ᠴᠢᠰᠤᠨ ᠦᠨᠦᠷ ᠲᠠᠢ ᠳᠠᠰᠢᠭᠤᠷ – ᠬᠠᠰᠪᠠᠷᠰ Цусан үнэртэй ташуур – Хасбарс
ᠴᠢᠰᠤᠨ ᠦᠨᠦᠷ ᠲᠠᠢ ᠳᠠᠰᠢᠭᠤᠷ
ᠬᠠᠰᠪᠠᠷᠰ ᠵᠣᠬᠢᠶᠠᠪᠠ
ᠭᠤᠴᠢᠨ ᠵᠢᠯ ᠦ᠋ᠨ ᠡᠮᠦᠨ᠎ᠡ ᠪᠢᠯᠡ ᠃ ᠳᠠᠷᠮᠠᠵᠠᠪ ᠠᠩᠬ᠎ᠠ ᠡᠬᠢᠯᠡᠩᠭᠦᠲᠡ ᠶᠣᠨᠲᠣᠨ ᠭᠡᠳᠡᠭ ᠪᠠᠶᠠᠨ ᠯᠠᠮᠠ ᠶ᠋ᠢᠨ ᠳ᠋ᠦ᠍ ᠬᠦᠴᠦ ᠶᠠᠪᠤᠵᠤ ᠪᠠᠶ᠋ᠢᠵᠠᠢ ᠃
ᠶᠣᠨᠲᠣᠨ ᠯᠠᠮᠠ ᠪᠣᠯ ᠬᠥᠮᠦᠨ ᠠᠶᠤᠮᠠᠷ ᠬᠥᠬᠡ ᠴᠢᠷᠠᠢ ᠲᠠᠢ ᠂ ᠡᠷᠲᠡᠭᠡᠷ ᠬᠠᠮᠠᠷ ᠲᠠᠢ ᠂ ᠬᠠᠯᠵᠠᠨ ᠲᠣᠯᠣᠭᠠᠢ ᠲᠠᠢ ᠲᠤᠩ ᠬᠠᠷᠭᠢᠰ ᠠᠮᠢᠲᠠᠨ ᠶᠤᠮ ᠃ ᠲᠡᠭᠦᠨ ᠳ᠋ᠦ᠍ ᠬᠡᠵᠢᠶᠡᠳᠡ ᠪᠡᠶ᠎ᠡ ᠡᠴᠡ ᠪᠡᠨ ᠰᠠᠯᠭᠠᠳᠠᠭ ᠦᠭᠡᠢ ᠬᠣᠶᠠᠷ ᠵᠦᠢᠯ ᠦ᠋ᠨ ᠡᠳ᠋ ᠪᠠᠶ᠋ᠢᠲᠠᠭ ᠃ ᠨᠢᠭᠡ ᠨᠢ ᠵᠠᠭᠤ ᠨᠠᠢ᠍ᠮᠠᠨ ᠮᠥᠬᠥᠯᠢᠭ ᠲᠡᠢ ᠬᠠᠷ᠎ᠠ ᠽᠠᠨᠳᠠᠨ ᠡᠷᠢᠭᠡ ᠶᠦ᠍ᠮ ᠃ ᠬᠠᠷ᠎ᠠ ᠽᠠᠨᠳᠠᠨ ᠡᠷᠢᠭᠡ ᠪᠡᠨ ᠡᠳᠦᠷ ᠲᠤᠵᠢ ᠬᠦᠵᠦᠭᠦᠨ ᠳ᠋ᠡᠭᠡᠨ ᠵᠡᠭᠦᠭᠡᠳ 《 ᠣᠮ ᠮᠠ᠋ ᠨᠢ ᠪᠠᠳ ᠮᠠᠢ ᠬᠣᠩ 》 《 ᠬᠠᠮᠤᠭ ᠠᠮᠢᠲᠠᠨ ᠵᠢᠷᠭᠤᠭᠠᠨ ᠵᠦᠢᠯ ᠦ᠋ᠨ ᠲᠥᠯᠥᠭᠡ ᠁ 》 ᠭᠡᠵᠦ ᠵᠠᠯᠪᠠᠷᠢᠵᠤ ᠶᠠᠪᠤᠳᠠᠭ ᠃ ᠨᠥᠭᠥᠭᠡ ᠨᠢᠭᠡ ᠨᠢ ᠡᠷᠡᠬᠡᠢ ᠬᠤᠷᠤᠭᠤᠨ ᠴᠢᠨᠡᠭᠡᠨ ᠪᠦᠳᠦᠭᠦᠨ ᠰᠤᠷ ᠲᠠᠰᠢᠭᠤᠷ ᠶᠤᠮ ᠃ ᠲᠡᠭᠦᠨ ᠊ᠢ ᠪᠡᠨ ᠪᠠᠰᠠ ᠡᠳᠦᠷ ᠲᠣᠷᠰᠢ ᠭᠠᠷ ᠠ᠋ᠴᠠ ᠪᠠᠨ ᠰᠠᠯᠭᠠᠳᠠᠭ ᠦᠭᠡᠢ ᠃ ᠭᠡᠷ ᠦ᠋ᠨ ᠵᠠᠷᠤᠳᠠᠰᠤ ᠂ ᠠᠳᠤᠭᠤᠴᠢᠨ ᠂ ᠦᠬᠡᠷᠴᠢᠨ ᠂ ᠬᠣᠨᠢᠴᠢᠨ ᠤ᠋ ᠠᠯᠢ ᠨᠢᠭᠡ ᠨᠢ ᠨᠢᠳᠦᠨ ᠳ᠋ᠦ᠍ᠨᠢ ᠲᠠᠪᠠ ᠦᠭᠡᠢ ᠦᠵᠡᠭᠳᠡᠪᠡᠯ ᠄ 《 ᠡᠨᠡ ᠮᠠᠭᠤ ᠠᠳᠤᠭᠤᠰᠤ ᠳ᠋ᠤ᠌ ᠲᠠᠰᠢᠭᠤᠷ ᠯᠠ ᠵᠣᠬᠢᠷᠠᠨ᠎ᠠ 》 ᠭᠡᠳ ᠲᠣᠯᠣᠭᠠᠢ ᠤᠷᠤᠭᠤ ᠨᠢ ᠴᠢᠰᠤ ᠨᠥᠵᠢ ᠭᠣᠭᠣᠵᠢᠲᠠᠯ᠎ᠠ ᠭᠤᠶᠠᠳᠠᠳᠠᠭ ᠪᠠᠶ᠋ᠢᠵᠠᠢ ᠃ ᠶᠠᠳᠠᠭᠤ ᠠᠷᠠᠳ ᠤ᠋ᠨ ᠠᠷᠠᠰᠤ ᠮᠢᠬᠠᠨ ᠳᠡᠭᠡᠷ᠎ᠡ ᠲᠣᠭᠯᠠᠭᠰᠠᠭᠠᠷ ᠪᠠᠶ᠋ᠢᠭᠠᠳ ᠡᠨᠡ ᠲᠠᠰᠢᠭᠤᠷ ᠪᠦᠷ ᠬᠠᠷᠠᠯᠠᠭᠰᠠᠨ ᠪᠥᠭᠡᠳ ᠴᠢᠰᠤᠨ ᠤ᠋ ᠦᠮᠡᠬᠡᠢ ᠦᠨᠦᠷ ᠰᠢᠩᠭᠡᠴᠢᠬᠡᠵᠡᠢ ᠃
ᠳᠠᠷᠮᠠᠵᠠᠪ ᠂ ᠶᠣᠨᠲᠣᠨ ᠯᠠᠮᠠ ᠶ᠋ᠢᠨ ᠳ᠋ᠦ᠍ ᠵᠠᠷᠤᠭᠳᠠᠵᠤ ᠪᠠᠶ᠋ᠢᠬᠤ ᠳ᠋ᠠᠭᠠᠨ ᠡᠬᠢᠯᠡᠩᠭᠦᠲᠡ ᠠᠳᠤᠭᠤ ᠬᠠᠷᠠᠭᠤᠯᠵᠤ ᠪᠠᠶ᠋ᠢᠯ᠎ᠠ ᠃ ᠨᠢᠭᠡ ᠡᠳᠦᠷ ᠠᠳᠤᠭᠤ ᠶ᠋ᠢ ᠨᠢ ᠬᠤᠷᠢᠶᠠᠬᠤ ᠭᠡᠵᠦ ᠭᠦᠶᠦᠯᠭᠡᠭᠰᠡᠭᠡᠷ ᠪᠠᠶ᠋ᠢᠲᠠᠯ᠎ᠠ ᠤᠨᠤᠭᠰᠠᠨ ᠪᠣᠷᠣ ᠮᠣᠷᠢᠨ ᠠ᠋ᠴᠠ ᠨᠢ ᠬᠥᠯᠥᠰᠥ ᠭᠠᠷᠴᠠᠢ ᠃ ᠳᠠᠷᠮᠠᠵᠠᠪ ᠠᠳᠤᠭᠤᠨ ᠠ᠋ᠴᠠ ᠪᠠᠨ ᠪᠤᠴᠠᠵᠤ ᠢᠷᠡᠭᠡᠳ ᠭᠡᠷ ᠲᠡᠭᠡᠨ ᠣᠷᠣᠬᠤ ᠭᠡᠵᠦ ᠪᠠᠶ᠋ᠢᠲᠠᠯ᠎ᠠ ᠬᠦᠵᠦᠭᠦᠨ ᠳ᠋ᠡᠭᠡᠨ ᠡᠷᠢᠭᠡ ᠪᠡᠨ ᠵᠡᠭᠦᠵᠦ ᠂ ᠭᠠᠷ ᠲᠠᠭᠠᠨ ᠲᠠᠰᠢᠭᠤᠷ ᠪᠠᠷᠢᠨ ᠵᠣᠭᠰᠣᠵᠤ ᠪᠠᠶ᠋ᠢᠬᠰᠠᠨ ᠶᠣᠨᠲᠣᠨ ᠯᠠᠮᠠ ᠂ ᠳᠠᠷᠮᠠᠵᠠᠪ ᠤ᠋ᠨ ᠤᠨᠤᠭᠰᠠᠨ ᠮᠣᠷᠢ ᠬᠥᠯᠥᠷᠡᠭᠰᠡᠨ ᠊ᠢ ᠦᠵᠡᠭᠡᠳ ᠲᠡᠷᠡ ᠳᠣᠣᠷ᠎ᠠ ᠪᠠᠨ ᠬᠥᠮᠦᠨ ᠠᠶᠤᠮᠠᠷ ᠬᠥᠬᠡ ᠴᠢᠷᠠᠢ ᠨᠢ ᠵᠢᠪᠡ ᠶ᠋ᠢᠨ ᠥᠩᠭᠡ ᠲᠡᠢ ᠪᠣᠯᠵᠤ ᠄
《 ᠴᠢ ᠴᠢᠨᠢ ᠮᠠᠯ ᠶᠤᠮ ᠤᠤ ? ᠶᠠᠭᠠᠬᠢᠵᠤ ᠤᠨᠤᠭᠰᠠᠨ ᠶᠤᠮ ᠡᠨᠡ ᠮᠣᠷᠢ ᠶ᠋ᠢ ᠂ ᠠ ! 》 ᠭᠡᠵᠦ ᠪᠠᠷᠬᠢᠷᠠᠭᠰᠠᠭᠠᠷ ᠬᠣᠶ᠋ᠢᠨ᠎ᠠ ᠠ᠋ᠴᠠ ᠨᠢ ᠬᠦᠷᠴᠦ ᠢᠷᠡᠭᠡᠳ ᠂ ᠳᠠᠷᠮᠠᠵᠠᠪ ᠤ᠋ᠨ ᠳᠠᠯᠤ ᠤᠷᠤᠭᠤ ᠡᠷᠦᠢ ᠬᠤᠷᠤᠢ ᠦᠭᠡᠢ ᠭᠤᠶᠠᠳᠠᠪᠠ ᠃ ᠳᠤᠯᠠᠭᠠᠨ ᠴᠠᠭ ᠂ ᠳᠠᠷᠮᠠᠵᠠᠪ ᠳ᠋ᠠᠩ ᠬᠤᠪᠴᠠᠰᠤ ᠲᠠᠢ ᠪᠠᠶ᠋ᠢᠬᠰᠠᠨ ᠲᠤᠯᠠ ᠬᠡᠳᠦᠬᠡᠨ ᠭᠤᠶᠠᠳᠠᠮᠠᠭᠴᠠ ᠠᠷᠠᠰᠤ ᠮᠢᠬ᠎ᠠ ᠨᠢ ᠤᠯᠠᠭᠠᠨ ᠵᠠᠭᠠᠯ ᠪᠣᠯᠵᠤ ᠂ ᠵᠢᠷᠦᠬᠡᠨ ᠳ᠋ᠦ᠍ᠨᠢ ᠣᠷᠣᠲᠠᠯ᠎ᠠ ᠡᠪᠡᠳᠪᠡ ᠃ ᠳᠠᠷᠮᠠᠵᠠᠪ ᠡᠪᠡᠳᠬᠦ ᠶ᠋ᠢ ᠲᠡᠰᠪᠦᠷᠢᠯᠡᠨ ᠶᠣᠨᠲᠣᠨ ᠯᠠᠮᠠ ᠶ᠋ᠢᠨ ᠵᠦᠭ ᠄
《 ᠪᠢ ᠬᠥᠯᠥᠰᠥ ᠭᠠᠷᠭᠠᠬᠤ ᠭᠡᠳ ᠭᠠᠷᠭᠠᠭᠰᠠᠨ ᠪᠢᠰᠢ ᠰᠢᠦ ᠮᠠᠮᠠ ! ᠁ 》 ᠭᠡᠵᠦ ᠬᠡᠯᠡᠭᠰᠡᠨ ᠳ᠋ᠦ᠍ ᠂
《 ᠶᠠᠭᠤ ᠭᠡᠨ᠎ᠡ ᠂ ᠴᠢᠮᠠᠲᠤ ᠪᠠᠰᠠ ᠬᠡᠯᠡᠬᠦ ᠦᠭᠡ ᠲᠡᠢ ᠤᠤ ⁈ ᠴᠢ ᠮᠢᠨᠦ ᠮᠣᠷᠢᠨ ᠠ᠋ᠴᠠ ᠬᠥᠯᠥᠰᠥ ᠭᠠᠷᠭᠠᠭᠰᠠᠨ ᠶᠤᠮ ᠴᠢᠨᠢ ᠪᠢ ᠴᠢᠮ᠎ᠠ ᠠ᠋ᠴᠠ ᠴᠢᠰᠤ ᠭᠠᠷᠭᠠᠨ᠎ᠠ ᠂ ᠴᠢ ᠶᠠᠭᠠᠬᠢᠳᠠᠭ ᠶᠤᠮ ! 》 ᠭᠡᠳ ᠤᠯᠠᠮ ᠬᠦᠴᠦᠲᠡᠢ ᠭᠤᠶᠠᠳᠠᠪᠠ ᠃ ᠳᠠᠷᠮᠠᠵᠠᠪ ᠤ᠋ᠨ ᠬᠠᠯᠠᠭᠤᠨ ᠴᠢᠰᠤ ᠲᠠᠰᠢᠭᠤᠷ ᠊ᠢ ᠨᠢ ᠳᠠᠭᠠᠭᠠᠳ ᠭᠣᠭᠣᠵᠢᠯᠠ ᠃ ᠶᠠᠳᠠᠭᠤ ᠵᠦᠳᠡᠭᠦᠦ ᠠᠷᠠᠳ ᠤ᠋ᠨ ᠮᠢᠬ᠎ᠠ ᠴᠢᠰᠤ ᠶ᠋ᠢ ᠢᠳᠡᠵᠦ ᠰᠤᠷᠤᠭᠰᠠᠨ ᠶᠣᠨᠲᠣᠨ ᠯᠠᠮᠠ ᠶ᠋ᠢᠨ ᠲᠠᠰᠢᠭᠤᠷ ᠤᠳᠠᠭᠰᠠᠨ ᠦᠭᠡᠢ ᠴᠢᠰᠤᠨ ᠥᠩᠭᠡᠲᠡᠢ ᠪᠣᠯᠵᠤ ᠬᠤᠪᠢᠷᠠᠯ᠎ᠠ ᠃ ᠶᠠᠭ ᠡᠨᠡ ᠦᠶ᠎ᠡ ᠳ᠋ᠦ᠍ ᠳᠠᠷᠮᠠᠵᠠᠪ ᠤ᠋ᠨ ᠬᠡᠳᠦᠨ ᠶᠠᠳᠠᠭᠤ ᠨᠠᠶ᠋ᠢᠵᠢ ᠨᠢ ᠭᠦᠶᠦᠯᠳᠦᠨ ᠢᠷᠡᠵᠦ ᠶᠣᠨᠲᠣᠨ ᠳ᠋ᠤ᠌ ᠳᠠᠬᠢᠨ ᠳᠠᠪᠲᠠᠨ ᠭᠤᠶᠤᠭᠰᠠᠭᠠᠷ ᠪᠠᠶ᠋ᠢᠭᠠᠳ ᠵᠣᠭᠰᠣᠭᠠᠪᠠ ᠃
ᠳᠠᠷᠠᠭ᠎ᠠ ᠥᠷᠯᠥᠭᠡ ᠨᠢ ᠶᠣᠨᠲᠣᠨ ᠯᠠᠮᠠ ᠄
《 ᠴᠢ ᠮᠣᠷᠢ ᠤᠨᠤᠭᠠᠳ ᠠᠳᠤᠭᠤ ᠬᠠᠷᠠᠭᠤᠯᠵᠤ ᠴᠢᠳᠠᠳᠠᠭ ᠠᠮᠢᠲᠠᠨ ᠪᠢᠰᠢ ᠪᠠᠶ᠋ᠢᠨ᠎ᠠ ᠂ ᠶᠠᠪᠠᠭᠠᠨ ᠢ᠋ᠶ᠋ᠠᠷ ᠬᠣᠨᠢ ᠬᠠᠷᠠᠭᠤᠯ 》 ᠭᠡᠳ ᠳᠠᠷᠮᠠᠵᠠᠪ ᠊ᠢ ᠬᠣᠨᠢᠨ ᠳ᠋ᠤ᠌ ᠭᠠᠷᠭᠠᠪᠠ ᠃ ᠦᠵᠦᠮᠦᠴᠢᠨ ᠦ᠌ ᠬᠢᠨ ᠪᠦᠷ ᠬᠣᠨᠢ ᠪᠠᠨ ᠮᠣᠷᠢ ᠪᠠᠷ ᠬᠠᠷᠢᠭᠤᠯᠳᠠᠭ ᠵᠠᠩᠰᠢᠯ ᠲᠠᠢ ᠶᠤᠮ ᠃ ᠭᠡᠲᠡᠯ᠎ᠡ ᠶᠣᠨᠲᠣᠨ ᠯᠠᠮᠠ ᠳᠠᠷᠮᠠᠵᠠᠪ ᠊ᠢ ᠬᠠᠷᠠᠳᠠᠵᠤ ᠶᠠᠪᠠᠭᠠᠨ ᠢ᠋ᠶ᠋ᠠᠷ ᠬᠠᠷᠢᠭᠤᠯᠠᠭᠤᠯᠪᠠ ᠃ ᠲᠡᠷᠡ ᠶᠠᠪᠠᠭᠠᠨ ᠢ᠋ᠶ᠋ᠠᠷ ᠮᠢᠩᠭ᠎ᠠ ᠭᠠᠷᠤᠢ ᠬᠣᠨᠢ ᠶ᠋ᠢ ᠲᠠᠭᠤᠭᠠᠳ ᠭᠠᠷᠴᠤ ᠢᠷᠡᠬᠦ ᠦᠶ᠎ᠡ ᠂ ᠶᠣᠨᠲᠣᠨ ᠯᠠᠮᠠ ᠪᠠᠰᠠ ᠭᠠᠳᠠᠨ᠎ᠠ ᠪᠠᠨ ᠭᠠᠷᠴᠤ ᠢᠷᠡᠭᠡᠳ ᠳᠠᠷᠮᠠᠵᠠᠪ ᠤ᠋ᠨ ᠬᠣᠶ᠋ᠢᠨ᠎ᠠ ᠠ᠋ᠴᠠ ᠬᠦᠢᠲᠡᠨ ᠢ᠋ᠶ᠋ᠡᠷ ᠢᠨᠢᠶᠡᠵᠦ ᠠᠪᠤᠭᠠᠳ ᠄ 《 ᠬᠠᠮᠤᠭ ᠠᠮᠢᠲᠠᠨ ᠵᠢᠷᠭᠤᠭᠠᠨ ᠵᠦᠢᠯ ᠦ᠋ᠨ ᠲᠥᠯᠥᠭᠡ ᠂ ᠣᠮ ᠮᠠ᠋ ᠨᠢ ᠪᠠᠳ ᠮᠠᠢ ᠬᠣᠩ 》 ᠭᠡᠵᠦ ᠳᠦᠳᠦᠨᠡᠵᠦ ᠪᠠᠶ᠋ᠢᠪᠠ ᠃ ᠦᠨᠡᠨ ᠳ᠋ᠡᠭᠡᠨ ᠬᠠᠮᠤᠭ ᠠᠮᠢᠲᠠᠨ ᠤ᠋ ᠲᠥᠯᠥᠭᠡ ᠪᠢᠰᠢ ᠂ ᠬᠠᠷᠢᠨ ᠬᠠᠮᠤᠭ ᠠᠮᠢᠲᠠᠨ ᠊ᠢ ᠪᠡᠶ᠎ᠡ ᠶ᠋ᠢᠨ ᠢ᠋ᠶ᠋ᠡᠨ ᠲᠥᠯᠥᠭᠡ ᠭᠡᠵᠦ ᠰᠦᠰᠦᠭᠯᠡᠵᠦ ᠪᠠᠶ᠋ᠢᠬ᠋᠎ᠠ ᠬᠡᠷᠡᠭ ᠰᠢᠦ ᠃
ᠳᠠᠷᠮᠠᠵᠠᠪ ᠤ᠋ᠨ ᠰᠢᠷᠬ᠎ᠠ ᠪᠠᠬᠠᠨ ᠵᠦᠭᠡᠷ ᠪᠣᠯᠤᠭᠠᠳ ᠳᠡᠮᠡᠢ ᠬᠡᠳᠦᠨ ᠡᠳᠦᠷ ᠪᠣᠯᠤᠭᠰᠠᠨ ᠦᠭᠡᠢ ᠲᠥᠷᠬᠥᠮ ᠳ᠋ᠡᠭᠡᠨ ᠰᠠᠭᠤᠭ᠎ᠠ ᠡᠬᠡᠨᠡᠷ ᠳᠡᠯᠭᠡᠷ ᠨᠢ ᠡᠪᠡᠳᠴᠢᠨ ᠲᠡᠢ ᠪᠣᠯᠪᠠ ᠭᠡᠵᠦ ᠴᠢᠮᠡᠭᠡ ᠢᠷᠡᠭᠦᠯᠪᠡ ᠃ ᠳᠠᠷᠮᠠᠵᠠᠪ ᠰᠣᠨᠣᠰᠤᠭᠠᠳ ᠶᠣᠨᠲᠣᠨ ᠯᠠᠮᠠ ᠠ᠋ᠴᠠ ᠄ 《 ᠡᠬᠡᠨᠡᠷ ᠦ᠋ᠨ ᠢ᠋ᠶ᠋ᠡᠨ ᠡᠪᠡᠳᠴᠢᠨ ᠊ᠢ ᠦᠵᠡᠭᠡᠳ ᠢᠷᠡᠶ᠎ᠡ 》 ᠭᠡᠵᠦ ᠴᠢᠯᠥᠭᠡ ᠭᠤᠶᠤᠭᠰᠠᠨ ᠳ᠋ᠤ᠌ ᠬᠠᠮᠢᠭ᠎ᠠ ᠠ᠋ᠴᠠ ᠨᠠᠷᠠ ᠭᠠᠷᠤᠭᠰᠠᠨ ᠊ᠢ ᠪᠤᠤ ᠮᠡᠳᠡ ᠂ ᠨᠢᠭᠡ ᠮᠠᠭᠤ ᠬᠠᠲᠠᠩᠭᠢᠷ ᠮᠣᠷᠢ ᠥᠭᠴᠦ ᠤᠨᠤᠭᠤᠯᠤᠭᠠᠳ ᠡᠳᠦᠷ ᠲᠡᠭᠡᠨ ᠪᠤᠴᠠᠵᠤ ᠢᠷ᠎ᠡ ᠭᠡᠵᠦ ᠶᠠᠪᠤᠭᠤᠯᠪᠠ ᠃ ᠳᠠᠷᠮᠠᠵᠠᠪ ᠤ᠋ᠨ ᠬᠠᠳᠠᠮ ᠨᠢ ᠶᠣᠨᠲᠣᠨ ᠯᠠᠮᠠ ᠶ᠋ᠢᠨ ᠬᠢ ᠡᠴᠡ ᠨᠡᠯᠢᠶᠡᠳ ᠬᠣᠯᠠ ᠪᠠᠶ᠋ᠢᠬᠤ ᠪᠥᠭᠡᠳ ᠮᠣᠷᠢ ᠨᠢ ᠴᠦ᠍ ᠮᠠᠭᠤ ᠪᠣᠯᠬᠣᠷ ᠳᠠᠷᠮᠠᠵᠠᠪ ᠡᠳᠦᠷ ᠲᠡᠭᠡᠨ ᠪᠤᠴᠠᠵᠤ ᠢᠷᠡᠵᠦ ᠳᠡᠢᠯᠦᠭᠰᠡᠨ ᠦᠭᠡᠢ ᠮᠠᠷᠭᠠᠲᠠ ᠥᠷᠯᠥᠭᠡ ᠨᠢ ᠰᠠᠶᠢ ᠬᠦᠷᠴᠦ ᠢᠷᠡᠵᠡᠢ ᠃ ᠶᠣᠨᠲᠣᠨ ᠯᠠᠮᠠ ᠦᠵᠡᠮᠡᠭᠴᠡ ᠄
《 ᠬᠦᠢ ! ᠳᠠᠷᠮᠠᠵᠠᠪ ᠠ᠋ ᠂ ᠠᠯᠢ ᠪᠠᠶᠠᠨ ᠤ᠋ ᠬᠣᠨᠢᠴᠢᠨ ᠨᠢ ᠴᠢᠮᠠᠲᠤ ᠠᠳᠠᠯᠢ ᠵᠣᠷᠢᠭ ᠢ᠋ᠶ᠋ᠠᠷ ᠢ᠋ᠶ᠋ᠠᠨ ᠶᠠᠪᠤᠵᠤ ᠪᠠᠶ᠋ᠢᠨ᠎ᠠ ᠪᠣᠢ ? ᠁ 》 ᠭᠡᠳ ᠪᠠᠰᠠ ᠨᠢᠭᠡ ᠵᠡᠷᠭᠡ ᠬᠠᠷᠢᠶᠠᠭᠠᠳ ᠂ ᠬᠣᠭᠣᠯᠠ ᠴᠠᠢ ᠴᠦ᠍ ᠥᠭᠭᠦᠭᠰᠡᠨ ᠦᠭᠡᠢ ᠪᠡᠷ ᠬᠡᠭᠡᠷ᠎ᠡ ᠶᠠᠪᠤᠭᠤᠯᠬᠤ ᠭᠡᠪᠡ ᠃ ᠪᠥᠭᠴᠢᠮᠡ ᠬᠠᠯᠠᠭᠤᠨ ᠵᠤᠨ ᠤ᠋ ᠡᠳᠦᠷ ᠬᠣᠭᠣᠯᠠ ᠴᠠᠢ ᠦᠭᠡᠢ ᠪᠡᠷ ᠶᠠᠭᠠᠬᠢᠵᠤ ᠲᠡᠰᠬᠦ ᠪᠣᠢ ? ᠢᠯᠠᠩᠭᠤᠶ᠎ᠠ ᠡᠳᠦᠷ ᠦ᠋ᠨ ᠴᠢᠨᠡᠭᠡ ᠪᠡᠷ ᠬᠥᠳᠡᠭᠡ ᠭᠠᠳᠠᠨ᠎ᠠ ᠶᠠᠪᠤᠬᠤ ᠬᠥᠮᠦᠨ ᠶᠠᠭᠠᠬᠢᠵᠤ ᠲᠡᠰᠬᠦ ᠪᠣᠢ ⁈ 《 ᠬᠠᠮᠤᠭ ᠠᠮᠢᠲᠠᠨ ᠵᠢᠷᠭᠤᠭᠠᠨ ᠵᠦᠢᠯ ᠦ᠋ᠨ ᠲᠥᠯᠥᠭᠡ ᠂ ᠣᠮ ᠮᠠ᠋ ᠨᠢ ᠪᠠᠳ ᠮᠠᠢ ᠬᠣᠩ 》 ᠭᠡᠵᠦ ᠵᠠᠯᠪᠠᠷᠢᠳᠠᠭ ᠶᠣᠨᠲᠣᠨ ᠯᠠᠮᠠ ᠶ᠋ᠢᠨ ᠰᠡᠳᠬᠢᠯ ᠨᠢ ᠡᠶ᠋ᠢᠮᠦ ᠬᠠᠷ᠎ᠠ ᠬᠣᠣᠷᠲᠠᠢ ᠰᠢᠦ ᠃ ᠶᠠᠳᠠᠭᠤ ᠠᠷᠠᠳ ᠊ᠢ ᠢᠩᠭᠢᠵᠦ ᠳᠠᠷᠤᠯᠠᠨ ᠮᠥᠯᠵᠢᠬᠦ ᠳ᠋ᠦ᠍ ᠳᠠᠷᠮᠠᠵᠠᠪ ᠲᠤᠩ ᠬᠣᠷᠣᠰᠪᠠ ᠃ ᠭᠡᠪᠡᠴᠦ ᠪᠡᠶ᠎ᠡ ᠪᠡᠨ ᠪᠠᠷᠢᠭᠠᠳ ᠄
《 ᠮᠠᠮᠠ ᠠ᠋ ! ᠦᠳᠡ ᠳ᠋ᠦ᠍ ᠪᠠᠰᠠ ᠪᠤᠴᠠᠵᠤ ᠢᠷᠡᠬᠦ ᠦᠭᠡᠢ ᠰᠢᠦ ᠂ ᠴᠠᠢ ᠪᠠᠨ ᠴᠦ᠍ ᠭᠡᠰᠡᠨ ᠪᠠᠭ᠎ᠠ ᠥᠭᠭᠦᠭᠡᠴᠢ ᠳᠡ 》 ᠭᠡᠵᠦ ᠭᠤᠶᠤᠭᠰᠠᠨ ᠳ᠋ᠤ᠌ ᠂ ᠶᠣᠨᠲᠣᠨ ᠯᠠᠮᠠ ᠥᠴᠦᠬᠡᠨ ᠴᠦ᠍ ᠬᠦᠭᠡᠷᠦᠬᠦᠢᠯᠡᠭᠰᠡᠨ ᠦᠭᠡᠢ ᠮᠥᠷᠲᠡᠭᠡᠨ ᠄
《 ᠶᠠᠭᠤᠨ ᠳ᠋ᠤ᠌ ᠬᠤᠷᠳᠤᠨ ᠶᠠᠪᠤᠬᠤ ᠦᠭᠡᠢ ᠶᠠᠷᠰᠢᠭᠯᠠᠭᠠᠳ ᠪᠠᠶ᠋ᠢᠨ᠎ᠠ ᠪᠣᠢ ? 》 ᠭᠡᠳ ᠂ ᠭᠠᠷ ᠳᠣᠣᠷ᠎ᠠ ᠪᠠᠶ᠋ᠢᠬᠰᠠᠨ ᠲᠠᠰᠢᠭᠤᠷ ᠢ᠋ᠶ᠋ᠠᠨ ᠠᠪᠤᠭᠠᠳ ᠄
《 ᠡᠨᠡ ᠮᠠᠭᠤ ᠠᠳᠤᠭᠤᠰᠤ ᠶ᠋ᠢ ᠲᠠᠰᠢᠭᠤᠷ ᠢ᠋ᠶ᠋ᠠᠷ ᠭᠦᠷᠢᠮᠳᠡᠵᠦ ᠨᠣᠮᠣᠬᠠᠷᠠᠭᠤᠯᠬᠤ ᠠ᠋ᠴᠠ ᠥᠭᠡᠷ᠎ᠡ ᠠᠷᠭ᠎ᠠ ᠦᠭᠡᠢ 》 ᠭᠡᠳ ᠲᠣᠯᠣᠭᠠᠢ ᠤᠷᠤᠭᠤ ᠨᠢ ᠨᠢᠭᠡ ᠪᠠᠭᠤᠯᠭᠠᠪᠠ ᠃ ᠲᠡᠶ᠋ᠢᠮᠦ ᠠ᠋ ᠂ ᠶᠣᠨᠲᠣᠨ ᠯᠠᠮᠠ ᠶ᠋ᠢᠨ ᠴᠢᠰᠤᠨ ᠦᠨᠦᠷ ᠬᠠᠩᠬᠤᠯᠤᠭᠰᠠᠨ ᠥᠨᠥᠬᠢ ᠲᠠᠰᠢᠭᠤᠷ ᠲᠤ᠌ ᠹᠧᠣᠳᠠᠯ ᠤ᠋ᠨ ᠶᠣᠰᠣ ᠰᠤᠷᠲᠠᠬᠤᠨ ᠂ ᠹᠧᠣᠳᠠᠯ ᠤ᠋ᠨ ᠭᠦᠷᠢᠮ ᠨᠣᠮ ᠰᠢᠩᠭᠡᠵᠦ ᠪᠠᠶ᠋ᠢᠨ᠎ᠠ ᠃ ᠶᠣᠰᠣᠲᠠᠢ ᠶᠠᠳᠠᠭᠤ ᠵᠦᠳᠡᠭᠦᠦ ᠠᠷᠠᠳ ᠊ᠢ 《 ᠭᠦᠷᠢᠮᠳᠡᠵᠦ 》 ᠪᠠᠶ᠋ᠢᠭᠠᠳ ᠳᠠᠷᠤᠯᠠᠵᠤ ᠮᠥᠯᠵᠢᠬᠦ ᠶ᠋ᠢᠨ ᠪᠠᠭᠠᠵᠢ ᠶᠤᠮ ᠃ ᠬᠠᠷ᠎ᠠ ᠲᠠᠰᠢᠭᠤᠷ ᠪᠠᠭᠤᠮᠠᠭᠴᠠ ᠶᠠᠭ ᠰᠠᠢᠬᠠᠨ ᠳᠠᠷᠮᠠᠵᠠᠪ ᠤ᠋ᠨ ᠬᠠᠭᠤᠴᠢᠨ ᠰᠢᠷᠬᠠᠨ ᠳᠡᠭᠡᠷ᠎ᠡ ᠲᠤᠰᠤᠭᠰᠠᠨ ᠲᠤᠯᠠ ᠳᠣᠣᠷ᠎ᠠ ᠨᠢ ᠴᠢᠰᠤ ᠳᠠᠭᠠᠭᠠᠪᠤᠷᠢᠯᠠᠵᠤ ᠭᠣᠭᠣᠵᠢᠯᠠ ᠃ ᠶᠠᠮᠠᠷ ᠠᠷᠭ᠎ᠠ ᠪᠠᠶ᠋ᠢᠬᠤ ᠪᠣᠢ ᠂ ᠳᠠᠷᠮᠠᠵᠠᠪ ᠴᠣᠬᠢᠭᠳᠠᠵᠤ ᠭᠠᠷᠤᠭᠠᠳ ᠂ ᠥᠯᠥᠨ ᠢ᠋ᠶ᠋ᠡᠷ ᠬᠣᠨᠢ ᠬᠠᠷᠠᠭᠤᠯᠵᠤ ᠶᠠᠪᠤᠯ᠎ᠠ ᠃ ᠥᠯᠥᠰᠬᠦ ᠳ᠋ᠡᠭᠡᠨ ᠬᠡᠭᠡᠷ᠎ᠡ ᠶ᠋ᠢᠨ ᠭᠣᠭᠣᠳ ᠮᠠᠩᠭᠢᠷ ᠊ᠢ ᠢᠳᠡᠵᠦ ᠂ ᠤᠮᠳᠠᠭᠠᠰᠬᠤ ᠳ᠋ᠠᠭᠠᠨ ᠭᠣᠣᠯ ᠤ᠋ᠨ ᠤᠰᠤ ᠶ᠋ᠢ ᠤᠤᠭᠤᠨ᠎ᠠ ᠃
ᠶᠣᠨᠲᠣᠨ ᠯᠠᠮᠠ ᠶ᠋ᠢᠨ ᠲᠡᠷᠡ ᠲᠠᠰᠢᠭᠤᠷ ᠲᠤ᠌ ᠳᠠᠷᠮᠠᠵᠠᠪ ᠳᠠᠷᠠᠭ᠎ᠠ ᠨᠢ ᠪᠠᠰᠠ ᠣᠯᠠᠨ ᠤᠳᠠᠭ᠎ᠠ ᠭᠤᠶᠠᠳᠠᠭᠳᠠᠵᠠᠢ ᠃ ᠨᠢᠭᠡ ᠤᠳᠠᠭ᠎ᠠ ᠰᠢᠨ᠎ᠡ ᠰᠦᠮ᠎ᠡ ᠶ᠋ᠢᠨ ᠯᠠᠮᠠ ᠯᠤᠪᠰᠠᠩ ᠤ᠋ᠨ ᠬᠣᠨᠢᠴᠢᠨ ᠲᠠᠢ ᠪᠠᠷᠢᠯᠳᠤᠵᠤ ᠪᠠᠶ᠋ᠢᠲᠠᠯ᠎ᠠ ᠶᠣᠨᠲᠣᠨ ᠯᠠᠮᠠ ᠣᠯᠵᠤ ᠦᠵᠡᠭᠡᠳ ᠄ 《 ᠪᠠᠷᠢᠯᠳᠤᠭᠠᠳ ᠬᠣᠨᠢ ᠶ᠋ᠢ ᠬᠡᠪᠲᠡᠭᠦᠯᠪᠡ 》 ᠭᠡᠵᠦ ᠭᠤᠶᠠᠳᠠᠪᠠ ᠃ ᠳᠠᠷᠠᠭ᠎ᠠ ᠨᠢ ᠄ 《 ᠬᠣᠨᠢ ᠶ᠋ᠢ ᠬᠡᠲᠦᠷᠬᠡᠢ ᠣᠷᠣᠢ ᠣᠷᠣᠭᠤᠯᠵᠤ ᠪᠠᠶ᠋ᠢᠨ᠎ᠠ ᠂ ᠲᠥᠯ ᠲᠠᠯᠪᠢᠵᠤ ᠵᠠᠪᠳᠤᠬᠤ ᠦᠭᠡᠢ ᠪᠣᠯᠤᠯ᠎ᠠ ᠁ 》 ᠭᠡᠵᠦ ᠭᠤᠶᠠᠳᠠᠪᠠ ᠃ ᠪᠠᠰᠠ ᠨᠢᠭᠡ ᠤᠳᠠᠭ᠎ᠠ ᠄ 《 ᠬᠣᠨᠢ ᠶ᠋ᠢ ᠬᠡᠲᠦᠷᠬᠡᠢ ᠡᠷᠲᠡ ᠣᠷᠣᠭᠤᠯᠵᠤ ᠪᠠᠶ᠋ᠢᠨ᠎ᠠ ! ᠴᠠᠳᠬᠠᠬᠤ ᠦᠭᠡᠢ ᠪᠠᠶ᠋ᠢᠨ᠎ᠠ 》 ᠭᠡᠵᠦ ᠭᠤᠶᠠᠳᠠᠪᠠ ᠃ ᠨᠡᠩ ᠬᠣᠷᠣᠰᠤᠯᠲᠠᠢ ᠨᠢ ᠲᠡᠮᠡᠭᠡ ᠵᠣᠭᠳᠣᠷᠯᠠᠭᠰᠠᠨ ᠲᠡᠷᠡ ᠤᠳᠠᠭ᠎ᠠ ᠶᠤᠮ ᠃ ᠬᠠᠪᠤᠷ ᠤ᠋ᠨ ᠰᠡᠭᠦᠯ ᠦ᠋ᠨ ᠨᠢᠭᠡᠨ ᠡᠳᠦᠷ ᠳᠠᠷᠮᠠᠵᠠᠪ ᠢ᠋ᠶ᠋ᠠᠷ ᠶᠣᠨᠲᠣᠨ ᠯᠠᠮᠠ ᠂ ᠲᠡᠮᠡᠭᠡ ᠪᠡᠨ ᠵᠣᠭᠳᠣᠷᠯᠠᠭᠤᠯᠪᠠ ᠃ ᠲᠡᠮᠡᠭᠡᠨ ᠰᠦᠷᠦᠭ ᠲᠤᠨᠢ ᠨᠢᠭᠡ ᠲᠤᠶ᠋ᠢᠯ ᠤ᠋ᠨ ᠲᠣᠭᠰᠢᠨ ᠬᠠᠷ᠎ᠠ ᠪᠤᠤᠷ᠎ᠠ ᠪᠠᠶ᠋ᠢᠵᠠᠢ ᠃ ᠳᠠᠷᠮᠠᠵᠠᠪ ᠊ᠢ ᠣᠴᠢᠬᠤ ᠳ᠋ᠤ᠌ ᠴᠢᠷᠠᠢ ᠥᠭᠡᠳᠡ ᠨᠢ ᠰᠡᠪᠡᠰᠦ ᠪᠡᠨ ᠦᠯᠢᠶᠡᠭᠡᠳ ᠣᠶ᠋ᠢᠷᠠᠲᠤᠭᠤᠯᠬᠤ ᠦᠭᠡᠢ ᠃ ᠳᠠᠷᠮᠠᠵᠠᠪ ᠠᠭᠤᠷᠯᠠᠬᠤ ᠳ᠋ᠠᠭᠠᠨ ᠲᠣᠯᠣᠭᠠᠢ ᠶ᠋ᠢ ᠨᠢ ᠨᠢᠳᠤᠷᠭᠠᠳᠠᠭᠠᠳ ᠠᠪᠴᠠᠢ ᠃ ᠲᠡᠮᠡᠭᠡᠨ ᠬᠠᠰᠢᠶᠠᠨ ᠤ᠋ ᠡᠭᠦᠳᠡᠨ ᠳ᠋ᠦ᠍ ᠵᠣᠭᠰᠣᠭᠠᠳ ᠮᠠᠨᠢ ᠲᠣᠭᠠᠯᠠᠵᠤ ᠪᠠᠶ᠋ᠢᠬᠰᠠᠨ ᠶᠣᠨᠲᠣᠨ ᠯᠠᠮᠠ ᠣᠯᠵᠤ ᠦᠵᠡᠮᠡᠭᠴᠡ ᠲᠠᠰᠢᠭᠤᠷ ᠢ᠋ᠶ᠋ᠠᠨ ᠪᠠᠷᠢᠵᠤ ᠢᠷᠡᠭᠡᠳ ᠄ 《 ᠲᠡᠮᠡᠭᠡ ᠶ᠋ᠢ ᠴᠢ ᠶᠠᠭᠤ ᠭᠡᠵᠦ ᠵᠠᠨᠴᠢᠵᠤ ᠪᠠᠶ᠋ᠢᠬᠤ ᠪᠣᠢ ? ᠮᠢᠨᠦ ᠲᠡᠮᠡᠭᠡ ᠦᠨᠡᠲᠡᠢ ᠤᠤ ? ᠴᠢ ᠦᠨᠡᠲᠡᠢ ᠤᠤ ? 》 ᠭᠡᠳ ᠪᠠᠰᠠ ᠤᠯᠠᠶ᠋ᠢᠵᠤ ᠨᠡᠯᠦᠶ᠋ᠢᠲᠡᠯᠡ ᠭᠤᠶᠠᠳᠠᠪᠠ ᠃ ᠡᠨᠡ ᠤᠳᠠᠭ᠎ᠠ ᠳᠠᠷᠮᠠᠵᠠᠪ ᠲᠤᠩ ᠶᠡᠬᠡ ᠠᠭᠤᠷᠯᠠᠵᠠᠢ ᠃ ᠪᠣᠷᠣ ᠤᠯᠠᠭᠠᠨ ᠴᠢᠷᠠᠢ ᠨᠢ ᠬᠦᠷᠡᠩ ᠤᠯᠠᠭᠠᠨ ᠪᠣᠯᠵᠤ ᠂ ᠰᠢᠭᠤᠳ ᠲᠠᠰᠢᠭᠤᠷ ᠊ᠢ ᠨᠢ ᠪᠤᠯᠢᠶᠠᠵᠤ ᠠᠪᠤᠭᠠᠳ ᠄ 《 ᠤᠳᠠᠭ᠎ᠠ ᠪᠦᠷᠢ ᠴᠣᠬᠢᠵᠤ ᠳᠠᠷᠤᠯᠠᠭᠠᠳ ᠪᠠᠶ᠋ᠢᠬᠤ ᠴᠢᠨᠢ ᠶᠠᠭᠤ ᠪᠣᠢ ? 》 ᠭᠡᠪᠡ ᠃ ᠶᠣᠨᠲᠣᠨ ᠯᠠᠮᠠ ᠬᠦᠢᠲᠡᠨ ᠢ᠋ᠶ᠋ᠡᠷ ᠢᠨᠢᠶᠡᠵᠦ ᠂ ᠡᠷᠲᠡᠭᠡᠷ ᠬᠠᠮᠠᠷ ᠢ᠋ᠶ᠋ᠠᠨ ᠰᠢᠦ ᠰᠢᠦ ᠲᠠᠲᠠᠭᠰᠠᠭᠠᠷ ᠄ 《 ᠲᠠᠨ ᠤ᠋ ᠮᠡᠲᠦ ᠶ᠋ᠢᠨ ᠠᠳᠤᠭᠤᠰᠤ ᠨᠤᠭᠤᠳ ᠊ᠢ ᠡᠨᠡ ᠲᠠᠰᠢᠭᠤᠷ ᠢ᠋ᠶ᠋ᠠᠷ ᠨᠣᠮᠣᠬᠠᠳᠬᠠᠬᠤ ᠦᠭᠡᠢ ᠪᠣᠯᠤᠨ᠎ᠠ ᠤᠤ ! 》 ᠭᠡᠵᠦ ᠰᠢᠲᠦ ᠵᠠᠭᠤᠨ ᠬᠡᠯᠡᠪᠡ ᠃ ᠶᠣᠨᠲᠣᠨ ᠯᠠᠮᠠ ᠦᠨᠡᠨ ᠢ᠋ᠶ᠋ᠡᠨ ᠬᠡᠯᠡᠵᠡᠢ ᠃ ᠬᠠᠭᠤᠴᠢᠨ ᠨᠡᠶ᠋ᠢᠭᠡᠮ ᠳ᠋ᠦ᠍ ᠪᠠᠶᠠᠳ ᠨᠣᠶᠠᠳ ᠂ ᠯᠠᠮᠠ ᠬᠤᠪᠢᠯᠭᠠᠳ ᠤ᠋ᠨ ᠠᠯᠢ ᠨᠢ ᠴᠦ᠍ ᠭᠡᠰᠡᠨ ᠦᠭᠡᠶ᠋ᠢᠭᠦᠦ ᠶᠠᠳᠠᠭᠤ ᠠᠷᠠᠳ ᠊ᠢ ᠬᠣᠪᠢᠨ ᠤ᠋ ᠪᠠᠨ ᠡᠳ᠋ ᠬᠥᠷᠥᠩᠭᠡ ᠂ ᠮᠠᠯ ᠠᠳᠤᠭᠤᠰᠤ ᠪᠠᠨ ᠪᠣᠯᠭᠠᠵᠤ ᠦᠵᠡᠳᠡᠭ ᠪᠥᠭᠡᠳ ᠲᠡᠳᠡ ᠲᠠᠰᠢᠭᠤᠷ ᠢ᠋ᠶ᠋ᠠᠷ ᠴᠢᠨᠠᠭᠰᠢᠯᠠᠪᠠᠯ ᠫᠤᠤ ᠵᠡᠪᠰᠡᠭ ᠢ᠋ᠶ᠋ᠡᠷ ᠰᠦᠷᠳᠡᠭᠦᠯᠵᠦ ᠪᠠᠶ᠋ᠢᠭᠠᠳ ᠳᠠᠷᠤᠯᠠᠵᠤ ᠪᠠᠶ᠋ᠢᠬᠰᠠᠨ ᠪᠠᠶ᠋ᠢᠵᠠᠢ ᠃ ᠬᠠᠭᠤᠴᠢᠨ ᠨᠡᠶ᠋ᠢᠭᠡᠮ ᠪᠣᠯ ᠡᠶ᠋ᠢᠮᠦ ᠬᠠᠷᠠᠩᠭᠤᠢ ᠰᠢᠦ ᠂ ᠳᠠᠷᠤᠯᠠᠭᠴᠢ ᠠᠩᠭᠢ ᠪᠣᠯ ᠡᠶ᠋ᠢᠮᠦ ᠬᠠᠷᠭᠢᠰ ᠰᠢᠦ ᠃
ᠦᠰᠦᠭ ᠠᠮᠢᠯᠠᠭᠤᠯᠤᠭᠴᠢ ᠄ ᠪᠠᠶᠠᠨᠰᠡᠷᠡᠩ
