ᠲᠣᠬᠤᠨᠲᠡᠮᠦᠷ ᠤᠬᠠᠭᠠᠨᠲᠤ ᠬᠠᠭᠠᠨ (12) - ᠬᠦᠴᠢᠬᠡᠨ Тохонтөмөр ухаант хаан(12) - Хүчхэн ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠬᠤᠨᠲᠡᠮᠦᠷ ᠤᠬᠠᠭᠠᠨᠲᠤ ᠬᠠᠭᠠᠨ (12) - ᠬᠦᠴᠢᠬᠡᠨ Тохонтөмөр ухаант хаан(12) - Хүчхэн

ᠲᠣᠬᠤᠨᠲᠡᠮᠦᠷ ᠤᠬᠠᠭᠠᠨᠲᠤ ᠬᠠᠭᠠᠨ (12) - ᠬᠦᠴᠢᠬᠡᠨ Тохонтөмөр ухаант хаан(12) - Хүчхэн

ᠠᠩᠭᠢᠯᠠᠯ:ᠲᠡᠦᠬᠡ ᠰᠣᠶᠣᠯ
2023-04-12

254

ᠳᠣᠬᠣᠨᠲᠡᠮᠦᠷ ᠤᠬᠠᠭᠠᠨᠲᠤ ᠬᠠᠭᠠᠨ – 12


                      ᠠᠷᠪᠠᠨ ᠬᠣᠶᠠᠳᠤᠭᠠᠷ ᠪᠦᠯᠦᠭ   
          ᠪᠤᠰᠠᠬᠢ ᠲᠦᠰᠢᠮᠡᠳ ᠳᠣᠣᠭᠤᠷ ᠰᠦᠯᠪᠡᠭᠡᠯᠡᠵᠦ ᠬᠣᠩ ᠲᠠᠶ᠋ᠢᠽᠢ ᠶ᠋ᠢ ᠮᠠᠭᠤ ᠪᠠᠷ ᠤᠳᠤᠷᠢᠳᠪᠠᠢ  
          ᠪᠤᠯᠤᠲᠡᠮᠤᠷ ᠵᠠᠩᠵᠤᠨ ᠴᠡᠷᠢᠭ ᠢ᠋ᠶ᠋ᠡᠷ ᠢᠳᠬᠠᠵᠤ ᠬᠠᠭᠠᠨ ᠊ᠢ ᠨᠤᠶ᠋ᠢᠷ ᠠ᠋ᠴᠠ  ᠰᠡᠷᠡᠭᠦᠯᠪᠡᠢ    

    ᠲᠡᠨᠳᠡᠴᠡ ᠬᠣᠩ ᠲᠠᠶ᠋ᠢᠽᠢ ᠠᠶᠤᠰᠢᠷᠢᠲᠠᠷᠠ ᠡᠬᠡ ᠬᠠᠲᠤᠨ ᠥᠯᠵᠡᠢ ᠬᠤᠲᠤᠭ ᠠ᠋ᠴᠠ ᠰᠠᠯᠵᠤ ᠭᠠᠷᠤᠭᠠᠳ ᠪᠠᠷᠠᠭᠤᠨ ᠭᠠᠷᠤᠨ ᠴᠢᠩᠰᠠᠩ ᠴᠦᠰᠬᠢ ᠶ᠋ᠢ ᠡᠷᠢᠵᠦ ᠣᠴᠢᠭᠠᠳ ᠯᠣᠲᠢ ᠱᠠᠭ ᠂ ᠲᠡᠭᠦᠨ ᠢ᠋ ᠬᠠᠭᠠᠨ ᠳ᠋ᠤᠷ ᠢᠯᠡᠴᠢᠯᠡᠨ ᠵᠠᠭᠠᠯᠳᠤᠭᠰᠠᠨ ᠬᠡᠷᠡᠭ ᠢ᠋ ᠡᠬᠢᠨ ᠡᠴᠡ ᠳᠠᠭᠤᠰᠲᠠᠯ᠎ᠠ ᠬᠡᠯᠡᠵᠦ  ᠥᠭ᠌ᠭᠦᠭᠡᠳ  ᠡᠬᠡ ᠬᠠᠲᠤᠨ ᠥᠯᠵᠡᠢ ᠬᠤᠲᠤᠭ ᠤ᠋ᠨ ᠰᠠᠨᠠᠭ᠎ᠠ ᠵᠣᠪᠠᠵᠤ ᠰᠡᠳᠬᠢᠯ ᠠᠮᠤᠷ ᠦᠭᠡᠢ ᠪᠠᠶ᠋ᠢᠬ᠋᠎ᠠ ᠶ᠋ᠢ  ᠥᠭᠦᠯᠡᠭᠰᠡᠨ᠎ᠡ ᠂  ᠴᠦᠰᠬᠢ  ᠴᠢᠩᠰᠠᠩ ᠥᠴᠢᠷᠦᠨ ᠄ 《 ᠬᠠᠭᠠᠨ ᠢ᠋ᠶ᠋ᠠᠷ ᠬᠣᠩ ᠲᠠᠶ᠋ᠢᠽᠢ ᠶ᠋ᠢ ᠵᠦᠩᠱᠦᠯᠢᠩ ᠦ᠋ᠨ ᠲᠤᠰᠢᠶᠠᠯ ᠳ᠋ᠤ᠌ ᠲᠣᠮᠢᠯᠠᠭᠰᠠᠨ ᠪᠢᠰᠢᠦ? ᠲᠠ ᠶᠠᠭᠤᠨ ᠳ᠋ᠤ᠌ ᠬᠠᠭᠠᠨ ᠤ᠋ ᠨᠡᠷ᠎ᠡ ᠪᠡᠷ ᠵᠠᠷᠯᠢᠭ ᠪᠠᠭᠤᠯᠭᠠᠵᠤ ᠯᠣᠲᠢ ᠱᠠᠭ ᠨᠠᠷ ᠤ᠋ᠨ ᠲᠤᠰᠢᠶᠠᠯ ᠢ᠋ ᠬᠠᠰᠤᠵᠤ ᠴᠠᠭᠠᠵᠠ ᠪᠠᠷ ᠦᠯᠦ ᠭᠡᠰᠬᠡᠮᠦᠢ? 》 ᠬᠡᠮᠡᠪᠡ ᠃ 
      ᠠᠶᠤᠰᠢᠷᠢᠲᠠᠷᠠ ᠂ ᠴᠦᠰᠬᠢ ᠶ᠋ᠢᠨ ᠬᠡᠯᠡᠭᠰᠡᠨ ᠦᠭᠡ ᠶ᠋ᠢ ᠰᠣᠨᠣᠰᠤᠭᠠᠳ ᠰᠡᠳᠬᠢᠯ ᠰᠠᠨᠠᠭ᠎ᠠ ᠭᠡᠨᠡᠳᠲᠡ ᠰᠠᠷᠠᠭᠤᠯᠵᠢᠭᠠᠳ ᠄ 《 ᠲᠡᠶ᠋ᠢᠮᠦ ᠪᠠᠶ᠋ᠢᠯᠭᠦᠢ ᠲᠠ ᠃ ᠡᠴᠢᠭᠡ ᠬᠠᠭᠠᠨ ᠤ᠋ ᠰᠣᠶᠣᠷᠬᠠᠭᠰᠠᠨ ᠡᠷᠬᠡ ᠲᠤᠰᠢᠶᠠᠯ ᠢ᠋ ᠶᠠᠭᠤᠨ ᠳ᠋ᠤ᠌ ᠦᠯᠦ ᠬᠡᠷᠡᠭᠯᠡᠮᠦᠢ? 》 ᠬᠡᠮᠡᠭᠡᠳ ᠲᠡᠷᠡ ᠳᠠᠷᠤᠢ ᠲᠥᠪ ᠪᠢᠴᠢᠭ ᠦ᠋ᠨ ᠮᠣᠵᠢ ᠶ᠋ᠢᠨ ᠬᠠᠭᠠᠨ ᠤ᠋ ᠵᠣᠣ ᠵᠠᠷᠯᠢᠭ ᠢ᠋ ᠲᠤᠭᠤᠷᠪᠢᠨ ᠪᠢᠴᠢᠬᠦ ᠴᠧᠩ ᡁᠢ ᠲᠦᠰᠢᠮᠡᠯ ᠢ᠋ ᠳᠠᠭᠤᠳᠠᠨ ᠢᠷᠡᠭᠦᠯᠵᠦ ᠢᠦᠢᠱ᠌ᠢ ᠲᠡᠢ ᠶᠠᠮᠤᠨ ᠢ᠋ ᠪᠢᠲᠡᠭᠦᠮᠵᠢᠯᠡᠨ ᠯᠣᠳᠢ ᠱᠠᠭ ᠨᠠᠷ ᠢ᠋ ᠪᠠᠷᠢᠪᠴᠢᠯᠠᠨ ᠶᠠᠯᠠᠯᠠᠬᠤ ᠬᠠᠭᠠᠨ ᠤ᠋ ᠵᠠᠷᠯᠢᠭ ᠢ᠋ ᠵᠣᠬᠢᠶᠠᠯᠭᠠᠪᠠ ᠃ 
        ᠵᠠᠯᠭᠠᠭᠠᠳ ᠠᠶᠤᠰᠢᠷᠢᠳᠠᠷᠠ ᠪᠠᠰᠠ ᠬᠠᠭᠠᠨ ᠤ᠋ ᠵᠠᠷᠯᠢᠭ   ᠭᠡᠮᠡᠨ  ᠴᠦᠰᠬᠢ   ᠪᠣᠯᠤᠨ ᠫᠢᠶᠣᠣ ᠪᠤᠬ᠎ᠠ ᠶ᠋ᠢ ᠢᠯᠡᠴᠢᠯᠡᠨ ᠵᠠᠭᠠᠯᠳᠤᠭᠰᠠᠨ ᠪᠠᠢᠴᠠᠭᠠᠨ ᠦᠵᠡᠭᠴᠢ ᠲᠦᠰᠢᠮᠡᠯ ᠦ᠋ᠳ ᠦ᠋ᠨ ᠵᠡᠷᠭᠡ ᠲᠤᠰᠢᠶᠠᠯ ᠢ᠋ ᠬᠠᠰᠤᠵᠤ ᠭᠠᠳᠠᠨ᠎ᠠ ᠭᠠᠵᠠᠷ ᠴᠦᠯᠡᠵᠦ ᠶᠠᠪᠤᠭᠤᠯᠪᠠ ᠃ ᠯᠣᠳᠢ ᠱᠠᠭ ᠪᠣᠯ ᠬᠠᠭᠠᠨ ᠤ᠋ ᠨᠠᠭᠠᠴᠤ ᠲᠤᠯᠠ ᠲᠡᠳᠦᠢ ᠬᠦᠨᠳᠦ ᠪᠡᠷ ᠰᠢᠢᠳᠬᠡᠭᠰᠡᠨ ᠦᠭᠡᠢ ᠵᠥᠪᠬᠡᠨ ᠢᠦᠢᠱ᠌ᠢ  ᠳ᠋ᠠᠢᠹᠦ᠋ ᠲᠦᠰᠢᠮᠡᠯ ᠢ᠋ ᠪᠠᠢᠯᠭᠠᠵᠤ ᠳ᠋ᠦᠩᠱᠸᠩ ( ᠣᠳᠣ ᠶ᠋ᠢᠨ ᠥᠪᠥᠷ ᠮᠣᠩᠭᠣᠯ ᠤ᠋ᠨ ᠬᠥᠬᠡᠬᠣᠲᠠ ᠶ᠋ᠢᠨ ᠲᠣᠭᠲᠠᠬᠤ ᠰᠢᠶᠠᠨ > ᠳ᠋ᠤ᠌ ᠰᠢᠯᠵᠢᠭᠦᠯᠦᠨ ᠰᠠᠭᠤᠯᠭᠠᠪᠠ ᠃ 
       ᠠᠶᠤᠰᠢᠷᠢᠳᠠᠷᠠ ᠬᠠᠭᠠᠨ ᠤ᠋ ᠨᠡᠷ᠎ᠡ ᠶ᠋ᠢ ᠵᠢᠭᠠᠵᠤ ᠵᠠᠷᠯᠢᠭ ᠪᠠᠭᠤᠯᠭᠠᠵᠤ ᠯᠣᠳᠢ ᠱᠠᠭ ᠨᠠᠷ ᠤ᠋ᠨ ᠵᠡᠷᠭᠡ ᠲᠤᠰᠢᠶᠠᠯ ᠢ᠋ ᠬᠠᠰᠤᠭᠰᠠᠨ ᠶᠠᠪᠤᠳᠠᠯ   ᠨᠢ  ᠴᠦᠰᠬᠢ ᠪᠣᠯᠤᠨ ᠫᠢᠶᠣᠣ ᠪᠤᠬ᠎ᠠ ᠶ᠋ᠢᠨ ᠣᠮᠣᠭ ᠰᠦᠷ ᠢ᠋ ᠨᠡᠩ ᠨᠡᠮᠡᠭᠳᠡᠭᠦᠯᠪᠡ ᠃ ᠲᠡᠳᠡ ᠴᠢᠨᠠᠭᠰᠢᠳᠠ ᠵᠢᠰᠤᠷᠳᠠᠨ ᠬᠤᠤᠪᠢᠯᠳᠤᠵᠤ ᠬᠠᠭᠠᠨ ᠣᠷᠳᠣᠨ ᠤ᠋ ᠳᠣᠲᠣᠷᠠᠬᠢ ᠡᠰᠡᠷᠭᠦᠴᠡᠭᠴᠢ ᠡᠲᠡᠭᠡᠳ ᠢ᠋ᠶ᠋ᠡᠨ ᠴᠡᠪᠡᠷᠯᠡᠵᠦ ᠡᠬᠢᠯᠡᠪᠡ ᠃ 
       ᠫᠢᠶᠣᠣ ᠪᠤᠬ᠎ᠠ ᠥᠭᠦᠯᠡᠷᠦᠨ ᠄ 《 ᠬᠠᠭᠠᠨ ᠣᠷᠳᠣᠨ ᠤ᠋ ᠳᠣᠲᠣᠷᠠᠬᠢ ᠠᠷᠪᠠᠨ ᠨᠠᠢ᠍ᠮᠠᠨ ᠶᠡᠬᠡ ᠰᠠᠢᠳ ᠴᠥᠮ ᠰᠤᠷᠪᠤᠯᠵᠢᠲᠤ ᠤᠭᠰᠠᠭᠠᠨ ᠤ᠋ ᠬᠣᠢᠴᠢᠰ ᠪᠣᠯᠤᠮᠤᠢ ᠃ ᠲᠡᠳᠡ ᠪᠦᠷ ᠬᠠᠭᠠᠨ ᠤ᠋ ᠢᠲᠡᠭᠡᠯ ᠢ᠋ ᠣᠯᠵᠤ ᠪᠣᠳᠠᠲᠤ ᠡᠷᠬᠡ ᠶ᠋ᠢ ᠠᠳᠬᠤᠵᠤ ᠪᠣᠢ ᠃ ᠬᠡᠷᠪᠡ ᠪᠢᠳᠡᠨ ᠦ᠌ ᠡᠳᠦᠯᠪᠦᠷᠢ ᠶ᠋ᠢ ᠮᠡᠳᠡᠭᠡᠳ ᠬᠠᠭᠠᠨ ᠳ᠋ᠤᠷ ᠠᠢᠯᠠᠳᠬᠠᠪᠠᠰᠤ ᠮᠠᠰᠢ ᠠᠶᠤᠯᠲᠠᠢ ᠪᠣᠯᠤᠮᠤᠢ 》 ᠬᠡᠮᠡᠪᠡ ᠃ 
      ᠴᠦᠰᠬᠢ ᠥᠭᠦᠯᠡᠷᠦᠨ ᠄ 《 ᠡᠳᠡᠭᠡᠷ ᠬᠥᠮᠦᠰ ᠪᠦᠷ ᠯᠣᠳᠢ ᠱᠠᠭ ᠤ᠋ᠨ ᠬᠠᠮᠰᠠᠭᠠᠲᠠᠨ ᠪᠤᠶᠤ ᠃ ᠡᠳᠦᠭᠡ ᠯᠣᠳᠢ ᠱᠠᠭ ᠪᠣᠯᠤᠲᠡᠮᠦᠷ ᠦ᠋ᠨ ᠴᠡᠷᠢᠭ ᠦ᠋ᠨ ᠬᠦᠷᠢᠶᠡᠨ ᠳ᠋ᠦ᠍ ᠪᠡᠶ᠎ᠡ ᠳᠠᠯᠳᠠᠯᠠᠵᠤ ᠪᠣᠢ ᠃ ᠲᠡᠷᠡ ᠴᠡᠷᠢᠭ ᠢ᠋ᠶ᠋ᠡᠷ ᠳᠠᠷᠤᠵᠤ ᠢᠷᠡᠭᠡᠳ ᠳᠠᠢᠳᠤ ᠬᠣᠲᠠ ᠶ᠋ᠢ ᠰᠢᠬᠠᠮᠳᠠᠭᠤᠯᠬᠤ ᠮᠠᠭᠠᠳ ᠃ ᠲᠡᠷᠡ ᠦᠶ᠎ᠡ ᠳ᠋ᠦ᠍ ᠯᠣᠳᠢ ᠱᠠᠭ ᠤ᠋ᠨ ᠬᠠᠮᠰᠠᠭᠠᠲᠠᠨ ᠪᠣᠰᠴᠤ ᠢᠷᠡᠭᠡᠳ ᠳᠣᠲᠣᠷ᠎ᠠ ᠭᠠᠳᠠᠨ᠎ᠠ᠎ᠠᠴᠠ ᠬᠠᠪᠴᠢᠨ ᠴᠣᠬᠢᠪᠠᠰᠤ ᠂ ᠪᠢᠳᠡᠨ ᠳ᠋ᠦ᠍ ᠲᠤᠢᠯ ᠤ᠋ᠨ ᠠᠶᠤᠯᠲᠠᠢ ᠪᠣᠯᠠᠢ 》 ᠬᠡᠮᠡᠭᠡᠳ ᠴᠢᠩᠰᠠᠩ ᠤ᠋ᠨ ᠡᠷᠬᠡ ᠲᠤᠰᠢᠶᠠᠯ ᠢ᠋ᠶ᠋ᠠᠨ ᠠᠰᠢᠭᠯᠠᠨ ᠲᠡᠳᠡᠭᠡᠷ ᠠᠷᠪᠠᠨ ᠨᠠᠢ᠍ᠮᠠᠨ ᠶᠡᠬᠡ ᠰᠠᠢᠳ ᠢ᠋ ᠪᠠᠷᠢᠪᠴᠢᠯᠠᠵᠤ ᠬᠦᠨᠳᠦ ᠡᠷᠡᠭᠦᠦ ᠲᠤᠯᠭᠠᠨ ᠬᠣᠩ ᠲᠠᠢᠽᠢ ᠶ᠋ᠢ ᠬᠣᠣᠷᠯᠠᠬᠤ ᠪᠠᠷ ᠬᠤᠤᠪᠢᠯᠳᠤᠭᠰᠠᠨ ᠶᠠᠯ᠎ᠠ ᠪᠠᠷ ᠭᠢᠨᠳᠠᠨ ᠳ᠋ᠤ᠌ ᠬᠣᠷᠢᠪᠠ ᠃ 
        ᠲᠣᠬᠤᠨᠲᠡᠮᠦᠷ ᠬᠠᠭᠠᠨ ᠠᠩᠬ᠎ᠠ ᠡᠬᠢᠯᠡᠭᠡᠳ ᠲᠡᠭᠦᠨ ᠢ᠋ ᠰᠠᠭᠤᠷᠢᠨ ᠢ᠋ᠶ᠋ᠠᠨ ᠨᠠᠢᠷ ᠲᠠᠯᠪᠢᠭᠤᠯᠬᠤ ᠪᠠᠷ ᠣᠷᠣᠯᠳᠣᠭᠰᠠᠨ ᠴᠢ‍ ᠣᠪᠣᠭᠲᠤ ᠬᠤᠸᠠᠩᠬᠡᠦ ᠶ᠋ᠢᠨ ᠡᠳᠦᠯᠪᠦᠷᠢ ᠶ᠋ᠢ ᠲᠡᠳᠦᠢ ᠬᠦᠨᠳᠦᠳᠬᠡᠨ ᠦᠵᠡᠭᠰᠡᠨ ᠦᠭᠡᠢ ᠃ ᠭᠡᠲᠡᠯ᠎ᠡ ᠡᠨᠡ ᠬᠦ᠌ ᠡᠳᠦᠯᠪᠦᠷᠢ ᠨᠢ ᠨᠢᠭᠡᠨᠲᠡ ᠬᠥᠭᠵᠢᠭᠡᠳ ᠬᠠᠭᠠᠨ ᠤ᠋ ᠨᠠᠭᠠᠴᠤ ᠯᠣᠳᠢ ᠱᠠᠭ ᠤ᠋ᠨ ᠲᠣᠯᠣᠭᠠᠢ ᠳᠡᠭᠡᠷ᠎ᠡ ᠲᠤᠯᠵᠤ ᠢᠷᠡᠭᠰᠡᠨ ᠲᠤᠯᠠ ᠲᠣᠬᠤᠨᠲᠡᠮᠦᠷ ᠬᠠᠭᠠᠨ ᠦᠷᠭᠦᠯᠵᠢᠯᠡᠨ ᠵᠠᠰᠠᠭ ᠲᠥᠷᠥ ᠶ᠋ᠢᠨ ᠬᠡᠷᠡᠭ ᠲᠦ᠍ ᠬᠣᠢᠷᠭᠣᠰᠢᠵᠤ ᠪᠣᠯᠬᠤ ᠦᠭᠡᠢ ᠪᠣᠯᠪᠠ ᠃ ᠲᠡᠷᠡ ᠳᠠᠯᠳᠠᠭᠤᠷ ᠬᠥᠮᠦᠨ ᠢᠯᠡᠭᠡᠵᠦ ᠯᠣᠳᠢ ᠱᠠᠭ ᠢ᠋  ᠳ᠋ᠦᠩᠱᠧᠩ ᠵᠸᠦ ᠎ᠡᠴᠡ ᠳ᠋ᠠᠲ᠋ᠦ᠋ᠩ ᠳ᠋ᠦ᠍  ᠰᠢᠯᠵᠢᠭᠦᠯᠦᠨ ᠠᠪᠴᠢᠷᠠᠭᠠᠳ ᠪᠣᠯᠣᠲᠡᠮᠦᠷ ᠦ᠋ᠨ ᠴᠡᠷᠢᠭ ᠦ᠋ᠨ ᠬᠦᠷᠢᠶᠡᠨ ᠳ᠋ᠦ᠍ ᠪᠡᠶ᠎ᠡ ᠳᠠᠯᠳᠠᠯᠠᠭᠤᠯᠪᠠ ᠃ ᠡᠨᠡ ᠴᠢᠮᠡᠭᠡ ᠶ᠋ᠢ ᠴᠦᠰᠬᠢ ᠪᠣᠯᠤᠨ ᠫᠢᠶᠣᠣ ᠪᠤᠬ᠎ᠠ ᠮᠡᠳᠡᠭᠡᠳ ᠠᠶᠤᠰᠢᠷᠢᠳᠠᠷᠠ ᠳ᠋ᠤ᠌ ᠥᠭᠦᠯᠡᠷᠦᠨ ᠄ 《 ᠡᠳᠦᠭᠡ ᠪᠣᠯᠣᠲᠡᠮᠦᠷ ᠠᠶᠤᠮᠰᠢᠭ ᠦᠭᠡᠢ ᠯᠣᠳᠢ ᠱᠠᠭ ᠲᠠᠨ ᠢ᠋ ᠪᠡᠶ᠎ᠡ ᠳᠠᠯᠳᠠᠯᠠᠭᠤᠯᠬᠤ ᠠᠨᠤ ᠤᠷᠪᠠᠨ ᠲᠡᠷᠰᠯᠡᠭᠰᠡᠨ ᠦ᠌ ᠲᠡᠮᠳᠡᠭ ᠪᠣᠯᠠᠢ 》 ᠬᠡᠮᠡᠬᠦᠶ᠎ᠡ ᠠᠶᠤᠰᠢᠷᠢᠳᠠᠷᠠ ᠶᠡᠬᠡᠳᠡ ᠠᠭᠤᠷᠯᠠᠵᠤ ᠯᠣᠳᠢ ᠱᠠᠭ ᠲᠠᠨ ᠢ᠋ ᠨᠡᠩᠵᠢᠨ ᠪᠠᠷᠢᠪᠴᠢᠯᠠᠭᠤᠯᠬᠤ ᠪᠠᠷ ᠳ᠋ᠠᠲ᠋ᠦ᠋ᠩ ᠳ᠋ᠦ᠍ ᠬᠥᠮᠦᠨ ᠢᠯᠡᠭᠡᠪᠡ ᠃ 
      ᠪᠣᠯᠣᠲᠡᠮᠦᠷ ᠬᠡᠮᠡᠭᠴᠢ ᠮᠣᠩᠭᠣᠯ ᠤ᠋ᠨ ᠰᠤᠷᠪᠤᠯᠵᠢᠲᠤ ᠤᠭᠰᠠᠭᠠᠨ ᠤ᠋ ᠬᠣᠢᠴᠢᠰ ᠪᠥᠭᠡᠳ ᠶᠡᠬᠡ ᠬᠠᠭᠠᠨ ᠤ᠋ ᠲᠦᠰᠢᠭ ᠲᠡᠢ ᠲᠤᠯᠠ ᠯᠣᠳᠢ ᠱᠠᠭ ᠢ᠋ ᠬᠠᠮᠠᠭᠠᠯᠠᠵᠤ ᠬᠣᠩ ᠲᠠᠢᠽᠢ ᠶ᠋ᠢᠨ ᠢᠯᠡᠭᠡᠭᠰᠡᠨ ᠡᠯᠴᠢᠨ ᠢ᠋ ᠨᠡᠪᠰᠢᠷᠡᠲᠡᠯ᠎ᠡ ᠵᠣᠳᠣᠭᠠᠳ ᠬᠥᠭᠡᠭᠡᠵᠦ ᠶᠠᠪᠤᠭᠤᠯᠪᠠ ᠃ 
       ᠠᠶᠤᠰᠢᠷᠢᠳᠠᠷᠠ ᠨᠡᠩᠳᠡ ᠠᠭᠤᠷᠯᠠᠵᠤ 《 ᠪᠣᠯᠣᠲᠡᠮᠦᠷ ᠦᠨᠡᠬᠡᠷ ᠤᠷᠪᠠᠨ ᠲᠡᠷᠰᠯᠡᠭᠰᠡᠨ ᠪᠠᠢᠨᠠᠮ 》 ᠬᠡᠮᠡᠭᠡᠳ ᠬᠠᠭᠠᠨ ᠤ᠋ ᠨᠡᠷ᠎ᠡ ᠪᠡᠷ ᠵᠠᠷᠯᠢᠭ ᠪᠠᠭᠤᠯᠭᠠᠵᠤ ᠪᠣᠯᠣᠲᠡᠮᠦᠷ ᠦ᠋ᠨ ᠴᠡᠷᠢᠭ ᠵᠠᠬᠢᠷᠬᠤ ᠡᠷᠬᠡ ᠶ᠋ᠢ ᠬᠠᠰᠤᠵᠤ ᠰᠧᠴᠤᠸᠠᠨ ᠳ᠋ᠤ᠌ ᠬᠥᠭᠡᠭᠡᠵᠦ ᠶᠠᠪᠤᠭᠤᠯᠬᠤ ᠬᠡᠮᠡᠪᠡ ᠃ 
       ᠪᠣᠯᠣᠲᠡᠮᠦᠷ ᠂ ᠤᠷᠢᠳᠤ ᠲᠣᠭᠲᠤᠭ᠎ᠠ ᠶ᠋ᠢᠨ ᠴᠡᠷᠢᠭ ᠵᠠᠬᠢᠷᠬᠤ ᠡᠷᠬᠡ ᠲᠤᠰᠢᠶᠠᠯ ᠢ᠋ ᠬᠠᠰᠤᠭᠠᠳ ᠬᠣᠣᠷᠯᠠᠨ ᠠᠯᠠᠭᠰᠠᠨ ᠬᠡᠷᠡᠭ ᠢ᠋ ᠲᠣᠳᠣ ᠮᠡᠳᠡᠬᠦ ᠲᠤᠯᠠ ᠬᠣᠩ ᠲᠠᠢᠽᠢ ᠶ᠋ᠢᠨ ᠬᠠᠭᠠᠨ ᠤ᠋ ᠨᠡᠷ᠎ᠡ ᠪᠡᠷ ᠲᠡᠭᠦᠨ ᠦ᠌ ᠴᠡᠷᠢᠭ ᠵᠠᠬᠢᠷᠬᠤ ᠡᠷᠬᠡ ᠶ᠋ᠢ ᠬᠠᠰᠤᠬᠤ ᠬᠡᠮᠡᠬᠦ ᠵᠠᠷᠯᠢᠭ ᠢ᠋ ᠬᠦᠯᠢᠶᠡᠨ ᠠᠪᠤᠭᠰᠠᠨ ᠦᠭᠡᠢ ᠪᠥᠭᠡᠳ ᠵᠠᠷᠯᠢᠭ ᠤ᠋ᠨ ᠡᠯᠴᠢᠨ ᠢ᠋ ᠴᠡᠷᠢᠭ ᠦ᠋ᠨ ᠵᠢᠭᠰᠠᠭᠠᠯ ᠤ᠋ᠨ ᠡᠮᠦᠨ᠎ᠡ ᠴᠠᠪᠴᠢᠨ ᠠᠯᠠᠭᠠᠳ ᠂ ᠲᠡᠭᠦᠨ ᠦ᠌ ᠴᠡᠷᠢᠭ ᠵᠠᠬᠢᠷᠬᠤ ᠡᠷᠬᠡ ᠲᠤᠰᠢᠶᠠᠯ ᠢ᠋ ᠣᠭᠴᠣᠷᠠᠭᠤᠯᠬᠤ ᠬᠡᠮᠡᠬᠦ ᠢᠨᠦ 《 ᠬᠠᠭᠠᠨ ᠤ᠋ ᠤᠭ ᠰᠠᠨᠠᠭ᠎ᠠ ᠪᠤᠰᠤ 》 ᠭᠡᠮᠡᠨ ᠣᠯᠠᠨ ᠤ᠋ ᠡᠮᠦᠨ᠎ᠡ ᠨᠡᠢᠲᠡᠯᠡᠭᠡᠳ 《 ᠬᠠᠭᠠᠨ ᠤ᠋ ᠳᠡᠷᠭᠡᠳᠡᠬᠢ ᠶ᠋ᠢ ᠴᠡᠪᠡᠷᠯᠡᠬᠦ 》 ᠭᠡᠬᠦ ᠨᠡᠷ᠎ᠡ ᠪᠡᠷ ᠶᠡᠬᠡ ᠴᠡᠷᠢᠭ ᠳᠠᠢᠴᠢᠯᠠᠨ ᠳᠠᠢᠳᠤ ᠬᠣᠲᠠ ᠶ᠋ᠢ ᠢᠷᠡᠵᠦ ᠬᠠᠭᠠᠪᠠ ᠃ 
       ᠠᠶᠤᠰᠢᠷᠢᠳᠠᠷᠠ ᠂ ᠪᠣᠯᠣᠲᠡᠮᠦᠷ ᠡᠢᠮᠦ ᠲᠦᠷᠭᠡᠨ ᠢ᠋ᠶ᠋ᠡᠷ ᠶᠡᠬᠡ ᠴᠡᠷᠢᠭ ᠳᠠᠢᠴᠢᠯᠠᠨ ᠳᠠᠢᠳᠤ ᠬᠣᠲᠠ ᠶ᠋ᠢ ᠬᠠᠭᠠᠷ᠎ᠠ ᠢᠷᠡᠨ᠎ᠡ ᠭᠡᠮᠡᠨ ᠰᠠᠨᠠᠭᠰᠠᠨ ᠦᠭᠡᠢ ᠪᠥᠭᠡᠳ ᠵᠢᠳᠠᠨ ᠦᠵᠦᠭᠦᠷ ᠨᠢ ᠰᠢᠭᠤᠳ ᠲᠡᠭᠦᠨ ᠳ᠋ᠦ᠍ ᠴᠢᠭᠯᠡᠭᠰᠡᠨ ᠢ᠋ ᠮᠡᠳᠡᠭᠡᠳ ᠵᠡᠭᠦᠨ ᠣᠷᠳᠣᠨ ᠤ᠋ ᠬᠡᠷᠡᠭ ᠢ᠋ ᠳᠠᠭᠠᠭᠠᠭᠰᠠᠨ ᠵᠠᠨ ᠱᠢ ᠲᠦᠰᠢᠮᠡᠯ ᠪᠣᠯᠠᠷᠢ · ᠱᠦᠮᠢ ᠶᠤᠸᠠᠨ ᠬᠦᠷᠢᠶᠡᠯᠡᠩ ᠦ᠋ᠨ ᠬᠡᠷᠡᠭ ᠮᠡᠳᠡᠭᠴᠢ ᠶᠢᠰᠤᠨᠪᠣᠬ᠎ᠠ ᠶ᠋ᠢ ᠲᠣᠮᠢᠯᠠᠨ ᠪᠣᠯᠣᠲᠡᠮᠦᠷ ᠦ᠋ᠨ ᠴᠡᠷᠢᠭ ᠢ᠋ ᠬᠣᠷᠢᠭᠯᠠᠭᠤᠯᠵᠤ ᠂ ᠥᠪᠡᠷ ᠢ᠋ᠶ᠋ᠡᠨ ᠭᠤᠸᠠᠩ ᠰᠢ ᠮᠸᠨ ᠬᠠᠭᠠᠯᠭ᠎ᠠ ᠪᠠᠷ ᠭᠠᠷᠴᠤ ᠰᠥᠨᠢ ᠶ᠋ᠢᠨ ᠬᠠᠷᠠᠩᠭᠤᠢ ᠶ᠋ᠢ ᠠᠰᠢᠭᠯᠠᠨ ᠵᠡᠭᠦᠨᠰᠢ ᠮᠣᠯᠲᠣᠰᠢ ᠶ᠋ᠢᠨ ᠰᠦᠪᠡ ᠶ᠋ᠢ ᠴᠢᠭᠯᠡᠨ ᠣᠳᠪᠠ ᠃
       ᠶᠢᠰᠤᠨᠪᠤᠬ᠎ᠠ ᠴᠠᠪᠴᠢᠶᠠᠯ ᠪᠣᠭᠣᠮᠲᠠ ᠬᠦᠷᠦᠭᠡᠳ ᠪᠣᠯᠣᠲᠡᠮᠦᠷ ᠦ᠋ᠨ ᠲᠤᠰᠠᠯᠠᠭᠴᠢ ᠵᠠᠩᠵᠤᠨ ᠲᠦᠭᠡᠯ ᠲᠡᠮᠦᠷ ᠦ᠋ᠨ ᠴᠡᠷᠢᠭ ᠯᠦ᠍ᠭᠡ ᠠᠭᠤᠯᠵᠠᠭᠠᠳ ᠪᠠᠢᠯᠳᠤᠭᠰᠠᠨ ᠦᠭᠡᠢ ᠪᠤᠷᠤᠭᠤᠯᠠᠵᠤ ᠪᠣᠯᠠᠷᠢ ᠣᠯᠵᠠᠯᠠᠭᠳᠠᠪᠠ ᠃ ᠲᠦᠭᠡᠯ ᠲᠡᠮᠦᠷ ᠦ᠋ᠨ ᠴᠡᠷᠢᠭ ᠳᠠᠢᠳᠤ ᠬᠣᠲᠠ ᠶ᠋ᠢᠨ ᠲᠡᠭᠦᠷᠭᠡ ᠴᠢᠩ ᠾᠧ ᠳ᠋ᠦ᠍ ᠢᠷᠡᠵᠦ ᠪᠠᠭᠤᠳᠠᠯᠯᠠᠪᠠ ᠃ ᠨᠡᠢᠰᠯᠡᠯ ᠦ᠋ᠨ ᠠᠷᠠᠳ ᠢᠷᠭᠡᠳ ᠢᠵᠠᠭᠤᠷᠲᠠᠨ ᠨᠣᠶᠠᠳ ᠪᠦᠭᠦᠳᠡᠭᠡᠷ ᠰᠣᠴᠢᠨ ᠭᠡᠯᠮᠡᠭᠳᠡᠭᠰᠡᠨ᠎ᠡ ᠲᠣᠬᠤᠨᠲᠡᠮᠦᠷ ᠬᠠᠭᠠᠨ ᠢ᠋ᠶ᠋ᠠᠷ ᠤᠯᠤᠰ ᠤ᠋ᠨ ᠪᠠᠭᠰᠢ ᠶ᠋ᠢ ᠲᠦᠭᠡᠯ ᠲᠡᠮᠦᠷ ᠦ᠋ᠨ ᠴᠡᠷᠢᠭ ᠦ᠋ᠨ ᠬᠦᠷᠢᠶᠡᠨ ᠳ᠋ᠦ᠍ ᠢᠯᠡᠭᠡᠵᠦ ᠂ ᠪᠣᠯᠣᠲᠡᠮᠦᠷ ᠦ᠋ᠨ ᠴᠡᠷᠢᠭ ᠳᠠᠢᠴᠢᠯᠠᠨ ᠨᠡᠢᠰᠯᠡᠯ ᠬᠣᠲᠠ ᠶ᠋ᠢ ᠬᠠᠭᠠᠭᠰᠠᠨ ᠤᠴᠢᠷ ᠰᠢᠯᠲᠠᠭᠠᠨ ᠢ᠋ ᠠᠰᠠᠭᠤᠯᠭᠠᠪᠠ ᠃ ᠲᠦᠭᠡᠯ ᠲᠡᠮᠦᠷ ᠥᠭᠦᠯᠡᠷᠦᠨ ᠄ 《 ᠪᠢ ᠪᠣᠯᠣᠲᠡᠮᠦᠷ ᠨᠣᠶᠠᠨ ᠤ᠋ ᠵᠠᠷᠯᠢᠭ ᠢ᠋ᠶ᠋ᠠᠷ ᠴᠦᠰᠬᠢ ᠪᠣᠯᠤᠨ ᠫᠢᠶᠣᠣ ᠪᠤᠬ᠎ᠠ ᠬᠣᠶᠠᠷ ᠢ᠋ ᠪᠠᠷᠢᠪᠴᠢᠯᠠᠬᠤ ᠪᠠᠷ ᠢᠷᠡᠪᠡ 》 ᠬᠡᠮᠡᠪᠡ ᠃
       ᠲᠣᠬᠤᠨᠲᠡᠮᠦᠷ ᠬᠠᠭᠠᠨ ᠲᠡᠭᠦᠨ ᠦ᠌ ᠱᠠᠭᠠᠷᠳᠠᠯᠭ᠎ᠠ ᠶ᠋ᠢ ᠵᠥᠪᠰᠢᠶᠡᠷᠡᠭᠰᠡᠨ ᠪᠥᠭᠡᠳ ᠵᠠᠷᠯᠢᠭ ᠪᠠᠭᠤᠯᠭᠠᠵᠤ ᠴᠦᠰᠬᠢ ᠪᠣᠯᠤᠨ ᠫᠢᠶᠣᠣ ᠪᠤᠬ᠎ᠠ ᠶ᠋ᠢ ᠪᠠᠷᠢᠪᠴᠢᠯᠠᠨ ᠲᠦᠭᠡᠯ ᠲᠡᠮᠦᠷ ᠲᠦ᠍ ᠲᠤᠰᠢᠶᠠᠵᠤ ᠥᠭᠴᠡᠢ ᠃ 
       ᠲᠦᠭᠡᠯ ᠲᠡᠮᠦᠷ ᠶᠡᠬᠡ ᠴᠡᠷᠢᠭ ᠢ᠋ᠶ᠋ᠡᠨ ᠵᠢᠶᠠᠨ ᠲᠧ ᠮᠸᠨ ᠬᠠᠭᠠᠯᠭ᠎ᠠ ᠶ᠋ᠢᠨ ᠭᠠᠳᠠᠨ᠎ᠠ ᠶ᠋ᠢᠨ ᠪᠠᠢᠷᠢᠯᠠᠭᠤᠯᠵᠤ ᠂ ᠥᠪᠡᠷ ᠢ᠋ᠶ᠋ᠡᠨ ᠬᠠᠭᠠᠨ ᠤ᠋ ᠣᠷᠳᠣᠨ ᠳ᠋ᠤ᠌ ᠣᠷᠣᠭᠠᠳ ᠶᠠᠨ ᠴᠦᠨ ᠭᠧ ᠲᠠᠭᠲᠤ ᠳ᠋ᠤ᠌ ᠢᠷᠡᠵᠦ ᠲᠣᠬᠤᠨᠲᠡᠮᠦᠷ ᠬᠠᠭᠠᠨ ᠳ᠋ᠤ᠌ ᠪᠠᠷᠠᠯᠬᠠᠵᠤ ᠠᠢᠯᠠᠳᠬᠠᠷᠤᠨ ᠄ 《 ᠡᠵᠡᠨ ᠲᠠᠨ ᠢ᠋ ᠰᠢᠳᠠᠷ ᠵᠠᠯᠢᠬᠠᠢ ᠲᠦᠰᠢᠮᠡᠳ ᠮᠡᠬᠡᠯᠡᠵᠦ ᠤᠳᠠᠪᠠᠢ ᠃ ᠬᠡᠷᠪᠡ ᠡᠢᠮᠦᠷᠬᠦᠦ ᠪᠠᠢᠳᠠᠯ ᠢ᠋ ᠡᠰᠡ ᠬᠤᠪᠢᠷᠠᠭᠤᠯᠬᠤ ᠪᠣᠯᠪᠠᠰᠤ ᠳᠡᠯᠡᠬᠡᠢ ᠳ᠋ᠠᠬᠢᠨ ᠶᠠᠮᠠᠷ ᠪᠣᠯᠬᠤ ᠶ᠋ᠢ ᠪᠦᠦ ᠮᠡᠳᠡ ᠃ ᠰᠠᠢᠳ ᠪᠢ ᠴᠦᠰᠬᠢ ᠂ ᠫᠢᠶᠣᠣ ᠪᠤᠬ᠎ᠠ ᠬᠣᠶᠠᠭᠤᠯᠠ ᠶ᠋ᠢ ᠠᠪᠴᠤ ᠶᠠᠪᠤᠮᠤᠢ ᠃ ᠡᠵᠡᠨ ᠢ᠋ᠶ᠋ᠡᠷ ᠢᠳᠬᠠᠯ ᠢ᠋ ᠠᠪᠴᠤ ᠰᠢᠨᠡᠳᠦᠨ ᠭᠡᠭᠡᠷᠡᠵᠦ ᠲᠥᠪ  ᠴᠢᠬᠡᠴᠢ ᠰᠠᠢᠳ ᠲᠦᠰᠢᠮᠡᠳ ᠦ᠋ᠨ ᠰᠠᠨᠠᠯ ᠵᠥᠪᠯᠡᠯᠭᠡ ᠶ᠋ᠢ ᠢᠯᠡᠭᠦᠦ ᠰᠣᠨᠣᠰᠴᠤ ᠂ ᠡᠪᠦᠭᠡ ᠳᠡᠭᠡᠳᠦᠰ ᠦ᠋ᠨ ᠵᠣᠪᠠᠵᠤ ᠵᠦᠳᠡᠵᠦ ᠪᠠᠢᠭᠤᠯᠤᠭᠰᠠᠨ  ᠲᠥᠷᠥ ᠤᠯᠤᠰ ᠢ᠋ ᠮᠠᠨᠳᠤᠭᠤᠯᠤᠨ ᠬᠥᠭᠵᠢᠭᠦᠯᠬᠦ ᠪᠣᠯᠲᠤᠭᠠᠢ 》 ᠬᠡᠮᠡᠪᠡ ᠃ 
       ᠲᠣᠬᠤᠨᠲᠡᠮᠦᠷ ᠬᠠᠭᠠᠨ ᠂ ᠲᠦᠭᠡᠯ ᠲᠡᠮᠦᠷ ᠦ᠋ᠨ ᠰᠢᠳᠤᠷᠭᠤ ᠢᠳᠬᠠᠯ ᠢ᠋ ᠬᠦᠯᠢᠶᠡᠨ ᠠᠪᠴᠤ ᠲᠥᠪ ᠪᠢᠴᠢᠭ ᠦ᠋ᠨ ᠮᠣᠵᠢ ᠶ᠋ᠢᠨ ᠫᠢᠩ ᠵᠠᠩ ᠵᠧᠩᠱ᠌ᠢ ᠲᠦᠰᠢᠮᠡᠯ ᠡᠷᠭᠦᠮᠵᠢᠯᠡᠪᠡ ᠃ ᠲᠣᠬᠤᠨᠲᠡᠮᠦᠷ ᠬᠠᠭᠠᠨ ᠪᠠᠰᠠ ᠡᠨᠡ ᠬᠡᠷᠡᠭ ᠦ᠋ᠨ ᠲᠤᠬᠠᠢ ᠵᠣᠣ ᠪᠢᠴᠢᠭ ᠪᠠᠭᠤᠯᠭᠠᠪᠠ ᠃ ᠲᠡᠭᠦᠨ ᠦ᠌ ᠦᠭᠡ ᠢᠨᠤ ᠄ 
       ᡁᠢ ᠵᠧᠩ ᠦ᠋ᠨ ᠠᠷᠪᠠᠨ ᠨᠢᠭᠡᠳᠦᠭᠡᠷ ᠣᠨ ᠠ᠋ᠴᠠ ᠨᠠᠭᠠᠰᠢ ᠬᠤᠯᠠᠭᠠᠢ ᠳᠡᠭᠡᠷᠡᠮ ᠰᠠᠮᠠᠭᠤᠷᠠᠵᠤ ᠂ ᠪᠢ ᠪᠡᠷ ᠪᠢᠴᠢᠭ ᠴᠡᠷᠢᠭ ᠦ᠋ᠨ ᠰᠠᠢᠳ ᠲᠦᠰᠢᠮᠡᠳ ᠢ᠋ ᠣᠯᠠᠨᠲᠠ ᠰᠣᠩᠭᠣᠨ ᠴᠢᠬᠤᠯᠠ ᠲᠤᠰᠢᠶᠠᠯ ᠳ᠋ᠤ᠌ ᠲᠣᠮᠢᠯᠠᠨ ᠰᠡᠳᠬᠢᠯ ᠢ᠋ᠶ᠋ᠡᠨ ᠨᠢᠭᠡᠳᠬᠡᠨ ᠬᠦᠴᠦᠨ ᠢ᠋ᠶ᠋ᠡᠨ ᠬᠠᠮᠲᠤᠳᠬᠠᠨ ᠵᠠᠰᠠᠭ ᠲᠥᠷᠥ ᠶ᠋ᠢᠨ ᠦᠢᠯᠡ ᠳ᠋ᠦ᠍ ᠬᠠᠮᠲᠤ ᠪᠠᠷ ᠵᠢᠳᠬᠦᠲᠦᠭᠡᠢ ᠬᠡᠮᠡᠪᠡ ᠃ ᠭᠡᠲᠡᠯ᠎ᠡ  ᠴᠦᠰᠬᠢ ᠪᠣᠯᠤᠨ ᠫᠢᠶᠣᠣ ᠪᠤᠬ᠎ᠠ ᠬᠠᠷᠢᠯᠴᠠᠨ ᠥᠮᠥᠭᠯᠡᠯᠴᠡᠵᠦ ᠂ ᠵᠢᠰᠤᠷᠳᠠᠨ ᠰᠦᠯᠪᠡᠭᠡᠯᠡᠵᠦ ᠂ ᠤᠯᠤᠰ ᠢ᠋ ᠠᠮᠤᠭᠤᠯᠤᠨ ᠲᠥᠷᠥ ᠶ᠋ᠢ ᠲᠦᠪᠰᠢᠷᠡᠭᠦᠯᠦᠭᠰᠡᠨ ᠭᠠᠪᠢᠶᠠᠲᠠᠨ ᠰᠠᠢᠳ ᠢ᠋ ᠬᠣᠣᠷᠯᠠᠵᠤ ᠂ ᠦᠨᠡᠨᠴᠢ ᠰᠢᠳᠤᠷᠭᠤ ᠪᠠᠷ ᠵᠢᠳᠬᠦᠭᠰᠡᠨ ᠡᠷᠳᠡᠮᠲᠡᠨ ᠮᠡᠷᠭᠡᠳ ᠢ᠋ ᠳᠠᠷᠤᠵᠤ ᠶᠠᠯ᠎ᠠ ᠭᠡᠮ ᠢᠨᠤ ᠲᠩᠷᠢ ᠲᠤᠯᠵᠤᠬᠤᠢ ᠃ ᠲᠡᠳᠡ ᠪᠠᠰᠠ ᠪᠣᠯᠤᠲᠡᠮᠦᠷ ᠵᠠᠩᠵᠤᠨ ᠪᠣᠯᠤᠨ ᠯᠣᠳᠢ ᠱᠠᠭ ᠨᠣᠶᠠᠨ ᠢ᠋ ᠤᠷᠪᠠᠨ ᠲᠡᠷᠰᠯᠡᠬᠦ ᠪᠡᠷ ᠬᠤᠤᠪᠢᠯᠳᠤᠪᠠ ᠭᠡᠮᠡᠨ ᠶᠠᠯ᠎ᠠ ᠵᠣᠬᠢᠶᠠᠨ ᠵᠠᠭᠠᠯᠳᠤᠪᠠ ᠃ ᠣᠯᠠᠨ ᠵᠢᠯ ᠦ᠋ᠨ ᠲᠤᠷᠰᠢ ᠪᠢ ᠪᠡᠷ  ᠴᠦᠰᠬᠢ ᠪᠣᠯᠤᠨ ᠫᠢᠶᠣᠣ ᠪᠤᠬ᠎ᠠ ᠶ᠋ᠢ ᠥᠷᠥᠰᠢᠶᠡᠨ ᠳᠣᠲᠣᠨᠣᠴᠢᠯᠠᠭᠠᠳ ᠂ ᠰᠢᠯᠭᠠᠨ ᠬᠢᠨᠠᠭᠰᠠᠨ ᠦᠭᠡᠢ ᠂ ᠠᠶᠤᠰᠢᠷᠢᠳᠠᠷᠠ ᠶ᠋ᠢᠨ ᠪᠣᠯᠤᠲᠡᠮᠦᠷ ᠵᠠᠩᠵᠤᠨ ᠢ᠋ ᠳᠠᠢᠯᠠᠷ᠎ᠠ ᠵᠠᠷᠯᠢᠭ ᠪᠠᠭᠤᠯᠭᠠᠭᠰᠠᠨ ᠶᠠᠪᠤᠳᠠᠯ ᠢ᠋ ᠡᠰᠡ ᠬᠣᠷᠢᠭᠯᠠᠪᠠ ᠃ ᠡᠳᠦᠭᠡ ᠪᠣᠯᠤᠲᠡᠮᠦᠷ ᠵᠠᠩᠵᠤᠨ ᠂ ᠲᠦᠭᠡᠯ ᠲᠡᠮᠦᠷ ᠢ᠋ ᠢᠯᠡᠭᠡᠵᠦ ᠦᠨᠡᠨ ᠪᠠᠢᠳᠠᠯ ᠢ᠋ ᠮᠡᠳᠡᠭᠳᠡᠭᠰᠡᠨ ᠪᠠ  ᠢᠦᠢᠱ᠌ᠢ ᠲᠦᠰᠢᠮᠡᠯ ᠪᠤᠶᠠᠨᠲᠡᠮᠦᠷ ᠨᠣᠶᠠᠨ ᠭᠣᠣᠯᠴᠢ ᠶ᠋ᠢ ᠪᠠᠷᠢᠵᠤ  ᠴᠦᠰᠬᠢ ᠪᠣᠯᠤᠨ ᠫᠢᠶᠣᠣ ᠪᠤᠬ᠎ᠠ ᠶ᠋ᠢᠨ ᠬᠠᠤᠯᠢ ᠪᠤᠰᠤ ᠶᠠᠪᠤᠳᠠᠯ ᠢ᠋ ᠢᠯᠡᠴᠢᠯᠡᠨ ᠵᠠᠭᠠᠯᠳᠤᠭᠰᠠᠨ ᠳ᠋ᠤ᠌ ᠪᠢ ᠮᠠᠰᠢ ᠰᠡᠳᠬᠢᠯ ᠥᠨᠳᠥᠷ ᠪᠠᠢᠮᠤᠢ ᠃ ᠡᠳᠡᠭᠡᠷ ᠬᠡᠷᠡᠭ ᠢ᠋ ᠡᠨᠳᠡ ᠲᠡᠭᠦᠰᠬᠡᠮᠦᠢ ᠃  ᠴᠦᠰᠬᠢ ᠪᠣᠯᠤᠨ ᠫᠢᠶᠣᠣ ᠪᠤᠬ᠎ᠠ ᠮᠥᠨ ᠯᠡ ᠦᠨᠡᠨᠴᠢ ᠪᠤᠰᠤ ᠂ ᠣᠯᠠᠨ ᠤ᠋ ᠨᠢᠳᠦ ᠴᠢᠬᠢ ᠶ᠋ᠢ ᠬᠠᠯᠬᠠᠯᠠᠨ ᠪᠤᠯᠢᠬᠠᠢᠯᠠᠮᠤᠢ ᠃ ᠲᠡᠢᠨ ᠬᠦ᠌  ᠴᠦᠰᠬᠢ ᠶ᠋ᠢ ᠳᠠᠪᠠᠭᠠᠨ ᠠᠷᠤ ᠶ᠋ᠢᠨ ᠬᠤᠪᠢᠶᠠᠷᠢ ᠮᠣᠵᠢ ᠳ᠋ᠤ᠌ ᠴᠦᠯᠡᠵᠦ ᠂ ᠫᠢᠶᠣᠣ ᠪᠤᠬ᠎ᠠ ᠶ᠋ᠢ ᠭᠠᠨᠰᠦ ᠳ᠋ᠦ᠍ ᠴᠦᠯᠡᠵᠦ ᠣᠯᠠᠨ ᠤ᠋ ᠬᠣᠷᠣᠰᠤᠯ ᠢ᠋ ᠲᠠᠢᠯᠲᠤᠭᠠᠢ 》 ᠬᠡᠮᠡᠪᠡ ᠃
       ᠵᠣᠣ ᠪᠢᠴᠢᠭ ᠢ᠋ ᠨᠡᠢᠲᠡᠯᠡᠭᠰᠡᠨ ᠦ᠌ ᠳᠠᠷᠠᠭ᠎ᠠ ᠴᠦᠰᠬᠢ ᠪᠣᠯᠤᠨ ᠫᠢᠶᠣᠣ ᠪᠤᠬ᠎ᠠ ᠮᠥᠨ ᠯᠡ ᠥᠯᠵᠡᠢ ᠬᠤᠲᠤᠭ ᠬᠠᠲᠤᠨ ᠤ᠋ ᠥᠮᠥᠭᠯᠡᠯ ᠳᠣᠣᠷ᠎ᠠ ᠳᠠᠶ᠋ᠢᠳᠤ ᠬᠣᠲᠠ ᠳ᠋ᠤ᠌ ᠬᠣᠷᠭᠣᠳᠠᠵᠤ ᠶᠠᠯ᠎ᠠ ᠭᠡᠮ ᠢ᠋ᠶ᠋ᠡᠨ ᠪᠠᠯᠠᠯᠬᠤ ᠪᠠᠷ ᠣᠷᠣᠯᠳᠣᠪᠠ ᠃ 
       ᠲᠥᠭᠡᠯ ᠲᠡᠮᠦᠷ ᠂ ᠴᠦᠰᠬᠢ  ᠪᠣᠯᠤᠨ ᠫᠢᠶᠣᠣ ᠪᠤᠬ᠎ᠠ ᠶ᠋ᠢ ᠳᠠᠷᠤᠵᠤ ᠠᠪᠠᠴᠢᠭᠠᠳ ᠪᠣᠯᠤᠳᠡᠮᠤᠷ ᠲᠤ᠌ ᠲᠤᠰᠢᠶᠠᠨ ᠥᠭᠴᠦ ᠬᠠᠤᠯᠢ ᠪᠠᠷ ᠰᠢᠢᠳᠬᠡᠬᠦ ᠶ᠋ᠢ ᠵᠣᠷᠢᠵᠤ ᠂ ᠴᠡᠷᠢᠭ ᠢ᠋ᠶ᠋ᠡᠨ ᠲᠠᠲᠠᠬᠤ ᠦᠭᠡᠢ ᠪᠠᠢᠯ᠎ᠠ ᠃ 
       ᠲᠣᠬᠣᠨᠳᠡᠮᠤᠷ ᠬᠠᠭᠠᠨ ᠠᠷᠭ᠎ᠠ ᠪᠤᠰᠤ ᠲᠡᠳᠡ ᠬᠣᠶᠠᠷ ᠢ᠋  ᠪᠠᠷᠢᠪᠴᠢᠯᠠᠵᠤ ᠲᠥᠭᠡᠯ ᠲᠡᠮᠦᠷ ᠲᠦ᠍ ᠲᠤᠰᠢᠶᠠᠨ ᠥᠭᠴᠦ ᠪᠤᠯᠤᠳᠡᠮᠤᠷ ᠤ᠋ᠨ ᠤᠤᠯ ᠤ᠋ᠨ ᠵᠡᠷᠭᠡ ᠲᠤᠰᠢᠶᠠᠯ ᠢ᠋ ᠰᠡᠷᠭᠦᠭᠡᠵᠦ ᠂ ᠪᠠᠰᠠ ᠲᠠᠢᠪᠤᠤ ᠴᠣᠯᠠ ᠨᠡᠮᠡᠵᠦ ᠰᠣᠶᠣᠷᠬᠠᠪᠠ ᠃ 
      ᠴᠦᠰᠬᠢ  ᠪᠣᠯᠤᠨ ᠫᠢᠶᠣᠣ ᠪᠤᠬ᠎ᠠ ᠶ᠋ᠢ  ᠳ᠋ᠠᠲ᠋ᠦᠶ᠋ᠩ ᠳ᠋ᠦ᠍ ᠬᠦᠷᠭᠡᠵᠦ ᠣᠴᠢᠭᠰᠠᠨ ᠤ᠋ ᠳᠠᠷᠠᠭ᠎ᠠ ᠂ ᠪᠤᠯᠤᠳᠡᠮᠤᠷ ᠵᠠᠩᠵᠤᠨ ᠲᠡᠳᠡ ᠬᠣᠶᠠᠷ ᠢ᠋  ᠬᠠᠯᠠᠭᠤᠨ ᠢ᠋ᠶ᠋ᠠᠷ ᠤᠭᠲᠤᠵᠤ ᠂ ᠰᠠᠢᠲᠤᠷ ᠵᠣᠴᠢᠯᠠᠪᠠ ᠃ ᠬᠣᠶᠠᠷ ᠡᠳᠦᠷ ᠦ᠋ᠨ ᠳᠠᠷᠠᠭ᠎ᠠ ᠪᠤᠯᠤᠳᠡᠮᠤᠷ ᠂ᠴᠦᠰᠬᠢ  ᠪᠣᠯᠤᠨ ᠫᠢᠶᠣᠣ ᠪᠤᠬ᠎ᠠ ᠶ᠋ᠢ ᠪᠡᠶ᠎ᠡ ᠪᠡᠷ ᠰᠢᠭᠦᠪᠡ ᠃ 
       ᠪᠤᠯᠤᠳᠡᠮᠤᠷ ᠠᠰᠠᠭᠤᠷᠤᠨ ᠄ 《 ᠡᠷᠬᠢᠮ ᠬᠦᠨᠳᠦᠲᠦ ᠴᠢᠩᠰᠠᠩ ᠨᠣᠶᠠᠨ ᠂ ᠤᠷᠢᠳᠤ ᠨᠠᠳᠠ ᠶ᠋ᠢ ᠠᠯᠪᠠᠳᠠᠵᠤ ᠪᠠᠢᠭᠠᠳ ᠠᠪᠠᠴᠢᠭᠰᠠᠨ ᠡᠷᠳᠡᠨᠢ ᠴᠢᠯᠠᠭᠤᠨ ᠰᠢᠬᠢᠳᠭᠡᠷᠢᠳᠤ ᠰᠤᠪᠤᠳ ᠤ᠋ᠨ ᠡᠷᠢᠭᠡ ᠬᠠᠮᠢᠭ᠎ᠠ ᠪᠠᠢᠨᠠᠮ? ᠣᠳᠣ ᠬᠦᠷᠲᠡᠯ᠎ᠡ ᠨᠠᠳᠠ ᠪᠤᠴᠠᠭᠠᠵᠤ ᠥᠭᠭᠦᠭᠡ ᠦᠭᠡᠢ ᠰᠢᠦ ᠃ 》
       ᠴᠦᠰᠬᠢ  ᠶᠠᠭᠠᠷᠠᠨ ᠥᠴᠢᠷᠦᠨ ᠄ 《 ᠪᠤᠯᠤᠳᠡᠮᠤᠷ ᠵᠠᠩᠵᠤᠨ ᠠᠭᠤᠴᠢᠯᠠᠭᠠᠷᠠᠢ ᠂ ᠪᠢ ᠡᠨᠡ ᠬᠡᠷᠡᠭ ᠢ᠋ ᠠᠯᠢ ᠬᠡᠳᠦᠢᠨ ᠮᠠᠷᠲᠠᠴᠢᠬᠠᠭᠰᠠᠨ ᠂ ᠣᠳᠣ ᠪᠠᠷ ᠬᠥᠮᠦᠨ ᠢᠯᠡᠭᠡᠵᠦ ᠠᠪᠴᠢᠷᠠᠭᠤᠯᠰᠤᠭᠠᠢ 》 ᠬᠡᠮᠡᠭᠡᠳ ᠲᠡᠷᠡ ᠰᠤᠪᠤᠳ ᠤ᠋ᠨ ᠡᠷᠢᠭᠡ ᠶ᠋ᠢ ᠠᠪᠴᠢᠷᠠᠭᠤᠯᠵᠤ ᠪᠤᠯᠤᠳᠡᠮᠤᠷ ᠲᠤ᠌  ᠲᠤᠰᠢᠶᠠᠪᠠ ᠃
       ᠪᠤᠯᠤᠳᠡᠮᠤᠷ ᠥᠭᠦᠯᠡᠷᠦᠨ ᠄ 《 ᠰᠤᠪᠤᠳ ᠤ᠋ᠨ ᠡᠷᠢᠭᠡ ᠨᠢ ᠴᠦ᠍ ᠦᠨᠡᠨ ᠪᠠᠢᠨ᠎ᠠ ᠃ ᠭᠠᠭᠴᠠ ᠮᠢᠨᠦ ᠲᠡᠷᠡ ᠡᠷᠢᠭᠡ ᠪᠢᠰᠢ ᠃ 》 ᠴᠦᠰᠬᠢ  ᠥᠴᠢᠷᠦᠨ ᠄ 《 ᠨᠠᠳᠠ ᠳ᠋ᠤ᠌ ᠨᠡᠯᠢᠶᠡᠳ ᠣᠯᠠᠨ ᠰᠤᠪᠤᠳ ᠤ᠋ᠨ ᠡᠷᠢᠭᠡ ᠠᠮᠤᠢ ᠃ ᠭᠡᠪᠡᠴᠦ ᠵᠢᠩᠬᠢᠨᠢ ᠨᠢ ᠴᠥᠭᠡᠨ ᠲᠤᠯᠠ ᠮᠠᠨ ᠤ᠋ ᠠᠪᠠᠭᠠᠢ ᠡᠳ᠋ ᠠᠰᠢᠭ ᠲᠤ᠌ ᠬᠣᠪᠳᠣᠭ ᠪᠣᠯᠬᠣᠷ ᠴᠢᠨᠦ ᠲᠡᠷᠡ ᠵᠢᠩᠬᠢᠨᠢ ᠡᠷᠢᠭᠡ ᠶ᠋ᠢ ᠨᠢᠭᠤᠵᠤ ᠲᠠᠯᠪᠢᠭᠰᠠᠨ ᠮᠠᠭᠠᠳ ᠃ ᠳᠠᠬᠢᠵᠤ ᠬᠥᠮᠦᠨ ᠶᠠᠪᠤᠭᠤᠯᠵᠤ ᠠᠪᠴᠢᠷᠠᠭᠤᠯᠰᠤᠭᠠᠢ ᠃ 》
       ᠬᠡᠳᠦᠨ ᠡᠳᠦᠷ ᠥᠩᠭᠡᠷᠡᠭᠡᠳ ᠪᠣᠯᠤᠲᠡᠮᠦᠷ ᠥᠪᠡᠷ ᠦ᠋ᠨ ᠲᠡᠷᠡ ᠬᠦ᠌ ᠵᠢᠩᠬᠢᠨᠢ ᠰᠤᠪᠤᠳ ᠤ᠋ᠨ ᠡᠷᠢᠭᠡ ᠪᠡᠨ ᠪᠤᠴᠠᠭᠠᠵᠤ ᠠᠪᠤᠭᠠᠳ  ᠴᠦᠰᠬᠢ ᠶ᠋ᠢᠨ ᠨᠢᠭᠤᠷ ᠲᠤ᠌  ᠨᠢᠯᠪᠤᠨ  ᠥᠭᠦᠯᠡᠷᠦᠨ ᠄ 《 ᠪᠤᠰᠠᠬᠢ ᠮᠠᠭᠤ ᠠᠮᠢᠲᠠᠨ ᠴᠢ ᠂ ᠪᠠᠷᠠᠭᠤᠨ ᠭᠠᠷᠤᠨ ᠴᠢᠩᠰᠠᠩ ᠤ᠋ᠨ ᠳᠡᠭᠡᠳᠦ ᠲᠤᠰᠢᠶᠠᠯ ᠳ᠋ᠤ᠌ ᠰᠠᠭᠠᠳᠠᠭᠠᠳ ᠂ ᠤᠯᠤᠰ ᠭᠡᠷ ᠦ᠋ᠨ ᠢᠷᠡᠭᠡᠳᠦᠢ ᠶ᠋ᠢᠨ ᠲᠥᠯᠥᠭᠡ ᠪᠣᠳᠣᠯᠬᠢᠯᠠᠬᠤ ᠦᠭᠡᠢ ᠂ ᠬᠠᠭᠠᠨ ᠢ᠋ ᠬᠠᠰᠤᠷᠤᠨ ᠲᠤᠰᠠᠯᠠᠬᠤ ᠦᠭᠡᠢ ᠂ ᠬᠠᠷᠢᠨ ᠴᠠᠭ ᠲᠥᠷᠥ ᠶ᠋ᠢᠨ ᠰᠠᠮᠠᠭᠤᠷᠠᠯ ᠢ᠋ ᠠᠰᠢᠭᠯᠠᠨ ᠬᠥᠨᠳᠡᠯᠡᠨ ᠡᠴᠡ ᠠᠰᠢᠭ ᠬᠣᠨᠵᠢᠵᠤ ᠬᠣᠳᠣᠭᠣᠳᠣ ᠭᠡᠳᠡᠰᠦ ᠪᠡᠨ ᠳᠦᠭᠦᠷᠭᠡᠭᠰᠡᠨ ᠲᠤᠯᠠ ᠴᠢᠮ᠎ᠠ ᠶ᠋ᠢ ᠪᠢ ᠬᠡᠷᠬᠢᠨ ᠠᠭᠤᠴᠢᠯᠠᠵᠤ ᠪᠣᠯᠤᠮᠤᠢ ? 》 ᠬᠡᠮᠡᠭᠡᠳ  ᠴᠦᠰᠬᠢ ᠪᠣᠯᠤᠨ ᠫᠢᠶᠣᠣ ᠪᠤᠬ᠎ᠠ ᠬᠣᠶᠠᠷ ᠢ᠋ ᠲᠦᠯᠬᠢᠵᠦ ᠭᠠᠷᠭᠠᠭᠠᠳ ᠴᠠᠪᠴᠢᠨ ᠠᠯᠠᠪᠠ ᠃
       ᠲᠤᠬᠤᠨᠲᠡᠮᠦᠷ ᠬᠠᠭᠠᠨ ᠨᠡᠢᠰᠯᠡᠯ ᠢ᠋ ᠴᠡᠷᠢᠭ ᠢ᠋ᠶ᠋ᠡᠷ ᠬᠠᠭᠠᠵᠤ ᠬᠦᠴᠦᠨ ᠢ᠋ᠶ᠋ᠡᠷ ᠬᠠᠭᠠᠨ ᠢ᠋ ᠢᠳᠬᠠᠭᠰᠠᠨ ᠪᠣᠯᠤᠲᠡᠮᠦᠷ ᠦ᠋ᠨ ᠬᠡᠷᠡᠭ ᠬᠤᠪᠢᠰᠤᠯ ᠠ᠋ᠴᠠ ᠮᠠᠰᠢ ᠭᠦᠨ ᠰᠡᠷᠡᠭᠳᠡᠯ ᠣᠯᠵᠠᠢ ᠃ ᠲᠡᠷᠡ ᠶᠠᠭᠤᠨ ᠤ᠋ ᠡᠮᠦᠨ᠎ᠡ ᠬᠥᠮᠦᠨ ᠢᠯᠡᠭᠡᠵᠦ ᠬᠣᠩ ᠲᠠᠢᠽᠢ ᠠᠶᠤᠰᠢᠷᠢᠳᠠᠷᠠ ᠶ᠋ᠢ ᠳᠠᠢᠳᠤ ᠳ᠋ᠤ᠌ ᠳᠠᠭᠤᠳᠠᠨ ᠠᠪᠴᠢᠷᠠᠪᠠ ᠃      ᠬᠣᠩ ᠲᠠᠢᠽᠢ ᠠᠶᠤᠰᠢᠷᠢᠳᠠᠷᠠ ᠳᠠᠢᠳᠤ ᠳ᠋ᠤ᠌ ᠪᠤᠴᠠᠵᠤ ᠢᠷᠡᠭᠰᠡᠨ ᠦ᠌ ᠬᠣᠢᠨ᠎ᠠ ᠵᠢᠷᠦᠬᠡᠨ ᠦ᠌ ᠬᠣᠶᠠᠷ ᠬᠥᠮᠦᠨ ᠢ᠋ᠶ᠋ᠡᠨ ᠠᠯᠳᠠᠭᠰᠠᠨ ᠳ᠋ᠤ᠌ ᠪᠠᠨ ᠶᠡᠬᠡᠳᠡ ᠵᠣᠪᠠᠵᠤ ᠭᠡᠮᠰᠢᠪᠡ ᠃ ᠲᠡᠷᠡ ᠮᠥᠨ ᠴᠦᠰᠬᠢ ᠪᠣᠯᠤᠨ ᠫᠢᠶᠣᠣ ᠪᠤᠬ᠎ᠠ ᠶ᠋ᠢᠨ ᠵᠢᠭᠠᠭᠰᠠᠨ ᠠᠷᠭ᠎ᠠ ᠪᠠᠷ ᠬᠠᠭᠠᠨ ᠤ᠋ ᠵᠠᠷᠯᠢᠭ ᠭᠡᠮᠡᠨ ᠵᠣᠣ ᠪᠢᠴᠢᠭ ᠵᠣᠬᠢᠶᠠᠯᠭᠠᠵᠤ ᠲᠠᠢᠶᠤᠸᠠᠨ ᠢ᠋ ᠰᠠᠬᠢᠨ ᠰᠠᠭᠤᠭᠰᠠᠨ ᠬᠦᠬᠡᠲᠡᠮᠦᠷ ᠦ᠋ᠨ ᠴᠡᠷᠢᠭ ᠢ᠋ ᠰᠢᠯᠵᠢᠭᠦᠯᠦᠨ ᠠᠪᠴᠢᠷᠠᠭᠠᠳ ᠭᠤᠷᠪᠠᠨ ᠵᠠᠮ ᠢ᠋ᠶ᠋ᠠᠷ ᠳ᠋ᠠᠲ᠋ᠦᠢ᠍ᠩ ᠢ᠋ ᠳᠠᠢᠯᠠᠷ᠎ᠠ ᠢᠯᠡᠭᠡᠪᠡ ᠃
       ᠬᠦᠬᠡᠲᠡᠮᠦᠷ ᠵᠠᠷᠯᠢᠭ ᠢ᠋ ᠬᠦᠯᠢᠶᠡᠨ ᠠᠪᠤᠭᠰᠠᠨ ᠤ᠋ ᠳᠠᠷᠠᠭ᠎ᠠ ᠂ ᠵᠢᠭᠦᠷ ᠦ᠋ᠨ ᠵᠠᠩᠵᠤᠨ ᠪᠠᠢ ᠰᠦᠸᠧ ᠵᠣ᠌ ᠳ᠋ᠤ᠌ ᠭᠤᠷᠪᠠᠨ ᠲᠦᠮᠡᠨ ᠴᠡᠷᠢᠭ ᠥᠭᠴᠦ ᠵᠡᠭᠦᠨ ᠵᠠᠮ ᠢ᠋ᠶ᠋ᠠᠷ ᠢᠯᠡᠭᠡᠵᠦ ᠳᠠᠢᠳᠤ ᠶ᠋ᠢ ᠰᠡᠷᠭᠡᠢᠯᠡᠪᠡ ᠃ ᠲᠤᠰᠠᠯᠠᠭᠴᠢ ᠵᠠᠩᠵᠤᠨ ᠮᠦᠸᠧ ᠭᠣᠣ ᠂ ᠵᠣ᠌ ᠵᠸᠨ ᠳ᠋ᠦ᠍ ᠳᠥᠷᠪᠡᠨ ᠲᠦᠮᠡᠨ ᠴᠡᠷᠢᠭ ᠥᠭᠴᠦ ᠳᠤᠮᠳᠠ ᠵᠠᠮ ᠢ᠋ᠶ᠋ᠠᠷ ᠪᠠᠢᠯᠳᠤᠭᠤᠯᠵᠤ ᠂ ᠵᠢᠭᠦᠷ ᠦ᠋ᠨ ᠵᠠᠩᠵᠤᠨ ᠭᠣᠮᠪᠣ ᠳ᠋ᠤ᠌ ᠲᠠᠪᠤᠨ ᠲᠦᠮᠡᠨ ᠴᠡᠷᠢᠭ ᠥᠭᠴᠦ ᠪᠠᠷᠠᠭᠤᠨ ᠵᠠᠮ ᠢ᠋ᠶ᠋ᠠᠷ ᠪᠣᠯᠤᠲᠡᠮᠦᠷ ᠢ᠋ ᠴᠣᠬᠢᠭᠤᠯᠪᠠ ᠃ ᠭᠣᠮᠪᠣ ᠶ᠋ᠢᠨ ᠵᠠᠬᠢᠷᠤᠭᠰᠠᠨ ᠴᠡᠷᠢᠭ ᠳ᠋ᠠᠲ᠋ᠦᠢ᠍ᠩ ᠳ᠋ᠦ᠍ ᠬᠦᠷᠬᠦ ᠦᠶ᠎ᠡ ᠳ᠋ᠦ᠍ ᠪᠣᠯᠤᠲᠡᠮᠦᠷ ᠠᠯᠢ ᠬᠡᠳᠦᠢᠨ ᠴᠢᠮᠡᠭᠡ ᠣᠯᠤᠭᠠᠳ ᠴᠥᠭᠡᠨ ᠬᠡᠰᠡᠭ ᠴᠡᠷᠢᠭ ᠢ᠋ᠶ᠋ᠡᠷ ᠳ᠋ᠠᠲ᠋ᠦᠢ᠍ᠩ ᠢ᠋ ᠰᠠᠬᠢᠭᠤᠯᠵᠤ ᠥᠪᠡᠷ ᠢ᠋ᠶ᠋ᠡᠨ ᠲᠦᠭᠡᠯ ᠲᠡᠮᠦᠷ ᠂ ᠯᠣᠳᠢ ᠱᠠᠭ ᠤ᠋ᠨ ᠬᠠᠮᠲᠤ ᠭᠣᠣᠯ ᠬᠦᠴᠦᠨ ᠴᠡᠷᠢᠭ ᠢ᠋ᠶ᠋ᠡᠨ ᠳᠠᠢᠴᠢᠯᠠᠨ ᠳᠠᠢᠳᠤ ᠶ᠋ᠢ ᠬᠠᠭᠠᠷ᠎ᠠ ᠮᠣᠷᠳᠠᠪᠠ ᠃ ᠪᠠᠢ ᠰᠦᠸᠧ ᠵᠣ᠌ ᠶ᠋ᠢᠨ ᠵᠠᠬᠢᠷᠤᠭᠰᠠᠨ ᠴᠡᠷᠢᠭ ᠳᠠᠢᠳᠤ ᠳ᠋ᠤ᠌ ᠬᠦᠷᠬᠦ ᠳ᠋ᠦ᠍ ᠂ ᠪᠣᠯᠤᠲᠡᠮᠦᠷ ᠦ᠋ᠨ ᠵᠠᠬᠢᠷᠤᠭᠰᠠᠨ ᠭᠣᠣᠯ ᠬᠦᠴᠦᠨ ᠴᠡᠷᠢᠭ ᠨᠢᠭᠡᠨᠲᠡ ᠴᠠᠪᠴᠢᠶᠠᠯ ᠪᠣᠭᠣᠮᠲᠠ ᠶ᠋ᠢ ᠡᠵᠡᠯᠡᠨ ᠠᠪᠤᠪᠠ ᠃ ᠠᠶᠤᠰᠢᠷᠢᠳᠠᠷᠠ ᠶᠡᠬᠡᠳᠡ ᠭᠡᠯᠮᠡᠭᠳᠡᠵᠦ ᠪᠡᠶ᠎ᠡ ᠪᠡᠷ ᠴᠢᠩ ᠾᠧ ᠳ᠋ᠦ᠍ ᠢᠷᠡᠭᠡᠳ ᠪᠣᠯᠤᠲᠡᠮᠦᠷ ᠦ᠋ᠨ ᠴᠡᠷᠢᠭ ᠢ᠋ ᠬᠣᠷᠢᠭᠯᠠᠨ ᠪᠠᠢᠯᠳᠤᠬᠤ ᠪᠠᠷ ᠪᠡᠯᠡᠳᠬᠡᠪᠡ ᠃ ᠭᠡᠪᠡᠴᠦ ᠲᠡᠭᠦᠨ ᠦ᠌ ᠵᠠᠬᠢᠷᠤᠭᠰᠠᠨ ᠴᠡᠷᠢᠭ ᠦ᠋ᠨ ᠰᠦᠷ ᠬᠦᠴᠦᠨ ᠰᠤᠯᠠ ᠳᠣᠷᠣᠢ ᠪᠥᠭᠡᠳ ᠠᠶᠤᠰᠢᠷᠢᠳᠠᠷᠠ ᠴᠤ᠌ ᠪᠣᠯᠤᠲᠡᠮᠦᠷ ᠦ᠋ᠨ ᠳᠠᠢᠴᠢᠨ ᠪᠠᠭᠠᠲᠤᠷ ᠴᠡᠷᠢᠭ ᠲᠡᠢ ᠠᠰ ᠲᠤᠯᠤᠨ ᠠᠪᠤᠨ ᠬᠠᠷᠢᠭᠤᠴᠠᠬᠤ ᠢᠲᠡᠭᠡᠯ ᠵᠣᠷᠢᠭ ᠮᠡᠬᠦᠰ ᠪᠠᠢᠭᠰᠠᠨ ᠲᠤᠯᠠ ᠪᠠᠢᠯᠳᠤᠭᠰᠠᠨ ᠦᠭᠡᠢ ᠂ ᠬᠠᠷᠢᠨ ᠪᠠᠢ ᠰᠦᠸᠧ ᠵᠣ᠌ ᠶ᠋ᠢᠨ ᠴᠡᠷᠢᠭ ᠦ᠋ᠨ ᠬᠠᠮᠠᠭᠠᠯᠠᠯ ᠳᠣᠣᠷ᠎ᠠ ᠨᠡᠢᠰᠯᠡᠯ ᠬᠣᠲᠠ ᠳ᠋ᠤ᠌ ᠤᠬᠤᠷᠢᠨ ᠣᠴᠢᠭᠠᠳ ᠳᠠᠷᠠᠭ᠎ᠠ ᠡᠳᠦᠷ ᠨᠢ ᠱᠦᠨ ᠴᠧᠩ ᠮᠸᠨ ᠬᠠᠭᠠᠯᠭ᠎ᠠ ᠪᠠᠷ ᠭᠠᠷᠴᠤ ᠰᠢᠶᠦᠢ᠍ᠩᠵᠸᠦ ( ᠣᠳᠣ ᠶ᠋ᠢᠨ ᠾᠧᠪᠧᠢ ᠶ᠋ᠢᠨ  ᠱᠢᠶᠦ᠋ᠩ ᠰᠢᠶᠠᠨ ) ᠂ ᠪᠠᠵᠸᠦ ( ᠣᠳᠣ ᠶ᠋ᠢᠨ ᠾᠧᠪᠧᠢ ᠶ᠋ᠢᠨ ᠪᠠ ᠰᠢᠶᠠᠨ ) ᠪᠣᠯᠤᠨ ᠾᠧ ᠵᠢᠶᠠᠨ ( ᠣᠳᠣ ᠶ᠋ᠢᠨ ᠾᠧᠪᠧᠢ ᠶ᠋ᠢᠨ ᠾᠧ ᠵᠢᠶᠠᠨ ) ᠵᠡᠷᠭᠡ ᠭᠠᠵᠠᠷ ᠢ᠋ᠶ᠋ᠠᠷ ᠳᠠᠭᠠᠷᠢᠵᠤ ᠵᠢᠨᠢᠩ ᠴᠥᠯᠭᠡ ᠶ᠋ᠢ ᠴᠢᠭᠯᠡᠨ ᠬᠦᠬᠡᠲᠡᠮᠦᠷ ᠦ᠋ᠨ ᠴᠡᠷᠢᠭ ᠦ᠋ᠨ ᠬᠦᠷᠢᠶᠡᠨ ᠳ᠋ᠦ᠍ ᠬᠦᠷᠴᠦ ᠪᠡᠶ᠎ᠡ ᠳᠠᠯᠳᠠᠯᠠᠪᠠ ᠃ 
       ᠪᠣᠯᠤᠲᠡᠮᠦᠷ ᠦ᠋ᠨ ᠴᠡᠷᠢᠭ ᠳᠠᠢᠳᠤ ᠬᠣᠲᠠ ᠶ᠋ᠢᠨ ᠵᠢᠶᠠᠨ ᠲᠧ ᠮᠸᠨ ᠬᠠᠭᠠᠯᠭ᠎ᠠ ᠶ᠋ᠢᠨ ᠭᠠᠳᠠᠨ᠎ᠠ ᠢᠷᠡᠵᠦ ᠪᠠᠭᠤᠳᠠᠯᠯᠠᠪᠠ ᠃ ᠳᠠᠷᠠᠭ᠎ᠠ ᠡᠳᠦᠷ ᠨᠢ ᠂ ᠪᠣᠯᠤᠲᠡᠮᠦᠷ ᠂ ᠯᠤᠳᠢ ᠱᠠᠭ ᠪᠣᠯᠤᠨ ᠲᠦᠭᠡᠯ ᠲᠡᠮᠦᠷ ᠦ᠋ᠨ ᠬᠠᠮᠲᠤ ᠰᠢᠦᠸᠠᠨ ᠸᠸᠨ ᠭᠧ ᠠᠰᠠᠷ ᠲᠤ᠌ ᠢᠷᠡᠭᠡᠳ ᠲᠣᠬᠤᠨᠲᠡᠮᠦᠷ ᠬᠠᠭᠠᠨ ᠳ᠋ᠤ᠌ ᠪᠠᠷᠠᠯᠠᠭᠪᠠ ᠃ ᠪᠣᠯᠤᠲᠡᠮᠦᠷ ᠠᠢᠯᠠᠳᠬᠠᠷᠤᠨ ᠄ 《 ᠡᠳᠦᠭᠡ ᠬᠠᠭᠠᠨ ᠲᠥᠷᠥ ᠶ᠋ᠢᠨ ᠰᠠᠢᠳ ᠲᠦᠰᠢᠮᠡᠳ ᠪᠠᠷᠤᠭ ᠪᠦᠷ ᠡᠳ᠋ ᠠᠰᠢᠭ ᠲᠤ᠌ ᠬᠣᠪᠳᠣᠭᠯᠠᠨ  ᠦᠬᠦᠭᠡᠨᠴᠡ ᠳᠣᠷᠣᠢ ᠂ ᠡᠪᠦᠭᠡ ᠳᠡᠭᠡᠳᠦᠰ ᠦ᠋ᠨ ᠵᠣᠪᠠᠵᠤ ᠵᠦᠳᠡᠵᠦ ᠪᠠᠢᠭᠤᠯᠤᠭᠰᠠᠨ ᠦᠢᠯᠡᠰ ᠢ᠋ ᠪᠠᠲᠤᠯᠠᠨ ᠠᠪᠤᠷᠠᠬᠤ ᠴᠢᠳᠠᠯ ᠦᠭᠡᠢ ᠪᠣᠯᠤᠭᠰᠠᠨ ᠲᠤᠯᠠ ᠡᠵᠡᠨ ᠢ᠋ᠶ᠋ᠡᠷ ᠡᠷᠡᠰ ᠵᠣᠷᠢᠭ ᠰᠢᠭᠤᠳᠴᠤ ᠂ ᠬᠣᠪᠳᠣᠭ ᠨᠣᠶᠠᠨ ᠰᠢᠨᠤᠬᠠᠢ ᠲᠦᠰᠢᠮᠡᠳ ᠢ᠋ ᠠᠷᠢᠯᠭᠠᠨ ᠴᠡᠪᠡᠷᠯᠡᠵᠦ ᠲᠣᠪᠴᠢᠶ᠎ᠠ ᠬᠡᠯᠬᠢᠶ᠎ᠡ ᠶ᠋ᠢ ᠴᠢᠩᠭᠠᠳᠬᠠᠲᠤᠭᠠᠢ 》 ᠬᠡᠮᠡᠭᠰᠡᠨ ᠳ᠋ᠦ᠍ᠷ ᠲᠣᠬᠣᠨᠳᠡᠮᠤᠷ ᠬᠠᠭᠠᠨ ᠶᠡᠬᠡᠳᠡ ᠰᠡᠳᠬᠢᠯ ᠬᠥᠳᠡᠯᠵᠦ ᠪᠣᠯᠣᠲᠡᠮᠤᠷ ᠤ᠋ᠨ ᠱᠠᠭᠠᠷᠳᠠᠯᠭ᠎ᠠ ᠶᠣᠰᠣᠭᠠᠷ ᠵᠠᠷᠯᠢᠭ ᠪᠠᠭᠤᠯᠭᠠᠵᠤ ᠂ ᠶᠢᠰᠤᠨᠪᠤᠬ᠎ᠡ ( ᠥᠭᠡᠴᠡᠷ ᠦ᠋ᠨ ᠬᠥᠪᠡᠭᠦᠨ ) ᠢ᠋ ᠲᠥᠪ ᠪᠢᠴᠢᠭ ᠦ᠋ᠨ ᠮᠣᠵᠢ ᠶ᠋ᠢᠨ ᠪᠠᠷᠠᠭᠤᠨ ᠭᠠᠷᠤᠨ ᠴᠢᠩᠰᠠᠩ ᠂ ᠪᠣᠯᠣᠲᠡᠮᠤᠷ ᠢ᠋ ᠲᠥᠪ ᠪᠢᠴᠢᠭ ᠦ᠋ᠨ ᠮᠣᠵᠢ ᠶ᠋ᠢᠨ ᠵᠡᠭᠦᠨ ᠭᠠᠷᠤᠨ ᠴᠢᠩᠰᠠᠩ ᠂ ᠯᠣᠳᠢ ᠱᠠᠭ ᠢ᠋ ᠫᠢᠩ ᠵᠠᠩ ᠵᠧᠩᠱ᠌ᠢ ᠲᠦᠰᠢᠮᠡᠯ ᠂ ᠲᠥᠭᠡᠯ ᠲᠡᠮᠦᠷ ᠢ᠋ ᠢᠦᠢᠱ᠌ᠢ ᠳ᠋ᠠᠢᠹᠦ᠋ ᠲᠦᠰᠢᠮᠡᠯ ᠲᠤᠰ ᠲᠤᠰ ᠡᠷᠭᠦᠮᠵᠢᠯᠡᠭᠰᠡᠨ ᠪᠥᠭᠡᠳ ᠲᠡᠳᠡᠨ ᠦ᠌ ᠭᠠᠷ ᠳᠣᠣᠷᠠᠬᠢ ᠬᠥᠮᠦᠰ ᠢ᠋ ᠪᠠᠰᠠ ᠵᠡᠷᠭᠡ ᠳᠡᠰ ᠢ᠋ ᠢᠯᠭᠠᠨ ᠳᠡᠪᠰᠢᠭᠦᠯᠦᠨ ᠬᠡᠷᠡᠭᠯᠡᠪᠡ ᠃
        ᠲᠣᠬᠣᠨᠳᠡᠮᠤᠷ ᠬᠠᠭᠠᠨ ᠪᠠᠰᠠ ᠪᠣᠯᠣᠲᠡᠮᠤᠷ ᠪᠣᠯᠤᠨ ᠬᠦᠭᠡᠳᠡᠮᠤᠷ ᠤ᠋ᠨ ᠬᠣᠭᠣᠷᠣᠨᠳᠣᠬᠢ ᠵᠡᠪᠰᠡᠭᠲᠦ ᠮᠥᠷᠭᠥᠯᠳᠦᠭᠡᠨ ᠢ᠋ ᠡᠪᠰᠡᠭᠦᠯᠬᠦ ᠪᠡᠷ ᠪᠣᠯᠣᠲᠡᠮᠤᠷ ᠤ᠋ᠨ ᠰᠠᠨᠠᠭ᠎ᠠ ᠶ᠋ᠢ ᠳᠠᠭᠠᠵᠤ ᠵᠠᠷᠯᠢᠭ ᠪᠣᠯᠤᠷᠤᠨ ᠄ 《 ᠪᠣᠯᠣᠲᠡᠮᠤᠷ ᠬᠦᠭᠡᠳᠡᠮᠤᠷ ᠬᠣᠶᠠᠷ ᠵᠠᠩᠵᠤᠨ ᠪᠦᠷ ᠮᠢᠨᠦ ᠭᠠᠷ ᠬᠥᠯ ᠂ ᠭᠣᠣᠯ ᠨᠢᠷᠤᠭᠤ ᠪᠣᠯᠠᠢ ᠃ ᠡᠭᠦᠨᠴᠡ ᠬᠣᠢᠰᠢ ᠥᠩᠭᠡᠷᠡᠭᠰᠡᠨ ᠦ᠌ ᠥᠰᠢᠶ᠎ᠡ ᠬᠣᠷᠣᠰᠤᠯ ᠢ᠋ ᠲᠠᠶᠠᠭᠳᠠᠵᠤ ᠬᠠᠷᠢᠯᠴᠠᠨ ᠰᠡᠳᠬᠢᠯ ᠢ᠋ᠶ᠋ᠡᠨ ᠨᠢᠭᠡᠳᠬᠡᠵᠦ ᠶᠡᠬᠡ ᠦᠢᠯᠡ ᠳ᠋ᠦ᠍ᠷ ᠲᠤᠰᠠᠯᠠ 》 ᠬᠡᠮᠡᠪᠡ ᠃
       ᠪᠣᠯᠣᠲᠡᠮᠤᠷ ᠨᠠᠷ ᠲᠣᠬᠣᠨᠳᠡᠮᠤᠷ ᠬᠠᠭᠠᠨ ᠢ᠋ ᠲᠤᠰᠠᠯᠠᠵᠤ ᡁᠢ ᠵᠧᠩ ᠦ᠋ᠨ ᠬᠣᠷᠢᠨ ᠲᠠᠪᠤᠳᠤᠭᠠᠷ ᠣᠨ (1365 ᠣᠨ ) ᠤ᠋ ᠭᠤᠷᠪᠠᠳᠤᠭᠠᠷ ᠰᠠᠷ᠎ᠠ ᠠ᠋ᠴᠠ ᠳᠣᠯᠣᠳᠤᠭᠠᠷ ᠰᠠᠷ᠎ᠠ ᠬᠦᠷᠲᠡᠯ᠎ᠡ ᠵᠠᠰᠠᠭ ᠤ᠋ᠨ ᠬᠡᠷᠡᠭ ᠢ᠋ ᠡᠷᠬᠢᠯᠡᠵᠦ ᠂ ᠪᠠᠷᠠᠭᠤᠨ ᠣᠷᠣᠨ ᠤ᠋ ᠤᠪᠠᠳᠢᠰᠲᠤ ᠬᠤᠸᠠᠷᠠᠭ ᠢ᠋ ᠬᠥᠭᠡᠭᠡᠵᠦ ᠶᠠᠪᠤᠭᠤᠯᠤᠭᠠᠳ ᠂ ᠲᠤᠯᠭᠠᠳᠡᠮᠤᠷ ( ᠠᡁᠨᠮᠠ ᠶ᠋ᠢᠨ ᠳᠡᠭᠦᠦ ᠬᠦᠷᠭᠡᠨ ) ᠢ᠋ ᠪᠠᠷᠢᠵᠤ ᠠᠯᠠᠭᠠᠳ ᠰᠢᠮᠨᠡᠴᠡ ᠶ᠋ᠢᠨ ᠪᠥᠵᠢᠭ ᠢ᠋ ᠵᠣᠭᠰᠣᠭᠠᠪᠠ ᠃ 

      ᠲᠡᠳᠦᠢ ᠳ᠋ᠦ᠍ᠷ ᠳᠠᠢᠳᠤ ᠬᠣᠲᠠ᠎ᠠᠴᠠ ᠳᠤᠲᠠᠭᠠᠵᠤ ᠣᠳᠤᠭᠰᠠᠨ ᠬᠣᠩ ᠲᠠᠢᠽᠢ ᠠᠶᠤᠰᠢᠷᠢᠳᠡᠷᠠ ᠱᠠᠩᠳᠤ ᠬᠣᠲᠠ ᠳ᠋ᠤ᠌ ᠬᠦᠷᠴᠦ ᠳᠡᠯᠡᠬᠡᠢ ᠳ᠋ᠠᠬᠢᠨ ᠤ᠋ ᠴᠡᠷᠢᠭ ᠮᠣᠷᠢᠨ ᠤ᠋ ᠶᠡᠷᠦᠩᠬᠡᠢ ᠵᠠᠬᠢᠷᠤᠭᠴᠢ ᠶ᠋ᠢᠨ ᠨᠡᠷ᠎ᠡ ᠪᠡᠷ ᠵᠠᠷᠯᠢᠭ ᠪᠠᠭᠤᠯᠭᠠᠵᠤ ᠂ ᠱᠠᠩᠳᠤ ᠬᠤᠪᠢᠶᠠᠷᠢ ᠮᠣᠵᠢ ᠪᠠᠢᠭᠤᠯᠤᠨ ᠲᠠᠰᠢᠳᠡᠮᠤᠷ ᠢ᠋ ᠱᠠᠩᠳᠤ ᠬᠤᠪᠢᠶᠠᠷᠢ ᠮᠣᠵᠢ ᠶ᠋ᠢᠨ ᠫᠢᠩ ᠵᠠᠩ ᠵᠧᠩᠱ᠌ᠢ  ᠲᠦᠰᠢᠮᠡᠯ ᠂ ᠲᠡᠷᠮᠠᠰᠢᠷᠢ ᠶ᠋ᠢ ᠪᠠᠷᠠᠭᠤᠨ ᠭᠠᠷᠤᠨ ᠳᠡᠮᠨᠡᠭᠴᠢ ᠲᠦᠰᠢᠮᠡᠯ ᠡᠷᠭᠦᠮᠵᠢᠯᠡᠭᠡᠳ ᠳᠠᠢᠳᠤ ᠶ᠋ᠢᠨ ᠬᠠᠭᠠᠨᠲᠤ ᠲᠥᠷᠥ ᠯᠦ᠍ᠭᠡ ᠡᠰᠡᠷᠭᠦᠴᠡᠯᠳᠦᠪᠡ ᠃
     ᠠᠶᠤᠰᠢᠷᠢᠳᠡᠷᠠ ᠵᠠᠷᠯᠢᠭ ᠪᠣᠯᠤᠷᠤᠨ ᠄ 《 ᠡᠳᠦᠭᠡ ᠪᠣᠯᠣᠲᠡᠮᠤᠷ ᠴᠡᠷᠢᠭ ᠢ᠋ᠶ᠋ᠡᠷ ᠳᠠᠢᠳᠤ ᠶ᠋ᠢ ᠡᠵᠡᠯᠡᠪᠡ ᠃ ᠪᠢ ᠠᠯᠢ ᠡᠷᠲᠡ ᠪᠦᠬᠦ ᠤᠯᠤᠰ ᠤ᠋ᠨ ᠴᠡᠷᠢᠭ ᠮᠣᠷᠢᠨ ᠤ᠋ ᠶᠡᠷᠦᠩᠬᠡᠢ ᠵᠠᠬᠢᠷᠤᠭᠴᠢ ᠶ᠋ᠢᠨ ᠡᠷᠬᠡ ᠶ᠋ᠢ ᠬᠦᠷᠲᠡᠭᠰᠡᠨ ᠲᠤᠯᠠ ᠳᠡᠭᠡᠳᠦᠰ ᠦ᠋ᠨ ᠵᠠᠷᠯᠢᠭ ᠢ᠋ᠶ᠋ᠠᠷ ᠤᠷᠪᠠᠨ ᠲᠡᠷᠰᠯᠡᠭᠰᠡᠳ ᠢ᠋ ᠲᠠᠢᠯᠠᠮᠤᠢ 》 ᠬᠡᠮᠡᠭᠡᠳ ᠬᠦᠭᠡᠳᠡᠮᠤᠷ ᠲᠤ᠌ ᠵᠠᠷᠯᠠᠨ ᠥᠭᠦᠯᠡᠷᠦᠨ ᠄ 《 ᠴᠢ ᠶᠡᠬᠡ ᠴᠡᠷᠢᠭ ᠢ᠋ ᠳᠠᠢᠴᠢᠯᠠᠨ ᠳᠠᠢᠳᠤ ᠬᠣᠲᠠ ᠶ᠋ᠢ ᠵᠠᠮ ᠬᠤᠪᠢᠶᠠᠨ ᠪᠠᠢᠯᠳᠤ ᠂ ᠪᠤᠰᠤᠳ ᠲᠥᠷᠥᠯ ᠦ᠋ᠨ ᠨᠣᠶᠠᠳ ᠂ ᠬᠦᠷᠭᠡᠳ ᠵᠢᠴᠢ ᠱᠠᠨᠰᠢ ᠬᠤᠪᠢᠶᠠᠷᠢ ᠮᠣᠵᠢ ᠶ᠋ᠢᠨ ᠫᠢᠩ ᠵᠠᠩ  ᠵᠧᠩᠱ᠌ᠢ ᠲᠦᠰᠢᠮᠡᠯ ᠯᠢ ᠰᠧ ᠴᠢ ᠲᠠᠨ ᠲᠤᠰ ᠲᠤᠰ ᠤ᠋ᠨ ᠴᠡᠷᠢᠭ ᠢ᠋ᠶ᠋ᠡᠨ ᠵᠠᠬᠢᠷᠴᠤ ᠂ ᠬᠦᠴᠦᠨ ᠨᠡᠢᠯᠡᠨ ᠤᠷᠤᠭᠰᠢᠯᠠᠵᠤ ᠳᠠᠢᠳᠤ ᠬᠣᠲᠠ ᠶ᠋ᠢ ᠬᠤᠭᠤᠴᠠᠭ᠎ᠠ ᠲᠣᠭᠲᠠᠭᠠᠨ ᠡᠭᠡᠭᠦᠯᠦᠨ ᠠᠪᠲᠤᠭᠠᠢ 》 ᠬᠡᠮᠡᠪᠡ ᠃
     ᠪᠣᠯᠣᠲᠡᠮᠤᠷ ᠂ ᠬᠣᠩ ᠲᠠᠢᠽᠢ ᠠᠶᠤᠰᠢᠷᠢᠳᠡᠷᠠ ᠶᠡᠬᠡ ᠴᠡᠷᠢᠭ ᠲᠣᠮᠢᠯᠠᠨ ᠳᠠᠢᠳᠤ ᠶ᠋ᠢ ᠬᠠᠭᠠᠷ᠎ᠠ ᠢᠷᠡᠭᠰᠡᠨ ᠴᠢᠮᠡᠭᠡ ᠶ᠋ᠢ ᠰᠣᠨᠣᠰᠤᠭᠠᠳ ᠲᠣᠬᠣᠨᠳᠡᠮᠤᠷ ᠬᠠᠭᠠᠨ ᠳ᠋ᠤᠷ ᠠᠢᠯᠠᠳᠬᠠᠪᠠᠰᠤ ᠲᠣᠬᠣᠨᠳᠡᠮᠤᠷ ᠬᠠᠭᠠᠨ ᠶᠡᠬᠡᠳᠡ ᠠᠭᠤᠷᠯᠠᠵᠤ ᠂ ᠲᠡᠷᠡ ᠳᠠᠷᠤᠢ ᠥᠯᠵᠡᠢ ᠬᠤᠲᠤᠭ ᠬᠠᠲᠤᠨ ᠢ᠋ ᠪᠠᠷᠢᠵᠤ ᠬᠣᠷᠢᠭᠠᠳ ᠠᠶᠤᠰᠢᠷᠢᠳᠡᠷᠠ ᠶ᠋ᠢ ᠦᠳᠲᠡᠷ ᠲᠦᠷᠭᠡᠨ ᠳᠠᠢᠳᠤ ᠳ᠋ᠤ᠌ ᠪᠤᠴᠠᠵᠤ ᠢᠷ᠎ᠡ ᠭᠡᠮᠡᠨ ᠵᠠᠷᠯᠠᠪᠠ ᠃ ᠪᠣᠯᠣᠲᠡᠮᠤᠷ ᠪᠠᠰᠠ ᠱᠠᠩᠳᠤ ᠳ᠋ᠤ᠌ ᠬᠥᠮᠦᠨ ᠢᠯᠡᠭᠡᠵᠦ ᠲᠠᠰᠢᠳᠡᠮᠤᠷ ᠨᠠᠷ ᠢ᠋ ᠠᠮᠤ ᠬᠦᠨᠡᠰᠦ ᠡᠪᠡᠰᠦ ᠪᠣᠷᠳᠣᠭ᠎ᠠ ᠪᠡᠯᠡᠳᠬᠡᠵᠦ ᠬᠠᠭᠠᠨ ᠤ᠋ ᠶᠡᠬᠡ ᠴᠡᠷᠢᠭ ᠢ᠋ ᠣᠭᠲᠣ ᠭᠡᠮᠡᠨ ᠵᠠᠬᠢᠳᠠᠯ ᠢᠯᠡᠭᠡᠪᠡ ᠃ 
     ᠱᠠᠩᠳᠤ ᠬᠣᠲᠠ ᠶ᠋ᠢᠨ ᠪᠠᠷᠠᠭᠤᠨ ᠭᠠᠷᠤᠨ ᠳᠡᠮᠨᠡᠭᠴᠢ ᠲᠦᠰᠢᠮᠡᠯ ᠲᠡᠷᠮᠠᠰᠢᠷᠢ ᠲᠠᠨ ᠵᠠᠷᠯᠢᠭ ᠢ᠋ ᠬᠦᠯᠢᠶᠡᠨ ᠠᠪᠤᠭᠰᠠᠨ ᠦᠭᠡᠢ ᠂ ᠴᠡᠷᠢᠭ ᠮᠣᠷᠢ ᠰᠢᠯᠵᠢᠭᠦᠯᠦᠨ ᠱᠠᠩᠳᠤ ᠶ᠋ᠢᠨ ᠬᠠᠮᠠᠭᠠᠯᠠᠯᠲᠠ ᠶ᠋ᠢ ᠴᠢᠩᠭᠠᠳᠬᠠᠵᠤ ᠪᠣᠯᠣᠲᠡᠮᠤᠷ ᠤ᠋ᠨ ᠴᠡᠷᠢᠭ ᠢ᠋ ᠲᠣᠰᠣᠨ ᠪᠠᠢᠯᠳᠤᠬᠤ ᠪᠠᠷ ᠪᠡᠯᠡᠳᠬᠡᠪᠡ ᠃
     ᠪᠣᠯᠣᠲᠡᠮᠤᠷ ᠂ ᠲᠥᠭᠡᠯ ᠲᠡᠮᠦᠷ ᠢ᠋ᠶ᠋ᠡᠷ ᠶᠡᠬᠡ ᠴᠡᠷᠢᠭ ᠢ᠋ ᠵᠠᠬᠢᠷᠤᠭᠤᠯᠵᠤ ᠱᠠᠩᠳᠤ ᠬᠣᠲᠠ ᠶ᠋ᠢ ᠪᠦᠰᠡᠯᠡᠪᠡ ᠃ ᠲᠡᠷᠮᠠᠰᠢᠷᠢ ᠪᠡᠶ᠎ᠡ ᠪᠡᠷ ᠴᠡᠷᠢᠭ ᠢ᠋ᠶ᠋ᠡᠨ ᠵᠠᠬᠢᠷᠴᠤ ᠱᠠᠩᠳᠤ ᠬᠣᠲᠠ ᠶ᠋ᠢ ᠬᠠᠮᠠᠭᠠᠯᠠᠨ ᠂ ᠰᠥᠨᠢ ᠶ᠋ᠢᠨ ᠬᠠᠷᠠᠩᠭᠤᠢ ᠪᠠᠷ ᠬᠡᠳᠦᠨ ᠬᠥᠮᠦᠨ ᠢ᠋ ᠰᠡᠮᠬᠡᠨ ᠶᠠᠪᠤᠭᠤᠯᠵᠤ ᠲᠥᠭᠡᠯ ᠲᠡᠮᠦᠷ ᠦ᠋ᠨ ᠴᠡᠷᠢᠭ ᠦ᠋ᠨ ᠬᠦᠷᠢᠶᠡᠨ ᠳ᠋ᠦ᠍ ᠭᠠᠯ ᠲᠠᠯᠪᠢᠭᠤᠯᠤᠭᠰᠠᠨ᠎ᠠ ᠴᠡᠷᠢᠭ ᠦ᠋ᠳ ᠠᠨᠤ ᠶᠡᠬᠡᠳᠡ ᠰᠠᠮᠠᠭᠤᠷᠠᠪᠠ ᠃ ᠡᠨᠳᠡᠴᠡ ᠲᠡᠷᠮᠠᠰᠢᠷᠢ ᠬᠣᠲᠠ ᠶ᠋ᠢᠨ ᠵᠡᠭᠦᠨ ᠬᠠᠭᠠᠯᠭ᠎ᠠ ᠪᠠᠷ ᠰᠢᠪᠲᠤᠯᠤᠨ ᠭᠠᠷᠴᠤ ᠲᠥᠭᠡᠯ ᠲᠡᠮᠦᠷ ᠦ᠋ᠨ ᠴᠡᠷᠢᠭ ᠦ᠋ᠨ ᠪᠦᠰᠡᠯᠡᠯᠲᠡ ᠶ᠋ᠢ ᠪᠤᠲᠠ ᠴᠣᠬᠢᠵᠤ ᠬᠣᠲᠠ ᠳᠠᠭᠠᠷᠢᠬᠤ ᠵᠡᠪᠰᠡᠭ ᠲᠣᠨᠣᠭᠯᠠᠯ ᠢ᠋ ᠪᠦᠷᠢᠮᠦᠰᠦᠨ ᠰᠢᠲᠠᠭᠠᠭᠰᠠᠨ ᠳ᠋ᠤᠷ ᠲᠥᠭᠡᠯ ᠲᠡᠮᠦᠷ ᠰᠣᠴᠢᠨ ᠭᠡᠯᠮᠡᠭᠳᠡᠭᠡᠳ ᠴᠡᠷᠢᠭ ᠢ᠋ᠶ᠋ᠡᠨ ᠬᠣᠢᠰᠢ ᠲᠠᠲᠠᠪᠠ ᠃ 
    ᠱᠠᠩᠳᠤ ᠬᠣᠲᠠ ᠶ᠋ᠢᠨ ᠬᠠᠮᠠᠭᠠᠯᠠᠯᠲᠠ ᠶ᠋ᠢᠨ ᠲᠡᠢᠨ ᠢᠯᠠᠯᠲᠠ ᠣᠯᠵᠤ  ᠳᠠᠷᠮᠠᠱᠢᠷᠢ ᠶ᠋ᠢᠨ ᠨᠡᠷ᠎ᠡ ᠰᠦᠷ ᠶᠡᠬᠡᠳᠡ ᠮᠠᠨᠳᠤᠪᠠ ᠃ ᠭᠡᠲᠡᠯ᠎ᠡ ᠲᠡᠷᠡ ᠤᠳᠠᠭᠰᠠᠨ ᠦᠭᠡᠢ ᠭᠡᠨᠡᠳᠲᠡ ᠪᠡᠷ ᠨᠠᠰᠤ ᠪᠠᠷᠠᠵᠠᠢ ᠃ ᠲᠡᠦᠬᠡᠨ ᠲᠡᠮᠳᠡᠭᠯᠡᠯ ᠢ᠋ ᠦᠨᠳᠦᠰᠦᠯᠡᠪᠡᠯ ᠂ ᠬᠡᠰᠢᠭ ᠦ᠋ᠨ ᠨᠣᠶᠠᠨ ᠬᠠᠷᠠᠵᠠᠩ ( ᠪᠣᠭᠣᠷᠴᠤ ᠶ᠋ᠢᠨ ᠵᠢᠷᠭᠤᠳᠤᠭᠠᠷ ᠦᠶ᠎ᠡ ᠶ᠋ᠢᠨ ᠬᠣᠢᠴᠢᠰ ᠂ ᠠᠷᠤᠭᠳᠦ ᠶ᠋ᠢᠨ ᠣᠮᠪᠣᠯᠣ ) ᠨᠢᠭᠡ ᠰᠥᠨᠢ ᠴᠢᠩᠭᠢᠰ ᠬᠠᠭᠠᠨ ᠢ᠋ ᠵᠡᠭᠦᠳᠦᠯᠡᠪᠡ ᠭᠡᠨ᠎ᠡ ᠃ ᠴᠢᠩᠭᠢᠰ ᠬᠠᠭᠠᠨ ᠄ 《 ᠮᠢᠨᠦ ᠵᠣᠪᠠᠵᠤ ᠵᠦᠳᠡᠵᠦ ᠪᠠᠢᠭᠤᠯᠤᠭᠰᠠᠨ ᠠᠤᠭ᠎ᠠ ᠦᠢᠯᠡᠰ ᠣᠳᠣ ᠲᠣᠬᠤᠨᠲᠡᠮᠦᠷ ᠲᠦ᠍ ᠤᠯᠠᠮᠵᠢᠯᠠᠭᠳᠠᠪᠠ ᠃ ᠲᠡᠭᠦᠨ ᠦ᠌ ᠬᠥᠪᠡᠭᠦᠨ ᠠᠶᠤᠰᠢᠷᠢᠳᠠᠷᠠ ᠪᠦᠲᠦᠯ ᠦᠭᠡᠢ ᠲᠤᠯᠠ ᠮᠢᠨᠦ ᠶᠡᠬᠡ ᠦᠢᠯᠡᠰ ᠲᠡᠭᠦᠨ ᠦ᠌ ᠭᠠᠷ ᠲᠤ᠌ ᠪᠦᠷᠢᠯᠦᠮᠦᠢ ᠃ ᠬᠡᠷᠪᠡ ᠲᠡᠷᠡ ᠭᠡᠮᠰᠢᠨ ᠤᠬᠠᠭᠠᠷᠠᠬᠤ ᠦᠭᠡᠢ ᠪᠣᠯᠪᠠᠰᠤ ᠲᠩᠷᠢ ᠦᠯᠦ ᠠᠭᠤᠴᠢᠯᠠᠮᠤᠢ ᠃ ᠴᠢ ᠪᠣᠯᠪᠠᠰᠤ ᠮᠢᠨᠦ ᠲᠦᠮᠡᠨ ᠦ᠌ ᠨᠣᠶᠠᠨ ᠪᠣᠭᠣᠷᠴᠤ ᠶ᠋ᠢᠨ ᠬᠣᠢᠴᠢᠰ ᠮᠥᠨ ᠂ ᠰᠢᠳᠤᠷᠭᠤ ᠢᠲᠡᠭᠡᠯᠲᠦ ᠲᠦᠰᠢᠮᠡᠯ ᠪᠣᠯᠠᠢ ᠃ ᠴᠢᠮᠠᠲᠤ ᠬᠡᠯᠡᠭᠰᠡᠨ ᠦᠭᠡ ᠶ᠋ᠢ ᠲᠣᠬᠤᠨᠲᠡᠮᠦᠷ ᠪᠣᠯᠤᠨ ᠲᠡᠭᠦᠨ ᠦ᠌ ᠬᠥᠪᠡᠭᠦᠨ ᠠᠶᠤᠰᠢᠷᠢᠳᠠᠷᠠ ᠳ᠋ᠤ᠌ ᠳᠠᠮᠵᠢᠭᠤᠯᠵᠤ ᠥᠭ ᠃ ᠬᠡᠷᠪᠡ ᠮᠢᠨᠦ ᠨᠠᠢᠳᠠᠯᠭ᠎ᠠ ᠶ᠋ᠢ ᠡᠰᠡ ᠪᠡᠶᠡᠯᠡᠭᠦᠯᠪᠡᠰᠦ ᠴᠢᠮ᠎ᠠ ᠶ᠋ᠢ ᠪᠠᠰᠠ ᠠᠯᠠᠮᠤᠢ ᠃ ᠬᠡᠷᠪᠡ ᠲᠡᠳᠡ ᠭᠡᠮᠰᠢᠨ ᠤᠬᠠᠭᠠᠷᠠᠬᠤ ᠦᠭᠡᠢ ᠪᠣᠯᠪᠠᠰᠤ ᠪᠢ ᠪᠠᠰᠠ ᠲᠡᠳᠡᠨ ᠢ᠋ ᠵᠠᠯᠬᠠᠭᠠᠮᠤᠢ ᠃ ᠳᠠᠷᠮᠠᠰᠢᠷᠢ ᠥᠩᠭᠡᠷᠡᠭᠰᠡᠨ ᠳ᠋ᠦ᠍ ᠬᠠᠷᠠᠬᠠᠨ ᠴᠠᠭ ᠤ᠋ᠨ ᠥᠩᠭᠡ ᠶ᠋ᠢ ᠮᠡᠳᠡᠬᠦ ᠪᠥᠯᠥᠭᠡ ᠃ ᠡᠳᠦᠭᠡ ᠬᠠᠷᠢᠨ ᠪᠤᠰᠤᠷᠬᠤ ᠪᠣᠯᠤᠭᠰᠠᠨ ᠲᠤᠯᠠ ᠡᠢᠮᠦ ᠬᠥᠮᠦᠨ ᠢ᠋ᠶ᠋ᠡᠷ ᠶᠠᠭᠤ ᠬᠢᠮᠦᠢ 》 ᠬᠡᠮᠡᠭᠰᠡᠨ ᠭᠡᠨ᠎ᠡ ᠃ 
    ᠰᠡᠭᠦᠯᠡᠷ ᠨᠢ ᠬᠠᠷᠠᠵᠠᠩ ᠡᠨᠡ ᠬᠦ᠌ ᠵᠡᠭᠦᠳᠦ ᠪᠡᠨ ᠲᠣᠬᠤᠨᠲᠡᠮᠦᠷ ᠪᠣᠯᠤᠨ ᠠᠶᠤᠰᠢᠷᠢᠳᠠᠷᠠ ᠳ᠋ᠤ᠌ ᠮᠡᠳᠡᠭᠦᠯᠦᠭᠰᠡᠨ ᠪᠠᠢᠪᠠ ᠃ ᠲᠡᠢᠨ ᠬᠦ᠌ ᠳᠠᠷᠮᠠᠰᠢᠷᠢ ᠭᠡᠨᠡᠳᠲᠡ ᠦᠬᠦᠭᠰᠡᠨ ᠭᠡᠳᠡᠭ ᠃ ᠳᠠᠷᠮᠠᠰᠢᠷᠢ ᠪᠣᠯ ᠬᠡᠷᠡᠢᠳ ᠣᠪᠣᠭ ᠲᠠᠢ ᠂ ᠲᠣᠬᠤᠨᠲᠡᠮᠦᠷ ᠬᠠᠭᠠᠨ ᠤ᠋ ᠦᠶ᠎ᠡ ᠳ᠋ᠦ᠍ ᠪᠠᠢᠴᠠᠭᠠᠨ ᠠᠢᠯᠠᠳᠬᠠᠬᠤ ᠬᠣᠷᠢᠶ᠎ᠠ ᠶ᠋ᠢᠨ ᠬᠢᠨᠠᠭᠴᠢ ᠂ ᠪᠠᠢᠴᠠᠭᠠᠨ ᠦᠵᠡᠭᠴᠢ ᠲᠦᠰᠢᠮᠡᠯ ᠂ ᠡᠷᠡᠭᠦᠦ ᠶ᠋ᠢᠨ ᠶᠠᠪᠤᠳᠠᠯ ᠤ᠋ᠨ ᠶᠠᠮᠤᠨ ᠤ᠋ ᠡᠷᠭᠢᠨ ᠰᠠᠢᠳ ᠂ ᠡᠮᠦᠨᠡᠲᠦ ᠤᠮᠠᠷᠠᠲᠤ ᠶ᠋ᠢᠨ ᠴᠡᠷᠢᠭ ᠮᠣᠷᠢᠨ ᠤ᠋ ᠬᠡᠯᠲᠡᠰ ᠦ᠋ᠨ ᠲᠣᠬᠢᠶᠠᠯᠳᠤᠭᠤᠯᠤᠨ ᠵᠠᠬᠢᠷᠤᠭᠴᠢ ᠵᠡᠷᠭᠡ ᠲᠤᠰᠢᠶᠠᠯ ᠢ᠋ ᠬᠠᠷᠢᠭᠤᠴᠠᠵᠤ ᠥᠩᠭᠡᠷᠡᠪᠡ ᠃ ᠲᠦᠭᠡᠯ ᠲᠡᠮᠦᠷ ᠱᠠᠩᠳᠤ ᠬᠣᠲᠠ ᠶ᠋ᠢ ᠪᠦᠰᠡᠯᠡᠨ ᠪᠠᠢᠯᠳᠤᠵᠤ ᠪᠠᠢᠭᠰᠠᠨ ᠳ᠋ᠤ᠌ ᠲᠥᠪ ᠪᠢᠴᠢᠭ ᠦ᠋ᠨ ᠮᠣᠵᠢ ᠶ᠋ᠢᠨ ᠪᠠᠷᠠᠭᠤᠨ ᠭᠠᠷᠤᠨ ᠴᠢᠩᠰᠠᠩ ᠶᠢᠰᠦᠨᠪᠣᠬ᠎ᠠ ᠴᠡᠷᠢᠭ ᠵᠠᠬᠢᠷᠴᠤ ᠯᠢᠶᠠᠩ ᠰᠢᠶᠠᠩ ( ᠣᠳᠣ ᠶ᠋ᠢᠨ ᠪᠡᠭᠡᠵᠢᠩ ᠬᠣᠲᠠ ᠶ᠋ᠢᠨ ᠯᠢᠶᠠᠩ ᠰᠢᠶᠠᠩ ) ᠳ᠋ᠤ᠌ ᠢᠷᠡᠭᠡᠳ ᠬᠦᠬᠡᠲᠡᠮᠦᠷ ᠦ᠋ᠨ ᠴᠡᠷᠢᠭ ᠢ᠋ ᠬᠣᠷᠢᠭᠯᠠᠨ ᠪᠠᠢᠯᠳᠤᠬᠤ ᠪᠠᠷ ᠪᠡᠯᠡᠳᠬᠡᠪᠡ ᠃ ᠡᠨᠡ ᠨᠢ ᠬᠡᠷᠡᠭ ᠳᠡᠭᠡᠷ᠎ᠡ ᠪᠡᠨ ᠪᠣᠯᠤᠲᠡᠮᠦᠷ ᠨᠠᠷ ᠢ᠋ ᠳᠠᠢᠯᠠᠬᠤ ᠪᠠᠷ ᠬᠤᠤᠪᠢᠯᠳᠤᠵᠤ ᠪᠠᠢᠪᠠ ᠃ 
     ᠶᠢᠰᠦᠨᠪᠣᠬ᠎ᠠ ᠭᠠᠷ ᠳᠣᠣᠷᠠᠬᠢ ᠵᠠᠩᠵᠤᠨ ᠲᠦᠰᠢᠮᠡᠳ ᠲᠦ᠍ ᠪᠡᠨ ᠥᠭᠦᠯᠡᠷᠦᠨ ᠄ 《 ᠪᠣᠯᠤᠲᠡᠮᠦᠷ ᠴᠡᠷᠢᠭ ᠢ᠋ᠶ᠋ᠡᠷ  ᠳᠠᠢᠳᠤ ᠬᠣᠲᠠ ᠶ᠋ᠢ ᠰᠦᠷᠳᠡᠭᠦᠯᠦᠨ ᠬᠠᠭᠠᠨ ᠣᠷᠳᠣᠨ ᠳ᠋ᠤ᠌ ᠳᠠᠭᠠᠷᠢᠨ ᠣᠷᠣᠵᠤ ᠂ ᠶᠡᠬᠡ ᠬᠠᠭᠠᠨ ᠢ᠋ ᠠᠯᠪᠠᠲᠠᠨ ᠰᠢᠬᠠᠮᠳᠠᠭᠤᠯᠤᠭᠰᠠᠨ ᠠᠨᠤ ᠡᠵᠡᠨ ᠳ᠋ᠦ᠍ᠷ ᠬᠠᠯᠳᠠᠵᠤ ᠤᠷᠪᠠᠨ ᠲᠡᠷᠰᠯᠡᠭᠰᠡᠨ ᠂ ᠬᠠᠷᠭᠢᠰ ᠰᠥᠷᠭᠡᠦ ᠶᠠᠪᠤᠳᠠᠯ ᠪᠣᠯᠠᠢ ᠃ ᠪᠢᠳᠡ ᠬᠠᠨᠴᠤᠢ ᠳᠤᠭᠲᠤᠢᠯᠠᠨ ᠬᠠᠵᠠᠭᠤ ᠠ᠋ᠴᠠ ᠨᠢ ᠬᠠᠷᠠᠨ ᠰᠠᠭᠤᠵᠤ ᠦᠯᠦ ᠪᠣᠯᠤᠮᠤᠢ 》 ᠬᠡᠮᠡᠭᠡᠳ ᠲᠠᠢᠶᠤᠸᠠᠨ ᠂ ᠯᠢᠶᠣᠣᠶᠠᠩ ᠵᠡᠷᠭᠡ ᠭᠠᠵᠠᠷ ᠲᠤ᠌ ᠬᠥᠮᠦᠨ ᠲᠣᠮᠢᠯᠠᠨ ᠬᠦᠬᠡᠲᠡᠮᠦᠷ ᠪᠣᠯᠤᠨ ᠲᠥᠷᠥᠯ ᠦ᠋ᠨ ᠨᠣᠶᠠᠳ ᠂ ᠬᠠᠭᠠᠨ ᠤ᠋ ᠬᠦᠷᠭᠡᠳ ᠯᠤᠭᠡ ᠬᠣᠯᠪᠣᠭ᠎ᠠ ᠠᠪᠴᠤ ᠪᠣᠯᠤᠲᠡᠮᠦᠷ ᠢ᠋ ᠳᠠᠢᠳᠤ  ᠬᠣᠲᠠ ᠠ᠋ᠴᠠ ᠬᠥᠭᠡᠭᠡᠵᠦ ᠭᠠᠷᠭᠠᠬᠤ ᠬᠡᠷᠡᠭ ᠢ᠋ ᠵᠥᠪᠳᠡᠪᠡ ᠃ 
     ᠶᠢᠰᠦᠨᠪᠣᠬ᠎ᠠ ᠶ᠋ᠢᠨ ᠰᠠᠨᠠᠯ ᠢ᠋ ᠬᠦᠬᠡᠲᠡᠮᠦᠷ ᠶᠡᠬᠡᠳᠡ ᠵᠥᠪᠰᠢᠶᠡᠷᠡᠵᠦ ᠬᠣᠶᠠᠷ ᠲᠠᠯ᠎ᠠ ᠪᠠᠷ ᠢ᠋ᠶ᠋ᠠᠨ ᠬᠣᠯᠪᠣᠯᠳᠤᠨ ᠳᠠᠢᠳᠤ ᠬᠣᠲᠠ ᠶ᠋ᠢ ᠰᠢᠭᠤᠳ ᠳᠠᠢᠯᠠᠷ᠎ᠠ ᠢᠷᠡᠪᠡ ᠃ ᠪᠣᠯᠤᠲᠡᠮᠦᠷ ᠂ ᠶᠢᠰᠦᠨᠪᠣᠬ᠎ᠠ ᠴᠢᠩᠰᠠᠩ ᠤ᠋ᠨ ᠤᠷᠪᠠᠭᠰᠠᠨ ᠢ᠋ ᠮᠡᠳᠡᠭᠡᠳ ᠶᠡᠬᠡ ᠠᠭᠤᠷᠯᠠᠵᠤ ᠶᠣᠣ ᠪᠠᠶᠠᠨᠪᠤᠬ᠎ᠠ ᠪᠠᠷ ᠰᠢᠯᠢᠳᠡᠭ ᠴᠡᠷᠢᠭ ᠨᠢᠭᠡ ᠲᠦᠮᠡ ᠶ᠋ᠢ ᠵᠠᠬᠢᠷᠤᠭᠤᠯᠤᠨ ᠶᠢᠰᠦᠨᠪᠣᠬ᠎ᠠ ᠬᠦᠬᠡᠲᠡᠮᠦᠷ ᠦ᠋ᠨ ᠬᠣᠯᠪᠣᠭᠠᠲᠤ ᠴᠡᠷᠢᠭ ᠢ᠋ ᠬᠣᠷᠢᠭᠯᠠᠨ ᠪᠠᠢᠯᠳᠤᠭᠤᠯᠪᠠ ᠃ 
     ᠶᠣᠣ ᠪᠠᠶᠠᠨᠪᠤᠬ᠎ᠠ ᠶ᠋ᠢᠨ ᠴᠡᠷᠢᠭ ᠲᠦᠩᠵᠸᠦ ᠳ᠋ᠦ᠍ ᠢᠷᠡᠭᠡᠳ ᠶᠡᠬᠡ ᠪᠣᠷᠣᠭᠠᠨ ᠲᠣᠬᠢᠶᠠᠯᠳᠤᠵᠤ ᠭᠣᠣᠯ ᠊ᠢ ᠭᠡᠲᠦᠯᠵᠦ  ᠳᠡᠢᠯᠦᠭᠰᠡᠨ ᠦᠭᠡᠢ ᠬᠣᠩᠴᠢᠶᠣᠣ ( ᠣᠳᠣ ᠶ᠋ᠢᠨ ᠪᠡᠭᠡᠵᠢᠩ ᠦ᠋ᠨ ᠬᠣᠩ ᠴᠢᠶᠣᠤ ) ᠳ᠋ᠤ᠌ ᠲᠦᠷ ᠪᠠᠭᠤᠳᠠᠯᠯᠠᠪᠠ ᠃ ᠡᠨᠲᠡᠴᠡ ᠶᠢᠰᠦᠨᠪᠣᠬ᠎ᠠ ᠶ᠋ᠢᠨ ᠴᠡᠷᠢᠭ ᠭᠣᠣᠯ ᠊ᠢ ᠭᠡᠲᠦᠯᠦᠨ ᠭᠡᠨᠡᠳᠡᠭᠦᠯᠦᠨ ᠴᠣᠬᠢᠵᠤ ᠶᠣᠣ ᠪᠠᠶᠠᠨᠪᠤᠬ᠎ᠠ ᠶ᠋ᠢ ᠠᠮᠢᠳᠤ ᠪᠠᠷ ᠪᠠᠷᠢᠪᠴᠢᠯᠠᠪᠠ ᠃ 
     ᠪᠣᠯᠤᠲᠡᠮᠦᠷ ᠂ ᠶᠣᠣ ᠪᠠᠶᠠᠨᠪᠤᠬ᠎ᠠ ᠪᠠᠷᠢᠪᠴᠢᠯᠠᠭᠳᠠᠭᠰᠠᠨ ᠊ᠢ ᠰᠣᠨᠣᠰᠤᠭᠠᠳ ᠥᠪᠡᠷ ᠢ᠋ᠶ᠋ᠡᠨ ᠴᠡᠷᠢᠭ ᠵᠠᠬᠢᠷᠴᠤ ᠲᠦᠩᠵᠸᠦ ᠳ᠋ᠦ᠍ ᠢᠷᠡᠭᠡᠳ ᠮᠥᠨ ᠰᠢᠷᠦᠭᠦᠨ ᠪᠣᠷᠣᠭᠠᠨ ᠳ᠋ᠤ᠌ ᠬᠣᠷᠢᠭᠳᠠᠵᠤ ᠭᠤᠷᠪᠠᠨ ᠡᠳᠦᠷ ᠪᠣᠯᠵᠤ ᠳᠠᠶ᠋ᠢᠳᠤ ᠳ᠋ᠤ᠌ ᠡᠭᠡᠪᠡ ᠃ 
     ᠪᠣᠯᠤᠲᠡᠮᠦᠷ ᠄ 《 ᠮᠡᠷᠭᠡᠨ ᠪᠠᠭᠠᠲᠤᠷ ᠬᠣᠣᠰᠯᠠᠭᠰᠠᠨ ᠶᠣᠣ ᠪᠠᠶᠠᠨᠪᠤᠬ᠎ᠠ ᠪᠠᠷᠢᠭᠳᠠᠵᠤ ᠂ ᠪᠡᠶ᠎ᠡ ᠪᠡᠷ ᠳᠠᠢᠯᠠᠷ᠎ᠠ ᠮᠣᠷᠳᠠᠭᠠᠳ ᠪᠢ ᠮᠥᠨ ᠪᠣᠷᠣᠭᠠᠨ ᠦᠶᠡᠷ ᠲᠦ᠍ ᠬᠠᠰᠢᠭᠳᠠᠭᠰᠠᠨ ᠠᠨᠤ ᠲᠩᠷᠢ ᠨᠠᠳᠠ ᠶ᠋ᠢ ᠦᠯᠦ ᠢᠪᠡᠭᠡᠬᠦ ᠪᠣᠢ ‍ᠶ᠎ᠠ 》 ᠭᠡᠮᠡᠨ ᠰᠡᠳᠬᠢᠯ ᠰᠠᠨᠠᠭ᠎ᠠ ᠤᠢ᠍ᠢᠮᠤᠷᠠᠵᠤ ᠂ ᠡᠳᠦᠷ ᠲᠤᠵᠢ ᠯᠤᠳᠢ ᠱᠠᠭ ᠯᠤᠭ᠎ᠠ ᠠᠷᠢᠬᠢᠳᠠᠵᠤ ᠰᠣᠭᠲᠣᠪᠠᠰᠤ ᠬᠥᠮᠦᠨ ᠠᠯᠠᠵᠤ ᠣᠷᠳᠣᠨ ᠤ᠋ ᠳᠣᠲᠣᠷᠠᠬᠢ ᠰᠠᠢᠳ ᠲᠦᠰᠢᠮᠡᠳ ᠦ᠋ᠨ ᠳᠤᠷ᠎ᠠ ᠦᠭᠡᠢᠴᠡᠯ ᠢ᠋ ᠣᠯᠪᠠ ᠃ 
    ᠲᠡᠳᠦᠢ ᠳ᠋ᠦ᠍ᠷ ᠥᠯᠵᠡᠢ ᠬᠤᠲᠤᠭ ᠬᠠᠲᠤᠨ ᠪᠣᠯᠤᠲᠡᠮᠦᠷ ᠦ᠋ᠨ ᠭᠡᠶᠦᠷᠡᠨ ᠬᠣᠯᠬᠢᠵᠤ ᠪᠠᠢᠭ᠎ᠠ ᠪᠠᠢᠳᠠᠯ ᠢ᠋ ᠮᠡᠳᠡᠭᠡᠳ ᠠᠷᠤ ᠣᠷᠳᠣᠨ ᠤ᠋ ᠲᠠᠢᠭᠠᠨ ᠲᠦᠰᠢᠮᠡᠯ ᠰᠧ ᠯᠦᠩ ᠢ ᠬᠡᠮᠡᠭᠴᠢ ᠶ᠋ᠢ ᠰᠡᠮᠡᠬᠡᠷ ᠲᠤᠬᠢᠷᠴᠤ ᠭᠣᠸ᠋᠎ᠠ ᠥᠬᠢᠳ ᠢ᠋ ᠬᠡᠳᠦᠨ ᠠᠷᠪᠠ ᠰᠣᠩᠭᠣᠨ ᠪᠣᠯᠤᠲᠡᠮᠦᠷ ᠲᠦ᠍ ᠬᠦᠷᠭᠡᠭᠦᠯᠪᠡ ᠃ 
    ᠥᠯᠵᠡᠢ ᠬᠤᠲᠤᠭ ᠤ᠋ᠨ ᠥᠩᠭᠡ ᠪᠡᠷ ᠲᠠᠲᠠᠬᠤ ᠵᠠᠯᠢᠬᠠᠢ ᠠᠷᠭ᠎ᠠ ᠨᠢ ᠦᠨᠡᠬᠡᠷ ᠦᠢᠯᠡᠳᠦᠯ ᠦᠵᠡᠭᠦᠯᠪᠡ ᠃ ᠪᠣᠯᠤᠲᠡᠮᠦᠷ ᠂ ᠬᠠᠭᠠᠨ ᠳ᠋ᠤᠷ ᠠᠢᠯᠠᠳᠬᠠᠨ ᠥᠯᠵᠡᠢ ᠬᠤᠲᠤᠭ ᠬᠠᠲᠤᠨ ᠢ᠋ ᠬᠣᠷᠢᠭᠤᠯ ᠤ᠋ᠨ ᠭᠠᠵᠠᠷ ᠠ᠋ᠴᠠ ᠴᠢᠯᠥᠭᠡᠯᠡᠵᠦ ᠰᠢᠩ ᠱᠸᠩ ᠬᠦᠩ ᠣᠷᠳᠣᠨ ᠳ᠋ᠤ᠌ ᠲᠣᠰᠴᠤ ᠠᠪᠴᠢᠷᠠᠪᠠ ᠃
    ᠥᠯᠵᠡᠢ ᠬᠤᠲᠤᠭ ᠬᠠᠲᠤᠨ ᠰᠢᠩ ᠱᠸᠩ ᠬᠦᠩ ᠣᠷᠳᠣᠨ ᠳ᠋ᠤ᠌ ᠪᠠᠨ ᠪᠤᠴᠠᠵᠤ ᠢᠷᠡᠭᠡᠳ ᠲᠣᠬᠤᠨᠲᠡᠮᠦᠷ ᠬᠠᠭᠠᠨ ᠳ᠋ᠤ᠌ ᠬᠣᠪᠯᠠᠨ ᠥᠭᠦᠯᠡᠷᠦᠨ ᠄ 《 ᠪᠣᠯᠤᠲᠡᠮᠦᠷ ᠬᠡᠳᠦᠢᠪᠡᠷ ᠰᠤᠷᠪᠤᠯᠵᠢᠲᠤ ᠤᠭᠰᠠᠭᠠᠨ ᠤ᠋ ᠬᠣᠢᠴᠢᠰ ᠪᠣᠯᠪᠠᠴᠤ ᠥᠩᠭᠡ ᠮᠥᠩᠭᠥᠨ ᠳ᠋ᠦ᠍ ᠬᠣᠪᠳᠣᠭ ᠂ ᠬᠠᠭᠠᠨ ᠢ᠋ ᠨᠢᠳᠦᠨ ᠳ᠋ᠦ᠍ᠷ ᠦᠯᠦ ᠬᠠᠪᠴᠢᠵᠤ ᠂ ᠳᠠᠯᠳᠠᠭᠤᠷ ᠥᠪᠡᠷ ᠦ᠋ᠨ ᠬᠢ ᠪᠡᠨ ᠪᠢᠰᠢᠯᠭᠠᠵᠤ ᠠᠮᠤᠢ 》 ᠬᠡᠮᠡᠬᠦᠶ᠎ᠡ ᠲᠤᠬᠤᠨᠲᠡᠮᠦᠷ ᠬᠠᠭᠠᠨ ᠤ᠌ᠭ ᠠ᠋ᠴᠠ ᠪᠣᠯᠤᠲᠡᠮᠦᠷ ᠲᠦ᠍ ᠳᠤᠷ᠎ᠠ ᠦᠭᠡᠢᠴᠡᠵᠦ ᠪᠠᠢᠭᠰᠠᠨ ᠲᠤᠯᠠ ᠸᠧᠢ ᠱᠦᠨ ᠸᠠᠩ ᠭᠣᠨᠴᠣᠭ ᠤ᠋ᠨ ᠬᠥᠪᠡᠭᠦᠨ ᠬᠠᠱᠠᠩ ᠳ᠋ᠤ᠌ ᠨᠢᠭᠤᠴᠠ ᠵᠠᠷᠯᠢᠭ ᠥᠭᠴᠦ ᠪᠣᠯᠤᠲᠡᠮᠦᠷ ᠢ᠋ ᠠᠷᠢᠯᠭᠠᠬᠤ ᠪᠠᠷ ᠵᠠᠬᠢᠪᠠ ᠃ 
     ᠨᠢᠭᠡᠨ ᠥᠷᠯᠥᠭᠡ ᠪᠣᠯᠤᠲᠡᠮᠦᠷ ᠮᠣᠷᠢ ᠤᠨᠤᠵᠤ ᠭᠠᠳᠠᠭᠰᠢ ᠭᠠᠷᠬᠤ ᠪᠠᠷ ᠶᠠᠪᠤᠭᠰᠠᠨ ᠳ᠋ᠤ᠌ ᠵᠠᠮ ᠤ᠋ᠨ ᠬᠠᠵᠠᠭᠤ ᠪᠠᠷ ᠨᠢᠭᠡ ᠰᠦᠷᠦᠭ ᠵᠢᠳᠠ ᠰᠡᠯᠡᠮ᠎ᠡ ᠪᠠᠷᠢᠭᠰᠠᠨ ᠬᠥᠮᠦᠰ ᠵᠠᠮ ᠬᠠᠪᠴᠢᠨ ᠵᠣᠭᠰᠣᠵᠤᠬᠤᠢ ᠃ ᠶᠠᠭ ᠡᠨᠡ ᠦᠶ᠎ᠡ ᠳ᠋ᠦ᠍ ᠨᠢᠭᠡ ᠮᠣᠷᠢᠲᠤ ᠬᠥᠮᠦᠨ ᠡᠮᠦᠨ᠎ᠡ ᠵᠦᠭ ᠡᠴᠡ ᠳᠣᠪᠲᠣᠯᠭᠠᠨ ᠢᠷᠡᠭᠡᠳ ᠲᠦᠭᠡᠯ ᠲᠡᠮᠦᠷ ᠦ᠋ᠨ ᠪᠠᠶ᠋ᠢᠯᠳᠤᠭᠠᠨ ᠳ᠋ᠤ᠌ ᠢᠯᠠᠯᠲᠠ ᠣᠯᠤᠭᠰᠠᠨ ᠪᠠᠶᠠᠷ ᠤ᠋ᠨ ᠮᠡᠳᠡᠭᠡ ᠶ᠋ᠢ ᠳᠠᠮᠵᠢᠭᠤᠯᠪᠠ᠃ ᠪᠣᠯᠣᠲᠡᠮᠦᠷ ᠶᠡᠬᠡᠳᠡ ᠪᠠᠶᠠᠷᠯᠠᠵᠤ ᠢᠷᠡᠭᠰᠡᠨ ᠡᠯᠴᠢᠨ ᠯᠦ᠍ᠭᠡ ᠬᠠᠮᠲᠤ ᠶᠠᠪᠤᠬᠤ ᠬᠡᠮᠡᠬᠦᠢ ᠳ᠋ᠦ᠍ᠷ ᠫᠢᠩ ᠵᠠᠩ ᠲᠦᠰᠢᠮᠡᠯ ᠰᠢᠷᠡᠮᠦᠨ ᠥᠴᠢᠷᠦᠨ ᠄ 《 ᠴᠢᠩᠰᠠᠩ ᠡᠨᠡ ᠰᠠᠢᠨ ᠴᠢᠮᠡᠭᠡ ᠶ᠋ᠢ ᠬᠠᠭᠠᠨ ᠳ᠋ᠤᠷ ᠨᠢᠭᠤᠷᠳᠠᠨ ᠠᠶ᠋ᠢᠯᠠᠤᠠᠬᠠᠪᠠᠰᠤ ᠵᠣᠬᠢᠮᠤᠢ 》 ᠬᠡᠮᠡᠭᠡᠳ ᠪᠣᠯᠣᠲᠡᠮᠦᠷ ᠢ᠋ ᠬᠣᠶ᠋ᠢᠰᠢ ᠲᠠᠲᠠᠵᠤ ᠠᠪᠴᠢᠷᠠᠪᠠ ᠃
     ᠪᠣᠯᠣᠲᠡᠮᠦᠷ ᠂ ᠶᠠᠨ ᠴᠦᠨ ᠭᠧ ᠲᠠᠭᠲᠤ ᠶ᠋ᠢᠨ ᠬᠠᠵᠠᠭᠤ ᠳ᠋ᠠᠬᠢ ᠠᠯᠢᠮ᠎ᠠ ᠲᠣᠭᠣᠷ ᠤ᠋ᠨ ᠮᠣᠳᠣᠨ ᠤ᠋ ᠳᠡᠷᠭᠡᠳᠡ ᠬᠦᠷᠬᠦ ᠳ᠋ᠦ᠍ ᠮᠣᠳᠣᠨ ᠤ᠋ ᠮᠥᠴᠢᠷ ᠪᠣᠯᠣᠲᠡᠮᠦᠷ ᠦ᠋ᠨ ᠮᠠᠯᠠᠭᠠᠢ ᠶ᠋ᠢ ᠭᠣᠬᠠᠳᠠᠵᠤ ᠬᠥᠰᠡᠷ ᠤᠨᠠᠭᠠᠪᠠ ᠃ ᠪᠣᠯᠣᠲᠡᠮᠦᠷ ᠭᠢᠷᠲᠭᠢᠵᠤ 《 ᠮᠠᠭᠤᠬᠠᠢ ᠪᠣᠯᠤᠯ᠎ᠠ ! 》 ᠭᠡᠮᠡᠨ ᠳᠠᠭᠤᠨ ᠭᠠᠷᠬᠤ ᠶ᠋ᠢᠨ ᠬᠢᠷᠢ ᠳ᠋ᠦ᠍ ᠢᠯᠳᠦ ᠪᠠᠷᠢᠭᠰᠠᠨ ᠬᠦᠳᠡᠷ ᠡᠷ᠎ᠡ ᠲᠡᠭᠦᠨ ᠦ᠌ ᠵᠠᠮ ᠢ᠋ ᠲᠤᠰᠪᠠ ᠃ ᠪᠣᠯᠣᠲᠡᠮᠦᠷ ᠦᠵᠡᠪᠡᠰᠦ ᠦᠯᠦ ᠲᠠᠨᠢᠬᠤ ᠬᠥᠮᠦᠨ ᠲᠤᠯᠠ ᠶᠡᠬᠡ ᠳᠠᠭᠤᠨ ᠢ᠋ᠶ᠋ᠠᠷ ᠪᠠᠷᠬᠢᠷᠠᠨ ᠥᠭᠦᠯᠡᠷᠦᠨ ᠄ 《 ᠫᠢᠩ ᠵᠠᠩ ᠨᠣᠶᠠᠨ ! ᠶᠠᠭᠠᠬᠢᠭᠠᠳ ᠦᠯᠦ ᠲᠠᠨᠢᠬᠤ ᠬᠥᠮᠦᠨ ᠡᠨᠳᠡ ᠪᠣᠢ ? 》 ᠬᠡᠮᠡᠬᠦᠶ᠎ᠡ ᠲᠡᠷᠡ ᠬᠥᠮᠦᠨ ᠢᠯᠳᠦ ᠡᠷᠭᠦᠨ ᠪᠣᠯᠣᠲᠡᠮᠦᠷ ᠦ᠋ᠨ ᠮᠠᠩᠨᠠᠢ ᠤᠷᠤᠭᠤ ᠴᠠᠪᠴᠢᠨ ᠣᠷᠣᠪᠠ᠃ ᠪᠣᠯᠣᠲᠡᠮᠦᠷ ᠪᠠᠷᠠᠭᠤᠨ ᠭᠠᠷ ᠢ᠋ᠶ᠋ᠠᠷ  ᠢᠯᠳᠦ ᠶ᠋ᠢ ᠬᠠᠯᠬᠠᠯᠠᠵᠤ 《 ᠰᠢᠳᠠᠷ ᠬᠠᠮᠠᠭᠠᠯᠠᠭᠴᠢ ᠬᠠᠮᠢᠭ᠎ᠠ ᠪᠣᠢ?  》 ᠬᠡᠮᠡᠪᠡ ᠃ ᠡᠨᠡ ᠦᠶ᠎ᠡ ᠳ᠋ᠦ᠍ ᠪᠠᠰᠠ ᠨᠢᠭᠡ ᠬᠦᠳᠡᠷ ᠡᠷ᠎ᠡ ᠢᠷᠡᠵᠦ ᠪᠣᠯᠣᠲᠡᠮᠦᠷ ᠦ᠋ᠨ ᠵᠡᠭᠦᠨ ᠴᠢᠬᠢ ᠶ᠋ᠢ  ᠴᠠᠪᠴᠢᠨ᠂ ᠪᠤᠰᠤᠳ ᠪᠠᠭᠠᠲᠤᠷ ᠡᠷᠡᠴᠦᠳ ᠦ᠋ᠨ ᠠᠷᠤ ᠥᠪᠥᠷ ᠡᠴᠡ ᠵᠡᠷᠭᠡ ᠪᠡᠷ ᠭᠠᠷᠴᠤ ᠢᠷᠡᠭᠡᠳ ᠪᠣᠯᠣᠲᠡᠮᠦᠷ ᠢ᠋ ᠬᠢᠲᠤᠭᠠᠯᠠᠵᠤ ᠤᠨᠠᠭᠠᠪᠠ ᠃ 
    ᠯᠣᠳᠢ ᠱᠠᠭ ᠭᠠᠷᠳᠠᠨ ᠪᠠᠢᠯᠳᠤᠬᠤ ᠳᠤᠮᠳᠠ  ᠮᠥᠷᠥ ᠨᠢ ᠰᠢᠷᠬᠠᠲᠤᠪᠠ᠃ ᠲᠡᠷᠡ ᠨᠢᠭᠡ ᠮᠣᠷᠢ ᠣᠯᠵᠤ ᠤᠨᠤᠭᠠᠳ ᠪᠣᠯᠣᠲᠡᠮᠦᠷ ᠦ᠋ᠨ ᠣᠷᠳᠣᠨ ᠳ᠋ᠤ᠌ ᠣᠴᠢᠭᠠᠳ ᠡᠬᠡ ᠪᠣᠯᠤᠨ ᠡᠬᠡᠨᠡᠷ ᠬᠥᠪᠡᠭᠦᠳ ᠢ᠋ ᠨᠢ ᠲᠣᠰᠴᠤ ᠠᠪᠤᠭᠠᠳ ᠤᠮᠠᠷᠠᠰᠢ ᠳᠤᠲᠠᠭᠠᠪᠠ᠃ 
    ᠲᠡᠳᠦᠢ ᠳ᠋ᠦ᠍ᠷ ᠲᠣᠬᠣᠨᠲᠡᠮᠦᠷ ᠬᠠᠭᠠᠨ ᠠᠯᠢᠮ᠎ᠠ ᠲᠣᠭᠣᠷ ᠤ᠋ᠨ ᠬᠦᠷᠢᠶᠡᠯᠡᠩ ᠦ᠋ᠨ ᠴᠠᠭᠠᠨᠠᠬᠢ ᠨᠢᠭᠡᠨ ᠥᠷᠥᠭᠡᠨ ᠳ᠋ᠦ᠍ ᠨᠢᠭᠤᠭᠳᠠᠵᠤ ᠭᠠᠳᠠᠨᠠᠬᠢ ᠪᠠᠢᠳᠠᠯ ᠢ᠋ ᠴᠣᠩᠬᠣ ᠪᠠᠷ ᠬᠠᠷᠠᠵᠤ ᠪᠠᠢᠵᠠᠢ᠃ ᠲᠡᠷᠡ ᠂ ᠪᠣᠯᠣᠲᠡᠮᠦᠷ ᠦ᠋ᠨ ᠠᠯᠠᠭᠳᠠᠭᠰᠠᠨ ᠪᠠ ᠯᠣᠳᠢ ᠱᠠᠭ ᠲᠠᠨ ᠭᠠᠷᠴᠤ ᠳᠤᠲᠠᠭᠠᠭᠰᠠᠨ ᠢ᠋ ᠮᠡᠳᠡᠭᠡᠳ ᠵᠠᠷᠯᠢᠭ ᠪᠠᠭᠤᠯᠭᠠᠵᠤ ᠂ ᠳᠠᠢᠳᠤ ᠬᠣᠲᠠ ᠶ᠋ᠢᠨ ᠴᠡᠷᠢᠭ ᠠᠷᠠᠳ ᠬᠠᠮᠲᠤ ᠪᠠᠷ ᠬᠥᠳᠡᠯᠦᠯᠴᠡᠨ ᠪᠣᠯᠤᠲᠡᠮᠦᠷ ᠦ᠋ᠨ ᠦᠯᠡᠳᠡᠭᠳᠡᠯ ᠨᠠᠮᠲᠠᠨ ᠢ᠋ ᠪᠠᠷᠢᠵᠤ ᠤᠰᠠᠳᠬᠠᠬᠤ ᠶ᠋ᠢ ᠤᠷᠢᠶᠠᠯᠠᠪᠠ ᠃ 
    ᠪᠣᠯᠤᠲᠡᠮᠦᠷ ᠢ᠋ ᠬᠦᠷᠢᠶᠡᠯᠡᠬᠦ ᠵᠠᠩᠵᠤᠨ ᠴᠡᠷᠢᠭ ᠦ᠋ᠳ ᠨᠡᠢᠰᠯᠡᠯ ᠬᠣᠲᠠᠨ ᠳ᠋ᠤ᠌ ᠶᠠᠮᠠᠷ ᠬᠡᠷᠡᠭ ᠭᠠᠷᠤᠭᠰᠠᠨ ᠢ᠋ ᠮᠡᠳᠡᠬᠦ ᠦᠭᠡᠢ ᠲᠤᠯᠠ ᠵᠦᠭ ᠵᠦᠭ ᠲᠦ᠍ ᠪᠡᠨ ᠠᠮᠢ ᠰᠢᠷᠭᠤᠨ ᠳᠤᠲᠠᠭᠠᠪᠠ ᠃ ᠯᠣᠳᠢ ᠱᠠᠭ ᠂ ᠪᠣᠯᠤᠲᠡᠮᠦᠷ ᠦ᠋ᠨ ᠡᠬᠡᠨᠡᠷ ᠬᠡᠦᠬᠡᠳ ᠢ᠋ ᠠᠪᠴᠤ ᠲᠦᠭᠡᠯ ᠲᠡᠮᠦᠷ ᠦ᠋ᠨ ᠴᠡᠷᠢᠭ ᠦ᠋ᠨ ᠬᠦᠷᠢᠶᠡᠨ ᠳ᠋ᠦ᠍ ᠳᠤᠲᠠᠭᠠᠵᠤ ᠢᠷᠡᠭᠡᠳ ᠬᠠᠮᠲᠤ ᠪᠠᠷ ᠪᠠᠷᠠᠭᠤᠨᠰᠢ ᠪᠠᠷᠺᠥ᠋ᠯ ᠨᠠᠭᠤᠷ ᠣᠷᠴᠢᠮ ᠣᠴᠢᠭᠠᠳ ᠨᠤᠲᠤᠭᠯᠠᠪᠠ ᠃ 
    ᠠᠷᠠᠳ ᠤ᠋ᠨ ᠦᠭᠡᠨ ᠳ᠋ᠦ᠍ 《 ᠰᠢᠪᠡᠨᠡᠭᠦᠷ ᠦᠭᠡ ᠰᠠᠯᠭᠠᠳᠠᠭ ᠂ ᠰᠢᠪᠡᠷᠡᠭᠡ ᠪᠣᠷᠣᠭᠠᠨ ᠨᠡᠪᠲᠡᠯᠳᠡᠭ 》 ᠭᠡᠮᠡᠨ ᠪᠣᠢ ᠃ ᠲᠣᠬᠤᠨᠲᠡᠮᠦᠷ ᠬᠠᠭᠠᠨ ᠢ᠋ᠶ᠋ᠠᠷ ᠥᠯᠵᠡᠢ ᠬᠤᠲᠤᠭ ᠬᠠᠲᠤᠨ ᠤ᠋ ᠬᠡᠳᠦᠨ ᠬᠣᠪᠴᠢ ᠦᠭᠡᠨ ᠳ᠋ᠦ᠍ ᠰᠡᠳᠬᠢᠯ ᠳᠣᠯᠭᠢᠰᠴᠤ ᠥᠪᠡᠷ ᠦ᠋ᠨ ᠲᠥᠷᠥᠯ ᠤᠭᠰᠠᠭᠠᠨ ᠤ᠋ ᠨᠣᠶᠠᠳ ᠲᠦᠰᠢᠮᠡᠳ ᠢ᠋ᠶ᠋ᠡᠨ ᠬᠦᠷᠲᠡᠯ᠎ᠡ ᠬᠠᠷᠠᠳᠠᠵᠤ ᠬᠥᠨᠥᠭᠡᠭᠰᠡᠨ ᠨᠢ ᠭᠡᠨᠡᠳᠲᠡ ᠶ᠋ᠢᠨ ᠶᠠᠪᠤᠳᠠᠯ ᠣᠭᠲᠣ ᠪᠢᠰᠢ ᠃ ᠲᠡᠭᠦᠨ ᠳ᠋ᠦ᠍ ᠨᠢᠭᠡᠨ ᠲᠡᠦᠬᠡᠨ ᠨᠥᠬᠥᠴᠡᠯ ᠪᠠ ᠲᠣᠬᠤᠨᠲᠡᠮᠦᠷ ᠦ᠋ᠨ ᠬᠤᠪᠢ ᠪᠡᠶ᠎ᠡ ᠶ᠋ᠢᠨ ᠥᠩᠭᠡᠷᠡᠯᠲᠡ ᠲᠡᠢ ᠰᠢᠭᠤᠳ ᠬᠣᠯᠪᠣᠭ᠎ᠠ ᠲᠠᠢ ᠪᠠᠢᠳᠠᠭ ᠃ 
     ᠮᠠᠨ ᠤ᠋ ᠮᠡᠳᠡᠭᠡᠵᠢ ᠪᠡᠷ ᠲᠣᠬᠤᠨᠲᠡᠮᠦᠷ ᠬᠠᠭᠠᠨ ᠣᠷᠣ ᠳ᠋ᠤ᠌ ᠭᠤᠴᠢᠨ ᠳᠣᠯᠣᠭᠠᠨ ᠵᠢᠯ ᠰᠠᠭᠤᠪᠠ ᠃ ᠬᠤᠪᠢᠯᠠᠢ ᠰᠡᠴᠡᠨ ᠬᠠᠭᠠᠨ ᠠᠴᠠ ᠪᠠᠰᠠ ᠤᠷᠲᠤ ᠰᠠᠭᠤᠭᠰᠠᠨ ᠠᠵᠤᠭᠤ ᠃ ᠡᠨᠡ ᠬᠤᠭᠤᠴᠠᠭᠠᠨ ᠳ᠋ᠤ᠌ ᠲᠡᠷᠡ ᠤᠯᠤᠰ ᠲᠥᠷᠥ ᠶ᠋ᠢᠨ ᠲᠠᠯ᠎ᠠ ᠪᠠᠷ ᠡᠷᠬᠡᠲᠦ ᠰᠠᠢᠳ ᠤ᠋ᠨ ᠬᠠᠪᠴᠢᠯ ᠳᠠᠷᠤᠯᠠᠯ ᠢ᠋ ᠬᠦᠨᠳᠦ ᠠᠮᠰᠠᠭᠰᠠᠨ ᠶᠤᠮ ᠃ ᠠᠩᠬ᠎ᠠ ᠡᠬᠢᠯᠡᠭᠡᠳ ᠡᠯᠲᠡᠮᠦᠷ ( ᠬᠠᠩᠯᠢᠨ ᠣᠪᠣᠭ ᠤ᠋ᠨ ᠬᠥᠮᠦᠨ ) ᠂ ᠪᠠᠶᠠᠨ ( ᠮᠡᠷᠭᠢᠳ ᠠᠢᠮᠠᠭ ᠤ᠋ᠨ ᠬᠥᠮᠦᠨ  ) ᠬᠣᠶᠠᠷ ᠡᠷᠬᠡᠲᠦ ᠰᠠᠢᠳ ᠤ᠋ᠨ ᠬᠠᠪᠴᠢᠯᠲᠠ ᠳᠠᠷᠤᠯᠠᠯ ᠢ᠋ ᠥᠩᠭᠡᠷᠡᠭᠦᠯᠵᠦ ᠠᠷᠠᠢ ᠬᠠᠭᠠᠨ ᠰᠠᠭᠤᠷᠢᠨ ᠢ᠋ᠶ᠋ᠠᠨ ᠠᠯᠳᠠᠭᠰᠠᠨ ᠦᠭᠡᠢ ᠃ ᠵᠠᠯᠭᠠᠭᠠᠳ ᠠᡁᠠᠮᠠ ( ᠬᠠᠩᠯᠢᠨ ᠣᠪᠣᠭ ᠤ᠋ᠨ ᠬᠥᠮᠦᠨ ) ᠂  ᠴᠦᠰᠬᠢ ( ᠬᠡᠷᠡᠢᠳ ᠠᠢᠮᠠᠭ ᠤ᠋ᠨ ᠬᠥᠮᠦᠨ ) ᠬᠡᠮᠡᠬᠦ ᠬᠣᠶᠠᠷ ᠵᠠᠯᠢᠬᠠᠢ ᠲᠦᠰᠢᠮᠡᠯ ᠳ᠋ᠦ᠍ ᠪᠠᠴᠢᠯᠠᠭᠳᠠᠭᠠᠳ ᠲᠥᠷᠥ ᠤᠯᠤᠰ ᠮᠥᠬᠥᠬᠦ ᠳ᠋ᠦ᠍ ᠬᠦᠷᠪᠡ ᠃ ᠡᠯᠲᠡᠮᠦᠷ  ᠂ ᠪᠠᠶᠠᠨ ᠂ ᠠᠾᠠᠮᠠ ᠂ ᠴᠦᠰᠬᠢ ᠨᠠᠷ ᠪᠣᠯ ᠪᠦᠷ ᠶᠤᠸᠠᠨ ᠤᠯᠤᠰ ᠤ᠋ᠨ ᠭᠠᠪᠢᠶᠠᠲᠠᠨ ᠰᠠᠢᠳ ᠤ᠋ᠨ ᠦᠷ᠎ᠡ ᠬᠣᠢᠴᠢᠰ ᠮᠥᠨ ᠃ ᠡᠯᠲᠡᠮᠦᠷ ᠦ᠋ᠨ ᠡᠪᠦᠭᠡ ᠬᠠᠩᠯᠢᠨ ᠤ᠋ ᠲᠣᠭᠲᠤᠭ᠎ᠠ ᠪᠣᠯ ᠬᠠᠢᠱᠠᠨ ᠬᠦᠯᠦᠭ ᠬᠠᠭᠠᠨ ( ᠲᠣᠬᠤᠨᠲᠡᠮᠦᠷ ᠬᠠᠭᠠᠨ ᠤ᠋ ᠡᠪᠦᠭᠡ ) ᠶ᠋ᠢᠨ ᠦᠶ᠎ᠡ ᠳ᠋ᠦ᠍ ᠱᠠᠩᠱᠦ ᠱᠧᠩ ᠶᠠᠮᠤᠨ ᠤ᠋ ᠪᠠᠷᠠᠭᠤᠨ ᠭᠠᠷᠤᠨ ᠡᠷᠭᠢᠨ ᠰᠠᠢᠳ ᠪᠠᠢᠪᠠ ᠃ ᠡᠴᠢᠭᠡ ᠴᠣᠩᠬᠣᠷ ᠨᠢ ᠬᠠᠢᠱᠠᠨ ᠬᠦᠯᠦᠭ ᠬᠠᠭᠠᠨ ᠢ᠋ ᠳᠠᠭᠠᠵᠤ ᠠᠯᠲᠠᠢ ᠠᠭᠤᠯᠠ ᠣᠷᠴᠢᠮ ᠬᠢᠯᠢ ᠬᠢᠵᠠᠭᠠᠷ ᠢ᠋ ᠰᠠᠬᠢᠨ ᠰᠠᠭᠤᠵᠤ ᠪᠠᠢᠭᠰᠠᠨ ᠪᠥᠭᠡᠳ ᠬᠠᠢᠱᠠᠨ ᠬᠦᠯᠦᠭ ᠬᠠᠭᠠᠨ ᠢ᠋ ᠴᠡᠷᠢᠭ ᠢ᠋ᠶ᠋ᠡᠷ ᠬᠠᠮᠠᠭᠠᠯᠠᠨ ᠱᠠᠩᠳᠤ ᠳ᠋ᠤ᠌ ᠢᠷᠡᠵᠦ ᠶᠡᠬᠡ ᠣᠷᠣ ᠳ᠋ᠤ᠌ ᠰᠠᠭᠤᠯᠭᠠᠵᠤ ᠂ ᠫᠢᠩ ᠵᠠᠩ ᠵᠧᠩᠱ᠌ᠢ ᠲᠦᠰᠢᠮᠡᠯ ᠂ ᠱᠦᠮᠢ ᠶᠤᠸᠠᠨ ᠬᠦᠷᠢᠶᠡᠯᠡᠩ ᠦ᠋ᠨ ᠮᠡᠳᠡᠭᠴᠢ ᠶ᠋ᠢᠨ ᠲᠤᠰᠢᠶᠠᠯ ᠬᠠᠷᠢᠭᠤᠴᠠᠪᠠ ᠃ ᠪᠠᠶᠠᠨ ᠤ᠋ ᠡᠪᠦᠭᠡ ᠨᠢ ᠵᠢᠩᠬᠠᠢ ᠂ ᠮᠥᠩᠬᠡ ᠬᠠᠭᠠᠨ ᠢ᠋ ᠳᠠᠭᠠᠵᠤ ᠰᠥᠩ ᠤᠯᠤᠰ ᠢ᠋ ᠳᠠᠢᠯᠠᠬᠤ ᠲᠡᠢᠨ ᠳ᠋ᠦ᠍ ᠣᠷᠣᠯᠴᠠᠭᠠᠳ ᠰᠧᠴᠤᠸᠠᠨ ᠤ᠋ ᠭᠠᠵᠠᠷ ᠪᠡᠶ᠎ᠡ ᠦᠷᠡᠭᠳᠡᠪᠡ ᠃ ᠡᠴᠢᠭᠡ ᠨᠢ ᠵᠢᠩᠭᠢᠷ ᠂ ᠲᠡᠮᠦᠷ ᠥᠯᠵᠡᠢᠲᠦ ᠬᠠᠭᠠᠨ ᠤ᠋ ᠦᠶ᠎ᠡ ᠳ᠋ᠦ᠍ ᠬᠡᠰᠢᠭ ᠦ᠋ᠨ ᠨᠣᠶᠠᠨ ᠪᠠᠢᠵᠠᠢ ᠃ ᠠᠾᠠᠮᠠ ( ᠬᠠᠮᠠᠷᠲᠤ ) ᠶ᠋ᠢᠨ ᠡᠵᠢ ᠨᠢ ᠲᠣᠬᠤᠨᠲᠡᠮᠦᠷ ᠬᠠᠭᠠᠨ ᠤ᠋ ᠳᠡᠭᠦᠦ ᠷᠢᠨᠴᠢᠨᠪᠠᠯ ᠤ᠋ᠨ ᠬᠥᠬᠥᠯᠲᠦ ᠡᠬᠡ ᠮᠥᠨ ᠃ ᠲᠡᠷᠡ ᠥᠪᠡᠷ ᠢ᠋ᠶ᠋ᠡᠨ ᠲᠣᠬᠤᠨᠲᠡᠮᠦᠷ ᠬᠠᠭᠠᠨ ᠤ᠋ ᠳᠣᠲᠣᠷ᠎ᠠ ᠣᠷᠳᠣᠨ ᠤ᠋ ᠰᠢᠳᠠᠷ ᠲᠦᠰᠢᠮᠡᠯ ᠪᠥᠭᠡᠳ ᠬᠡᠰᠢᠭ ᠦ᠋ᠨ ᠨᠣᠶᠠᠨ ᠪᠠᠢᠵᠠᠢ᠃  ᠴᠦᠰᠬᠢ ᠪᠣᠯ ᠮᠥᠩᠬᠡ ᠬᠠᠭᠠᠨ ᠤ᠋ ᠦᠶ᠎ᠡ ᠶ᠋ᠢᠨ ᠶᠡᠬᠡ ᠪᠢᠴᠢᠭᠡᠴᠢ ᠪᠤᠯᠠᠭ᠎ᠠ ᠶ᠋ᠢᠨ ᠬᠣᠢᠴᠢᠰ ᠮᠥᠨ᠃ ᠴᠦᠰᠬᠢ ᠶ᠋ᠢᠨ ᠡᠪᠦᠭᠡ ᠡᠰᠡᠨᠪᠤᠬ᠎ᠠ ᠪᠣᠯ ᠴᠢᠩᠭᠢᠮ ᠲᠠᠢᠽᠢ ᠶ᠋ᠢᠨ ᠪᠠᠭᠰᠢ ᠪᠠᠢᠵᠤ ᠂ ᠡᠴᠢᠭᠡ ᠷᠢᠨᠴᠢᠨ ᠨᠢ ᠳᠠᠢᠳᠢᠩ ᠲᠢ ( ᠡᠰᠡᠨᠲᠡᠮᠥᠷ ᠬᠠᠭᠠᠨ ) ᠬᠠᠭᠠᠨ ᠤ᠋ ᠪᠢᠴᠢᠭᠡᠴᠢ ᠪᠥᠭᠡᠳ ᠬᠡᠰᠢᠭ ᠦ᠋ᠨ ᠨᠣᠶᠠᠨ ᠪᠠᠢᠵᠠᠢ ᠃
     ᠶᠣᠰᠣᠨ ᠳ᠋ᠤ᠌ ᠪᠠᠨ ᠡᠳᠡᠭᠡᠷ ᠬᠥᠮᠦᠰ ᠶᠤᠸᠠᠨ ᠤᠯᠤᠰ ᠤ᠋ᠨ ᠲᠥᠷᠥ ᠶ᠋ᠢ ᠲᠦᠰᠢᠵᠦ ᠲᠣᠬᠤᠨᠲᠡᠮᠦᠷ ᠬᠠᠭᠠᠨ ᠢ᠋ ᠬᠠᠪᠰᠤᠷᠤᠨ ᠳᠡᠮᠵᠢᠪᠡᠯ ᠵᠣᠬᠢᠬᠤ ᠪᠥᠯᠥᠭᠡ ᠃ ᠭᠡᠲᠡᠯ᠎ᠡ ᠲᠣᠬᠤᠨᠲᠡᠮᠦᠷ ᠬᠠᠭᠠᠨ ᠤ᠋ ᠪᠣᠳᠣᠭᠰᠠᠨ ᠠ᠋ᠴᠠ ᠭᠠᠳᠠᠭᠤᠷ ᠪᠣᠯᠵᠤ ᠂ ᠠᠯᠢ ᠮᠠᠭᠤ ᠬᠡᠷᠡᠭ ᠢ᠋ ᠲᠡᠳᠡᠨ ᠡᠴᠡ ᠡᠬᠢᠯᠡᠭᠦᠯᠵᠦ ᠶᠡᠬᠡ ᠲᠥᠷᠥ ᠠᠶᠤᠯ ᠵᠣᠪᠠᠯᠠᠩ ᠳ᠋ᠤ᠌ ᠲᠤᠯᠭᠠᠷᠠᠪᠠ ᠃ ᠨᠡᠩᠳᠡ ᠴᠦᠰᠬᠢ ᠮᠡᠲᠦ ᠶ᠋ᠢᠨ ᠬᠥᠮᠦᠰ ᠂ ᠰᠣᠯᠣᠩᠭᠣᠰ ᠬᠠᠲᠤᠨ ᠴᠢ᠊ ᠣᠪᠣᠭᠲᠤ ᠂ ᠫᠢᠶᠣᠣ ᠪᠤᠬ᠎ᠠ ᠯᠤᠭ᠎ᠠ ᠬᠠᠮᠰᠠᠵᠤ ᠬᠠᠭᠠᠨ ᠢ᠋ ᠰᠠᠭᠤᠷᠢᠨ ᠢ᠋ᠶ᠋ᠠᠨ ᠨᠠᠢᠷ ᠲᠠᠯᠪᠢᠭᠤᠯᠬᠤ ᠪᠠᠷ ᠬᠤᠤᠪᠢᠯᠳᠤᠭᠠᠳ ᠶᠤᠸᠠᠨ ᠤᠯᠤᠰ ᠤ᠋ᠨ ᠣᠷᠳᠣᠨ ᠤ᠋ ᠳᠣᠲᠣᠷ᠎ᠠ ᠬᠢᠮᠤᠷᠠᠯ ᠡᠭᠦᠰᠬᠡᠪᠡ ᠃ ᠡᠨᠡ ᠨᠢ ᠴᠢᠨᠠᠭᠰᠢᠳᠠ ᠬᠥᠭᠵᠢᠭᠡᠳ ᠴᠡᠷᠢᠭ ᠦ᠋ᠨ ᠡᠷᠬᠡ ᠶ᠋ᠢ ᠠᠳᠬᠤᠭᠰᠠᠨ ᠵᠠᠩᠵᠤᠨ ᠲᠦᠰᠢᠮᠡᠳ ᠬᠠᠮᠤᠭᠳᠠᠨ ᠣᠷᠣᠭᠠᠳ ᠳᠣᠲᠣᠭᠠᠳᠤ ᠶ᠋ᠢᠨ ᠵᠡᠪᠰᠡᠭᠲᠦ ᠬᠢᠮᠤᠷᠠᠯᠳᠤᠭᠠᠨ ᠪᠣᠯᠵᠤ ᠲᠣᠬᠤᠨᠲᠡᠮᠦᠷ ᠬᠠᠭᠠᠨ ᠢ᠋ ᠶᠡᠬᠡ ᠪᠠᠢᠳᠠᠯ ᠢ᠋ ᠡᠵᠡᠮᠳᠡᠵᠦ ᠳᠡᠢᠯᠬᠦ ᠦᠭᠡᠢ ᠬᠥᠳᠡᠯᠦᠩᠭᠦᠢ ᠪᠤᠰᠤ ᠪᠠᠢᠳᠠᠯ ᠳ᠋ᠤ᠌ ᠣᠷᠣᠭᠤᠯᠪᠠ ᠃ ᠶᠠᠭ ᠡᠨᠡ ᠦᠶ᠎ᠡ ᠳ᠋ᠦ᠍ ᠪᠣᠯᠤᠲᠡᠮᠦᠷ ᠵᠠᠩᠵᠤᠨ ᠴᠡᠷᠢᠭ ᠦ᠋ᠨ ᠬᠦᠴᠦᠨ ᠢ᠋ᠶ᠋ᠡᠷ ᠲᠣᠬᠤᠨᠲᠡᠮᠦᠷ ᠬᠠᠭᠠᠨ ᠢ᠋ ᠢᠳᠬᠠᠵᠤ ᠲᠡᠭᠦᠨ ᠢ᠋  ᠨᠣᠢᠷ ᠠ᠋ᠴᠠ ᠰᠡᠷᠡᠭᠰᠡᠨ ᠬᠥᠮᠦᠨ ᠮᠡᠲᠦ ᠤᠬᠠᠭᠠᠷᠠᠭᠤᠯᠪᠠ ᠃ ᠭᠡᠪᠡᠴᠦ ᠡᠨᠡ ᠨᠢ ᠨᠢᠭᠡᠨᠲᠡ ᠣᠷᠣᠢᠲᠠᠭᠰᠠᠨ ᠠᠵᠤᠭᠤ ᠃