ᠠᠯᠲᠠᠨ ᠶᠣᠩᠬᠤᠷ ᠤᠲᠠᠰᠤАлтан ёнхор утас ᠤᠷᠲᠤ ᠶ᠋ᠢᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠲᠠᠨ ᠶᠣᠩᠬᠤᠷ ᠤᠲᠠᠰᠤАлтан ёнхор утас

ᠠᠯᠲᠠᠨ ᠶᠣᠩᠬᠤᠷ ᠤᠲᠠᠰᠤАлтан ёнхор утас

2023-04-12

277

ᠠᠯᠲᠠᠨ ᠶᠣᠩᠬᠤᠷ ᠤᠲᠠᠰᠤ 

  ᠣᠷᠳᠣᠰ ᠭᠦᠷᠦ ᠳᠠᠭᠤᠤ

ᠠᠯᠲᠠᠨ ᠶᠣᠩᠬᠣᠷ ᠤᠲᠠᠰᠤ ᠨᠢ

ᠲᠠᠲᠠᠬᠤᠢ ᠳᠤ ᠡᠷᠴᠢᠮ ᠲᠠᠢ

ᠠᠪᠤ ᠶᠢᠨ ᠬᠠᠢᠷᠠᠲᠤ ᠦᠷ᠎ᠡ ᠶᠢ ᠪᠡᠨ

ᠰᠠᠨᠠᠬᠤᠢ ᠳᠤ ᠪᠠᠨ ᠵᠣᠷᠢᠭ ᠲᠠᠢ᠃


ᠴᠠᠭᠠᠨ ᠶᠣᠩᠬᠤᠷ ᠤᠲᠠᠰᠤ ᠨᠢ

ᠲᠠᠲᠠᠬᠤᠢ ᠳᠤ ᠡᠷᠴᠢᠮ ᠲᠠᠢ

ᠡᠵᠢ ᠶᠢᠨ ᠬᠠᠢᠷᠠᠲᠤ ᠦᠷ᠎ᠡ ᠨᠢ

ᠵᠣᠪᠠᠬᠤᠢ ᠳᠤ ᠪᠠᠨ ᠵᠣᠷᠢᠭ ᠲᠠᠢ᠃


ᠨᠣᠭᠣᠭᠠᠨ ᠶᠣᠩᠬᠤᠷ ᠤᠲᠠᠰᠤ ᠨᠢ

ᠲᠠᠲᠠᠬᠤᠢ ᠳᠤ ᠡᠷᠴᠢᠮ ᠲᠠᠢ

ᠡᠵᠢ ᠶᠢᠨ ᠭᠠᠭᠴᠠ ᠦᠷ᠎ᠡ ᠨᠢ

ᠵᠣᠪᠠᠬᠤᠢ ᠳᠤ ᠪᠠᠨ ᠵᠣᠷᠢᠭ ᠲᠠᠢ᠃