ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ Гангын урсгал – Чингис  эзний алтан ургийн түүх  Канкны урсгал нэрт бичиг оршив ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ Гангын урсгал – Чингис  эзний алтан ургийн түүх  Канкны урсгал нэрт бичиг оршив

ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ Гангын урсгал – Чингис  эзний алтан ургийн түүх  Канкны урсгал нэрт бичиг оршив

ᠠᠩᠭᠢᠯᠠᠯ:ᠲᠡᠦᠬᠡ ᠰᠣᠶᠣᠯ
2023-04-12

400

ᠴᠢᠩᠭᠢᠰ ᠡᠵᠡᠨ  ᠦ᠌ ᠠᠯᠲᠠᠨ ᠤᠷᠤᠭ  ᠤ᠋ᠨ ᠲᠡᠦᠬᠡ ᠺᠠᠩᠺᠠ  ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ


    ᠪᠤᠲᠠᠨᠴᠢᠷ ᠠ᠋ᠴᠠ ᠲᠥᠷᠥᠭᠰᠡᠨ ᠬᠣᠶᠠᠷ  ᠬᠥᠪᠡᠭᠦᠨ ᠊ᠢ  ᠢᠨᠤ ᠪᠠᠷᠢᠵᠤ  ᠠᠪᠤᠭᠰᠠᠨ ᠡᠮ᠎ᠡ ᠡᠴᠡ  ᠲᠥᠷᠥᠭᠰᠡᠨ ᠪᠠᠬᠠᠷᠲᠠᠢ ①  ᠬᠠᠨ ᠢᠬᠤᠷ ② ᠲᠤ᠌ ᠬᠠᠪᠢᠴᠢ ᠪᠠᠭᠠᠲᠤᠷ ᠭᠡᠮᠡᠨ ᠨᠡᠷᠡᠢᠳᠪᠡ  ᠬᠠᠪᠢᠴᠢ ᠶ᠋ᠢᠨ ᠬᠥᠪᠡᠭᠦᠨ  ᠪᠠᠬᠢᠷ ᠪᠠᠭᠠᠲᠤᠷ ᠲᠡᠭᠦᠨ ᠦ᠌ ᠬᠥᠪᠡᠭᠦᠨ  ᠮᠠᠬ᠎ᠠ ᠳᠤᠲᠠᠨ  ᠪᠢᠯᠡ ᠂ ᠡᠭᠦᠨ ᠦ᠌ ᠬᠦᠦ ᠬᠠᠴᠢ ᠬᠦᠯᠦᠭ ᠮᠥᠨ 
      ᠠᠴᠢᠲᠤ ᠢᠶ᠋ᠭᠤᠷ ᠬᠢᠭᠡᠳ ᠦᠨᠳᠦᠰᠦᠨ ᠪᠯᠠᠮ᠎ᠠ  ᠢᠳᠠᠮ ᠭᠤᠷᠪᠠᠨ ᠡᠷᠳᠡᠨᠢ ③ ᠂ 
      ᠠᠬᠤᠢ ᠶᠡᠬᠡ ᠲᠦᠭᠡᠮᠡᠯ ᠡᠭᠦᠰᠬᠡᠨ  ᠲᠡᠳᠬᠦᠭᠴᠢ ᠬᠥᠬᠡ ᠮᠥᠩᠬᠡ ᠲᠡᠭᠷᠢ ᠂ 
      ᠠᠯᠢᠨ᠎ᠠ ᠡᠰᠢ ᠥᠭᠲᠡᠭᠡᠳ ᠰᠠᠢᠨ ᠪᠤᠶᠠᠨ ᠪᠠᠲᠤ ᠶᠢᠷᠦᠭᠡᠷ [ ᠢᠷᠥᠬᠡᠷ ] ᠦ᠋ᠨ ᠬᠦᠴᠦᠪᠡᠷ ᠂ 

 — — — — 
① 《 ᠮᠣᠩᠭᠣᠯ ᠤ᠋ᠨ ᠨᠢᠭᠤᠴᠠ ᠲᠣᠪᠴᠢᠶᠠᠨ 》 ᠳ᠋ᠤ᠌ ᠪᠠᠭᠠᠷᠢᠳᠠᠢ ᠃ 
② ᠢᠵᠠᠭᠤᠷ ᠭᠡᠰᠡᠨ ᠊ᠢ  ᠡ‍  —  ᠊ᠢ᠍᠊ — ᠊ᠬᠤᠷ ᠭᠡᠪᠡ ᠃ 
③ ᠢᠳᠠᠮ ᠭᠡᠵᠦ ᠪᠤᠷᠬᠠᠨ ᠤ᠋ ᠨᠡᠷ᠎ᠡ ᠂ ᠡᠨᠳᠡ ᠪᠤᠷᠬᠠᠨ ᠭᠤᠷᠪᠠᠨ ᠡᠷᠳᠡᠨᠢ ᠭᠡᠰᠡᠨ ᠤᠳᠬ᠎ᠠ ᠪᠠᠷ ᠬᠡᠷᠡᠭᠯᠡᠵᠡᠢ ᠃ ᠪᠤᠷᠬᠠᠨ ᠱᠠᠰᠢᠨ ᠤ᠋ ᠤᠬᠠᠭᠠᠨ ᠳ᠋ᠤ᠌ ᠥᠭᠦᠯᠡᠳᠡᠭ 《 ᠭᠤᠷᠪᠠᠨ ᠡᠷᠳᠡᠨᠢ 》 ᠭᠡᠳᠡᠭ ᠨᠢ ᠪᠤᠷᠬᠠᠨ ᠂ ᠨᠣᠮ ᠂ ᠪᠤᠷᠰᠡᠭ ᠬᠤᠸᠠᠷᠠᠭ ( ᠯᠠᠮᠠ ᠂ ᠯᠠᠮᠠ ᠶ᠋ᠢᠨ ᠬᠤᠷᠠᠯ ) ᠭᠤᠷᠪᠠ ᠪᠣᠯᠤᠨ᠎ᠠ ᠃  

        ᠠᠯᠲᠠᠨ ᠲᠠᠯᠬᠢ [ ᠳᠡᠯᠡᠬᠡᠢ ] ᠶ᠋ᠢ ᠡᠵᠡᠯᠡᠭᠰᠡᠨ ᠰᠣᠳᠣ  ᠪᠣᠭᠳᠠ ᠴᠢᠩᠭᠢᠰ ᠬᠠᠭᠠᠨ ᠢᠯᠠᠲᠤᠭᠠᠢ  ᠂ 
        ᠥᠯᠢᠰᠢ ᠦᠭᠡᠢ ᠬᠦᠴᠦᠨ  ᠬᠦᠷᠳᠦᠨ ᠊ᠢ ᠣᠷᠴᠢᠭᠤᠯᠤᠭᠴᠢ ① ᠲᠡᠷᠬᠦ ᠪᠣᠭᠳᠠ ᠬᠢᠭᠡᠳ ᠂
        ᠦᠷ᠎ᠡ ᠦᠨᠳᠦᠰᠦᠨ ᠪᠠ ᠤᠭ  ᠨᠢᠭᠡᠲᠡ ᠳᠣᠲᠣᠭᠠᠳᠤ ᠭᠠᠳᠠᠭᠠᠳᠤ ᠬᠠᠳ ᠨᠣᠶᠠᠳ ᠤ᠋ᠨ  ᠂ 
        ᠦᠯᠡᠮᠵᠢ ᠪᠢᠯᠭᠡ ᠪᠢᠯᠢᠭ ᠪᠣᠯᠤᠭᠰᠠᠨ  ᠭᠠᠢᠬᠠᠮᠰᠢᠭ ᠳᠡᠭᠡᠳᠦ ᠰᠦᠷ ᠰᠦᠯᠳᠡ ᠳ᠋ᠦ᠍ᠷ ᠂
        ᠦᠨᠡᠨ ᠰᠡᠳᠬᠢᠯ ᠴᠢᠩ ᠪᠢᠰᠷᠡᠯ [ ᠪᠢᠰᠢᠷᠡᠯ ] ᠢ᠋ᠶ᠋ᠡᠷ ᠪᠦᠬᠦᠨ ᠡᠴᠡ ᠰᠥᠰᠥᠯᠡᠨ ᠵᠠᠯᠪᠠᠷᠢᠮᠤᠢ ᠂
        ᠢᠮᠠᠭᠲᠠ ᠬᠣᠴᠤᠷᠯᠢ ᠦᠭᠡᠢ ᠲᠡᠳᠡᠭᠡᠷ ᠦ᠋ᠨ ᠢᠪᠡᠭᠡᠯ ᠠᠪᠤᠷᠠᠯ ᠯᠣᠬ᠎ᠠ ᠰᠡᠯᠲᠡᠨ ②  ᠂
        ᠢᠯᠠᠩᠭᠤᠶ᠎ᠠ ᠨᠡᠷ᠎ᠡ ᠠᠯᠳᠠᠷ ᠲᠡᠭᠦᠯᠳᠡᠷ ᠳᠠᠭᠤᠷᠢᠰᠬᠠᠰᠠᠨ ᠰᠡᠴᠡᠨ ᠵᠢᠨᠦᠩ ᠴᠡᠸᠠᠩ③ ᠂ 

 — — — — 
① ᠡᠷᠲᠡᠨ ᠦ᠌ ᠡᠨᠡᠳᠬᠡᠭ ᠦ᠋ᠨ ᠬᠠᠭᠠᠨ  ᠴᠡᠭᠷᠡᠸᠡᠷᠳᠢ   ᠬᠠᠭᠠᠨ ᠊ᠢ ᠮᠣᠩᠭᠣᠯ ᠤ᠋ᠨ ᠡᠷᠲᠡᠨ ᠦ᠌ ᠲᠡᠦᠬᠡᠨ  ᠰᠤᠷᠪᠤᠯᠵᠢ ᠳ᠋ᠤ᠌ ᠬᠦᠷᠳᠦᠨ  ᠣᠷᠴᠢᠭᠤᠯᠤᠭᠴᠢ ᠂ ᠬᠦᠷᠳᠦᠨ ᠡᠷᠭᠢᠭᠦᠯᠦᠭᠴᠢ ᠂ ᠠᠯᠲᠠᠨ ᠬᠦᠷᠳᠦᠨ ᠡᠷᠭᠢᠭᠦᠯᠦᠭᠴᠢ ᠭᠡᠵᠦ ᠣᠷᠴᠢᠭᠤᠯᠤᠨ ᠲᠡᠮᠳᠡᠭᠯᠡᠭᠰᠡᠨ  ᠪᠠᠢᠳᠠᠭ ᠃ 
②  ᠰᠡᠯᠲᠡᠨ ᠄ ᠰᠡᠯᠲᠡ ᠶ᠋ᠢᠨ ᠣᠯᠠᠨ ᠲᠣᠭ᠎ᠠ ᠪᠣᠯᠤᠨ᠎ᠠ ᠃ ᠵᠡᠷᠭᠡ ᠂ ᠬᠠᠮᠲᠤ ᠭᠡᠰᠡᠨ ᠤᠳᠬ᠎ᠠ ᠲᠠᠢ ᠃ 
③ ᠦᠵᠦᠮᠦᠴᠢᠨ ᠪᠠᠷᠠᠭᠤᠨ ᠭᠠᠷᠤᠨ ᠵᠠᠰᠠᠭ  ᠬᠣᠱᠣᠢ ᠰᠡᠴᠡᠨ ᠴᠢᠨ ᠸᠠᠩ  ᠳᠣᠷᠵᠢ ᠶ᠋ᠢ ᠬᠡᠯᠡᠵᠡᠢ ᠃ ᠠᠳᠠ 《 ᠴᠢᠨ ᠸᠠᠩ 》 ᠭᠡᠰᠡᠨ  ᠊ᠢ   ᠨᠡᠢᠯᠡᠭᠦᠯᠵᠦ ᠪᠢᠴᠢᠬᠦ ᠳ᠋ᠡᠭᠡᠨ 《 ᠴᠡᠸᠠᠩ 》 ᠭᠡᠵᠦ  ᠰᠢᠳᠦ ᠳᠤᠲᠠᠭᠤ  ᠪᠢᠴᠢᠭᠰᠡᠨ ᠪᠣᠯᠤᠯᠲᠠᠢ ᠃《 ᠢᠯᠡᠳᠬᠡᠯ ᠱᠠᠰᠲᠢᠷ 》 ᠲᠤ᠌ ᠲᠡᠮᠳᠡᠭᠯᠡᠭᠰᠡᠨ ᠨᠢ ᠄ 《 ᠵᠢᠷᠭᠤᠳᠤᠭᠠᠷ (1667 ) ᠵᠠᠷᠯᠢᠭ ᠢ᠋ᠶ᠋ᠠᠷ ᠳᠣᠷᠵᠢ ᠶ᠋ᠢ ᠵᠠᠰᠠᠭ ᠬᠣᠱᠣᠢ ᠰᠡᠴᠡᠨ ᠴᠢᠨ  ᠸᠠᠩ  ᠡᠷᠭᠦᠮᠵᠢᠯᠡᠪᠡᠢ ᠂ ᠡᠶᠡᠪᠡᠷ ᠵᠠᠰᠠᠭᠴᠢ ᠶ᠋ᠢᠨ ᠭᠤᠷᠪᠠᠳᠤᠭᠠᠷ ᠣᠨ ᠵᠠᠷᠯᠢᠭ ᠢ᠋ᠶ᠋ᠠᠷ ᠰᠡᠷᠡᠩ ᠊ᠢ ᠵᠠᠰᠠᠭ ᠲᠥᠷᠥ ᠶ᠋ᠢᠨ ᠡᠷᠳᠡᠨᠢ  ᠪᠡᠢᠯᠡ ᠡᠷᠭᠦᠮᠵᠢᠯᠡᠭᠡᠳ ᠂ ᠳᠣᠷᠵᠢ ᠶ᠋ᠢ ᠵᠡᠭᠦᠨ ᠭᠠᠷ ( ᠪᠠᠷᠠᠭᠤᠨ ᠭᠠᠷ ) ᠊ᠢ ᠵᠠᠬᠢᠷᠭᠠᠵᠤ ᠂ ᠰᠡᠷᠡᠩ ᠊ᠢ ᠪᠠᠷᠠᠭᠤᠨ ᠭᠠᠷ ( ᠵᠡᠭᠦᠨ ᠭᠠᠷ ) ᠊ᠢ ᠵᠠᠬᠢᠷᠬᠠᠪᠠᠢ 》 ᠭᠡᠵᠡᠢ ᠃ 

        ᠢᠯᠢᠭᠡᠶ᠎ᠠ [ ᠢᠯᠡᠷᠬᠡᠢ  ] ᠲᠠᠪᠤᠨ ᠤᠬᠠᠭᠠᠨ ① ᠤ᠋ ᠣᠷᠣᠨ ᠊ᠢ ᠲᠣᠬᠣᠯᠣᠭᠰᠠᠨ ᠠᠴᠢᠲᠤ ᠬᠣᠩ ᠲᠠᠢᠵᠤ ② ᠂
        ᠢᠨᠠᠳᠤ ᠴᠢᠨᠠᠳᠤ ᠬᠣᠣᠰ ᠶᠣᠰᠣᠨ᠎ᠠ③ ᠮᠡᠷᠭᠡᠨ ᠴᠠᠬᠠᠨ④ ᠨᠡᠷᠡᠲᠦ ᠲᠠᠨ ᠠᠰᠠᠷᠠᠲᠣᠬᠠᠢ᠃
    ᠲᠩᠷᠢᠯᠠᠭ᠌ ᠡᠵᠡᠨ ᠦ᠌ ᠠᠯᠲᠠᠨ ᠤᠷᠤᠭ ᠤ᠋ᠨ ᠬᠤᠤᠯ ᠰᠠᠯᠠᠭᠠᠨ ᠊ᠢ ᠶᠡᠬᠡ ᠠᠷᠤᠬᠤᠪᠠᠴᠢᠯᠠᠨ ⑤ ᠲᠡᠳᠦᠢ ᠡᠳᠦᠢ ᠲᠣᠪᠴᠢᠯᠠᠬᠤ ᠶ᠋ᠢ ᠬᠦᠰᠡᠭᠴᠢᠳ ᠳᠠᠬᠢᠨ ᠳᠠᠬᠢᠨ  ᠰᠠᠨᠠᠭᠤᠯᠤᠭᠰᠠᠨ ᠢ᠋ᠶ᠋ᠠᠷ ᠲᠡᠳᠡᠭᠡᠷ ᠦ᠋ᠨ ᠳᠤᠷᠠᠴᠢᠯᠠᠨ ᠪᠠᠶᠠᠰᠤᠭᠠᠳ ᠡᠪᠯᠡᠭᠦᠯᠦᠨ ᠦᠢᠯᠡᠳᠬᠦᠶ᠎ᠡ ᠲᠤᠭᠤᠷᠪᠢᠵᠤ ᠪᠦᠷ ᠦ᠋ᠨ ᠲᠡᠦᠬᠡ ᠰᠤᠳᠤᠷ ᠨᠤᠭᠤᠳ ᠠ᠋ᠴᠠ ᠴᠣᠬᠤᠯᠵᠤ ᠠᠪᠤᠭᠠᠳ ᠵᠡᠷᠭᠡ ᠪᠡᠷ ᠪᠢᠴᠢᠪᠡᠢ ᠃ 

 — — — — 
① ᠮᠣᠩᠭᠣᠯ ᠰᠤᠷᠪᠤᠯᠵᠢ ᠪᠢᠴᠢᠭ ᠦ᠋ᠳ ᠲᠦ᠍ 《 ᠭᠠᠨᠵᠤᠤᠷ 》  ᠂《 ᠳ᠋ᠠᠨᠵᠤᠤᠷ 》 ᠊ᠢ ᠲᠠᠪᠤᠨ ᠤᠬᠠᠭᠠᠨ ᠤ᠋ ᠨᠣᠮ ᠭᠡᠳᠡᠭ ᠃ 
② ᠠᠴᠢᠲᠤ ᠬᠣᠩ   ᠲᠠᠢᠵᠤ ᠄ ᠷᠠᠰᠢᠫᠤᠩᠰᠤᠭ ᠤ᠋ᠨ 《 ᠪᠣᠯᠣᠷ ᠡᠷᠢᠭᠡ 》 ᠳ᠋ᠦ᠍ 《 ᠰᠡᠴᠡᠨ ᠵᠢᠨᠦᠩ ᠳᠣᠷᠵᠢ ᠶ᠋ᠢᠨ ᠭᠤᠲᠠᠭᠠᠷ ᠬᠥᠪᠡᠭᠦᠨ ᠠᠴᠢᠲᠤ ᠬᠣᠩ  ᠲᠠᠢᠵᠢ 》 ᠭᠡᠰᠡᠨ ᠪᠠ ᠮᠥᠨ 《ᠭᠠᠩᠭ᠎ᠠ ᠶ᠋ᠢᠨ ᠤᠷᠤᠰᠬᠠᠯ ᠤ᠋ᠨ 》 《 ᠦᠵᠦᠮᠦᠴᠢᠨ ᠨᠣᠶᠠᠳ ᠤ᠋ᠨ ᠤᠭ 》 ᠲᠤ᠌ 《 ᠵᠢᠨᠦᠩ ᠰᠡᠴᠡᠨ ᠴᠢᠨ ᠸᠠᠩ ᠬᠡᠷᠡᠭ ᠪᠣᠯᠤᠭᠰᠠᠨ ᠬᠣᠢᠨ᠎ᠠ ᠂ ᠠᠴᠢᠲᠤ ᠬᠣᠩ  ᠲᠠᠢᠵᠢ ᠤᠷᠢᠳᠠ ᠬᠣᠴᠣᠷᠤᠭᠰᠠᠨ ᠢ᠋ᠶ᠋ᠠᠷ ᠲᠡᠭᠦᠨ ᠦ᠌ ᠤᠭ ᠲᠤ᠌ ᠠᠴᠢ ᠠᠨᠤ ᠰᠡᠴᠡᠨ ᠴᠢᠨ ᠸᠠᠩ ᠴᠠᠭᠠᠨ  ᠪᠠᠪᠠᠢ ᠵᠠᠯᠭᠠᠮᠵᠢᠯᠠᠪᠠᠢ 》 ᠭᠡᠵᠡᠢ ᠃ 
③ᠬᠣᠣᠰ ᠶᠣᠰᠣᠨ ᠄ ᠮᠣᠩᠭᠣᠯ ᠤ᠋ᠨ  ᠡᠷᠲᠡᠨ ᠦ᠌ ᠰᠤᠷᠪᠤᠯᠵᠢ ᠪᠢᠴᠢᠭ ᠦ᠋ᠳ ᠲᠦ᠍ 《 ᠱᠠᠰᠢᠨ ᠂ ᠲᠥᠷᠥ ᠬᠣᠶᠠᠷ ᠶᠣᠰᠣᠨ ᠊ᠢ ᠵᠡᠷᠭᠡᠪᠡᠷ  ᠮᠠᠨᠳᠤᠭᠤᠯᠤᠭᠰᠠᠨ ᠁  ᠁ 》 ᠭᠡᠬᠦ ᠮᠡᠲᠦᠴᠢᠯᠡᠨ ᠲᠡᠮᠲᠡᠭ᠍ᠯᠡᠳᠡᠭ ᠃ 
④ ᠴᠠᠬᠠᠨ ᠄ ᠴᠠᠭᠠᠨ ᠃ ᠡᠨᠳᠡ ᠡᠷᠬᠢᠮ ᠳᠡᠭᠡᠳᠦ ᠭᠡᠰᠡᠨ ᠤᠳᠬ᠎ᠠ ᠪᠠᠷ ᠬᠡᠷᠡᠭᠯᠡᠵᠡᠢ ᠃ 
⑤ ᠢᠷᠤᠬᠤᠪᠠᠴᠢᠯᠠᠨ ᠄ ᠨᠢᠷᠤᠭᠤᠪᠠᠴᠢᠯᠠᠨ ᠭᠡᠰᠡᠨ ᠊ᠢ ᠪᠤᠷᠤᠭᠤ ᠪᠢᠴᠢᠭᠰᠡᠨ ᠪᠠᠢᠨ᠎ᠠ᠃   

ᠭᠠᠩᠬ᠋᠎ᠠ ᠶ᠋ᠢᠨ ᠤᠷᠤᠰᠬᠠᠯ ( ᠪᠦᠬᠦ ᠨᠣᠮ ) Гангын урсгал ( бүх ном )