ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ < ᠠᠩᠬᠠᠨ ᠤ ᠪᠦᠯᠦᠭ –1 > Гангын урсгал – Чингис  эзний алтан ургийн түүх  Канкны урсгал нэрт бичиг о ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ < ᠠᠩᠬᠠᠨ ᠤ ᠪᠦᠯᠦᠭ –1 > Гангын урсгал – Чингис  эзний алтан ургийн түүх  Канкны урсгал нэрт бичиг о

ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ < ᠠᠩᠬᠠᠨ ᠤ ᠪᠦᠯᠦᠭ –1 > Гангын урсгал – Чингис  эзний алтан ургийн түүх  Канкны урсгал нэрт бичиг о

ᠠᠩᠭᠢᠯᠠᠯ:ᠲᠡᠦᠬᠡ ᠰᠣᠶᠣᠯ
2023-04-12

561

ᠴᠢᠩᠭᠢᠰ ᠡᠵᠡᠨ  ᠦ᠌ ᠠᠯᠲᠠᠨ ᠤᠷᠤᠭ  ᠤ᠋ᠨ ᠲᠡᠦᠬᠡ ᠺᠡᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ

ᠠᠩᠬᠠᠨ ᠤ ᠪᠦᠯᠦᠭ – 1


    ᠬᠢᠶᠦᠳ  ᠶᠠᠰᠤᠲᠠᠨ ① ᠤ᠋ ᠠᠯᠲᠠᠨ ᠤᠷᠤᠭ ᠤ᠋ᠨ ᠤᠭ ᠦᠨᠳᠦᠰᠦᠨ ᠊ᠢ ᠵᠠᠷᠢᠮ ᠰᠤᠳᠤᠷ ᠲᠤᠷ  ᠡᠨᠡᠳᠬᠡᠭ  ᠲᠥᠪᠡᠳ ᠦ᠋ᠨ ᠬᠠᠳ ᠯᠤᠭ᠎ᠠ  ᠴᠢᠬᠤᠯᠠ ᠪᠠᠷᠢᠯᠳᠤᠭᠤᠯᠤᠭᠰᠠᠨ ᠪᠣᠢ ᠪᠣᠯᠪᠠᠴᠤ ᠃ ᠪᠣᠲᠠᠨᠴᠠᠷ ᠡᠵᠡᠨ ② ᠲᠩᠷᠢ ᠳ᠋ᠠᠴᠠ  ᠵᠠᠶᠠᠭᠠᠳᠠᠭᠰᠠᠨ ᠤ᠋ ᠲᠤᠯᠠ  ᠂ ᠳᠣᠪᠣ ᠮᠡᠷᠭᠡᠨ ᠦ᠌ ᠡᠦᠲᠦᠮ  ᠊ᠢ ᠲᠠᠲᠠᠬᠤ ᠬᠡᠷᠡᠭ  ᠦᠭᠡᠢ  ᠂ ᠬᠠᠮᠤᠭ ᠊ᠢ  ᠮᠡᠳᠡᠭᠴᠢ ᠲᠠᠪᠤᠳᠤᠭᠠᠷ ᠳᠡᠯᠢ ᠪᠯᠠᠮ᠎ᠠ ③ ᠲᠡᠷᠢᠭᠦᠲᠡᠨ ᠶᠡᠬᠡ ᠮᠡᠷᠭᠡᠳ  ᠴᠦ᠍  ᠨᠣᠮᠠᠯᠵᠣᠬᠣᠢ᠂  ᠲᠡᠢᠮᠦ ᠶ᠋ᠢᠨ ᠲᠤᠯᠠ  ᠃ 

— — — — 
① ᠬᠠᠲᠠᠭᠢᠨ ᠂ ᠰᠠᠯᠴᠢᠭᠤᠳ ᠂ ᠪᠣᠷᠵᠢᠭᠢᠨ ᠭᠤᠷᠪᠠᠨ ᠣᠪᠣᠭᠲᠠᠨ ᠊ᠢ  ᠬᠢᠶᠦᠳ ᠶᠠᠰᠤᠲᠠᠨ ᠭᠡᠨ᠎ᠡ ᠂ ᠪᠠᠰᠠ  ᠬᠢᠶᠦᠳ  ᠠᠢᠮᠠᠭ ᠭᠡᠳᠡᠭ ᠂ ᠬᠣᠵᠢᠮ ᠤ᠋ᠨ ᠮᠣᠩᠭᠣᠯ  ᠠᠢᠮᠠᠭ ᠪᠣᠯᠤᠨ᠎ᠠ ᠃ 
② ᠴᠢᠩᠭᠢᠰ ᠬᠠᠭᠠᠨ ᠤ᠋ ᠠᠷᠪᠠᠳᠤᠭᠠᠷ ᠦᠶ᠎ᠡ ᠶ᠋ᠢᠨ ᠡᠪᠦᠭᠡ ᠃ 《ᠮᠣᠩᠭᠣᠯ ᠬᠠᠳ ᠤ᠋ᠨ ᠤᠭ ᠤ᠋ᠨ ᠪᠢᠴᠢᠭ ᠠᠯᠲᠠᠨ ᠡᠷᠢᠭᠡ 》 ᠳ᠋ᠦ᠍ ᠪᠣᠲᠠᠨᠴᠠᠷ ᠤ᠋ᠨ  ᠲᠥᠷᠥᠭᠰᠡᠨ ᠣᠨ ᠵᠢᠯ ᠊ᠢ 《 ᠪᠣᠲᠠᠨᠴᠠᠷ ᠤ᠋ᠨ  ᠲᠥᠷᠥᠭᠰᠡᠨ ᠵᠢᠯ ᠢᠨᠤ ᠰᠥᠩ ᠤᠯᠤᠰ ᠤ᠋ᠨ ᠳᠠᠢᠵᠤ ( ᠲᠠᠢᠽᠦ ) ᠬᠤ᠌ ᠪᠤᠤ (开宝 )  ᠬᠡᠮᠡᠭᠰᠡᠨ ᠭᠤᠷᠪᠠᠳᠤᠭᠠᠷ ᠣᠨ ᠤᠯᠠᠭᠠᠨ ᠮᠣᠷᠢᠨ ᠵᠢᠯ 》 ᠭᠡᠵᠡᠢ ᠃ ᠡᠨᠡ ᠨᠢ ᠣᠨ ᠲᠣᠭᠠᠯᠠᠯ ᠤ᠋ᠨ970 ᠣᠨ ᠪᠣᠯᠬᠤ ᠶᠤᠮ ᠃ 
③  ᠲᠠᠪᠤᠳᠤᠭᠠᠷ ᠳᠠᠯᠠᠢ ᠯᠠᠮᠠ᠄ ᠨᠡᠷ᠎ᠡ ᠯᠣᠪᠰᠠᠩᠵᠠᠮᠰᠤ (1617︱1682 ) ᠃  ᠣᠳᠣ ᠶ᠋ᠢᠨ ᠡᠮᠦᠨ᠎ᠡ ᠲᠥᠪᠡᠳ ᠲᠦ᠍ ᠮᠡᠨᠳᠦᠯᠡᠵᠡᠢ ᠃1637 ᠣᠨ ᠳ᠋ᠤ᠌ ᠬᠣᠱᠤᠳ ᠮᠣᠩᠭᠣᠯ ᠤ᠋ᠨ ᠭᠦᠦᠰᠢ ᠬᠠᠭᠠᠨ ( ᠲᠥᠷᠥ  ᠪᠠᠢᠬᠤ ) ᠴᠡᠷᠢᠭ  ᠳᠠᠢᠴᠢᠯᠠᠨ ᠲᠥᠪᠡᠳ ᠲᠦ᠍ ᠴᠣᠬᠢᠨ ᠣᠷᠣᠭᠰᠠᠨ ᠠ᠋ᠴᠠ  ᠬᠣᠢᠰᠢ ᠲᠠᠪᠤᠳᠤᠭᠠᠷ ᠳᠠᠯᠠᠢ ᠯᠠᠮᠠ ᠶ᠋ᠢᠨ ᠵᠠᠰᠠᠭ ᠲᠤ᠌ ᠲᠤᠰᠠᠯᠠᠪᠠ᠃ 1652 ᠣᠨ ᠳ᠋ᠤ᠌ ᠳᠠᠯᠠᠢ ᠯᠠᠮᠠ ᠂ ᠪᠠᠨᠴᠢᠨ ᠂ ᠭᠦᠦᠰᠢ ᠬᠠᠭᠠᠨ ᠭᠤᠷᠪᠠ  ᠵᠥᠪᠳᠡᠯᠴᠡᠭᠰᠡᠨ ᠦ᠌ ᠦᠷ᠎ᠡ ᠳ᠋ᠦ᠋ᠩ ᠳ᠋ᠦ᠍ ᠲᠠᠪᠤᠳᠤᠭᠠᠷ ᠳᠠᠯᠠᠢ ᠯᠠᠮᠠ ᠪᠡᠭᠡᠵᠢᠩ ᠳ᠋ᠦ᠍ ᠢᠷᠡᠵᠦ ᠮᠠᠨᠵᠤ ᠴᠢᠩ ᠦ᠋ᠨ ᠬᠠᠭᠠᠨ ᠲᠠᠢ ᠠᠭᠤᠯᠵᠠᠨ ᠳᠠᠷᠠᠭ᠎ᠠ ᠵᠢᠯ ᠨᠢ ᠲᠥᠪᠡᠳ ᠲᠡᠭᠡᠨ ᠪᠤᠴᠠᠵᠠᠢ ᠃ ᠲᠠᠪᠤᠳᠤᠭᠠᠷ ᠳᠠᠯᠠᠢ ᠯᠠᠮᠠ ᠲᠡᠭᠦᠨ ᠦ᠌ ᠰᠡᠭᠦᠯᠴᠢ ᠶ᠋ᠢᠨ ᠦᠶ᠎ᠡ ᠳ᠋ᠡᠭᠡᠨ ᠨᠡᠯᠢᠶᠡᠳ ᠣᠯᠠᠨ ᠪᠤᠷᠬᠠᠨ ᠱᠠᠰᠢᠨ ᠤ᠋ ᠲᠤᠬᠠᠢ ᠨᠣᠮ ᠵᠣᠬᠢᠶᠠᠯ ᠪᠢᠴᠢᠵᠡᠢ ᠃ 
 
     ᠲᠡᠢ ᠶᠤᠸᠠᠨ ① ᠤᠯᠤᠰ ᠤ᠋ᠨ ᠭᠣᠣᠯ ᠰᠤᠳᠤᠷ ᠊ᠢ ᠳᠠᠭᠠᠵᠤ ᠤᠭ ᠦᠶ᠎ᠡ ᠶ᠋ᠢ ᠲᠣᠪᠴᠢᠯᠠᠨ  ᠲᠤᠬᠤᠯᠪᠠᠰᠤ ᠃ ᠶᠡᠬᠡ ᠰᠢᠳᠢᠲᠦ  ᠯᠠᠬᠴᠢ ᠳᠣᠷᠵᠢ ᠶ᠋ᠢᠨ ᠳᠣᠮᠣᠭ ᠲᠤᠷ  ᠃ ᠤᠰᠤᠨ ᠤ᠋ ᠡᠬᠢ ᠴᠠᠰᠤᠨ ᠠ᠋ᠴᠠ ᠪᠠᠭᠤᠭᠰᠠᠨ ᠂  ᠬᠥᠮᠦᠨ ᠦ᠌ ᠤᠳᠤᠮ ᠲᠩᠷᠢ ᠡᠴᠡ ᠰᠠᠯᠤᠭᠰᠠᠨ ᠭᠡᠮᠡᠨ ᠨᠣᠮᠯᠠᠭᠰᠠᠨ ᠴᠢᠯᠡᠨ ᠃ ᠪᠠ ᠪᠦᠷᠢᠨ ②  ᠨᠡᠭᠦᠬᠦ ᠪᠢ ᠲᠠ ᠤᠯᠤᠰ ③ ᠲᠤᠷ  ᠂ ᠪᠠᠰᠠ ᠵᠠᠳ᠋ ᠤᠯᠤᠰ ᠬᠡᠮᠡᠮᠦ ᠡᠨᠡᠳᠬᠡᠭ ᠦ᠋ᠨ ᠬᠦᠷᠳᠦᠨ ᠣᠷᠴᠢᠭᠤᠯᠤᠭᠴᠢ ᠬᠠᠭᠠᠨ ᠤ᠋ ᠦᠷ᠎ᠡ ᠂ ᠲᠥᠪᠡᠳ ᠤᠨ 

 — — — — 
① ᠲᠡᠢ ᠶᠤᠸᠠᠨ᠄  ᠮᠣᠩᠭᠣᠯ ᠰᠤᠷᠪᠤᠯᠵᠢ  ᠪᠢᠴᠢᠭ ᠦ᠋ᠳ ᠲᠦ᠍ 《大元 》 ᠭᠡᠰᠡᠨ ᠊ᠢ  ᠲᠠᠢᠶᠤᠸᠠᠨ ᠂ ᠲᠠᠢ ᠶᠤᠸᠠᠨ ᠭᠡᠵᠦ ᠪᠢᠴᠢᠳᠡᠭ ᠃ 
② ᠪᠠ ᠪᠦᠷᠢᠨ ᠄ ᠪᠢᠳᠡ ᠪᠦᠬᠦᠨ ᠃ 
③ ᠮᠣᠩᠭᠣᠯ ᠤ᠋ᠨ ᠡᠷᠲᠡᠨ ᠦ᠌ ᠰᠤᠷᠪᠤᠯᠵᠢ ᠪᠢᠴᠢᠭ ᠲᠦ᠍ ᠂ ᠪᠥᠷᠲᠡ ᠴᠢᠨᠣ᠎ᠠ ᠲᠠᠩᠭᠢᠰ ᠳᠠᠯᠠᠢ ᠶ᠋ᠢ ᠭᠡᠲᠦᠯᠵᠦ  ᠪᠢᠳᠡ ᠬᠡᠮᠡᠬᠦ ᠨᠡᠷᠡᠲᠦ ᠭᠠᠵᠠᠷ   ᠢᠷᠡᠭᠡᠳ ᠪᠢᠳᠡ ᠤᠯᠤᠰ ᠤ᠋ᠨ ᠬᠠᠭᠠᠨ ᠰᠠᠭᠤᠪᠠ ᠭᠡᠵᠦ ᠲᠡᠮᠳᠡᠭᠯᠡᠭᠰᠡᠨ  ᠪᠠᠢᠳᠠᠭ ᠃  ᠡᠨᠡᠬᠦ 《 ᠪᠢᠳᠡ ᠤᠯᠤᠰ 》 ᠤ᠋ᠨ ᠲᠤᠬᠠᠢ  ᠡᠷᠳᠡᠮᠲᠡᠳ ᠠᠳᠠᠯᠢ ᠪᠤᠰᠤ ᠪᠠᠷ   ᠲᠠᠢᠯᠪᠤᠷᠢᠯᠠᠭᠰᠠᠨ  ᠪᠠᠢᠳᠠᠭ ᠃  ᠡᠭᠦᠨ ᠳ᠋ᠦ᠍ ᠵᠥᠪᠯᠡᠯᠲᠦ ᠬᠣᠯᠪᠣᠭᠠᠲᠤ ᠤᠯᠤᠰ ᠤ᠋ᠨ ᠡᠷᠳᠡᠮᠲᠡᠨ  ᠨ ᠂  ᠫᠠ‍᠂ ᠱᠠᠰᠲ᠋ᠢᠨᠤᠢ 《 ᠠᠷᠪᠠᠨ ᠳᠣᠯᠣᠳᠤᠭᠠᠷ ᠵᠠᠭᠤᠨ ᠤ᠋ ᠮᠣᠩᠭᠣᠯ ᠤ᠋ᠨ ᠲᠡᠦᠬᠡᠨ ᠵᠣᠬᠢᠶᠠᠯ ᠰᠢᠷ᠎ᠠ ᠲᠣᠭᠣᠵᠢ 》 (1957 ᠣᠨ ᠤ᠋ ᠂ ᠮᠣᠰᠺᠸᠠ ᠯᠧᠨᠢᠩᠷᠠᠳ᠋ ) ᠭᠡᠳᠡᠭ ᠨᠣᠮ ᠤ᠋ᠨ ᠳᠠᠶᠢᠯᠯᠭ᠎ᠠ 15 ᠳ᠋ᠤ᠌《 ᠪᠢᠳᠡ ᠤᠯᠤᠰ 》 ᠭᠡᠰᠡᠨ ᠊ᠢ ᠲᠥᠪᠡᠳ ᠬᠡᠯᠡ ᠳᠡᠭᠡᠷ᠎ᠡ ᠪᠢᠴᠢᠭᠳᠡᠭᠰᠡᠨ ᠨᠢᠭᠡ ᠵᠣᠬᠢᠶᠠᠯ ᠳ᠋ᠤ᠌ ᠮᠣᠩᠭᠣᠯᠴᠤᠳ ᠊ᠢ 《 ᠲᠡᠳᠡᠨᠡᠷпэ —дэ ᠭᠡᠳᠡᠭ ᠨᠡᠷᠡᠲᠡᠢ ᠭᠠᠵᠠᠷ ᠣᠷᠣᠰᠢᠨ ᠰᠠᠭᠤᠳᠠᠭ 》 ᠭᠡᠵᠦ ᠲᠡᠮᠳᠡᠭᠯᠡᠵᠦ  ᠪᠠᠢᠭᠰᠠᠨ  ᠪᠠ ᠡᠨᠡ ᠨᠢ ᠬᠢᠲᠠᠳ ᠤ᠋ᠨ 《北狄 》 ᠭᠡᠰᠡᠨ  ᠨᠡᠷᠡᠢᠳᠦᠯ ᠦ᠋ᠨ ᠬᠠᠯᠭᠠᠭᠤ ᠳᠠᠭᠤᠳᠠᠯᠭ᠎ᠠ ᠪᠣᠯᠬᠤ ᠶᠤᠮ ᠂ ᠡᠭᠦᠨ ᠊ᠢ ᠮᠣᠩᠭᠣᠯᠴᠤᠳ ᠬᠡᠷᠡᠭᠯᠡᠭᠰᠡᠨ  ᠪᠠᠢᠨ᠎ᠠ ᠭᠡᠵᠦ ᠦᠵᠡᠵᠡᠢ ᠃ ᠲᠥᠪᠡᠳ ᠬᠡᠯᠡ ᠰᠠᠢᠨ ᠮᠡᠳᠡᠳᠡᠭ ᠲᠡᠦᠬᠡᠴᠢ ᠢᠨᠵᠠᠨᠨᠠᠰᠢ 《 ᠬᠥᠬᠡ ᠰᠤᠳᠤᠷ 》 ᠲᠠᠭᠠᠨ 《 ᠪᠧᠲ᠋ᠠ᠋  ᠤᠯᠤᠰ 》 ᠭᠡᠵᠦ ᠲᠥᠪᠡᠳ ᠦᠰᠦᠭ ᠦ᠋ᠨ ᠠᠶᠠᠯᠭᠤ ᠪᠠᠷ ᠲᠡᠮᠳᠡᠭᠯᠡᠭᠰᠡᠨ ᠪᠠ ᠭᠣᠮᠪᠣᠵᠠᠪ ᠡᠨᠳᠡ 《 ᠪᠢ ᠲᠠ 》 ᠭᠡᠵᠦ ᠪᠢᠴᠢᠭᠡᠳ ᠲᠠᠯ᠎ᠠ ᠳ᠋ᠤᠨᠢ ᠣᠨᠴᠣᠭᠣᠢᠯᠠᠨ ᠲᠥᠪᠡᠳ ᠦᠰᠦᠭ ᠢ᠋ᠶ᠋ᠡᠷ ᠳᠠᠭᠤᠳᠠᠯᠭ᠎ᠠ ᠶ᠋ᠢ ᠨᠢ ᠬᠠᠲᠠᠭᠰᠠᠨ  ᠪᠠᠢᠨ᠎ᠠ᠃ ᠡᠨᠡ ᠬᠣᠶᠠᠷ ᠲᠥᠪᠡᠳ ᠬᠡᠯᠡ ᠰᠠᠢᠨ ᠮᠡᠳᠡᠳᠡᠭ ᠲᠡᠦᠬᠡᠴᠢ ᠶ᠋ᠢᠨ ᠦᠯᠡᠳᠡᠭᠡᠭᠰᠡᠨ ᠲᠡᠮᠳᠡᠭᠯᠡᠯ ᠨᠢ ᠡᠷᠳᠡᠮᠲᠡᠨ ᠨ ᠂  ᠫᠠ‍ ᠂ ᠱᠠᠰᠲ᠋ᠢᠨᠤᠢ ᠶ᠋ᠢᠨ  ᠲᠠᠢᠯᠤᠯᠭ᠎ᠠ ᠵᠥᠪ ᠵᠦᠭ ᠣᠢᠷᠠᠲᠤᠯ᠎ᠠ ᠭᠡᠰᠡᠨ ᠊ᠢ ᠪᠠᠰᠠ ᠨᠢᠭᠡᠨ ᠲᠠᠯ᠎ᠠ ᠪᠠᠷ ᠬᠠᠷᠠᠭᠤᠯᠵᠤ  ᠪᠠᠢᠬᠤ ᠮᠡᠲᠦ ᠪᠠᠢᠨ᠎ᠠ ᠃ 

ᠬᠠᠳ ᠠ᠋ᠴᠠ ᠰᠠᠯᠤᠭᠰᠠᠨ ᠂ ᠪᠣᠷᠵᠢᠭᠢᠳ ᠶᠠᠰᠤᠲᠠᠨ ᠤ᠋ ᠳᠣᠪᠣ ᠮᠡᠷᠭᠡᠨ ① ᠬᠡᠮᠡᠭᠳᠡᠬᠦ ᠶ᠋ᠢᠨ ᠠᠯᠤᠨ  ᠭᠤᠸ᠎ᠠ ᠬᠠᠲᠤᠨ ᠪᠥᠯᠥᠭᠡ ᠃ ᠨᠤᠢᠷᠰᠠᠬᠤ ᠪᠦᠷᠢ ᠂  

— — — — 
① ᠡᠨᠳᠡ ᠪᠣᠷᠵᠢᠭᠢᠳ ᠶᠠᠰᠤᠲᠠᠨ ᠳᠣᠪᠣ ᠮᠡᠷᠭᠡᠨ ᠦ᠌ ᠡᠦᠲᠦᠮ ᠊ᠢ 《ᠡᠨᠡᠳᠬᠡᠭ ᠲᠥᠪᠡᠳ ᠦ᠋ᠨ ᠬᠠᠳ ᠠ᠋ᠴᠠ ᠰᠠᠯᠤᠭᠰᠠᠨ 》 ᠭᠡᠵᠦ ᠲᠡᠮᠳᠡᠭᠯᠡᠵᠡᠢ ᠃ ᠡᠨᠡ ᠪᠣᠯ ᠲᠡᠦᠬᠡ ᠶ᠋ᠢᠨ ᠪᠣᠳᠠᠲᠤ ᠬᠡᠷᠡᠭ ᠲᠡᠢ ᠡᠰᠡ  ᠨᠡᠢᠴᠡᠬᠦ ᠬᠡᠢ ᠳᠡᠮᠡᠢ ᠶᠠᠷᠢᠶ᠎ᠠ ᠥᠭᠦᠯᠡᠯ  ᠶᠦ᠍ᠮ ᠃ ᠯᠢᠦ ᠶ᠋ᠢᠨ ᠰᠦᠸᠧ ᠨᠥᠬᠥᠷ ᠦ᠋ᠨ ᠲᠡᠭᠦᠨ ᠦ᠌ 《ᠠᠷᠪᠠᠨ ᠭᠤᠷᠪᠠ —  ᠠᠷᠪᠠᠨ ᠳᠣᠯᠣᠳᠤᠭᠠᠷ ᠵᠠᠭᠤᠨ ᠤ᠋ ᠮᠣᠩᠭᠣᠯ ᠤ᠋ᠨ ᠲᠡᠦᠬᠡ ᠪᠢᠴᠢᠯᠭᠡ 》 ᠭᠡᠬᠦ ᠨᠣᠮ ᠳ᠋ᠠᠭᠠᠨ ᠡᠨᠡᠬᠦ ᠬᠡᠢ ᠦᠵᠡᠯ ᠦ᠋ᠨ ᠢᠷᠡᠯᠲᠡ ᠶ᠋ᠢᠨ ᠲᠤᠬᠠᠢ ᠰᠢᠨᠵᠢᠯᠡᠭᠡᠨ ᠬᠢᠵᠦ  ᠥᠭᠦᠯᠡᠭᠰᠡᠨ ᠨᠢ᠄ 《 ᠡᠨᠡᠳᠬᠡᠭ ᠲᠥᠪᠡᠳ ᠡᠴᠡ ᠦᠨᠳᠦᠰᠦᠯᠡᠭᠰᠡᠨ ᠭᠡᠳᠡᠭ ᠦᠵᠡᠯ ᠊ᠢ ᠠᠩᠬ᠎ᠠ ᠲᠡᠷᠢᠭᠦᠨ᠎ᠡ  ᠫᠡᠭᠰᠪᠡ ᠯᠠᠮᠠ ᠳᠤᠷᠠᠳᠤᠨ ᠭᠠᠷᠭᠠᠵᠠᠢ ᠃ ᠫᠡᠭᠰᠪᠡ ᠯᠠᠮᠠ ᠶ᠋ᠢᠨ ᠡᠨᠡᠬᠦ ᠦᠵᠡᠯ ᠊ᠢ < ᠤᠳᠬ᠎ᠠ ᠳ᠋ᠤ᠌ ᠴᠢᠬᠤᠯᠠ ᠬᠡᠷᠡᠭᠯᠡᠭᠴᠢ ᠬᠡᠮᠡᠬᠦ ᠰᠤᠳᠤᠷ > ᠲᠤ᠌ ᠲᠡᠮᠳᠡᠭᠯᠡᠵᠦ ᠪᠣᠢ ᠃ ᠫᠡᠭᠰᠪᠡ ᠯᠠᠮᠠ ᠂ ᠯᠠᠮᠠ ᠶ᠋ᠢᠨ ᠱᠠᠰᠢᠨ ᠊ᠢ ᠮᠣᠩᠭᠣᠯ ᠤ᠋ᠨ ᠬᠠᠳ ᠲᠦᠰᠢᠮᠡᠳ ᠲᠦ᠍ ᠰᠢᠲᠦᠭᠦᠯᠬᠦ ᠶ᠋ᠢᠨ ᠲᠥᠯᠥᠭᠡ ᠮᠣᠩᠭᠣᠯ ᠤ᠋ᠨ ᠬᠠᠳ ᠪᠣᠯ ᠡᠷᠭᠢᠨ ᠪᠣᠳᠢᠰᠤᠩ ᠨᠠᠷᠤᠨ ᠲᠥᠷᠥᠯᠲᠡᠨ — ᠡᠨᠡᠳᠬᠡᠭ ᠲᠥᠪᠡᠳ ᠡᠴᠡ ᠦᠨᠳᠦᠰᠦᠯᠡᠭᠰᠡᠨ ᠭᠡᠵᠦ ᠥᠭᠦᠯᠡᠭᠰᠡᠨ ᠪᠠᠢᠨ᠎ᠠ᠃ ᠭᠡᠪᠡᠴᠦ ᠫᠡᠭᠰᠪᠡ ᠯᠠᠮᠠ ᠶ᠋ᠢᠨ ᠡᠨᠡ ᠦᠵᠡᠯ ᠨᠢ ᠲᠤᠬᠠᠢ ᠶ᠋ᠢᠨ ᠦᠶ᠎ᠡ ᠳ᠋ᠦ᠍ ᠵᠥᠪᠬᠡᠨ ᠬᠠᠭᠠᠨ ᠣᠷᠳᠣᠨ ᠪᠤᠶᠤ ᠳᠡᠭᠡᠳᠦ ᠳᠠᠪᠬᠤᠷᠭᠠᠲᠠᠨ ᠤ᠋ ᠳᠤᠮᠳᠠ ᠯᠠ  ᠳᠡᠯᠭᠡᠷᠡᠭᠰᠡᠨ ᠡᠴᠡ ᠪᠢᠰᠢ ᠂  ᠨᠡᠢᠭᠡᠮ ᠨᠡᠢᠲᠡ ᠳ᠋ᠦ᠍ ᠳᠡᠯᠭᠡᠷᠡᠭᠰᠡᠨ ᠦᠭᠡᠢ  ᠪᠠᠢᠯ᠎ᠠ ᠃ ᠮᠥᠨ ᠲᠡᠭᠦᠨᠴᠢᠯᠡᠨ ᠲᠡᠦᠬᠡ ᠶ᠋ᠢᠨ ᠤᠬᠠᠭᠠᠨ ᠳ᠋ᠤ᠌ ᠴᠤ᠌ ᠨᠣᠶᠠᠷᠬᠠᠬᠤ  ᠪᠠᠢᠷᠢ ᠶ᠋ᠢ ᠡᠵᠡᠯᠡᠭᠡᠳᠦᠢ  ᠪᠠᠢᠵᠠᠢ ᠃ ᠠᠷᠪᠠᠨ ᠲᠠᠪᠤᠳᠤᠭᠠᠷ ᠵᠠᠭᠤᠨ ᠤ᠋ ᠦᠶ᠎ᠡ ᠳ᠋ᠦ᠍  ᠪᠢᠴᠢᠭᠳᠡᠭᠰᠡᠨ ᠮᠣᠩᠭᠣᠯ ᠤ᠋ᠨ ᠲᠡᠦᠬᠡ 《ᠬᠥᠬᠡ ᠰᠤᠳᠤᠷ 》 ᠲᠤ᠌ ᠮᠣᠩᠭᠣᠯ ᠤ᠋ᠨ ᠳᠡᠭᠡᠳᠦᠰ ᠪᠣᠯ ᠪᠥᠷᠲᠡ ᠴᠢᠨᠣ᠎ᠠ ᠭᠡᠵᠦ  ᠪᠢᠴᠢᠭᠰᠡᠨ ᠡᠴᠡ ᠪᠢᠰᠢ ᠂ ᠲᠡᠭᠦᠨ ᠊ᠢ ᠡᠨᠡᠳᠬᠡᠭ ᠂ ᠲᠥᠪᠡᠳ ᠦ᠋ᠨ ᠭᠠᠷᠤᠯ ᠲᠠᠢ ᠭᠡᠵᠦ  ᠪᠢᠴᠢᠭᠰᠡᠨ ᠦᠭᠡᠢ ᠃ ᠠᠷᠪᠠᠨ ᠵᠢᠷᠭᠤᠳᠤᠭᠠᠷ ᠵᠠᠭᠤᠨ ᠤ᠋ ᠰᠡᠭᠦᠯᠴᠢ ᠦᠶ᠎ᠡ ᠂ ᠪᠤᠷᠬᠠᠨ ᠱᠠᠰᠢᠨ ᠮᠣᠩᠭᠣᠯ ᠣᠷᠣᠨ ᠳ᠋ᠤ᠌ ᠳᠡᠯᠭᠡᠷᠡᠨ ᠂ ᠮᠣᠩᠭᠣᠯ ᠤ᠋ᠨ ᠣᠶᠤᠲᠠᠨ ᠰᠡᠬᠡᠭᠡᠲᠡᠨ ᠨᠠᠷ ᠴᠤ᠌ ᠪᠤᠷᠬᠠᠨ ᠤ᠋ ᠨᠣᠮ ᠰᠤᠷᠴᠤ ᠂ ᠪᠤᠷᠬᠠᠨ ᠤ᠋ ᠱᠠᠰᠢᠨ ᠊ᠢ ᠰᠢᠲᠦᠳᠡᠭ ᠪᠣᠯᠪᠠ ᠃ ᠮᠣᠩᠭᠣᠯ ᠤ᠋ᠨ ᠲᠡᠦᠬᠡ ᠪᠢᠴᠢᠯᠭᠡ ᠴᠦ᠍ ᠪᠤᠷᠬᠠᠨ ᠤ᠋ ᠱᠠᠰᠢᠨ ᠳ᠋ᠤ᠌ ᠭᠦᠨ ᠶᠡᠬᠡ  ᠨᠥᠯᠥᠭᠡᠯᠡᠭᠳᠡᠪᠡ ᠃ ᠠᠷᠪᠠᠨ ᠳᠣᠯᠣᠳᠤᠭᠠᠷ ᠵᠠᠭᠤᠨ ᠠ᠋ᠴᠠ ᠡᠬᠢᠯᠡᠨ ᠂ ᠮᠣᠩᠭᠣᠯ ᠤ᠋ᠨ ᠲᠡᠦᠬᠡᠴᠢᠨ ᠮᠣᠩᠭᠣᠯ ᠤ᠋ᠨ ᠲᠡᠦᠬᠡ ᠶ᠋ᠢ ᠪᠢᠴᠢᠬᠦ ᠳ᠋ᠡᠭᠡᠨ ᠫᠡᠭᠰᠪᠡ ᠯᠠᠮᠠ ᠶ᠋ᠢᠨ ᠦᠵᠡᠯ ᠊ᠢ ᠪᠠᠷᠢᠮᠲᠠᠯᠠᠨ ᠡᠨᠡᠳᠬᠡᠭ  ᠲᠥᠪᠡᠳ  ᠮᠣᠩᠭᠣᠯ ᠤ᠋ᠨ ᠬᠠᠳ ᠪᠣᠯ ᠲᠤᠷᠤᠯ ᠨᠢᠭᠡ ᠲᠡᠢ ᠭᠡᠵᠦ ᠪᠢᠴᠢᠳᠡᠭ ᠪᠣᠯᠵᠠᠢ 》 (177 —178 ᠨᠢᠭᠤᠷ ) ᠭᠡᠪᠡ ᠃ 

ᠭᠡᠭᠡᠬᠡᠨ ᠭᠡᠷᠡᠯ ᠪᠡᠶ᠎ᠡ ᠳ᠋ᠦ᠍ᠷ ᠲᠤᠰᠤᠭᠰᠠᠨ① ᠢ᠋ᠶ᠋ᠠᠷ ᠱ‍ᠢᠯᠠᠲᠠᠭᠠᠯᠠᠵᠤ ᠂ ᠣᠤᠠᠬᠠᠨ ᠬᠥᠪᠡᠭᠦᠨ ᠃ ᠪᠣᠲᠠᠨᠴᠠᠷ ᠡᠵᠢᠨ ᠊ᠢ ᠮᠡᠨᠳᠦᠯᠡᠪᠡᠢ ᠃ ᠬᠡᠦᠬᠡᠨ ᠴᠠᠭ ᠠ᠋ᠴᠠᠭᠠᠨ ᠤᠰᠬᠠᠯ ᠨᠣᠮᠣᠬᠠᠨ ᠶᠡᠬᠡᠮᠰᠦᠭ ᠠᠯᠢᠪᠠ ᠦᠢᠯᠡᠰ ᠊ᠢ ᠬᠡᠷᠡᠭᠰᠡᠯ ᠦᠭᠡᠢ ᠤᠭᠲᠠᠭᠡᠷᠬᠦᠢ ᠳ᠋ᠦ᠍ᠷ ᠦᠯᠦ ᠠᠵᠢᠭᠯᠠᠬᠤ ᠤᠭᠲᠠᠭᠡᠷᠬᠦᠢ ᠬᠡᠮᠡᠮᠦᠢ ᠣᠯᠠᠩᠬᠢᠨ ᠲᠡᠨᠡᠭ ᠪᠣᠯᠭᠠᠨ ᠰᠠᠨᠠᠭᠠᠳ ᠃ ᠪᠣᠲᠠᠨᠴᠠᠷ ᠮᠤᠩᠬᠠᠭ ᠭᠡᠮᠡᠨ ᠨᠡᠷᠡᠢᠳᠪᠡᠢ ᠃ ᠥᠰᠦᠭᠰᠡᠨ ᠬᠣᠢᠨ᠎ᠠ ᠣᠨᠣᠯ᠂ ᠤᠬᠠᠭᠠᠨ ᠢᠨᠤ ᠬᠢᠵᠠᠭᠠᠯᠠᠰᠢ ᠦᠭᠡᠢ ᠃ ᠡᠷᠳᠡᠮ ᠢᠳᠡ ᠢᠨᠤ ᠦᠯᠡᠮᠵᠢ ᠲᠠᠰᠤᠷᠬᠠᠢ ᠪᠣᠯᠤᠭᠠᠳ ᠃ ᠪᠣᠷᠵᠢᠭᠢᠳ ᠶᠠᠰᠤᠲᠠᠨ ᠤ᠋ ᠠᠢᠮᠠᠭ ᠤ᠋ᠨ ᠨᠣᠶᠠᠨ ᠪᠣᠯᠤᠨ ᠡᠷᠭᠦᠭᠳᠡᠵᠦ ᠬᠢᠶᠦᠳ ᠶᠠᠰᠤᠲᠠᠨ ᠪᠣᠯᠪᠠᠢ ᠃ 
   ᠲᠡᠢᠨ ‍ᠬᠦ ᠶᠠᠰᠤᠲᠤ ᠪᠣᠷᠵᠢᠭᠢᠳ ᠣᠪᠣᠭᠲᠤ ᠬᠡᠮᠡᠵᠦ ᠪᠣᠲᠠᠨᠴᠠᠷ ᠡᠵᠢᠨ ᠦ᠌ ᠪᠠᠷᠢᠮ ᠰᠠᠷᠠᠲᠤ ᠬᠢᠭᠡᠳ ᠂  ᠬᠠᠪᠢᠴᠢ ᠬᠦᠯᠦᠭ ② ᠬᠡᠮᠡᠬᠦ ᠬᠥᠪᠡᠭᠦᠨ ᠡᠴᠡ ᠪᠡᠶ᠎ᠡ ᠢᠨᠤ ᠬᠠᠯᠢᠭᠰᠠᠨ ᠬᠣᠢᠨ᠎ᠠ ᠃  ᠪᠠᠭ᠎ᠠ ᠬᠥᠪᠡᠭᠦᠨ ᠬᠠᠪᠢᠴᠢ ᠬᠦᠯᠦᠭ ᠃ ᠰᠠᠭᠤᠷᠢᠨ ᠊ᠢ ᠵᠠᠯᠠᠬᠠᠮᠵᠢᠯᠠᠪᠠᠢ ᠃ ᠬᠦᠯᠦᠭ ᠡᠵᠡᠨ ᠬᠠᠯᠢᠭᠰᠠᠨ  ᠬᠣᠢᠨ᠎ᠠ  ᠂ ᠬᠥᠪᠡᠭᠦᠨ ᠢᠨᠤ ᠪᠠᠬᠢᠷ ᠪᠠᠬᠠᠲᠤᠷ ᠵᠠᠯᠬᠠᠮᠵᠢᠯᠠᠪᠠᠢ ᠃ ᠪᠠᠬᠠᠲᠤᠷ ᠡᠵᠡᠨ ᠦ᠌  ᠬᠣᠢᠨ᠎ᠠ ᠂ ᠬᠥᠪᠡᠭᠦᠨ ᠢᠨᠤ ᠮᠠᠭ᠎ᠠ ᠳᠤᠲᠠᠨ③ ᠵᠠᠯᠭᠠᠮᠵᠢᠯᠠᠪᠠᠢ ᠃ ᠮᠠᠭ᠎ᠠ 

— — — — 
① ᠡᠨᠡ ᠮᠡᠲᠦ 《 ᠭᠡᠷᠡᠯ ᠪᠡᠶ᠎ᠡ ᠳ᠋ᠦ᠍ᠷ ᠲᠤᠰᠤᠭᠰᠠᠨ ᠢ᠋ᠶ᠋ᠠᠷ ᠰᠢᠯᠲᠠᠭᠠᠯᠠᠬᠤ 》 ᠂ 《 ᠲᠩᠷᠢ ᠨᠠᠷᠠᠨ ᠊ᠢ ᠰᠢᠲᠦᠵᠦ ᠬᠥᠪᠡᠭᠦᠨ ᠲᠥᠷᠥᠬᠦ 》 ᠂ 《 ᠮᠥᠷ  ᠭᠢᠰᠬᠢᠭᠰᠡᠨ ᠢ᠋ᠶ᠋ᠡᠷ ᠵᠢᠷᠦᠮᠰᠦᠨ ᠪᠣᠯᠬᠤ 》 ᠭᠡᠬᠦ ᠮᠡᠲᠦ ᠶ᠋ᠢᠨ ᠰᠣᠨᠢᠨ  ᠭᠠᠢᠬᠠᠮᠰᠢᠭᠲᠤ ᠤᠯᠠᠮᠵᠢᠯᠠᠯ ᠶᠠᠷᠢᠶ᠎ᠠ ᠂ ᠮᠣᠩᠭᠣᠯ ᠬᠢᠲᠠᠳ ᠳᠣᠲᠣᠭᠠᠳᠤ ᠭᠠᠳᠠᠭᠠᠳᠤ ᠶ᠋ᠢᠨ ᠡᠷᠲᠡᠨ ᠦ᠌ ᠪᠢᠴᠢᠭ ᠰᠤᠳᠤᠷ ᠲᠤ᠌ ᠪᠦᠷ ᠬᠠᠷᠠᠭᠳᠠᠳᠠᠭ ᠶᠤᠮ ᠃ ᠡᠨᠡ ᠨᠢ ᠂  ᠪᠠᠢᠭᠠᠯᠢ ᠶ᠋ᠢ ᠡᠷᠬᠡᠨ ᠳ᠋ᠡᠭᠡᠨ ᠡᠰᠡ ᠣᠷᠣᠭᠤᠯᠵᠤ ᠴᠢᠳᠠᠭᠴᠢ ᠡᠷᠲᠡᠨ ᠦ᠌ ᠬᠥᠮᠦᠰ ᠦ᠋ᠨ 《 ᠪᠣᠭᠳᠠ ᠬᠥᠮᠦᠨ 》 ᠡᠨᠡ ᠳᠡᠯᠡᠬᠡᠢ ᠳᠡᠭᠡᠷ᠎ᠡ ᠮᠡᠨᠳᠦᠯᠡᠬᠦ ᠲᠤᠬᠠᠢ ᠪᠤᠷᠤᠭᠤ ᠦᠵᠡᠯᠲᠡ ᠲᠡᠳᠦᠢ ᠪᠣᠯᠠᠢ ᠃ 
② 《 ᠮᠣᠩᠭᠣᠯ ᠤ᠋ᠨ ᠨᠢᠭᠤᠴᠠ ᠲᠣᠪᠴᠢᠶᠠᠨ 》 ᠪᠠ ᠯᠣᠪᠰᠠᠩᠲᠠᠨᠵᠠᠨ ᠤ᠋  《ᠠᠯᠲᠠᠨ ᠲᠣᠪᠴᠢ 》 ᠳ᠋ᠤ᠌ ᠂ ᠪᠣᠲᠠᠨᠴᠠᠷ ᠤ᠋ᠨ ᠬᠣᠶᠠᠷ ᠬᠥᠪᠡᠭᠦᠨ ᠊ᠢ ᠪᠠᠷᠢᠵᠤ 《 ᠠᠪᠤᠭᠰᠠᠨ ᠡᠮ᠎ᠡ ᠶ᠋ᠢᠨ ᠬᠥᠪᠡᠭᠦᠨ ᠪᠠᠷᠢᠲᠠᠢ 》 ᠪᠠ 《 ᠠᠪᠠᠯᠢᠨ ᠡᠮ᠎ᠡ ᠡᠴᠡ  ᠲᠥᠷᠥᠭᠰᠡᠨ ᠪᠠᠷᠢᠨ [ ᠪᠠᠷᠢᠮ ] ᠰᠢᠭᠡᠷᠲᠦ ᠬᠠᠪᠢᠴᠢ ᠬᠦᠯᠦᠭ 》 ᠭᠡᠵᠦ ᠪᠣᠢ ᠃ ᠪᠠᠷᠢᠮ ᠰᠢᠬᠡᠷᠲᠦ ᠬᠠᠪᠢᠴᠢ ᠬᠦᠯᠦᠭ ᠭᠡᠰᠡᠨ ᠨᠢ ᠨᠢᠭᠡ ᠯᠡ ᠬᠥᠮᠦᠨ ᠊ᠢ ᠵᠢᠭᠠᠵᠤ ᠪᠣᠢ ᠃ ᠡᠨᠳᠡ ᠬᠣᠶᠠᠷ ᠬᠥᠮᠦᠨ ᠪᠣᠯᠭᠠᠨ ᠪᠤᠷᠤᠭᠤ ᠲᠡᠮᠳᠡᠭᠯᠡᠵᠡᠢ ᠃ 
③ ᠮᠣᠩᠭᠣᠯ ᠰᠤᠷᠪᠤᠯᠵᠢ ᠪᠢᠴᠢᠭ ᠲᠦ᠍ ᠮᠠᠬ᠎ᠠ ᠲᠤᠳᠤᠨ ᠂ ᠮᠥᠨᠠᠨ ᠲᠦᠲᠦᠨ ᠭᠡᠵᠦ ᠂ ᠬᠡᠳᠦᠨ ᠶᠠᠩᠵᠤ ᠪᠠᠷ ᠪᠢᠴᠢᠳᠡᠭ ᠪᠤᠶᠤ ᠃ 《 ᠨᠢᠭᠤᠴᠠ ᠲᠣᠪᠴᠢᠶᠠᠨ 》 ᠳ᠋ᠤ᠌ ᠮᠠᠨᠠᠲ᠋ᠤᠲᠠᠨ ᠭᠡᠬᠦ ᠃ 

ᠳᠤᠲᠠᠨ ᠤ᠋ ᠬᠠᠲᠤᠨ ᠠ᠋ᠴᠠ ᠲᠥᠷᠥᠭᠰᠡᠨ ᠮᠠᠭᠯᠦᠭ ᠳᠤᠯᠤᠬᠠᠨ ᠬᠥᠪᠡᠭᠦᠨ ᠢᠨᠤ① ᠬᠠᠴᠢ ᠬᠦᠯᠦᠭ ᠂ ᠬᠠᠴᠠ ᠨᠣᠶᠠᠨ ᠂ ᠬᠠᠷᠬᠤᠢ ᠨᠣᠶᠠᠨ ᠂ ᠬᠠᠴᠠᠤᠯᠠᠢ ᠨᠣᠶᠠᠨ ᠂ ᠬᠠᠷᠠᠯᠳᠠᠢ ᠮᠡᠷᠭᠡᠨ ᠂ ᠬᠠᠴᠢᠬᠤᠨ ᠲᠣᠷᠬᠠᠷ ᠂ ᠨᠠᠴᠢᠨ ᠪᠠᠭᠠᠲᠤᠷ ᠡᠳᠡ ᠪᠤᠶᠤ ᠂ ᠲᠡᠨᠳᠡᠴᠡ ᠳᠤᠲᠠᠨ ᠡᠵᠢᠨ ᠬᠠᠯᠢᠭᠰᠠᠨ ᠬᠣᠢᠨ᠎ᠠ ᠂ ᠶᠡᠬᠡ ᠬᠥᠪᠡᠭᠦᠨ ᠢᠨᠤ ᠬᠠᠴᠢ ᠬᠦᠯᠦᠭ ᠵᠠᠯᠭᠠᠮᠵᠢᠯᠠᠪᠠᠢ ᠃ ᠲᠡᠭᠦᠨ ᠦ᠌  ᠬᠣᠢᠨ᠎ᠠ ᠣᠤᠠᠬᠠᠨ ᠳᠡᠭᠦᠦ ᠢᠨᠤ ᠨᠠᠴᠢᠨ ᠪᠠᠭᠠᠲᠤᠷ ᠵᠠᠯᠭᠠᠮᠵᠢᠯᠠᠭᠠᠳ ᠠᠬ᠎ᠠ ᠬᠠᠴᠢ ᠬᠦᠯᠦᠭ ᠦ᠋ᠨ ᠬᠥᠪᠡᠭᠦᠨ  ᠬᠠᠢᠲᠤ ② ᠶ᠋ᠢ ᠠᠪᠴᠤ ᠦᠷᠡᠴᠢᠯᠡᠪᠡᠢ ᠃ ᠨᠠᠴᠢᠨ ᠡᠵᠢᠨ ᠬᠠᠯᠢᠭᠰᠠᠨ  ᠬᠣᠢᠨ᠎ᠠ  ᠬᠠᠢᠲᠤ ᠨᠣᠶᠠᠨ ᠣᠷᠣ ᠰᠠᠭᠤᠷᠢᠨ ᠵᠠᠯᠭᠠᠮᠵᠢᠯᠠᠭᠠᠳ ᠪᠠᠷᠬᠤ  

— — — — 
① ᠮᠠᠭᠯᠦᠭ ᠲᠤᠯᠤᠬᠠᠨ ᠬᠥᠪᠡᠭᠦᠨ ᠄ ᠪᠡᠶ᠎ᠡ ᠪᠢᠯᠳᠠᠷ ᠂ ᠶᠡᠬᠡ ᠢᠳᠡ ᠬᠦᠴᠦᠨ ᠲᠡᠢ ᠳᠣᠯᠣᠭᠠᠨ ᠬᠥᠪᠡᠭᠦᠨ ᠭᠡᠰᠡᠨ ᠦᠭᠡ ᠃ ᠮᠤᠨᠠᠨ ᠲᠥᠲᠥᠨ ᠦ᠌ ᠳᠣᠯᠣᠭᠠᠨ ᠬᠥᠪᠡᠭᠦᠨ ᠲᠤᠰ ᠲᠤᠰ ᠨᠣᠶᠠᠬᠠᠨ ᠣᠪᠣᠭᠲᠠᠨ ᠂ ᠪᠠᠷᠤᠯᠠᠰ ( ᠶᠡᠬᠡ ᠪᠠᠭ᠎ᠠ ᠪᠠᠷᠤᠯᠠᠰ ) ᠣᠪᠣᠭᠲᠠᠨ ᠂ ᠪᠣᠲᠠᠭᠠᠳ ᠣᠪᠣᠭᠲᠠᠨ ᠂ ᠠᠲᠢᠷᠭᠢᠨ ᠣᠪᠣᠭᠲᠠᠨ ᠂ ᠣᠷᠤᠭᠤᠳ ᠣᠪᠣᠭᠲᠠᠨ ᠂ ᠮᠠᠩᠭᠤᠳ ᠣᠪᠣᠭᠲᠠᠨ ᠪᠣᠯᠪᠠ ᠭᠡᠵᠦ 《 ᠮᠣᠩᠭᠣᠯ ᠤ᠋ᠨ ᠨᠢᠭᠤᠴᠠ ᠲᠣᠪᠴᠢᠶᠠᠨ》 ᠳ᠋ᠤ᠌ ᠲᠡᠮᠳᠡᠭᠯᠡᠭᠰᠡᠨ  ᠪᠠᠢᠳᠠᠭ ᠃ 
②  ᠬᠠᠢᠲᠤ ᠶ᠋ᠢᠨ ᠲᠤᠬᠠᠢ 《 ᠶᠤᠸᠠᠨ ᠱᠢ 》 ᠪᠣᠯᠤᠨ 《 ᠳ᠋ᠣᠰᠰᠤᠨ ᠤ᠋ ᠮᠣᠩᠭᠣᠯ ᠤ᠋ᠨ ᠲᠡᠦᠬᠡ 》 ᠳ᠋ᠦ᠍ ᠲᠡᠮᠳᠡᠭᠯᠡᠭᠰᠡᠨ ᠡᠴᠡ ᠦᠵᠡᠪᠡᠯ ᠂ ᠮᠤᠨᠠᠨ ᠲᠥᠲᠥᠨ ᠨᠠᠰᠤ ᠪᠠᠷᠠᠭᠰᠠᠨ ᠤ᠋  ᠬᠣᠢᠨ᠎ᠠ ᠲᠡᠭᠦᠨ ᠦ᠌ ᠪᠡᠯᠪᠡᠰᠦᠨ ᠡᠬᠡᠨᠡᠷ ᠨᠠᠮᠤᠯᠤᠨ ( 《 ᠶᠤᠸᠠᠨ ᠱᠢ 》 ᠳ᠋ᠦ᠍ ᠮᠣᠨᠤᠯᠤᠨ ᠭᠡᠬᠦ ) ᠂ ᠲᠡᠭᠦᠨ ᠦ᠌ ᠬᠥᠪᠡᠭᠦᠨ ᠲᠡᠢ ᠪᠡᠨ ᠪᠦᠷ  ᠵᠠᠯᠠᠢᠷ  ᠠᠢᠮᠠᠭ ᠤ᠋ᠨ ᠬᠥᠮᠦᠰ ᠲᠦ᠍ ᠬᠣᠤᠷᠠᠯᠠᠭᠲᠠᠨ ᠠᠯᠠᠭᠳᠠᠵᠠᠢ ᠃ ᠭᠠᠭᠴᠠᠬᠦ ᠲᠡᠭᠦᠨ ᠦ᠌ ᠶᠡᠬᠡ ᠣᠮᠪᠠᠯ  ᠬᠠᠢᠲᠤ ᠶ᠋ᠢ ᠲᠡᠭᠦᠨ ᠦ᠌ ᠬᠥᠬᠥᠯ ᠡᠬᠡ ᠨᠢ ᠳᠥᠯᠢᠶᠡᠨ ᠳᠣᠣᠷ᠎ᠠ ᠨᠢᠭᠤᠵᠤ ᠲᠠᠯᠪᠢᠭᠰᠠᠨ ᠠ᠋ᠴᠠ ᠵᠠᠪᠰᠢᠶᠠᠨ ᠢ᠋ᠶ᠋ᠠᠷ ᠠᠮᠢ ᠭᠠᠷᠴᠠᠢ ᠃   ᠡᠨᠡ ᠦᠶ᠎ᠡ ᠳ᠋ᠦ᠍ ᠨᠠᠮᠤᠯᠤᠨ ᠤ᠋ ᠤᠳᠬᠤᠨ ᠬᠥᠪᠡᠭᠦᠨ ᠨᠠᠴᠢᠨ ᠂ ᠪᠠᠷᠭᠤᠵᠢᠨ   ᠠᠢᠮᠠᠭ ᠲᠤ᠌ ᠬᠦᠴᠦᠨ ᠬᠦᠷᠭᠡᠨ ᠶᠠᠪᠤᠵᠤ  ᠪᠠᠢᠭᠰᠠᠨ ᠢ᠋ᠶ᠋ᠠᠷ ᠠᠷᠠᠢ ᠡᠰᠡ ᠬᠣᠣᠷᠯᠠᠭᠳᠠᠪᠠ ᠃ ᠡᠨᠡ ᠲᠤᠬᠠᠢ ᠳ᠋ᠤᠷ ᠂ ᠨᠠᠴᠢᠨ ᠲᠡᠭᠦᠨ ᠦ᠌ ᠡᠬᠡ ᠪᠠ ᠣᠯᠠᠨ ᠠᠬ᠎ᠠ ᠨᠠᠷ ᠨᠢ ᠪᠦᠷ  ᠵᠠᠯᠠᠢᠷ   ᠠᠢᠮᠠᠭ ᠤ᠋ᠨ ᠬᠥᠮᠦᠰ ᠲᠦ᠍ ᠠᠯᠠᠭᠳᠠᠭᠰᠠᠨ ᠮᠡᠳᠡᠭᠡ ᠶ᠋ᠢ ᠰᠣᠨᠣᠰᠤᠭᠠᠳ ᠨᠤᠲᠤᠭ ᠲᠠᠭᠠᠨ ᠪᠤᠴᠠᠨ ᠢᠷᠡᠵᠦ ᠥᠰᠢᠶ᠎ᠡ ᠠᠪᠤᠪᠠ ᠃ ᠲᠡᠷᠡ ᠂ ᠲᠡᠭᠦᠨ ᠦ᠌ ᠠᠬ᠎ᠠ ᠨᠠᠷ ᠤ᠋ᠨ ᠠᠪᠠ ᠶ᠋ᠢᠨ ᠰᠢᠪᠠᠭᠤ ᠶ᠋ᠢ ᠠᠪᠴᠤ ᠶᠠᠪᠤᠵᠤ  ᠪᠠᠢᠭᠰᠠᠨ  ᠵᠠᠯᠠᠢᠷ   ᠠᠢᠮᠠᠭ ᠤ᠋ᠨ ᠡᠴᠢᠭᠡ ᠬᠥᠪᠡᠭᠦᠨ ᠬᠣᠶᠠᠭᠤᠯᠠ ᠪᠠ ᠠᠳᠤᠭᠤ ᠬᠠᠷᠢᠭᠤᠯᠵᠤ   ᠪᠠᠢᠢᠭᠰᠠᠨ ᠵᠠᠯᠠᠢᠷ   ᠠᠢᠮᠠᠭ ᠤ᠋ᠨ ᠬᠡᠳᠦᠨ  ᠬᠡᠦᠬᠡᠳ ᠊ᠢ ᠠᠯᠠᠵᠤ ᠥᠰᠢᠶ᠎ᠡ ᠪᠡᠨ ᠠᠪᠴᠤ ᠬᠠᠢᠲᠤ ᠪᠣᠯᠤᠨ ᠬᠡᠳᠦᠨ  ᠬᠥᠭᠰᠢᠳ ᠊ᠢ ᠠᠪᠴᠤ ᠪᠠᠷᠭᠤᠵᠢᠨ ᠤ᠋ ᠭᠠᠵᠠᠷ ᠲᠠᠭᠠᠨ ᠳᠤᠲᠠᠭᠠᠨ ᠶᠠᠪᠤᠵᠠᠢ ᠃ 

    ᠴᠡᠢᠬᠦ① ᠬᠣᠶᠠᠷ  ᠠᠢᠮᠠᠭ ᠡᠬᠢᠯᠡᠨ ᠂ ᠳᠥᠷᠪᠡᠨ ᠡᠲᠡᠭᠡᠳ ᠦ᠋ᠨ ᠣᠯᠠᠨ ᠠᠢᠮᠠᠭ ᠊ᠢ ᠡᠵᠡᠯᠡᠪᠡᠢ ᠂ ᠲᠡᠭᠦᠨᠦ  ᠬᠣᠢᠨ᠎ᠠ ᠬᠥᠪᠡᠭᠦᠨ ᠢᠨᠤ ᠪᠠᠷᠰ ᠱᠣᠩᠬᠣᠷ② ᠵᠠᠯᠭᠠᠮᠵᠢᠯᠠᠪᠠᠢ ᠂ ᠱᠣᠩᠬᠣᠷ ᠡᠵᠢᠨ ᠬᠠᠯᠢᠭᠰᠠᠨ  ᠬᠣᠢᠨ᠎ᠠ ᠬᠥᠪᠡᠭᠦᠨ ᠢᠨᠤ ᠳᠣᠮᠪᠢᠬᠠᠢ ᠰᠡᠴᠡᠨ ᠵᠠᠯᠭᠠᠮᠵᠢᠯᠠᠪᠠᠢ ᠂ ᠲᠡᠭᠦᠨᠦ ᠬᠣᠶᠠᠷ ᠬᠥᠪᠡᠭᠦᠨ③ ᠰᠡᠮᠡ  
— — — — 
①  ᠬᠠᠢᠲᠦ ᠶ᠋ᠢᠨ ᠲᠤᠬᠠᠢ ᠡᠨᠡ ᠬᠡᠰᠡᠭ ᠲᠡᠮᠳᠡᠭᠯᠡᠯ 《 ᠭᠠᠩᠭ᠎ᠠ ᠶ᠋ᠢᠨ ᠤᠷᠤᠰᠬᠠᠯ 》 ᠠ᠋ᠴᠠ ᠡᠮᠦᠨᠡᠬᠢ ᠮᠣᠩᠭᠣᠯ ᠰᠤᠷᠪᠤᠯᠵᠢ ᠪᠢᠴᠢᠭ ᠲᠦ᠍ ᠳᠡᠮᠡᠢ ᠬᠠᠷᠠᠭᠳᠠᠬᠤ ᠦᠭᠡᠢ  ᠶᠦ᠍ᠮ ᠃ 《 ᠶᠤᠸᠠᠨ ᠱᠢ 》 ᠪᠣᠯᠤᠨ 《 ᠳ᠋ᠣᠰᠰᠤᠨ ᠤ᠋ ᠮᠣᠩᠭᠣᠯ ᠤ᠋ᠨ ᠲᠡᠦᠬᠡ 》 ᠳ᠋ᠦ᠍ ᠲᠡᠮᠳᠡᠭᠯᠡᠯ ᠪᠣᠢ ᠃ 《 ᠶᠤᠸᠠᠨ ᠱᠢ 》 ᠲᠡᠮᠳᠡᠭᠯᠡᠭᠰᠡᠨ ᠨᠢ ᠄ 《  ᠬᠠᠢᠲᠤ ᠪᠠᠷ ᠥᠭᠡᠯᠡᠢ ᠪᠣᠯᠤᠭᠰᠠᠨ ᠤ᠋  ᠬᠣᠢᠨ᠎ᠠ ᠨᠠᠴᠢᠨ ᠠᠨᠤ ᠪᠠᠷᠠᠬᠤ  ᠴᠡᠢᠬᠦ ᠶ᠋ᠢᠨ ᠣᠯᠠᠨ ᠢᠷᠭᠡᠨ ᠊ᠢ  ᠳᠠᠢᠴᠢᠯᠠᠨ ᠣᠯᠠᠨ ᠳ᠋ᠤᠷ  ᠡᠷᠭᠦᠭᠳᠡᠨ ᠡᠵᠡᠨ ᠰᠠᠭᠤᠪᠠᠢ ᠃  ᠬᠠᠢᠲᠦ ᠪᠡᠷ ᠡᠨᠡ ᠰᠠᠭᠤᠷᠢᠨ ᠊ᠢ ᠵᠠᠯᠭᠠᠮᠵᠢᠯᠠᠭᠰᠠᠨ ᠤ᠋  ᠬᠣᠢᠨ᠎ᠠ ᠴᠡᠷᠢᠭ ᠭᠠᠷᠭᠠᠨ  ᠵᠠᠯᠠᠢᠷ ᠊ᠢ  ᠳᠠᠢᠯᠠᠨ ᠬᠠᠷᠢᠶᠠᠲᠤ ᠪᠠᠨ ᠪᠣᠯᠭᠠᠭᠰᠠᠨ ᠤ᠋  ᠬᠣᠢᠨ᠎ᠠ ᠣᠷᠣ   ᠪᠠᠢᠷᠢ ᠠᠭᠠᠵᠢᠮ ᠢ᠋ᠶ᠋ᠠᠷ ᠥᠷᠭᠡᠵᠢᠨ ᠣᠷᠳᠣᠨ ᠬᠥᠰᠬᠡ ᠶᠦ᠍ᠭᠡᠨ ᠪᠠᠷᠬᠤ ᠶ᠋ᠢᠨ ᠬᠠᠷ᠎ᠠ ᠭᠣᠣᠯ ᠳᠡᠭᠡᠷ᠎ᠡ ᠪᠠᠷᠢᠭᠰᠠᠨ᠎ᠠ… … ᠲᠡᠭᠦᠨᠴᠡ ᠳᠥᠷᠪᠡᠨ ᠡᠲᠡᠭᠡᠳ ᠲᠣᠷ ᠪᠦᠬᠦᠢ ᠣᠯᠠᠨ ᠠᠢᠮᠠᠭ ᠬᠤᠷᠢᠶᠠᠭᠳᠠᠭᠰᠠᠨ ᠠᠨᠤ ᠠᠭᠠᠵᠢᠮ ᠳ᠋ᠤᠷ ᠣᠯᠠᠨ ᠪᠣᠯᠵᠤᠬᠤᠢ 》 ᠭᠡᠵᠡᠢ ᠃ ᠡᠨᠳᠡ ᠳᠤᠷᠠᠳᠤᠭᠰᠠᠨ 《 ᠪᠠᠷᠠᠬᠤ  ᠴᠡᠢᠬᠦ 》 ᠭᠡᠳᠡᠭ ᠪᠣᠯ 《 ᠶᠤᠸᠠᠨ ᠱᠢ 》 ᠳ᠋ᠦ᠍ ᠲᠡᠮᠳᠡᠭᠯᠡᠭᠰᠡᠨ 《巴刺忽怯谷》 ᠭᠡᠳᠡᠭ ᠊ᠢ ᠦᠨᠳᠦᠰᠦᠯᠡᠨ ᠲᠡᠮᠳᠡᠭᠯᠡᠭᠰᠡᠨ ᠶᠦ᠍ᠮ ᠃ ᠲᠡᠦᠬᠡ ᠶ᠋ᠢᠨ ᠲᠡᠮᠳᠡᠭᠯᠡᠯ ᠡᠴᠡ ᠦᠵᠡᠪᠡᠯ ᠂  ᠬᠠᠢᠲᠦ ᠪᠠᠷᠭᠤᠳ ( ᠪᠠᠷᠬᠤ ᠂ ᠪᠠᠷᠬᠤᠵᠢᠨ ) ᠊ᠢ ᠡᠵᠡᠯᠡᠨ ᠰᠠᠭᠤᠯ᠎ᠠ ᠭᠡᠳᠡᠭ ᠨᠢ ᠣᠳᠣ ᠶ᠋ᠢᠨ ᠵᠥᠪᠯᠡᠯᠲᠦ ᠬᠣᠯᠪᠣᠭᠠᠲᠤ ᠤᠯᠤᠰ ᠤ᠋ᠨ  ᠪᠠᠢᠭᠠᠯ ᠨᠠᠭᠤᠷ ᠤ᠋ᠨ ᠬᠠᠪᠢ ᠪᠠᠷ ᠨᠤᠲᠤᠭᠰᠢᠵᠤ  ᠪᠠᠢᠭᠰᠠᠨ ᠪᠠᠷᠭᠤᠵᠢᠨ  ᠠᠢᠮᠠᠭ ᠊ᠢ ᠵᠢᠭᠠᠵᠤ  ᠪᠠᠢᠭ᠎ᠠ ᠶᠤᠮ ᠃ 
② ᠪᠠᠷᠰ ᠱᠣᠩᠬᠣᠷ ᠄ 《 ᠮᠣᠩᠭᠣᠯ ᠤ᠋ᠨ ᠨᠢᠭᠤᠴᠠ ᠲᠣᠪᠴᠢᠶᠠᠨ 》 ᠳ᠋ᠤ᠌ ᠭᠠᠷᠳᠠᠭ ᠪᠠᠶᠢᠰᠢᠩᠬᠤᠷ ᠪᠤᠶᠤ ᠃ 
③ ᠮᠣᠩᠭᠣᠯ ᠤ᠋ᠨ ᠰᠤᠷᠪᠤᠯᠵᠢ ᠪᠢᠴᠢᠭ ᠦ᠋ᠳ ᠲᠦ᠍ ᠪᠠᠷᠤᠭ ᠪᠦᠷ ᠳᠣᠮᠪᠢᠬᠠᠢ ᠰᠡᠴᠡᠨ ( ᠪᠠᠰᠠ ᠵᠠᠷᠢᠮ ᠳ᠋ᠤᠷ ᠳᠤᠮᠪᠢᠨᠢ ᠪᠤᠶᠤ ᠳᠣᠮᠪᠠᠭᠠᠢ ᠭᠡᠵᠦ  ᠪᠢᠴᠢᠭᠳᠡᠬᠦ ) ᠊ᠢ ᠬᠠᠮ ᠬᠠᠵᠤᠯᠠ ( ᠡᠰᠡᠬᠦᠯ᠎ᠡ ᠰᠠᠮᠰᠠᠴᠤᠯᠠ ) ᠂ ᠬᠠᠪᠤᠯ ᠬᠠᠭᠠᠨ ᠬᠣᠶᠠᠷ ᠬᠥᠪᠡᠭᠦᠨ ᠲᠡᠢ ᠭᠡᠳᠡᠭ ᠃ ᠭᠡᠲᠡᠯ᠎ᠡ 《 ᠳ᠋ᠣᠰᠰᠤᠨ ᠤ᠋ ᠮᠣᠩᠭᠣᠯ ᠤ᠋ᠨ ᠲᠡᠦᠬᠡ 》 ᠳ᠋ᠦ᠍ 《 ᠳᠤᠮᠪᠠᠭᠠᠢ ᠶᠢᠰᠦᠨ ᠬᠥᠪᠡᠭᠦᠨ ᠲᠡᠢ ᠪᠥᠯᠥᠭᠡ ᠂ ᠬᠣᠢᠴᠢ ᠦᠶ᠎ᠡ ᠢᠨᠤ ᠴᠥᠮ ᠲᠤᠰ ᠲᠤᠰ ᠲᠤᠷ ᠢ᠋ᠶ᠋ᠠᠨ  ᠠᠢᠮᠠᠭ ᠣᠪᠣᠭᠲᠠᠨ ᠪᠣᠯᠪᠠᠢ ᠃ ᠬᠣᠶᠠᠷ ᠵᠠᠭᠤᠨ ᠵᠢᠯ ᠦ᠋ᠨ ᠳᠣᠲᠣᠷ᠎ᠠ ᠥᠰᠴᠦ  ᠦᠷᠡᠵᠢᠭᠰᠡᠨ ᠢᠨᠤ ᠮᠠᠰᠢ ᠣᠯᠠᠨ ᠂ ᠨᠢᠭᠡᠨ ᠮᠢᠩᠭᠠᠨ ᠭᠤᠷᠪᠠᠨ ᠵᠠᠭᠤᠨ ᠣᠨ ᠪᠣᠯᠬᠤᠢ ᠳ᠋ᠤᠷ ᠨᠢᠭᠡᠨᠲᠡ ᠬᠣᠶᠠᠷ ᠭᠤᠷᠪᠠᠨ ᠲᠦᠮᠡᠨ ᠡᠷᠦᠬᠡ ᠪᠣᠯᠵᠤᠬᠤᠢ 》 ᠭᠡᠵᠡᠢ ᠃ 

    ᠬᠠᠴᠤᠯᠠ ᠂ ᠬᠠᠪᠤᠯ ᠬᠠᠭᠠᠨ ᠪᠤᠶᠤ ᠲᠡᠳᠡᠨ ᠡᠴᠡ ᠰᠡᠴᠡᠨ ᠡᠵᠡᠨ ᠬᠠᠯᠢᠭ‍ᠰᠠᠨ ᠬᠣᠢᠨ᠎ᠠ ᠪᠠᠬ᠎ᠠ ᠬᠥᠪᠡᠭᠦᠨ ᠬᠠᠪᠤᠯ ᠬᠠᠭᠠᠨ ᠵᠠᠯᠭᠠᠮᠵᠢᠯᠠᠪᠠᠢ① ᠂ ᠲᠡᠭᠦᠨᠦ  

— — — — 
① ᠬᠠᠪᠤᠯ ᠬᠠᠭᠠᠨ ᠬᠡᠮᠡᠭᠴᠢ ᠴᠢᠩᠭᠢᠰ ᠬᠠᠭᠠᠨ ᠤ᠋ ᠡᠯᠦᠨᠴᠡ ᠡᠪᠦᠭᠡ ᠪᠤᠶᠤ ᠃ ᠳᠤᠮᠪᠢᠬᠠᠢ ᠶ᠋ᠢᠨ ᠬᠥᠪᠡᠭᠦᠨ ᠬᠠᠪᠤᠯ ᠤᠤᠯ ᠢ ᠮᠣᠩᠭᠣᠯ ᠤ᠋ᠨ ᠣᠯᠠᠨ   ᠠᠢᠮᠠᠭᠲᠠᠨ ᠤ᠋ ᠨᠢᠭᠡ   ᠠᠢᠮᠠᠭ ᠤ᠋ᠨ ᠲᠡᠷᠢᠭᠦᠯᠡᠭᠴᠢ ᠪᠤᠶᠤ ᠠᠬᠠᠮᠠᠳ ᠶᠠᠪᠤᠵᠤ  ᠪᠠᠢᠪᠠ᠃ ᠮᠣᠩᠭᠣᠯ ᠲᠡᠦᠬᠡ ᠶ᠋ᠢᠨ ᠰᠤᠷᠪᠤᠯᠵᠢ ᠪᠢᠴᠢᠭ ᠲᠦ᠍  《 ᠬᠠᠮᠤᠭ ᠮᠣᠩᠭᠣᠯ ᠊ᠢ ᠬᠠᠪᠤᠯ ᠬᠠᠭᠠᠨ ᠮᠡᠳᠡᠨ ᠶᠠᠪᠤᠪᠠ 》 ᠭᠡᠵᠦ ᠲᠡᠮᠳᠡᠭᠯᠡᠭᠳᠡᠵᠦ  ᠪᠠᠢᠭ᠎ᠠ ᠨᠢ ᠬᠠᠪᠤᠯ ᠬᠠᠭᠠᠨ ᠤ᠋ ᠦᠶ᠎ᠡ ᠳ᠋ᠦ᠍ ᠮᠣᠩᠭᠣᠯ  ᠠᠢᠮᠠᠭ ᠨᠢᠭᠡᠳᠴᠦ  ᠠᠢᠮᠠᠭ ᠤ᠋ᠨ ᠬᠣᠯᠪᠣᠭ᠎ᠠ  ᠪᠠᠢᠭᠤᠯᠤᠨ  《ᠬᠠᠮᠤᠭ ᠮᠣᠩᠭᠣᠯ 》 ᠠᠢᠮᠠᠭ ᠤ᠋ᠨ ᠬᠣᠯᠪᠣᠭ᠎ᠠ  ᠪᠦᠷᠢᠯᠳᠦᠭᠰᠡᠨ ᠶᠠᠪᠤᠳᠠᠯ ᠊ᠢ ᠵᠢᠭᠠᠭᠰᠠᠨ ᠶᠤᠮ ᠃ 《 ᠳ᠋ᠣᠰᠰᠤᠨ ᠤ᠋ ᠮᠣᠩᠭᠣᠯ ᠤ᠋ᠨ ᠲᠡᠦᠬᠡ 》 ᠳ᠋ᠦ᠍ ᠬᠠᠪᠤᠯ ᠬᠠᠭᠠᠨ ᠤ᠋ ᠲᠤᠬᠠᠢ ᠮᠡᠳᠡᠭᠡᠯᠡᠭᠰᠡᠨ ᠨᠢ ᠶᠡᠬᠡ ᠰᠣᠨᠢᠷᠬᠠᠯᠲᠠᠢ ᠶᠤᠮ ᠄ 《 ᠲᠣᠮᠪᠢᠭᠠᠢ ᠶ᠋ᠢᠨ ᠵᠢᠷᠭᠤᠳᠤᠭᠠᠷ ᠬᠥᠪᠡᠭᠦᠨ ᠬᠠᠪᠤᠯ ᠬᠠᠭᠠᠨ ᠬᠡᠮᠡᠭᠴᠢ ᠠᠩᠬᠠᠨ ᠳ᠋ᠤᠷ ᠮᠣᠩᠭᠣᠯ ᠤ᠋ᠨ ᠣᠯᠠᠨ  ᠠᠢᠮᠠᠭ ᠤ᠋ᠨ ᠨᠢᠭᠡ  ᠠᠢᠮᠠᠭ ᠤ᠋ᠨ ᠠᠬᠠᠮᠠᠳ ᠠᠵᠤᠭᠤ ᠃ ᠤᠯᠠᠮᠵᠢᠯᠠᠯ ᠶᠠᠷᠢᠶᠠᠨ ᠳ᠋ᠤᠷ ᠂ ᠡᠨᠡ ᠬᠠᠭᠠᠨ ᠢ᠋ᠶ᠋ᠠᠷ   ᠥᠩᠭᠡᠷᠡᠭᠰᠡᠨ᠎ᠡ ᠵᠦᠷᠴᠢᠨ ᠦ᠌ ᠬᠠᠭᠠᠨ ᠳ᠋ᠤᠷ ᠬᠦᠷᠴᠦ ᠪᠠᠷᠠᠭᠠᠯᠠᠬᠤᠢ ᠳ᠋ᠤᠷ ᠵᠦᠷᠴᠢᠨ ᠦ᠌ ᠬᠠᠭᠠᠨ ᠲᠡᠭᠦᠨ ᠦ᠌ ᠢᠳᠡᠭᠡᠨ ᠬᠣᠭᠣᠯᠠ ᠬᠥᠮᠦᠨ ᠡᠴᠡ ᠦᠰᠦᠳ ᠬᠡᠲᠦᠷᠬᠡᠢ ᠳ᠋ᠦ᠍ᠷ ᠰᠣᠴᠢᠪᠠᠢ ᠃ ᠨᠢᠭᠡᠨ ᠡᠳᠦᠷ ᠂ ᠬᠠᠪᠤᠯ ᠠᠷᠢᠬᠢᠨ ᠳ᠋ᠤᠷ ᠰᠣᠭᠲᠣᠵᠤ ᠬᠠᠭᠠᠨ ᠤ᠋ ᠰᠠᠬᠠᠯ ᠊ᠢ ᠰᠢᠪᠲᠤᠷᠪᠠ ᠃ ᠠᠷᠢᠬᠢ  ᠰᠡᠷᠭᠦᠭᠰᠡᠨ ᠦ᠌  ᠬᠣᠢᠨ᠎ᠠ ᠶᠠᠯ᠎ᠠ ᠶᠤᠭᠠᠨ ᠬᠦᠯᠢᠶᠡᠬᠦᠢ ᠳ᠋ᠦ᠍ᠷ ᠠᠯᠲᠠᠨ ᠤᠯᠤᠰ ( ᠵᠦᠷᠴᠢᠨ ) ᠦ᠌ ᠬᠠᠭᠠᠨ ᠶᠡᠬᠡᠯ᠎ᠡ ᠢᠨᠢᠶᠡᠮᠰᠦᠭᠯᠡᠨ ᠭᠡᠯᠳᠦᠷᠢᠭᠦᠯᠵᠦ ᠬᠦᠨᠳᠦ ᠵᠤᠵᠠᠭᠠᠨ ᠪᠡᠯᠡᠭ ᠥᠭᠴᠦ ᠪᠤᠴᠠᠭᠤᠯᠪᠠᠢ ᠃ ᠬᠠᠪᠤᠯ  ᠰᠠᠶᠢ ᠭᠡᠮᠡᠨ ᠮᠣᠷᠳᠠᠲᠠᠯ᠎ᠠ ᠂ ᠵᠦᠷᠴᠢᠨ ᠬᠠᠭᠠᠨ ᠤ᠋  ᠰᠠᠢᠳ ᠠᠨᠤ ᠬᠠᠪᠤᠯ ᠊ᠢ ᠬᠢᠯᠢ ᠬᠢᠵᠠᠭᠠᠷ ᠤ᠋ᠨ   ᠳᠠᠢᠰᠤᠨ ᠪᠣᠯᠵᠤ ᠳᠦᠢᠪᠡᠭᠦᠵᠡᠢ ᠭᠡᠮᠡᠨ ᠦᠭᠡ  ᠠᠢᠯᠠᠳᠬᠠᠭᠰᠠᠨ ᠳ᠋ᠤᠷ ᠂ ᠬᠠᠭᠠᠨ ᠳᠠᠷᠤᠢ ᠳ᠋ᠤᠷ ᠡᠯᠴᠢ ᠲᠣᠮᠢᠯᠠᠨ ᠶᠠᠪᠤᠭᠤᠯᠵᠤ ᠲᠡᠭᠦᠨ ᠊ᠢ ᠪᠤᠴᠠᠭᠠᠨ ᠠᠪᠴᠢᠷᠠᠭᠤᠯᠬᠤ ᠭᠡᠪᠡ ᠃ ᠬᠠᠪᠤᠯ ᠵᠠᠷᠯᠢᠭ ᠊ᠢ ᠡᠰᠡ  ᠬᠦᠯᠢᠶᠡᠭᠰᠡᠨ ᠳ᠋ᠦ᠍ᠷ ᠡᠯᠴᠢ ᠲᠡᠭᠦᠨ ᠊ᠢ ᠪᠠᠷᠢᠪᠴᠢᠯᠠᠪᠠ ᠃ ᠬᠠᠪᠤᠯ ᠵᠠᠪᠰᠢᠶᠠᠨ ᠊ᠢ ᠦᠵᠡᠨ ᠳᠤᠲᠠᠭᠠᠨ ᠵᠢᠭᠤᠲᠠᠵᠤᠬᠤᠢ ᠃ ᠡᠯᠴᠢ ᠮᠣᠷᠳᠠᠨ ᠢᠷᠠᠭᠰᠠᠨ ᠳ᠋ᠤᠷ ᠬᠠᠪᠤᠯ ᠬᠠᠭᠠᠨ ᠲᠡᠭᠦᠨ ᠦ᠌ ᠣᠯᠠᠨ ᠪᠣᠭᠣᠯ ᠳ᠋ᠠᠭᠠᠨ ᠵᠠᠷᠯᠢᠭ ᠪᠠᠭᠤᠯᠭᠠᠨ ᠡᠯᠴᠢ ᠶ᠋ᠢ ᠬᠣᠷᠣᠭᠠᠪᠠᠢ 》 ᠭᠡᠵᠡᠢ ᠃ 

ᠳᠣᠯᠣᠭᠠᠨ ᠬᠥᠪᠡᠭᠦᠨ ᠣᠭᠢᠨ ᠪᠠᠷᠰ ᠂ ᠪᠠᠷᠳᠠᠮ ᠪᠠᠭᠠᠲᠤᠷ ᠬᠤᠲᠤᠭ ᠮᠦᠩᠬᠦᠷ ᠂ ᠬᠣᠲᠠᠯᠠ ᠬᠠᠭᠠᠨ① ᠬᠣᠴᠢ ᠪᠠᠭᠠᠲᠤᠷ ᠂ ᠲᠤᠭᠲᠤᠬᠡᠨ ᠤᠶᠠᠨ ᠂ ᠬᠠᠲᠠᠬᠠᠨ  

— — — — 
① ᠬᠣᠲᠠᠯᠠ ᠬᠠᠭᠠᠨ ᠄ ᠠᠮᠪᠠᠭᠠᠢ ᠬᠠᠭᠠᠨ ( ᠬᠠᠪᠤᠯ ᠬᠠᠭᠠᠨ ᠤ᠋ ᠪᠠᠭ᠎ᠠ ᠠᠪᠠᠭ᠎ᠠ ᠶ᠋ᠢᠨ ᠬᠥᠪᠡᠭᠦᠨ ) ᠲ᠋ᠠᠲ᠋ᠠᠷ ᠲᠤ᠌ ᠪᠠᠷᠢᠭᠳᠠᠭᠠᠳ ᠠᠯᠲᠠᠨ ᠤ᠋ ᠤᠯᠤᠰ ᠲᠤ᠌  ᠬᠦᠷᠭᠡᠭᠳᠡᠭᠰᠡᠨ ᠦ᠌   ᠬᠣᠢᠨ᠎ᠠ ᠨᠠᠰᠤ ᠪᠠᠷᠠᠬᠤ ᠶ᠋ᠢᠨ ᠡᠮᠦᠨ᠎ᠡ ᠂ ᠬᠠᠪᠤᠯ ᠬᠠᠭᠠᠨ ᠤ᠋ ᠬᠥᠪᠡᠭᠦᠨ ᠬᠠᠲᠠᠭᠠᠨ ᠂ ᠬᠣᠲᠠᠯᠠ ᠬᠣᠶᠠᠭᠤᠯᠠ ᠶ᠋ᠢᠨ ᠨᠢᠭᠡ ᠶ᠋ᠢ ᠬᠠᠭᠠᠨ ᠪᠣᠯᠭ᠎ᠠ ᠭᠡᠵᠦ ᠬᠡᠯᠡ ᠢᠯᠡᠭᠡᠵᠡᠢ ᠃ ᠡᠭᠦᠨᠴᠡ 《 ᠬᠠᠮᠤᠭ ᠮᠣᠩᠭᠣᠯ  ᠲᠠᠢᠴᠢᠭᠤᠳ ᠨᠠᠷ ᠤᠨᠤᠨ ᠮᠥᠷᠡᠨ ᠦ᠌ ᠬᠣᠷᠭᠤᠨᠠᠭ ᠤ᠋ᠨ ᠬᠥᠨᠳᠡᠢ ᠬᠡᠮᠡᠬᠦ ᠭᠠᠵᠠᠷ ᠴᠤᠭᠯᠠᠷᠠᠵᠤ ᠬᠡᠯᠡᠯᠴᠡᠭᠡᠳ ᠬᠣᠲᠠᠯᠠ ᠶ᠋ᠢ ᠬᠠᠭᠠᠨ ᠪᠣᠯᠭᠠᠪᠠ 》 ( 《 ᠮᠣᠩᠭᠣᠯ ᠤ᠋ᠨ ᠨᠢᠭᠤᠴᠠ ᠲᠣᠪᠴᠢᠶᠠᠨ 》 ) ᠃ ᠳ᠋ᠣᠰᠰᠤᠨ ᠤ᠋ ᠲᠡᠮᠳᠡᠭᠯᠡᠭᠰᠡᠨ ᠡᠴᠡ ᠦᠵᠡᠪᠡᠯ ᠬᠣᠲᠠᠯᠠ ᠪᠣᠯ ᠮᠣᠩᠭᠣᠯ ᠤᠯᠤᠰ ᠊ᠢ ᠠᠩᠬ᠎ᠠ  ᠪᠠᠢᠭᠤᠯᠤᠭᠰᠠᠨ ᠤ᠋ ᠳᠠᠷᠠᠭᠠᠬᠢ ᠬᠣᠶᠠᠲᠤᠭᠴᠢ ᠬᠠᠭᠠᠨ ᠂ ᠮᠣᠩᠭᠣᠯᠴᠤᠳ ᠤ᠋ᠨ  ᠬᠠᠢᠷ᠎ᠠ ᠬᠦᠨᠳᠦᠳᠬᠡᠯ ᠊ᠢ ᠣᠯᠤᠭᠰᠠᠨ ᠪᠠᠭᠠᠲᠤᠷ ᠶᠤᠮ ᠃ ᠮᠣᠩᠭᠣᠯᠴᠤᠳ ᠲᠡᠭᠦᠨ ᠦ᠌ ᠳᠠᠭᠤ ᠬᠣᠭᠣᠯᠠᠢ ᠶ᠋ᠢ ᠮᠠᠭᠲᠠᠬᠤ ᠳ᠋ᠠᠭᠠᠨ ᠬᠦᠴᠦᠲᠦ ᠠᠶᠤᠩᠭ᠎ᠠ ᠬᠥᠬᠡ ᠠᠭᠤᠯᠠ ᠳ᠋ᠤ᠌ ᠨᠢᠵᠢᠭᠢᠨᠡᠬᠦ ᠮᠡᠲᠦ ᠭᠡᠳᠡᠭ ᠃ ᠲᠡᠭᠦᠨ ᠦ᠌ ᠬᠦᠴᠦᠨ ᠴᠢᠳᠠᠯ ᠊ᠢ ᠮᠠᠭᠲᠠᠬᠤ ᠳ᠋ᠠᠭᠠᠨ ᠬᠣᠶᠠᠷ ᠭᠠᠷ ᠨᠢ ᠥᠲᠡᠭᠡ ᠶ᠋ᠢᠨ ᠰᠠᠪᠠᠷ ᠮᠡᠲᠦ ᠂ ᠬᠥᠮᠦᠨ ᠊ᠢ ᠠᠩᠭᠢᠯᠠᠨ ᠰᠠᠯᠭᠠᠬᠤ ᠨᠢ ᠰᠤᠮᠤ ᠬᠤᠭᠤᠯᠵᠤ  ᠪᠠᠢᠬᠤ ᠠᠳᠠᠯᠢ ᠭᠡᠳᠡᠭ ᠃ ᠲᠤᠬᠠᠢ ᠶ᠋ᠢᠨ ᠦᠶ᠎ᠡ ᠳ᠋ᠦ᠍ ᠮᠣᠩᠭᠣᠯᠴᠤᠳ ᠬᠣᠲᠠᠯᠠ ᠬᠠᠭᠠᠨ ᠊ᠢ  ᠰᠠᠢᠰᠢᠶᠠᠨ ᠮᠠᠭᠲᠠᠳᠠᠭ ᠤ᠋ᠨ ᠰᠢᠯᠲᠠᠭᠠᠨ ᠨᠢ ᠲᠡᠭᠦᠨ ᠦ᠌ ᠡᠷ᠎ᠡ ᠪᠠᠭᠠᠲᠤᠷ ᠠ᠋ᠴᠠ ᠭᠠᠳᠠᠨ᠎ᠠ ᠭᠣᠣᠯ ᠨᠢ ᠲᠡᠭᠦᠨ ᠦ᠌ ᠠᠯᠲᠠᠨ ᠤᠯᠤᠰ ᠤ᠋ᠨ ᠳᠠᠷᠤᠯᠠᠯ ᠊ᠢ  ᠡᠰᠡᠷᠭᠦᠴᠡᠭᠰᠡᠨ ᠲᠡᠮᠡᠴᠡᠯ ᠳ᠋ᠦ᠍  ᠲᠣᠯᠣᠭᠠᠢᠯᠠᠭᠴᠢ ᠪᠣᠯᠤᠭᠰᠠᠨ ᠳ᠋ᠤ᠌ ᠪᠣᠢ ᠃ ᠠᠯᠲᠠᠨ ᠤᠯᠤᠰ ᠤ᠋ᠨ ᠨᠣᠶᠠᠷᠬᠠᠭᠴᠢᠳ ᠮᠣᠩᠭᠣᠯᠴᠤᠳ ᠊ᠢ ᠡᠵᠡᠮᠰᠢᠯ ᠳ᠋ᠡᠭᠡᠨ ᠣᠷᠣᠭᠤᠯᠬᠤ ᠶ᠋ᠢᠨ ᠲᠥᠯᠥᠭᠡ 《 ᠬᠠᠷᠢ ᠶ᠋ᠢᠨ ᠢ᠋ ᠬᠠᠷᠢ ᠪᠠᠷ ᠨᠢ ᠳᠠᠷᠤᠬᠤ 》 ᠲᠥᠷᠥ ᠶ᠋ᠢᠨ ᠪᠣᠳᠣᠯᠭ᠎ᠠ ᠶ᠋ᠢ  ᠬᠡᠷᠡᠭᠵᠢᠭᠦᠯᠵᠦ ᠮᠣᠩᠭᠣᠯ  ᠠᠢᠮᠠᠭ ᠪᠠ  ᠲᠠᠲ᠋ᠠᠷ ᠤ᠋ᠨ ᠬᠣᠭᠣᠷᠣᠨᠳᠣ ᠥᠳᠥᠭᠡᠨ ᠵᠠᠪᠰᠠᠷᠳᠠᠭᠤᠯᠬᠤ  ᠠᠷᠭ᠎ᠠ ᠪᠠᠷ ᠤᠳᠠᠭ᠎ᠠ ᠳᠠᠷᠠᠭᠠᠯᠠᠨ ᠲᠡᠢᠨ ᠪᠠᠢᠯᠳᠤᠭᠠᠨ  ᠳᠡᠭᠳᠡᠭᠡᠵᠦ ᠮᠣᠩᠭᠣᠯᠴᠤᠳ ᠲᠤ᠌ ᠶᠡᠬᠡ ᠭᠠᠢ ᠪᠣᠯᠵᠤ ᠪᠠᠢᠪᠠ ᠃ ᠨᠡᠩ ᠢᠯᠠᠩᠭᠤᠶ᠎ᠠ ᠠᠮᠪᠠᠭᠠᠢ ᠬᠠᠭᠠᠨ ᠲ᠋ᠠᠲ᠋ᠠᠷ ᠲᠤ᠌ ᠪᠠᠷᠢᠭᠳᠠᠨ ᠠᠯᠲᠠᠨ ᠤᠯᠤᠰ ᠲᠤ᠌  ᠬᠦᠷᠭᠡᠭᠳᠡᠨ ᠵᠦᠷᠴᠢᠨ ᠨᠠᠷ ᠲᠤ᠌ ᠮᠣᠳᠣᠨ ᠳᠡᠭᠡᠷ᠎ᠡ ᠬᠠᠳᠠᠭᠳᠠᠨ ᠠᠯᠠᠭᠳᠠᠭᠰᠠᠨ ᠠ᠋ᠴᠠ ᠬᠣᠢᠰᠢ ᠮᠣᠩᠭᠣᠯᠴᠤᠳ ᠂ ᠬᠣᠲᠠᠯᠠ ᠬᠠᠭᠠᠨ ᠤ᠋ ᠳᠠᠢᠴᠢᠯᠠᠯ ᠤ᠋ᠨ ᠳᠣᠣᠷ᠎ᠠ ᠠᠯᠲᠠᠨ ᠤᠯᠤᠰ ᠤ᠋ᠨ ᠳᠠᠷᠤᠯᠠᠯ ᠊ᠢ ᠡᠰᠡᠷᠭᠦᠴᠡᠬᠦ ᠲᠡᠮᠡᠴᠡᠯ ᠬᠦᠴᠦᠲᠡᠢ ᠥᠷᠨᠢᠵᠡᠢ ᠃1147 ᠣᠨ ᠳ᠋ᠤ᠌ ᠬᠣᠲᠠᠯᠠ ᠬᠠᠭᠠᠨ ᠴᠡᠷᠢᠭ ᠳᠠᠢᠴᠢᠯᠠᠨ ᠠᠯᠲᠠᠨ ᠤᠯᠤᠰ ᠊ᠢ ᠳᠠᠢᠯᠠᠵᠤ ᠬᠦᠴᠦᠷᠬᠡᠭᠯᠡᠯ ᠢ᠋ᠶ᠋ᠡᠷ ᠠᠯᠲᠠᠨ ᠤᠯᠤᠰ ᠲᠠᠢ ᠡᠪᠰᠡᠨ ᠂ ᠠᠯᠲᠠᠨ ᠤᠯᠤᠰ ᠠ᠋ᠴᠠ ᠵᠢᠯ ᠪᠦᠷᠢ ᠠᠳᠤᠭᠤ ᠮᠠᠯ ᠂ ᠠᠮᠤ ᠪᠤᠳᠠᠭ᠎ᠠ ᠵᠡᠷᠭᠡ ᠶ᠋ᠢ ᠲᠡᠰᠬᠡᠨ ᠠᠪᠬᠤ ᠪᠣᠯᠵᠤ ᠨᠢᠭᠡᠨ ᠦᠶ᠎ᠡ ᠠᠯᠲᠠᠨ ᠤᠯᠤᠰ ᠤ᠋ᠨ ᠳᠠᠷᠤᠯᠠᠯ ᠠ᠋ᠴᠠ ᠰᠠᠯᠵᠤ ᠪᠠᠢᠪᠠ ᠃ ( 《建炎以来系年要录 》 ᠳ᠋ᠤ ᠲᠡᠮᠳᠡᠭᠯᠡᠵᠦ ᠪᠣᠢ ) ᠡᠭᠦᠨ ᠦ᠌ ᠵᠡᠷᠭᠡᠳᠡ ᠬᠣᠲᠠᠯᠠ ᠬᠠᠭᠠᠨ ᠪᠠᠰᠠ ᠲ᠋ᠠᠲ᠋ᠠᠷ ᠠᠢᠮᠠᠭ ᠤ᠋ᠨ ᠳᠠᠷᠤᠯᠠᠯ ᠊ᠢ ᠡᠰᠡᠷᠭᠦᠴᠡᠨ ᠲ᠋ᠠᠲ᠋ᠠᠷ ᠲᠠᠢ ᠣᠯᠠᠨ ᠤᠳᠠᠭ᠎ᠠ ᠲᠡᠢᠨ   ᠬᠢᠭᠰᠡᠨ ᠶᠦ᠍ᠮ ᠃ ᠬᠣᠲᠠᠯᠠ ᠬᠠᠭᠠᠨ ᠤ᠋ ᠬᠠᠷᠢ ᠶ᠋ᠢᠨ ᠳᠠᠷᠤᠯᠠᠯ ᠊ᠢ  ᠡᠰᠡᠷᠭᠦᠴᠡᠭᠰᠡᠨ ᠲᠡᠮᠡᠴᠡᠯ ᠨᠢ ᠳᠠᠷᠤᠢ ᠮᠣᠩᠭᠣᠯᠴᠤᠳ ᠪᠦᠯᠬᠦᠮᠳᠡᠨ ᠨᠢᠭᠡᠳᠴᠦ ᠴᠢᠳᠠᠪᠠᠯ  ᠰᠠᠶᠢ ᠬᠠᠷᠢ ᠶ᠋ᠢᠨ ᠳᠠᠷᠤᠯᠠᠯ ᠠ᠋ᠴᠠ ᠠᠩᠭᠢᠵᠢᠷᠠᠨ ᠴᠢᠳᠠᠬᠤ ᠶᠤᠮ ᠭᠡᠰᠡᠨ ᠊ᠢ ᠬᠠᠷᠠᠭᠤᠯᠵᠠᠢ ᠃  

ᠨᠣᠶᠠᠨ ᠡᠳᠡ ᠪᠤᠶᠤ ᠂ ᠬᠠᠪᠤᠯ ᠬᠠᠭᠠᠨ ᠬᠠᠯᠢᠭᠰᠠᠨ ᠬᠣᠢᠨ᠎ᠠ ᠳᠡᠳ᠋ ᠬᠥᠪᠡᠭᠦᠨ ᠪᠠᠷᠳᠠᠮ ᠪᠠᠭᠠᠲᠤᠷ ᠵᠠᠯᠭᠠᠮᠵᠢᠯᠠᠪᠠᠢ ᠳᠡᠭᠦᠦ [ ᠲᠡᠭᠦᠨᠦ ] ᠲᠠᠪᠤᠨ ᠬᠥᠪᠡᠭᠦᠨ① ᠮᠡᠩᠭᠡᠲᠦ ᠬᠢᠶ᠎ᠡ ᠂ ᠨᠡᠭᠦᠨ ᠲᠠᠢᠰᠢ ᠂ ᠢᠰᠦᠭᠡᠢ ᠪᠠᠭᠠᠲᠤᠷ ᠂ ᠣ ᠳᠡᠷᠳᠡᠢ ᠨᠣᠶᠠᠨ ᠂ ᠦᠴᠡᠬᠦ ᠨᠣᠶᠠᠨ ᠡᠳᠡ ᠪᠣᠢ ᠂ ᠪᠠᠷᠳᠠᠮ ᠡᠵᠢᠨ ᠬᠠᠯᠢ‍ᠭᠰᠠᠨ ᠬᠣᠢᠨ᠎ᠠ ᠬᠤᠲᠠᠬᠠᠷ ᠬᠥᠪᠡᠭᠦᠨ ᠢᠰᠦᠭᠡᠢ ᠪᠠᠭᠠᠲᠤᠷ② ᠵᠠᠯᠭᠠᠮᠵᠢᠯᠠᠪᠠᠢ ᠃ ᠯᠢᠶᠧ ᠽᠦ᠍ ᠱᠸᠨ  ᠶᠤᠸᠠᠨ ᠬᠤᠸᠠᠩᠳᠢ③ ᠃ ᠨᠡᠬᠡᠵᠦ   ᠡᠷᠭᠦᠭᠰᠡᠨ ᠴᠣᠯᠠ ᠪᠥᠯᠥᠭᠡ ᠃ 

— — — — 
① 《 ᠮᠣᠩᠭᠣᠯ ᠤ᠋ᠨ ᠨᠢᠭᠤᠴᠠ ᠲᠣᠪᠴᠢᠶᠠᠨ 》 ᠳ᠋ᠤ᠌ 《 ᠪᠠᠷᠲᠠᠨ ᠪᠠᠭᠠᠲᠤᠷ ᠤ᠋ᠨ ᠬᠥᠪᠡᠭᠦᠨ ᠮᠡᠩᠭᠢᠲᠦ ᠬᠢᠶᠠᠨ ᠂ ᠨᠡᠭᠦᠨ ᠳᠠᠢᠰᠢ ᠂ ᠶᠢᠰᠦᠭᠡᠢ ᠪᠠᠭᠠᠲᠤᠷ ᠂ ᠲᠠᠷᠢᠲᠠᠢ ᠣᠤᠠᠴᠢᠭᠢᠨ ᠡᠨᠡ ᠳᠥᠷᠪᠡ ᠪᠥᠯᠥᠭᠡ  ᠭᠡᠵᠡᠢ ᠃ ᠡᠨᠳᠡ 《 ᠣ ᠳᠡᠷᠳᠡᠢ ᠨᠤᠷᠠᠨ ᠂ ᠦᠴᠡᠬᠦ ᠨᠣᠶᠠᠨ 》 ᠭᠡᠵᠦ ᠲᠡᠮᠳᠡᠭᠯᠡᠭᠰᠡᠨ ᠨᠢ 《 ᠲᠠᠷᠢᠲᠠᠢ ᠣᠤᠠᠴᠢᠭᠢᠨ 》 ᠊ᠢ ᠬᠣᠶᠠᠷ ᠬᠥᠮᠦᠨ ᠪᠣᠯᠭᠠᠵᠤ ᠰᠠᠯᠭᠠᠵᠤ ᠲᠡᠮᠳᠡᠭᠯᠡᠭᠰᠡᠨ ᠪᠠᠢᠨ᠎ᠠ ᠃ 《 ᠣᠤᠠᠴᠢᠭᠢᠨ 》ᠪᠣᠯ ᠭᠠᠯ ᠤ᠋ᠨ ᠡᠵᠡᠨ ᠭᠡᠰᠡᠨ ᠤᠳᠬ᠎ᠠ ᠲᠠᠢ ᠲᠢᠶᠥ᠋ᠷᠺ ᠭᠠᠷᠤᠯ ᠤ᠋ᠨ ᠦᠭᠡ ᠶᠦ᠍ᠮ ᠃ 
② ᠢᠰᠦᠭᠡᠢ ᠪᠠᠭᠠᠲᠤᠷ ᠄ ᠳᠠᠷᠤᠢ ᠶᠢᠰᠦᠭᠡᠢ ᠪᠠᠭᠠᠲᠤᠷ ᠪᠤᠶᠤ ᠃ ᠴᠢᠩᠭᠢᠰ ᠬᠠᠭᠠᠨ ᠤ᠋ ᠡᠴᠢᠭᠡ ᠶᠢᠰᠦᠭᠡᠢ ᠪᠠᠭᠠᠲᠤᠷ ᠪᠣᠯ ᠲᠠᠢᠴᠢᠭᠤᠳ ᠠᠢᠮᠠᠭ ᠤ᠋ᠨ ᠠᠬᠠᠮᠠᠳ ᠪᠠᠢᠪᠠ ᠃ ᠮᠥᠨ ᠡᠨᠡ ᠦᠶ᠎ᠡ ᠳ᠋ᠦ᠍ ᠬᠣᠲᠠᠯᠠ ᠬᠠᠭᠠᠨ ᠤ᠋ ᠳᠣᠣᠷ᠎ᠠ ᠴᠡᠷᠢᠭ ᠦ᠋ᠨ ᠨᠣᠶᠠᠨ ᠶᠠᠪᠤᠵᠤ ᠪᠠᠢᠪᠠ ᠃ ᠶᠢᠰᠦᠭᠡᠢ ᠬᠠᠷᠠᠬᠠᠨ ᠪᠠᠭ᠎ᠠ ᠠ᠋ᠴᠠ ᠪᠠᠭᠠᠲᠤᠷ ᠲᠤᠯᠠ ᠶᠢᠰᠦᠭᠡᠢ ᠪᠠᠭᠠᠲᠤᠷ ᠭᠡᠮᠡᠨ ᠠᠯᠳᠠᠷᠰᠢᠪᠠ ᠃ ᠲᠡᠷᠡ 《 ᠠᠷᠪᠠᠨ ᠭᠤᠷᠪᠠᠨ ᠨᠠᠰᠤᠨ ᠳ᠋ᠠᠭᠠᠨ ᠥᠪᠴᠢ ᠬᠤᠶᠠᠭᠲᠤ ᠬᠥᠮᠦᠨ ᠊ᠢ ᠰᠢᠪᠲᠤ ᠬᠠᠷᠪᠤᠨ ᠤᠨᠤᠭᠰᠠᠨ ᠮᠣᠷᠢᠨ ᠊ᠢ ᠢᠨᠤ ᠠᠪᠴᠤ ᠤᠨᠤᠵᠤ ᠳᠤᠲᠠᠭᠠᠨ ᠶᠠᠪᠤᠳᠠᠭ ᠃ 》 ( 《 ᠡᠷᠳᠡᠨᠢ ᠶ᠋ᠢᠨ ᠲᠣᠪᠴᠢ 》 ) ᠪᠠᠢᠵᠠᠢ ᠃ ᠶᠢᠰᠦᠭᠡᠢ ᠪᠠᠭᠠᠲᠤᠷ ᠳᠠᠲ᠋ᠠᠷ ᠠᠢᠮᠠᠭ ᠲᠠᠢ ᠣᠯᠠᠨ ᠤᠳᠠᠭ᠎ᠠ ᠳᠠᠢᠳᠤᠵᠤ ᠶᠠᠪᠤᠪᠠ ᠃ ᠴᠢᠩᠭᠢᠰ ᠊ᠢ ᠶᠢᠰᠦᠨ ᠨᠠᠰᠤᠲᠠᠢ ᠦᠶ᠎ᠡ 1170 ᠣᠨ ᠳ᠋ᠤ᠌ ᠶᠢᠰᠦᠭᠡᠢ ᠪᠠᠭᠠᠲᠤᠷ ᠳᠠᠲ᠋ᠠᠷ ᠠᠢᠮᠠᠭ ᠲᠤ᠌ ᠬᠣᠣᠷᠯᠠᠭᠳᠠᠨ ᠨᠠᠰᠤ ᠪᠠᠷᠠᠪᠠ ᠃ 
③ 《 ᠶᠤᠸᠠᠨ ᠱᠢ 》 ᠳ᠋ᠦ᠍ 《 ᠶᠢᠰᠦᠭᠡᠢ ᠬᠠᠯᠢᠭᠰᠠᠨ ᠤ᠋ ᠬᠣᠢᠨ᠎ᠠ ᡁᠢ ᠶᠤᠸᠠᠨ ᠤ᠋ ᠭᠤᠲᠠᠭᠠᠷ ᠣᠨ (1266 ) ᠤ᠋ ᠠᠷᠪᠠᠨ ᠰᠠᠷ᠎ᠠ ᠳ᠋ᠤ᠌烈祖神元皇帝 ᠭᠡᠮᠡᠨ ᠨᠡᠬᠡᠨ ᠡᠷᠭᠦᠮᠵᠢᠯᠡᠪᠡᠢ 》 ᠭᠡᠵᠡᠢ ᠃ 
 

ᠭᠠᠩᠬ᠋᠎ᠠ ᠶ᠋ᠢᠨ ᠤᠷᠤᠰᠬᠠᠯ ( ᠪᠦᠬᠦ ᠨᠣᠮ ) Гангын урсгал ( бүх ном )