ᠢᠰᠡᠭᠡᠢ ᠶᠢᠨ ᠢᠷᠦᠭᠡᠯ Эсгийн ерөөл
ᠢᠰᠡᠭᠡᠢ ᠶᠢᠨ ᠢᠷᠦᠭᠡᠯ
ᠠᠷᠪᠠᠨ
ᠬᠤᠷᠤᠭᠤ ᠪᠠᠷ ᠤᠷᠠᠯᠠᠬᠤ ᠭᠡᠵᠦ
ᠠᠢᠯ ᠠᠢᠮᠠᠭ ᠢᠶᠠᠷ ᠢᠶᠠᠨ ᠬᠠᠮᠲᠤᠷᠠᠵᠤ
ᠠᠢᠷᠠᠭ ᠲᠠᠷᠠᠭ ᠢᠶᠠᠨ ᠪᠡᠯᠡᠳᠬᠡᠵᠦ
ᠵᠤᠨ ᠴᠠᠭ ᠤᠨ
ᠵᠦᠯᠭᠡ ᠶᠢ ᠰᠣᠩᠭᠣᠵᠤ
ᠵᠠᠭᠤᠨ ᠲᠦᠮᠡᠨ
ᠬᠣᠨᠢᠨ ᠤ
ᠵᠤᠩᠭᠠᠭᠲᠠᠢ
ᠴᠠᠭᠠᠨ ᠤᠩᠭᠠᠰᠤ ᠶᠢ
ᠵᠤᠯᠤᠵᠤ᠂ ᠵᠦᠢᠵᠦ ᠳᠡᠯᠭᠡᠭᠡᠳ
ᠵᠠᠭᠤᠨ
ᠭᠣᠣᠯ ᠤᠨ ᠤᠰᠤ ᠪᠠᠷ
ᠵᠤᠯᠤᠬᠠᠢ
ᠪᠦᠷᠢ ᠶᠢ ᠱᠦᠷᠴᠢᠭᠡᠳ
ᠡᠪᠲᠡᠢᠬᠡᠨ ᠡᠪᠬᠡᠵᠦ ᠬᠤᠢᠯᠠᠭᠠᠳ
ᠡᠪ ᠢ ᠨᠢ
ᠣᠯᠵᠤ ᠪᠣᠭᠣᠭᠠᠳ
ᠠᠭᠲᠠ
ᠮᠣᠷᠢ ᠪᠠᠷ ᠢᠶᠠᠨ ᠲᠠᠲᠠᠵᠤ
ᠠᠬᠢᠨ ᠳᠠᠬᠢᠨ
ᠥᠩᠬᠥᠷᠢᠭᠦᠯᠬᠦ
ᠢᠰᠡᠭᠡᠢ
ᠨᠡᠷᠡᠲᠡᠢ ᠡᠳ᠋ ᠨᠢ
ᠡᠩ ᠦᠭᠡᠢ
ᠵᠠᠬ᠎ᠠ ᠲᠠᠢ ᠪᠣᠯᠲᠤᠭᠠᠢ
ᠴᠠᠭᠠᠨ
ᠢᠰᠡᠭᠡᠢ ᠴᠠᠪᠠ ᠦᠭᠡᠢ
ᠴᠠᠰᠢ ᠨᠠᠰᠢ
ᠭᠠᠪᠠ ᠦᠭᠡᠢ
ᠴᠠᠰᠤᠨ ᠠᠴᠠ
ᠢᠯᠡᠭᠦᠦ ᠴᠠᠭᠠᠨ
ᠶᠠᠰᠤᠨ ᠠᠴᠠ
ᠢᠯᠡᠭᠦᠦ ᠬᠠᠲᠠᠭᠤ
ᠮᠥᠰᠦᠨ ᠡᠴᠡ
ᠢᠯᠡᠭᠦᠦ ᠮᠥᠯᠢᠭᠡᠷ
ᠮᠥᠩᠭᠥᠨ ᠡᠴᠡ
ᠢᠯᠡᠭᠦᠦ ᠦᠨᠡᠲᠡᠢ
ᠳᠠᠷᠤᠭᠰᠠᠨ ᠰᠠᠢᠬᠠᠨ ᠢᠰᠡᠭᠡᠢ ᠨᠢ
ᠳᠠᠯᠠᠨ
ᠭᠡᠷ ᠦᠨ ᠪᠦᠷᠢᠶᠡᠰᠦ ᠪᠣᠯᠵᠤ
ᠵᠤᠯᠤᠵᠤ ᠬᠢᠭᠰᠡᠨ
ᠬᠦᠮᠦᠨ ᠴᠢᠨᠢ
ᠵᠠᠭᠤᠨ
ᠨᠠᠮᠤᠷ ᠢ ᠦᠵᠡᠵᠡᠭᠡᠵᠦ ᠶᠠᠪᠤ!
ᠳᠤᠩ ᠰᠢᠭ᠋ ᠳᠤᠩ
ᠴᠠᠭᠠᠨ
ᠳᠤᠷᠳᠤᠩ ᠰᠢᠭ᠋ ᠠᠷᠤ ᠲᠠᠢ ᠪᠣᠯᠤᠭ!
ᠡᠪᠳᠡᠷᠡᠵᠦ ᠵᠠᠳᠠᠷᠠᠰᠢ ᠦᠭᠡᠢ ᠪᠠᠲᠤ
ᠡᠯᠡᠭᠳᠡᠵᠦ
ᠮᠠᠭᠤᠳᠠᠰᠢ ᠦᠭᠡᠢ ᠮᠥᠩᠬᠡ ᠪᠣᠯᠲᠤᠭᠠᠢ!
