ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ < ᠠᠩᠬᠠᠨ ᠤ ᠪᠦᠯᠦᠭ –2 > Гангын урсгал – Чингис  эзний алтан ургийн түүх  Канкны урсгал нэрт бичиг о ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ < ᠠᠩᠬᠠᠨ ᠤ ᠪᠦᠯᠦᠭ –2 > Гангын урсгал – Чингис  эзний алтан ургийн түүх  Канкны урсгал нэрт бичиг о

ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ < ᠠᠩᠬᠠᠨ ᠤ ᠪᠦᠯᠦᠭ –2 > Гангын урсгал – Чингис  эзний алтан ургийн түүх  Канкны урсгал нэрт бичиг о

ᠠᠩᠭᠢᠯᠠᠯ:ᠲᠡᠦᠬᠡ ᠰᠣᠶᠣᠯ
2023-04-12

573

ᠴᠢᠩᠭᠢᠰ ᠡᠵᠡᠨ  ᠦ᠌ ᠠᠯᠲᠠᠨ ᠤᠷᠤᠭ  ᠤ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ

ᠠᠩᠬᠠᠨ ᠤ ᠪᠦᠯᠦᠭ – 2


    ᠢᠰᠦᠭᠡᠢ ᠡᠵᠢᠨ ᠨᠡᠭᠦᠬᠦ ᠤᠯᠤᠰ ᠤ᠋ᠨ ᠣᠯᠠᠩᠬᠢ ᠠᠢᠮᠠᠭ ᠊ᠢ ᠡᠵᠡᠯᠡᠯᠦᠭᠡ ᠂ ᠲᠡᠭᠦᠨ ᠦ᠌ ᠵᠢᠷᠭᠤᠭᠠᠨ ᠬᠥᠪᠡᠭᠦᠨ ᠃ ᠴᠢᠩᠭᠢᠰ ᠬᠠᠭᠠᠨ ᠂ ᠬᠠᠪᠤᠲᠤ ᠬᠠᠰᠠᠷ ᠂ ᠬᠠᠴᠠᠷᠴᠢ ᠬᠠᠴᠤᠬᠤ ᠂ ᠣᠢᠲᠤ ᠣᠴᠢᠬᠤ ᠂ ᠪᠡᠷᠬᠡ ᠪᠡᠭᠲᠡᠷ ᠂ ᠪᠥᠬᠡ ᠪᠡᠯᠭᠡᠲᠡᠢ ᠂ ᠡᠳᠡ ᠪᠣᠢ ᠂ ᠢᠰᠦᠭᠡᠢ ᠡᠵᠢᠨ ᠬᠠᠯᠢ‍ᠭᠰᠠᠨ ᠤ᠋ ᠬᠣᠢᠨ᠎ᠠ ᠂ ᠶᠣᠰᠣᠲᠤ ᠬᠥᠪᠡᠭᠦᠨ ᠂ ᠴᠢᠩᠭᠢᠰ ᠬᠠᠭᠠᠨ ᠵᠠᠯᠭᠠᠮᠵᠢᠯᠠᠪᠠᠢ ᠃ ᠹᠠ ᠲᠢᠶᠠᠨ ᠴᠢ ᠶᠦᠨ ᠂ ᠰᠸᠨ ᠡᠦ ᠂ ᠲᠠᠢᠽᠦ ᠬᠤᠸᠠᠩᠳᠢ① ᠂ ᠰᠣᠭᠲᠣ ᠪᠣ‍ᠭᠲᠠ ᠂ ᠴᠢᠩᠭᠢᠰ ᠬᠠᠭᠠᠨ ᠂ ᠤᠰᠤᠨ ᠮᠣᠷᠢᠨ ᠵᠢᠯᠲᠡᠢ ② ᠂ ᠳᠥᠴᠢᠨ ᠲᠠᠪᠤᠨ ᠦᠯᠵᠢ ᠳ᠋ᠡᠭᠡᠨ ᠭᠠᠯ ᠪᠠᠷᠠᠰ ᠵᠢᠯ③ ᠂ ᠡᠪᠦᠯ ᠦ᠋ᠨ ᠰᠡᠭᠦᠯ ᠰᠠᠷ᠎ᠠ ᠂ ᠤᠨᠤᠨ ᠮᠦᠷᠢᠨ ᠦ᠌ ᠡᠬᠢᠨ 

 — — — — 
① 《 ᠶᠤᠸᠠᠨ ᠱᠢ 》 ᠳ᠋ᠦ᠍ ᠴᠢᠩᠭᠢᠰ ᠬᠠᠭᠠᠨ ᠊ᠢ 《法天启运圣武皇帝 》 ( ᠲᠩᠷᠢ ᠶ᠋ᠢᠨ ᠪᠣᠱᠣᠭ ᠢ᠋ᠶ᠋ᠠᠷ ᠤᠯᠠᠷᠢᠯ ᠊ᠢ ᠨᠡᠭᠡᠭᠡᠭᠰᠡᠨ ᠪᠣᠭᠳᠠ ᠪᠠᠭᠠᠲᠤᠷ ᠬᠠᠭᠠᠨ ) ᠭᠡᠵᠦ ᠨᠡᠬᠡᠨ ᠡᠷᠭᠦᠮᠵᠢᠯᠡᠯ᠎ᠡ ᠭᠡᠵᠦ ᠲᠡᠮᠳᠡᠭᠯᠡᠭᠰᠡᠨ ᠶᠦ᠍ᠮ ᠃ 
② ᠤᠰᠤᠨ ᠮᠣᠷᠢᠨ ᠵᠢᠯ ᠄ ᠳᠠᠷᠤᠢ ᠬᠠᠷ᠎ᠠ ᠮᠣᠷᠢᠨ ᠵᠢᠯ ᠂ ᠣᠨ ᠲᠣᠭᠠᠯᠠᠯ ᠤ᠋ᠨ1162 ᠣᠨ ᠃ ᠴᠢᠩᠭᠢᠰ ᠬᠠᠭᠠᠨ ᠡᠨᠡ ᠵᠢᠯ ᠮᠡᠨᠳᠦᠯᠡᠵᠡᠢ ᠃ 
③ ᠭᠠᠯ ᠪᠠᠷᠰ ᠵᠢᠯ ᠄ ᠳᠠᠷᠤᠢ ᠤᠯᠠᠭᠠᠨ ᠪᠠᠷᠰ ᠵᠢᠯ ᠂ ᠣᠨ ᠲᠣᠭᠠᠯᠠᠯ ᠤ᠋ᠨ1206 ᠣᠨ ᠃ ᠡᠨᠡ ᠣᠨ ᠪᠣᠯ ᠮᠣᠩᠭᠣᠯ ᠠᠢᠮᠠᠭ ᠪᠤᠰᠤᠳ ᠣᠯᠠᠨ ᠠᠢᠮᠠᠭ ᠊ᠢ ᠨᠢᠭᠡᠳᠬᠡᠨ  ᠨᠢᠭᠡᠳᠦᠭᠰᠡᠨ ᠮᠣᠩᠭᠣᠯ ᠤᠯᠤᠰ ᠊ᠢ ᠪᠠᠢᠭᠤᠯᠤᠭᠰᠠᠨ ᠣᠨ ᠪᠣᠯᠤᠨ᠎ᠠ ᠃ ᠮᠣᠩᠭᠣᠯ ᠤ᠋ᠨ ᠲᠡᠦᠬᠡ ᠶ᠋ᠢᠨ ᠣᠨ ᠲᠣᠭᠠᠯᠠᠯ ᠡᠨᠡ ᠣᠨ ᠠ᠋ᠴᠠ ᠡᠬᠢᠯᠡᠵᠡᠢ ᠃  

 ᠳ᠋ᠤᠷ ᠂ ᠶᠢᠰᠦᠨ ᠬᠥᠭᠡᠯᠳᠦ ᠴᠠᠭᠠᠨ ᠲᠤᠭ① ᠢ᠋ᠶ᠋ᠠᠨ ᠪᠠᠢᠭᠤᠯᠵᠤ ᠲᠣᠭᠲᠠᠮ ᠂ ᠬᠠᠭᠠᠨ ᠰᠠᠭᠤᠪᠠᠢ ᠃ ᠡᠨᠡ ᠲᠤᠭ ᠊ᠢ ᠵᠠᠷᠢᠮ  ᠪᠢᠴᠢᠭᠲᠦᠷ ᠶᠢᠰᠦᠨ ᠬᠥᠯ ᠳ᠋ᠦ᠍  ᠬᠡᠮᠡᠭᠰᠡᠨ  
— — — — 
① ᠮᠣᠩᠭᠣᠯ ᠤ᠋ᠨ ᠰᠤᠷᠪᠤᠯᠵᠢ ᠪᠢᠴᠢᠭ ᠲᠦ᠍   《 ᠶᠢᠰᠦᠨ ᠬᠥᠯᠲᠦ ᠴᠠᠭᠠᠨ ᠲᠤᠭ 》 ᠂ 《 ᠶᠢᠰᠦᠨ ᠬᠥᠯ ᠳ᠋ᠦ᠍ ᠴᠠᠭᠠᠨ ᠲᠤᠭ 》 ᠂ 《 ᠶᠢᠰᠦᠨ ᠮᠠᠨᠵᠢᠯᠠᠭ᠎ᠠ ᠲᠠᠢ ᠴᠠᠭᠠᠨ ᠲᠤᠭ 》 《ᠶᠢᠰᠦᠨ  ᠬᠥᠭᠡᠯᠳᠦ ᠴᠠᠭᠠᠨ ᠲᠤᠭ 》 ᠂ 《 ᠶᠢᠰᠦᠨ ᠬᠥᠭᠡᠯᠳᠦ ᠴᠠᠭᠠᠨ ᠲᠤᠭ 》 ᠭᠡᠵᠦ ᠲᠡᠮᠳᠡᠭᠯᠡᠵᠦ ᠪᠠᠢᠳᠠᠭ ᠃ ᠴᠣᠬᠣᠮ 《 ᠶᠢᠰᠦᠨ ᠬᠥᠯᠲᠦ 》  ᠶᠦ᠍ᠮ ‍ᠤᠤ ᠡᠰᠡᠬᠦᠯ᠎ᠡ 《ᠶᠢᠰᠦᠨ ᠬᠥᠭᠡᠯᠳᠦ 》  ᠶᠦ᠍ᠮ ‍ᠤᠤ ︖ ᠮᠢᠨᠦ ᠦᠵᠡᠬᠦ ᠪᠡᠷ 《ᠬᠥᠯ 》 ᠪᠠ 《 ᠬᠥᠬᠥᠯ 》 ᠂ 《 ᠮᠠᠨᠵᠢᠯᠠᠭ᠎ᠠ 》 ᠭᠡᠳᠡᠭ ᠨᠢ ᠪᠣᠳᠠᠲᠠᠢ 《ᠲᠤᠭ 》 ᠲᠤ᠌ ᠠᠪᠴᠤ ᠬᠡᠯᠡᠪᠡᠯ ᠨᠢᠭᠡ ᠯᠡ ᠤᠳᠬ᠎ᠠ ᠲᠠᠢ ᠶᠤᠮ ᠃ 《ᠮᠣᠩᠭᠣᠯ ᠤ᠋ᠨ ᠨᠢᠭᠤᠴᠠ ᠲᠣᠪᠴᠢᠶᠠᠨ 》 ᠳ᠋ᠤ᠌ 《 ᠶᠢᠰᠦᠨ ᠬᠥᠯᠡᠲᠦ ᠴᠠᠭᠠᠨ ᠲᠤᠭ 》 ᠭᠡᠵᠦ  ᠪᠢᠴᠢᠭᠰᠡᠨ  ᠶᠦ᠍ᠮ ᠃ ᠡᠭᠦᠨ ᠊ᠢ ᠶᠧ ᠲᠧ ᠾᠦᠢ ᠶ᠋ᠢᠨ 《 ᠶᠤᠸᠠᠨ ᠴᠤᠤ ᠮᠢ ᠱᠢ 》 ᠳ᠋ᠦ᠍ 《 ᠶᠢᠰᠦᠨ ᠬᠥᠯ ᠪᠠᠢᠳᠠᠭ ᠂ ᠴᠠᠭᠠᠨ ᠂ ᠤᠷᠲᠤ ᠦᠬᠡᠷ ᠦ᠋ᠨ ᠰᠡᠭᠦᠯ ᠢ᠋ᠶ᠋ᠡᠷ ᠴᠢᠮᠡᠭᠯᠡᠭᠰᠡᠨ ᠴᠡᠷᠢᠭ ᠦ᠋ᠨ ᠶᠡᠬᠡ ᠲᠤᠭ 》 ᠭᠡᠵᠦ ᠲᠠᠢᠯᠪᠤᠷᠢᠯᠠᠭᠰᠠᠨ ᠪᠠᠢᠨ᠎ᠠ ᠃ ᠮᠣᠩᠭᠣᠯ ᠲᠡᠦᠬᠡᠴᠢ ᠭᠡᠸᠠ ᠲᠡᠭᠦᠨ ᠦ᠌ 《 ᠰᠢᠨ᠎ᠡ ᠪᠡᠷ ᠣᠷᠴᠢᠭᠤᠯᠤᠭᠰᠠᠨ ᠲᠦᠳᠡ ᠳᠠᠶᠢᠯᠤᠯᠭᠠᠲᠤ ᠮᠣᠩᠭᠣᠯ ᠤ᠋ᠨ ᠨᠢᠭᠤᠴᠠ ᠲᠣᠪᠴᠢᠶᠠᠨ 》 ( 《新译简注蒙古秘史 》 ) ᠳ᠋ᠠᠭᠠᠨ 《九游之白纛》 ᠭᠡᠵᠦ ᠣᠷᠴᠢᠭᠤᠯᠤᠭᠠᠳ ᠂ 《 ᠮᠣᠩᠭᠣᠯ ᠬᠥᠮᠦᠨ ᠶᠢᠰᠦ ᠭᠡᠳᠡᠭ ᠲᠣᠭ᠎ᠠ ᠶ᠋ᠢ ᠪᠡᠯᠭᠡ ᠲᠡᠢ ᠲᠣᠭ᠎ᠠ ᠭᠡᠵᠦ ᠦᠵᠡᠳᠡᠭ ᠪᠠ ᠴᠠᠭᠠᠨ ᠥᠩᠭᠡ ᠶ᠋ᠢ ᠠᠷᠢᠭᠤᠨ ᠳᠡᠭᠡᠳᠦ ᠥᠩᠭᠡ ᠭᠡᠵᠦ ᠦᠵᠡᠳᠡᠭ… … ᠲᠤᠭ ᠤ᠋ᠨ ᠬᠥᠯ ᠭᠡᠳᠡᠭ ᠨᠢ ᠲᠤᠭ ᠤ᠋ᠨ ᠰᠡᠭᠦᠯ ᠦ᠋ᠨ ᠬᠥᠪᠡᠭᠦᠨ ᠳ᠋ᠡᠬᠢ ᠰᠠᠴᠤᠭ ᠊ᠢ ᠬᠡᠯᠡᠵᠡᠢ 》 ᠭᠡᠵᠦ ᠲᠠᠢᠯᠪᠤᠷᠢᠯᠠᠵᠠᠢ ᠃ ᠮᠢᠨᠦ ᠣᠢᠯᠠᠭᠠᠬᠤ ᠪᠠᠷ ᠂ ᠲᠤᠭ ᠤ᠋ᠨ ᠡᠬᠢ ᠭᠡᠪᠡᠯ ᠲᠤᠭ ᠤ᠋ᠨ ᠡᠰᠢ ᠲᠡᠢ ᠵᠠᠯᠭᠠᠯᠳᠤᠵᠤ ᠪᠦᠬᠦᠢ ᠲᠡᠷᠡ ᠬᠡᠰᠡᠭ ᠪᠣᠯᠬᠤ ᠪᠠ ᠲᠤᠭ ᠤ᠋ᠨ ᠰᠡᠭᠦᠯ ᠭᠡᠪᠡᠯ ᠰᠠᠴᠤᠭ ᠮᠠᠨᠵᠢᠯᠠᠭ᠎ᠠ  ᠡᠯᠭᠦᠭᠰᠡᠨ ᠰᠡᠭᠦᠯ ᠦ᠋ᠨ ᠬᠥᠪᠡᠭᠡ ᠶ᠋ᠢ ᠬᠡᠯᠡᠨ᠎ᠡ ᠃ ᠡᠨᠡ ᠮᠡᠲᠦ ᠪᠡᠷ ᠲᠤᠭ ᠤ᠋ᠨ ᠰᠡᠭᠦᠯ ᠦ᠋ᠨ ᠬᠥᠪᠡᠭᠡ ᠳ᠋ᠦ᠍ᠨᠢ ᠶᠢᠰᠦᠨ ᠬᠥᠬᠥᠯ ᠪᠤᠶᠤ ᠮᠠᠨᠵᠢᠯᠠᠭ᠎ᠠ ( ᠶᠧ ᠲᠧ ᠾᠦᠢ ᠶ᠋ᠢᠨ ᠬᠡᠯᠡᠭᠰᠡᠨ ᠮᠡᠲᠦ ᠦᠬᠡᠷ ᠦ᠋ᠨ ᠰᠡᠭᠦᠯ ᠢ᠋ᠶ᠋ᠡᠷ  ᠬᠢᠭᠰᠡᠨ ᠴᠦ᠍ ᠪᠠᠢᠵᠤ ᠮᠡᠳᠡᠨ᠎ᠡ ) ᠵᠠᠯᠭᠠᠭᠰᠠᠨ ᠶᠤᠮ ᠃ ᠡᠨᠡ ᠲᠤᠭ ᠊ᠢ 《 ᠶᠢᠰᠦᠨ ᠬᠥᠯᠲᠦ ᠴᠠᠭᠠᠨ ᠲᠤᠭ 》 ᠭᠡᠰᠡᠨ ᠪᠣᠯᠤᠯᠲᠠᠢ ᠃ ᠡᠨᠳᠡ ᠭᠣᠮᠪᠣᠵᠠᠪ 《 ᠶᠢᠰᠦᠨ ᠬᠥᠭᠡᠯᠳᠦ ᠴᠠᠭᠠᠨ ᠲᠤᠭ 》 ᠭᠡᠵᠦ ᠤᠳᠬᠠᠴᠢᠯᠠᠨ ᠲᠠᠢᠯᠪᠤᠷᠢᠯᠠᠭᠰᠠᠨ ᠮᠡᠲᠦ ᠪᠠᠢᠨᠠᠮ ᠃ ᠵᠠᠷᠢᠮ ᠡᠷᠳᠡᠮᠲᠡᠳ ᠦ᠋ᠨ ᠬᠡᠯᠡᠬᠦ ᠪᠡᠷ ᠂ ᠲᠤᠭ ᠤ᠋ᠨ ᠰᠡᠭᠦᠯ ᠦ᠋ᠨ ᠬᠥᠪᠡᠭᠡᠨ ᠳ᠋ᠦ᠍ ᠵᠠᠯᠭᠠᠭᠰᠠᠨ ᠶᠢᠰᠦᠨ ᠬᠥᠬᠥᠯ ᠪᠤᠶᠤ ᠰᠠᠴᠤᠭ ᠨᠢ ( ᠡᠰᠡᠬᠦᠯ᠎ᠡ ᠮᠠᠨᠵᠢᠯᠠᠭ᠎ᠠ ᠨᠢ ) ᠭᠠᠵᠠᠷ ᠱᠦᠭᠦᠷᠡᠵᠦ ᠪᠠᠢᠭᠰᠠᠨ ᠭᠡᠨ᠎ᠡ ᠃ 

ᠪᠠᠢᠨᠠᠮ ᠂ ᠣᠣᠬᠠᠨ ᠦᠢᠮᠡᠨ  ᠲᠠᠢᠴᠤᠳ ᠂ ᠲᠠᠲᠠᠷ ᠣᠢᠬᠤᠷ ᠰᠢᠷᠠᠬᠤᠷ ᠲᠡᠷᠡᠭᠦᠲᠠᠨ ᠬᠣᠯᠠᠳᠠᠬᠢᠨ ᠳᠥᠴᠢᠨ ᠶᠢᠰᠦ ᠢᠯᠡᠭᠦᠦ ᠤᠯᠤᠰ① ᠡᠷᠬᠡ ᠳ᠋ᠡᠭᠡᠨ   ᠬᠤᠷᠠᠶᠠᠭᠠᠳ ᠂ ᠶᠡᠬᠡ ᠮᠣᠩᠭᠣᠯ ᠤᠯᠤᠰ ᠭᠡᠮᠡᠨ ᠨᠡᠷᠡᠢᠳᠪᠡᠢ ᠳᠥᠴᠢᠨ ᠢᠯᠡᠭᠦᠦ ᠤᠯᠤᠰ② ᠡᠷᠬᠡ ᠳ᠋ᠡᠭᠡᠨ ᠬᠤᠷᠠᠶᠠᠭᠠᠳ ᠂ ᠶᠡᠬᠡ ᠮᠣᠩᠭᠣᠯ ᠤᠯᠤᠰ ᠭᠡᠮᠡᠨ ᠨᠡᠷᠡᠢᠳᠪᠡᠢ ᠂ ᠲᠠᠢᠯᠪᠤᠷᠢ ᠳ᠋ᠤᠷ ᠬᠡᠯᠡᠬᠦ ᠪᠦᠬᠦᠢ ᠊ᠢ ᠳᠠᠭᠠᠭᠤᠯᠤᠭᠰᠠᠨ ᠤ᠋ ᠲᠤᠯᠠ ᠮᠦᠩ ᠂ ᠲᠥᠪ ᠲᠣᠷ ᠣᠷᠣᠰᠢᠵᠤ ᠶᠡᠷᠦᠩᠬᠡᠢᠯᠡᠭᠰᠡᠨ ᠦ᠌ ᠲᠤᠯᠠ ᠭᠣᠣᠯ ᠬᠡᠮᠡᠵᠦᠬᠦᠢ③ ᠬᠣᠷᠢᠨ ᠬᠣᠶᠠᠷ ᠣᠨ  

— — — — 
①② ᠡᠨᠳᠡ 《 ᠳᠥᠴᠢᠨ ᠶᠢᠰᠦ ᠢᠯᠡᠭᠦᠦ ᠤᠯᠤᠰ 》 ᠪᠠ 《 ᠳᠥᠴᠢᠨ ᠢᠯᠡᠭᠦᠦ ᠤᠯᠤᠰ 》 ᠭᠡᠳᠡᠭ ᠨᠢ ᠪᠠᠷᠤᠭᠯᠠᠭᠰᠠᠨ ᠲᠣᠭ᠎ᠠ ᠪᠣᠯᠠᠢ ᠃ ᠭᠡᠸᠠ ᠶ᠋ᠢᠨ 《ᠰᠢᠨ᠎ᠡ ᠪᠡᠷ ᠣᠷᠴᠢᠭᠤᠯᠤᠭᠰᠠᠨ ᠲᠦᠳᠡ ᠳᠠᠶᠢᠯᠤᠯᠭᠠᠲᠤ ᠮᠣᠩᠭᠣᠯ ᠤ᠋ᠨ ᠨᠢᠭᠤᠴᠠ ᠲᠣᠪᠴᠢᠶᠠᠨ 》 ᠳ᠋ᠤᠷ 《 ᠲᠡᠷᠡᠬᠦ ᠳᠥᠴᠢᠨ ᠤᠯᠤᠰ ᠊ᠢ ᠡᠷᠬᠡ ᠳ᠋ᠡᠭᠡᠨ ᠣᠷᠣᠭᠤᠯᠪᠠ ᠬᠡᠮᠡᠭᠴᠢ ᠢᠨᠤ ᠶᠡᠬᠡ ᠤᠯᠤᠰ ᠊ᠢ ᠲᠣᠭᠠᠴᠢᠪᠠᠰᠤ ᠬᠦᠷᠬᠦ ᠦᠭᠡᠢ ᠂ ᠡᠭᠦᠨᠴᠡ ᠪᠤᠰᠤ ᠠᠢᠮᠠᠭ ᠪᠦᠯᠦᠭ ᠊ᠢ ᠲᠣᠭᠠᠴᠢᠪᠠᠰᠤ ᠢᠯᠡᠭᠦᠳᠡᠮᠦᠢ ᠂ ᠡᠨᠡ ᠪᠣᠯᠪᠠᠰᠤ ᠪᠠᠷᠤᠭᠯᠠᠭᠰᠠᠨ ᠲᠣᠭ᠎ᠠ ᠪᠣᠯᠠᠢ 》 ᠭᠡᠵᠡᠢ ᠃ ᠡᠨᠡ ᠮᠡᠲᠦ ᠪᠠᠷᠤᠭᠯᠠᠨ ᠲᠡᠮᠳᠡᠭᠯᠡᠭᠰᠡᠨ ᠵᠦᠢᠯᠡᠰ ᠪᠤᠰᠤᠳ ᠲᠡᠦᠬᠡ ᠶ᠋ᠢᠨ ᠰᠤᠷᠪᠤᠯᠵᠢ   ᠪᠢᠴᠢᠭ ᠲᠦ᠍ ᠮᠥᠨ ᠬᠠᠷᠠᠭᠳᠠᠳᠠᠭ ᠃ ᠵᠢᠱ᠌ᠢᠶᠡᠯᠡᠪᠡᠯ ᠄ ᠯᠣᠪᠰᠠᠩᠲᠠᠨᠵᠠᠨ ᠤ᠋ 《 ᠠᠯᠲᠠᠨ ᠲᠣᠪᠴᠢ 》 ᠳ᠋ᠤ᠌ 《 ᠡᠬᠢᠲᠦᠨ ᠤᠯᠤᠰ ᠊ᠢ ᠡᠷᠬᠡ ᠳ᠋ᠦ᠍ᠷ ᠢ᠋ᠶ᠋ᠡᠨ ᠣᠷᠣᠭᠤᠯᠵᠤ 》 ᠂ 《 ᠡᠬᠢᠲᠦ ᠤᠯᠤᠰ ᠤ᠋ᠨ ᠠᠯᠪᠠᠨ ᠠᠪᠴᠤ 》 ᠭᠡᠬᠦ ᠂ ᠪᠤᠶᠤ 《 ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠳ᠋ᠤ᠌ 《 ᠼᠠᠮᠪᠣᠲᠢᠪ ᠤ᠋ᠨ ᠭᠤᠷᠪᠠᠨ ᠵᠠᠭᠤ ᠵᠢᠷᠠᠨ ᠨᠢᠭᠡᠨ ᠣᠪᠣᠭᠲᠠᠨ ᠳᠣᠯᠣᠭᠠᠨ ᠵᠠᠭᠤ ᠬᠣᠷᠢᠨ ᠬᠡᠯᠡᠲᠡᠨ ᠤᠯᠤᠰ ᠤ᠋ᠨ ᠠᠯᠪᠠ ᠭᠤᠪᠴᠢᠭᠤᠷ ᠠᠪᠴᠤ 》 ᠭᠡᠵᠦ ᠣᠯᠠᠨ ᠤᠯᠤᠰ ᠣᠷᠣᠨ ᠊ᠢ ᠡᠵᠡᠯᠡᠵᠦ ᠂ ᠠᠯᠢᠪᠠ ᠭᠤᠪᠴᠢᠭᠤᠷ ᠠᠪᠴᠤ ᠪᠠᠢᠭᠰᠠᠨ ᠊ᠢ ᠲᠡᠮᠳᠡᠭᠯᠡᠭᠰᠡᠨ ᠪᠠᠢᠳᠠᠭ ᠃ 
③ ᠡᠨᠳᠡ ᠭᠣᠮᠪᠣᠵᠠᠪ 《ᠮᠣᠩᠭᠣᠯ 》 ᠭᠡᠰᠡᠨ ᠳ᠋ᠦ᠍ ᠲᠠᠢᠯᠪᠤᠷᠢ ᠬᠢᠵᠡᠢ ᠃ 《ᠮᠣᠩᠭᠣᠯ 》 ᠭᠡᠰᠡᠨ ᠴᠣᠬᠣᠮ ᠶᠠᠮᠠᠷ ᠤᠳᠬ᠎ᠠ ᠲᠠᠢ ᠪᠣᠢ︖ ᠡᠷᠳᠡᠮᠲᠡᠨ ᠨᠠᠷ ᠤ᠋ᠨ  ᠰᠠᠨᠠᠯ ᠠᠳᠠᠯᠢ ᠦᠭᠡᠢ ᠪᠠᠢᠭᠰᠠᠭᠠᠷ ᠪᠠᠢᠨ᠎ᠠ ᠃ ᠮᠣᠩᠭᠣᠯ ᠤ᠋ᠨ ᠶᠡᠬᠡ ᠲᠡᠦᠬᠡᠴᠢ ᠰᠠᠭᠠᠩ ᠰᠡᠴᠡᠨ 《 ᠮᠦᠩᠲᠡᠶᠢᠨ ᠶᠠᠪᠤᠵᠤ ᠠᠷᠮᠠᠢ ᠶ᠋ᠢ ᠵᠤᠬᠡᠵᠦ ᠵᠣᠩᠬᠢᠯᠠᠨ ᠬᠤᠷᠢᠶᠠᠬᠤᠶ᠎ᠠ ᠮᠥᠩᠬᠡᠯᠡᠵᠦ ᠵᠤᠪᠤᠯᠳᠤᠨ ᠵᠢᠷᠬᠠᠨᠯᠲᠤᠨ ᠬᠦᠴᠦᠨ ᠢ᠋ᠶ᠋ᠡᠨ ᠦᠯᠡᠮᠵᠢ  ᠦᠭᠭᠦᠭᠰᠡᠨ᠂ ᠮᠣᠯᠣᠷ ᠡᠷᠳᠡᠨᠢ ᠮᠡᠲᠦ ᠡᠨᠡ ‍ᠬᠦ ᠪᠢᠳᠡ ᠤᠯᠤᠰ ᠮᠢᠨᠦ ᠂ ᠮᠤᠩ ᠢ᠋ᠶ᠋ᠠᠨ ᠦᠵᠡᠲᠡᠯ᠎ᠡ ᠵᠤᠪᠤᠪᠠᠰᠤ ᠪᠠᠷ ᠂ ᠶᠡᠷᠦᠩᠬᠡᠢ ᠶ᠋ᠢᠨ ᠭᠣᠣᠯ ᠪᠣᠯᠤᠭᠰᠠᠨ ᠢ᠋ᠶ᠋ᠠᠷ ᠬᠥᠳᠡᠯᠭᠦᠢ ᠶ᠋ᠢᠨ ᠳᠡᠭᠡᠳᠦ ᠬᠥᠬᠡ ᠮᠣᠩᠭᠣᠯ  ᠬᠡᠮᠡᠭᠳᠡᠬᠦᠢ ᠶ᠋ᠢ ᠭᠡᠮᠡᠨ ᠵᠠᠷᠯᠢᠭ ᠪᠣᠯᠤᠭᠰᠠᠨ ᠠ᠋ᠴᠠ ᠬᠣᠢᠰᠢ ᠬᠥᠬᠡ ᠮᠣᠩᠭᠣᠯ ᠬᠡᠮᠡᠵᠦᠬᠦᠢ 》 ᠭᠡᠵᠦ ᠴᠢᠩᠭᠢᠰ ᠬᠠᠭᠠᠨ ᠶᠡᠬᠡ ᠣᠷᠣ ᠰᠠᠭᠤᠬᠤ ᠳ᠋ᠠᠭᠠᠨ ᠵᠠᠷᠯᠢᠭ ᠪᠣᠯᠤᠭᠰᠠᠨ ᠦᠭᠡ ᠪᠡᠷ 《ᠮᠣᠩᠭᠣᠯ 》 ᠭᠡᠳᠡᠭ ᠢᠷᠡᠯᠲᠡ ᠶ᠋ᠢ ᠲᠠᠢᠯᠪᠤᠷᠢᠯᠠᠵᠠᠢ ᠃ ᠲᠡᠦᠬᠡᠴᠢ ᠢᠨᠵᠠᠨᠨᠠᠰᠢ ᠪᠠᠰᠠ 《 ᠬᠦᠨᠳᠦᠯᠡᠭᠳᠡᠬᠦ ᠶ᠋ᠢᠨ ᠳᠡᠭᠡᠳᠦ ᠬᠥᠬᠡ ᠮᠣᠩᠭᠣᠯ 》 ᠭᠡᠵᠦ ᠴᠤᠬᠤᠰ ᠲᠠᠢᠯᠪᠤᠷᠢᠯᠠᠭᠰᠠᠨ ᠶᠤᠮ ᠃ ᠡᠭᠦᠨᠴᠡ ᠭᠠᠳᠠᠨ᠎ᠠ ᠪᠠᠰᠠ ᠪᠤᠰᠤᠳ ᠮᠣᠩᠭᠣᠯ ᠲᠡᠦᠬᠡᠴᠢ ᠨᠠᠷ ᠴᠤ᠌ ᠮᠥᠨ ᠡᠨᠡ ᠮᠡᠲᠦ ᠲᠠᠢᠯᠪᠤᠷᠢᠯᠠᠭᠰᠠᠨ ᠴᠤ᠌ ᠪᠣᠢ ᠃ ᠡᠳᠡᠭᠡᠷ ᠮᠣᠩᠭᠣᠯ ᠲᠡᠦᠬᠡᠴᠢ ᠨᠠᠷ ᠤ᠋ᠨ ᠲᠠᠢᠯᠪᠤᠷᠢᠯᠠᠯ ᠤ᠋ᠨ ᠭᠣᠣᠯ ᠰᠠᠨᠠᠭ᠎ᠠ ᠨᠢ ᠄ ᠮᠤᠩ ᠢ᠋ᠶ᠋ᠠᠨ ᠦᠵᠡᠲᠡᠯ᠎ᠡ ᠵᠣᠪᠠᠵᠤ ᠣᠯᠠᠨ ᠠᠢᠮᠠᠭ ᠤᠯᠤᠰ ᠊ᠢ ᠡᠷᠬᠡ ᠳ᠋ᠡᠭᠡᠨ ᠣᠷᠣᠭᠤᠯᠤᠭᠠᠳ ᠡᠴᠦᠰ ᠲᠦ᠋ᠨᠢ ᠭᠣᠣᠯ ᠤᠯᠤᠰ ᠪᠣᠯᠵᠤ ᠰᠠᠭᠤᠭᠰᠠᠨ ᠠ᠋ᠴᠠ 《 ᠬᠥᠳᠡᠯᠭᠦᠢ ᠶ᠋ᠢᠨ ᠳᠡᠭᠡᠳᠦ ᠬᠥᠬᠡ ᠮᠣᠩᠭᠣᠯ 》 ᠭᠡᠵᠦ ᠲᠡᠦᠬᠡ ᠶ᠋ᠢᠨ ᠬᠥᠭᠵᠢᠯᠲᠡ ᠶ᠋ᠢᠨ ᠶᠡᠷᠦᠩᠬᠡᠢ ᠪᠠᠢᠳᠠᠯ ᠠ᠋ᠴᠠ  《ᠮᠣᠩᠭᠣᠯ 》ᠭᠡᠳᠡᠭ ᠦᠭᠡᠨ ᠳ᠋ᠦ᠍  ᠬᠢᠭᠰᠡᠨ ᠲᠠᠢᠯᠪᠤᠷᠢᠯᠠᠯ ᠪᠣᠯᠤᠨ᠎ᠠ ᠃ ᠡᠭᠦᠨ ᠊ᠢ ᠮᠣᠩᠭᠣᠯ ᠭᠡᠰᠡᠨ ᠨᠡᠷ᠎ᠡ ᠬᠡᠵᠢᠶ᠎ᠡ ᠡᠭᠦᠰᠴᠦ ᠶᠠᠭᠠᠬᠢᠵᠤ ᠨᠡᠷ᠎ᠡ ᠪᠣᠯᠤᠭᠰᠠᠨ ᠲᠤᠬᠠᠢ ᠦᠨᠡᠨᠬᠦ ᠣᠨᠣᠪᠴᠢᠲᠠᠢ ᠲᠠᠢᠯᠪᠤᠷᠢᠯᠠᠯ ᠭᠡᠵᠦ ᠦᠵᠡᠬᠦ ᠠᠷᠭ᠎ᠠ ᠦᠭᠡᠢ  ᠶᠦ᠍ᠮ ᠃ 《 ᠮᠣᠩᠭᠣᠯ 》 ᠭᠡᠳᠡᠭ ᠨᠡᠷ᠎ᠡ ᠶ᠋ᠢᠨ ᠡᠭᠦᠰᠦᠯ ᠦ᠋ᠨ ᠲᠤᠬᠠᠢ ᠳᠣᠲᠣᠭᠠᠳᠤ ᠭᠠᠳᠠᠭᠠᠳᠤ ᠶ᠋ᠢᠨ ᠮᠣᠩᠭᠣᠯᠴᠢ ᠨᠠᠷ ᠦᠨᠡᠬᠡᠷ ᠮᠤᠩ ᠢ᠋ᠶ᠋ᠠᠨ ᠦᠵᠡᠲᠡᠯ᠎ᠡ ᠲᠠᠢᠯᠪᠤᠷᠢᠯᠠᠯ ᠬᠢᠵᠦ  ᠦᠭᠭᠡᠷᠡᠭᠰᠡᠨ  ᠶᠦ᠍ᠮ ᠃ ᠢᠷᠡᠨ ᠦ᠌ ᠲᠡᠦᠬᠡᠴᠢ ᠷᠠᠰᠢᠳ᠋ — ᠠᠳ᠋ — ᠳ᠋ᠢᠨ ᠡᠴᠡ 《ᠮᠣᠩᠭᠣᠯ ᠬᠡᠮᠡᠭᠴᠢ ᠢᠨᠤ ᠪᠦᠳᠦᠭᠦᠯᠢᠭ ᠠᠰᠪᠤᠷ ᠳᠡᠭᠡᠷ᠎ᠡ ᠪᠡᠨ ᠵᠥᠭᠡᠯᠡᠨ ᠪᠠᠭᠤᠷᠠᠢ ᠶ᠋ᠢ  ᠬᠡᠯᠡᠭᠰᠡᠨ ᠪᠣᠯᠠᠢ 》 ᠭᠡᠵᠡᠢ ᠃ ᠡᠨᠡ ᠲᠡᠦᠬᠡᠴᠢ ᠴᠣᠬᠣᠮ ᠶᠠᠭᠤᠨ ᠊ᠢ ᠦᠨᠳᠦᠰᠦᠯᠡᠵᠦ ᠲᠠᠢᠯᠪᠤᠷᠢᠯᠠᠭᠰᠠᠨ ᠊ᠢ ᠤᠬᠠᠬᠤᠢ ᠳ᠋ᠤᠷ ᠲᠦᠪᠡᠭ ᠲᠡᠢ  ᠪᠠᠢᠨ᠎ᠠ᠃ ᠬᠢᠲᠠᠳ ᠲᠡᠦᠬᠡᠴᠢ ᠵᠢᠶᠠᠩ ᠵᠦᠩ ᠱᠤ᠌ ( ᠮᠢᠩ ᠤᠯᠤᠰ ᠤ᠋ᠨ ) ᠲᠠᠢᠯᠪᠤᠷᠢᠯᠠᠬᠤ ᠳ᠋ᠠᠭᠠᠨ 》 ᠠᠷᠤ ᠭᠠᠵᠠᠷ ᠤ᠋ᠨ ᠦᠨᠳᠦᠰᠦᠲᠡᠨ ᠨᠤᠭᠦᠳ ᠂< ᠠᠯᠲᠠ ᠮᠥᠩᠭᠥ > ᠶ᠋ᠢᠨ ᠮᠥᠩᠭᠥ ᠶ᠋ᠢ ᠮᠥᠩᠭᠥᠨ ᠬᠡᠮᠡᠳᠡᠭ ᠪᠤᠶᠤ ᠃ ᠶᠤᠸᠠᠨ ᠤᠯᠤᠰ ᠠ᠋ᠴᠠ ᠡᠮᠦᠨ᠎ᠡ  ᠳᠡ  ᠳᠡ ᠤᠯᠤᠰ ᠢ᠋ᠶ᠋ᠠᠨ < ᠮᠣᠩᠭᠣᠯ > ᠭᠡᠳᠡᠭ ᠦ᠋ᠨ ᠤᠴᠢᠷ ᠨᠢ ᠵᠦᠷᠴᠢᠨ ᠨᠠᠷ ᠤᠯᠤᠰ ᠢ᠋ᠶ᠋ᠠᠨ ᠠᠯᠲᠠᠨ ᠤᠯᠤᠰ ᠭᠡᠵᠦ  ᠨᠡᠷᠡᠢᠳᠦᠭᠰᠡᠨ ᠲᠤᠯᠠ ᠲᠡᠳᠡᠨ ᠥᠪᠡᠷ ᠢ᠋ᠶ᠋ᠡᠨ ᠮᠥᠩᠭᠥᠨ ᠭᠡᠮᠡᠨ ᠨᠡᠷᠡᠢᠳᠪᠡᠢ 》 ( 《尧山堂外记 》 ᠳ᠋ᠦ᠍ ᠪᠣᠢ ) ᠭᠡᠵᠡᠢ ᠃ 《 ᠮᠣᠩᠭᠣᠯ 》 ᠭᠡᠳᠡᠭ ᠨᠡᠷ᠎ᠡ ᠠᠯᠲᠠᠨ ᠤᠯᠤᠰ ᠠ᠋ᠴᠠ ᠬᠣᠯᠠ ᠡᠮᠦᠨ᠎ᠡ ᠪᠠᠢᠭᠰᠠᠨ ᠲᠤᠯᠠ ᠂ ᠠᠯᠲᠠᠨ ᠤᠯᠤᠰ ᠤ᠋ᠨ ᠦᠶ᠎ᠡ ᠳ᠋ᠦ᠍ ᠠᠯᠲᠠᠨ ᠤᠯᠤᠰ ᠊ᠢ ᠳᠠᠭᠤᠷᠢᠶᠠᠨ ᠮᠥᠩᠭᠥᠨ ᠤᠯᠤᠰ ᠭᠡᠵᠦ ᠨᠡᠷᠡᠢᠳᠦᠭᠰᠡᠨ ᠭᠡᠳᠡᠭ ᠪᠣᠯ ᠱᠠᠯ ᠳᠡᠮᠡᠢ ᠦᠭᠡ ᠪᠣᠯᠤᠨ᠎ᠠ ᠃ ᠴᠢᠩ ᠤᠯᠤᠰ ᠤ᠋ᠨ ᠬᠢᠲᠠᠳ ᠲᠡᠦᠬᠡᠴᠢ ᠬᠣᠩ ᠵᠢᠶᠦ᠋ᠨ ᠮᠤᠩᠬᠠᠭ ᠪᠦᠳᠦᠭᠦᠯᠢᠭ ᠭᠡᠰᠡᠨ ᠤᠳᠬ᠎ᠠ ᠲᠠᠢ ᠭᠡᠵᠦ ᠲᠠᠢᠯᠪᠤᠷᠢᠯᠠᠵᠠᠢ ᠃ ᠡᠨᠡ ᠨᠢ ᠶᠠᠷᠢᠶᠠᠨ ᠦᠭᠡᠢ ᠹᠧᠣᠳᠠᠯ ᠠᠩᠭᠢ ᠶ᠋ᠢᠨ ᠬᠢᠲᠠᠳ ᠲᠡᠦᠬᠡᠴᠢ ᠶ᠋ᠢᠨ ᠳᠡᠭᠡᠷᠡᠩᠭᠦᠢ ᠶᠡᠬᠡ ᠦᠵᠡᠯ ᠪᠣᠯᠬᠤ ᠲᠡᠳᠦᠢ ᠡᠴᠡ ᠪᠤᠰᠤ ᠥᠭᠡᠷ᠎ᠡ ᠶᠠᠮᠠᠷ ᠴᠤ᠌ ᠰᠢᠨᠵᠢᠯᠡᠬᠦᠢ ᠤᠬᠠᠭᠠᠨᠴᠢ ᠦᠨᠳᠦᠰᠦᠯᠡᠯ ᠦᠭᠡᠢ  ᠶᠦ᠍ᠮ ᠃ ᠮᠣᠩᠭᠣᠯ ᠲᠡᠦᠬᠡᠴᠢ ᠭᠡᠸᠠ 《 ᠰᠢᠨ᠎ᠡ ᠪᠡᠷ ᠣᠷᠴᠢᠭᠤᠯᠤᠭᠰᠠᠨ ᠲᠦᠳᠡ ᠳᠠᠶᠢᠯᠤᠯᠭᠠᠲᠤ ᠮᠣᠩᠭᠣᠯ ᠤ᠋ᠨ ᠨᠢᠭᠤᠴᠠ ᠲᠣᠪᠴᠢᠶᠠᠨ 》 ᠳ᠋ᠠᠭᠠᠨ 《 ᠮᠣᠩᠭᠣᠯ ᠭᠡᠳᠡᠭ ᠨᠢ < ᠮᠥᠩᠬᠡ ᠲᠩᠷᠢ > ᠶ᠋ᠢᠨ ᠮᠥᠩᠬᠡ ᠪᠣᠯᠤᠨ ᠣᠪᠣᠭᠲᠠᠨ ᠪᠠ ᠠᠢᠮᠠᠭᠳᠠᠨ ᠤ᠋ ᠤᠳᠤᠮᠰᠢᠯᠲᠤ ᠪᠡᠯᠭᠡ ᠳᠡᠮᠪᠡᠷᠢᠯ ᠪᠣᠯᠤᠭᠰᠠᠨ < ᠭᠠᠯ ᠲᠤᠯᠭ᠎ᠠ > ᠶ᠋ᠢᠨ ᠭᠠᠯ ᠬᠡᠮᠡᠬᠦ ᠦᠭᠡ ᠯᠦᠭᠡ ᠨᠡᠢᠯᠡᠨ [mөŋkgal ] ᠪᠣᠯᠵᠠᠢ ᠃ ᠡᠨᠡ [mөŋgal ] ᠨᠢ ᠠᠪᠢᠶ᠎ᠠ ᠵᠣᠬᠢᠴᠠᠬᠤ ᠶᠣᠰᠣᠨ ᠠ᠋ᠴᠠ ᠪᠣᠯᠵᠤ [mɔŋgɔl ] ᠪᠣᠯᠵᠤᠬᠤᠢ ᠃ ᠡᠢᠮᠦ ᠡᠴᠡ ᠮᠣᠩᠭᠣᠯ ᠭᠡᠵᠦ ᠬᠡᠯᠡᠳᠡᠭ ᠨᠢ ᠮᠥᠩᠬᠡ ᠶ᠋ᠢᠨ ᠠᠢᠮᠠᠭ ᠤᠭᠰᠠᠭ᠎ᠠ ᠬᠡᠮᠡᠭᠰᠡᠨ ᠰᠠᠨᠠᠭ᠎ᠠ ᠪᠣᠯᠠᠢ 》 ᠭᠡᠵᠦ ᠰᠢᠨ᠎ᠡ ᠪᠡᠷ ᠲᠠᠢᠯᠪᠤᠷᠢᠯᠠᠵᠠᠢ ᠃ 《 ᠮᠣᠩᠭᠣᠯ 》 ᠭᠡᠳᠡᠭ ᠨᠡᠷ᠎ᠡ ᠴᠣᠬᠣᠮ ᠬᠡᠵᠢᠶ᠎ᠡ ᠭᠠᠷᠤᠭᠰᠠᠨ ᠪᠣᠢ ︖ ᠷᠠᠰᠢᠳ᠋ — ᠠᠳ᠋ — ᠳ᠋ᠢᠨ 《 ᠲᠡᠦᠬᠡ ᠶ᠋ᠢᠨ ᠴᠢᠭᠤᠯᠠᠭᠠᠨ 》 ᠳ᠋ᠠᠭᠠᠨ ᠠᠯᠤᠨ ᠭᠤᠸ᠋᠎ᠠ ᠠ᠋ᠴᠠ ᠬᠣᠢᠰᠢᠬᠢ ᠨᠡᠷᠡᠢᠳᠦᠯ ᠪᠣᠯᠵᠤ ᠮᠣᠩᠭᠣᠯ ᠭᠠᠵᠠᠷ ᠪᠠᠢᠭᠰᠠᠨ ᠡᠷᠲᠡᠨ ᠦ᠌ ᠣᠯᠠᠨ ᠠᠢᠮᠠᠭ ᠤ᠋ᠨ ᠨᠢᠭᠡ ᠨᠢ ᠭᠡᠵᠡᠢ ᠃ ᠮᠧᠩ ᠬᠣᠩ 《 ᠮᠧᠩ ᠳᠠ ᠪᠧᠢ ᠯᠦ᠍ 》 ( 《蒙鞑备录 》 ) ᠳ᠋ᠡᠭᠡᠨ ᠮᠣᠩᠭᠣᠯ ᠭᠡᠳᠡᠭ ᠨᠡᠷ᠎ᠡ ᠮᠣᠩᠭᠣᠯ ᠤᠯᠤᠰ  ᠪᠦᠷᠢᠯᠳᠦᠭᠰᠡᠨ ᠦ᠌ ᠬᠣᠢᠨ᠎ᠠ ᠭᠠᠷᠤᠭᠰᠠᠨ ᠭᠡᠵᠦ ᠮᠡᠳᠡᠭᠡᠯᠡᠵᠡᠢ ᠃ ᠮᠣᠩᠭᠣᠯ ᠲᠡᠦᠬᠡᠴᠢ ᠪᠦᠸᠧ ᠮᠢᠩ ᠲᠡᠭᠦᠨ ᠦ᠌ 《 ᠰᠢ ᠵᠠᠢ ᠧᠦ   ᠳᠧ  》 ( 《西斋偶得 》 ) ᠭᠡᠳᠡᠭ ᠵᠣᠬᠢᠶᠠᠯ ᠳ᠋ᠠᠭᠠᠨ ᠮᠣᠩᠭᠣᠯ ᠭᠡᠳᠡᠭ ᠨᠡᠷ᠎ᠡ ᠠᠯᠲᠠᠨ ᠤᠯᠤᠰ ᠠ᠋ᠴᠠ ᠡᠮᠦᠨ᠎ᠡ ᠭᠠᠷᠤᠭᠰᠠᠨ ᠭᠡᠵᠡᠢ ᠃ ᠥᠪᠥᠷ ᠮᠣᠩᠭᠣᠯ ᠤ᠋ᠨ ᠨᠡᠢᠭᠡᠮ ᠦ᠋ᠨ ᠰᠢᠨᠵᠢᠯᠡᠬᠦᠢ ᠤᠬᠠᠭᠠᠨ ᠤ᠋ ᠬᠦᠷᠢᠶᠡᠯᠡᠩ ᠦ᠋ᠨ ᠮᠣᠩᠭᠣᠯ ᠲᠡᠦᠬᠡᠴᠢ ᠯᠢᠦ ᠶ᠋ᠢᠨ ᠰᠦᠸᠧ ᠲᠡᠭᠦᠨ ᠦ᠌ 《 ᠠᠷᠪᠠᠨ ᠭᠤᠷᠪᠠ — ᠠᠷᠪᠠᠨ ᠳᠣᠯᠣᠳᠤᠭᠠᠷ ᠵᠠᠭᠤᠨ ᠤ᠋ ᠮᠣᠩᠭᠣᠯ ᠤ᠋ᠨ ᠲᠡᠦᠬᠡ ᠪᠢᠴᠢᠯᠭᠡ 》 ᠭᠡᠳᠡᠭ ᠨᠣᠮ ᠳ᠋ᠠᠭᠠᠨ 《 ᠮᠣᠩᠭᠣᠯ ᠭᠡᠳᠡᠭ ᠨᠡᠷ᠎ᠡ ᠪᠣᠲᠠᠨᠴᠠᠷ ᠤ᠋ᠨ ᠦᠶ᠎ᠡ ᠳ᠋ᠦ᠍  ᠰᠠᠶᠢ ᠪᠣᠢ ᠪᠣᠯᠵᠠᠢ ᠃ ᠪᠣᠲᠠᠨᠴᠠᠷ ᠤ᠋ᠨ ᠦᠶ᠎ᠡ ᠳ᠋ᠦ᠍ ᠮᠣᠩᠭᠣᠯ ᠠᠢᠮᠠᠭ ᠪᠦᠷᠢᠯᠳᠦᠪᠡ 》 ᠭᠡᠵᠦ ᠮᠣᠩᠭᠣᠯ ᠭᠡᠳᠡᠭ ᠨᠡᠷ᠎ᠡ ᠶ᠋ᠢᠨ ᠭᠠᠷᠤᠭᠰᠠᠨ ᠴᠠᠭ ᠬᠤᠭᠤᠴᠠᠭ᠎ᠠ ᠶ᠋ᠢ ᠰᠢᠨ᠎ᠡ ᠪᠡᠷ ᠮᠡᠳᠡᠭᠡᠯᠡᠭᠰᠡᠨ ᠪᠠᠢᠨ᠎ᠠ ᠃ 

ᠰᠠᠭᠤᠵᠤ ᠵᠢᠷᠠᠨ ᠵᠢᠷᠭᠤᠭᠠᠨ ᠦᠯᠵᠢ ᠭᠠᠯ ᠭᠠᠬᠠᠢ ᠵᠢᠯ① ᠡᠪᠦᠯᠦᠨ ᠰᠡᠭᠦᠯ ᠰᠠᠷ᠎ᠠ ᠯᠦ᠍ ᠫᠠᠨ ᠱᠠᠨ ᠠᠭᠤᠯᠠᠨ ᠳ᠋ᠤᠷ ᠲᠩᠷᠢ ᠪᠣᠯᠪᠠᠢ② ᠃ ᠡᠨᠡ ᠵᠠᠪᠰᠠᠷ ᠳᠥᠲᠥᠭᠡᠷ ᠲᠠᠢᠽᠢ ᠣᠷᠣᠯᠠᠵᠤ ᠨᠢᠭᠡᠨ ᠵᠢᠯ ᠲᠥᠷᠥ ᠪᠠᠷᠢᠪᠠᠢ③ ᠃ ᠪᠣᠭᠳᠠ ᠴᠢᠩᠭᠢᠰ ᠦ᠋ᠨ ᠶᠡᠬᠡ ᠭᠠᠲᠤᠨ [ ᠬᠠᠲᠤᠨ ] ᠂ ᠬᠣᠩᠭᠢᠷᠠᠳ ᠤ᠋ᠨ ᠂ ᠳ᠋ᠠᠢ ᠂ ᠰᠡᠴᠡᠨ ᠬᠠᠭᠠᠨ④ ᠤ᠋ ᠣᠬᠢᠨ ᠪᠦᠷᠲᠡᠭᠡᠯᠵᠢᠨ ᠂ ᠭᠠᠲᠣᠨ ᠠ᠋ᠴᠠ  ᠲᠥᠷᠥᠭᠰᠡᠨ ᠠᠨᠤ ᠶᠡᠬᠡ ᠲᠠᠢᠽᠢ ᠵᠣᠴᠢ [ ᠵᠥᠴᠢ ] ᠂ ᠴᠢᠨ ᠸᠠᠩ ᠴᠠᠭᠠᠲᠠᠢ ᠂ ᠭᠤᠲᠠᠭᠠᠷ ᠥᠭᠡᠳᠡᠢ ᠂ ᠳᠥᠲᠥᠭᠡᠷ ᠲᠤᠯᠤᠢ ᠂ ᠳᠥᠷᠪᠡᠭᠦᠯᠡ ᠃

— — — — 
① ᠭᠠᠯ ᠭᠠᠬᠠᠢ ᠵᠢᠯ ᠄ ᠳᠠᠷᠤᠢ ᠤᠯᠠᠭᠠᠭᠴᠢᠨ ᠭᠠᠬᠠᠢ ᠵᠢᠯ ᠂ ᠣᠨ ᠲᠣᠭᠠᠯᠠᠯ ᠤ᠋ᠨ1227 ᠣᠨ ᠃ ᠡᠨᠡ ᠣᠨ ᠴᠢᠩᠭᠢᠰ ᠬᠠᠭᠠᠨ ᠨᠠᠰᠤ ᠪᠠᠷᠠᠵᠠᠢ ᠃ ② ᠯᠦ᠍ ᠫᠠᠨ ᠱᠠᠨ ᠠᠭᠤᠯᠠ ᠄ ᠯᠢᠦ ᠫᠠᠨ ᠱᠠᠨ ᠠᠭᠤᠯᠠ ᠃ ᠮᠣᠩᠭᠣᠯ ᠰᠤᠷᠪᠤᠯᠵᠢ ᠪᠢᠴᠢᠭ ᠲᠦ᠍ ᠴᠢᠩᠭᠢᠰ ᠬᠠᠭᠠᠨ ᠊ᠢ 《 ᠯᠤᠤᠪᠠᠨ ᠬᠠᠨ 》 ᠂ 《 ᠯᠤᠤᠪᠠᠩ ᠬᠠᠭᠠᠨ 》 ᠳ᠋ᠤ᠌ 《 ᠲᠩᠷᠢ ᠪᠣᠯᠪᠠ 》 ᠭᠡᠳᠡᠭ ᠨᠢ ᠴᠢᠩᠭᠢᠰ ᠬᠠᠭᠠᠨ ᠊ᠢ ᠯᠢᠦ ᠫᠠᠨ ᠱᠠᠨ (六盘山 ) ᠠᠭᠤᠯᠠᠨ᠎ᠠ ᠨᠠᠰᠤ ᠪᠠᠷᠠᠪᠠ ᠭᠡᠵᠦ ᠲᠡᠮᠳᠡᠭᠯᠡᠭᠰᠡᠨ ᠲᠡᠮᠳᠡᠭᠯᠡᠯ ᠪᠣᠯᠤᠨ᠎ᠠ ᠃ 
③ 《 ᠶᠤᠸᠠᠨ ᠱᠢ 》 ᠳ᠋ᠦ᠍ 《 ᠰᠢᠷ᠎ᠠ ᠬᠤᠯᠤᠭᠠᠨ᠎ᠠ ᠵᠢᠯ ᠂ ᠡᠨᠡ ᠣᠨ ᠳ᠋ᠤᠷ ᠬᠠᠭᠠᠨ ᠤ᠋ ᠬᠥᠪᠡᠭᠦᠨ ᠲᠤᠯᠤᠢ ᠪᠠᠷ ᠲᠥᠷᠥ ᠪᠠᠷᠢᠪᠠᠢ 》 ᠭᠡᠵᠡᠢ ᠃ ᠴᠢᠩᠭᠢᠰ ᠬᠠᠭᠠᠨ ᠨᠠᠰᠤ ᠪᠠᠷᠠᠭᠰᠠᠨ ᠤ᠋ ᠳᠠᠷᠠᠭ᠎ᠠ ᠲᠡᠭᠦᠨ ᠦ᠌ ᠣᠳᠬᠣᠨ ᠬᠥᠪᠡᠭᠦᠨ ᠲᠤᠯᠤᠢ ᠨᠢᠭᠡ ᠵᠢᠯ ᠮᠣᠩᠭᠣᠯ ᠤ᠋ᠨ ᠲᠥᠷᠥ ᠶ᠋ᠢ ᠮᠡᠳᠡᠵᠦ ᠪᠠᠢᠪᠠ ᠃ ᠡᠨᠡ ᠨᠢ ᠣᠨ ᠲᠣᠭᠠᠯᠠᠯ ᠤ᠋ᠨ1228 ᠣᠨ ᠪᠤᠶᠤ ᠃1229 ᠣᠨ ᠳ᠋ᠤ᠌ ᠥᠭᠡᠳᠡᠢ ᠬᠠᠭᠠᠨ ᠰᠠᠭᠤᠷᠢᠨ ᠊ᠢ ᠵᠠᠯᠭᠠᠮᠵᠢᠯᠠᠪᠠ ᠃ 
④ ᠳ᠋ᠠᠢ ᠂ ᠰᠡᠴᠡᠨ ᠬᠠᠭᠠᠨ ᠄ ᠪᠠᠰᠠ ᠲᠠᠢ ᠰᠡᠴᠡᠨ ᠭᠡᠳᠡᠭ ᠃ ᠡᠨᠡ ᠪᠣᠯ ᠴᠢᠩᠭᠢᠰ ᠦ᠋ᠨ ᠬᠠᠳᠠᠮ ᠠᠪᠤ᠋ ᠲᠤᠯᠠ ᠡᠢᠨ ‍ᠬᠦ ᠲᠡᠭᠦᠨ ᠊ᠢ ᠬᠦᠨᠳᠦᠯᠡᠨ ᠳ᠋ᠠᠢ ᠰᠡᠴᠡᠨ ᠬᠠᠭᠠᠨ ᠭᠡᠵᠡᠢ ᠃ ᠳ᠋ᠠᠢ ᠰᠡᠴᠡᠨ ᠂ ᠬᠠᠭᠠᠨ ᠰᠠᠭᠤᠭᠰᠠᠨ ᠦᠭᠡᠢ  ᠶᠦ᠍ᠮ ᠃  

ᠪᠠᠭ᠎ᠠ  ᠬᠠᠲᠤᠨ ᠰᠤᠯᠤᠩᠬᠤᠳ ᠤ᠋ᠨ ᠪᠤᠬ᠎ᠠ ᠴᠠᠭᠠᠨ ᠬᠠᠭᠠᠨ ᠤ᠋ ᠣᠭᠢᠨ ᠬᠣᠯᠠ① ᠨᠡᠷᠡᠲᠦ ᠪᠡᠯᠪᠡᠰᠦᠨ  ᠬᠠᠲᠤᠨ ᠠ᠋ᠴᠠ  ᠲᠥᠷᠥᠭᠰᠡᠨ ᠭᠥᠯᠦᠭᠡᠨ② ᠬᠠᠭᠴᠠᠬᠠᠷ ᠪᠠᠰᠠ ᠲᠠᠲᠠᠷ [ ᠲᠠᠲ᠋ᠠᠷ ] ᠤ᠋ᠨ ᠴᠠᠷᠤ ᠨᠣᠶᠠᠨ ᠤ᠋ ᠥᠬᠢᠨ ᠢᠰᠦᠢ ᠢᠰᠦᠲᠡᠢ ᠡᠭᠡᠴᠢ ᠳᠡᠭᠦᠦ ᠬᠣᠶᠠᠷ ᠤ᠋ᠨ ᠢᠰᠦᠢ ᠡᠴᠡ  ᠲᠥᠷᠥᠭᠰᠡᠨ ᠵᠦᠷᠴᠢᠲᠡᠢ ᠳᠣᠯᠣᠭᠠᠨ ᠬᠥᠪᠡᠭᠦᠨ③ ᠪᠤᠶᠤ ᠶᠡᠬᠡ ᠲᠠᠢᠵᠢ [ ᠲᠠᠢᠽᠢ ] ᠵᠣᠴᠢ ᠲᠤ‍ᠭᠮᠤᠭ④ ᠦᠨᠳᠦᠰᠦᠨ ᠊ᠢ ᠭᠠᠵᠠᠷ ᠲᠤᠷ ᠬᠠᠭᠠᠨ ᠰᠠᠭᠤᠪᠠᠢ ᠡᠭᠦᠨ ᠦ᠌ ᠦᠷ᠎ᠡ  

— — — — 
① ᠬᠣᠯᠠ ᠄ ᠬᠤᠯᠠᠨ ᠊ᠢ ᠬᠡᠯᠡᠵᠡᠢ ᠃ ᠬᠤᠯᠠᠨ ᠪᠣᠯ ᠴᠢᠩᠭᠢᠰ ᠬᠠᠭᠠᠨ ᠤ᠋ ᠬᠣᠶᠠᠳᠤᠭᠠᠷ ᠬᠠᠲᠤᠨ ᠃ ᠮᠡᠷᠭᠢᠳ ᠠᠢᠮᠠᠭ ᠤ᠋ᠨ ᠠᠬᠠᠮᠠᠳ ᠲᠡᠢᠷ ᠤᠰᠤᠨ ᠭᠡᠭᠴᠢ ᠬᠥᠮᠦᠨ ᠦ᠌ ᠥᠬᠢᠨ ᠶᠦ᠍ᠮ ᠃ ᠡᠨᠳᠡ ᠰᠤᠯᠤᠩᠬᠤᠳ ᠭᠡᠰᠡᠨ ᠨᠢ ᠰᠣᠯᠣᠨ ᠪᠠᠷᠬᠤ ᠶ᠋ᠢᠨ ᠰᠤᠯᠤᠩᠬᠤᠳ ᠮᠥᠨ ᠃ ᠡᠭᠦᠨ ᠊ᠢ ᠶᠡᠬᠡ ᠲᠡᠦᠬᠡᠴᠢ ᠰᠠᠭᠠᠩ ᠰᠡᠴᠡᠨ 《 ᠰᠤᠯᠤᠩᠬᠤᠰ ᠮᠡᠷᠭᠢᠳ ᠦ᠋ᠨ ᠲᠠᠢᠷ ᠤᠰᠤᠨ ᠤ᠋ ᠬᠤᠯᠠᠨ ᠭᠤᠸ᠋᠎ᠠ ᠨᠡᠷᠡᠲᠦ ᠥᠬᠢᠨ 》 ( 《 ᠡᠷᠳᠡᠨᠢ ᠶ᠋ᠢᠨ ᠲᠣᠪᠴᠢ 》 ) ᠭᠡᠵᠦ ᠲᠣᠳᠣᠷᠬᠠᠢ ᠲᠡᠮᠳᠡᠭᠯᠡᠭᠰᠡᠨ ᠶᠦ᠍ᠮ ᠃ 
② ᠭᠥᠯᠦᠭᠡᠨ ᠄ ᠪᠠᠰᠠ ᠭᠦᠯᠠᠭᠠᠨ ᠭᠡᠳᠡᠭ ᠃ ᠭᠥᠯᠦᠭᠡᠨ ᠦ᠌ ᠲᠤᠬᠠᠢ ᠡᠷᠳᠡᠮᠲᠡᠳ ᠰᠠᠨᠠᠯ ᠠᠳᠠᠯᠢ ᠦᠭᠡᠢ ᠪᠠᠢᠳᠠᠭ ᠃ ᠷᠠᠰᠢᠳ᠋ — ᠠᠳ᠋ — ᠳ᠋ᠢᠨ ᠦ᠌ ᠬᠡᠯᠡᠬᠦ  ᠪᠡᠷ ᠭᠥᠯᠦᠭᠡᠨ ᠪᠣᠯ ᠴᠢᠩᠭᠢᠰ ᠦ᠋ᠨ ᠬᠠᠲᠤᠳ ᠤ᠋ᠨ ᠨᠢᠭᠡ ᠪᠣᠯᠬᠤ ᠠᠯᠲᠠᠨ ᠤᠯᠤᠰ ᠤ᠋ᠨ ᠴᠢ ᠭᠦᠸᠧ ᠭᠦᠩᠵᠦ ᠡᠴᠡ  ᠲᠥᠷᠥᠭᠰᠡᠨ ᠭᠡᠳᠡᠭ ᠃ ᠪᠸᠷᠭᠢᠨ ᠦ᠌ ᠬᠡᠯᠡᠬᠦ ᠪᠡᠷ ᠴᠢ ᠭᠦᠸᠧ ᠭᠦᠩᠵᠦ ᠬᠡᠦᠬᠡᠳ ᠦᠭᠡᠢ  ᠶᠦ᠍ᠮ ᠭᠡᠨ᠎ᠡ ᠃ ᠮᠣᠩᠭᠣᠯ ᠪᠠ ᠬᠢᠲᠠᠳ ᠰᠤᠷᠪᠤᠯᠵᠢ ᠪᠢᠴᠢᠭ ᠲᠦ᠍ ᠲᠡᠮᠳᠡᠭᠯᠡᠵᠦ ᠪᠠᠢᠬᠤ ᠠ᠋ᠴᠠ ᠦᠵᠡᠪᠡᠯ ᠭᠥᠯᠦᠭᠡᠨ ᠪᠣᠯ ᠬᠤᠯᠠᠨ ᠬᠠᠲᠤᠨ ᠠ᠋ᠴᠠ  ᠲᠥᠷᠥᠭᠰᠡᠨ ᠪᠥᠭᠡᠳ ᠲᠡᠭᠦᠨ ᠦ᠌ ᠭᠠᠭᠴᠠ ᠬᠥᠪᠡᠭᠦᠨ ᠪᠣᠯᠠᠢ ᠃ ᠲᠡᠷᠡ ᠪᠠᠷᠠᠭᠤᠨᠰᠢ ᠳᠠᠢᠯᠠᠬᠤ ᠲᠡᠢᠨ ᠳ᠋ᠦ᠍ ᠮᠣᠷᠳᠠᠵᠤ ᠣᠷᠣᠰ ᠤ᠋ᠨ ᠨᠤᠲᠤᠭ ᠲᠤ᠌ ᠨᠠᠰᠤ ᠪᠠᠷᠠᠭᠰᠠᠨ ᠭᠡᠳᠡᠭ ᠃ 
③ ᠯᠣᠪᠰᠠᠩᠲᠠᠨᠵᠢᠨ ᠤ᠋ 《 ᠠᠯᠲᠠᠨ ᠲᠣᠪᠴᠢ 》 ᠳ᠋ᠤ᠌ 《 ᠢᠰᠦᠢ ᠬᠠᠲᠤᠨ ᠠ᠋ᠴᠠ  ᠲᠥᠷᠥᠭᠰᠡᠨ ᠵᠥᠴᠢᠪᠡᠢ ᠭᠦᠩᠵᠦ ᠂ ᠢᠰᠦᠬᠡᠨ ᠬᠠᠲᠤᠨ ᠠ᠋ᠴᠠ ᠬᠠᠷᠠᠴᠠᠷ ᠂ ᠬᠠᠷᠠᠭᠲᠤ ᠴᠠᠬᠤᠷ  ᠡᠳᠡ ᠭᠤᠷᠪᠠ ᠪᠥᠯᠥᠭᠡ 》 ᠭᠡᠵᠡᠢ ᠃ 
④ ᠲᠤ‍ᠭᠮᠤᠭ ᠄ ᠵᠥᠴᠢ (1177 —1225 ) ᠤ᠋ ᠬᠠᠭᠠᠨ ᠰᠠᠭᠤᠭᠰᠠᠨ ᠣᠷᠣᠨ ᠊ᠢ ᠮᠣᠩᠭᠣᠯ ᠲᠡᠦᠬᠡ ᠶ᠋ᠢᠨ ᠰᠤᠷᠪᠤᠯᠵᠢ ᠪᠢᠴᠢᠭ ᠲᠦ᠍ ᠪᠦᠷ ᠲᠤᠭᠮᠤᠭ ᠭᠡᠵᠦ ᠪᠢᠴᠢᠳᠡᠭ ᠃ ᠡᠨᠡ ᠲᠣᠬᠮᠤᠬ ᠭᠡᠳᠡᠭ ᠨᠢ 《 ᠮᠣᠩᠭᠣᠯ ᠤ᠋ᠨ ᠨᠢᠭᠤᠴᠠ ᠲᠣᠪᠴᠢᠶᠠᠨ 》 ᠳ᠋ᠤ᠌ ᠭᠠᠷᠳᠠᠭ ᠬᠢᠪᠴᠠᠭ ᠤᠯᠤᠰ ᠊ᠢ ᠬᠡᠯᠡᠵᠦ ᠪᠣᠢ ᠃ ᠯᠣᠪᠰᠠᠩᠲᠠᠨᠵᠢᠨ ᠡᠭᠦᠨ ᠊ᠢ ᠮᠡᠳᠡᠭᠡᠳ 《 ᠠᠯᠲᠠᠨ ᠲᠣᠪᠴᠢ 》 ᠳ᠋ᠠᠭᠠᠨ 《 ᠬᠢᠪᠴᠢᠭᠤᠳ ( ᠬᠢᠪᠴᠠᠭ ᠤ᠋ᠨ ᠣᠯᠠᠨ ᠲᠣᠭ᠎ᠠ ) ᠲᠣᠬᠮᠤᠬ 》 ᠲᠤ᠌ ᠵᠥᠴᠢ ᠬᠠᠭᠠᠨ ᠰᠠᠭᠤᠯ᠎ᠠ ᠭᠡᠵᠦ ᠲᠡᠮᠳᠡᠭᠯᠡᠭᠰᠡᠨ ᠶᠦ᠍ᠮ᠃ ᠲᠣᠭᠮᠤᠭ ᠭᠡᠭᠴᠢ ᠭᠠᠵᠠᠷ ᠬᠠᠮᠢᠭ᠎ᠠ ᠪᠠᠢᠬᠤ ᠪᠣᠢ ︖ ᠳ᠋ᠣᠰᠰᠤᠨ ᠤ᠋ ᠬᠡᠯᠡᠭᠰᠡᠨ ᠨᠢ ᠄ 《 ᠶᠡᠬᠡ ᠬᠥᠪᠡᠭᠦᠨ ᠵᠥᠴᠢ ᠶ᠋ᠢᠨ  ᠡᠷᠭᠦᠮᠵᠢᠯᠡᠭᠳᠡᠭᠰᠡᠨ ᠭᠠᠵᠠᠷ ᠱᠣᠷᠪᠣᠭ ᠲᠠᠩᠭᠢᠰ ᠤ᠋ᠨ ᠬᠣᠢᠲᠤ ᠪᠡᠶ᠎ᠡ ᠳ᠋ᠦ᠍ᠷ ᠪᠣᠢ ᠃ ᠪᠠᠷᠠᠭᠤᠨᠰᠢ ᠪᠠᠨ ᠰᠠᠭᠰᠢᠨ ᠂ ᠪᠣᠯᠭᠠᠷᠢ ᠬᠣᠶᠠᠷ ᠠᠢᠮᠠᠭ ᠤ᠋ᠨ ᠵᠠᠬ᠎ᠠ ᠲᠤᠯᠤᠮᠤᠢ ᠃ ᠲᠡᠦᠬᠡᠴᠢ ᠠᠯᠠᠲᠢᠩ ᠤ᠋ᠨ ᠲᠡᠮᠳᠡᠭᠯᠡᠭᠰᠡᠨ ᠊ᠢ ᠦᠨᠳᠦᠰᠦᠯᠡᠪᠡᠰᠦ ᠂ ᠴᠢᠩᠭᠢᠰ ᠬᠠᠭᠠᠨ ᠠᠨᠤ ᠲᠠᠲ᠋ᠠᠷᠴᠤᠳ ᠤ᠋ᠨ ᠮᠣᠷᠢᠨ ᠲᠤᠭᠤᠷᠠᠢ  ᠬᠦᠷᠦᠭᠰᠡᠨ ᠥᠷᠥᠨ᠎ᠡ ᠳᠠᠬᠢᠨ ᠤ᠋ ᠬᠠᠮᠤᠭ ᠤ᠋ᠨ ᠠᠯᠤᠰ ᠭᠠᠵᠠᠷ ᠨᠤᠲᠤᠭ ᠊ᠢ ᠵᠥᠴᠢ ᠳ᠋ᠦ᠍ᠷ    ᠦᠭᠭᠦᠭᠰᠡᠨ ᠪᠤᠶᠤ 》 ᠭᠡᠵᠡᠢ ᠃ ᠵᠥᠴᠢ ᠳ᠋ᠦ᠍ ᠡᠨᠡᠬᠦ ᠠᠯᠤᠰ ᠨᠤᠲᠤᠭ ᠊ᠢ  ᠦᠭᠭᠦᠭᠰᠡᠨ ᠶᠠᠪᠤᠳᠠᠯ ᠊ᠢ ᠪᠣᠯ ᠴᠢᠩᠭᠢᠰ ᠬᠠᠭᠠᠨ ᠠᠮᠢᠳᠤ ᠰᠡᠷᠡᠭᠦᠨ ᠪᠠᠢᠬᠤ ᠳ᠋ᠠᠭᠠᠨ ᠲᠣᠬᠢᠷᠠᠭᠤᠯᠤᠭᠰᠠᠨ ᠶᠤᠮ ᠃ ᠵᠥᠴᠢ ᠂ ᠴᠢᠩᠭᠢᠰ ᠬᠠᠭᠠᠨ ᠠ᠋ᠴᠠ ᠤᠷᠢᠳᠠᠪᠠᠷ ᠨᠠᠰᠤ ᠪᠠᠷᠠᠭᠰᠠᠨ ᠲᠤᠯᠠ ᠵᠥᠴᠢ ᠳ᠋ᠦ᠍  ᠦᠭᠭᠦᠭᠰᠡᠨ ᠡᠨᠡ ᠨᠤᠲᠤᠭ ᠊ᠢ ᠲᠡᠭᠦᠨ ᠦ᠌ ᠬᠥᠪᠡᠭᠦᠨ ᠪᠠᠲᠤ (1209 —1256 ) ᠡᠵᠡᠯᠡᠵᠦ ᠠᠯᠲᠠᠨ ᠦᠷᠦᠭᠡᠲᠦ ᠬᠠᠭᠠᠨᠲᠤ ᠤᠯᠤᠰ ( ᠬᠢᠪᠴᠠᠭ ᠬᠠᠭᠠᠨᠲᠤ ᠤᠯᠤᠰ ) ᠭᠡᠵᠦ ᠪᠠᠢᠭᠤᠯᠤᠨ ᠠᠷᠪᠠᠨ ᠨᠠᠢ᠍ᠮᠠᠨ ᠦᠶ᠎ᠡ ᠵᠠᠯᠭᠠᠮᠵᠢᠯᠠᠪᠠᠢ ᠃

ᠰᠦᠯᠲᠦᠨ① ᠬᠡᠮᠡᠮᠦᠢ ᠂ ᠮᠣᠩᠭᠣᠯ ᠤ᠋ᠨ ᠲᠠᠢᠵᠢ ᠬᠡᠮᠡᠬᠦ ᠯᠦᠭᠡ ᠠᠳᠠᠯᠢ ᠪᠤᠶᠤ ᠃ ᠴᠢᠨ ᠸᠠᠩ ᠴᠠᠭᠠᠲᠠᠢ ᠴᠠᠬᠠᠨ ᠮᠠᠭᠯᠲᠠᠢ ᠬᠣᠢᠴᠢ ᠤᠯᠤᠰ② ᠲᠤᠷ ᠬᠠᠭᠠᠨ ᠪᠣᠯᠤᠭᠠᠳ ᠵᠢᠷᠭᠡᠯ③ ᠬᠣᠲᠠ ᠳ᠋ᠤᠷ ᠨᠡᠢᠰᠯᠡᠪᠡᠢ ᠲᠡᠭᠦᠨᠦ ᠲᠠᠪᠤᠨ ᠬᠥᠪᠡᠭᠦᠨ④ ᠡᠴᠡ ᠠ‍ᠭᠮᠠᠳ [ ᠠᠬᠠᠮᠠᠳ ] ᠢᠨᠤ ᠠᠪᠲᠤᠯᠠᠨ ᠬᠠᠭᠠᠨ  

— — — — 
① ᠰᠦᠯᠲᠦᠨ ᠄ ᠰᠠᠷᠲᠠᠬᠤᠯ ᠪᠣᠯᠤᠨ ᠢᠰᠯᠠᠮ ᠤ᠋ᠨ ᠱᠠᠰᠢᠨᠲᠠᠨ ᠤᠯᠤᠰ ᠲᠡᠳᠡᠨ ᠦ᠌ ᠤᠯᠤᠰ ᠤ᠋ᠨ ᠸᠠᠩ ᠢ᠋ᠶ᠋ᠠᠨ ᠰᠦᠯᠲᠦᠨ ᠭᠡᠵᠦ ᠨᠡᠷᠡᠯᠡᠨ᠎ᠡ ᠃ ᠡᠭᠦᠨ ᠊ᠢ ᠡᠨᠳᠡ ᠮᠣᠩᠭᠣᠯ ᠤ᠋ᠨ ᠲᠠᠢᠵᠢ ᠯᠤᠭ᠎ᠠ ᠠᠳᠠᠯᠢ ᠭᠡᠵᠦ ᠲᠠᠢᠯᠪᠤᠷᠢᠯᠠᠭᠰᠠᠨ ᠨᠢ ᠠᠭᠤᠯᠭ᠎ᠠ ᠶ᠋ᠢᠨ ᠲᠠᠯ᠎ᠠ ᠪᠠᠷ ᠠᠳᠠᠯᠢ ᠭᠡᠰᠡᠨ ᠰᠠᠨᠠᠭ᠎ᠠ  ᠪᠣᠯᠠᠢ ᠃ 
② ᠴᠠᠬᠠᠨ ᠮᠠᠭᠯᠲᠠᠢ ᠬᠣᠢᠴᠢ ᠤᠯᠤᠰ ᠄ 《 ᠠᠯᠲᠠᠨ ᠤᠷᠤᠭ ᠲᠠᠨ ᠤ᠋ ᠳᠤᠲᠠ ᠲᠡᠦᠬᠡ 》 ᠳ᠋ᠦ᠍ 《 ᠴᠢᠨ ᠸᠠᠩ ᠴᠠᠬᠠᠲᠠᠢ ᠶ᠋ᠢ ᠴᠠᠬᠠᠨ ᠮᠠᠯᠬ᠎ᠠ ᠳ᠋ᠤ᠌ ᠬᠣᠶᠢᠽᠢ ᠤᠯᠤᠰ ᠲᠤᠷ ᠬᠠᠬᠠᠨ ᠰᠠᠬᠤᠲᠤᠬᠠᠢ 》 ᠭᠡᠵᠦ ᠲᠡᠮᠳᠡᠭᠯᠡᠵᠡᠢ ᠃ ᠡᠨᠳᠡ 《回回 》 ᠭᠡᠰᠡᠨ ᠊ᠢ ᠬᠣᠶ᠋ᠢᠽᠢ ᠭᠡᠵᠡᠢ ᠃ ᠴᠠᠭᠠᠨ ᠮᠠᠯᠬ᠋᠎ᠠ ᠲᠠᠢ ᠬᠤᠶ᠋ᠢᠽᠢ ᠤᠯᠤᠰ ᠲᠤ᠌ ᠴᠠᠭᠠᠲᠠᠢ (︖—1242 ) ᠤ᠋ ᠡᠵᠡᠯᠡᠭᠰᠡᠨ ᠭᠠᠵᠠᠷ ᠊ᠢ ᠬᠡᠯᠡᠵᠦ ᠪᠣᠢ ᠃ ᠣᠳᠣ ᠶ᠋ᠢᠨ ᠰᠢᠨᠵᠢᠶᠠᠩ ᠪᠣᠯᠤᠨ ᠢᠯ ᠮᠥᠷᠡᠨ ᠦ᠌ ᠰᠠᠪᠠ ᠭᠠᠵᠠᠷ ᠪᠠᠭᠲᠠᠨ᠎ᠠ ᠃ ᠡᠭᠦᠨ ᠊ᠢ ᠲᠡᠦᠬᠡᠨ ᠳ᠋ᠦ᠍ ᠴᠠᠭᠠᠲᠠᠢ ᠬᠠᠭᠠᠨᠲᠤ ᠤᠯᠤᠰ ᠭᠡᠳᠡᠭ ᠃ 
③ ᠵᠢᠷᠭᠡᠯ ᠄ 《 ᠰᠢᠷ᠎ᠠ ᠲᠣᠭᠣᠵᠢ 》 ᠳ᠋ᠤ᠌ ᠵᠸᠷᠭᠡᠯ ᠭᠡᠬᠦ ᠃ ᠢᠯ ᠮᠥᠷᠡᠨ ᠦ᠌ ᠬᠥᠨᠳᠡᠢ ᠳ᠋ᠦ᠍ ᠴᠠᠭᠠᠲᠠᠢ ᠶ᠋ᠢᠨ ᠥᠷᠭᠥᠭᠡ ᠪᠠᠢᠭᠰᠠᠨ ᠭᠠᠵᠠᠷ ᠊ᠢ ᠵᠢᠭᠠᠭᠰᠠᠨ ᠪᠣᠯᠤᠯᠲᠠᠢ ᠃ ᠲᠡᠦᠬᠡᠨ ᠳ᠋ᠦ᠍ ᠴᠠᠭᠠᠲᠠᠢ ᠶ᠋ᠢ ᠢᠯ ᠮᠥᠷᠡᠨ ᠦ᠌ ᠬᠥᠨᠳᠡᠢ ᠳ᠋ᠦ᠍ ᠪᠦᠬᠦᠢ ᠠᠯᠢᠮᠠᠷ ( ᠣᠳᠣ ᠶ᠋ᠢᠨ ᠰᠢᠨᠵᠢᠶᠠᠩ ᠤ᠋ᠨ ᠾᠥ᠋ᠸᠸ ᠴᠧᠩ ᠡᠴᠡ ᠪᠠᠷᠠᠭᠤᠨ ᠬᠣᠢᠰᠢ ᠪᠠᠢᠭᠰᠠᠨ ) ᠳ᠋ᠤ᠌ ᠨᠡᠶᠢᠰᠡᠯᠪᠡ ᠭᠡᠳᠡᠭ ᠃ 
④ ᠴᠠᠭᠠᠲᠠᠢ ᠶ᠋ᠢᠨ ᠲᠠᠪᠤᠨ ᠬᠥᠪᠡᠭᠦᠨ ᠦ᠌ ᠲᠤᠬᠠᠢ ᠲᠡᠦᠬᠡ ᠶ᠋ᠢᠨ ᠲᠡᠮᠳᠡᠭᠯᠡᠯ ᠪᠠ ᠡᠷᠳᠡᠮᠲᠡᠨ ᠨᠠᠷ ᠤ᠋ᠨ ᠰᠠᠨᠠᠯ ᠠᠳᠠᠯᠢ ᠦᠭᠡᠢ ᠪᠠᠢᠳᠠᠭ ᠃ ᠯᠣᠪᠰᠠᠩᠲᠠᠨᠵᠢᠨ ᠤ᠋ 《 ᠠᠯᠲᠠᠨ ᠲᠣᠪᠴᠢ 》 ᠳ᠋ᠤ᠌ 《 ᠴᠠᠭᠠᠲᠠᠢ ᠠᠬ᠎ᠠ ᠶ᠋ᠢᠨ ᠬᠥᠪᠡᠭᠦᠨ ᠮᠡᠩᠭᠡ ᠳ᠋ᠦ᠍ ᠂ ᠵᠢᠰᠦ ᠮᠥᠩᠬᠡ ᠪᠦᠷᠢ ᠂ ᠮᠣᠴᠢ ᠪᠠᠶᠠᠲᠠᠷ ᠂ ᠪᠠᠬᠠᠲᠤᠷ ᠂ ᠰᠢᠮᠤᠨ ᠡᠳᠡ ᠪᠥᠯᠥᠭᠡ ᠃ ᠴᠠᠭᠠᠲᠠᠢ ᠡᠵᠡᠨ ᠦ᠌ ᠦᠶ᠎ᠡ ᠵᠡᠭᠦᠨ ᠵᠠᠬ᠎ᠠ ᠢᠨᠤ ᠬᠡᠮᠢᠯ ᠪᠣᠢ ᠃ ᠪᠠᠷᠠᠭᠤᠨ ᠵᠠᠬ᠎ᠠ ᠢᠨᠤ ᠪᠦᠷᠭᠠᠷᠢ ᠂ ᠰᠢᠮᠢᠰᠭᠡᠨ ᠰᠠᠮᠤᠷᠬᠠᠨ ᠡᠳᠡ ᠃ ᠠᠭᠰᠤ ᠵᠠᠩᠬᠠᠴᠢᠯᠠᠨ ᠲᠦᠮᠡᠨ ᠬᠣᠲᠠᠳ ᠮᠡᠳᠡᠨ ᠡᠴᠢᠯᠡᠪᠡ 》 ᠭᠡᠵᠡᠢ ᠃ 《 ᠶᠤᠸᠠᠨ ᠱᠢ 》 ᠳ᠋ᠦ᠍ 《 ᠶᠢᠰᠦ ᠮᠥᠩᠬᠡ ᠂ ᠬᠠᠷ᠎ᠠ ᠬᠤᠯᠤᠭᠤ 》 ᠭᠡᠵᠦ ᠬᠣᠶᠠᠷ ᠨᠡᠷ᠎ᠡ ᠳᠤᠷᠠᠳᠴᠠᠢ ᠃ ᠲᠡᠦᠬᠡᠴᠢ ᠳ᠋ᠦ᠍ ᠵᠢᠢ ᠠᠪᠤᠭᠠᠢ 《 ᠮᠧᠩ ᠡᠦ ᠡᠯ ᠱᠢ ᠵᠢᠢ 》 ( 《蒙兀儿史记 》 ) ᠭᠡᠳᠡᠭ ᠵᠣᠬᠢᠶᠠᠯ ᠳ᠋ᠠᠭᠠᠨ ᠮᠠᠨᠲᠤᠬᠠᠨ ᠂ ᠶᠢᠰᠦ ᠮᠥᠩᠬᠡ ᠂ ᠪᠠᠶᠢᠲᠠᠷ ᠂ ᠰᠠᠪᠠ ᠭᠡᠵᠡᠢ ᠃ 

ᠡᠴᠡᠭᠡ ᠶ᠋ᠢᠨ ᠣᠷᠣᠨ᠎ᠠ ᠰᠠᠭᠤᠪᠠᠢ ᠂ ᠬᠣᠶᠠᠳᠤᠭᠠᠷ ᠬᠥᠪᠡᠭᠦᠨ ᠢᠮᠮᠠᠬᠤᠯᠢ ᠰᠠᠷᠲᠠᠬᠤᠯ ᠤᠯᠤᠰ① ᠲᠤᠷ ᠬᠠᠭᠠᠨ ᠪᠣᠯᠤᠭᠠᠳ ᠂ ᠰᠠᠮᠠᠷᠬᠠᠨ ᠬᠣᠲᠠ② ᠳ᠋ᠤᠷ ᠨᠡᠢᠰᠯᠡᠪᠡᠢ ᠃ ᠠᠲᠠᠷᠮᠠᠨᠮᠠᠳ ᠡᠨᠡᠳᠬᠡᠭ ᠤᠯᠤᠰ ᠲᠤᠷ ᠬᠠᠭᠠᠨ ᠪᠣᠯᠤᠭᠠᠳ ᠪᠠᠯᠱᠠ ᠬᠣᠲᠠ③ ᠳ᠋ᠤᠷ ᠨᠡᠢᠰᠯᠡᠪᠡᠢ ᠃ ᠳᠥᠲᠥᠭᠡᠷ ᠬᠥᠪᠡᠭᠦᠨ ᠬᠥᠩᠬᠥᠷ ᠷᠣᠮ  

— — — — 
① ᠰᠠᠷᠲᠠᠬᠤᠯ ᠤᠯᠤᠰ ᠄ 《 ᠮᠣᠩᠭᠣᠯ ᠤ᠋ᠨ ᠨᠢᠭᠤᠴᠠ ᠲᠣᠪᠴᠢᠶᠠᠨ 》 ᠳ᠋ᠤ᠌ ᠳᠤᠷᠠᠳᠤᠭᠰᠠᠨ ᠰᠠᠷᠲᠠᠭᠤᠯ ᠭᠡᠳᠡᠭ ᠊ᠢ ᠬᠣᠷᠧᠽᠮ ᠊ᠢ ᠬᠡᠯᠡᠵᠡᠢ ᠃ ᠲᠡᠭᠦᠨ ᠡᠴᠡ ᠬᠣᠢᠰᠢᠬᠢ ᠮᠣᠩᠭᠣᠯ ᠰᠤᠷᠪᠤᠯᠵᠢ ᠪᠢᠴᠢᠭ ᠲᠦ᠍ ᠭᠠᠷᠳᠠᠭ 《 ᠰᠠᠷᠲᠠᠬᠤᠯ 》 ᠭᠡᠳᠡᠭ ᠨᠢ ᠭᠣᠣᠯ ᠨᠢ ᠴᠠᠭᠠᠲᠠᠢ ᠶ᠋ᠢᠨ  ᠡᠷᠭᠦᠮᠵᠢᠯᠡᠭᠳᠡᠭᠰᠡᠨ ᠳᠤᠮᠳᠠᠳᠤ ᠠᠽᠢᠶ᠎ᠠ ᠶ᠋ᠢᠨ ᠥᠷᠭᠡᠨ ᠠᠭᠤᠳᠠᠮ ᠣᠷᠣᠨ ᠊ᠢ ᠵᠢᠭᠠᠵᠤ ᠂ 《 ᠵᠥᠴᠢ ᠶ᠋ᠢᠨ ᠲᠤᠭᠮᠤᠭ ᠲᠤᠷ 》 ᠂ 《 ᠴᠠᠭᠠᠲᠠᠢ ᠶ᠋ᠢ ᠰᠠᠷᠲᠠᠭᠤᠯ ᠳ᠋ᠤᠷ 》 ᠭᠡᠬᠦ ᠮᠡᠲᠦᠴᠢᠯᠡᠨ ᠲᠡᠮᠳᠡᠭᠯᠡᠳᠡᠭ ᠪᠣᠯᠵᠠᠢ ᠃ 《 ᠰᠢᠷ᠎ᠠ ᠲᠣᠭᠣᠵᠢ 》 ᠳ᠋ᠤ᠌ 《 ᠡᠵᠡᠨ ( ᠴᠢᠩᠭᠢᠰ ) ᠰᠡᠷᠢᠭᠦᠨ ᠳ᠋ᠡᠭᠡᠨ ᠵᠥᠴᠢ ᠶ᠋ᠢ ᠲᠣᠭᠮᠤᠭ ᠲᠤᠷ ᠴᠠᠭᠠᠲᠠᠢ ᠶ᠋ᠢ ᠰᠠᠷᠲᠠᠬᠤᠯ ᠳ᠋ᠤᠷ 》 ᠭᠡᠵᠦ ᠲᠡᠮᠳᠡᠭᠯᠡᠬᠦ ᠶ᠋ᠢᠨ ᠵᠡᠷᠭᠡᠳᠡ ᠰᠠᠷᠲᠠᠬᠤᠯ ᠳ᠋ᠤ᠌ ᠬᠠᠮᠢᠶᠠᠷᠤᠭᠳᠠᠬᠤ ᠭᠠᠵᠠᠷ ᠣᠷᠣᠨ ᠊ᠢ 《 ᠬᠠᠮᠢᠯ ᠂ ᠲᠣᠷᠮᠠᠨ ᠂ ᠪᠣᠬᠠᠶᠢᠷ ᠂ ᠰᠠᠮᠤᠷᠬᠠᠨ ( ᠰᠠᠮᠠᠷᠺᠠᠨ ) ᠂ ᠸᠸᠷᠭᠡᠨ ᠂ ᠬᠠᠰ‍ᠭᠠᠷ ᠂ ᠠᠭᠠᠰᠤ ᠂ ᠭᠦᠴᠢᠨ᠎ᠡ ᠂ ᠬᠡᠷᠢᠶ᠎ᠡ ᠂ ᠴᠠᠷᠢᠶ᠎ᠠ ᠣᠲᠣᠭ ᠂ ᠠᠬ᠎ᠠ ᠂ ᠬᠤᠸ᠋᠎ᠠ ᠬᠦᠰᠡᠨ ᠂ ᠬᠠᠷᠠ ᠴᠠᠯᠢᠰ ᠂ ᠠᠨᠴᠠᠶᠢᠨᠨ ᠂ ᠮᠢᠬᠡ ᠡᠳᠡ ᠪᠦᠭᠦᠳᠡ ᠴᠠᠭᠠᠲᠠᠢ ᠶ᠋ᠢᠨ ᠤᠯᠤᠰ 》 ᠭᠡᠵᠦ ᠨᠠᠷᠢᠨ ᠲᠡᠮᠳᠡᠭᠯᠡᠭᠰᠡᠨ  ᠶᠦ᠍ᠮ ᠃ 
② ᠰᠠᠮᠠᠷᠬᠠᠨ ᠬᠣᠲᠠ ᠄ ᠰᠠᠮᠠᠷᠺᠠᠨ ᠬᠣᠲᠠ ᠶ᠋ᠢ ᠬᠡᠯᠡᠵᠡᠢ ᠃ ᠡᠨᠡ ᠬᠣᠲᠠ ᠶ᠋ᠢ 《 ᠮᠣᠩᠭᠣᠯ ᠤ᠋ᠨ ᠨᠢᠭᠤᠴᠠ ᠲᠣᠪᠴᠢᠶᠠᠨ 》 ᠳ᠋ᠤ᠌ ᠡᠬᠢᠯᠡᠨ ᠲᠡᠮᠳᠡᠭᠯᠡᠵᠡᠢ ᠃ ᠮᠢᠩ ᠤᠯᠤᠰ ᠤ᠋ᠨ ᠦᠶ᠎ᠡ ᠳ᠋ᠦ᠍ ᠬᠢᠲᠠᠳ ᠦᠰᠦᠭ ᠢ᠋ᠶ᠋ᠡᠷ ᠲᠡᠮᠳᠡᠭᠯᠡᠭᠰᠡᠨ ᠂ 《 ᠶᠤᠸᠠᠨ ᠴᠤᠤ ᠮᠢ ᠱᠢ 》 ᠳ᠋ᠦ᠍ ᠭᠠᠷᠳᠠᠭ 《薛迷思加卜》 ᠭᠡᠳᠡᠭ ᠪᠣᠯ ᠳᠠᠷᠤᠢ ᠰᠠᠮᠠᠷᠺᠠᠨ ᠊ᠢ ᠬᠡᠯᠡᠭᠰᠡᠨ  ᠶᠦ᠍ᠮ ᠃ 《 ᠶᠤᠸᠠᠨ ᠱᠢ 》 ᠳ᠋ᠦ᠍ ᠰᠠᠮᠠᠷᠺᠠᠨ ᠊ᠢ 《寻思干 》 ᠪᠤᠶᠤ 《薛迷思干 》 ᠭᠡᠵᠦ ᠲᠡᠮᠳᠡᠭᠯᠡᠳᠡᠭ ᠃ ᠶᠸᠯᠢᠦᠢ ᠴᠦᠰᠠᠢ ᠶ᠋ᠢᠨ 《 ᠪᠠᠷᠠᠭᠤᠨᠰᠢ ᠪᠠᠨ ᠵᠣᠷᠴᠢᠭᠰᠠᠨ ᠲᠡᠮᠳᠡᠭᠯᠡᠯ 》 ᠳ᠋ᠦ᠍ ᠰᠠᠮᠠᠷᠺᠠᠨ ᠭᠡᠳᠡᠭ ᠪᠣᠯ ᠥᠷᠥᠨ᠎ᠡ ᠳᠠᠬᠢᠨ ᠤ᠋ ᠤᠯᠤᠰ ᠤ᠋ᠨ ᠦᠭᠡ ᠪᠡᠷ  ᠥᠩᠭᠡ ᠰᠢᠮᠡᠯᠢᠭ ᠭᠠᠵᠠᠷ ᠭᠡᠰᠡᠨ ᠤᠳᠬ᠎ᠠ ᠲᠠᠢ ᠶᠤᠮ ᠭᠡᠵᠦ ᠲᠠᠢᠯᠪᠤᠷᠢᠯᠠᠵᠠᠢ ᠃ ᠰᠠᠮᠠᠷᠺᠠᠨ ᠬᠣᠲᠠ ᠭᠡᠵᠦ ᠣᠳᠣ ᠶ᠋ᠢᠨ ᠳᠤᠮᠳᠠᠳᠤ ᠠᠽᠢᠶ᠎ᠠ ᠳ᠋ᠤ᠌ ᠪᠠᠢᠭ᠎ᠠ ᠰᠠᠮᠠᠷᠺᠠᠨᠳ᠋ ᠬᠣᠲᠠ ᠶ᠋ᠢ ᠬᠡᠯᠡᠵᠦ ᠪᠣᠢ ᠃1220 ᠣᠨ ᠤ᠋ ᠭᠤᠷᠪᠠᠳᠤᠭᠠᠷ ᠰᠠᠷ᠎ᠠ ᠳ᠋ᠤ᠌ ᠳᠤᠮᠳᠠᠳᠤ ᠠᠽᠢᠶ᠎ᠠ ᠶ᠋ᠢᠨ ᠡᠨᠡᠬᠦ ᠡᠷᠲᠡᠨ ᠦ᠌ ᠪᠠᠶᠠᠯᠢᠭ ᠬᠣᠲᠠ ᠮᠠᠨ ᠤ᠋ ᠮᠣᠩᠭᠣᠯ ᠴᠡᠷᠢᠭ ᠲᠦ᠍  ᠡᠵᠡᠯᠡᠭᠳᠡᠪᠡ᠃ 
③ ᠪᠠᠯᠱᠠ ᠬᠣᠲᠠ ᠄ ᠡᠳᠦᠭᠡ ᠶ᠋ᠢᠨ ᠳᠤᠮᠳᠠᠳᠤ ᠠᠽᠢᠶ᠎ᠠ ᠳ᠋ᠠᠬᠢ ᠢᠰᠠᠶᠢᠺ ᠨᠠᠭᠤᠷ ᠠ᠋ᠴᠠ ᠪᠠᠷᠠᠭᠤᠨᠰᠢ ᠪᠣᠢ ᠃ ᠴᠠᠭᠠᠲᠠᠢ ᠬᠠᠭᠠᠨᠲᠤ ᠤᠯᠤᠰ ᠤ᠋ᠨ ᠨᠤᠲᠤᠭ ᠲᠤ᠌ ᠪᠠᠭᠲᠠᠵᠤ ᠪᠠᠢᠭᠰᠠᠨ ᠶᠤᠮ ᠂ ᠡᠨᠳᠡ ᠡᠨᠡ ᠬᠣᠲᠠ ᠶ᠋ᠢ ᠡᠨᠡᠳᠬᠡᠭ ᠦ᠋ᠨ ᠬᠣᠲᠠ ᠭᠡᠵᠦ ᠲᠡᠮᠳᠡᠭᠯᠡᠭᠰᠡᠨ ᠨᠢ ᠪᠤᠷᠤᠭᠤ ᠶᠤᠮ ᠃ 

ᠤᠯᠤᠰ ᠲᠤᠷ ᠬᠠᠭᠠᠨ ᠰᠠᠭᠤᠭᠠᠳ ᠢᠰᠲᠠᠮᠪᠣᠯ ᠬᠣᠲᠠ ① ᠳ᠋ᠤᠷ ᠨᠡᠢᠰᠯᠡᠪᠡᠢ ᠂ ᠲᠠᠪᠤᠳᠤᠭᠠᠷ ᠬᠥᠪᠡᠭᠦᠨ ᠲᠡᠮᠦᠷ ᠂ ᠤᠯᠠᠭᠠᠨ ᠮᠠᠯᠬ᠋᠎ᠠ ᠳ᠋ᠤ᠌ ᠦᠳᠩᠬ᠎ᠠ ᠤᠯᠤᠰ② ᠲᠤᠷ ᠬᠠᠭᠠᠨ ᠰᠠᠭᠤᠭᠠᠳ  ᠪᠤᠬᠠᠢᠷ ᠬᠣᠲᠠ③ ᠳ᠋ᠤᠷ ᠨᠡᠢᠰᠯᠡᠪᠡᠢ ᠃ ᠡᠳᠡ ᠴᠥᠮ  ᠲᠠᠢᠴᠦᠩ ᠬᠠᠭᠠᠨ④ ᠤ᠋ ᠴᠠᠭ ᠲᠤᠷ ᠥᠮᠴᠢᠯᠡᠨ ᠰᠠᠭᠤᠯᠭᠠᠭᠰᠠᠨ ᠪᠣᠢ ᠃ 
    ᠪᠣᠭᠳᠠ ᠴᠢᠩᠭᠢᠰ ᠬᠠᠭᠠᠨ ᠤ᠋ ᠬᠤᠲᠠᠭᠠᠷ ᠲᠠᠢᠽᠢ ᠲᠠᠢᠽᠦᠩ ᠦ᠋ᠨ ᠸᠠᠨ ᠬᠤᠸᠠᠩᠳᠢ⑤ ᠂ ᠥᠭᠡᠳᠡᠢ ᠬᠠᠭᠠᠨ ᠬᠠᠯ ᠮᠣᠷᠢᠨ ᠵᠢᠯᠲᠡᠢ⑥ ᠂ ᠭᠤᠴᠢᠨ ᠬᠣᠶᠠᠷ ᠨᠠᠰᠤᠨ ᠳ᠋ᠠᠭᠠᠨ ⑦ ᠰᠢᠷᠣᠢ ᠦᠬᠡᠷ ᠵᠢᠯ⑧ ᠂ ᠶᠡᠬᠡ ᠬᠠᠭᠠᠨ ᠣᠷᠣ ᠰᠠᠭᠤᠵᠤ ᠂  ᠳᠣᠲᠣᠭᠰᠢ ᠠᠯᠲᠠᠨ ᠤᠯᠤᠰ ᠂  ᠭᠠᠳᠠᠭᠰᠢ ᠬᠢᠨᠴᠡ  

— — — — 
① ᠢᠰᠲᠠᠮᠪᠦᠯ ᠬᠣᠲᠠ ᠄ ᠡᠷᠲᠡᠨ ᠦ᠌ ᠵᠡᠭᠦᠨ ᠷᠣᠮ ᠤᠯᠤᠰ ᠤ᠋ᠨ ᠨᠡᠢᠰᠯᠡᠯ ᠭᠣᠨᠰᠲ᠋ᠠᠨᠫᠣᠯᠢ (君士坦丁堡 ) ᠮᠥᠨ ᠃1453 ᠣᠨ ᠳ᠋ᠤ᠌ ᠲᠦᠷᠢᠼᠢ ᠶ᠋ᠢᠨ ᠴᠡᠷᠢᠭ ᠮᠢᠩᠭ᠎ᠠ ᠢᠯᠡᠭᠦᠦ ᠵᠢᠯ ᠦ᠋ᠨ ᠲᠡᠦᠬᠡᠲᠦ ᠵᠡᠭᠦᠨ ᠷᠣᠮ ᠤᠯᠤᠰ ᠊ᠢ ᠰᠥᠨᠥᠭᠡᠵᠦ ᠭᠤᠨᠰᠲ᠋ᠠᠨᠫᠦᠯᠢ ᠬᠣᠲᠠ ᠶ᠋ᠢ ᠢᠰᠲᠠᠨᠫᠣᠯᠢ ᠭᠡᠵᠦ ᠥᠭᠡᠷᠡᠴᠢᠯᠡᠨ ᠨᠠᠷᠠᠯᠠᠭᠰᠠᠨ ᠶᠤᠮ ᠃ ᠴᠠᠭᠠᠲᠠᠢ ᠶ᠋ᠢᠨ ᠬᠥᠪᠡᠭᠦᠨ ᠡᠴᠡ ᠡᠨᠳᠡ ᠬᠠᠭᠠᠨ ᠰᠠᠭᠤᠭᠰᠠᠨ ᠲᠡᠦᠬᠡ ᠶ᠋ᠢᠨ ᠤᠴᠢᠷ ᠦᠭᠡᠢ  ᠶᠦ᠍ᠮ ᠃ 
② ᠦᠳᠩᠬ᠎ᠠ ᠤᠯᠤᠰ ᠄ 《 ᠪᠣᠯᠣᠷ ᠡᠷᠢᠭᠡ 》 ᠳ᠋ᠦ᠍ ᠤᠷᠤᠭᠰᠠᠭ᠎ᠠ ᠤᠯᠤᠰ ᠭᠡᠬᠦ ᠪᠠ 《 ᠠᠯᠲᠠᠨ ᠤᠷᠤᠭ ᠲᠠᠨ ᠤ᠋ ᠳᠤᠲᠠ ᠲᠡᠦᠬᠡ 》 ᠳ᠋ᠦ᠍ 《 ᠣᠯᠠᠬᠠᠨ ᠮᠠᠯᠬᠠᠨ ᠳ᠋ᠤ᠌ ᠣᠷᠤᠩᠬ᠎ᠠ ᠤᠯᠤᠰ 》 ᠭᠡᠵᠡᠢ ᠃ ᠣᠷᠣᠰ ᠊ᠢ  ᠬᠡᠯᠡᠭᠰᠡᠨ ᠪᠣᠯᠤᠯᠲᠠᠢ ᠃ 
③  ᠪᠤᠬᠠᠢᠷ ᠬᠣᠲᠠ ᠄ ᠣᠳᠣ ᠶ᠋ᠢᠨ ᠳᠤᠮᠳᠠᠳᠤ ᠠᠽᠢᠶ᠎ᠠ ᠳ᠋ᠤ᠌ ᠪᠦᠬᠦᠢ ᠪᠦᠬᠠᠷ ᠬᠣᠲᠠ ᠃ ᠳ᠋ᠣᠰᠰᠤᠨ ᠲᠡᠮᠳᠡᠭᠯᠡᠬᠦ ᠳ᠋ᠡᠭᠡᠨ ᠂1220 ᠣᠨ ᠤ᠋ ᠭᠤᠷᠪᠠᠳᠤᠭᠠᠷ ᠰᠠᠷ᠎ᠠ ᠳ᠋ᠤ᠌ ᠴᠢᠩᠭᠢᠰ ᠬᠠᠭᠠᠨ ᠤ᠋ ᠴᠡᠷᠢᠭ ᠪᠦᠬᠠᠷ ᠊ᠢ ᠡᠵᠡᠯᠡᠭᠡᠳ ᠲᠡᠭᠦᠨ ᠦ᠌ ᠳᠠᠷᠠᠭ᠎ᠠ ᠰᠠᠮᠠᠷᠺᠠᠨ ᠬᠣᠲᠠ ᠶ᠋ᠢ ᠡᠵᠡᠯᠡᠵᠡᠢ ᠭᠡᠪᠡ ᠃ 
④  ᠲᠠᠢᠴᠦᠩ ᠬᠠᠭᠠᠨ ᠄  ᠲᠠᠢᠽᠥᠩ (太宗 ) ᠬᠠᠭᠠᠨ ᠥᠭᠡᠳᠡᠢ ᠶ᠋ᠢ ᠵᠢᠭᠠᠵᠤ ᠪᠠᠢᠨ᠎ᠠ ᠃ 
⑤ 《 ᠶᠤᠸᠠᠨ ᠱᠢ 》 ᠳ᠋ᠦ᠍ ᠥᠭᠡᠳᠡᠢ ᠬᠠᠭᠠᠨ ᠤ᠋  ᠡᠷᠭᠦᠮᠵᠢᠯᠡᠭᠰᠡᠨ ᠴᠣᠯᠠ ᠶ᠋ᠢ ᠢᠩ ᠸᠸᠨ ᠬᠤᠸᠠᠩᠳᠢ (英文皇帝 ) ᠭᠡᠪᠡ ᠃ 
⑥ ᠭᠠᠯ ᠮᠣᠷᠢᠨ ᠵᠢᠯ ᠄ ᠳᠠᠷᠤᠢ ᠤᠯᠠᠭᠠᠨ ᠮᠣᠷᠢᠨ ᠵᠢᠯ ᠂ ᠣᠨ ᠲᠣᠭᠠᠯᠠᠯ ᠤ᠋ᠨ1186 ᠣᠨ ᠪᠣᠯᠤᠨ᠎ᠠ ᠃ 
⑦⑧ ᠡᠨᠳᠡ ᠥᠭᠡᠳᠡᠢ ᠬᠠᠭᠠᠨ ᠊ᠢ ᠭᠤᠴᠢᠨ ᠬᠣᠶᠠᠷ ᠨᠠᠰᠤᠲᠠᠢ ᠬᠠᠭᠠᠨ ᠰᠠᠭᠤᠯ᠎ᠠ ᠭᠡᠵᠦ ᠪᠤᠷᠤᠭᠤ ᠲᠡᠮᠳᠡᠭᠯᠡᠵᠡᠢ ᠃ ᠥᠭᠡᠳᠡᠢ ᠬᠠᠭᠠᠨ ᠶᠡᠬᠡ ᠣᠷᠣ ᠰᠠᠭᠤᠬᠤ ᠳ᠋ᠤ᠌ ᠳᠥᠴᠢᠨ ᠭᠤᠷᠪᠠᠨ ᠨᠠᠰᠤᠲᠠᠢ ᠶᠤᠮ ᠃ ᠡᠨᠡ ᠨᠢ ᠶᠠᠭ ᠰᠢᠷᠣᠢ ᠦᠬᠡᠷ ᠵᠢᠯ ᠂ ᠳᠠᠷᠤᠢ ᠰᠢᠷᠠᠭᠴᠢᠨ ᠦᠬᠡᠷ ᠵᠢᠯ ᠂ ᠣᠨ ᠲᠣᠭᠠᠯᠠᠯ ᠤ᠋ᠨ1229 ᠣᠨ ᠪᠣᠯᠤᠨ᠎ᠠ ᠃ ᠯᠣᠪᠰᠠᠩᠲᠠᠨᠵᠢᠨ ᠤ᠋ 《 ᠠᠯᠲᠠᠨ ᠲᠣᠪᠴᠢ 》 ᠳ᠋ᠤ᠌ 《 ᠦᠬᠡᠷ ᠵᠢᠯ (1229 ) ᠥᠭᠡᠳᠡᠢ ᠬᠠᠭᠠᠨ ᠳᠥᠴᠢᠨ ᠭᠤᠷᠪᠠᠨ ᠨᠠᠰᠤᠨ ᠳ᠋ᠤᠷ ᠢ᠋ᠶ᠋ᠠᠨ ᠬᠡᠷᠦᠯᠦᠨ ᠦ᠌ ᠬᠥᠳᠡᠭᠡ ᠠᠷᠠᠯ ᠶᠡᠬᠡ ᠣᠷᠣ ᠰᠠᠭᠤᠪᠠ 》 ᠭᠡᠵᠡᠢ ᠃ 


ᠤᠯᠤᠰ① ᠲᠡᠷᠡᠭᠦᠲᠠᠨ ᠊ᠢ ᠡᠷᠬᠡ ᠳ᠋ᠡᠭᠡᠨ ᠣᠷᠣᠭᠤᠯᠵᠤ ᠵᠠᠰᠠᠭ ᠊ᠢ ᠲᠣᠳᠣᠷᠬᠠᠢᠯᠠᠨ ᠳᠡᠯᠭᠡᠷᠡᠭᠦᠯᠦᠨ ᠨᠣᠮ ᠱᠠᠰᠢᠨ ᠊ᠢ ᠭᠡᠢᠭᠦᠯᠦᠨ ᠪᠠᠳᠠᠷᠠᠭᠤᠯᠤᠨ ᠠᠷᠪᠠᠨ  ᠭᠤᠷᠪᠠᠨ ᠣᠨ ᠪᠣᠯᠵᠤ ᠲᠠᠪᠢᠨ ᠵᠢᠷᠭᠤᠭᠠᠨ ᠨᠠᠰᠤᠨ ᠳ᠋ᠠᠭᠠᠨ ᠲᠡᠮᠦᠷ ᠦᠬᠡᠷ ᠵᠢᠯ ②ᠡᠪᠦᠯ ᠦ᠋ᠨ ᠳᠤᠮᠳᠠᠳᠤ ᠰᠠᠷ᠎ᠠ ᠲᠩᠷᠢ ᠪᠤᠯᠠᠪᠠᠢ ᠃ ᠵᠢᠷᠭᠤᠳᠤᠭᠠᠷ ᠬᠤᠸᠩᠬᠤ ᠨᠠᠢ᠍ᠮᠠᠯᠵᠢ  ᠬᠠᠲᠤᠨ ᠳᠥᠷᠪᠡᠨ ᠵᠢᠯ ᠲᠥᠷᠥ ᠶ᠋ᠢ ᠡᠵᠡᠯᠯᠡᠪᠡ ③ ᠲᠠᠶᠢᠽᠥ᠋ᠩ ᠬᠠᠭᠠᠨ ᠤ᠋ ᠳᠣᠯᠣᠭᠠᠨ ᠬᠥᠪᠡᠭᠦᠨ④ ᠳ᠋ᠢᠩ ᠽᠦᠩ ᠬᠠᠭᠠᠨ ᠂ ᠭᠦᠸᠠᠩ  

— — — — 
① ᠬᠢᠨᠴᠡ ᠤᠯᠤᠰ ᠄ ᠬᠢᠪᠴᠠᠭ ᠊ᠢ ᠬᠡᠯᠡᠵᠦ ᠪᠠᠢᠨ᠎ᠠ ᠃ 《 ᠮᠣᠩᠭᠣᠯ ᠤ᠋ᠨ ᠨᠢᠭᠤᠴᠠ ᠲᠣᠪᠴᠢᠶᠠᠨ 》 ᠳ᠋ᠤ᠌ ᠬᠡᠪᠴᠢᠶᠡᠳ 《 ᠶᠤᠸᠠᠨ ᠱᠢ 》 ᠳ᠋ᠦ᠍ ᠴᠢᠨ ᠴᠠ ( 钦察 ) ᠂ 《 ᠠᠯᠲᠠᠨ ᠲᠣᠪᠴᠢ 》 ᠳ᠋ᠤ᠌ ᠬᠢᠪᠴᠢᠭᠤᠳ ᠂ 《 ᠪᠣᠯᠣᠷ ᠲᠣᠯᠢ 》 ᠳ᠋ᠤ᠌ ᠬᠢᠨᠴᠡ ᠭᠡᠵᠦ ᠲᠤᠰ ᠲᠤᠰ ᠲᠡᠮᠳᠡᠭᠯᠡᠳᠡᠭ ᠨᠢ ᠴᠥᠮ ᠬᠢᠪᠴᠠᠭ ᠊ᠢ ᠵᠢᠭᠠᠵᠠᠢ ᠃ 《 ᠪᠣᠯᠣᠷ ᠲᠣᠯᠢ 》 ᠳ᠋ᠤ᠌ ᠬᠢᠨᠴᠡ ᠶ᠋ᠢᠨ ᠲᠤᠬᠠᠢ ᠲᠡᠮᠳᠡᠭᠯᠡᠬᠦ ᠳ᠋ᠡᠭᠡᠨ 《 ᠬᠢᠨᠴᠡ ᠬᠡᠮᠡᠬᠦ ᠭᠠᠵᠠᠷ᠎ᠠ… … ᠵᠤᠨ ᠤ᠋ ᠲᠤᠢᠯ ᠤ᠋ᠨ ᠨᠠᠷᠠ ᠰᠢᠩᠭᠢᠭᠡᠳ ᠤᠯᠠᠭᠠᠨ ᠭᠡᠭᠡ ᠰᠠᠢᠨ ᠲᠠᠰᠤᠷᠠᠭᠠᠳᠤᠢ ᠵᠡᠭᠦᠨ ᠵᠦᠭ ᠡᠴᠡ ᠦᠷ ᠴᠡᠢᠮᠦᠢ ᠂ ᠪᠠᠰᠠᠴᠤ ᠠᠷᠪᠠᠨ ᠲᠠᠪᠤᠨ ᠤ᠋ ᠰᠠᠷ᠎ᠠ ᠪᠠᠷᠤᠭ ᠪᠡᠶ᠎ᠡ ᠳ᠋ᠦ᠍ᠷ ᠳᠡᠭᠡᠷ᠎ᠡ ᠥᠨᠳᠥᠷ ᠪᠠᠢᠲᠠᠯ᠎ᠠ ᠠᠷᠪᠠᠨ ᠵᠢᠷᠭᠤᠭᠠᠨ ᠤ᠋ ᠨᠠᠷᠠ ᠤᠷᠭᠤᠬᠤ ᠬᠣᠷᠢᠨ ᠤ᠋ ᠨᠠᠷᠠ ᠰᠢᠩᠭᠢᠬᠦ ᠯᠦᠭᠡ ᠰᠠᠴᠠᠭᠤ ᠰᠠᠷᠠᠨ ᠤᠷᠭᠤᠳᠠᠭ ᠲᠡᠢᠮᠦ ᠶᠣᠰᠣᠲᠠᠢ ᠭᠠᠵᠠᠷ ᠣᠷᠣᠨ ᠪᠥᠯᠥᠭᠡ 》 ᠭᠡᠵᠡᠢ ᠃ ᠬᠢᠪᠴᠠᠭ ᠲᠤ᠌ ᠬᠠᠷ᠎ᠠ ᠲᠠᠩᠭᠢᠰ ᠂ ᠺᠣᠺᠠᠰ ᠂ ᠳᠣᠲᠣᠭᠠᠳᠤ ᠲᠠᠩᠭᠢᠰ ᠠ᠋ᠴᠠ ᠤᠮᠠᠷᠠᠰᠢ ᠨᠤᠲᠤᠭᠰᠢᠵᠤ ᠪᠦᠬᠦᠢ ᠡᠳᠦᠭᠡ ᠶ᠋ᠢᠨ ᠡᠮᠦᠨᠡᠲᠦ ᠣᠷᠣᠰ ᠳᠠᠬᠢ ᠦᠨᠳᠦᠰᠦᠲᠡᠨ ᠨᠤᠭᠦᠳ ᠪᠠᠭᠲᠠᠨ᠎ᠠ ᠃ ᠥᠭᠡᠳᠡᠢ ᠬᠠᠭᠠᠨ ᠤ᠋ ᠦᠶ᠎ᠡ ᠳ᠋ᠦ᠍ ᠮᠥᠩᠬᠡ ᠴᠡᠷᠢᠭ ᠳᠠᠢᠴᠢᠯᠠᠨ ᠬᠢᠪᠴᠠᠭ ᠊ᠢ ᠮᠥᠬᠥᠭᠡᠭᠡᠳ ᠲᠡᠭᠦᠨ ᠦ᠌ ᠡᠵᠡᠨ ᠪᠠᠴᠢᠮᠠᠨ ᠪᠠᠷᠢᠪᠴᠢᠯᠠᠭᠰᠠᠨ ᠶᠤᠮ ᠃ 
② ᠲᠡᠮᠦᠷ ᠦᠬᠡᠷ ᠵᠢᠯ ᠄ ᠳᠠᠷᠤᠢ ᠴᠠᠭᠠᠭᠴᠢᠨ ᠦᠬᠡᠷ ᠵᠢᠯ ᠂ ᠣᠨ ᠲᠣᠭᠠᠯᠠᠯ ᠤ᠋ᠨ1241 ᠣᠨ ᠡᠨᠡ ᠣᠨ ᠳ᠋ᠤ᠌ ᠥᠭᠡᠳᠡᠢ ᠬᠠᠭᠠᠨ ᠨᠠᠰᠤ ᠪᠠᠷᠠᠪᠠ ᠃ 《 ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠳ᠋ᠤ᠌ ᠥᠭᠡᠳᠡᠢ ᠶ᠋ᠢ 《 ᠦᠳᠡᠬᠦ ᠬᠤᠯᠠᠨ᠎ᠠ ᠲᠩᠷᠢ ᠪᠣᠯᠪᠠ 》 ᠭᠡᠵᠦ ᠥᠭᠡᠳᠡᠢ ᠬᠠᠭᠠᠨ ᠤ᠋ ᠨᠠᠰᠤ  ᠨᠥᠭᠴᠢᠭᠰᠡᠨ ᠭᠠᠵᠠᠷ ᠣᠷᠣᠨ ᠊ᠢ ᠲᠡᠮᠳᠡᠭᠯᠡᠵᠡᠢ ᠃ 
③ ᠨᠠᠢ᠍ᠮᠠᠯᠵᠢ ᠄ ᠨᠠᠢ᠍ᠮᠠᠯᠵᠢᠨ ᠬᠠᠲᠤᠨ ᠭᠡᠬᠦ ᠃ ᠡᠨᠡ ᠬᠠᠲᠤᠨ ᠤ᠋ ᠨᠡᠷ᠎ᠡ ᠳᠣᠷᠭᠢᠨ᠎ᠠ ᠭᠡᠳᠡᠭ ᠃ ᠬᠢᠲᠠᠳ ᠰᠤᠷᠪᠤᠯᠵᠢ ᠪᠢᠴᠢᠭ ᠲᠦ᠍ ᠵᠢᠷᠭᠤᠳᠤᠭᠠᠷ ᠬᠠᠲᠤᠨ ᠨᠠᠢ᠍ᠮᠠᠯᠵᠢᠨ ᠣᠪᠣᠭᠲᠤ ᠭᠡᠵᠦ ᠲᠡᠮᠳᠡᠭᠯᠡᠳᠡᠭ ᠃ ᠥᠭᠡᠳᠡᠢ ᠬᠠᠭᠠᠨ ᠨᠠᠰᠤ ᠪᠠᠷᠠᠭᠰᠠᠨ ᠤ᠋ ᠳᠠᠷᠠᠭ᠎ᠠ1242 —1245 ᠣᠨ ᠤ᠋ ᠬᠣᠭᠣᠷᠣᠨᠳᠣ ᠡᠨᠡ ᠬᠠᠲᠤᠨ ᠵᠠᠰᠠᠭ ᠪᠠᠷᠢᠵᠤ ᠬᠥᠶᠦᠭ ᠬᠠᠭᠠᠨ ᠰᠠᠭᠤᠷᠢᠨ ᠵᠠᠯᠭᠠᠮᠵᠢᠯᠠᠭᠰᠠᠨ ᠳᠠᠷᠤᠢ ᠤᠳᠠᠯ ᠦᠭᠡᠢ ᠨᠠᠰᠤ ᠪᠠᠷᠠᠵᠠᠢ ᠃ ᠮᠣᠩᠭᠣᠯ ᠰᠤᠷᠪᠤᠯᠵᠢ ᠪᠢᠴᠢᠭ ᠡᠴᠡ ᠦᠵᠡᠬᠦ ᠳ᠋ᠦ᠍ ᠂ ᠨᠠᠢ᠍ᠮᠠᠯᠵᠢᠨ ᠬᠠᠲᠤᠨ ᠤᠤᠯ ᠨᠢ ᠮᠡᠷᠭᠢᠳ ᠠᠢᠮᠠᠭ ᠤ᠋ᠨ ᠠᠬᠠᠮᠠᠳ ᠲᠣᠭᠲᠠᠭ᠎ᠠ ᠪᠡᠬᠢ ᠶ᠋ᠢᠨ ᠶᠡᠬᠡ ᠬᠥᠪᠡᠭᠦᠨ ᠬᠣᠲᠣ ᠶ᠋ᠢᠨ ᠪᠠᠭ᠎ᠠ ᠬᠠᠲᠤᠨ ᠶᠤᠮ ᠃1204 ᠣᠨ ᠳ᠋ᠤ᠌ ᠴᠢᠩᠭᠢᠰ ᠬᠠᠭᠠᠨ ᠮᠡᠷᠭᠢᠳ ᠊ᠢ  ᠡᠵᠡᠯᠡᠭᠰᠡᠨ ᠬᠣᠢᠨ᠎ᠠ ᠨᠠᠢ᠍ᠮᠠᠯᠵᠢ ᠬᠠᠲᠤᠨ ᠳᠣᠷᠭᠢᠨ᠎ᠠ ᠶ᠋ᠢ ᠣᠯᠵᠢᠯᠠᠨ ᠥᠭᠡᠳᠡᠢ ᠳ᠋ᠦ᠍  ᠥᠭᠴᠦ ᠬᠠᠲᠤᠨ ᠪᠣᠯᠭᠠᠭᠰᠠᠨ ᠶᠤᠮ ᠃ ᠡᠨᠡ ᠶᠠᠪᠤᠳᠠᠯ ᠊ᠢ ᠳ᠋ᠣᠰᠰᠤᠨ ᠲᠡᠮᠳᠡᠭᠯᠡᠬᠦ ᠳ᠋ᠡᠭᠡᠨ ᠂ ᠳᠣᠷᠭᠢᠨ᠎ᠠ ᠪᠣᠯ ᠤᠸᠠᠰ ᠮᠡᠷᠭᠢᠳ ᠦ᠋ᠨ ᠠᠬᠠᠮᠠᠳ  ᠲᠠᠢᠷ ᠤᠰᠤᠨ ᠤ᠋ ᠡᠬᠡᠨᠡᠷ ᠭᠡᠵᠦ ᠲᠠᠰᠢᠶᠠᠷᠠᠵᠠᠢ ᠃ ᠨᠠᠢ᠍ᠮᠠᠯᠵᠢᠨ ᠬᠠᠲᠤᠨ ᠪᠣᠯ ᠮᠣᠩᠭᠣᠯ  ᠡᠮᠡᠭᠲᠡᠢᠴᠦᠳ ᠦ᠋ᠨ ᠳᠣᠲᠣᠷ᠎ᠠ ᠠᠩᠬᠠᠨ ᠤᠳᠠᠭ᠎ᠠ ᠵᠠᠰᠠᠭ ᠪᠠᠷᠢᠭᠰᠠᠨ ᠬᠥᠮᠦᠨ ᠪᠣᠯᠠᠢ ᠃ 
④ ᠥᠭᠡᠳᠡᠢ ᠬᠠᠭᠠᠨ ᠤ᠋ ᠳᠣᠯᠣᠭᠠᠨ ᠬᠥᠪᠡᠭᠦᠨ ᠦ᠌ ᠲᠤᠬᠠᠢ ᠳ᠋ᠣᠰᠰᠤᠨ ᠲᠡᠮᠳᠡᠭᠯᠡᠭᠰᠡᠨ ᠨᠢ ᠄ 《 ᠬᠠᠲᠤᠳ ᠤ᠋ᠨ ᠳᠣᠲᠣᠷ᠎ᠠ ( ᠥᠭᠡᠳᠡᠢ ᠶ᠋ᠢᠨ ) ᠥᠨᠳᠥᠷ ᠡᠷᠬᠢᠮ ᠢᠨᠤ ᠳᠣᠷᠭᠢᠨ᠎ᠠ ᠪᠤᠶᠤ… … ᠲᠠᠪᠤᠨ ᠬᠥᠪᠡᠭᠦᠨ  ᠦᠵᠡᠭᠳᠡᠪᠡᠢ ᠃ ᠭᠦᠶᠦᠭ ᠂ ᠬᠥᠲᠥᠨ ᠂ ᠬᠦᠴᠦᠨ ᠂ ᠬᠠᠯᠴᠠᠷ ᠂ ᠬᠠᠳᠠᠨ ᠪᠤᠶᠤ ᠃ ᠡᠭᠦᠨᠴᠡ ᠭᠠᠳᠠᠨ᠎ᠠ ᠪᠠᠰᠠ ᠬᠣᠶᠠᠷ ᠬᠥᠪᠡᠭᠦᠨ ᠪᠣᠢ ᠂ ᠬᠠᠳᠠᠨ ᠠᠭᠤᠯᠠ ᠂ ᠮᠡᠯᠢᠭ᠋ ᠪᠤᠶᠤ ᠂ ᠴᠥᠮ ᠪᠤᠰᠤ ᠬᠠᠲᠤᠨ ᠠ᠋ᠴᠠ  ᠦᠵᠡᠭᠳᠡᠭᠰᠡᠨ ᠠᠵᠤᠭᠤ 》 ᠭᠡᠵᠡᠢ ᠃ 

ᠲᠠᠢᠵᠢ [ ᠬᠤᠸᠩ ᠲᠠᠢᠽᠢ ] ᠬᠦᠴᠦᠨ ᠲᠠᠢᠵᠢ᠂ ᠬᠠᠰᠢ ᠲᠠᠢᠵᠢ ᠂ ᠬᠠᠳᠠᠨ ᠲᠠᠢᠵᠢ᠂ ᠮᠡᠷᠢ ᠲᠠᠢᠵᠢ ᠡᠳᠡ ᠪᠤᠶᠤ ᠃ ᠲᠠᠶᠢᠽᠥ᠋ᠩ ᠬᠠᠭᠠᠨ ᠤ᠋ ᠶᠡᠬᠡ ᠳᠠᠢᠰᠢ [ ᠬᠠᠷᠴᠠᠷ ᠲᠠᠢᠵᠢ ] ᠸᠢᠩ ᠽᠦᠩ ᠵᠢᠶᠠᠨ ᠪᠢᠩ ᠬᠣᠸᠠᠠᠩᠲᠢ ① ᠂ ᠭᠦᠶᠦᠭ ᠬᠠᠭᠠᠨ ᠭᠠᠯ ᠪᠠᠷᠰ ᠵᠢᠯᠲᠡᠢ② ᠂ ᠳᠥᠴᠢᠨ ᠨᠢᠭᠡᠨ ᠳ᠋ᠡᠭᠡᠨ ᠂ ᠭᠠᠯ ᠮᠣᠷᠢᠨ ᠵᠢᠯ③ ᠶᠡᠬᠡ ᠬᠠᠭᠠᠨ ᠣᠷᠣ ᠰᠠᠭᠤᠵᠤ④ ᠂ ᠳᠥᠴᠢᠨ ᠭᠤᠷᠪᠠᠨ ᠨᠠᠰᠤᠨ ᠳ᠋ᠠᠭᠠᠨ ᠰᠢᠷᠣᠢ ᠪᠡᠴᠢᠨ ᠵᠢᠯ⑤ ᠲᠩᠷᠢ ᠪᠣᠯᠪᠠᠢ ᠃ ᠬᠠᠶᠢᠮᠢᠰ  ᠬᠠᠲᠤᠨ ᠬᠡᠳᠦᠨ ᠵᠢᠯ ᠲᠥᠷᠥ ᠡᠵᠡᠯᠯᠦᠭᠡ⑥ ᠳ᠋ᠢᠩ ᠽᠦᠩ ᠬᠠᠭᠠᠨ ᠤ᠋ ᠭᠤᠷᠪᠠᠨ ᠬᠥᠪᠡᠭᠦᠨ ᠬᠣᠷᠴᠢᠨ ᠲᠠᠢᠵᠢ ᠂ ᠨᠤᠬᠤᠨ ᠲᠠᠢᠵᠢ ᠂ ᠬᠣᠬᠤᠰ ᠲᠠᠢᠵᠢ ᠡᠳᠡ ᠪᠣᠢ ᠃ 

— — — — 
① ᠭᠦᠶᠦᠭ ᠬᠠᠭᠠᠨ ᠊ᠢ 《 ᠶᠤᠸᠠᠨ ᠱᠢ 》 ᠳ᠋ᠦ᠍ ᠳ᠋ᠢᠩ ᠽᠦᠩ ᠵᠢᠶᠠᠨ ᠫᠢᠩ ᠬᠤᠸᠠᠩᠳᠢ (定宗简平皇帝 ) ᠭᠡᠵᠦ ᠂ ᠬᠠᠭᠠᠨ ᠤ᠋ ᠴᠣᠯᠠ ᠳ᠋ᠢᠩ ᠽᠦᠩ ᠂ ᠨᠡᠬᠡᠮᠵᠢᠯᠡᠨ  ᠡᠷᠭᠦᠮᠵᠢᠯᠡᠭᠰᠡᠨ ᠢᠨᠤ ᠵᠢᠶᠠᠨ ᠫᠢᠩ ᠬᠤᠸᠠᠩᠳᠢ ᠬᠡᠮᠡᠬᠦ ᠃ 
② ᠭᠠᠯ ᠪᠠᠷᠰ ᠵᠢᠯ ᠄ ᠳᠠᠷᠤᠢ ᠤᠯᠠᠭᠠᠨ ᠪᠠᠷᠰ ᠵᠢᠯ ᠂ ᠣᠨ ᠲᠣᠭᠠᠯᠠᠯ ᠤ᠋ᠨ1206 ᠣᠨ ᠃ 
③ ᠭᠠᠯ ᠮᠣᠷᠢᠨ ᠵᠢᠯ ᠄ ᠳᠠᠷᠤᠢ ᠤᠯᠠᠭᠠᠨ ᠮᠣᠷᠢᠨ ᠵᠢᠯ ᠂ ᠣᠨ ᠲᠣᠭᠠᠯᠠᠯ ᠤ᠋ᠨ1246 ᠣᠨ ᠃ 
④ ᠬᠥᠶᠦᠭ ᠬᠠᠭᠠᠨ ᠤ᠋ ᠶᠡᠬᠡ ᠣᠷᠣ ( ᠬᠠᠭᠠᠨ ᠰᠠᠭᠤᠷᠢᠨ ) ᠰᠠᠭᠤᠭᠰᠠᠨ ᠲᠤᠬᠠᠢ ᠳ᠋ᠣᠰᠰᠤᠨ ᠮᠠᠰᠢ ᠨᠠᠷᠢᠨ ᠲᠣᠳᠣᠷᠬᠠᠢ ᠲᠡᠮᠳᠡᠭᠯᠡᠭᠰᠡᠨ ᠵᠦᠢᠯ ᠪᠣᠢ ᠂ ᠡᠭᠦᠨᠴᠡ ᠪᠢᠳᠡ ᠠᠷᠪᠠᠨ ᠭᠤᠷᠪᠠᠳᠤᠭᠠᠷ ᠵᠠᠭᠤᠨ ᠤ᠋ ᠦᠶ᠎ᠡ ᠳ᠋ᠦ᠍ ᠮᠣᠩᠭᠣᠯ ᠬᠠᠳ ᠤ᠋ᠨ ᠶᠡᠬᠡ ᠰᠠᠭᠤᠷᠢᠨ ᠵᠠᠯᠭᠠᠮᠵᠢᠯᠠᠬᠤ ᠰᠦᠷ ᠵᠢᠪᠬᠤᠯᠠᠩᠲᠤ ᠡᠯᠳᠡᠪ ᠰᠣᠨᠢᠨ ᠶᠣᠰᠣᠯᠠᠯ ᠊ᠢ ᠣᠯᠵᠤ ᠬᠠᠷᠠᠮᠤᠢ ᠃ ᠳ᠋ᠤᠰᠰᠤᠨ ᠲᠡᠮᠳᠡᠭᠯᠡᠭᠰᠡᠨ ᠨᠢ ᠄ 《 ᠶᠡᠬᠡ ᠬᠤᠷᠠᠯᠳᠠᠢ ᠶ᠋ᠢᠨ ᠭᠠᠵᠠᠷ ᠊ᠢ ᠬᠥᠬᠡ ᠨᠠᠭᠤᠷ ( ᠾᠦᠩ ᠵᠢᠶᠦ᠋ᠨ ᠳᠠᠯᠠᠨ ᠳᠠᠪᠠᠭ᠎ᠠ ᠬᠡᠮᠡᠬᠦ ᠭᠠᠵᠠᠷ ᠭᠡᠵᠡᠢ — ᠲᠤᠰ  ᠲᠠᠢᠯᠤᠯᠭᠠᠴᠢ ) ᠶ᠋ᠢᠨ ᠬᠥᠪᠡᠭᠡᠨ᠎ᠡ ᠪᠣᠯᠪᠠᠢ ᠃ ᠥᠭᠡᠳᠡᠢ ᠶ᠋ᠢᠨ ᠵᠤᠰᠠᠯᠠᠩ ᠪᠤᠶᠤ ᠃ ᠡᠯᠳᠡᠪ ᠰᠢᠯᠲᠠᠭᠠᠯᠠᠨ ᠠ᠋ᠴᠠ ᠪᠣᠯᠵᠤ 1246 ᠣᠨ ᠤ᠋ ᠬᠠᠪᠤᠷ ᠪᠣᠯᠬᠤ ᠳ᠋ᠤ᠌ ᠶᠡᠬᠡ ᠬᠤᠷᠠᠯᠲᠠᠢ  ᠰᠠᠶᠢ ᠡᠬᠢᠯᠡᠵᠦᠬᠦᠢ ᠃ ᠡᠭᠦᠨ ᠦ᠌ ᠰᠢᠯᠲᠠᠭᠠᠨ ᠬᠡᠮᠡᠪᠡᠰᠦ ᠪᠠᠲᠤ ᠪᠠᠷ ᠡᠨᠡ ᠲᠡᠷᠡ ᠭᠡᠮᠡᠨ ᠰᠢᠯᠲᠠᠭᠠᠨ ᠢᠷᠡᠬᠦ ᠦᠭᠡᠢ ᠡᠴᠡ ᠪᠣᠯᠪᠠᠢ ᠃ ᠪᠠᠲᠤ ᠪᠠ ᠲᠡᠭᠦᠨ ᠦ᠌ ᠬᠠᠲᠤᠨ ᠢ᠋ᠶ᠋ᠠᠷ ᠬᠥᠶᠦᠭ ᠲᠦ᠍ ᠰᠡᠵᠢᠭ ᠪᠦᠬᠦᠢ ᠶ᠋ᠢᠨ ᠣᠴᠢᠷ᠎ᠠ ᠡᠪᠡᠳᠴᠢᠨ ᠢ᠋ᠶ᠋ᠡᠷ ᠰᠢᠯᠲᠠᠭ ᠪᠣᠯᠭᠠᠨ ᠴᠥᠮ ᠬᠤᠷᠠᠯ ᠳ᠋ᠤᠷ ᠢᠷᠡᠬᠦ ᠦᠭᠡᠢ ᠪᠠᠢᠯᠤᠭ᠎ᠠ ᠃ ᠪᠠᠲᠤ ᠠᠨᠤ ᠲᠡᠳᠡᠭᠡᠷ ᠣᠯᠠᠨ ᠲᠥᠷᠥᠯ ᠸᠠᠩ ᠨᠠᠷ ᠤ᠋ᠨ ᠠᠬᠠᠮᠠᠳ ᠪᠣᠯᠬᠤ ᠶ᠋ᠢᠨ ᠲᠤᠯᠠ ᠪᠤᠰᠤᠳ ᠨᠢ ᠴᠥᠮ ᠲᠡᠭᠦᠨ ᠦ᠌ ᠮᠣᠷᠢᠯᠠᠨ ᠢᠷᠡᠬᠦ ᠶ᠋ᠢ ᠬᠦᠯᠢᠶᠡᠨ ᠠᠵᠤ  ᠰᠠᠶᠢ ᠰᠢᠨ᠎ᠡ ᠡᠵᠡᠨ  ᠢ ᠰᠠᠭᠤᠷᠢᠨ ᠳ᠋ᠤᠷ ᠵᠠᠯᠠᠮᠤᠢ᠃ ᠬᠠᠲᠤᠨ ᠢ᠋ᠶ᠋ᠠᠷ ᠬᠡᠳᠦᠨᠲᠡ ᠡᠯᠴᠢᠨ ᠲᠣᠮᠢᠯᠠᠨ ᠰᠢᠬᠠᠮᠳᠠᠭᠤᠯᠤᠭᠰᠠᠨ ᠠᠲᠠᠯ᠎ᠠ ᠪᠠᠲᠤ ᠮᠥᠨ ᠡᠨᠡ ᠲᠡᠷᠡ ᠭᠡᠮᠡᠨ ᠰᠢᠯᠲᠠᠭ ᠬᠡᠯᠡᠨ ᠢᠷᠡᠭᠰᠡᠨ ᠦᠭᠡᠢ᠃ ᠲᠡᠷᠡ ᠳᠠᠷᠤᠢ ᠳ᠋ᠤᠷ ᠶᠡᠬᠡ ᠬᠤᠷᠠᠯᠳᠠᠢ ᠠᠨᠤ ᠪᠠᠲᠤ ᠶ᠋ᠢᠨ ᠢᠷᠡᠬᠦ ᠶ᠋ᠢ ᠡᠰᠡ ᠬᠦᠯᠢᠶᠡᠨ ᠬᠤᠷᠠᠯᠳᠤᠨ ᠡᠬᠢᠯᠡᠵᠦᠬᠦᠢ᠃ ᠲᠡᠷᠡ ᠴᠠᠭ ᠲᠤᠷ ᠠᠽᠢᠶ᠎ᠠ ᠶ᠋ᠢᠨ ᠣᠯᠠᠨ ᠸᠠᠩ ᠨᠠᠷ ᠴᠥᠮ ᠬᠦᠷᠦᠯᠴᠡᠨ ᠢᠷᠡᠪᠡᠢ᠃ ᠲᠡᠳᠡᠨᠡᠷ ᠲᠠᠲ᠋ᠠᠷ ᠣᠷᠣᠨ ᠤ᠋ ᠭᠣᠣᠯ ᠵᠠᠮ ᠳ᠋ᠤᠷ ᠮᠣᠷᠢᠯᠠᠨ ᠶᠠᠪᠤᠵᠤ ᠵᠠᠮ ᠭᠣᠳᠣᠰ ᠲᠤᠷ ᠲᠡᠷᠭᠡ ᠮᠣᠷᠢᠨ ᠦᠷᠭᠦᠯᠵᠢᠯᠡᠨ ᠬᠦᠳᠡᠩ ᠲᠣᠭᠣᠰᠣ ᠮᠠᠨᠠᠷᠠᠭᠤᠯᠵᠤᠬᠤᠢ᠃ ᠣᠯᠠᠨ ᠲᠥᠷᠥᠯ ᠸᠠᠩ ᠨᠠᠷ ᠴᠥᠮ ᠲᠤᠰ ᠲᠤᠰ ᠤ᠋ᠨ ᠵᠠᠬᠢᠷᠠᠭᠠᠨ ᠳ᠋ᠠᠬᠢ ᠵᠠᠩᠵᠤᠨ ᠴᠡᠷᠢᠭ ᠢ᠋ᠶ᠋ᠡᠨ ᠳᠠᠭᠠᠭᠤᠯᠤᠨ ᠢᠷᠡᠯᠦᠭᠡ᠃ ᠲᠡᠷᠡ ᠰᠣᠩᠭᠣᠭᠤᠯᠢ ᠶ᠋ᠢᠨ ᠬᠤᠷᠠᠯ ᠳ᠋ᠤᠷ ᠬᠦᠷᠦᠯᠴᠡᠨ ᠢᠷᠡᠭᠰᠡᠳ ᠬᠡᠮᠡᠪᠡᠰᠦ᠄ ᠤᠳᠴᠢᠬᠡᠨ ᠪᠣᠯᠤᠨ ᠲᠡᠭᠦᠨ ᠦ᠌ ᠬᠥᠪᠡᠭᠦᠳ ᠨᠠᠶᠠᠨ ᠬᠥᠮᠦᠨ᠃ ᠲᠤᠯᠤᠢ ᠶ᠋ᠢᠨ ᠪᠡᠯᠪᠡᠰᠦᠨ ᠬᠠᠲᠤᠨ ᠪᠠ ᠲᠡᠭᠦᠨ ᠦ᠌ ᠬᠥᠪᠡᠭᠦᠳ᠃ ᠥᠭᠡᠳᠡᠢ᠂ ᠵᠥᠴᠢ᠂ ᠴᠠᠭᠠᠲᠠᠢ ᠨᠠᠷ ᠤ᠋ᠨ ᠬᠣᠢᠴᠢ ᠸᠠᠩ ᠨᠠᠷ ᠵᠢᠴᠢ ᠲᠡᠭᠦᠨ ᠦ᠌ ᠵᠠᠰᠠᠭ ᠵᠠᠬᠢᠷᠭᠠᠨ ᠳ᠋ᠠᠬᠢ ᠨᠣᠶᠠᠳ ᠤ᠋ᠨ ᠵᠠᠩᠵᠤᠨ ᠨᠠᠷ   ᠵᠦᠩᠶᠤᠸᠠᠨ ᠣᠷᠣᠨ ᠤ᠋ ᠴᠡᠷᠢᠭ ᠠᠷᠠᠳ ᠤ᠋ᠨ ᠲᠤᠰᠢᠶᠠᠯᠲᠠᠨ ᠨᠣᠶᠠᠳ  ᠫᠧᠷᠰ ᠦ᠋ᠨ ᠨᠣᠶᠠᠨ ᠠᠷᠢᠭᠤᠨ᠃ ᠲᠦᠷᠺᠡᠰᠲ᠋ᠠᠠ ᠶ᠋ᠢᠨ ᠬᠣᠶᠠᠷ ᠭᠣᠣᠯ ᠤ᠋ᠨ ᠬᠣᠭᠣᠷᠣᠨᠳᠣᠬᠢ ᠶᠡᠬᠡ ᠨᠣᠶᠠᠨ ᠮᠠᠰᠬᠣᠲᠠ ᠵᠢᠴᠢ ᠡᠨᠡ ᠬᠣᠶᠠᠷ ᠵᠠᠬᠢᠷᠭᠠᠨ ᠮᠣᠵᠢ ᠶ᠋ᠢᠨ ᠣᠯᠠᠨ  ᠬᠠᠷᠢᠶ᠎ᠠ ᠸᠠᠩ  ᠡᠷᠬᠢᠮᠲᠡᠨ ᠃ ᠷᠣᠮ ᠤ᠋ᠨ ᠰᠧᠯᠲᠢᠦᠺᠲᠢᠰ ᠰᠤᠯᠲᠠᠨ ᠷᠤᠺᠦ — ᠥᠳ᠋ —   ᠳ᠋ᠢᠨ ᠃ ᠣᠷᠣᠰ ᠤ᠋ᠨ ᠶᠡᠬᠡ ᠬᠦᠩ ᠶᠡᠷᠦᠰᠯᠤᠸᠠ᠃ ᠬᠦᠷᠵᠢ ᠶ᠋ᠢᠨ ᠸᠠᠩ ᠤ᠋ᠨ ᠰᠠᠭᠤᠷᠢᠨ ᠢ᠋ ᠲᠡᠮᠡᠴᠡᠯᠳᠦᠨ ᠪᠦᠬᠦᠢ ᠬᠣᠶᠠᠷ ᠸᠠᠩ ᠳ᠋ᠡᠸᠢᠳ᠋ (ᠬᠣᠶᠠᠭᠤᠯᠠ ᠪᠠᠨ ᠠᠳᠠᠯᠢ ᠨᠡᠷᠡᠲᠡᠢ)᠃ ᠠᠷᠠᠪ ᠸᠠᠩ ᠤ᠋ᠨ ᠳᠡᠭᠦᠦ ᠪᠠᠭᠲᠠᠳ᠋ ᠬᠠᠯᠢᠹᠠ ᠶ᠋ᠢᠨ ᠡᠯᠴᠢᠨ ᠰᠠᠢᠳ᠃ ᠠᠯᠠᠮᠠᠲᠥ ᠢᠰᠠᠮᠠᠨ ᠰᠤᠷᠭᠠᠯᠲᠠᠨ ᠤ᠋ ᠡᠯᠴᠢᠨ ᠰᠠᠢᠳ ᠃ ᠮᠣᠰᠢᠯᠢ ᠂ ᠹᠠᠷᠠᠨᠽᠢ ᠂  ᠭᠸᠷᠮᠠᠨᠢ ᠭᠤᠷᠪᠠᠨ ᠤᠯᠤᠰ ᠤ᠋ᠨ ᠨᠣᠶᠠᠳ ᠨᠠᠷ ᠪᠠᠰᠠᠴᠤ ᠦᠯᠡᠮᠵᠢ ᠮᠥᠩᠭᠥ ᠵᠣᠭᠣᠰ ᠡᠷᠭᠦᠨ ᠪᠠᠷᠢᠵᠤ ᠲᠥᠷᠥ ᠳ᠋ᠦ᠍ᠷ ᠢᠷᠡᠪᠡᠢ ᠃ ᠡᠳᠡᠭᠡᠷ ᠬᠦᠷᠦᠯᠴᠡᠨ  ᠢᠷᠡᠭᠰᠡᠳ ᠦ᠋ᠨ ᠳᠣᠲᠣᠷ᠎ᠠ ᠥᠩᠭᠡ ᠮᠢᠷᠠᠯᠵᠠᠨ ᠢᠯᠭᠠᠷᠠᠭᠰᠠᠨ ᠰᠠᠢᠬᠠᠨ ᠬᠤᠪᠴᠢᠳ ᠲᠠᠢ ᠠᠽᠢᠶ᠎ᠠ ᠶ᠋ᠢᠨ ᠡᠷᠬᠢᠮ ᠶᠡᠬᠡᠮᠰᠦᠭ ᠣᠯᠠᠨ ᠡᠯᠴᠢᠳ ᠡᠴᠡ ᠭᠠᠳᠠᠨ᠎ᠠ ᠪᠠᠰᠠ ᠪᠣᠯᠪᠠᠰᠤᠨ ᠪᠣᠷᠣᠭᠵᠢᠭᠤᠨ ᠬᠤᠪᠴᠠᠰᠤ ᠲᠠᠢ ᠧᠦ᠋ᠷᠣᠫᠠ ᠶ᠋ᠢᠨ ᠱᠠᠰᠢᠨ ᠤ᠋ ᠰᠤᠷᠭᠠᠯᠲᠠᠨ ᠬᠣᠶᠠᠷ ᠬᠥᠮᠦᠨ ᠪᠣᠢ ᠃ ᠲᠡᠷᠡ ᠪᠣᠯᠪᠠᠰᠤ ᠱᠠᠰᠢᠨ ᠤ᠋ ᠬᠠᠭᠠᠨ ᠠ᠋ᠴᠠ ᠲᠠᠲ᠋ᠠᠷ ᠨᠤᠲᠤᠭ ᠲᠤ᠌ ᠲᠣᠮᠢᠯᠠᠨ ᠶᠠᠪᠤᠭᠤᠯᠤᠭᠰᠠᠨ ᠱᠠᠰᠢᠨ ᠰᠤᠷᠲᠠᠬᠤᠨ ᠢ᠋  ᠤᠯᠠᠮᠵᠢᠯᠠᠨ ᠳᠡᠯᠭᠡᠷᠡᠭᠦᠯᠬᠦ ᠶ᠋ᠢᠨ ᠬᠠᠮᠲᠤᠳᠠ ᠬᠠᠮᠤᠭ ᠠᠮᠢᠰᠬᠤᠯᠲᠠᠨ ᠳ᠋ᠤᠷ ᠨᠢᠭᠦᠯ ᠡᠰᠡ ᠬᠢᠬᠦ ᠶ᠋ᠢ ᠬᠣᠷᠢᠭᠯᠠᠬᠤ  ᠬᠡᠮᠡᠭᠰᠡᠨ ᠪᠠᠭᠰᠢ ᠪᠤᠶᠤ ᠃ ᠬᠤᠷᠠᠯ ᠬᠤᠷᠠᠯᠳᠤᠬᠤ ᠭᠠᠵᠠᠷ ᠢ᠋ ᠰᠢᠷ᠎ᠠ ᠣᠷᠳᠣᠨ ᠬᠡᠮᠡᠮᠦᠢ ᠃ ᠢᠰᠡᠭᠡᠢ ᠲᠤᠭᠤᠷᠭᠠᠲᠤ ᠭᠡᠷ ᠬᠣᠶᠠᠷ ᠮᠢᠩᠭ᠎ᠠ ᠪᠤᠰᠬᠠᠵᠤ ᠣᠯᠠᠨ ᠸᠠᠩ ᠡᠷᠬᠢᠮᠲᠡᠨ ᠦ᠌ ᠡᠯᠴᠢᠨ ᠨᠠᠷ ᠤ᠋ᠨ ᠰᠠᠭᠤᠵᠤ ᠬᠡᠷᠡᠭᠯᠡᠬᠦᠢ ᠳ᠋ᠦ᠍ᠷ ᠳᠥᠭᠥᠮ ᠦᠵᠡᠭᠦᠯᠪᠡᠢ ᠃ ᠬᠤᠳᠠᠯᠳᠤᠭ᠎ᠠ ᠠᠷᠠᠯᠵᠢᠶᠠᠴᠢᠨ ᠨᠠᠷ ᠤ᠋ᠨ ᠣᠯᠠᠩᠬᠢᠨ ᠠᠨᠤ ᠠᠽᠢᠶ᠎ᠠ ᠶᠢᠨᠡᠯ᠎ᠡ ᠣᠷᠣᠨ ᠠ᠋ᠴᠠ ᠡᠯᠳᠡᠪ ᠭᠠᠢᠬᠠᠮᠰᠢᠭ ᠡᠳ᠋ ᠡᠷᠳᠡᠨᠢᠰ ᠢ᠋ ᠠᠪᠴᠢᠷᠠᠨ ᠡᠨᠳᠡ ᠠᠷᠠᠯᠵᠢᠭ᠎ᠠ ᠬᠢᠮᠦᠢ ᠃ ᠡᠵᠡᠨ ᠦ᠌ ᠴᠠᠴᠠᠷ ᠤ᠋ᠨ ᠲᠣᠭᠣᠷᠢᠮ ᠳ᠋ᠤᠷ ᠬᠠᠷᠢᠶᠠᠲᠤ ᠠᠷᠠᠳ ᠤ᠋ᠨ ᠬᠤᠷᠠᠨ ᠴᠤᠭᠯᠠᠷᠠᠭᠰᠠᠨ ᠠᠨᠤ ᠲᠣᠭᠠᠯᠠᠰᠢ ᠦᠭᠡᠢ ᠂ ᠡᠭᠦᠨᠴᠠ ᠪᠣᠯᠵᠤ ᠠᠮᠤ ᠪᠤᠳᠠᠭ᠎ᠠ ᠶ᠋ᠢᠨ ᠦᠨ᠎ᠡ ᠬᠠᠩᠰᠢ ᠶᠡᠬᠡᠳᠡ ᠦᠰᠦᠪᠡᠢ ᠃  ᠲᠥᠷᠥᠯ ᠸᠠᠩ ᠨᠠᠷ ᠪᠠ ᠬᠣᠰᠢᠭᠤᠴᠢ ᠵᠠᠩᠵᠤᠨ ᠨᠠᠷ ᠨᠢᠭᠡᠨ ᠶᠡᠬᠡ  ᠮᠠᠢᠬᠠᠨ ᠳ᠋ᠤ᠌ ᠴᠤᠭᠯᠠᠷᠠᠪᠠᠢ ᠃ ᠲᠡᠷᠡ ᠮᠠᠢᠬᠠᠨ ᠠᠨᠤ ᠬᠣᠶᠠᠷ ᠮᠢᠩᠭᠠᠨ ᠬᠥᠮᠦᠨ ᠪᠠᠭᠲᠠᠭᠠᠵᠤ ᠂ ᠮᠠᠢᠬᠠᠨ ᠤ᠋ ᠡᠷᠭᠢᠨ ᠲᠣᠭᠣᠷᠢᠨ ᠳ᠋ᠤᠷ ᠡᠯᠳᠡᠪ ᠬᠡ ᠤᠭᠠᠯᠵᠠᠲᠤ ᠬᠡᠷᠡᠰᠡᠭᠡ ᠵᠣᠬᠢᠶᠠᠵᠤᠬᠤᠢ ᠃ ᠮᠠᠢᠬᠠᠨ ᠠᠨᠤ ᠬᠣᠶᠠᠷ ᠡᠭᠦᠳᠡ ᠲᠡᠢ ᠂ ᠨᠢᠭᠡ ᠢᠨᠥ ᠬᠣᠷᠢᠭ᠎ᠠ ᠪᠦᠬᠦᠢ ᠡᠭᠦᠳᠡ ᠬᠡᠮᠡᠵᠦ ᠡᠵᠡᠨ ᠨᠣᠶᠠᠨ ᠤ᠋ ᠣᠷᠣᠵᠤ ᠭᠠᠷᠬᠤ ᠡᠭᠦᠳᠡ ᠪᠤᠶᠤ ᠃ ᠡᠭᠦᠨ ᠳ᠋ᠦ᠍ᠷ ᠬᠠᠷᠠᠭᠤᠯ ᠤ᠋ᠨ ᠬᠥᠮᠦᠨ ᠦᠭᠡᠢ ᠂ ᠲᠡᠭᠦᠨ ᠢ᠋ᠶ᠋ᠡᠷ ᠠᠶᠤᠮᠰᠢᠭ  ᠦᠭᠡᠢ ᠣᠷᠣᠵᠤ ᠭᠠᠷᠬᠤ ᠬᠥᠮᠦᠨ ᠭᠡᠵᠦ ᠨᠢᠭᠡᠴᠣ ᠦᠭᠡᠢ ᠃ ᠨᠥᠭᠥᠭᠡ ᠡᠭᠦᠳᠡᠨ ᠳ᠋ᠦ᠍ᠷ ᠵᠢᠳᠠ ᠢᠯᠢᠳᠦ ᠪᠠᠷᠢᠭᠰᠠᠨ ᠴᠡᠷᠢᠭ ᠬᠠᠷᠠᠭᠤᠯ ᠵᠣᠭᠰᠣᠮᠤᠢ ᠃ ᠬᠤᠷᠠᠯ ᠳ᠋ᠤᠷ ᠢᠷᠡᠭᠰᠡᠳ ᠬᠡᠷᠡᠭ ᠤᠴᠢᠷ ᠶᠤᠭᠠᠨ ᠵᠥᠪᠳᠡᠭᠡᠳ ᠦᠳᠡ ᠪᠣᠯᠬᠤᠢ ᠳ᠋ᠤᠷ ᠳᠠᠷᠠᠰᠤ ᠪᠠ ᠴᠡᠭᠡ ᠤᠤᠭᠤᠯᠴᠠᠮᠤᠢ ᠃  ᠡᠮᠦᠰᠦᠭᠰᠡᠨ ᠬᠤᠪᠴᠠᠰᠤ ᠶᠤᠭᠠᠨ ᠡᠳᠦᠷ ᠪᠦᠷᠢ ᠨᠢᠭᠡᠨ ᠤᠳᠠᠭ᠎ᠠ ᠬᠠᠯᠠᠮᠤᠢ ᠃ ᠭᠦᠶᠦᠭ ᠠᠨᠤ ᠬᠠᠭᠠᠨ ᠡᠷᠭᠦᠮᠵᠢᠯᠡᠭᠳᠡᠬᠦ ᠶ᠋ᠢᠨ ᠡᠮᠦᠨᠡᠬᠡᠨ ᠡᠨᠡ ᠦᠶ᠎ᠡ ᠳ᠋ᠦ᠍ᠷ ᠮᠥᠨ ᠴᠦ᠍ ᠮᠠᠰᠢ ᠦᠯᠡᠮᠵᠢ ᠶᠣᠰᠣᠯᠠᠯ ᠬᠦᠨᠳᠦᠳᠬᠡᠯ ᠢ᠋  ᠡᠳ᠋ᠯᠡᠨ ᠠᠮᠤᠢ   ᠃ ᠲᠡᠭᠦᠨ ᠢ᠋ ᠴᠠᠴᠠᠷ ᠠ᠋ᠴᠠ ᠭᠠᠷᠬᠤ ᠪᠦᠷᠢ ᠳᠠᠭᠤᠤ ᠡᠭᠦᠰᠬᠡᠨ ᠪᠠᠷᠢᠵᠤ ᠂ ᠲᠤᠭ ᠪᠠᠷᠢᠭᠰᠠᠳ ᠲᠤᠭ ᠶᠤᠭᠠᠨ ᠪᠠᠭᠤᠯᠭᠠᠨ  ᠬᠢᠴᠢᠶᠡᠩᠭᠦᠢᠯᠡᠮᠦᠢ᠃ ᠰᠣᠩᠭᠣᠯᠲᠠ ᠶᠠᠪᠤᠭᠤᠯᠬᠤ ᠶ᠋ᠢᠨ ᠲᠡᠷᠡ ᠴᠠᠭ ᠲᠤᠷ ᠣᠯᠠᠨ ᠬᠠᠲᠤᠳ ᠠᠨᠤ ᠮᠥᠨ ᠬᠤᠷᠠᠯ ᠳ᠋ᠤᠷ ᠣᠷᠣᠯᠴᠠᠭᠰᠠᠳ ᠤ᠋ᠨ ᠬᠠᠮᠲᠤᠳᠠ ᠰᠢᠷ᠎ᠠ ᠣᠷᠳᠣᠨ ᠠ᠋ᠴᠠ ᠭᠤᠷᠪᠠ ᠳᠥᠷᠪᠡᠨ ᠭᠠᠵᠠᠷ ᠬᠣᠯᠠ  ᠪᠠᠢᠬᠤ ᠠᠯᠲᠠᠨ ᠣᠷᠳᠣᠨ ᠳ᠋ᠤᠷ ᠬᠦᠷᠪᠡᠢ ᠃ ᠡᠨᠡ ᠴᠠᠴᠠᠷ ᠤ᠋ᠨ ᠲᠤᠯᠭᠠᠭᠤᠷᠢ ᠶ᠋ᠢ ᠠᠯᠲᠠ ᠪᠠᠷ ᠰᠢᠷᠲᠡᠵᠦ ᠂ ᠲᠤᠭᠤᠷᠭ᠎ᠠ ᠶ᠋ᠢ ᠠᠯᠲᠠᠨ ᠬᠠᠳᠠᠭᠠᠰᠤ ᠪᠠᠷ ᠬᠠᠲᠠᠭᠰᠠᠨ ᠤ᠋ ᠤᠴᠢᠷ ᠠᠯᠲᠠᠨ ᠣᠷᠳᠣᠨ ᠭᠡᠮᠡᠨ ᠨᠡᠷᠡᠢᠳᠪᠡᠢ᠃ ᠲᠥᠷᠥᠯ ᠸᠠᠩ ᠨᠠᠷ   ᠂ ᠣᠯᠠᠨ ᠠᠢᠮᠠᠭ ᠤ᠋ᠨ ᠲᠡᠷᠢᠭᠦᠲᠡᠨ ᠵᠢᠴᠢ ᠬᠣᠰᠢᠭᠤᠴᠢ ᠵᠠᠩᠵᠤᠨ ᠨᠠᠷ ᠰᠢᠨ᠎ᠡ ᠡᠵᠡᠨ ᠢ᠋  ᠬᠡᠨ ᠢ᠋ᠶ᠋ᠡᠷ ᠪᠣᠯᠭᠠᠬᠤ ᠲᠤᠬᠠᠢ ᠵᠥᠪᠯᠡᠮᠦᠢ ᠃ ᠡᠩ ᠲᠡᠷᠢᠭᠦᠨ᠎ᠡ ᠂ ᠥᠭᠡᠳᠡᠢ ᠶ᠋ᠢᠨ ᠬᠣᠢᠴᠢ ᠪᠠᠷ ᠶᠡᠬᠡ ᠣᠷᠣ ᠵᠠᠯᠭᠠᠮᠵᠢᠯᠠᠭᠤᠯᠬᠤ ᠶ᠋ᠢ ᠲᠣᠭᠲᠠᠯᠤᠭ᠎ᠠ ᠃ ᠰᠢᠷᠡᠮᠦᠨ ᠬᠡᠳᠦᠢᠪᠡᠷ ᠲᠡᠭᠦᠨ ᠦ᠌ ᠡᠪᠦᠭᠡ ᠶ᠋ᠢᠨ ᠲᠣᠭᠲᠠᠭᠠᠭᠰᠠᠨ ᠢ᠋ᠶ᠋ᠠᠷ ᠶᠡᠬᠡ ᠣᠷᠣ ᠶ᠋ᠢ ᠵᠠᠯᠭᠠᠮᠵᠢᠯᠠᠬᠤ ᠬᠥᠮᠦᠨ  ᠪᠠᠢᠭᠰᠠᠨ ᠴᠤ᠌ ᠬᠠᠷᠢᠨ ᠵᠠᠰᠠᠭ ᠪᠠᠷᠢᠵᠤ ᠪᠦᠬᠦᠢ ᠬᠠᠲᠤᠨ ᠤ᠋ ᠰᠠᠨᠠᠭᠠᠨ ᠳ᠋ᠤᠷ ᠭᠦᠶᠦᠭ ᠢ᠋ ᠡᠷᠭᠦᠮᠵᠢᠯᠡᠬᠦ ᠬᠡᠮᠡᠭᠰᠡᠨ ᠪᠠ ᠮᠥᠨ ᠰᠢᠷᠡᠮᠦᠨ ᠬᠠᠷᠠᠬᠠᠨ ᠨᠠᠰᠤ ᠪᠠᠭ᠎ᠠ ᠶ᠋ᠢᠨ ᠣᠴᠢᠷ᠎ᠠ ᠣᠯᠠᠨ ᠢ᠋ᠶ᠋ᠠᠷ ᠢ᠋ᠶ᠋ᠠᠨ ᠭᠦᠶᠦᠭ ᠢ᠋ ᠶᠡᠬᠡ ᠬᠠᠭᠠᠨ ᠰᠠᠭᠣᠷᠢᠨ᠎ᠠ ᠡᠷᠭᠦᠮᠵᠢᠯᠡᠪᠡᠢ ᠃ ᠭᠦᠶᠦᠭ  ᠬᠡᠳᠦᠢᠪᠡᠷ ᠶᠡᠬᠡ ᠰᠠᠭᠣᠷᠢᠨ᠎ᠠ ᠡᠷᠭᠦᠮᠵᠢᠯᠡᠭᠳᠡᠭᠰᠡᠨ ᠴᠦ᠍ ᠮᠥᠨ ᠳᠠᠳᠬᠠᠯ ᠶᠣᠰᠣᠭᠠᠷ ᠶᠡᠬᠡ  ᠰᠠᠭᠤᠷᠢᠨ ᠢ᠋ᠶ᠋ᠠᠨ ᠣᠯᠠᠨ ᠸᠠᠩ ᠨᠠᠷ ᠲᠤᠷ ᠨᠠᠢᠷ ᠲᠠᠯᠪᠢᠨ ᠥᠪᠡᠷ ᠦ᠋ᠨ ᠪᠡᠶ᠎ᠡ ᠡᠪᠡᠳᠴᠢᠨ ᠲᠡᠢ ᠭᠡᠵᠦ ᠪᠠᠢᠯᠤᠭ᠎ᠠ᠃ ᠬᠡᠷᠪᠡ ᠡᠨᠡ ᠮᠡᠲᠦ ᠪᠡᠷ ᠤᠳᠠᠲᠠᠯ᠎ᠠ ᠨᠠᠢᠷ ᠲᠠᠯᠪᠢᠬᠤ ᠪᠥᠭᠡᠰᠦ ᠳᠠᠷᠤᠢ ᠶᠡᠬᠡ ᠬᠤᠷᠠᠯ ᠤ᠋ᠨ ᠤᠷᠢᠯᠭ᠎ᠠ ᠳ᠋ᠤᠷ ᠢᠷᠡᠭᠰᠡᠳ ᠨᠥᠬᠥᠴᠡᠯ ᠶᠦ᠍ᠭᠡᠨ ᠳᠤᠷᠠᠳᠴᠤ ᠶᠡᠬᠡ ᠣᠷᠣ ᠶ᠋ᠢ ᠡᠷᠬᠡᠪᠰᠢ  ᠬᠣᠢᠴᠢ ᠳ᠋ᠤᠷ ᠵᠠᠯᠭᠠᠮᠵᠢᠯᠠᠭᠤᠯᠬᠤ ᠪᠣᠯᠤᠮᠤᠢ ᠃ ᠡᠭᠦᠨᠴᠡ ᠬᠤᠷᠠᠯ ᠳ᠋ᠤᠷ ᠢᠷᠡᠭᠰᠡᠳ ᠨᠡᠷ᠎ᠡ ᠶᠦ᠍ᠭᠡᠨ ᠪᠢᠴᠢᠭᠯᠡᠨ ᠡᠷᠭᠦᠲᠡᠰᠦ ᠪᠢᠴᠢᠨ  ᠠᠢᠯᠠᠤᠬᠠᠭᠰᠠᠨ ᠠᠨᠤ ᠄ < ᠲᠠᠨ ᠤ᠋ ᠬᠣᠢᠴᠢ ᠳ᠋ᠤᠷ ᠬᠡᠳᠦᠢᠪᠡᠷ ᠨᠢᠭᠡᠨ ᠬᠡᠰᠡᠭ ᠮᠢᠬ᠎ᠠ ᠲᠡᠳᠦᠢ ᠦᠯᠡᠳᠡᠭᠰᠡᠨ ᠠᠬᠤᠯ᠎ᠠ ᠲᠡᠭᠦᠨ ᠢ᠋ ᠡᠪᠡᠰᠦ ᠰᠢᠷᠠᠯᠵᠢᠨ᠎ᠠ ᠬᠠᠶᠠᠬᠤᠢ ᠳ᠋ᠤᠷ ᠨᠣᠬᠠᠢ ᠰᠢᠪᠠᠭᠤᠳ ᠢᠳᠡᠬᠦ ᠪᠡᠷ ᠦᠭᠡᠢ ᠂ ᠪᠢᠳᠡ ᠪᠦᠬᠦᠨ ᠥᠪᠡᠷ ᠪᠤᠰᠤᠳ ᠢ᠋ ᠬᠠᠭᠠᠨ ᠭᠡᠮᠡᠨ ᠬᠡᠷᠬᠢᠭᠰᠡᠨ ᠴᠦ᠍ ᠡᠷᠭᠦᠮᠵᠢᠯᠡᠬᠦ ᠦᠭᠡᠢ > ᠬᠡᠮᠡᠵᠦᠬᠦᠢ ᠃ ᠡᠨᠡ ᠮᠡᠲᠦ  ᠠᠢᠯᠠᠳᠬᠠᠨ ᠲᠠᠩᠭᠠᠷᠢᠭᠯᠠᠭᠰᠠᠨ ᠤ᠋ ᠳᠠᠷᠠᠭ᠎ᠠ ᠮᠠᠯᠠᠭᠠᠢ ᠶᠤᠭᠠᠨ ᠠᠪᠤᠨ ᠪᠦᠰᠡ ᠶᠦ᠍ᠭᠡᠨ  ᠳᠠᠢᠯᠠᠵᠤ ᠭᠦᠶᠦᠭ ᠢ᠋ ᠠᠯᠲᠠᠨ ᠰᠠᠨᠳᠠᠯᠢ ᠳ᠋ᠤᠷ ᠰᠠᠭᠤᠯᠭᠠᠨ ᠬᠡᠮᠡᠪᠡᠢ ( ᠣᠨ ᠲᠣᠭᠠᠯᠠᠯ ᠤ᠋ᠨ1246 ᠣᠨ ᠤ᠋ ᠨᠠᠢ᠍ᠮᠠᠨ ᠰᠠᠷ᠎ᠠ ) ᠃ ᠬᠤᠷᠠᠯ ᠳ᠋ᠤᠷ ᠢᠷᠡᠭᠰᠡᠳ ᠰᠢᠨ᠎ᠡ ᠡᠵᠡᠨ ᠳ᠋ᠦ᠍ᠷ ᠶᠢᠰᠦᠨᠲᠡ ᠰᠥᠭᠥᠳᠦᠨ ᠮᠥᠷᠭᠥᠬᠦᠢ ᠳ᠋ᠦ᠍ᠷ ᠲᠡᠭᠦᠨ ᠦ᠌ ᠴᠠᠴᠠᠷ ᠤ᠋ᠨ ᠭᠠᠳᠠᠨᠠᠬᠢ ᠬᠠᠷᠢᠶᠠᠲᠤ ᠸᠠᠩ ᠂ ᠡᠯᠴᠢᠳ ᠲᠡᠭᠦᠨᠴᠢᠯᠡᠨ ᠵᠢᠴᠢ ᠡᠭᠡᠷᠡᠮ᠎ᠡ ᠲᠠᠯ᠎ᠠ ᠳ᠋ᠤ᠌ ᠪᠦᠬᠦᠢ ᠡᠭᠡᠯ ᠠᠷᠠᠳ ᠳᠠᠶᠠᠭᠠᠷ ᠰᠥᠭᠥᠳᠦᠨ  ᠮᠦᠬᠦᠢᠵᠦ ᠶᠣᠰᠣ ᠭᠦᠢᠴᠡᠳᠬᠡᠪᠡᠢ ᠃ ᠬᠥᠶᠦᠭ ᠬᠠᠭᠠᠨ ᠢ᠋ᠶ᠋ᠠᠷ  ᠰᠠᠢᠳ ᠠᠷᠠᠳ ᠤ᠋ᠨ  ᠨᠡᠢᠳᠡᠮ ᠶᠣᠰᠣ ᠶ᠋ᠢ ᠬᠦᠯᠢᠶᠡᠨ ᠪᠠᠷᠠᠭᠰᠠᠨ ᠤ᠋  ᠬᠣᠢᠨ᠎ᠠ ᠲᠥᠷᠥᠯ  ᠸᠠᠩ ᠨᠠᠷ ᠬᠣᠰᠢᠭᠤᠴᠢ  ᠵᠠᠩᠵᠤᠨ ᠨᠠᠷ ᠢ᠋ ᠳᠠᠭᠠᠭᠤᠯᠤᠨ ᠴᠠᠴᠠᠷ ᠠ᠋ᠴᠠ ᠭᠠᠷᠴᠤ ᠨᠠᠷᠠᠨ ᠤ᠋ ᠡᠰᠡᠷᠭᠦᠦ ᠭᠤᠷᠪᠠᠨᠲᠠ ᠮᠥᠷᠭᠥᠪᠡᠢ ᠃ ᠮᠥᠷᠭᠥᠵᠦ ᠪᠠᠷᠠᠭᠰᠠᠨ ᠤ᠋  ᠬᠣᠢᠨ᠎ᠠ ᠶᠡᠬᠡ ᠬᠤᠷᠢᠮ  ᠲᠠᠯᠪᠢᠪᠠᠢ᠃ ᠬᠠᠭᠠᠨ ᠢ᠋ᠶ᠋ᠠᠷ ᠡᠷᠳᠡᠨᠢᠰ ᠦ᠋ᠨ ᠰᠠᠭᠤᠳᠠᠯ ᠳ᠋ᠤᠷ ᠰᠠᠭᠤᠭᠰᠠᠨ ᠤ᠋ ᠬᠣᠢᠨ᠎ᠠ ᠣᠯᠠᠨ ᠸᠠᠩ ᠨᠠᠷ ᠪᠠᠷᠠᠭᠤᠨ ᠮᠥᠷᠥ ᠳ᠋ᠦ᠍ᠷ᠂ ᠣᠯᠠᠨ ᠬᠠᠲᠤᠳ ᠵᠡᠭᠦᠨ ᠮᠥᠷᠥ ᠳ᠋ᠦ᠍ᠷ ᠰᠠᠭᠤᠪᠠᠢ ᠃ ᠢᠳᠡᠭᠡᠨ ᠢᠨᠤ ᠴᠥᠮ ᠮᠢᠬ᠎ᠠ ᠪᠣᠯᠠᠢ ᠃ ᠤᠮᠳᠠᠭᠠᠨ ᠠᠨᠤ ᠳᠠᠷᠠᠰᠤ ᠪᠠ ᠴᠡᠭᠡ ᠪᠤᠶᠤ ᠃ ᠬᠤᠷᠢᠮ ᠲᠤᠷ ᠡᠭᠦᠰᠬᠡᠭᠰᠡᠨ ᠬᠥᠭᠵᠢᠮ ᠢᠨᠤ ᠪᠠᠢᠯᠳᠤᠭᠠᠨ ᠤ᠋ ᠳᠠᠭᠤᠤ ᠪᠤᠶᠤ ᠃ ᠬᠤᠷᠢᠮ ᠠᠨᠤ ᠰᠥᠨᠢ ᠳᠤᠮᠳᠠ ᠪᠣᠯᠲᠠᠯ᠎ᠠ ᠦᠷᠭᠦᠯᠵᠢᠯᠡᠮᠦᠢ᠃ ᠡᠨᠡ ᠮᠡᠲᠦ ᠪᠡᠷ ᠳᠣᠯᠣᠭᠠᠨ ᠡᠳᠦᠷ  ᠨᠠᠢᠷᠠᠯᠠᠪᠠᠢ᠃ ᠲᠡᠭᠦᠨ ᠦ᠌ ᠬᠣᠢᠨ᠎ᠠ ᠬᠥᠶᠦᠭ ᠬᠠᠭᠠᠨ ᠂ ᠲᠡᠭᠦᠨ ᠦ᠌ ᠡᠴᠢᠭᠡ ᠬᠠᠭᠠᠨ ᠤ᠋ ᠬᠠᠳᠠᠭᠠᠯᠠᠨ ᠬᠤᠷᠢᠶᠠᠭᠰᠠᠨ ᠡᠳ᠋ ᠡᠷᠳᠡᠨᠢᠰ ᠢ᠋ ᠭᠠᠷᠭᠠᠵᠤ ᠲᠤᠯᠤᠢ ᠶ᠋ᠢᠨ ᠪᠡᠯᠪᠡᠰᠦᠨ ᠬᠠᠲᠤᠨ ᠰᠣᠷᠬᠠᠭᠲᠠᠷᠢ ᠪᠠᠷ ᠣᠯᠠᠨ ᠬᠥᠮᠦᠨ ᠦ᠌ ᠵᠡᠷᠭᠡ ᠬᠡᠷᠬᠢᠮ ᠦ᠋ᠨ ᠳᠡᠰ ᠳᠠᠷᠠᠭ᠎ᠠ ᠪᠠᠷ ᠲᠦᠭᠡᠭᠡᠨ ᠦᠭᠭᠦᠯᠪᠡᠢ᠃ ᠡᠩ ᠲᠡᠷᠢᠭᠦᠨ᠎ᠡ ᠣᠯᠠᠨ ᠸᠠᠩ ᠪᠠ ᠬᠠᠲᠤᠳ ᠂ ᠳᠡᠳ᠋ ᠲᠣᠷ ᠣᠯᠠᠨ ᠰᠠᠢᠳ ᠵᠠᠩᠵᠤᠨ ᠨᠠᠷ ᠂ ᠰᠡᠭᠦᠯ ᠳ᠋ᠦ᠍ᠷ ᠣᠯᠠᠨ ᠬᠠᠷᠢᠶᠠᠲᠤ ᠸᠠᠩ ᠲᠡᠷᠡᠴᠢᠯᠡᠨ ᠲᠡᠳᠡᠨ ᠦ᠌ ᠳᠠᠭᠠᠯᠲᠠ ᠨᠠᠷ ᠲᠤ᠌ ᠬᠥᠷᠥᠮᠦᠢ ᠃ ᠰᠢᠨ᠎ᠡ ᠡᠵᠡᠨ ᠰᠠᠨᠠᠭᠠᠨ ᠳ᠋ᠠᠭᠠᠨ ᠬᠡᠰᠢᠭ  ᠥᠭᠯᠢᠭᠡ ᠶᠤᠭᠠᠨᠲᠡᠭᠦᠨ ᠦ᠌ ᠡᠴᠢᠭᠡ ᠨᠣᠶᠠᠨ ᠤ᠋ ᠬᠠᠭᠤᠴᠢᠨ ᠥᠭᠯᠢᠭᠡ ᠡᠴᠡ ᠠᠬᠠᠯᠠᠬᠤ ᠪᠣᠯᠭᠠᠬᠤ ᠬᠡᠮᠡᠵᠦ ᠳᠣᠯᠣᠭᠠᠨ ᠲᠦᠮᠡᠨ ᠪᠠᠰᠢᠯᠢ ᠶ᠋ᠢᠨ ᠡᠳ᠋ ᠪᠠᠷᠠᠭ᠎ᠠ ᠬᠤᠳᠠᠯᠳᠤᠨ ᠣᠷᠣᠭᠤᠯᠤᠭᠰᠠᠨ ᠠᠵᠠᠢ ᠃ ᠲᠡᠷᠡ ᠴᠠᠭ ᠲᠤᠷ ᠲᠡᠭᠦᠨ ᠦ᠌ ᠰᠢᠲᠠᠷ᠎ᠠ ᠲᠥᠰᠢᠶ᠎ᠡ ᠨᠠᠷ ᠡᠨᠡᠬᠦ ᠣᠯᠠᠨ ᠡᠳ᠋ ᠡᠷᠳᠡᠨᠢᠰ ᠢ᠋ ᠵᠥᠭᠡᠭᠡᠨ ᠲᠡᠭᠡᠭᠡᠪᠦᠷᠢᠯᠡᠬᠦ ᠳ᠋ᠦ᠍ ᠬᠦᠴᠢᠷ ᠲᠡᠢ ᠭᠡᠮᠡᠨ ᠬᠠᠷ᠎ᠠ ᠬᠣᠷᠣᠮ ᠤ᠋ᠨ ᠰᠠᠩ ᠳ᠋ᠤ᠌ ᠬᠠᠳᠠᠭᠠᠯᠠᠬᠤ ᠪᠣᠯᠪᠠᠤ ᠭᠡᠮᠡᠨ ᠢᠳᠬᠠᠭᠰᠠᠨ ᠳ᠋ᠤ᠌ ᠭᠦᠶᠦᠭ ᠬᠡᠯᠡᠭᠰᠡᠨ ᠨᠢ ᠄ ( ᠬᠣᠷᠢᠶᠠᠨ ᠬᠠᠳᠠᠭᠠᠯᠠᠬᠤ ᠬᠡᠷᠡᠭ ᠶᠠᠭᠤᠨ ᠂ ᠣᠯᠠᠨ ᠬᠥᠮᠦᠨ ᠳ᠋ᠦ᠍ᠷ ᠲᠠᠷᠬᠠᠭᠠᠨ ᠥᠭᠬᠦᠲᠤᠭᠡᠢ ) ᠭᠡᠵᠡᠢ᠃ ᠡᠭᠦᠨᠴᠡ ᠰᠤᠯᠠ ᠴᠡᠷᠢᠭ ᠨᠠᠷ ᠬᠡᠰᠢᠭ ᠥᠭᠯᠢᠭᠡ ᠬᠦᠷᠲᠡᠭᠰᠡᠨ ᠡᠴᠡ ᠭᠠᠳᠠᠨ᠎ᠠ ᠬᠤᠷᠠᠯ ᠳ᠋ᠤᠷ ᠢᠷᠡᠭᠰᠡᠳ ᠴᠥᠮ ᠭᠥᠷᠳᠡᠪᠡᠢ᠃ ᠲᠡᠷᠢᠭᠦᠨ ᠳ᠋ᠦ᠍ᠷ ᠪᠠᠷᠠᠭᠤᠨ ᠭᠠᠷᠤᠨ  ᠠᠢᠮᠠᠭ ᠣᠯᠠᠨ ᠂ ᠳᠡᠳ᠋ ᠲᠣᠷ ᠵᠡᠭᠦᠨ ᠭᠠᠷᠤᠨ  ᠠᠢᠮᠠᠭ ᠣᠯᠠᠨ ᠬᠡᠰᠢᠭ ᠱᠠᠩᠨᠠᠯ ᠤ᠋ᠨ ᠬᠦᠨᠳᠦ ᠵᠤᠵᠠᠭᠠᠨ ᠠᠨᠤ ᠬᠡᠦᠬᠡᠳ ᠨᠢᠯᠬ᠎ᠠ ᠳ᠋ᠤᠷ ᠬᠦᠷᠴᠦᠬᠦᠢ ᠃ ᠡᠭᠦᠨ ᠦ᠌ ᠳᠠᠷᠠᠭ᠎ᠠ ᠳ᠋ᠤᠨᠢ ᠬᠠᠷᠢ ᠤᠯᠤᠰ ᠤ᠋ᠨ ᠬᠥᠮᠦᠨ ᠳ᠋ᠦ᠍ ᠬᠡᠰᠢᠭ ᠭᠡᠮᠡᠨ ᠱᠠᠩᠨᠠᠪᠠᠢ᠂ ᠬᠡᠦᠬᠡᠳ ᠵᠠᠷᠤᠴᠠ ᠳ᠋ᠤ᠌ ᠬᠦᠷᠲᠡᠯ᠎ᠡ ᠴᠥᠮ ᠭᠥᠷᠳᠡᠪᠡᠢ ᠃ ᠬᠡᠰᠢᠭ ᠱᠠᠩᠨᠠᠯ ᠲᠡᠭᠦᠰᠦᠭᠰᠡᠨ ᠦ᠌ ᠬᠣᠢᠨ᠎ᠠ ᠦᠯᠡᠳᠡᠭᠰᠡᠨ  ᠡᠳ᠋ ᠪᠣᠳᠠᠰ ᠪᠠᠰᠠ ᠪᠣᠢ᠂  ᠬᠣᠢᠨ᠎ᠠ ᠨᠢ ᠪᠠᠰᠠ ᠨᠢᠭᠡᠨ ᠤᠳᠠᠭ᠎ᠠ ᠱᠠᠩᠨᠠᠭᠰᠠᠨ ᠳ᠋ᠤᠷ ᠮᠥᠨ ᠪᠠᠷᠠᠭᠰᠠᠨ ᠦᠭᠡᠢ ᠲᠤᠯᠠ ᠬᠥᠶᠦᠭ ᠬᠠᠭᠠᠨ ᠵᠠᠷᠯᠢᠭ ᠪᠠᠭᠤᠯᠭᠠᠨ ᠪᠤᠯᠢᠶᠠᠯᠲᠤᠭᠤᠯᠤᠨ  ᠥᠭᠪᠡᠢ ᠭᠡᠵᠡᠢ᠃ 
⑤ ᠰᠢᠷᠣᠢ ᠪᠡᠴᠢᠨ ᠵᠢᠯ ᠄ ᠳᠠᠷᠤᠢ ᠰᠢᠷ᠎ᠠ ᠪᠢᠴᠢᠨ ᠵᠢᠯ ᠂ ᠣᠨ ᠲᠣᠭᠠᠯᠠᠯ ᠤ᠋ᠨ1248 ᠣᠨ᠃
⑥  ᠬᠠᠢᠮᠢᠰᠭᠠᠲᠤᠨ᠄  ᠬᠠᠢᠮᠢᠱᠢ ᠬᠠᠲᠤᠨ ᠃ 《 资治通鉴纲目续编 》 ( ᠮᠣᠩᠭᠣᠯ ᠤ᠋ᠨ ᠲᠡᠦᠬᠡᠴᠢᠨ ᠨᠠᠷ 《 ᠭᠠᠩ ᠮᠦ᠍ 》 ᠭᠡᠮᠡᠨ ᠥᠭᠦᠯᠡᠳᠡᠭ ) ᠲᠦ᠍《 ᠰᠢᠷ᠎ᠠ ᠪᠢᠴᠢᠨ  ᠵᠢᠯ ᠦ᠋ᠨ ᠬᠠᠪᠤᠷ ᠤ᠋ᠨ ᠭᠤᠷᠪᠠᠨ ᠰᠠᠷ᠎ᠠ ᠮᠣᠩᠭᠣᠯ ᠤ᠋ᠨ ᠡᠵᠡᠨ ᠬᠥᠶᠦᠭ ᠨᠠᠰᠤ ᠪᠠᠷᠠᠵᠤ ᠬᠠᠢᠮᠢᠱᠢ ᠲᠥᠷᠥ ᠪᠠᠷᠢᠪᠠ 》 ᠡᠨᠡ ᠨᠢ ᠳᠠᠷᠤᠢ  1248 ᠣᠨ ᠪᠣᠯᠤᠨ᠎ᠠ ᠃ ᠮᠥᠩᠬᠡ ᠬᠠᠭᠠᠨ ᠰᠠᠭᠤᠷᠢᠨ ᠢ᠋ ᠵᠠᠯᠭᠠᠮᠵᠢᠯᠠᠭᠰᠠᠨ ᠨᠢ 1251 ᠣᠨ ᠶᠤᠮ᠃ ᠡᠨᠡ ᠬᠣᠭᠣᠷᠣᠨᠳᠣ ᠬᠠᠢᠮᠢᠱᠢ ᠬᠠᠲᠤᠨ ᠪᠠᠢᠵᠠᠢ᠃ ᠬᠠᠢᠮᠢᠱᠢ ᠬᠠᠲᠤᠨ ᠪᠣᠯ ᠣᠢᠷᠠᠳ ᠤ᠋ᠨ ᠬᠤᠲᠤᠬ᠎ᠠ ᠪᠢᠬᠢ ᠶ᠋ᠢᠨ ᠥᠬᠢᠨ ᠶᠦ᠍ᠮ᠃ ᠮᠣᠩᠭᠣᠯ ᠤ᠋ᠨ ᠲᠡᠦᠬᠡᠨ ᠰᠤᠷᠪᠤᠯᠵᠢ ᠪᠢᠴᠢᠭ ᠲᠦ᠍ ᠬᠠᠲᠤᠨ ᠨᠠᠷ ᠤ᠋ᠨ ᠲᠥᠷᠥ ᠪᠠᠷᠢᠭᠰᠠᠨ ᠲᠤᠬᠠᠢ ᠪᠠᠷᠤᠭ ᠳᠣᠷᠠᠳᠣᠳᠠᠭ ᠦᠭᠡᠢ ᠶᠦ᠍ᠮ᠃《ᠭᠠᠩᠭ᠎ᠠ ᠶ᠋ᠢᠨ ᠤᠷᠤᠰᠬᠠᠯ 》 ᠳ᠋ᠤ᠌ ᠮᠣᠩᠭᠣᠯ ᠬᠠᠲᠤᠳ ᠤ᠋ᠨ ᠲᠥᠷᠥ ᠪᠠᠷᠢᠭᠰᠠᠨ ᠬᠤᠭᠤᠴᠠᠭ᠎ᠠ ᠵᠢᠯ ᠢ᠋ ᠪᠦᠷ ᠭᠡᠭᠡᠭᠳᠡᠯ ᠦᠭᠡᠢ ᠳᠤᠷᠠᠳᠤᠭᠰᠠᠨ ᠨᠢ ᠶᠡᠬᠡ ᠰᠣᠨᠢᠷᠬᠠᠯ ᠲᠠᠢ ᠶᠤᠮ ᠃ 

ᠭᠠᠩᠬ᠋᠎ᠠ ᠶ᠋ᠢᠨ ᠤᠷᠤᠰᠬᠠᠯ ( ᠪᠦᠬᠦ ᠨᠣᠮ ) Гангын урсгал ( бүх ном )