ᠵᠢᠷᠭᠤᠳᠤᠭᠠᠷ ᠰᠠᠷ᠎ᠠ ᠳ᠋ᠤ᠌ ᠳᠠᠩ ᠰᠢᠤᠸᠠᠨᠽᠦᠶ᠋ᠩ ᠬᠠᠭᠠᠨ ᠴᠠᠩ ᠠᠨ ᠬᠣᠲᠠ ᠶ᠋ᠢ ᠣᠷᠬᠢᠵᠤ ᠪᠠᠷᠠᠭᠤᠨᠰᠢ ᠰᠧᠴᠤᠸᠠᠨ ᠲᠡᠶ᠋ᠢᠰᠢ ᠳᠤᠲᠠᠭᠠᠪᠠ ᠃ ᠳᠣᠯᠣᠳᠤᠭᠠᠷ ᠰᠠᠷ᠎ᠠ ᠳ᠋ᠤ᠌ ᠳᠠᠩ ᠰᠢᠤᠸᠠᠨᠽᠦᠶ᠋ᠩ ᠬᠠᠭᠠᠨ ᠤ᠋ ᠬᠥᠪᠡᠭᠦᠨ ᠯᠢ ᠾᠧᠩ ᠴᠡᠷᠢᠭ ᠳᠠᠶ᠋ᠢᠴᠢᠯᠠᠨ ᠤᠮᠠᠷᠠᠰᠢ ᠢᠷᠡᠭᠡᠳ ᠯᠢᠩ ᠡᠤ ( ᠣᠳᠣ ᠶ᠋ᠢᠨ ᠨᠢᠩᠰᠢᠶᠠ ᠶ᠋ᠢᠨ ᠴᠢᠩ ᠲᠦᠩ ᠰᠢᠶᠠᠨ ᠬᠠᠪᠴᠢᠯ ᠤ᠋ᠨ ᠠᠷᠤ ᠳ᠋ᠤ᠌ ᠪᠣᠢ ) ᠳ᠋ᠤ᠌ ᠬᠠᠭᠠᠨ ᠰᠠᠭᠤᠵᠤ ᠂ ᠣᠨ ᠤ᠋ ᠴᠣᠯᠠ ᠶ᠋ᠢ ᡁᠢ ᠲᠧ ᠭᠡᠮᠡᠨ ᠂ ᠳᠠᠩ ᠰᠢᠦᠸᠡᠨᠽᠦᠢ᠍ᠩ ᠬᠠᠭᠠᠨ ᠢ᠋ ᠲᠡᠢ ᠱᠠᠩ ᠬᠤᠸᠠᠩ ᠡᠷᠭᠦᠮᠵᠢᠯᠡᠪᠡ ᠃ ᠲᠡᠦᠬᠡᠨ᠎ᠡ ᠯᠢ ᠾᠧᠩ ᠢ᠋ ᠳᠠᠩ ᠰᠦᠽᠦᠢ᠍ᠩ ᠬᠠᠭᠠᠨ ᠬᠡᠮᠡᠮᠦᠢ ᠃  
     ᠲᠡᠳᠦᠢ ᠳ᠋ᠦ᠍ᠷ ᠥᠯᠵᠡᠢ ᠬᠤᠲᠤᠭ ᠬᠠᠲᠤᠨ ᠤ᠋ ᠥᠳᠥᠭᠡᠯᠭᠡ ᠳᠣᠣᠷ᠎ᠠ ᠠᠶᠤᠰᠢᠷᠢᠳᠠᠷᠠ ᠂ ᠳᠠᠩ ᠰᠦᠽᠦᠢ᠍ᠩ ᠦ᠋ᠨ ᠮᠥᠷ ᠢ᠋ ᠮᠥᠷᠳᠡᠵᠦ ᠲᠠᠢᠶᠤᠸᠠᠨ ᠳ᠋ᠤ᠌ ᠥᠪᠡᠷ ᠢ᠋ᠶ᠋ᠡᠨ ᠬᠠᠭᠠᠨ ᠰᠠᠭᠤᠬᠤ ᠪᠠᠷ ᠪᠡᠯᠡᠳᠬᠡᠵᠦ ᠪᠠᠢᠪᠠ ᠃ ᠶᠠᠭ ᠡᠨᠡ ᠦᠶ᠎ᠡ ᠳ᠋ᠦ᠍ ᠲᠣᠬᠤᠨᠲᠡᠮᠦᠷ ᠬᠠᠭᠠᠨ ᠢ᠋ᠶ᠋ᠠᠷ ᠪᠣᠯᠣᠲᠡᠮᠦᠷ ᠦ᠋ᠨ ᠲᠡᠷᠢᠭᠦᠨ ᠢ᠋ ᠣᠭᠲᠣᠯᠵᠤ ᠠᠪᠤᠭᠠᠳ ᠲᠡᠮᠦᠷ ᠬᠠᠢᠷᠴᠠᠭ ᠲᠤ᠌ ᠰᠠᠪᠠᠯᠠᠭᠠᠳ ᠬᠣᠩ ᠲᠠᠢᠽᠢ ᠳ᠋ᠤ᠌ ᠬᠦᠷᠭᠡᠵᠦ ᠦᠭᠭᠦᠭᠰᠡᠨ ᠪᠥᠭᠡᠳ ᠲᠡᠭᠦᠨ ᠢ᠋ ᠦᠳᠲᠡᠷ ᠲᠦᠷᠭᠡᠨ ᠨᠡᠢᠰᠯᠡᠯ ᠳ᠋ᠦ᠍ ᠪᠤᠴᠠᠵᠤ ᠢᠷ᠎ᠡ ᠬᠡᠮᠡᠪᠡ ᠃ 
     ᠠᠶᠤᠰᠢᠷᠢᠳᠠᠷᠠ ᠂ ᠬᠠᠭᠠᠨ ᠤ᠋ ᠵᠣᠣ ᠪᠢᠴᠢᠭ ᠪᠣᠯᠤᠨ ᠪᠣᠯᠣᠲᠡᠮᠦᠷ ᠦ᠋ᠨ ᠲᠡᠷᠢᠭᠦᠨ ᠢ᠋ ᠲᠣᠰᠴᠤ ᠠᠪᠤᠭᠠᠳ ᠲᠠᠢᠶᠤᠸᠠᠨ ᠳ᠋ᠤ᠌ ᠦᠷᠭᠦᠯᠵᠢᠯᠡᠨ ᠬᠣᠷᠭᠣᠳᠠᠬᠤ ᠴᠢᠬᠤᠯᠠ ᠦᠭᠡᠢ ᠪᠣᠯᠤᠭᠰᠠᠨ ᠪᠥᠭᠡᠳ ᠲᠤᠬᠠᠢ ᠶ᠋ᠢᠨ ᠦᠶ᠎ᠡ ᠳ᠋ᠦ᠍ ᠬᠦᠬᠡᠲᠡᠮᠦᠷ ᠪᠠᠰᠠ ᠲᠡᠭᠦᠨ ᠦ᠌ ᠬᠠᠭᠠᠨ ᠰᠠᠭᠤᠬᠤ ᠶ᠋ᠢ ᠳᠡᠮᠵᠢᠭᠰᠡᠨ ᠦᠭᠡᠢ ᠲᠤᠯᠠ ᠠᠷᠭ᠎ᠠ ᠪᠤᠰᠤ ᠨᠡᠢᠰᠯᠡᠯ ᠳ᠋ᠦ᠍ ᠪᠤᠴᠠᠵᠤ ᠢᠷᠡᠬᠦ ᠪᠡᠷ ᠰᠢ᠌ᠳᠪᠡ ᠃ 
     ᠠᠷᠠᠳ ᠤ᠋ᠨ ᠦᠭᠡᠨ ᠳ᠋ᠦ᠍ ᠭᠣᠣᠯ ᠨᠢ ᠲᠠᠰᠤᠷᠠᠬᠤ ᠦᠭᠡᠢ ᠪᠣᠯ ᠭᠣᠷᠢ ᠨᠢ ᠲᠠᠰᠤᠷᠠᠬᠤ ᠦᠭᠡᠢ ᠭᠡᠳᠡᠭ ᠢ᠋ᠶ᠋ᠡᠷ ᠥᠯᠵᠡᠢ ᠬᠤᠲᠤᠭ ᠬᠠᠲᠤᠨ ᠂ ᠬᠥᠪᠡᠭᠦᠨ ᠠᠶᠤᠰᠢᠷᠢᠳᠠᠷᠠ ᠶ᠋ᠢᠨ ᠨᠡᠢᠰᠯᠡᠯ ᠳ᠋ᠦ᠍ ᠪᠤᠴᠠᠵᠤ ᠢᠷᠡᠬᠦ ᠭᠡᠰᠡᠨ ᠢ᠋ ᠰᠣᠨᠣᠰᠤᠭᠠᠳ ᠵᠢᠷᠦᠬᠡᠨ ᠲᠠᠮᠢᠷ ᠣᠷᠣᠵᠤ ᠂ ᠬᠠᠭᠠᠨ ᠢ᠋ ᠰᠠᠭᠤᠷᠢᠨ ᠢ᠋ᠶ᠋ᠠᠨ ᠨᠠᠢᠷ ᠲᠠᠯᠪᠢᠭᠤᠯᠬᠤ ᠪᠠᠷ ᠦᠷᠭᠦᠯᠵᠢᠯᠡᠨ ᠬᠤᠤᠪᠢᠯᠳᠤᠵᠤ ᠡᠬᠢᠯᠡᠪᠡ ᠃ ᠲᠡᠷᠡ ᠬᠥᠬᠡᠲᠡᠮᠦᠷ ᠲᠦ᠍ ᠳᠠᠯᠳᠠᠭᠤᠷ ᠵᠠᠬᠢᠳᠠᠯ ᠢᠯᠡᠭᠡᠵᠦ ᠂ ᠬᠣᠩ ᠲᠠᠢᠽᠢ ᠶ᠋ᠢ ᠨᠡᠢᠰᠯᠡᠯ ᠳ᠋ᠦ᠍ ᠬᠦᠷᠭᠡᠵᠦ ᠢᠷᠡᠬᠦ ᠳ᠋ᠦ᠍ ᠪᠡᠨ ᠶᠡᠬᠡ ᠴᠡᠷᠢᠭ ᠳᠠᠢᠴᠢᠯᠠᠨ ᠬᠠᠭᠠᠨ ᠰᠠᠭᠤᠷᠢᠨ ᠢ᠋ᠶ᠋ᠠᠨ ᠨᠠᠢᠷ ᠲᠠᠯᠪᠢᠭᠤᠯᠬᠤ ᠪᠠᠷ ᠰᠦᠷᠳᠡᠭᠦᠯ ᠬᠡᠮᠡᠪᠡ ᠃ 
     ᠬᠥᠬᠡᠲᠡᠮᠦᠷ ᠂ ᠬᠠᠭᠠᠨ ᠪᠣᠯᠤᠨ ᠬᠠᠲᠤᠨ ᠤ᠋ ᠬᠣᠭᠣᠷᠣᠨᠳᠣ ᠭᠠᠷ ᠲᠥᠷᠥᠵᠦ ᠵᠥᠷᠢᠴᠡᠯ ᠊ᠢ ᠴᠢᠨᠠᠭᠰᠢᠳᠠ ᠬᠤᠷᠴᠠᠳᠬᠠᠬᠤ ᠠ᠋ᠴᠠ ᠵᠠᠶ᠋ᠢᠯᠠᠰᠬᠢᠨ ᠥᠯᠵᠡᠢ ᠬᠤᠲᠤᠭ ᠬᠠᠲᠤᠨ ᠤ᠋ ᠦᠭᠡ ᠪᠡᠷ ᠬᠢᠭᠰᠡᠨ ᠦᠭᠡᠢ ᠃ ᠲᠡᠷᠡ ᠴᠡᠷᠢᠭ ᠢ᠋ᠶ᠋ᠡᠨ ᠳᠠᠶ᠋ᠢᠳᠤ ᠬᠣᠲᠠ ᠠ᠋ᠴᠠ ᠭᠤᠴᠢᠨ ᠭᠠᠵᠠᠷ ᠵᠠᠶ᠋ᠢᠲᠠᠢ ᠪᠠᠭᠤᠳᠠᠯᠯᠠᠭᠤᠯᠵᠤ ᠥᠪᠡᠷ ᠢ᠋ᠶ᠋ᠡᠨ ᠴᠥᠭᠡᠨ ᠲᠣᠭᠠᠨ ᠤ᠋ ᠰᠢᠳᠠᠷ ᠬᠠᠮᠠᠭᠠᠯᠠᠬᠤ ᠴᠡᠷᠢᠭ ᠊ᠢ ᠳᠠᠭᠠᠭᠤᠯᠵᠤ ᠬᠣᠩ ᠲᠠᠶ᠋ᠢᠽᠢ ᠠᠶᠤᠰᠢᠷᠢᠲᠠᠷᠠ ᠶ᠋ᠢ ᠬᠠᠮᠠᠭᠠᠯᠠᠨ ᠬᠠᠭᠠᠨ ᠤ᠋ ᠣᠷᠳᠣᠨ ᠳ᠋ᠤ᠌ ᠢᠷᠡᠭᠡᠳ ᠲᠤᠬᠤᠨᠲᠡᠮᠦᠷ ᠬᠠᠭᠠᠨ ᠳ᠋ᠤ᠌ ᠪᠠᠷᠠᠯᠠᠭᠪᠠ ᠃ 
     ᠥᠯᠵᠡᠢ ᠬᠤᠲᠤᠭ ᠬᠠᠲᠤᠨ ᠤ᠋ ᠬᠠᠭᠠᠨ ᠢ᠋ ᠴᠡᠷᠢᠭ ᠦ᠋ᠨ ᠬᠦᠴᠦᠨ ᠢ᠋ᠶ᠋ᠡᠷ ᠰᠢᠬᠠᠵᠤ ᠪᠠᠢᠭᠠᠳ ᠰᠠᠭᠤᠷᠢᠨ ᠢ᠋ᠶ᠋ᠠᠨ ᠨᠠᠢᠷ ᠲᠠᠯᠪᠢᠭᠤᠯᠬᠤ ᠬᠡᠮᠡᠭᠰᠡᠨ ᠠᠮᠲᠠᠲᠤ ᠵᠡᠭᠦᠳᠦ ᠨᠢ ᠪᠠᠰᠠ ᠨᠢᠭᠡ ᠤᠳᠠᠭ᠎ᠠ ᠬᠣᠭᠣᠰᠣᠨ ᠪᠣᠯᠤᠭᠰᠠᠨ ᠳ᠋ᠤ᠌ ᠬᠦᠬᠡᠲᠡᠮᠦᠷ ᠲᠦ᠍ ᠲᠤᠩ ᠳᠤᠷ᠎ᠠ ᠦᠭᠡᠢᠴᠡᠨ ᠬᠣᠷᠣᠰᠤᠯ ᠡᠪᠦᠷᠯᠡᠪᠡ ᠃ ᠭᠡᠲᠡᠯ᠎ᠡ ᠲᠤᠬᠤᠨᠲᠡᠮᠦᠷ ᠬᠠᠭᠠᠨ ᠬᠠᠷᠢᠨ ᠬᠦᠬᠡᠲᠡᠮᠦᠷ ᠲᠦ᠍ ᠮᠠᠰᠢ ᠰᠡᠳᠬᠢᠯ ᠬᠠᠩᠭᠠᠯᠤᠭᠤᠨ ᠪᠣᠯᠵᠤ ᠲᠡᠭᠦᠨ ᠢ᠋ ᠬᠦᠨᠳᠦ ᠪᠡᠷ ᠱᠠᠩᠨᠠᠭᠰᠠᠨ ᠪᠥᠭᠡᠳ ᠲᠥᠪ ᠪᠢᠴᠢᠭ ᠦ᠋ᠨ ᠮᠣᠵᠢ ᠶ᠋ᠢᠨ ᠵᠡᠭᠦᠨ ᠭᠠᠷᠤᠨ ᠴᠢᠩᠰᠠᠩ ᠂ ᠴᠡᠷᠢᠭ ᠦ᠋ᠨ ᠨᠢᠭᠤᠴᠠ ᠶ᠋ᠢᠨ ᠬᠦᠷᠢᠶᠡᠯᠡᠩ ᠦ᠋ᠨ ᠮᠡᠳᠡᠭᠴᠢ ᠪᠥᠭᠡᠳ ᠵᠡᠭᠦᠨ ᠣᠷᠳᠣᠨ ᠤ᠋ ᠬᠡᠷᠡᠭ ᠢ᠋ ᠳᠠᠭᠠᠭᠠᠭᠰᠠᠨ  ᠵᠠᠨᠱ᠌ᠢ  ᠲᠦᠰᠢᠮᠡᠯ ᠡᠷᠭᠦᠮᠵᠢᠯᠡᠵᠦ ᠂ ᠲᠡᠢ ᠸᠧᠢ ᠴᠣᠯᠠ ᠨᠡᠮᠡᠵᠦ ᠰᠣᠶᠣᠷᠬᠠᠪᠠ ᠃ ᠡᠨᠳᠡᠴᠡ ᠬᠦᠬᠡᠲᠡᠮᠦᠷ ᠬᠠᠭᠠᠨᠲᠤ ᠲᠥᠷᠥ ᠳ᠋ᠦ᠍ ᠪᠣᠯᠤᠲᠡᠮᠦᠷ ᠢ᠋ ᠣᠷᠣᠯᠠᠭᠠᠳ ᠬᠠᠮᠤᠭ ᠤ᠋ᠨ ᠬᠦᠴᠦᠷᠬᠡᠭ ᠪᠢᠴᠢᠭ ᠴᠡᠷᠢᠭ ᠦ᠋ᠨ ᠡᠷᠬᠡ ᠶ᠋ᠢ ᠭᠠᠷ ᠲᠤ᠌ ᠪᠠᠨ ᠠᠳᠬᠤᠭᠰᠠᠨ ᠡᠵᠡᠷᠬᠡᠭᠴᠢ ᠪᠣᠯᠪᠠ ᠃ ᠣᠳᠣ ᠬᠠᠭᠠᠨᠲᠤ ᠲᠥᠷᠥ ᠳ᠋ᠦ᠍ ᠲᠡᠭᠦᠨ ᠲᠡᠢ ᠠᠶᠤᠮᠰᠢᠭ ᠦᠭᠡᠢ ᠮᠥᠴᠡᠭᠡᠷᠬᠡᠬᠦ ᠬᠥᠮᠦᠨ ᠦᠭᠡᠢ ᠪᠣᠯᠵᠤᠬᠤᠢ ᠃ ᠭᠡᠲᠡᠯ᠎ᠡ ᠲᠡᠭᠦᠨ ᠦ᠌ ᠡᠨᠡ ᠬᠦ᠌ ᠡᠵᠡᠷᠬᠡᠭᠴᠢ ᠶ᠋ᠢᠨ ᠪᠠᠢᠷᠢ ᠰᠠᠭᠤᠷᠢ ᠶ᠋ᠢ ᠬᠠᠭᠠᠨᠲᠤ ᠲᠥᠷᠥ ᠶ᠋ᠢᠨ ᠳᠣᠲᠣᠭᠠᠳᠤ ᠶ᠋ᠢᠨ 《 ᠵᠠᠢᠯᠠᠭᠤᠯᠬᠤ 》 ᠪᠠ 《 ᠪᠠᠢᠭᠤᠯᠬᠤ 》 ᠲᠡᠮᠡᠴᠡᠭᠡᠨ ᠳ᠋ᠦ᠍ ᠬᠠᠮᠤᠭᠳᠠᠨ ᠣᠷᠣᠭᠰᠠᠨ ᠪᠢᠴᠢᠭ ᠴᠡᠷᠢᠭ ᠦ᠋ᠨ ᠲᠦᠰᠢᠮᠡᠳ ᠦ᠋ᠨ ᠨᠢᠭᠡ ᠤᠳᠠᠭᠠᠨ ᠤ᠋ ᠴᠢᠰᠤᠲᠤ ᠬᠢᠮᠤᠷᠠᠯᠳᠤᠭᠠᠨ ᠢ᠋ᠶ᠋ᠠᠷ ᠰᠣᠯᠢᠵᠤ ᠢᠷᠡᠭᠰᠡᠨ ᠲᠤᠯᠠ ᠲᠡᠭᠦᠨ ᠡᠴᠡ ᠴᠢᠰᠤᠨ ᠦᠨᠦᠷ ᠬᠠᠩᠬᠤᠯᠵᠤ ᠪᠠᠢᠭ᠎ᠠ ᠪᠥᠯᠥᠭᠡ ᠃  
      ᠬᠦᠬᠡᠲᠡᠮᠦᠷ ᠬᠡᠮᠡᠭᠴᠢ ᠮᠠᠰᠢ ᠰᠡᠴᠡᠨ ᠮᠡᠷᠭᠡᠨ ᠬᠥᠮᠦᠨ ᠠᠵᠤᠭᠤ ᠃ ᠲᠡᠷᠡ ᠬᠠᠭᠠᠨᠲᠤ ᠲᠥᠷᠥ ᠳ᠋ᠡᠬᠢ 《 ᠵᠠᠢᠯᠠᠭᠤᠯᠬᠤ 》 ᠪᠠ 《 ᠪᠠᠢᠭᠤᠯᠬᠤ 》 ᠵᠥᠷᠢᠴᠡᠯ ᠲᠡᠮᠡᠴᠡᠯ ᠳ᠋ᠦ᠍ ᠰᠢᠭᠢᠳᠦᠨ ᠣᠷᠣᠭᠠᠳ ᠂ ᠬᠠᠭᠠᠨ ᠪᠠ ᠬᠣᠩ ᠲᠠᠢᠽᠢ ᠶ᠋ᠢᠨ ᠳᠤᠮᠳᠠ ᠬᠠᠪᠴᠢᠭᠳᠠᠭᠠᠳ ᠪᠠᠢᠪᠠᠯ ᠡᠷᠲᠡ ᠣᠷᠣᠢ ᠦᠭᠡᠢ ᠪᠣᠯᠤᠲᠡᠮᠦᠷ ᠦ᠋ᠨ ᠥᠷᠥᠭᠡᠰᠦᠨ ᠪᠣᠯᠤᠮᠤᠢ ᠭᠡᠮᠡᠨ ᠰᠡᠳᠬᠢᠭᠡᠳ 《 ᠵᠢᠷᠠᠨ ᠠᠷᠭ᠎ᠠ ᠠ᠋ᠴᠠ ᠵᠠᠢᠯᠠᠭᠰᠠᠨ ᠠᠷᠭ᠎ᠠ 》 ᠭᠡᠳᠡᠭ ᠢ᠋ᠶ᠋ᠡᠷ ᠬᠦᠬᠡᠲᠡᠮᠦᠷ ᠬᠣᠶᠠᠷ ᠰᠠᠷ᠎ᠠ ᠪᠣᠯᠤᠭᠰᠠᠨ ᠦᠭᠡᠢ ᠲᠤᠰᠢᠶᠠᠯ ᠢ᠋ᠶ᠋ᠠᠨ ᠲᠡᠪᠴᠢᠵᠦ ᠂ ᠲᠠᠷᠢᠶᠠᠴᠢᠨ ᠤ᠋ ᠪᠣᠰᠤᠯᠭ᠎ᠠ ᠶ᠋ᠢ ᠳᠠᠷᠤᠬᠤ ᠪᠠᠷ ᠨᠡᠢᠰᠯᠡᠯ  ᠬᠣᠲᠠ ᠠ᠋ᠴᠠ ᠵᠠᠢᠯᠠᠵᠤ ᠶᠠᠪᠤᠪᠠ ᠃ 
      ᠲᠡᠳᠦᠢ ᠳ᠋ᠦ᠍ᠷ ᠶᠤᠸᠠᠨ ᠤᠯᠤᠰ ᠤ᠋ᠨ ᠬᠠᠭᠠᠰ ᠰᠢᠬᠠᠮ ᠭᠠᠵᠠᠷ ᠣᠷᠣᠨ ᠨᠢᠭᠡᠨᠲᠡ ᠲᠠᠷᠢᠶᠠᠴᠢᠨ ᠤ᠋ ᠪᠣᠰᠤᠯᠭ᠎ᠠ ᠶ᠋ᠢᠨ ᠴᠡᠷᠢᠭ ᠲᠦ᠍  ᠡᠵᠡᠯᠡᠭᠳᠡᠭᠡᠳ ᠪᠠᠶ᠋ᠢᠪᠠ ᠃ ᡁᠢ ᠵᠧᠩ ᠦ᠋ᠨ ᠠᠷᠪᠠᠨ ᠨᠢᠭᠡᠳᠦᠭᠡᠷ ᠣᠨ (1351ᠣᠨ ) ᠤ᠋ ᠲᠠᠪᠤᠳᠤᠭᠠᠷ ᠰᠠᠷ᠎ᠠ ᠳ᠋ᠤ᠌ ᠬᠠᠨ ᠱᠠᠨ ᠲᠦᠩ ᠂ ᠯᠢᠦ ᠹᠦ ᠲᠦᠩ ᠨᠠᠷ ᠪᠦᠬᠦ ᠤᠯᠤᠰ ᠤ᠋ᠨ ᠴᠢᠨᠠᠷᠲᠠᠢ ᠲᠠᠷᠢᠶᠠᠴᠢᠨ ᠤ᠋ ᠪᠣᠰᠤᠯᠭ᠎ᠠ ᠶ᠋ᠢᠨ ᠠᠩᠬᠠᠨ ᠤ᠋ ᠫᠤᠤ ᠶ᠋ᠢ ᠲᠠᠯᠪᠢᠭᠰᠠᠨ ᠶᠤᠮ ᠃ ᠲᠣᠭᠲᠤᠭ᠎ᠠ ᠴᠢᠩᠰᠠᠩ ᡁᠢ ᠵᠧᠩ ᠦ᠋ᠨ ᠠᠷᠪᠠᠨ ᠳᠥᠷᠪᠡᠳᠦᠭᠡᠷ ᠣᠨ ᠳ᠋ᠤ᠌ ᠵᠠᠩ ᠱᠢ ᠴᠧᠩ ᠦ᠋ᠨ ᠤᠳᠤᠷᠢᠳᠤᠭᠰᠠᠨ ᠲᠠᠷᠢᠶᠠᠴᠢᠨ ᠤ᠋ ᠪᠣᠰᠤᠯᠭ᠎ᠠ ᠶ᠋ᠢ ᠳᠠᠷᠤᠩᠭᠤᠶ᠋ᠢᠯᠠᠬᠤ ᠪᠠᠷ ᠮᠣᠷᠳᠠᠵᠠᠢ ᠃ ᠭᠡᠲᠡᠯ᠎ᠡ ᠲᠣᠬᠤᠨᠲᠡᠮᠦᠷ ᠬᠠᠭᠠᠨ ᠵᠠᠩᠭᠢᠯᠠᠭ᠎ᠠ ᠶ᠋ᠢᠨ ᠦᠶ᠎ᠡ ᠳ᠋ᠦ᠍ ᠵᠠᠯᠢᠬᠠᠢ ᠲᠦᠰᠢᠮᠡᠯ ᠦ᠋ᠨ ᠬᠣᠪ ᠦᠭᠡ ᠪᠡᠷ ᠲᠣᠭᠲᠤᠬ᠋᠎ᠠ ᠶ᠋ᠢᠨ ᠴᠡᠷᠢᠭ ᠵᠠᠬᠢᠷᠬᠤ ᠡᠷᠬᠡ ᠶ᠋ᠢ ᠬᠠᠰᠤᠪᠠ ᠃ ᠦᠨᠡᠨ ᠳ᠋ᠡᠭᠡᠨ ᠲᠤᠬᠠᠢ ᠶ᠋ᠢᠨ ᠦᠶᠡᠰ ᠲᠠᠷᠢᠶᠠᠴᠢᠨ ᠤ᠋ ᠪᠣᠰᠤᠯᠭ᠎ᠠ ᠶ᠋ᠢᠨ ᠬᠡᠪᠴᠢᠶ᠎ᠡ ᠥᠷᠭᠡᠨ ᠶᠡᠬᠡ ᠪᠠᠶ᠋ᠢᠬᠰᠠᠨ ᠪᠣᠯᠪᠠᠴᠤ ᠂ ᠳᠣᠲᠣᠭᠠᠳᠤ ᠶ᠋ᠢᠨ ᠲᠡᠮᠡᠴᠡᠯ ᠵᠠᠭᠤᠷᠠᠯᠳᠤᠭᠠᠨ ᠠ᠋ᠴᠠ ᠪᠣᠯᠵᠤ ᠶᠤᠸᠠᠨ ᠤᠯᠤᠰ ᠤ᠋ᠨ ᠴᠡᠷᠢᠭ ᠊ᠢ  ᠨᠢᠭᠡᠳᠦᠭᠰᠡᠨ  ᠬᠦᠴᠦᠨ ᠢ᠋ᠶ᠋ᠡᠷ ᠡᠰᠡᠷᠭᠦᠴᠡᠵᠦ ᠴᠢᠳᠠᠬᠤ ᠦᠭᠡᠢ ᠪᠠᠶ᠋ᠢᠵᠠᠢ ᠃ ᠬᠡᠷᠪᠡᠵᠢᠶ᠎ᠡ ᠶᠤᠸᠠᠨ ᠤ᠋ ᠬᠠᠭᠠᠨᠲᠤ ᠲᠥᠷᠥ ᠡᠴᠡ ᠴᠠᠭ ᠲᠤᠬᠠᠢ ᠳ᠋ᠤᠨᠢ ᠪᠦᠰᠡᠯᠡᠨ ᠤᠰᠠᠳᠬᠠᠵᠤ ᠲᠤᠰ ᠲᠤᠰ ᠢ᠋ᠶ᠋ᠠᠷ ᠨᠢ ᠱᠢᠢᠳᠪᠦᠷᠢᠯᠡᠭ᠌ᠰᠡᠨ ᠪᠣᠯ ᠣᠳᠣᠬᠢ ᠮᠡᠲᠦ  ᠲᠦᠭ᠌ᠰᠢᠭᠦᠷᠢᠲᠦ  ᠪᠠᠶ᠋ᠢᠲᠠᠯ ᠳ᠋ᠤ᠌ ᠣᠷᠣᠬᠤ ᠦᠭᠡᠢ ᠮᠠᠭᠠᠳ ᠃ ᠭᠡᠲᠡᠯ᠎ᠡ ᠲᠣᠭᠲᠤᠬ᠋᠎ᠠ ᠴᠢᠩᠰᠠᠩ ᠤ᠋ᠨ ᠳᠠᠷᠠᠭᠠᠬᠢ ᠬᠠᠭᠠᠨᠲᠤ ᠲᠥᠷᠥ ᠶ᠋ᠢᠨ ᠭᠣᠣᠯ ᠭᠣᠣᠯ ᠰᠠᠶ᠋ᠢᠳ ᠲᠦᠰᠢᠮᠡᠳ ᠤᠯᠤᠰ ᠤ᠋ᠨ ᠲᠦᠭ᠌ᠰᠢᠭᠦᠷᠢᠲᠦ ᠪᠠᠶ᠋ᠢᠲᠠᠯ ᠊ᠢ ᠵᠠᠪᠰᠢᠨ ᠬᠥᠨᠳᠡᠯᠡᠨ ᠠᠰᠢᠭ ᠣᠯᠬᠤ ᠶ᠋ᠢ ᠰᠠᠨᠠᠭᠠᠷᠬᠠᠵᠤ ᠂ ᠬᠠᠭᠠᠨ ᠪᠣᠯᠤᠨ ᠬᠠᠲᠤᠨ ᠂ ᠬᠣᠩ ᠲᠠᠶ᠋ᠢᠽᠢ ᠶ᠋ᠢᠨ ᠬᠣᠭᠣᠷᠣᠨᠳᠣ ᠬᠠᠳᠬᠤᠨ ᠵᠠᠪᠰᠠᠷᠳᠠᠭᠤᠯᠵᠤ ᠂ ᠲᠠᠷᠢᠶᠠᠴᠢᠨ ᠤ᠋ ᠪᠣᠰᠤᠯᠭ᠎ᠠ ᠶ᠋ᠢᠨ ᠴᠡᠷᠢᠭ ᠲᠦ᠍ ᠨᠢᠭᠡᠳᠦᠯᠲᠡᠢ ᠴᠣᠬᠢᠯᠲᠠ ᠥᠭ᠌ᠭᠦᠭ᠌ᠰᠡᠨ ᠦᠭᠡᠢ ᠃   ᠯᠢᠦ ᠹᠦ ᠲᠦᠩ ᠂ ᠵᠠᠩ ᠱᠢ ᠴᠧᠩ ᠨᠠᠷ ᠤ᠋ᠨ ᠤᠳᠤᠷᠢᠳᠤᠭᠰᠠᠨ ᠲᠠᠷᠢᠶᠠᠴᠢᠨ ᠤ᠋ ᠪᠣᠰᠤᠯᠭ᠎ᠠ ᠬᠠᠭᠠᠨᠲᠤ ᠲᠥᠷᠥ ᠶ᠋ᠢᠨ ᠡᠨᠡ ᠬᠦ᠌ ᠵᠠᠪᠰᠢᠶᠠᠨ ᠊ᠢ ᠠᠰᠢᠭᠯᠠᠨ ᠥᠪᠡᠷ ᠦ᠋ᠨ ᠪᠣᠳᠠᠲᠤ ᠬᠦᠴᠦᠨ ᠢ᠋ᠶ᠋ᠡᠨ ᠭᠥᠨᠵᠢᠭᠦᠯᠵᠦ᠂ ᠬᠥᠬᠡ ᠮᠥᠷᠡᠨ ᠂ ᠬᠤᠸᠠᠢ ᠾᠧ ᠭᠣᠣᠯ ᠤ᠋ᠨ ᠰᠠᠪᠠ ᠭᠠᠵᠠᠷ ᠪᠣᠯᠤᠨ ᠰᠧᠴᠤᠸᠠᠨ ᠬᠤᠪᠢᠶᠠᠷᠢ ᠮᠣᠵᠢ ᠶ᠋ᠢᠨ ᠶᠡᠬᠡᠩᠬᠢ ᠭᠠᠵᠠᠷ ᠣᠷᠣᠨ ᠊ᠢ ᠡᠵᠡᠯᠡᠨ ᠠᠪᠤᠪᠠ ᠃ 
      ᠠᠶᠤᠰᠢᠷᠢᠲᠠᠷᠠ ᠨᠡᠶ᠋ᠢᠰᠯᠡᠯ ᠳ᠋ᠦ᠍ ᠪᠤᠴᠠᠵᠤ ᠢᠷᠡᠭᠰᠡᠨ ᠦ᠌ ᠬᠣᠶ᠋ᠢᠨ᠎ᠠ ᠂ ᠥᠪᠡᠷ ᠦ᠋ᠨ ᠪᠡᠶ᠎ᠡ ᠪᠡᠷ ᠴᠡᠷᠢᠭ ᠳᠠᠶ᠋ᠢᠴᠢᠯᠠᠨ ᠯᠢᠦ ᠹᠦ ᠲᠦᠩ ᠂ ᠵᠠᠩ ᠱᠢ ᠴᠧᠩ ᠦ᠋ᠨ ᠪᠣᠰᠤᠯᠭ᠎ᠠ ᠶ᠋ᠢ ᠳᠠᠷᠤᠩᠭᠤᠢᠯᠠᠬᠤ ᠪᠠᠷ ᠱᠠᠭᠠᠷᠳᠠᠪᠠ ᠃ ᠡᠭᠦᠨ ᠢ᠋ ᠲᠣᠬᠤᠨᠲᠡᠮᠦᠷ ᠬᠠᠭᠠᠨ ᠵᠥᠪᠰᠢᠶᠡᠷᠡᠭᠰᠡᠨ ᠦᠭᠡᠢ ᠂ ᠬᠠᠷᠢᠨ ᠬᠥᠬᠡᠲᠡᠮᠦᠷ ᠢ᠋ ᠪᠦᠬᠦ ᠤᠯᠤᠰ ᠤ᠋ᠨ ᠴᠡᠷᠢᠭ ᠮᠣᠷᠢᠨ ᠤ᠋ ᠶᠡᠷᠦᠩᠬᠡᠢ ᠵᠠᠬᠢᠷᠤᠭᠴᠢ ᠪᠥᠭᠡᠳ ᠾᠧᠨᠠᠨ ᠸᠠᠩ ᠡᠷᠭᠦᠮᠵᠢᠯᠡᠵᠦ ᠬᠣᠩ ᠲᠠᠢᠽᠢ ᠠᠶᠤᠰᠢᠷᠢᠳᠠᠷᠠ ᠶ᠋ᠢ ᠣᠷᠣᠯᠠᠨ ᠯᠢᠦ ᠹᠦ ᠲᠦᠩ ᠂ ᠵᠠᠩ ᠱᠢ ᠴᠧᠩ ᠦ᠋ᠨ ᠪᠣᠰᠤᠯᠭ᠎ᠠ ᠶ᠋ᠢ ᠳᠠᠷᠤᠩᠭᠤᠢᠯᠠᠬᠤ ᠪᠠᠷ ᠵᠠᠷᠯᠠᠪᠠ ᠃ ᠲᠣᠬᠤᠨᠲᠡᠮᠦᠷ ᠬᠠᠭᠠᠨ ᠪᠠᠰᠠ ᠵᠠᠩ ᠯᠢᠶᠠᠩ ᠪᠢ ᠂ ᠺᠦᠩ ᠰᠢᠩ ᠵᠡᠷᠭᠡ ᠬᠥᠮᠦᠰ ᠲᠦ᠍ ᠵᠣᠣ ᠪᠢᠴᠢᠭ ᠥᠭᠴᠦ ᠬᠥᠬᠡᠲᠡᠮᠦᠷ ᠦ᠋ᠨ ᠵᠠᠬᠢᠷᠤᠯ ᠢ᠋ ᠬᠦᠯᠢᠶᠡᠲᠦᠭᠡᠢ ᠬᠡᠮᠡᠪᠡ ᠃  
       ᡁᠢ ᠵᠧᠩ ᠦ᠋ᠨ ᠬᠣᠷᠢᠨ ᠵᠢᠷᠭᠤᠳᠤᠭᠠᠷ ᠣᠨ (1366 ᠣᠨ ) ᠳ᠋ᠤ᠌ ᠬᠥᠬᠡᠲᠡᠮᠦᠷ ᠾᠧᠨᠠᠨ ᠳ᠋ᠤ᠌ ᠢᠷᠡᠭᠡᠳ ᠪᠦᠬᠦ ᠤᠯᠤᠰ ᠤ᠋ᠨ ᠴᠡᠷᠢᠭ ᠮᠣᠷᠢᠨ ᠤ᠋ ᠶᠡᠷᠦᠩᠬᠡᠢ ᠵᠠᠬᠢᠷᠤᠭᠴᠢ ᠶ᠋ᠢᠨ ᠬᠤᠪᠢ ᠪᠠᠷ ᠡᠯ᠎ᠡ ᠭᠠᠵᠠᠷ ᠣᠷᠣᠨ ᠤ᠋ ᠴᠡᠷᠢᠭ ᠮᠣᠷᠢ ᠶ᠋ᠢ ᠨᠢᠭᠡᠳᠦᠯᠲᠡᠢ ᠲᠣᠬᠢᠷᠠᠭᠤᠯᠤᠨ ᠯᠢᠦ ᠹᠦ ᠲᠦᠩ ᠂ ᠵᠠᠩ ᠱᠢ ᠴᠧᠩ ᠦ᠋ᠨ ᠲᠠᠷᠢᠶᠠᠴᠢᠨ ᠤ᠋ ᠪᠣᠰᠤᠯᠭ᠎ᠠ ᠶ᠋ᠢ ᠴᠣᠬᠢᠬᠤ ᠪᠠᠷ ᠪᠠᠢᠷᠢᠯᠠᠭᠤᠯᠪᠠ ᠃ 
       ᠬᠥᠬᠡᠲᠡᠮᠦᠷ ᠦ᠋ᠨ ᠵᠥᠪᠯᠡᠭᠴᠢ ᠰᠦᠨ ᠵᠣ᠌ ᠥᠭᠦᠯᠡᠷᠦᠨ ᠄ 《 ᠬᠠᠭᠠᠨ ᠢ᠋ᠶ᠋ᠠᠷ ᠴᠢᠩᠰᠠᠩ ᠢ᠋ ᠪᠦᠬᠦ ᠤᠯᠤᠰ ᠤ᠋ᠨ ᠴᠡᠷᠢᠭ ᠮᠣᠷᠢᠨ ᠤ᠋ ᠶᠡᠷᠦᠩᠬᠡᠢ ᠵᠠᠬᠢᠷᠤᠭᠴᠢ ᠡᠷᠭᠦᠮᠵᠢᠯᠡᠵᠦ ᠵᠢᠶᠠᠩ ᠬᠤᠸᠠᠢ ᠭᠠᠵᠠᠷ ᠳᠠᠬᠢ ᠬᠤᠯᠠᠭᠠᠢ ᠳᠡᠭᠡᠷᠡᠮ ᠢ᠋ ᠤᠰᠠᠳᠬ᠎ᠠ ᠬᠡᠮᠡᠮᠦᠢ ᠃ ᠴᠡᠷᠢᠭ ᠦ᠋ᠨ ᠪᠢᠴᠢᠭ ᠲᠣᠷ ᠥᠭᠦᠯᠡᠭᠰᠡᠨ ᠢᠨᠦ ᠄ ᠬᠥᠮᠦᠨ ᠢ᠋ ᠵᠠᠰᠠᠬᠤ ᠬᠡᠮᠡᠪᠡᠰᠦ ᠤᠷᠢᠳᠠ ᠪᠠᠷ ᠥᠪᠡᠷ ᠢ᠋ ᠪᠡᠨ ᠵᠠᠰᠠ ᠬᠡᠮᠡᠵᠦᠬᠦᠢ ᠃ ᠡᠳᠦᠭᠡ ᠯᠢ ᠰᠧ ᠴᠢ ᠂ ᠵᠠᠩ ᠯᠢᠶᠠᠩ ᠪᠢ ᠂ ᠺᠦᠩ ᠰᠢᠩ ᠲᠠᠨ ᠥᠨᠢᠷ ᠪᠠᠶᠠᠯᠢᠭ ᠭᠤᠸᠠᠨᠵᠦᠢ᠍ᠩ ᠦ᠋ᠨ ᠭᠠᠵᠠᠷ ᠢ᠋ ᠡᠵᠡᠯᠡᠨ ᠤᠳᠠᠭᠠᠨ ᠣᠨ ᠪᠣᠯᠪᠠᠢ ᠃ ᠲᠡᠳᠡᠨ ᠦ᠌ ᠬᠦᠴᠦᠨ ᠢᠨᠦ ᠮᠠᠰᠢ ᠴᠢᠭᠢᠷᠠᠭ ᠲᠤᠯᠠ ᠡᠮᠦᠨᠡᠰᠢ ᠰᠢᠯᠵᠢᠭᠦᠯᠦᠨ ᠠᠪᠴᠢᠷᠠᠵᠤ ᠵᠢᠶᠠᠩ ᠬᠤᠸᠠᠢ ᠶ᠋ᠢᠨ ᠬᠤᠯᠠᠭᠠᠢ ᠳᠡᠭᠡᠷᠡᠮ ᠢ᠋ ᠲᠦᠪᠰᠢᠳᠬᠡᠭᠦᠯᠪᠡᠰᠦ ᠵᠣᠬᠢᠮᠤᠢ ᠃ ᠬᠡᠷᠪᠡ ᠲᠡᠳᠡ ᠵᠠᠷᠯᠢᠭ ᠢ᠋ ᠳᠠᠭᠠᠬᠤ ᠦᠭᠡᠢ ᠪᠣᠯᠪᠠᠰᠤ ᠨᠡᠷ᠎ᠡ ᠲᠥᠪ ᠦᠭᠡ ᠢᠯᠭᠠᠪᠤᠷᠢᠲᠠᠢ ᠪᠠᠷ ᠲᠡᠳᠡᠨ ᠢ᠋ ᠳᠠᠢᠯᠠᠵᠤ ᠭᠤᠸᠠᠨᠵᠦᠢ᠍ᠩ ᠦ᠋ᠨ ᠭᠠᠵᠠᠷ ᠢ᠋ ᠡᠵᠡᠯᠡᠵᠦ ᠪᠣᠯᠤᠮᠤᠢ 》 ᠬᠡᠮᠡᠪᠡ ᠃ ᠬᠥᠬᠡᠲᠡᠮᠦᠷ ᠂ ᠰᠦᠨ ᠵᠣ᠌ ᠶ᠋ᠢᠨ ᠵᠥᠪᠯᠡᠯᠭᠡ ᠶ᠋ᠢ ᠪᠠᠶᠠᠷᠲᠠᠢ ᠬᠦᠯᠢᠶᠡᠨ ᠠᠪᠴᠤ ᠯᠢ ᠰᠧ ᠴᠢ ᠨᠠᠷ ᠢ᠋ 《 ᠴᠡᠷᠢᠭ ᠢ᠋ᠶ᠋ᠡᠨ ᠳᠠᠢᠴᠢᠯᠠᠨ ᠡᠮᠦᠨᠡᠰᠢ ᠣᠷᠣᠵᠤ ᠵᠢᠶᠠᠩ ᠬᠤᠸᠠᠢ ᠶ᠋ᠢᠨ ᠬᠤᠯᠠᠭᠠᠢ ᠳᠡᠭᠡᠷᠡᠮ ᠢ᠋ ᠤᠰᠠᠳᠬ᠎ᠠ 》ᠭᠡᠮᠡᠨ ᠵᠠᠷᠯᠠᠪᠠ ᠃ ᠯᠢ ᠰᠧ ᠴᠢ ᠪᠣᠯ ᠬᠥᠬᠡᠲᠡᠮᠦᠷ ᠦ᠋ᠨ ᠵᠢᠷᠤᠮ ᠤ᠋ᠨ ᠡᠴᠢᠭᠡ ᠴᠠᠭᠠᠨᠲᠡᠮᠤᠷ ᠤ᠋ᠨ ᠬᠠᠮᠲᠤ ᠴᠡᠷᠢᠭ ᠪᠠᠶ᠋ᠢᠭᠤᠯᠵᠤ ᠮᠥᠷᠥ ᠵᠡᠷᠭᠡᠴᠡᠨ ᠪᠠᠶ᠋ᠢᠯᠳᠤᠵᠤ ᠶᠠᠪᠤᠭᠰᠠᠨ ᠶᠡᠬᠡ ᠵᠠᠩᠵᠤᠨ ᠪᠥᠯᠥᠭᠡ ᠃ ᠲᠡᠷᠡ ᠶᠠᠭᠠᠬᠢᠨ ᠳᠣᠣᠷ᠎ᠠ ᠨᠢᠭᠡ ᠦᠶ᠎ᠡ ᠶ᠋ᠢᠨ ᠬᠥᠮᠦᠨ ᠪᠣᠯᠬᠤ ᠬᠦᠬᠡᠲᠡᠮᠤᠷ ᠤ᠋ᠨ ᠵᠠᠷᠯᠢᠭ ᠊ᠢ ᠬᠦᠯᠢᠶᠡᠬᠦ ᠠᠵᠢ ᠃ ᠯᠢ ᠰᠧ ᠴᠢ ᠬᠠᠷᠢᠶᠠᠨ ᠥᠭᠦᠯᠡᠷᠦᠨ ᠄《 ᠠᠮᠠᠨ ᠰᠢᠷ᠎ᠠ ᠨᠢ ᠠᠷᠢᠯᠤᠭᠠᠳᠤᠢ ᠂ ᠰᠦ᠍ ᠶ᠋ᠢᠨ ᠦᠨᠦᠷ ᠬᠠᠩᠬᠤᠯᠤᠭᠰᠠᠭᠠᠷ ᠪᠠᠶ᠋ᠢᠭ᠎ᠠ ᠪᠢᠴᠢᠬᠠᠨ ᠵᠤᠯᠵᠠᠭ᠎ᠠ ᠬᠠᠷᠢᠨ ᠨᠠᠳᠠ ᠶ᠋ᠢ ᠵᠠᠬᠢᠷᠬᠤ ᠳ᠋ᠤ᠌ ᠬᠦᠷᠪᠡ᠃ ᠪᠢ ᠪᠣᠯ ᠡᠴᠢᠭᠡ ᠲᠡᠢ ᠴᠢᠨᠢ ᠨᠢᠭᠡ ᠨᠤᠲᠤᠭ ᠤ᠋ᠨ ᠬᠠᠮᠲᠤ ᠦᠶ᠎ᠡ ᠶ᠋ᠢᠨ ᠬᠥᠮᠦᠨ ᠃ ᠲᠤᠬᠠᠢ ᠶ᠋ᠢᠨ ᠦᠶ᠎ᠡ ᠳ᠋ᠦ᠍ ᠴᠠᠭᠠᠨᠲᠡᠮᠤᠷ ᠰᠥᠭᠥᠳᠴᠦ ᠪᠠᠶ᠋ᠢᠭᠠᠳ ᠠᠷᠢᠬᠢ ᠪᠠᠷᠢᠪᠠᠯ ᠪᠢ ᠰᠠᠶᠢ ᠪᠠᠭ᠎ᠠ ᠠᠮᠰᠠᠳᠠᠭ᠃ ᠬᠥᠬᠡᠲᠡᠮᠦᠷ ᠴᠢ ᠪᠡᠶ᠎ᠡ ᠪᠡᠨ ᠮᠡᠳᠡᠬᠦ ᠦᠭᠡᠢ ᠶᠠᠭᠤᠨ ᠳ᠋ᠤ᠌ ᠤᠷᠪᠠᠢᠨ ᠠᠭᠠᠰᠢᠯᠠᠮᠤᠢ ! 》 ᠬᠡᠮᠡᠭᠡᠳ ᠵᠠᠩ ᠯᠢᠶᠠᠩ ᠪᠢ ᠨᠠᠷ ᠲᠠᠢ ᠬᠣᠯᠪᠣᠭᠠᠯᠠᠨ ᠬᠦᠬᠡᠲᠡᠮᠤᠷ ᠤ᠋ᠨ ᠴᠡᠷᠢᠭ ᠊ᠢ ᠪᠦᠰᠡᠯᠡᠨ ᠴᠣᠬᠢᠪᠠ᠃ ᠬᠦᠬᠡᠲᠡᠮᠤᠷ ᠰᠦᠨ ᠵᠣ᠌ ᠶ᠋ᠢᠨ ᠬᠡᠯᠡᠭᠰᠡᠨ ᠶᠣᠰᠣᠭᠠᠷ ᠵᠠᠬᠢᠷᠤᠯ ᠊ᠢ ᠦᠯᠦ ᠬᠦᠯᠢᠶᠡᠪᠡ ᠬᠡᠮᠡᠬᠦ ᠨᠡᠷ᠎ᠡ ᠪᠡᠷ ᠯᠢ ᠰᠧ ᠴᠢ ᠶ᠋ᠢᠨ ᠴᠡᠷᠢᠭ ᠊ᠢ ᠪᠦᠰᠡᠯᠡᠨ ᠴᠣᠬᠢᠬᠤ ᠪᠠᠷ ᠭᠤᠸᠠᠨᠵᠦ᠋ᠩ ᠳ᠋ᠦ᠍ ᠴᠡᠷᠢᠭ ᠣᠷᠣᠪᠠ᠃ ᠡᠶ᠋ᠢᠨ ‍ᠬᠦ ᠬᠣᠶᠠᠷ ᠡᠲᠡᠭᠡᠳ ᠢ᠋ᠶ᠋ᠡᠷ ᠢ᠋ᠶ᠋ᠡᠨ ᠬᠦᠴᠦᠨ ᠲᠡᠩᠴᠡᠯᠳᠦᠨ ᠵᠢᠯ ᠰᠢᠬᠠᠮ ᠪᠠᠶ᠋ᠢᠯᠳᠤᠵᠤ᠂ ᠬᠡᠨ ᠠᠯᠢᠨ ᠢ᠋ᠶ᠋ᠠᠨ ᠢᠯᠠᠵᠤ ᠴᠢᠳᠠᠭᠰᠠᠨ ᠦᠭᠡᠢ᠃ ᠬᠦᠬᠡᠲᠡᠮᠤᠷ ᠴᠡᠷᠢᠭ ᠢ᠋ᠶ᠋ᠡᠨ ᠬᠤᠷᠢᠶᠠᠵᠤ ᠾᠧᠨᠠᠨ ᠳ᠋ᠤ᠌ ᠪᠤᠴᠠᠵᠤ ᠢᠷᠡᠭᠡᠳ ᠵᠠᠩ ᠲᠧ ᠴᠥᠯᠭᠡ  ( ᠾᠧᠨᠠᠨ ᠤ᠋ ᠠᠨ ᠶᠠᠩ ᠣᠷᠴᠢᠮ  ) ᠳ᠋ᠤ᠌ ᠪᠠᠭᠤᠳᠠᠯᠯᠠᠪᠠ ᠃ 
       ᠲᠣᠬᠣᠨᠲᠡᠮᠦᠷ ᠬᠠᠭᠠᠨ ᠂ ᠪᠦᠬᠦ ᠤᠯᠤᠰ ᠤ᠋ᠨ ᠪᠠᠴᠢᠮ ᠪᠠᠶ᠋ᠢᠳᠠᠯ ᠳ᠋ᠤ᠌ ᠣᠷᠣᠵᠤ ᠡᠯ᠎ᠡ ᠴᠥᠯᠭᠡ ᠶ᠋ᠢᠨ ᠴᠡᠷᠢᠭ ᠦ᠋ᠨ ᠨᠣᠶᠠᠳ ᠡᠷᠬᠡᠰᠢᠶᠡᠯ ᠦ᠋ᠨ ᠭᠠᠵᠠᠷ ᠪᠤᠯᠢᠶᠠᠯᠳᠤᠨ ᠬᠠᠭᠠᠨ ᠤ᠋ ᠵᠠᠷᠯᠢᠭ ᠢ᠋ ᠰᠣᠨᠣᠰᠬᠤ ᠦᠭᠡᠢ ᠪᠣᠯᠤᠭᠰᠠᠨ ᠊ᠢ ᠦᠵᠡᠭᠡᠳ ᠂ ᠬᠣᠩ ᠲᠠᠶ᠋ᠢᠽᠢ ᠠᠶᠣᠰᠢᠷᠢᠲᠠᠷᠠ ᠶ᠋ᠢ ᠪᠦᠬᠦ ᠤᠯᠤᠰ ᠤ᠋ᠨ ᠴᠡᠷᠢᠭ ᠮᠣᠷᠢᠨ ᠤ᠋ ᠶᠡᠷᠦᠩᠬᠡᠢ ᠵᠠᠬᠢᠷᠤᠭᠴᠢ ᠡᠷᠭᠦᠮᠵᠢᠯᠡᠵᠦ ᠬᠦᠬᠡᠲᠡᠮᠤᠷ ᠊ᠢ ᠣᠷᠣᠯᠠᠭᠤᠯᠤᠭᠰᠠᠨ ᠪᠥᠭᠡᠳ ᠵᠣᠣ ᠪᠢᠴᠢᠭ ᠪᠠᠭᠤᠯᠭᠠᠪᠠ ᠃ ᠲᠡᠷᠡ ᠵᠣᠣ ᠪᠢᠴᠢᠭ ᠦ᠋ᠨ ᠦᠭᠡ ᠢᠨᠤ᠄   
       ᡁᠢ ᠵᠧᠩ ᠦ᠋ᠨ ᠠᠷᠪᠠᠨ ᠨᠢᠭᠡᠳᠦᠭᠡᠷ ᠣᠨ ᠳ᠋ᠤ᠌ ᠬᠠᠲᠤᠨ ᠭᠣᠣᠯ ᠬᠠᠰᠢᠯᠭ᠎ᠠ ᠪᠠᠨ ᠰᠡᠲᠡᠯᠵᠦ ᠦᠶᠡᠷᠯᠡᠭᠰᠡᠨ᠎ᠡ ᠪᠢ ᠵᠠᠷᠯᠢᠭ ᠪᠠᠭᠤᠯᠭᠠᠵᠤ ᠳᠠᠯᠠᠩ ᠪᠠᠷᠢᠭᠤᠯᠵᠤ ᠦᠶᠡᠷ ᠬᠠᠰᠢᠪᠠ ᠃ ᠡᠨᠡ ᠢᠨᠤ ᠭᠠᠴᠢᠭᠳᠠᠭᠰᠠᠨ ᠣᠯᠠᠨ ᠢ᠋ ᠠᠪᠤᠷᠠᠬᠤ ᠶ᠋ᠢᠨ ᠲᠥᠯᠥᠭᠡ ᠪᠥᠯᠥᠭᠡ ᠃ ᠭᠡᠲᠡᠯ᠎ᠡ ᠵᠠᠯᠢᠬᠠᠢ ᠠᠷᠠᠳ ᠵᠠᠪᠰᠢᠶᠠᠨ ᠢ᠋ ᠵᠠᠪᠰᠢᠵᠤ ᠴᠤᠤᠷᠬᠠᠯ ᠲᠠᠯᠪᠢᠨ ᠣᠯᠠᠨ ᠊ᠢ  ᠦᠢᠮᠡᠭᠦᠯᠦᠭᠰᠡᠨ᠎ᠡ  ᠴᠠᠭᠠᠨᠲᠡᠮᠦᠷ ᠵᠠᠩᠵᠤᠨ ᠴᠡᠷᠢᠭ ᠳᠠᠢᠴᠢᠯᠠᠨ ᠺᠠᠢ ᠹᠧᠩ ᠂ ᠯᠦᠸᠧ ᠶᠠᠩ ᠤ᠋ᠨ ᠬᠤᠯᠠᠭᠠᠢ ᠶ᠋ᠢ ᠦᠳᠲᠡᠷ ᠲᠦᠷᠭᠡᠨ ᠳᠠᠷᠤᠭᠠᠳ ᠱᠠᠨᠳᠦ᠋ᠩ ᠢ᠋ ᠡᠵᠡᠯᠡᠨ ᠠᠪᠴᠤ ᠠᠯᠲᠠᠨ ᠠᠮᠢ ᠪᠠᠨ ᠦᠷᠡᠭᠳᠡᠭᠦᠯᠪᠡ ᠃ ᠲᠡᠭᠦᠨ ᠦ᠌ ᠬᠥᠪᠡᠭᠦᠨ ᠬᠥᠬᠡᠲᠡᠮᠦᠷ ᠡᠴᠢᠭᠡ ᠶ᠋ᠢᠨ ᠢ᠋ᠶ᠋ᠡᠨ ᠭᠡᠷᠢᠶᠡᠰ ᠵᠣᠷᠢᠭ ᠢ᠋ ᠵᠠᠯᠭᠠᠮᠵᠢᠯᠠᠨ ᠠᠮᠢ ᠪᠡᠶ᠎ᠡ ᠪᠡᠨ ᠬᠠᠶ᠋ᠢᠷᠠᠯᠠᠯ ᠦᠭᠡᠢ ᠪᠠᠭᠠᠲᠤᠷᠯᠠᠨ ᠲᠡᠮᠡᠴᠡᠵᠦ ᠣᠯᠠᠨᠲᠠ ᠭᠠᠪᠢᠶ᠎ᠠ ᠪᠠᠶ᠋ᠢᠭᠤᠯᠪᠠ᠃ ᠬᠣᠩ ᠲᠠᠶ᠋ᠢᠽᠢ ᠠᠶᠤᠰᠢᠷᠢᠲᠠᠷᠠ ᠲᠥᠷᠥ ᠤᠯᠤᠰ ᠤ᠋ᠨ ᠠᠮᠤᠷ ᠲᠦᠪᠰᠢᠨ ᠦ᠌ ᠲᠥᠯᠥᠭᠡ ᠬᠤᠯᠠᠭᠠᠢ ᠳᠡᠭᠡᠷᠡᠮ ᠢ᠋ ᠳᠠᠷᠤᠬᠤ ᠪᠠᠷ ᠣᠯᠠᠨᠲᠠ ᠭᠤᠶᠤᠴᠢᠯᠠᠭᠰᠠᠨ ᠪᠣᠯᠪᠠᠴᠤ ᠬᠠᠭᠠᠨ ᠣᠷᠣ ᠶ᠋ᠢ ᠵᠠᠯᠭᠠᠮᠵᠢᠯᠠᠭᠴᠢ ᠮᠥᠨ ᠪᠥᠭᠡᠳ ᠳᠡᠭᠡᠳᠦ ᠶ᠋ᠢᠨ ᠠᠤᠭ᠎ᠠ ᠦᠢᠯᠡᠰ ᠲᠣᠷ ᠬᠣᠯᠪᠣᠭᠳᠠᠬᠤ ᠪᠣᠯᠬᠣᠷ ᠶᠠᠭᠠᠬᠢᠨ ᠬᠥᠩᠭᠡᠨ ᠬᠠᠭᠤᠳᠠᠮ ᠰᠢᠢᠳᠴᠦ ᠪᠣᠯᠬᠤ ᠪᠣᠯᠬᠤ ᠠᠵᠢ ᠃ ᠡᠶ᠋ᠢᠨ ᠬᠦ᠌ ᠬᠥᠬᠡᠲᠡᠮᠦᠷ ᠢ᠋ᠶ᠋ᠡᠷ ᠵᠠᠩᠵᠤᠨ ᠴᠡᠷᠢᠭ ᠢ᠋ ᠨᠡᠶ᠋ᠢᠲᠡᠯᠡᠨ ᠵᠠᠬᠢᠷᠤᠭᠤᠯᠵᠤ ᠸᠠᠩ ᠤ᠋ᠨ ᠬᠡᠷᠬᠡᠮ ᠰᠣᠶᠣᠷᠬᠠᠨ ᠬᠣᠩ ᠲᠠᠢᠽᠢ ᠶ᠋ᠢ ᠣᠷᠣᠯᠠᠭᠤᠯᠤᠨ ᠬᠤᠯᠠᠭᠠᠢ ᠶ᠋ᠢ ᠳᠠᠶ᠋ᠢᠯᠠᠷ᠎ᠠ ᠮᠣᠷᠳᠠᠭᠤᠯᠪᠠ ᠃ ᠯᠢ ᠰᠧ ᠴᠢ ᠂ ᠵᠠᠩ ᠯᠢᠶᠠᠩ ᠪᠢ ᠬᠤᠪᠢ ᠶ᠋ᠢᠨ ᠠᠰᠢᠭ ᠢ᠋ ᠪᠣᠳᠣᠵᠤ ᠶᠡᠷᠦᠩᠬᠡᠢ ᠵᠠᠬᠢᠷᠤᠭᠴᠢ ᠶ᠋ᠢᠨ ᠦᠭᠡ ᠶ᠋ᠢ ᠦᠯᠦ ᠰᠣᠨᠣᠰᠤᠨ ᠬᠤᠯᠠᠭᠠᠢ ᠳᠡᠭᠡᠷᠡᠮ ᠦ᠋ᠨ ᠰᠦᠷ ᠬᠦᠴᠦᠨ ᠢ᠋ ᠨᠡᠮᠡᠭᠳᠡᠭᠦᠯᠦᠭᠰᠡᠨ᠎ᠡ ᠪᠢ ᠮᠠᠰᠢᠳᠠ ᠵᠣᠪᠠᠨᠢᠮᠤᠢ ᠃ ᠰᠠᠢᠳ ᠲᠦᠰᠢᠮᠡᠳ ᠦ᠋ᠨ ᠥᠭᠦᠯᠡᠭᠰᠡᠨ ᠢᠨᠤ ᠬᠣᠩ ᠲᠠᠢᠽᠢ ᠠᠶᠤᠰᠢᠷᠢᠲᠠᠷᠠ ᠰᠡᠴᠡᠨ ᠮᠡᠷᠭᠡᠨ ᠥᠷᠥᠰᠢᠶᠡᠯ ᠲᠡᠢ ᠪᠥᠭᠡᠳ ᠡᠯᠪᠡᠷᠢᠯ ᠲᠡᠢ ᠂ ᠪᠢᠴᠢᠭ ᠴᠡᠷᠢᠭ ᠦ᠋ᠨ ᠡᠷᠳᠡᠮ ᠲᠡᠭᠦᠰ ᠲᠤᠯᠠ ᠪᠦᠬᠦ ᠤᠯᠤᠰ ᠤ᠋ᠨ ᠴᠡᠷᠢᠭ ᠮᠣᠷᠢᠨ ᠢ᠋ ᠨᠡᠶ᠋ᠢᠲᠡᠯᠡᠨ ᠵᠠᠬᠢᠷᠬᠤ ᠪᠣᠯᠪᠠᠰᠤ ᠵᠦᠢᠲᠡᠢ ᠬᠡᠮᠡᠬᠦ ᠶ᠋ᠢ ᠪᠢ ᠪᠡᠷ ᠵᠥᠪᠰᠢᠶᠡᠷᠡᠪᠡᠢ ᠃ ᠡᠭᠦᠨᠴᠡ ᠬᠣᠵᠢᠮ ᠲᠥᠷᠥᠯ ᠦ᠋ᠨ ᠨᠣᠶᠠᠳ ᠂ ᠬᠦᠷᠭᠡᠳ ᠪᠣᠯᠤᠨ ᠡᠯ᠎ᠡ ᠴᠥᠯᠭᠡ ᠶ᠋ᠢᠨ ᠵᠠᠩᠵᠤᠨ ᠴᠡᠷᠢᠭ ᠦ᠋ᠳ ᠡᠷᠬᠡᠪᠰᠢ ᠲᠡᠭᠦᠨ ᠦ᠌ ᠵᠠᠬᠢᠷᠤᠯᠲᠠ ᠰᠢᠯᠵᠢᠭᠦᠯᠦᠯᠲᠡ ᠶ᠋ᠢ ᠳᠠᠭᠠᠬᠤ ᠬᠡᠷᠡᠭᠲᠡᠢ ᠃ ᠪᠦᠬᠦ ᠤᠯᠤᠰ ᠤ᠋ᠨ ᠴᠡᠷᠢᠭ ᠳᠠᠶ᠋ᠢᠨ ᠤ᠋ ᠶᠡᠬᠡ ᠦᠢᠯᠡ ᠦᠬᠦᠵᠦ ᠠᠮᠢᠳᠤᠷᠠᠭᠤᠯᠬᠤ ᠶᠡᠬᠡ ᠡᠷᠬᠡ ᠵᠡᠷᠭᠡ ᠶ᠋ᠢ ᠪᠦᠷ ᠬᠣᠩ ᠲᠠᠢᠽᠢ ᠨᠠᠳᠠ ᠶ᠋ᠢ ᠣᠷᠣᠯᠠᠨ ᠰᠢᠢᠳᠬᠡᠮᠦᠢ ᠃ ᠣᠳᠣ ᠠ᠋ᠴᠠ ᠡᠬᠢᠯᠡᠭᠡᠳ ᠬᠥᠬᠡᠲᠡᠮᠦᠷ ᠴᠡᠷᠢᠭ ᠢ᠋ᠶ᠋ᠡᠨ ᠵᠠᠬᠢᠷᠴᠤ ᠳᠦ‍ᠩᠭᠤᠸᠠᠨ ᠢ᠋ᠶ᠋ᠠᠷ ᠭᠠᠷᠴᠤ ᠵᠡᠭᠦᠨᠰᠢ ᠣᠷᠣᠭᠠᠳ ᠵᠢᠩ ᠬᠤᠸᠠᠢ ᠶ᠋ᠢᠨ ᠳᠡᠭᠡᠷᠡᠮ ᠢ᠋ ᠤᠰᠠᠳᠬ᠎ᠠ᠃ ᠯᠢ ᠰᠧ ᠴᠢ ᠴᠡᠷᠢᠭ ᠢ᠋ᠶ᠋ᠡᠨ ᠵᠠᠬᠢᠷᠴᠤ ᠹᠧᠩ ᠰᠢᠶᠠᠩ ᠢ᠋ᠶ᠋ᠠᠷ ᠭᠠᠷᠴᠤ ᠪᠠᠷᠠᠭᠤᠨᠰᠢ ᠣᠷᠣᠵᠤ ᠰᠧᠴᠤᠸᠠᠨ ᠢ᠋ ᠬᠣᠷᠢᠶᠠᠨ ᠲᠣᠭᠲᠠᠭ᠎ᠠ ᠃ ᠲᠦᠯᠦᠲᠡᠮᠦᠷ ᠨᠣᠶᠠᠨ ᠪᠣᠯᠤᠨ ᠵᠠᠩ ᠯᠢᠶᠠᠩ ᠪᠢ ᠂ ᠺᠦᠩ ᠰᠢᠩ ᠂ ᠲᠥᠷᠥᠪᠡᠢ ᠲᠠᠨ ᠴᠡᠷᠢᠭ ᠢ᠋ᠶ᠋ᠡᠨ ᠵᠠᠬᠢᠷᠴᠤ ᠡᠮᠦᠨᠡᠰᠢ ᠣᠷᠣᠵᠤ ᠰᠢᠶᠠᠩ ᠹᠠᠨ ᠊ᠢ ᠪᠠᠶ᠋ᠢᠯᠲᠤ ᠃ ᠲᠤᠰ ᠵᠣᠣ ᠪᠢᠴᠢᠭ ᠬᠦᠷᠦᠭᠰᠡᠨ ᠡᠳᠦᠷ ᠡᠴᠡ ᠡᠬᠢᠯᠡᠭᠡᠳ ᠡᠯ᠎ᠡ ᠴᠥᠯᠭᠡ ᠶ᠋ᠢᠨ ᠵᠠᠩᠵᠤᠨ ᠴᠡᠷᠢᠭ ᠦ᠋ᠳ ᠡᠷᠬᠡᠪᠰᠢ ᠬᠤᠪᠢ ᠶ᠋ᠢᠨ ᠥᠰᠢᠶ᠎ᠡ ᠬᠣᠷᠣᠰᠤᠯ ᠢ᠋ᠶ᠋ᠠᠨ ᠲᠠᠶᠠᠭᠳᠠᠵᠤ ᠵᠠᠰᠠᠭ ᠲᠥᠷᠥ ᠶ᠋ᠢᠨ ᠠᠰᠢᠭ ᠲᠤᠰᠠ ᠶ᠋ᠢ ᠡᠷᠬᠢᠮᠯᠡᠨ ᠬᠠᠲᠠᠭᠤ ᠪᠡᠷᠬᠡᠰᠢᠶᠡᠯ ᠢ᠋ ᠲᠤᠭᠤᠯᠵᠤ ᠬᠤᠯᠠᠭᠠᠢ ᠳᠡᠭᠡᠷᠡᠮ ᠢ᠋ ᠪᠦᠷᠢᠮᠦᠰᠦᠨ ᠤᠰᠠᠳᠬᠠᠲᠤᠭᠠᠢ ᠬᠡᠮᠡᠵᠦᠬᠦᠢ ᠃  

       ᠬᠦᠬᠡᠲᠡᠮᠦᠷ ᠂ ᠬᠠᠭᠠᠨ ᠤ᠋ ᠨᠡᠢᠲᠡᠯᠡᠭᠰᠡᠨ ᠵᠣᠣ ᠪᠢᠴᠢᠭ ᠢ᠋ ᠲᠣᠰᠴᠤ ᠠᠪᠤᠭᠠᠳ ᠵᠠᠩ ᠲᠧ ᠴᠦᠯᠬᠡ᠎ ᠡᠴᠡ ᠬᠥᠳᠡᠯᠦᠭᠰᠡᠨ ᠦᠭᠡᠢ ᠳ᠋ᠦ᠍ ᠲᠤᠬᠤᠨᠲᠡᠮᠦᠷ ᠬᠠᠭᠠᠨ ᠰᠡᠵᠢᠭ ᠠᠪᠴᠤ ᠪᠣᠯᠤᠲᠡᠮᠦᠷ ᠦ᠋ᠨ ᠬᠠᠭᠤᠴᠢᠨ ᠮᠥᠷ ᠢ᠋ ᠮᠥᠷᠳᠡᠨ ᠳᠠᠢᠳᠤ ᠬᠣᠲᠠ ᠶ᠋ᠢ ᠴᠡᠷᠢᠭ ᠢ᠋ᠶ᠋ᠡᠷ ᠰᠢᠬᠠᠮᠳᠠᠭᠤᠯᠬᠤ  ᠠ᠋ᠴᠠ ᠡᠮᠢᠶᠡᠨ ᠤᠨᠲᠠᠭᠠᠳ ᠨᠣᠢᠷ ᠦᠭᠡᠢ ᠂ ᠢᠳᠡᠭᠡᠳ ᠬᠣᠭᠣᠯᠠ ᠣᠷᠣᠬᠤ ᠦᠭᠡᠢ ᠰᠡᠳᠬᠢᠯ ᠵᠣᠪᠠᠬᠤ ᠳ᠋ᠤ᠌ ᠪᠠᠨ ᠥᠯᠵᠡᠢ ᠬᠤᠲᠤᠭ ᠬᠠᠲᠤᠨ ᠳ᠋ᠤ᠌ ᠠᠭᠤᠷ ᠬᠢᠯᠢᠩ ᠢ᠋ᠶ᠋ᠡᠨ ᠭᠠᠷᠭᠠᠵᠤ ᠥᠭᠦᠯᠡᠷᠦᠨ ᠄ 《 ᠪᠦᠷ ᠲᠠᠨ ᠤ᠋ ᠡᠬᠡ ᠬᠦᠦ ᠬᠣᠶᠠᠭᠤᠯᠠ ᠶ᠋ᠢᠨ ᠦᠢᠯᠡᠳᠦᠭᠰᠡᠨ ᠬᠡᠷᠡᠭ ᠃ ᠡᠳᠦᠭᠡ ᠲᠥᠷᠥ ᠤᠯᠤᠰ ᠡᠪᠳᠡᠷᠡᠭᠡᠳ ᠬᠤᠪᠢ ᠪᠡᠶ᠎ᠡ ᠴᠦ᠍ ᠰᠦᠷᠳᠡᠭᠦᠯᠦᠯ ᠳ᠋ᠦ᠍ ᠤᠴᠠᠷᠠᠪᠠ ᠂ ᠴᠢ ᠶᠠᠯ᠎ᠠ ᠪᠠᠨ ᠮᠡᠳᠡᠪᠡ ᠊ᠶ᠎ᠠ 》 ᠬᠡᠮᠡᠭᠡᠳ ᠥᠯᠵᠡᠢ ᠬᠤᠲᠤᠭ ᠤ᠋ᠨ ᠬᠠᠴᠠᠷ ᠢ᠋ ᠬᠦᠴᠦᠲᠡᠢ ᠬᠡᠳᠦ ᠠᠯᠠᠭᠠᠳᠠᠪᠠ ᠃ ᠠᠶᠤᠰᠢᠷᠢᠳᠠᠷᠠ ᠠᠶᠤᠭᠠᠳ ᠰᠡᠮᠡᠬᠡᠷ ᠰᠠᠯᠵᠤ ᠶᠠᠪᠤᠪᠠ ᠃ 
       ᠬᠦᠬᠡᠲᠡᠮᠦᠷ ᠂ ᠪᠣᠯᠤᠲᠡᠮᠦᠷ ᠦ᠋ᠨ ᠮᠥᠷ ᠢ᠋ᠶ᠋ᠡᠷ ᠶᠠᠪᠤᠬᠤ ᠦᠭᠡᠢ ᠭᠡᠮᠡᠨ ᠠᠯᠢ ᠬᠡᠳᠦᠢᠨ ᠰᠡᠳᠬᠢᠯ ᠰᠢᠭᠤᠳᠤᠭᠰᠠᠨ ᠲᠤᠯᠠ ᠴᠡᠷᠢᠭ ᠳᠠᠢᠴᠢᠯᠠᠨ ᠢᠷᠡᠵᠦ ᠨᠡᠢᠰᠯᠡᠯ ᠬᠣᠲᠠ ᠶ᠋ᠢ ᠰᠢᠬᠠᠮᠳᠠᠭᠤᠯᠤᠭᠰᠠᠨ ᠦᠭᠡᠢ ᠂ ᠬᠠᠷᠢᠨ ᠲᠦᠩᠭᠤᠸᠠᠨ ᠪᠣᠭᠣᠮᠲᠠ ᠪᠠᠷ ᠱᠠᠨᠰᠢ ᠲᠠᠢᠰᠢ ᠣᠴᠢᠭᠠᠳ ᠯᠢ ᠰᠧ ᠴᠢ ᠂ ᠵᠠᠩ ᠯᠢᠶᠠᠩ ᠪᠢ ᠯᠤᠭᠡ ᠪᠠᠢᠯᠳᠤᠪᠠ ᠃ ᠯᠢ ᠰᠧ ᠴᠢ ᠂ ᠵᠠᠩ ᠯᠢᠶᠠᠩ ᠪᠢ ᠬᠣᠶᠠᠷ ᠠᠶᠤᠭᠠᠳ ᠲᠤᠬᠤᠨᠲᠡᠮᠦᠷ ᠬᠠᠭᠠᠨ ᠠ᠋ᠴᠠ ᠲᠤᠰᠠᠯᠠᠮᠵᠢ ᠭᠤᠶᠤᠴᠢᠯᠠᠪᠠ ᠃ ᠲᠤᠬᠤᠨᠲᠡᠮᠦᠷ ᠬᠠᠭᠠᠨ ᠵᠠᠷᠯᠢᠭ ᠪᠠᠭᠤᠯᠭᠠᠵᠤ ᠂ ᠬᠣᠶᠠᠷ ᠡᠲᠡᠭᠡᠳ ᠢ᠋ᠶ᠋ᠡᠷ ᠢ᠋ᠶ᠋ᠡᠨ ᠳᠠᠢᠯᠠᠯᠳᠤᠬᠤ ᠶ᠋ᠢ ᠵᠣᠭᠰᠣᠵᠤ ᠂ ᠲᠤᠰ ᠲᠤᠰ ᠤ᠋ᠨ ᠴᠡᠷᠢᠭ ᠢ᠋ᠶ᠋ᠡᠨ ᠳᠠᠢᠴᠢᠯᠠᠨ ᠵᠢᠶᠠᠩ ᠬᠤᠸᠠᠢ ᠶ᠋ᠢᠨ ᠬᠤᠯᠠᠭᠠᠢ ᠳᠡᠭᠡᠷᠡᠮ ᠢ᠋ ᠦᠳᠲᠡᠷ ᠳᠠᠷᠤ ᠬᠡᠮᠡᠪᠡ ᠃ ᠭᠡᠲᠡᠯ᠎ᠡ ᠡᠨᠡ ᠦᠶ᠎ᠡ ᠳ᠋ᠦ᠍ ᠬᠠᠭᠠᠨ ᠤ᠋ ᠵᠠᠷᠯᠢᠭ ᠬᠣᠭᠣᠰᠣᠨ ᠴᠠᠭᠠᠰᠤ ᠲᠡᠳᠦᠢ ᠪᠣᠯᠵᠤ ᠬᠡᠨ ᠠᠯᠢᠨ ᠴᠤ᠌ ᠳᠠᠭᠠᠭᠰᠠᠨ ᠦᠭᠡᠢ ᠃ 
       ᠲᠡᠳᠦᠢ ᠳ᠋ᠦ᠍ᠷ ᠰᠦᠨ ᠵᠣ᠌ ᠪᠠᠷ ᠬᠦᠬᠡᠲᠡᠮᠦᠷ ᠲᠦ᠍ ᠥᠭᠦᠯᠡᠷᠦᠨ ᠄ 《 ᠯᠢ ᠰᠧ ᠴᠢ ᠯᠤᠭᠡ ᠲᠡᠮᠡᠴᠡᠭᠰᠡᠨ ᠮᠠᠨ ᠤ᠋ ᠲᠡᠮᠡᠴᠡᠯ ᠢᠯᠠᠯᠲᠠ ᠣᠯᠤᠮᠠᠷ ᠪᠠᠢᠭ᠎ᠠ ᠡᠨᠡ ᠦᠶ᠎ᠡ ᠳ᠋ᠦ᠍ ᠲᠡᠭᠦᠨ ᠲᠡᠢ ᠶᠠᠭᠠᠬᠢᠭᠰᠠᠨ ᠴᠤ᠌ ᠡᠪᠰᠡᠵᠦ ᠦᠯᠦ ᠪᠣᠯᠤᠮᠤᠢ ᠃ ᠰᠣᠨᠣᠰᠬᠤᠯ᠎ᠠ ᠬᠠᠭᠠᠨ ᠤ᠋ ᠲᠣᠮᠢᠯᠠᠨ ᠢᠷᠡᠭᠦᠯᠦᠭᠰᠡᠨ ᠬᠡᠯᠡᠯᠴᠡᠭᠡᠷ ᠦ᠋ᠨ ᠡᠯᠴᠢᠨ ᠢᠨᠤ ᠡᠳ᠋ ᠮᠥᠩᠭᠥᠨ ᠳ᠋ᠦ᠍ ᠬᠣᠪᠳᠣᠭ ᠰᠢᠨᠤᠬᠠᠢ ᠬᠡᠮᠡᠮᠦᠢ ᠃ ᠪᠢᠳᠡ ᠲᠡᠭᠦᠨ ᠢ᠋ ᠲᠠᠲᠠᠵᠤ ᠠᠪᠰᠤᠭᠠᠢ 》 ᠬᠡᠮᠡᠬᠦᠶ᠎ᠡ ᠬᠥᠬᠡᠳᠡᠮᠤᠷ ᠥᠭᠦᠯᠡᠷᠦᠨ ᠄ 《 ᠡᠨᠡ ᠬᠡᠷᠡᠭ ᠢ᠋ ᠰᠦᠨ ᠵᠥᠪᠯᠡᠭᠴᠢ ᠮᠡᠳᠡᠰᠦᠭᠡᠢ 》 ᠬᠡᠮᠡᠪᠡ ᠃   
       ᠲᠣᠬᠤᠨᠳᠡᠮᠤᠷ ᠬᠠᠭᠠᠨ ᠤ᠋ ᠲᠣᠮᠢᠯᠠᠨ ᠢᠷᠡᠭᠦᠯᠦᠭᠰᠡᠨ ᠬᠡᠯᠡᠯᠴᠡᠭᠡᠷ ᠦ᠋ᠨ ᠡᠯᠴᠢᠨ ᠢᠨᠤ ᠰᠦᠨ ᠵᠣ᠌ ᠶ᠋ᠢᠨ ᠬᠦᠷᠭᠡᠭᠰᠡᠨ ᠡᠳ᠋ ᠠᠰᠢᠭ ᠢ᠋ ᠠᠪᠤᠭᠠᠳ ᠶᠡᠬᠡᠳᠡ ᠪᠠᠶᠠᠷᠯᠠᠵᠤ ᠂ ᠬᠥᠬᠡᠳᠡᠮᠤᠷ ᠲᠤ᠌ ᠥᠭᠦᠯᠡᠷᠦᠨ ᠄ 《 ᠯᠢ ᠰᠧ ᠴᠢ ᠂ ᠵᠠᠩ ᠯᠢᠶᠠᠩ ᠪᠢ ᠵᠡᠷᠭᠡ ᠶ᠋ᠢᠨ ᠠᠮᠢᠲᠠᠳ ᠢ᠋ ᠠᠷᠢᠯᠭᠠᠬᠤ ᠦᠭᠡᠢ ᠪᠣᠯᠪᠠᠰᠤ ᠴᠢᠩᠰᠠᠩ ᠲᠠᠨ ᠳ᠋ᠤ᠌ ᠬᠣᠵᠢᠮ ᠤ᠋ᠨ ᠵᠣᠪᠠᠯᠠᠩ ᠪᠣᠯᠤᠮᠤᠢ 》 ᠬᠡᠮᠡᠪᠡ ᠃ 
      ᠬᠥᠬᠡᠳᠡᠮᠤᠷ ᠢ᠋ᠶ᠋ᠠᠷ ᠰᠦᠨ ᠵᠣ᠌ ᠯᠤᠭ᠎ᠠ ᠵᠥᠪᠯᠡᠨ ᠥᠭᠦᠯᠡᠷᠦᠨ ᠄ 《 ᠪᠢᠳᠡ ᠬᠡᠷᠬᠢᠨ ᠪᠠᠢᠯᠳᠤᠪᠠᠰᠤ ᠯᠢ ᠰᠧ ᠴᠢ ᠂ ᠵᠠᠩ ᠯᠢᠶᠠᠩ ᠪᠢ ᠶ᠋ᠢ ᠲᠦᠷᠭᠡᠨ ᠤᠰᠠᠳᠬᠠᠵᠤ ᠪᠣᠯᠤᠮᠤᠢ?  》
      ᠰᠦᠨ ᠵᠣ᠌ ᠥᠴᠢᠷᠦᠨ ᠄ 《 ᠱᠠᠨᠰᠢ ᠶ᠋ᠢᠨ ᠬᠣᠯᠪᠣᠭᠠᠲᠤ ᠴᠡᠷᠢᠭ ᠦ᠋ᠨ ᠳᠣᠲᠣᠷ᠎ᠠ ᠯᠢ ᠰᠧ ᠴᠢ ᠶ᠋ᠢᠨ ᠴᠡᠷᠢᠭ ᠦ᠋ᠨ ᠬᠦᠴᠦᠨ ᠬᠠᠮᠤᠭ ᠤ᠋ᠨ ᠴᠢᠭᠢᠷᠠᠭ ᠲᠤᠯᠠ ᠲᠡᠭᠦᠨ ᠢ᠋ ᠤᠷᠢᠳᠠ ᠪᠠᠷ ᠰᠥᠨᠥᠭᠡᠪᠡᠰᠦ ᠪᠤᠰᠤᠳ ᠠᠨᠤ ᠪᠠᠢᠯᠳᠤᠬᠤ ᠦᠭᠡᠢ ᠪᠡᠷ ᠳᠠᠭᠠᠷ᠎ᠠ ᠢᠷᠡᠮᠦᠢ᠃ ᠡᠳᠦᠭᠡ ᠪᠢᠳᠡᠨ ᠦ᠌ ᠬᠦᠴᠦᠨ ᠢᠨᠤ ᠱᠠᠨᠰᠢ ᠶ᠋ᠢᠨ ᠬᠣᠯᠪᠣᠭᠠᠲᠤ ᠴᠡᠷᠢᠭ ᠦ᠋ᠨ ᠬᠦᠴᠦᠨ  ᠯᠦ᠍ᠭᠡ ᠠᠳᠠᠯᠢ ᠲᠡᠩᠴᠡᠭᠦᠦ ᠲᠤᠯᠠ ᠤᠳᠠᠲᠠᠯ᠎ᠠ ᠪᠠᠢᠯᠳᠤᠭᠠᠳ ᠢᠯᠠᠵᠤ ᠳᠡᠢᠯᠬᠦ ᠦᠭᠡᠢ ᠪᠠᠢᠮᠤᠢ ᠃ ᠵᠢᠶᠠᠩ ᠬᠤᠸᠠᠢ ᠶ᠋ᠢᠨ ᠬᠤᠯᠠᠭᠠᠢᠴᠢᠳ ᠣᠳᠣᠬᠠᠨ ᠳ᠋ᠤ᠌ ᠪᠢᠳᠡᠨ ᠢ᠋ ᠠᠶᠤᠮᠰᠢᠭ ᠦᠭᠡᠢ ᠦᠯᠦ ᠴᠣᠬᠢᠬᠤ ᠵᠠᠪᠰᠢᠶᠠᠨ ᠢ᠋ ᠠᠳᠬᠤᠵᠤ ᠂ ᠼᠧᠦ ᠰᠢᠶᠠᠨ ( ᠡᠳᠦᠭᠡ ᠶ᠋ᠢᠨ ᠱᠠᠨᠳᠦ᠋ᠩ ᠦ᠋ᠨ ᠼᠧᠦ ᠰᠢᠶᠠᠨ ) ᠳ᠋ᠤ᠌ ᠪᠠᠢᠭ᠎ᠠ ᠮᠦᠸᠧ ᠭᠣᠣ ᠶ᠋ᠢᠨ ᠴᠡᠷᠢᠭ ᠢ᠋ ᠾᠧ ᠵᠦᠩ ᠹᠦ ( ᠣᠳᠣ ᠶ᠋ᠢᠨ ᠱᠠᠨ ᠰᠢ ᠶ᠋ᠢᠨ ᠫᠦᠵᠸᠤ ᠣᠷᠴᠢᠮ ) ᠳ᠋ᠤ᠌ ᠰᠢᠯᠵᠢᠭᠦᠯᠦᠨ ᠠᠪᠴᠢᠷᠠᠭᠠᠳ ᠸᠧᠢ ᠱᠦᠢ ᠭᠣᠣᠯ ᠢ᠋ ᠭᠡᠲᠦᠯᠦᠨ ᠹᠧᠩ ᠰᠢᠶᠠᠩ ᠢ᠋ ᠬᠠᠭᠠᠵᠤ ᠂ ᠯᠢ ᠰᠧ ᠴᠢ ᠶ᠋ᠢᠨ ᠠᠭᠤᠷᠤᠭ ᠣᠷᠣᠨ ᠢ᠋ ᠭᠡᠨᠡᠳᠡᠭᠦᠯᠦᠨ ᠲᠠᠭᠠᠷᠢᠪᠠᠰᠤ ᠸᠧᠢ ᠱᠦᠢ ᠭᠣᠣᠯ ᠤ᠋ᠨ ᠠᠷᠤ ᠳ᠋ᠠᠬᠢ ᠵᠠᠩ ᠯᠢᠶᠠᠩ ᠪᠢ ᠶ᠋ᠢᠨ ᠴᠡᠷᠢᠭ ᠪᠠᠢᠯᠳᠤᠬᠤ ᠦᠭᠡᠢ ᠪᠡᠷ ᠳᠠᠭᠠᠷ᠎ᠠ ᠢᠷᠡᠮᠦᠢ ᠃ ᠱᠠᠨᠰᠢ ᠭᠠᠵᠠᠷ ᠢ᠋ ᠲᠦᠪᠰᠢᠳᠬᠡᠭᠰᠡᠨ ᠦ᠌ ᠳᠠᠷᠠᠭ᠎ᠠ ᠂ ᠬᠠᠭᠠᠨ ᠤ᠋ ᠵᠠᠷᠯᠢᠭ ᠢ᠋ᠶ᠋ᠠᠷ ᠴᠡᠷᠢᠭ ᠡᠭᠡᠵᠦ ᠵᠢᠶᠠᠩ ᠬᠤᠸᠠᠢ ᠶ᠋ᠢᠨ ᠬᠤᠯᠠᠭᠠᠢᠴᠢᠳ ᠢ᠋ ᠤᠰᠠᠳᠬᠠᠵᠤ ᠵᠦᠩᠶᠤᠸᠠᠨ ᠣᠷᠣᠨ ᠢ᠋ ᠡᠭᠡᠭᠦᠯᠦᠨ ᠠᠪᠴᠤ ᠪᠣᠯᠤᠮᠤᠢ》 ᠬᠡᠮᠡᠪᠡ ᠃ 
       ᠬᠥᠬᠡᠲᠡᠮᠦᠷ ᠂ ᠰᠦᠨ ᠵᠣ᠌ ᠶ᠋ᠢᠨ ᠥᠭᠦᠯᠡᠭᠰᠡᠨ ᠡᠨᠡ ᠠᠩᠭᠢ ᠥᠭᠦᠯᠡᠯ ᠢ᠋ ᠰᠠᠢᠲᠤᠷ ᠪᠣᠳᠣᠯᠬᠢᠯᠠᠵᠤ ᠂ ᠮᠦᠸᠧ ᠭᠣᠣ ᠶ᠋ᠢᠨ ᠴᠡᠷᠢᠭ ᠢ᠋ ᠰᠢᠯᠵᠢᠭᠦᠯᠦᠨ ᠠᠪᠴᠢᠷᠠᠬᠤ ᠪᠠᠷ ᠵᠠᠷᠯᠠᠪᠠ ᠃ 
      ᠲᠡᠳᠦᠢ ᠳ᠋ᠦ᠍ᠷ ᠮᠦᠸᠧ ᠭᠣᠣ ᠶ᠋ᠢᠨ ᠵᠠᠷᠢᠮ ᠴᠡᠷᠢᠭ ᠦ᠋ᠨ ᠨᠣᠶᠠᠨ ᠱᠠᠨᠰᠢ ᠳ᠋ᠤ᠌ ᠣᠴᠢᠵᠤ ᠯᠢ ᠰᠧ ᠴᠢ ᠯᠦ᠍ᠭᠡ ᠪᠠᠢᠯᠳᠤᠬᠤ ᠳᠤᠷ᠎ᠠ ᠦᠭᠡᠢ ᠲᠤᠯᠠ ᠸᠧᠢ ᠾᠦᠢ ( ᠣᠳᠣ ᠶ᠋ᠢᠨ ᠾᠧᠨᠠᠨ ᠤ᠋ ᠵᠢᠢ ᠰᠢᠶᠠᠨ ) ᠳ᠋ᠤ᠌ ᠢᠷᠡᠭᠡᠳ ᠨᠢᠭᠤᠴᠠ ᠪᠠᠷ ᠬᠤᠷᠠᠯᠳᠤᠨ ᠠᠷᠭᠠᠴᠠᠭᠠᠬᠤ ᠠᠷᠭ᠎ᠠ ᠶ᠋ᠢ ᠵᠥᠪᠳᠡᠯᠴᠡᠪᠡ ᠃ ᠨᠢᠭᠡᠨ ᠲᠣᠬᠢᠭᠴᠢ ᠵᠠᠩᠵᠤᠨ ᠥᠭᠦᠯᠡᠷᠦᠨ ᠄ 《 ᠪᠢᠳᠡ ᠪᠦᠷ ᠤᠯᠤᠰ ᠤ᠋ᠨ ᠴᠡᠷᠢᠭ ᠪᠠᠢᠭᠠᠳ ᠬᠤᠯᠠᠭᠠᠢ ᠶ᠋ᠢ ᠴᠣᠬᠢᠬᠤ ᠦᠭᠡᠢ ᠬᠠᠷᠢᠨ ᠥᠪᠡᠷ ᠵᠠᠭᠤᠷ᠎ᠠ ᠪᠠᠨ ᠬᠢᠮᠤᠷᠠᠯᠳᠤᠬᠤ ᠠᠨᠤ ᠶᠣᠰᠣ ᠤᠴᠢᠷ ᠲᠤ᠌ ᠦᠯᠦ ᠨᠡᠢᠴᠡᠮᠦᠢ 》 ᠬᠡᠮᠡᠬᠦᠶ᠎ᠡ ᠣᠯᠠᠨ ᠢ᠋ᠶ᠋ᠠᠷ ᠢ᠋ᠶ᠋ᠠᠨ ᠲᠡᠭᠦᠨ ᠦ᠌ ᠰᠠᠨᠠᠯ ᠢ᠋ ᠵᠥᠪᠰᠢᠶᠡᠷᠡᠵᠦ ᠂ ᠱᠠᠨᠰᠢ ᠳ᠋ᠤ᠌ ᠣᠴᠢᠵᠤ ᠯᠢ ᠰᠧ ᠴᠢ ᠶ᠋ᠢ ᠴᠣᠬᠢᠬᠤ ᠦᠭᠡᠢ ᠭᠡᠮᠡᠨ ᠢᠯᠡᠷᠬᠡᠢᠯᠡᠵᠦ ᠮᠦᠸᠧ ᠭᠣᠣ ᠶ᠋ᠢ ᠶᠡᠷᠦᠩᠬᠡᠢ ᠵᠠᠬᠢᠷᠤᠭᠴᠢ ᠪᠠᠷ ᠰᠣᠩᠭᠣᠨ ᠴᠡᠷᠢᠭ ᠦ᠋ᠨ ᠬᠤᠪᠢᠰᠤᠯ ᠭᠠᠷᠭᠠᠵᠠᠢ ᠃  
       ᠮᠦᠸᠧ ᠭᠣᠣ ᠲᠡᠷᠡ ᠳᠠᠷᠤᠢ ᠨᠡᠢᠰᠯᠡᠯ ᠬᠣᠲᠠᠨ᠎ᠠ ᠬᠥᠮᠦᠨ ᠲᠣᠮᠢᠯᠠᠨ ᠬᠥᠬᠡᠲᠡᠮᠦᠷ ᠦ᠋ᠨ ᠶᠠᠯ᠎ᠠ ᠭᠡᠮ ᠢ᠋ ᠢᠯᠡᠴᠢᠯᠡᠨ ᠵᠠᠭᠠᠯᠳᠤᠪᠠ ᠃ ᠲᠣᠬᠤᠨᠲᠡᠮᠦᠷ ᠬᠠᠭᠠᠨ ᠂ ᠮᠦᠸᠧ ᠭᠣᠣ ᠶ᠋ᠢᠨ ᠴᠡᠷᠢᠭ ᠦ᠋ᠨ ᠬᠤᠪᠢᠰᠤᠯ ᠭᠠᠷᠭᠠᠭᠰᠠᠨ ᠮᠡᠳᠡᠭᠡ ᠶ᠋ᠢ ᠣᠯᠤᠭᠠᠳ ᠬᠠᠭᠠᠨ ᠤ᠋ ᠵᠠᠷᠯᠢᠭ ᠢ᠋ ᠵᠥᠷᠢᠴᠡᠭᠰᠡᠨ ᠶᠠᠯ᠎ᠠ ᠪᠠᠷ ᠬᠥᠬᠡᠲᠡᠮᠦᠷ ᠦ᠋ᠨ ᠴᠡᠷᠢᠭ ᠵᠠᠬᠢᠷᠬᠤ ᠡᠷᠬᠡ ᠲᠤᠰᠢᠶᠠᠯ ᠢ᠋ ᠬᠠᠰᠤᠪᠠ ᠃ ᠲᠣᠬᠤᠨᠲᠡᠮᠦᠷ ᠬᠠᠭᠠᠨ ᠪᠠᠰᠠ ᠬᠥᠬᠡᠲᠡᠮᠦᠷ ᠂ ᠯᠢ ᠰᠧ ᠴᠢ ᠂ ᠵᠠᠩ ᠯᠢᠶᠠᠩ ᠪᠢ ᠂ ᠲᠦᠷᠦᠪᠡᠢ ᠂ ᠺᠦᠩ ᠰᠢᠩ ᠲᠠᠨ ᠳ᠋ᠤ᠌ ᠵᠣᠣ ᠪᠢᠴᠢᠭ ᠥᠭᠴᠦ ᠴᠡᠷᠢᠭ ᠢ᠋ᠶ᠋ᠡᠨ ᠳᠠᠢᠴᠢᠯᠠᠨ ᠡᠮᠦᠨᠡᠰᠢ ᠣᠷᠣᠵᠤ ᠵᠢᠶᠠᠩ ᠬᠤᠸᠠᠢ ᠶ᠋ᠢᠨ ᠬᠤᠯᠠᠭᠠᠢ ᠳᠡᠭᠡᠷᠡᠮ ᠢ᠋ ᠪᠦᠰᠡᠯᠡᠨ ᠤᠰᠠᠳᠬ᠎ᠠ ᠬᠡᠮᠡᠪᠡ ᠃ 
      ᠲᠡᠳᠦᠢ ᠳ᠋ᠦ᠍ᠷ ᠬᠥᠬᠡᠲᠡᠮᠦᠷ ᠂ ᠯᠦᠸᠧ ᠶᠠᠩ ᠳ᠋ᠤ᠌ ᠪᠠᠢᠭᠰᠠᠨ ᠪᠥᠭᠡᠳ ᠴᠡᠷᠢᠭ ᠦ᠋ᠨ ᠵᠠᠩᠵᠤᠨ ᠨᠣᠶᠠᠳ ᠤ᠋ᠨ ᠣᠯᠠᠩᠬᠢ ᠨᠢ ᠬᠤᠸᠠᠢ ᠴᠢᠩ ᠴᠥᠯᠭᠡ ( ᠣᠳᠣ ᠶ᠋ᠢᠨ ᠾᠧᠨᠠᠨ ᠤ᠋ ᠴᠢᠨ ᠶᠠᠩ ᠪᠣᠯᠤᠨ ᠱᠠᠨ ᠰᠢ ᠶ᠋ᠢᠨ ᠶᠤᠸᠠᠨ ᠴᠢᠦᠢ ) ᠣᠷᠴᠢᠮ ᠲᠥᠪᠯᠡᠷᠡᠵᠦ ᠪᠠᠢᠪᠠ ᠃ ᠯᠢ ᠰᠧ ᠴᠢ ᠂ ᠬᠥᠬᠡᠲᠡᠮᠦᠷ ᠦ᠋ᠨ ᠪᠠᠢᠯᠳᠤᠷ᠎ᠠ ᠢᠷᠡᠬᠦ ᠴᠡᠷᠢᠭ ᠢ᠋ ᠤᠭᠲᠤᠨ ᠴᠣᠬᠢᠬᠤ ᠪᠠᠷ ᠪᠡᠯᠡᠳᠬᠡᠵᠦ ᠂ ᠵᠠᠩ ᠯᠢᠶᠠᠩ ᠪᠢ ᠂ ᠺᠦᠩ ᠰᠢᠩ ᠨᠠᠷ ᠲᠤᠰ ᠲᠤᠰ ᠤ᠋ᠨ ᠡᠷᠬᠡᠰᠢᠶᠡᠯ ᠦ᠋ᠨ ᠭᠠᠵᠠᠷ ᠢ᠋ᠶ᠋ᠠᠨ ᠰᠠᠬᠢᠵᠤ ᠬᠡᠨ ᠠᠯᠢᠨ ᠴᠤ᠌ ᠬᠠᠭᠠᠨ ᠤ᠋ ᠵᠠᠬᠢᠷᠤᠯᠲᠠ ᠶ᠋ᠢ ᠰᠣᠨᠣᠰᠬᠤ ᠦᠭᠡᠢ ᠪᠠᠢᠪᠠ ᠃ 
      ᠬᠣᠩ ᠲᠠᠢᠽᠢ ᠠᠶᠤᠰᠢᠷᠢᠳᠠᠷᠠ ᠶ᠋ᠢᠨ ᠭᠠᠷ ᠳᠣᠣᠷᠠᠬᠢ ᠪᠣᠶᠠᠨᠲᠡᠮᠦᠷ ᠂ ᠯᠢ ᠭᠦᠸᠧ ᠹᠧᠩ ᠨᠠᠷ ᠡᠨᠡ ᠬᠦ᠌ ᠪᠠᠢᠳᠠᠯ ᠢ᠋ ᠦᠵᠡᠭᠡᠳ ᠠᠶᠤᠰᠢᠷᠢᠳᠠᠷᠠ ᠳ᠋ᠤ᠌ ᠥᠭᠦᠯᠡᠷᠦᠨ ᠄ 《 ᠶᠡᠬᠡ ᠬᠠᠭᠠᠨ ᠬᠡᠳᠦᠢᠪᠡᠷ ᠵᠠᠷᠯᠢᠭ ᠪᠠᠭᠤᠯᠭᠠᠭᠰᠠᠨ ᠠᠲᠠᠯ᠎ᠠ ᠡᠯ᠎ᠡ ᠴᠥᠯᠭᠡ ᠶ᠋ᠢᠨ ᠴᠡᠷᠢᠭ ᠦ᠋ᠨ ᠨᠣᠶᠠᠳ ᠡᠮᠦᠨᠡᠰᠢ ᠣᠷᠣᠵᠤ ᠪᠠᠢᠯᠳᠤᠬᠤ ᠦᠭᠡᠢ ᠪᠠᠢᠭ᠎ᠠ ᠶ᠋ᠢᠨ ᠭᠣᠣᠯ ᠰᠢᠯᠲᠠᠭᠠᠨ ᠪᠣᠯᠪᠠᠰᠤ ᠴᠡᠷᠢᠭ ᠦ᠋ᠨ ᠶᠡᠷᠦᠩᠬᠡᠢ ᠵᠠᠬᠢᠷᠤᠭᠴᠢ ᠲᠣᠮᠢᠯᠠᠭᠰᠠᠨ ᠦᠭᠡᠢ ᠳ᠋ᠦ᠍ ᠪᠣᠢ ᠃ ᠡᠢᠮᠦ ᠶ᠋ᠢᠨ ᠲᠤᠯᠠ ᠶᠠᠭᠠᠬᠢᠨ ᠬᠣᠭᠣᠷᠣᠨᠳᠣ ᠪᠠᠨ ᠬᠠᠮᠵᠢᠯᠴᠠᠨ ᠳᠠᠢᠰᠤᠨ ᠯᠤᠭ᠎ᠠ ᠪᠠᠢᠯᠳᠤᠬᠤ ᠠᠵᠢ ᠃ ᠲᠠᠢᠽᠢ ᠪᠠᠷ ᠬᠠᠭᠠᠨ ᠳ᠋ᠤᠷ ᠠᠢᠯᠠᠳᠬᠠᠵᠤ ᠴᠡᠷᠢᠭ ᠢ᠋ ᠨᠡᠢᠲᠡᠯᠡᠨ ᠵᠠᠬᠢᠷᠬᠤ ᠬᠦᠷᠢᠶᠡᠯᠡᠩ (大抚军院 ) ᠪᠠᠢᠭᠤᠯᠵᠤ ᠂ ᠪᠦᠬᠦ ᠤᠯᠤᠰ ᠤ᠋ᠨ ᠴᠡᠷᠢᠭ ᠮᠣᠷᠢᠨ ᠢ᠋ ᠨᠢᠭᠡᠳᠦᠯᠲᠡᠢ ᠵᠠᠬᠢᠷᠬᠤ ᠪᠠᠢᠭᠤᠯᠤᠮᠵᠢ ᠪᠣᠯᠭᠠᠨ ᠲᠤᠰ ᠲᠤᠰ ᠲᠤ᠌ ᠪᠠᠨ ᠲᠤᠭ ᠪᠣᠰᠬᠠᠬᠤ ᠶ᠋ᠢ ᠰᠡᠷᠭᠡᠢᠯᠡᠪᠡᠰᠦ ᠵᠣᠬᠢᠯᠲᠠᠢ ᠃ ᠲᠡᠭᠦᠨᠴᠢᠯᠡᠨ ᠴᠡᠷᠢᠭ ᠢ᠋ ᠨᠡᠢᠲᠡᠯᠡᠨ ᠵᠠᠬᠢᠷᠬᠤ ᠬᠦᠷᠢᠶᠡᠯᠡᠩ ᠠᠨᠤ ᠪᠦᠬᠦ ᠤᠯᠤᠰ ᠤ᠋ᠨ ᠴᠡᠷᠢᠭ ᠵᠠᠰᠠᠭ ᠤ᠋ᠨ ᠬᠠᠮᠤᠭ ᠳᠡᠭᠡᠳᠦ ᠪᠠᠢᠭᠤᠯᠭ᠎ᠠ ᠪᠣᠯᠵᠤ ᠪᠣᠯᠤᠮᠤᠢ ᠃ ᠲᠡᠦᠬᠡᠨ ᠳᠡᠭᠡᠷ᠎ᠡ ᠬᠠᠭᠠᠨ ᠰᠠᠭᠤᠷᠢᠨ ᠢ᠋ ᠵᠠᠯᠭᠠᠮᠵᠢᠯᠠᠭᠴᠢ ᠴᠡᠷᠢᠭ ᠢ᠋ ᠶᠡᠷᠦᠩᠬᠡᠢᠯᠡᠨ ᠵᠠᠬᠢᠷᠴᠤ ᠂ ᠳᠣᠲᠣᠭᠠᠳᠤ ᠵᠠᠰᠠᠭ ᠲᠤ᠌ ᠬᠢᠨᠠᠯᠲᠠ ᠲᠠᠯᠪᠢᠬᠤ ᠶ᠋ᠢ ᠬᠠᠪᠰᠤᠷᠭᠠᠭᠰᠠᠨ ᠵᠢᠱ᠌ᠢᠶ᠎ᠡ ᠣᠯᠠᠨ ᠪᠣᠢ 》 ᠬᠡᠮᠡᠪᠡ ᠃  
        ᠠᠶᠤᠰᠢᠷᠢᠳᠠᠷᠠ ᠂ ᠪᠣᠶᠠᠨᠲᠡᠮᠦᠷ ᠪᠣᠯᠤᠨ ᠯᠢ ᠭᠦᠸᠧ ᠹᠧᠩ ᠨᠠᠷ ᠤ᠋ᠨ ᠰᠠᠨᠠᠯ ᠢ᠋ᠶ᠋ᠠᠷ ᠴᠡᠷᠢᠭ ᠢ᠋ ᠨᠡᠢᠲᠡᠯᠡᠨ ᠵᠠᠬᠢᠷᠬᠤ ᠬᠦᠷᠢᠶᠡᠯᠡᠩ ᠪᠠᠢᠭᠤᠯᠬᠤ ᠪᠠᠷ ᠬᠠᠭᠠᠨ ᠳ᠋ᠤᠷ ᠠᠢᠯᠠᠳᠬᠠᠭᠰᠠᠨ᠎ᠠ ᠂ ᠲᠣᠬᠤᠨᠲᠡᠮᠦᠷ ᠬᠠᠭᠠᠨ ᠶᠡᠬᠡᠳᠡ ᠵᠥᠪᠲᠦᠭᠡᠵᠦ ᠲᠡᠷᠡ ᠳᠠᠷᠤᠢ ᠵᠣᠣ ᠪᠢᠴᠢᠭ ᠪᠠᠭᠤᠯᠭᠠᠨ ᡁᠢ ᠵᠧᠩ ᠦ᠋ᠨ ᠬᠣᠷᠢᠨ ᠳᠣᠯᠣᠳᠤᠭᠠᠷ ᠣᠨ (1367 ᠣᠨ ) ᠤ᠋ ᠨᠠᠢ᠍ᠮᠠᠳᠤᠭᠠᠷ ᠰᠠᠷ᠎ᠠ ᠳ᠋ᠤ᠌ ᠠᠯᠪᠠᠨ ᠶᠣᠰᠣ ᠪᠠᠷ ᠪᠠᠢᠭᠤᠯᠪᠠ ᠃ ᠠᠶᠤᠰᠢᠷᠢᠳᠠᠷᠠ ᠴᠡᠷᠢᠭ ᠢ᠋ ᠨᠡᠢᠲᠡᠯᠡᠨ ᠵᠠᠬᠢᠷᠬᠤ ᠬᠦᠷᠢᠶᠡᠯᠡᠩ ᠦ᠋ᠨ ᠶᠡᠷᠦᠩᠬᠡᠢ ᠵᠠᠬᠢᠷᠤᠭᠴᠢ ᠶ᠋ᠢᠨ ᠨᠡᠷ᠎ᠡ ᠪᠡᠷ ᠡᠯ᠎ᠡ ᠬᠤᠪᠢᠶᠠᠷᠢ ᠮᠣᠵᠢ ᠂ ᠡᠯ᠎ᠡ ᠴᠥᠯᠭᠡ ᠶ᠋ᠢᠨ ᠳᠠᠷᠤᠩᠭᠤᠢ ᠴᠡᠷᠢᠭ ᠦ᠋ᠨ ᠨᠣᠶᠠᠳ ᠲᠤ᠌ ᠵᠠᠷᠯᠢᠭ ᠪᠠᠭᠤᠯᠭᠠᠵᠤ ᠂ ᠪᠦᠬᠦ ᠤᠯᠤᠰ ᠤ᠋ᠨ ᠴᠡᠷᠢᠭ ᠵᠠᠰᠠᠭ ᠤ᠋ᠨ ᠴᠢᠬᠤᠯᠠ ᠬᠡᠷᠡᠭ ᠲᠦ᠍ ᠡᠷᠬᠡᠪᠰᠢ ᠴᠡᠷᠢᠭ ᠢ᠋ ᠨᠡᠢᠲᠡᠯᠡᠨ ᠵᠠᠬᠢᠷᠬᠤ ᠬᠦᠷᠢᠶᠡᠯᠡᠩ ᠦ᠋ᠨ ᠵᠠᠷᠯᠢᠭ ᠢ᠋ ᠰᠣᠨᠣᠰᠴᠤ ᠲᠡᠭᠦᠨ ᠦ᠌ ᠨᠢᠭᠡᠳᠦᠯᠲᠡᠢ ᠵᠠᠬᠢᠷᠤᠯ ᠢ᠋ ᠳᠠᠭᠠᠬᠤ ᠬᠡᠷᠡᠭᠲᠡᠢ ᠬᠡᠮᠡᠪᠡ ᠃ ᠠᠶᠤᠰᠢᠷᠢᠳᠠᠷᠠ ᠪᠠᠰᠠ ᠮᠦᠸᠧ ᠭᠣᠣ ᠶ᠋ᠢᠨ ᠶᠡᠬᠡ ᠵᠢᠷᠤᠮ ᠢ᠋ ᠮᠠᠨᠳᠤᠭᠤᠯᠤᠨ ᠬᠠᠭᠠᠨᠲᠤ ᠲᠥᠷᠥ ᠶ᠋ᠢᠨ ᠨᠢᠭᠡᠳᠦᠯ ᠢ᠋ ᠬᠠᠮᠠᠭᠠᠯᠠᠭᠰᠠᠨ ᠬᠡᠷᠡᠭ ᠢ᠋ ᠣᠯᠠᠨ᠎ᠠ ᠰᠠᠢᠰᠢᠶᠠᠵᠤ 《 ᠰᠢᠳᠤᠷᠭᠤ ᠵᠢᠷᠤᠮᠲᠤ ᠭᠠᠪᠢᠶᠠᠲᠠᠨ ᠲᠦᠰᠢᠮᠡᠯ 》 ᠴᠣᠯᠠ ᠰᠣᠶᠣᠷᠬᠠᠪᠠ ᠃ ᠬᠦᠭᠡᠳᠡᠮᠤᠷ ᠤ᠋ᠨ ᠲᠥᠪ ᠪᠢᠴᠢᠭ ᠦ᠋ᠨ ᠮᠣᠵᠢ ᠶ᠋ᠢᠨ ᠵᠡᠭᠦᠨ ᠭᠠᠷᠤᠨ ᠴᠢᠩᠰᠠᠩ ᠤ᠋ᠨ ᠲᠤᠰᠢᠶᠠᠯ ᠢ᠋ ᠬᠠᠰᠤᠵᠤ ᠂ ᠵᠥᠪᠬᠡᠨ ᠾᠧᠨᠠᠨ ᠸᠠᠩ ᠴᠣᠯᠠ ᠶ᠋ᠢ ᠦᠯᠡᠳᠡᠭᠡᠨ ᠲᠡᠭᠦᠨ ᠦ᠌ ᠵᠠᠬᠢᠷᠤᠭᠰᠠᠨ ᠴᠡᠷᠢᠭ ᠢ᠋ ᠪᠠᠢ ᠰᠦᠸᠧ ᠵᠣ᠌ ᠳ᠋ᠤ᠌ ᠬᠠᠷᠢᠶᠠᠯᠠᠭᠤᠯᠵᠤ ᠲᠡᠭᠦᠨ ᠢ᠋ ᠯᠦᠸᠧ ᠶᠠᠩ ᠬᠣᠲᠠ ᠶ᠋ᠢ ᠰᠠᠬᠢᠨ ᠰᠡᠷᠭᠡᠢᠯᠡ ᠬᠡᠮᠡᠪᠡ ᠃ 
      ᠬᠦᠭᠡᠳᠡᠮᠤᠷ ᠂ ᠴᠡᠷᠢᠭ ᠢ᠋ ᠨᠡᠢᠲᠡᠯᠡᠨ ᠵᠠᠬᠢᠷᠬᠤ ᠬᠦᠷᠢᠶᠡᠯᠡᠩ ᠦ᠋ᠨ ᠲᠣᠭᠲᠠᠭᠠᠯ ᠢ᠋ ᠬᠦᠯᠢᠶᠡᠨ ᠠᠪᠤᠭᠰᠠᠨ ᠦᠭᠡᠢ ᠂ ᠴᠡᠷᠢᠭ ᠢ᠋ᠶ᠋ᠡᠨ ᠳᠠᠢᠴᠢᠯᠠᠨ ᠽᠡᠵᠸᠦ ( ᠣᠳᠣ ᠶ᠋ᠢᠨ ᠱᠠᠨ ᠰᠢ ᠶ᠋ᠢᠨ ᠦ᠌ ᠴᠧᠩ ) ᠳ᠋ᠦ᠍ ᠰᠢᠯᠵᠢᠨ ᠣᠴᠢᠪᠠ ᠃ ᠠᠶᠤᠰᠢᠷᠢᠳᠡᠷᠠ ᠂ ᠬᠦᠭᠡᠳᠡᠮᠤᠷ ᠤ᠋ᠨ ᠲᠤᠰᠠᠯᠠᠭᠴᠢ ᠵᠠᠩᠵᠤᠨ ᠯᠢ ᠵᠢᠩ ᠴᠠᠩ ᠪᠣᠯᠤᠨ ᠭᠣᠮᠪᠣ ᠳ᠋ᠤ᠌ ᠭᠦᠸᠧ ᠬᠦᠩ ᠴᠣᠯᠠ ᠰᠣᠶᠣᠷᠬᠠᠵᠤ ᠂ ᠪᠢᠶᠠᠨᠯᠢᠶᠠᠩ ᠴᠥᠯᠭᠡ ᠂ ᠵᠢᠨᠨᠢᠩ ᠴᠥᠯᠭᠡ ᠶ᠋ᠢᠨ ᠴᠡᠷᠢᠭ ᠢ᠋ ᠰᠢᠯᠵᠢᠭᠦᠯᠦᠨ ᠠᠪᠴᠢᠷᠠᠭᠠᠳ ᠴᠡᠷᠢᠭ ᠢ᠋ ᠨᠡᠢᠲᠡᠯᠡᠨ ᠵᠠᠬᠢᠷᠬᠤ ᠬᠦᠷᠢᠶᠡᠯᠡᠩ ᠳ᠋ᠦ᠍ ᠬᠠᠷᠢᠶᠠᠯᠠᠭᠤᠯᠪᠠ ᠃  
        ᡁᠢ ᠵᠧᠩ ᠦ᠋ᠨ ᠬᠣᠷᠢᠨ ᠨᠠᠢ᠍ᠮᠠᠳᠤᠭᠠᠷ ᠣᠨ ᠳ᠋ᠤ᠌ ᠠᠶᠤᠰᠢᠷᠢᠳᠡᠷᠠ ᠵᠠᠷᠯᠢᠭ ᠪᠠᠭᠤᠯᠭᠠᠵᠤ ᠮᠦᠸᠧ ᠭᠣᠣ ᠂ ᠭᠣᠮᠪᠣ ᠪᠣᠯᠤᠨ ᠯᠢ ᠰᠧ ᠴᠢ ᠂ ᠵᠠᠩ ᠯᠢᠶᠠᠩ ᠪᠢ ᠨᠠᠷ ᠢ᠋ ᠴᠡᠷᠢᠭ ᠢ᠋ᠶ᠋ᠡᠨ ᠵᠠᠬᠢᠷᠴᠤ ᠵᠡᠭᠦᠨ ᠪᠠᠷᠠᠭᠤᠨ ᠬᠣᠶᠠᠷ ᠲᠠᠯ᠎ᠠ᠎  ᠠ᠋ᠴᠠ ᠬᠦᠭᠡᠳᠡᠮᠤᠷ ᠢ᠋ ᠬᠠᠪᠴᠢᠨ ᠴᠣᠬᠢᠭᠤᠯᠪᠠ ᠃ ᠮᠦᠸᠧ ᠭᠣᠣ ᠂ ᠭᠣᠮᠪᠣ ᠨᠠᠷ ᠴᠡᠷᠢᠭ ᠢ᠋ᠶ᠋ᠡᠨ ᠳᠠᠢᠴᠢᠯᠠᠨ ᠬᠦᠭᠡᠳᠡᠮᠤᠷ ᠤ᠋ᠨ ᠰᠠᠬᠢᠨ ᠰᠠᠭᠤᠭᠰᠠᠨ ᠸᠧᠢ ᠾᠦᠢ ᠴᠥᠯᠭᠡ ( ᠣᠳᠣ ᠶ᠋ᠢᠨ ᠾᠧᠨᠠᠨ ᠤ᠋ ᠵᠢᠢ ᠰᠢᠶᠠᠨ ᠂ ᠾᠦᠢ ᠰᠢᠶᠠᠨ ᠣᠷᠴᠢᠮ ) ᠂ ᠭᠤᠸᠠᠩ ᠫᠢᠩ ᠴᠥᠯᠭᠡ ( ᠣᠳᠣ ᠶ᠋ᠢᠨ ᠾᠧᠪᠧᠢ ᠶ᠋ᠢᠨ ᠬᠠᠨ ᠳ᠋ᠠᠨ ᠂ ᠡᠦ ᠠᠨ ᠣᠷᠴᠢᠮ ) ᠪᠣᠯᠤᠨ ᠱᠦᠨ ᠲᠧ ᠴᠥᠯᠭᠡ ( ᠣᠳᠣ ᠶ᠋ᠢᠨ ᠾᠧᠪᠧᠢ ᠶ᠋ᠢᠨ ᠰᠢᠩ ᠲᠡᠢ ᠂ ᠵᠢᠦᠢ ᠯᠦ᠍ ᠣᠷᠴᠢᠮ ) ᠢ᠋ ᠡᠵᠡᠯᠡᠪᠡ ᠃ 
       ᠮᠦᠸᠧ ᠭᠣᠣ ᠴᠡᠷᠢᠭ ᠮᠣᠷᠳᠠᠭᠰᠠᠨ᠎  ᠠ᠋ᠴᠠ ᠠᠪᠤᠭᠠᠳ ᠤᠳᠠᠭ᠎ᠠ ᠳᠠᠷᠠᠭ᠎ᠠ ᠪᠠᠷ ᠢᠯᠠᠯᠲᠠ ᠣᠯᠤᠭᠰᠠᠨ ᠳ᠋ᠤ᠌ ᠪᠠᠨ ᠣᠮᠣᠭᠰᠢᠵᠤ ᠂ ᠲᠡᠷᠢᠭᠦᠨ ᠭᠠᠪᠢᠶ᠎ᠠ ᠪᠠᠢᠭᠤᠯᠬᠤ ᠶ᠋ᠢ ᠰᠠᠨᠠᠭᠠᠷᠬᠠᠵᠤ ᠭᠦᠢᠴᠡᠳ ᠪᠡᠯᠡᠳᠬᠡᠯ ᠦᠭᠡᠢ ᠪᠠᠢᠳᠠᠯ ᠳᠣᠣᠷ᠎ᠠ ᠴᠡᠷᠢᠭ ᠢ᠋ᠶ᠋ᠡᠨ ᠳᠠᠢᠴᠢᠯᠠᠨ ᠳᠠᠢᠶᠦᠸᠠᠨ ᠢ᠋ ᠪᠦᠰᠡᠯᠡᠨ ᠴᠣᠬᠢᠪᠠ ᠃ ᠲᠡᠷᠡ ᠰᠢᠳᠠᠷ ᠬᠠᠮᠠᠭᠠᠯᠠᠬᠤ ᠴᠡᠷᠢᠭ ᠢ᠋ᠶ᠋ᠡᠨ ᠳᠠᠭᠠᠭᠤᠯᠵᠤ ᠪᠠᠢᠯᠳᠤᠭᠠᠨ ᠤ᠋ ᠵᠢᠭᠰᠠᠭᠠᠯ ᠤ᠋ᠨ ᠭᠠᠵᠠᠷ ᠲᠤ᠌ ᠢᠷᠡᠭᠡᠳ ᠪᠠᠢᠴᠠᠭᠠᠨ ᠦᠵᠡᠪᠡ ᠃ ᠡᠨᠡ ᠦᠶ᠎ᠡ ᠳ᠋ᠦ᠍ ᠬᠦᠭᠡᠳᠡᠮᠤᠷ ᠤ᠋ᠨ ᠵᠢᠭᠦᠷ ᠦ᠋ᠨ ᠵᠠᠩᠵᠤᠨ ᠮᠠᠤ ᠢᠦᠢ ᠬᠡᠮᠡᠭᠴᠢ ᠲᠡᠭᠦᠨ ᠢ᠋ ᠦᠵᠡᠵᠦ ᠲᠠᠨᠢᠭᠠᠳ ᠮᠦᠸᠧ ᠭᠣᠣ ᠶ᠋ᠢᠨ ᠴᠡᠷᠢᠭ ᠦ᠋ᠨ ᠲᠤᠭ ᠢ᠋ ᠬᠠᠯᠠᠵᠤ ᠡᠯᠭᠦᠪᠡ ᠃ ᠮᠦᠸᠧ ᠭᠣᠣ ᠨᠠᠷᠢᠨ ᠰᠢᠨᠵᠢᠭᠰᠡᠨ ᠦᠭᠡᠢ ᠪᠡᠷ ᠮᠠᠤ ᠢᠦᠢ ᠶ᠋ᠢᠨ ᠴᠡᠷᠢᠭ ᠦ᠋ᠨ ᠬᠦᠷᠢᠶᠡᠨ ᠳ᠋ᠦ᠍ ᠡᠨᠳᠡᠭᠦᠷᠡᠨ ᠣᠷᠣᠵᠤ ᠠᠮᠢᠳᠤ ᠪᠠᠷ ᠪᠠᠷᠢᠭᠳᠠᠪᠠ ᠃ ᠮᠠᠤ ᠢᠦᠢ ᠂ ᠮᠦᠸᠧ ᠭᠣᠣ ᠶ᠋ᠢ ᠪᠠᠷᠢᠭᠰᠠᠨ ᠠᠷᠭ᠎ᠠ ᠪᠠᠷ ᠭᠣᠮᠪᠣ ᠶ᠋ᠢ ᠪᠠᠰᠠ ᠪᠠᠷᠢᠵᠤ ᠠᠪᠤᠭᠰᠠᠨ ᠳ᠋ᠤ᠌ ᠲᠡᠳᠡᠨ ᠦ᠌ ᠵᠠᠬᠢᠷᠤᠭᠰᠠᠨ ᠴᠡᠷᠢᠭ ᠨᠢ ᠪᠦᠷ ᠬᠦᠭᠡᠳᠡᠮᠤᠷ ᠢ᠋ ᠳᠠᠭᠠᠷ᠎ᠠ ᠢᠷᠡᠪᠡ ᠃  
       ᠬᠦᠭᠡᠳᠡᠮᠤᠷ ᠨᠢᠵᠢᠭᠢᠨᠡᠨ ᠳᠤᠤᠭᠠᠷᠬᠤ ᠠᠶᠤᠩᠭ᠎ᠠ ᠶ᠋ᠢᠨ ᠳᠠᠭᠤᠨ ᠳ᠋ᠤ᠌ ᠴᠢᠬᠢ ᠪᠡᠨ ᠪᠥᠭᠯᠡᠵᠦ ᠠᠮᠵᠢᠬᠤ ᠦᠭᠡᠢ ᠬᠤᠷᠳᠤᠴᠠ ᠪᠠᠷ ᠳᠠᠢᠶᠦᠸᠠᠨ ᠳ᠋ᠤ᠌ ᠪᠤᠴᠠᠵᠤ ᠢᠷᠡᠭᠡᠳ ᠂ ᠠᠶᠤᠰᠢᠷᠢᠳᠡᠷᠠ ᠶ᠋ᠢᠨ ᠲᠣᠮᠢᠯᠠᠭᠰᠠᠨ ᠴᠡᠷᠢᠭ ᠵᠠᠰᠠᠭ ᠤ᠋ᠨ ᠨᠣᠶᠠᠳ ᠲᠦᠰᠢᠮᠡᠳ ᠢ᠋ ᠪᠦᠷᠢᠨ ᠢ᠋ᠶ᠋ᠡᠷ ᠪᠠᠷᠢᠵᠤ ᠠᠯᠠᠭᠠᠳ ᠪᠦᠬᠦᠢᠯᠡ ᠱᠠᠨ ᠰᠢ ᠂ ᠱᠠᠨᠰᠢ ᠣᠷᠣᠨ ᠢ᠋ ᠳᠠᠬᠢᠨ ᠡᠵᠡᠯᠡᠵᠦ ᠠᠪᠴᠠᠢ ᠃ 
      ᠴᠡᠷᠢᠭ ᠢ᠋ ᠨᠡᠢᠲᠡᠯᠡᠨ ᠵᠠᠬᠢᠷᠬᠤ ᠬᠦᠷᠢᠶᠡᠯᠡᠩ ᠦ᠋ᠨ ᠶᠡᠷᠦᠩᠬᠡᠢ ᠵᠠᠬᠢᠷᠤᠭᠴᠢ ᠠᠶᠤᠰᠢᠷᠢᠳᠡᠷᠠ ᠂ ᠬᠦᠭᠡᠳᠡᠮᠤᠷ ᠤ᠋ᠨ ᠰᠦᠷ ᠬᠦᠴᠦᠨ ᠶᠡᠬᠡ ᠪᠡᠷ ᠨᠡᠮᠡᠭᠳᠡᠨ ᠲᠡᠭᠦᠨ ᠦ᠌ ᠵᠠᠬᠢᠷᠤᠯᠲᠠ ᠶ᠋ᠢ ᠰᠣᠨᠣᠰᠬᠤ ᠦᠭᠡᠢ ᠳ᠋ᠦ᠍ ᠮᠠᠰᠢᠳᠠ ᠠᠭᠤᠷᠯᠠᠵᠤ ᠂ ᠡᠯ᠎ᠡ ᠴᠥᠯᠭᠡ ᠶ᠋ᠢᠨ ᠳᠠᠷᠤᠩᠭᠤᠢ ᠴᠡᠷᠢᠭ ᠪᠣᠯᠤᠨ ᠣᠷᠣᠨ ᠨᠤᠲᠤᠭ ᠤ᠋ᠨ ᠵᠡᠪᠰᠡᠭᠲᠦ ᠬᠦᠴᠦᠨ ᠢ᠋ ᠳᠠᠢᠴᠢᠯᠠᠨ ᠬᠦᠭᠡᠳᠡᠮᠤᠷ ᠤ᠋ᠨ ᠴᠡᠷᠢᠭ ᠢ᠋ ᠵᠦᠭ ᠵᠦᠭ ᠡᠴᠡ ᠪᠦᠰᠡᠯᠡᠨ ᠴᠣᠬᠢᠪᠠ ᠃  
      《ᠬᠠᠪ ᠵᠢᠭᠠᠰᠤ ᠬᠠᠯᠢᠭᠤᠨ ᠬᠥᠭᠡᠴᠦ ᠬᠡᠷᠡᠯᠳᠦᠪᠡᠯ ᠬᠠᠵᠠᠭᠤ ᠳ᠋ᠤ᠌ ᠪᠠᠢᠭ᠎ᠠ ᠵᠢᠭᠠᠰᠤᠴᠢᠨ ᠤ᠋ ᠣᠯᠵᠠ ᠪᠣᠯᠤᠮᠤᠢ 》 ᠭᠡᠳᠡᠭ ᠢ᠋ᠶ᠋ᠡᠷ ᠶᠤᠸᠠᠨ ᠤ᠋ ᠬᠠᠭᠠᠨᠲᠤ ᠲᠥᠷᠥ ᠶ᠋ᠢᠨ ᠳᠣᠲᠣᠭᠠᠳᠤ ᠶ᠋ᠢᠨ ᠵᠡᠪᠰᠡᠭᠲᠦ ᠲᠡᠮᠡᠴᠡᠯᠳᠦᠭᠡᠨ ᠢ᠋ ᠵᠠᠪᠰᠢᠵᠤ ᠂ ᠵᠢᠶᠠᠩ ᠬᠤᠸᠠᠢ ᠭᠠᠵᠠᠷ ᠤ᠋ᠨ ᠲᠠᠷᠢᠶᠠᠴᠢᠨ ᠤ᠋ ᠪᠣᠰᠤᠯᠭ᠎ᠠ ᠳᠦᠷᠡᠯᠵᠡᠨ ᠨᠣᠴᠣᠭᠰᠠᠨ ᠭᠠᠯ ᠲᠦᠢᠮᠡᠷ ᠮᠡᠲᠦ ᠪᠦᠬᠦᠢᠯᠡ ᠵᠥᠩᠶᠦᠸᠠᠨ ᠣᠷᠣᠨ ᠢ᠋ ᠬᠠᠮᠤᠷᠴᠤ ᠂ ᠤᠮᠠᠷᠠᠰᠢ ᠲᠥᠩᠭᠣᠸᠠᠨ ᠪᠣᠭᠣᠮᠲᠠ ᠶ᠋ᠢ ᠡᠵᠡᠯᠡᠨ ᠠᠪᠤᠪᠠ ᠃ ᠯᠢ ᠰᠧ ᠴᠢ ᠂ ᠵᠠᠩ ᠯᠢᠶᠠᠩ ᠪᠢ ᠪᠣᠯᠤᠨ ᠺᠦᠩ ᠰᠢᠩ ᠦ᠋ᠨ ᠴᠡᠷᠢᠭ ᠰᠤᠷᠠᠭ ᠢ᠋ ᠰᠣᠨᠣᠰᠤᠮᠠᠭᠴᠠ ᠰᠦᠷᠳᠡᠨ ᠳᠤᠲᠠᠭᠠᠪᠠ ᠃  
        ᠲᠣᠬᠣᠨᠳᠡᠮᠤᠷ ᠬᠠᠭᠠᠨ ᠬᠡᠳᠦᠨ ᠤᠳᠠᠭᠠᠨ ᠤ᠋ ᠬᠡᠴᠡᠭᠦᠦ ᠬᠢᠮᠤᠷᠠᠯᠳᠤᠭᠠᠨ ᠢ᠋ ᠥᠩᠭᠡᠷᠡᠭᠦᠯᠦᠭᠡᠳ ᠢᠲᠡᠭᠡᠵᠦ ᠬᠡᠷᠡᠭᠯᠡᠵᠦ ᠪᠣᠯᠬᠤ ᠬᠥᠮᠦᠨ ᠬᠦᠭᠡᠳᠡᠮᠤᠷ᠎  ᠡᠴᠡ ᠣᠨᠳᠣᠣ ᠦᠭᠡᠢ ᠭᠡᠵᠦ ᠮᠡᠳᠡᠭᠡᠳ ᠴᠡᠷᠢᠭ ᠢ᠋ ᠨᠡᠢᠲᠡᠯᠡᠨ ᠵᠠᠬᠢᠷᠬᠤ ᠬᠦᠷᠢᠶᠡᠯᠡᠩ ᠢ᠋ ᠬᠦᠴᠦᠨ ᠦᠭᠡᠢ ᠪᠣᠯᠭᠠᠵᠤ ᠂ ᠯᠢ ᠭᠦᠸᠧ ᠹᠧᠩ ᠂ ᠪᠤᠶᠡᠨᠳᠡᠮᠤᠷ ᠢ᠋ ᠤᠯᠤᠰ ᠢ᠋ ᠬᠣᠬᠢᠷᠠᠭᠤᠯᠤᠭᠰᠠᠨ ᠶᠠᠯ᠎ᠠ ᠪᠠᠷ ᠠᠯᠠᠵᠤ ᠂ ᠬᠦᠭᠡᠳᠡᠮᠤᠷ ᠤ᠋ᠨ ᠵᠡᠭᠦᠨ ᠭᠠᠷᠤᠨ ᠴᠢᠩᠰᠠᠩ ᠤ᠋ᠨ ᠲᠤᠰᠢᠶᠠᠯ ᠢ᠋ ᠳᠠᠬᠢᠨ ᠰᠡᠷᠭᠦᠭᠡᠵᠦ ᠰᠠᠭᠤᠷᠢ ᠪᠠᠷ ᠢ᠋ᠶ᠋ᠠᠨ ᠰᠠᠵᠢᠯᠠᠵᠤ ᠰᠠᠭᠤᠳᠠᠯ ᠢ᠋ᠶ᠋ᠠᠷ ᠢ᠋ᠶ᠋ᠠᠨ ᠨᠠᠢᠭᠤᠵᠤ ᠂ ᠡᠪᠳᠡᠷᠡᠵᠦ ᠨᠤᠷᠠᠮᠠᠷ ᠪᠣᠯᠤᠭᠰᠠᠨ ᠡᠵᠡᠨᠲᠦ ᠲᠥᠷᠥ ᠪᠡᠨ ᠠᠪᠤᠷᠠᠬᠤ ᠪᠠᠷ ᠬᠦᠴᠦᠯᠡᠨ ᠴᠢᠷᠮᠠᠢᠪᠠ ᠃ ᠭᠡᠲᠡᠯ᠎ᠡ ᠡᠨᠡ ᠦᠶ᠎ᠡ ᠢᠨᠦ ᠨᠢᠭᠡᠨᠲᠡ ᠣᠷᠣᠢᠲᠠᠭᠰᠠᠨ ᠠᠵᠤᠭᠤ ᠃