ᠮᠥᠯᠵᠢᠯ ᠳᠦ ᠮᠢᠩᠭᠠᠨ ᠠᠷᠭ᠎ᠠ ᠲᠠᠢ – ᠬᠠᠰᠪᠠᠷᠰ Мөлжилд мянган аргатай – Хасбарс
ᠮᠥᠯᠵᠢᠯ ᠳᠦ ᠮᠢᠩᠭᠠᠨ ᠠᠷᠭ᠎ᠠ ᠲᠠᠢ
ᠳᠠᠷᠮᠠᠵᠠᠪ ᠡᠨᠡ ᠬᠡᠳᠦᠨ ᠡᠳᠦᠷ ᠲᠣᠩ ᠤᠷᠮ᠎ᠠ ᠦᠭᠡᠢ ᠭᠡᠷ ᠲᠡᠭᠡᠨ ᠰᠠᠭᠤᠵᠤ ᠪᠠᠶ᠋ᠢᠪᠠ ᠃ ᠤᠴᠢᠷ ᠨᠢ ᠶᠣᠰᠢ ᠭᠡᠳᠡᠭ ᠪᠠᠶᠠᠨ ᠤ᠋ ᠳ᠋ᠤ᠌ ᠨᠢᠭᠡ ᠪᠢᠷᠠᠭᠤ ᠪᠠᠷ ᠵᠢᠷᠭᠤᠭᠠᠨ ᠰᠠᠷ᠎ᠠ ᠬᠦᠴᠦ ᠶᠠᠪᠤᠭᠠᠳ ᠭᠠᠷᠴᠤ ᠢᠷᠡᠬᠦ ᠦᠶ᠎ᠡ ᠳ᠋ᠦ᠍ ᠶᠣᠰᠢ ᠪᠠᠶᠠᠨ ᠄ 《 ᠴᠢᠮᠠᠲᠤ ᠥᠭᠬᠦ ᠭᠡᠰᠡᠨ ᠪᠢᠷᠠᠭᠤ ᠰᠢᠪᠠᠷᠳᠠᠭᠠᠳ ᠦᠬᠦᠴᠢᠬᠡᠵᠡᠢ 》 ᠭᠡᠳ ᠶᠠᠭᠤ ᠴᠤ᠌ ᠥᠭᠭᠦᠭᠰᠡᠨ ᠦᠭᠡᠢ ᠃
ᠶᠣᠰᠢ ᠪᠠᠶᠠᠨ ᠤ᠋ ᠬᠠᠷᠭᠢᠰ ᠲᠤ᠌ ᠳᠠᠷᠮᠠᠵᠠᠪ ᠲᠤᠶ᠋ᠢᠯ ᠢ᠋ᠶ᠋ᠠᠷ ᠬᠣᠷᠣᠰᠴᠤ ᠰᠠᠭᠤᠲᠠᠯ᠎ᠠ ᠂ ᠲᠡᠳᠡᠨ ᠦ᠌ ᠬᠢᠨ ᠡᠴᠡ ᠵᠢᠷᠠ ᠳᠠᠯᠠᠨ ᠭᠠᠵᠠᠷ ᠬᠣᠯᠠ ᠰᠠᠭᠤᠵᠤ ᠪᠠᠶ᠋ᠢᠬᠤ ᠬᠣᠶᠠᠷ ᠮᠢᠩᠭ᠎ᠠ ᠭᠠᠷᠤᠢ ᠬᠣᠨᠢ ᠲᠠᠢ ᠵᠠᠭᠤ ᠭᠠᠷᠤᠢ ᠦᠬᠡᠷ ᠲᠡᠢ ᠣᠤᠠᠰᠥ᠋ᠷᠦᠩ ᠭᠡᠳᠡᠭ ᠪᠠᠶᠠᠨ ᠲᠡᠭᠦᠨ ᠊ᠢ ᠬᠦᠴᠦ ᠬᠥᠯᠥᠰᠥᠯᠡᠵᠦ ᠠᠪᠬᠤ ᠪᠠᠷ ᠡᠷᠢᠵᠦ ᠢᠷᠡᠪᠡ ᠃ ᠲᠡᠷᠡ ᠦᠶ᠎ᠡ ᠳ᠋ᠦ᠍ ᠶᠠᠳᠠᠭᠤ ᠬᠥᠮᠦᠨ ᠪᠠᠶᠠᠳ ᠨᠣᠶᠠᠳ ᠊ᠢ ᠡᠷᠢᠵᠦ ᠬᠦᠴᠦ ᠶᠠᠪᠤᠵᠤ ᠠᠮᠢ ᠵᠠᠭᠤᠳᠠᠭ ᠠ᠋ᠴᠠ ᠪᠢᠰᠢ ᠂ ᠪᠠᠶᠠᠳ ᠨᠣᠶᠠᠳ ᠶᠠᠳᠠᠭᠤ ᠬᠥᠮᠦᠨ ᠊ᠢ ᠡᠷᠢᠵᠦ ᠣᠴᠢᠳᠠᠭ ᠤᠴᠢᠷ ᠲᠤᠩ ᠬᠣᠪᠣᠷ ᠪᠢᠯᠡ ᠃ ᠣᠤᠠᠰᠥ᠋ᠷᠦᠩ ᠳᠠᠷᠮᠠᠵᠠᠪ ᠲᠠᠢ ᠠᠭᠤᠯᠵᠠᠭᠠᠳ ᠂ ᠪᠦᠳᠦᠭᠦᠨ ᠬᠠᠮᠠᠷ ᠢ᠋ᠶ᠋ᠠᠨ ᠰᠡᠷᠲᠡᠯᠵᠡᠭᠦᠯᠦᠨ ᠂ ᠵᠡᠷᠲᠡᠭᠡᠷ ᠨᠢᠳᠦ ᠪᠡᠨ ᠠᠨᠢᠪᠴᠢᠵᠤ ᠂ ᠨᠢᠭᠡ ᠰᠣᠨᠢᠬᠠᠨ ᠢᠨᠢᠶᠡᠭᠡᠳ ᠳᠠᠷᠮᠠᠵᠠᠪ ᠊ᠢ ᠬᠥᠯᠥᠰᠥᠯᠡᠵᠦ ᠬᠣᠨᠢ ᠬᠠᠷᠢᠭᠤᠯᠠᠭᠤᠯᠬᠤ ᠰᠠᠨᠠᠭ᠎ᠠ ᠪᠠᠨ ᠬᠡᠯᠡᠪᠡ ᠃ ᠵᠠᠯᠭᠠᠭᠠᠳ ᠪᠠᠰᠠ ᠰᠡᠷᠪᠡᠭᠡᠷ ᠰᠠᠬᠠᠯ ᠢ᠋ᠶ᠋ᠠᠨ᠄ 《 ᠴᠢ ᠨᠠᠳᠠᠳᠤ ᠵᠢᠷᠭᠤᠭᠠᠨ ᠰᠠᠷ᠎ᠠ ᠬᠦᠴᠦ ᠶᠠᠪᠤᠵᠤ ᠥᠭᠪᠡᠯ ᠪᠢ ᠲᠠᠪᠢᠨ ᠬᠣᠨᠢ ᠥᠭᠴᠦ ᠰᠠᠭᠠᠯᠭᠠᠬᠤ ᠪᠠᠷ ᠪᠠᠷᠠᠬᠤ ᠦᠭᠡᠢ ᠵᠤᠨ ᠨᠠᠮᠤᠷ ᠤ᠋ᠨ ᠨᠣᠣᠰᠣ ᠶ᠋ᠢ ᠨᠢ ᠪᠠᠰᠠ ᠪᠦᠷ ᠥᠭᠭᠦᠨ᠎ᠡ ᠃ ᠳᠡᠭᠡᠷ᠎ᠡ ᠨᠢ ᠪᠠᠰᠠ ᠨᠢᠭᠡ ᠪᠦᠬᠦᠯᠢ ᠪᠥᠰ ᠂ ᠨᠢᠭᠡ ᠵᠦᠢᠷᠡᠢ ᠰᠢᠨ᠎ᠡ ᠪᠤᠯᠢᠭᠠᠷᠢᠨ ᠭᠤᠲᠤᠯ ᠥᠭᠭᠦᠨ᠎ᠡ 》 ᠭᠡᠵᠦ ᠶᠡᠬᠡ ᠯᠡ ᠳᠣᠲᠣᠨᠣᠰᠣᠭ ᠬᠡᠯᠡᠪᠡ ᠃ ᠳᠠᠷᠮᠠᠵᠠᠪ ᠠᠷᠪᠠᠨ ᠬᠡᠳᠦᠨ ᠵᠢᠯ ᠪᠤᠰᠤᠳ ᠤ᠋ᠨ ᠬᠣᠨᠢ ᠦᠬᠡᠷ ᠊ᠢ ᠬᠠᠷᠢᠭᠤᠯᠤᠨ ᠵᠠᠷᠤᠭᠳᠠᠵᠤ ᠶᠠᠪᠤᠬᠤ ᠳ᠋ᠠᠭᠠᠨ ᠡᠶ᠋ᠢᠮᠦ ᠬᠥᠩᠭᠡᠨ ᠵᠠᠩ ᠲᠠᠢ ᠪᠠᠶᠠᠨ ᠊ᠢ ᠶᠡᠷᠦ ᠣᠯᠵᠤ ᠦᠵᠡᠭᠰᠡᠨ ᠦᠭᠡᠢ ᠃ ᠲᠡᠭᠦᠨ ᠊ᠢ ᠶᠣᠨᠲᠣᠨ ᠯᠠᠮᠠ ᠪᠠ ᠶᠣᠰᠢ ᠪᠠᠶᠠᠨ ᠲᠠᠢ ᠠᠳᠠᠯᠢᠳᠬᠠᠵᠤ ᠦᠵᠡᠪᠡᠯ ᠵᠦᠭᠡᠷ ᠰᠢᠭ ᠬᠥᠮᠦᠨ ᠪᠣᠯᠬᠣᠷ ᠡᠨᠡ ᠯᠠᠪ ᠰᠠᠢᠨ ᠬᠥᠮᠦᠨ ᠪᠣᠯᠤᠯᠲᠠᠢ ᠭᠡᠵᠦ ᠪᠣᠳᠣᠭᠠᠳ ᠂ ᠬᠡᠯᠡᠭᠰᠡᠨ ᠶᠣᠰᠣᠭᠠᠷ ᠨᠢ ᠵᠥᠪᠰᠢᠶᠡᠷᠡᠵᠦ ᠂ ᠭᠡᠷ ᠢ᠋ᠶ᠋ᠡᠨ ᠠᠪᠤᠨ ᠣᠤᠠᠰᠥ᠋ᠷᠦᠩ ᠦ᠋ᠨ ᠭᠠᠳᠠᠨ᠎ᠠ ᠪᠠᠭᠤᠪᠠ ᠃
ᠳᠠᠷᠮᠠᠵᠠᠪ ᠡᠭᠦᠳᠡᠨ ᠳ᠋ᠦ᠍ ᠨᠢ ᠢᠷᠡᠵᠦ ᠪᠠᠭᠤᠬᠤ ᠲᠠᠢ ᠵᠡᠷᠭᠡ ᠣᠤᠠᠰᠥ᠋ᠷᠦᠩ ᠶᠡᠬᠡ ᠯᠡ ᠬᠥᠩᠭᠡᠨ ᠱᠦᠩᠭᠡᠨ ᠮᠠᠶᠢᠬ ᠭᠠᠷᠭᠠᠵᠤ ᠭᠡᠷ ᠲᠦ᠋ᠨᠢ ᠢᠷᠡᠭᠡᠳ ᠵᠡᠷᠲᠡᠭᠡᠷ ᠨᠢᠳᠦ ᠪᠡᠨ ᠠᠨᠢᠪᠠᠯᠵᠠᠭᠤᠯᠤᠭᠰᠠᠭᠠᠷ ᠄ 《 ᠳᠠᠷᠮᠠᠵᠠᠪ ᠠ᠋ ! ᠡᠨᠡ ᠵᠢᠯ ᠮᠠᠨ ᠤ᠋ ᠬᠣᠨᠢᠨ ᠤ᠋ ᠲᠠᠷᠭᠤ ᠮᠠᠭᠤ ᠂ ᠰᠠᠭᠠᠭᠠᠳ ᠪᠠᠰᠠ ᠰᠦ ᠭᠠᠷᠬᠤ ᠴᠤ᠌ ᠦᠭᠡᠢ ᠃ ᠲᠡᠭᠡᠬᠦᠯᠡᠷ ᠬᠣᠨᠢᠨ ᠤ᠋ ᠣᠷᠣᠨ ᠳ᠋ᠤ᠌ ᠪᠢ ᠴᠢᠮᠠᠲᠤ ᠭᠤᠷᠪᠠᠨ ᠰᠠᠢᠨ ᠦᠨᠢᠶ᠎ᠡ ᠥᠭᠭᠦᠶ᠎ᠡ ᠂ ᠪᠣᠯᠤᠨ᠎ᠠ ᠤᠤ ? 》 ᠭᠡᠵᠡᠢ ᠃ ᠶᠠᠮᠠᠷ ᠵᠡᠷᠭᠡ ᠶ᠋ᠢᠨ ᠭᠤᠷᠪᠠᠨ ᠰᠠᠢᠨ ᠦᠨᠢᠶ᠎ᠡ ᠪᠣᠯᠪᠠᠴᠤ ᠲᠠᠪᠢᠨ ᠬᠣᠨᠢ ᠶ᠋ᠢ ᠶᠠᠭᠠᠬᠢᠵᠤ ᠭᠦᠢᠴᠡᠬᠦ ᠪᠣᠢ ! ᠲᠡᠭᠡᠪᠡᠯ ᠬᠠᠪᠤᠷ ᠨᠠᠮᠤᠷ ᠤ᠋ᠨ ᠨᠣᠣᠰᠣ ᠶ᠋ᠢ ᠨᠢ ᠪᠠᠰᠠ ᠣᠯᠵᠤ ᠠᠪᠬᠤ ᠦᠭᠡᠢ ᠪᠣᠯᠵᠠᠢ ᠭᠡᠵᠦ ᠳᠠᠷᠮᠠᠵᠠᠪ ᠪᠠᠬᠠᠨ ᠲᠠᠲᠠᠭᠠᠯᠵᠠᠵᠤ ᠪᠠᠶ᠋ᠢᠬᠤ ᠶ᠋ᠢ ᠣᠤᠠᠰᠥ᠋ᠷᠦᠩ ᠦᠵᠡᠭᠡᠳ ᠂ ᠪᠠᠰᠠ ᠨᠢᠭᠡ ᠬᠠᠭᠤᠷᠮᠠᠭ ᠢ᠋ᠶ᠋ᠠᠷ ᠢᠨᠢᠶᠡᠵᠦ ᠄ 《 ᠳᠡᠭᠦᠦ ᠮᠢᠨᠢ ᠠ᠋ ᠂ ᠰᠡᠳᠬᠢᠯ ᠢ᠋ᠶ᠋ᠡᠨ ᠠᠮᠤᠷ ᠪᠠᠶ᠋ᠢᠭᠠᠷᠠᠢ ᠂ ᠴᠢᠮ᠎ᠠ ᠰᠢᠬ ᠶᠠᠳᠠᠭᠤ ᠵᠦᠳᠡᠭᠦᠦ ᠬᠥᠮᠦᠨ ᠊ᠢ ᠪᠢ ᠶᠠᠭᠠᠬᠢᠪᠠᠴᠤ ᠭᠣᠮᠣᠳᠠᠭᠠᠬᠤ ᠦᠭᠡᠢ ᠶᠦ᠍ᠮ 》 ᠭᠡᠯᠡ ᠃ ᠣᠤᠠᠰᠥ᠋ᠷᠦᠩ ᠡᠶ᠋ᠢᠮᠦ ᠰᠠᠢᠬᠠᠨ ᠦᠭᠡ ᠬᠡᠯᠡᠭᠡᠳ ᠪᠠᠶ᠋ᠢᠬᠤ ᠪᠣᠯᠬᠣᠷ ᠳᠠᠷᠮᠠᠵᠠᠪ ᠠᠷᠭ᠎ᠠ ᠦᠭᠡᠢ ᠬᠦᠯᠢᠶᠡᠵᠦ ᠠᠪᠤᠭᠠᠳ ᠂ ᠮᠠᠷᠭᠠᠲᠠ ᠠ᠋ᠴᠠ ᠨᠢ ᠬᠣᠨᠢ ᠬᠠᠷᠢᠭᠤᠯᠵᠤ ᠡᠬᠢᠯᠡᠯ᠎ᠡ ᠃ ᠬᠡᠳᠦᠨ ᠬᠣᠨᠣᠭ ᠪᠣᠯᠤᠭᠰᠠᠨ ᠦᠭᠡᠢ ᠳᠠᠷᠮᠠᠵᠠᠪ ᠲᠤ᠌ ᠣᠤᠠᠰᠥ᠋ᠷᠦᠩ ᠦ᠋ᠨ ᠬᠢᠨ ᠭᠤᠷᠪᠠᠨ ᠦᠨᠢᠶ᠎ᠡ ᠪᠡᠨ ᠰᠠᠯᠭᠠᠵᠤ ᠥᠬ᠋ᠪᠡ ᠃ ᠠᠶ᠎ᠠ ! ᠨᠢᠭᠡ ᠨᠢ ᠬᠣᠶᠠᠷ ᠬᠥᠬᠥ ᠨᠢ ᠲᠠᠲᠠᠭᠤ ᠬᠦᠷᠡᠭᠴᠢ ᠦᠨᠢᠶ᠎ᠡ ᠂ ᠨᠢᠭᠡ ᠨᠢ ᠰᠢᠳᠦᠯᠡᠩ ᠭᠤᠨᠵᠢᠨ ᠦᠨᠢᠶ᠎ᠡ ᠂ ᠂ ᠪᠠᠰᠠ ᠨᠢᠭᠡ ᠨᠢ ᠬᠥᠮᠦᠨ ᠳ᠋ᠦ᠍ ᠣᠷᠣᠮᠠᠷ ᠠᠭᠠᠰᠢ ᠲᠠᠢ ᠤᠯᠠᠭᠴᠢ ᠦᠨᠢᠶ᠎ᠡ ᠪᠠᠶ᠋ᠢᠵᠠᠢ ᠂ ᠳᠠᠷᠮᠠᠵᠠᠪ ᠤ᠋ᠨ ᠡᠬᠡᠨᠡᠷ ᠳᠡᠯᠭᠡᠷ ᠤᠯᠠᠭᠴᠢ ᠦᠨᠢᠶ᠎ᠡ ᠶ᠋ᠢ ᠨᠢ ᠰᠠᠭᠠᠬᠤ ᠭᠡᠳ ᠳᠡᠷᠭᠡᠳᠡ ᠨᠢ ᠣᠴᠢᠭᠠᠳ ᠰᠠᠭᠤᠲᠠᠯ᠎ᠠ ᠰᠦᠨ ᠰᠠᠭᠤᠯᠠᠭ᠎ᠠ ᠶ᠋ᠢ ᠨᠢ ᠲᠡᠶ᠋ᠢᠷᠦᠨ ᠶᠠᠪᠤᠭᠤᠯᠤᠭᠠᠳ ᠲᠣᠯᠣᠭᠠᠢ ᠳᠡᠭᠡᠭᠦᠷ ᠨᠢ ᠦᠰᠦᠷᠦᠨ ᠭᠠᠷᠪᠠ ᠃ ᠤᠶᠠᠭᠠᠳ ᠰᠠᠭᠠᠬᠤ ᠭᠡᠰᠡᠨ ᠴᠢᠨᠢ ᠪᠡᠶ᠎ᠡ ᠳ᠋ᠡᠭᠡᠨ ᠳᠡᠭᠡᠰᠦ ᠬᠠᠯᠠᠭᠠᠬᠤ ᠦᠭᠡᠢ ᠃ ᠬᠦᠷᠡᠭᠴᠢ ᠦᠨᠢᠶ᠎ᠡ ᠨᠢ ᠲᠤᠭᠤᠯ ᠢ᠋ᠶ᠋ᠠᠨ ᠵᠦᠳᠡᠭᠦᠦ ᠪᠠᠶ᠋ᠢᠨ᠎ᠠ ᠂ ᠰᠢᠳᠦᠯᠡᠩ ᠭᠤᠨᠵᠢᠨ ᠠ᠋ᠴᠠ ᠨᠢᠭᠡ ᠯᠡ ᠠᠶᠠᠭ᠎ᠠ ᠰᠦ ᠭᠠᠷᠤᠨ᠎ᠠ ᠃ ᠳᠠᠷᠮᠠᠵᠠᠪ ᠤ᠋ᠨ ᠨᠢᠭᠡ ᠭᠡᠷ ᠳᠥᠷᠪᠡᠨ ᠠᠮᠠ ᠬᠥᠮᠦᠨ ᠡᠲᠦᠶ᠋ᠢᠬᠡᠨ ᠰᠦ ᠪᠡᠷ ᠶᠠᠭᠠᠬᠢᠵᠤ ᠪᠣᠯᠬᠤ ᠪᠣᠢ ⁉ ᠲᠡᠳᠡ ᠲᠤᠩ ᠶᠡᠬᠡ ᠲᠥᠪᠡᠭᠳᠡᠪᠡ ᠃ ᠣᠤᠠᠰᠥ᠋ᠷᠦᠩ ᠦ᠋ᠨ ᠳ᠋ᠦ᠍ ᠶᠠᠪᠤᠬᠤ ᠪᠠᠨ ᠪᠠᠶ᠋ᠢᠴᠢᠬᠠᠶᠠ ᠭᠡᠬᠦ ᠳ᠋ᠦ᠍ ᠲᠡᠶ᠋ᠢᠮᠦ ᠬᠣᠯᠠ ᠭᠠᠵᠠᠷ ᠠ᠋ᠴᠠ ᠨᠡᠭᠦᠭᠡᠳ ᠢᠷᠡᠴᠢᠬᠡᠵᠡᠢ ᠃ ᠲᠡᠷᠭᠡ ᠦᠬᠡᠷ ᠦᠭᠡᠢ ᠶᠠᠳᠠᠭᠤ ᠳᠠᠷᠮᠠᠵᠠᠪ ᠲᠤ᠌ ᠨᠡᠭᠦᠵᠦ ᠪᠠᠭᠤᠬᠤ ᠪᠣᠯ ᠮᠠᠰᠢ ᠪᠡᠷᠬᠡ ᠬᠡᠷᠡᠭ ᠰᠢᠦ ᠂ ᠡᠪᠳᠡᠷᠬᠡᠢ ᠬᠠᠨ᠎ᠠ ᠰᠠᠯᠲᠠᠷᠬᠠᠢ ᠪᠦᠷᠢᠶᠡᠰᠦ ᠶ᠋ᠢ ᠡᠪᠯᠡᠭᠦᠯᠦᠭᠡᠳ ᠲᠠᠯᠪᠢᠬᠤ ᠳ᠋ᠤ᠌ ᠬᠣᠶᠠᠷ ᠡᠳᠦᠷ ᠣᠷᠣᠨ᠎ᠠ ᠃ ᠳᠠᠬᠢᠭᠠᠳ ᠪᠣᠳᠣᠪᠠᠯ ᠡᠨᠳᠡ ᠡᠴᠡ ᠭᠠᠷᠤᠭᠰᠠᠨ ᠴᠤ᠌ ᠪᠤᠰᠤᠳ ᠲᠤ᠌ ᠬᠦᠴᠦ ᠶᠠᠪᠤᠵᠤ ᠵᠠᠷᠤᠭᠳᠠᠬᠤ ᠯᠠ ᠬᠡᠷᠡᠭ ᠠ᠋ ᠃ ᠬᠠᠮᠤᠭ ᠰᠡᠭᠦᠯ ᠳ᠋ᠦ᠍ᠨᠢ ᠡᠬᠡᠨᠡᠷ ᠳᠡᠯᠭᠡᠷ ᠲᠡᠢ ᠪᠡᠨ ᠵᠥᠪᠯᠡᠭᠡᠳ ᠂ ᠣᠤᠠᠰᠥ᠋ᠷᠦᠩ ᠊ᠢ ᠡᠷᠢᠵᠦ ᠂ ᠰᠠᠢᠨ ᠦᠨᠢᠶ᠎ᠡ ᠥᠭᠭᠦᠭᠡᠴᠢ ᠭᠡᠵᠦ ᠭᠤᠶᠤᠪᠠ ᠃ ᠣᠤᠠᠰᠥ᠋ᠷᠦᠩ ᠰᠣᠨᠣᠰᠤᠭᠠᠳ ᠮᠥᠨ ᠵᠠᠩᠰᠢᠯ ᠢ᠋ᠶ᠋ᠠᠷ ᠢ᠋ᠶ᠋ᠠᠨ ᠵᠡᠷᠲᠡᠭᠡᠷ ᠨᠢᠳᠦ ᠪᠡᠨ ᠠᠨᠢᠪᠴᠢᠨ ᠂ ᠬᠢ ᠬᠢ ᠭᠡᠵᠦ ᠢᠨᠢᠶᠡᠯ᠎ᠡ ᠃ ᠶᠠᠮᠠᠷ ᠤᠴᠢᠷ ᠠ᠋ᠴᠠ ᠶᠤᠮ ᠪᠤᠤ ᠮᠡᠳᠡ ᠂ ᠳᠠᠷᠮᠠᠵᠠᠪ ᠲᠡᠭᠦᠨ ᠦ᠌ ᠡᠨᠡ ᠵᠠᠩᠰᠢᠯ ᠳ᠋ᠤ᠌ ᠡᠨᠡ ᠤᠳᠠᠭ᠎ᠠ ᠲᠤᠩ ᠶᠡᠬᠡ ᠳᠤᠷ᠎ᠠ ᠦᠭᠡᠶ᠋ᠢᠴᠡᠪᠡ ᠃ ᠶᠠᠭ ᠯᠠ ᠣᠤᠠᠰᠥ᠋ᠷᠦᠩ ᠨᠢᠳᠦᠨ ᠦ᠌ ᠠᠨᠢᠯᠲᠠ ᠳ᠋ᠠᠭᠠᠨ ᠶᠠᠮᠠᠷ ᠨᠢᠭᠡᠨ ᠵᠡᠪᠡ ᠨᠢᠭᠤᠵᠤ ᠂ ᠢᠨᠢᠶᠡᠳᠦᠨ ᠳ᠋ᠡᠭᠡᠨ ᠶᠠᠮᠠᠷ ᠨᠢᠭᠡᠨ ᠬᠢᠲᠤᠭ᠎ᠠ ᠡᠪᠦᠷᠯᠡᠭᠡᠳ ᠵᠢᠷᠦᠬᠡ ᠶ᠋ᠢ ᠨᠢ ᠣᠭᠲᠣᠯᠬᠤ ᠭᠡᠵᠦ ᠪᠠᠶ᠋ᠢᠬᠤ ᠰᠢᠬᠠᠭᠤ ᠰᠠᠨᠠᠭᠳᠠᠵᠠᠢ ᠃ ᠣᠤᠠᠰᠥ᠋ᠷᠦᠩ ᠪᠠᠬᠠᠨ ᠤᠳᠠᠰᠬᠢᠭᠡᠳ ᠄ 《 ᠮᠠᠨ ᠤ᠋ ᠡᠬᠡᠨᠡᠷ ᠊ᠢ ᠪᠢ ᠂ ᠵᠦᠭᠡᠷ ᠰᠢᠭ ᠊ᠢ ᠨᠢ ᠢᠯᠭᠠᠵᠤ ᠥᠭ ᠭᠡᠵᠦ ᠬᠡᠯᠡᠭᠰᠡᠨ ᠶᠦ᠍ᠮ ᠂ ᠬᠠᠷᠢᠨ ᠲᠡᠶ᠋ᠢᠮᠦ ᠮᠠᠭᠤ ᠶ᠋ᠢ ᠥᠭᠴᠢᠭᠡᠪᠡ ᠤᠤ ? ᠪᠣᠯᠵᠠᠢ ᠂ ᠳᠠᠬᠢᠨ ᠳᠠᠬᠢᠨ ᠢᠯᠭᠠᠭᠠᠳ ᠶᠠᠷᠰᠢᠭ ᠃ ᠰᠦ ᠴᠠᠭ᠎ᠠ ᠴᠢᠨᠢ ᠳᠤᠲᠠᠭᠳᠠᠪᠠᠯ ᠭᠡᠷ ᠡᠴᠡ ᠰᠢᠭᠤᠳ ᠠᠪᠠᠴᠢᠭᠠᠳ ᠢᠳᠡᠴᠢᠬᠡ 》 ᠭᠡᠵᠦ ᠬᠡᠯᠡᠪᠡ ᠃ ᠰᠠᠢᠨ ᠦᠭᠡ ᠶ᠋ᠢ ᠨᠢ ᠰᠣᠨᠣᠰᠤᠭᠰᠠᠨ ᠠ᠋ᠴᠠ ᠶᠤᠮ ᠤᠤ ? ᠳᠤᠷ᠎ᠠ ᠦᠭᠡᠢᠴᠡᠭᠰᠡᠨ ᠡᠴᠡ ᠶᠦ᠍ᠮ ᠤᠤ ᠪᠤᠤ ᠮᠡᠳᠡ ᠃ ᠳᠠᠷᠮᠠᠵᠠᠪ ᠶᠠᠭᠤ ᠴᠤ᠌ ᠬᠡᠯᠡᠭᠰᠡᠨ ᠦᠭᠡᠢ ᠳᠤᠭᠤᠢ ᠭᠠᠷᠤᠭᠠᠳ ᠶᠠᠪᠤᠪᠠ ᠃ ᠣᠤᠠᠰᠥ᠋ᠷᠦᠩ ᠪᠠᠰᠠ ᠯᠠ ᠬᠢ ᠬᠢ ᠭᠡᠭᠰᠡᠭᠡᠷ ᠬᠣᠶ᠋ᠢᠨ᠎ᠠ ᠠ᠋ᠴᠠ ᠨᠢ ᠶᠡᠬᠡ ᠳᠠᠭᠤᠨ ᠢ᠋ᠶ᠋ᠠᠷ ᠄ 《 ᠳᠠᠷᠮᠠᠵᠠᠪᠠ᠋ ! ᠠᠬ᠎ᠠ ᠨᠢ ᠪᠢ ᠴᠢᠮᠠᠲᠤ ᠰᠠᠢᠨ ᠬᠠᠷ᠎ᠠ ᠮᠣᠷᠢ ᠪᠠᠨ ᠥᠭᠴᠦ ᠤᠨᠤᠭᠤᠯᠤᠶᠠ ᠂ ᠪᠡᠶ᠎ᠡ ᠳ᠋ᠦ᠍ ᠴᠢᠨᠢ ᠠᠮᠤᠷ ᠦᠭᠡᠢ ᠤᠤ ᠳᠠ ᠂ ᠮᠠᠲᠠᠪᠠᠤ ⁉ 》 ᠭᠡᠯᠡ ᠃ ᠣᠤᠠᠰᠥ᠋ᠷᠦᠩ ᠦ᠋ᠨ ᠬᠡᠯᠡᠭᠰᠡᠨ《 ᠰᠦ ᠴᠠᠭ᠎ᠠ ᠳᠤᠲᠠᠭᠳᠠᠪᠠᠯ ᠭᠡᠷ ᠡᠴᠡ ᠠᠪᠠᠴᠢᠵᠤ ᠢᠳᠡᠭᠡᠷᠡᠢ ! 》 ᠭᠡᠰᠡᠨ ᠨᠢ ᠬᠣᠵᠢᠮᠳᠠᠭᠠᠳ ᠣᠷᠣ ᠦᠭᠡᠢ ᠬᠣᠭᠣᠰᠣᠨ ᠦᠭᠡ ᠲᠡᠳᠦᠢ ᠪᠣᠯᠵᠠᠢ ᠃ ᠡᠬᠢᠨ ᠦ᠌ ᠬᠡᠳᠦᠨ ᠡᠳᠦᠷ ᠪᠠᠭ᠎ᠠ ᠰᠠᠭ᠎ᠠ ᠥᠭᠴᠦ ᠪᠠᠶ᠋ᠢᠬᠰᠠᠨ ᠢ᠋ᠶ᠋ᠠᠨ ᠬᠡᠳᠦᠨ ᠡᠳᠦᠷ ᠥᠩᠭᠡᠷᠡᠮᠡᠭᠴᠡ ᠣᠴᠢᠬᠤ ᠪᠣᠯᠭᠠᠨ ᠡᠬᠡᠨᠡᠷ ᠨᠢ ᠄ 《 ᠠᠢ ! ᠶᠠᠭᠤ ᠪᠠᠨ ᠥᠭᠳᠡᠭ ᠪᠢᠯᠡ ? ᠮᠠᠨ ᠳ᠋ᠤ᠌ ᠪᠠᠰᠠ ᠬᠦᠷᠦᠯᠴᠡᠬᠦ ᠦᠭᠡᠢ ᠪᠠᠶ᠋ᠢᠨ᠎ᠠ ᠰᠢᠦ ᠂ ᠬᠣᠵᠢᠮ ᠳ᠋ᠠᠭᠠᠨ ᠮᠡᠳᠡ ᠳᠠ 》 ᠭᠡᠵᠦ ᠬᠡᠯᠡᠭᠡᠳ ᠪᠤᠴᠠᠭᠠᠳᠠᠭ ᠪᠣᠯᠤᠯ᠎ᠠ ᠃ ᠦᠨᠡᠨ ᠳ᠋ᠡᠭᠡᠨ ᠲᠡᠶ᠋ᠢᠮᠦ ᠪᠢᠰᠢ ᠂ ᠢᠳᠡᠭᠡᠳ ᠪᠠᠷᠠᠬᠤ ᠦᠭᠡᠢ ᠨᠣᠬᠠᠢ ᠳ᠋ᠠᠭᠠᠨ ᠬᠦᠷᠲᠡᠯ᠎ᠡ ᠥᠭᠴᠦ ᠪᠠᠶ᠋ᠢᠬᠰᠠᠨ ᠶᠤᠮ ᠃
ᠣᠤᠠᠰᠥ᠋ᠷᠦᠩ ᠦ᠋ᠨ ᠬᠣᠨᠢ ᠶ᠋ᠢ ᠬᠠᠷᠢᠭᠤᠯᠤᠭᠠᠳ ᠳᠠᠷᠮᠠᠵᠠᠪ ᠳᠥᠷᠪᠡᠨ ᠰᠠᠷ᠎ᠠ ᠪᠣᠯᠪᠠ ᠃ ᠨᠢᠭᠡᠨ ᠡᠳᠦᠷ ᠳᠠᠷᠮᠠᠵᠠᠪ ᠊ᠢ ᠣᠤᠠᠰᠥ᠋ᠷᠦᠩ ᠳᠠᠭᠤᠳᠠᠨ ᠠᠪᠠᠴᠢᠵᠤ ᠂ ᠳᠡᠪᠦᠷ᠎ᠡ ᠲᠡᠢ ᠴᠠᠢ ᠪᠠᠨ ᠡᠮᠦᠨ᠎ᠡ ᠨᠢ ᠲᠠᠯᠪᠢᠵᠤ ᠥᠭᠭᠦᠭᠡᠳ ᠂ ᠮᠥᠨ ᠯᠡ ᠬᠢ ᠬᠢ ᠢᠨᠢᠶᠡᠭᠰᠡᠭᠡᠷ᠄ 《 ᠳᠠᠷᠮᠠᠵᠠᠪ ᠠ᠋ ᠂ ᠣᠷᠴᠢᠮ ᠪᠡᠶ᠎ᠡ ᠲᠤᠩ ᠮᠠᠭᠤ ᠪᠠᠶ᠋ᠢᠨ᠎ᠠ ᠂ ᠨᠣᠮᠣᠬᠠᠨ ᠮᠣᠷᠢ ᠦᠭᠡᠢ ᠪᠡᠷ ᠪᠣᠯᠬᠤ ᠦᠭᠡᠢ ᠂ ᠴᠢᠨᠦ ᠤᠨᠤᠵᠤ ᠪᠠᠶ᠋ᠢᠬᠤ ᠨᠣᠮᠣᠬᠠᠨ ᠬᠠᠷ᠎ᠠ ᠶ᠋ᠢ ᠰᠣᠯᠢᠬᠤ ᠰᠠᠨᠠᠭᠠᠲᠠᠢ ᠴᠢᠮᠠᠶ᠋ᠢ ᠳᠠᠭᠤᠳᠠᠭᠰᠠᠨ ᠶᠤᠮ ᠂ ᠣᠷᠣᠨ ᠳ᠋ᠤᠨᠢ ᠨᠢᠭᠡ ᠰᠠᠢᠨ ᠬᠣᠯᠠ ᠮᠣᠷᠢ ᠥᠭᠴᠦ ᠤᠨᠤᠭᠤᠯᠤᠶᠠ 》 ᠭᠡᠵᠦ ᠬᠡᠯᠡᠪᠡ ᠃ ᠣᠤᠠᠰᠥ᠋ᠷᠦᠩ ᠦ᠋ᠨ ᠪᠡᠶ᠎ᠡ ᠮᠠᠭᠤ ᠪᠢᠰᠢ ᠭᠡᠳᠡᠭ ᠊ᠢ ᠳᠠᠷᠮᠠᠵᠠᠪ ᠮᠡᠳᠡᠨ᠎ᠡ ᠂ ᠭᠡᠲᠡᠯ᠎ᠡ ᠮᠣᠷᠢᠨ ᠤ᠋ ᠡᠵᠡᠨ ᠨᠢ ᠮᠣᠷᠢ ᠪᠠᠨ ᠠᠪᠬᠤ ᠭᠡᠵᠦ ᠪᠠᠶ᠋ᠢᠬᠤ ᠳ᠋ᠤ᠌ ᠬᠦᠴᠦ ᠬᠥᠯᠥᠰᠥᠨ ᠦ᠌ ᠬᠥᠮᠦᠨ ᠶᠠᠭᠤ ᠪᠠᠨ ᠳᠤᠤᠭᠠᠷᠬᠤ ᠪᠣᠢ ! ᠥᠨᠥ ᠬᠣᠯᠠ ᠮᠣᠷᠢ ᠶ᠋ᠢ ᠨᠢ ᠪᠠᠷᠢᠪᠠ ᠃ 《 ᠰᠠᠢᠨ ᠬᠣᠯᠠ ᠮᠣᠷᠢ 》 ᠭᠡᠳᠡᠭ ᠨᠢ ᠶᠠᠮᠠᠷ ᠮᠣᠷᠢ ᠪᠣᠢ ? ᠭᠡᠪᠡᠯ ᠠᠳᠤᠭᠤᠴᠢᠨ ᠬᠥᠮᠦᠨ ᠤᠨᠤᠵᠤ ᠳᠡᠶ᠋ᠢᠯᠳᠡᠭ᠋ ᠦᠭᠡᠢ ᠠᠶ᠋ᠢᠬᠤᠪᠲᠤᠷ ᠮᠠᠭᠤ ᠵᠠᠩ ᠲᠠᠢ ᠡᠮᠨᠢᠭ ᠪᠠᠶ᠋ᠢᠵᠠᠢ ᠃ ᠳᠠᠷᠮᠠᠵᠠᠪ ᠤᠨᠤᠬᠤ ᠪᠠᠷ ᠬᠡᠳᠦᠢ ᠣᠷᠣᠯᠳᠣᠭᠠᠳ ᠪᠣᠯᠤᠭᠰᠠᠨ ᠦᠭᠡᠢ ᠂ ᠬᠠᠷᠢᠨ ᠥᠨᠥ 《 ᠰᠠᠢᠨ ᠬᠣᠯᠠ ᠮᠣᠷᠢᠨ 》 ᠳ᠋ᠤᠨᠢ ᠮᠠᠩᠨᠠᠢ ᠶ᠋ᠢᠨ ᠠᠷᠠᠰᠤ ᠪᠠᠨ ᠵᠤᠯᠭᠠᠷᠠᠲᠠᠯᠠ ᠴᠠᠪᠴᠢᠭᠳᠠᠵᠤ ᠪᠢᠯᠡ ᠃ ᠢᠩᠬᠢᠭᠰᠡᠨ ᠴᠢᠨᠢ ᠳᠠᠷᠮᠠᠵᠠᠪ ᠨᠢᠭᠡᠮᠦᠰᠦᠨ ᠴᠡᠭᠡᠵᠢ ᠳᠦᠭᠦᠷᠴᠦ ᠂ 《 ᠰᠠᠢᠨ ᠬᠣᠯᠠ ᠮᠣᠷᠢᠨ 》 ᠳ᠋ᠤᠨᠢ ᠴᠤ᠌ ᠠᠭᠤᠷᠯᠠᠵᠠᠢ ᠂ ᠡᠵᠡᠨ ᠦ᠌ ᠬᠢᠨᠢ ᠬᠤᠯᠵᠢᠨ ᠬᠠᠷᠭᠢᠰ ᠲᠤ᠌ ᠴᠤ᠌ ᠠᠭᠤᠷᠯᠠᠵᠠᠢ ᠃ ᠪᠠᠷᠢᠵᠤ ᠪᠠᠶ᠋ᠢᠬᠰᠠᠨ ᠲᠠᠰᠢᠭᠤᠷ ᠢ᠋ᠶ᠋ᠠᠷ ᠢ᠋ᠶ᠋ᠠᠨ ᠥᠨᠥ 《 ᠰᠠᠢᠨ ᠬᠣᠯᠠ ᠮᠣᠷᠢ 》 ᠶ᠋ᠢ ᠨᠢ ᠬᠦᠴᠦᠲᠡᠢ ᠬᠡᠳᠦ ᠭᠤᠶᠠᠳᠠᠭᠰᠠᠨ ᠳ᠋ᠤ᠌ ᠲᠠᠰᠢᠭᠤᠷ ᠦᠵᠦᠭᠦᠷᠳᠡᠵᠦ ᠲᠣᠰᠤᠭᠠᠳ ᠂ ᠮᠣᠷᠢᠨ ᠤ᠋ ᠬᠢᠨᠢ ᠮᠠᠩᠨᠠᠢ ᠶ᠋ᠢᠨ ᠠᠷᠠᠰᠤ ᠶ᠋ᠢ ᠬᠡᠭᠵᠡ ᠴᠣᠬᠢᠴᠢᠬᠠᠪᠠ ᠃ ᠣᠷᠣᠢ ᠨᠢ ᠣᠤᠠᠰᠥ᠋ᠷᠦᠩ ᠮᠣᠷᠢᠨ ᠤ᠋ ᠪᠠᠨ ᠮᠠᠩᠨᠠᠢ ᠶ᠋ᠢ ᠦᠵᠡᠭᠡᠳ ᠄ 《 ᠳᠠᠷᠮᠠᠵᠠᠪ ᠠ᠋ ! ᠡᠨᠡ ᠪᠣᠯ ᠮᠢᠨᠦ ᠬᠠᠶ᠋ᠢᠷᠠᠲᠠᠢ ᠮᠣᠷᠢ ᠰᠢᠦ ᠂ ᠬᠠᠶ᠋ᠢᠷᠠᠲᠠᠢ ᠮᠣᠷᠢ ᠶ᠋ᠢ ᠮᠢᠨᠢ ᠭᠤᠶᠠᠳᠠᠬᠤ ᠠ᠋ᠴᠠ ᠡᠵᠡᠨ ᠊ᠢ ᠨᠢ ᠭᠤᠶᠠᠳᠠᠪᠠᠯ ᠳᠡᠭᠡᠷ᠎ᠡ ᠶᠦ᠍ᠮ ᠂ ᠴᠢᠮ᠎ᠠ ᠰᠢᠬ ᠡᠶ᠋ᠢᠮᠦ ᠬᠥᠮᠦᠨ ᠊ᠢ ᠪᠢ ᠵᠠᠷᠤᠵᠤ ᠴᠢᠳᠠᠬᠤ ᠦᠭᠡᠢ 》 ᠭᠡᠵᠦ ᠬᠡᠯᠡᠭᠡᠳ ᠂ ᠮᠣᠷᠢ ᠪᠠᠨ ᠪᠤᠯᠢᠶᠠᠵᠤ ᠠᠪᠤᠪᠠ ᠃ ᠳᠠᠷᠮᠠᠵᠠᠪ ᠳᠥᠷᠪᠡᠨ ᠰᠠᠷ᠎ᠠ ᠶᠠᠪᠤᠭᠰᠠᠨ ᠬᠦᠴᠦ ᠬᠥᠯᠥᠰᠥ ᠪᠡᠨ ᠠᠪᠬᠤ ᠭᠡᠰᠡᠨ ᠳ᠋ᠦ᠍ ᠣᠤᠠᠰᠥ᠋ᠷᠦᠩ ᠂ 《 ᠪᠢ ᠴᠢᠮ᠎ᠠ ᠠ᠋ᠴᠠ ᠮᠣᠷᠢ ᠶ᠋ᠢ ᠭᠤᠶᠠᠳᠠᠯ᠎ᠠ ᠭᠡᠵᠦ ᠲᠥᠯᠥᠭᠡᠰᠦ ᠠᠪᠬᠤ ᠦᠭᠡᠢ ᠪᠠᠶ᠋ᠢᠬᠤ ᠶ᠋ᠢ ᠥᠷᠥᠰᠢᠶᠡᠯᠡ ᠭᠡᠵᠦ ᠪᠣᠳᠣ ᠠ᠋ 》 ᠭᠡᠳ ᠶᠠᠭᠤ ᠴᠤ᠌ ᠥᠭᠭᠦᠭᠰᠡᠨ ᠦᠭᠡᠢ ᠃ ᠳᠠᠷᠮᠠᠵᠠᠪ ᠡᠨᠡ ᠦᠶ᠎ᠡ ᠳ᠋ᠦ᠍ ᠰᠠᠶᠢ ᠣᠤᠠᠰᠥ᠋ᠷᠦᠩ ᠦ᠋ᠨ ᠬᠤᠶ᠋ᠢᠬᠤᠷ ᠠᠷᠭ᠎ᠠ ᠶ᠋ᠢ ᠮᠡᠳᠡᠵᠡᠢ ᠃ ᠣᠤᠠᠰᠥ᠋ᠷᠦᠩ ᠳᠠᠷᠮᠠᠵᠠᠪ ᠊ᠢ ᠵᠦᠭᠡᠷ ᠵᠠᠷᠤᠬᠤ ᠶ᠋ᠢᠨ ᠲᠥᠯᠥᠭᠡ ᠡᠲᠦᠶ᠋ᠢᠴᠢᠨᠡᠭᠡᠨ ᠠᠷᠭ᠎ᠠ ᠭᠠᠷᠭᠠᠭᠰᠠᠨ ᠪᠠᠶ᠋ᠢᠵᠠᠢ ᠃ ᠵᠡᠷᠭᠡᠯᠡᠳᠡᠭᠡ ᠠᠶ᠋ᠢᠯ ᠤ᠋ᠨ ᠠᠯᠲᠠᠨᠭᠡᠷᠡᠯ ᠭᠡᠳᠡᠭ ᠡᠪᠦᠭᠡᠨ ᠡᠨᠡ ᠶᠠᠪᠤᠳᠠᠯ ᠊ᠢ ᠮᠡᠳᠡᠭᠡᠳ ᠂ ᠳᠠᠷᠮᠠᠵᠠᠪ ᠊ᠢ ᠭᠡᠷ ᠲᠡᠭᠡᠨ ᠳᠠᠭᠤᠳᠠᠨ ᠠᠪᠴᠢᠷᠠᠵᠤ ᠄ 《 ᠬᠦᠦ ᠮᠢᠨᠢ ! ᠡᠨᠡ ᠮᠠᠭᠤ ᠴᠠᠭ ᠲᠤ᠌ ᠲᠡᠳᠡᠨ ᠲᠡᠢ ᠶᠣᠰᠣ ᠬᠡᠯᠡᠯᠴᠡᠭᠡᠳ ᠦᠨᠡᠨ ᠢ᠋ᠶ᠋ᠡᠨ ᠣᠯᠬᠤ ᠦᠭᠡᠢ ᠶᠦ᠍ᠮ ᠰᠢᠦ ᠂ ᠠᠷᠭᠠᠯᠠᠵᠤ ᠪᠠᠶ᠋ᠢᠭᠠᠳ ᠡᠳᠦᠷ ᠢ᠋ᠶ᠋ᠡᠨ ᠭᠦᠢᠴᠡᠭᠡᠵᠦ ᠪᠥᠰ ᠪᠣᠯᠤᠨ ᠭᠤᠲᠤᠯ ᠢ᠋ᠶ᠋ᠠᠨ ᠣᠯᠬᠤ ᠶ᠋ᠢ ᠪᠣᠳᠣᠭᠠᠷᠠᠢ ! ᠠᠪᠤ ᠨᠢ ᠬᠡᠯᠡᠯᠴᠡᠵᠦ ᠥᠭᠭᠦᠶ᠎ᠡ 》 ᠭᠡᠪᠡ ᠃ ᠳᠠᠷᠮᠠᠵᠠᠪ ᠪᠣᠳᠣᠬᠤ ᠳ᠋ᠤ᠌ ᠡᠪᠦᠭᠡᠨ ᠦ᠌ ᠦᠭᠡ ᠵᠥᠪ ᠪᠣᠯᠬᠣᠷ ᠳᠤᠷᠠᠲᠠᠢ ᠬᠦᠯᠢᠶᠡᠪᠡ ᠃ ᠠᠯᠲᠠᠨᠭᠡᠷᠡᠯ ᠡᠪᠦᠭᠡᠨ ᠳᠠᠬᠢᠨ ᠳᠠᠬᠢᠨ ᠣᠴᠢᠵᠤ ᠬᠡᠯᠡᠯᠴᠡᠵᠦ ᠭᠣᠶᠣᠭᠰᠠᠭᠠᠷ ᠪᠠᠶ᠋ᠢᠭᠠᠳ ᠡᠳᠦᠷ ᠢ᠋ᠶ᠋ᠡᠨ ᠭᠦᠢᠴᠡᠭᠡᠪᠡᠯ ᠪᠥᠰ ᠪᠣᠯᠤᠨ ᠭᠤᠲᠤᠯ ᠊ᠢ ᠤᠭ ᠬᠡᠪ ᠢ᠋ᠶ᠋ᠡᠷ ᠨᠢ ᠥᠭᠬᠦ ᠪᠡᠷ ᠬᠡᠯᠡᠯᠴᠡᠨ ᠲᠣᠬᠢᠷᠠᠵᠠᠢ ᠃ ᠳᠠᠷᠮᠠᠵᠠᠪ ᠡᠷᠭᠢᠭᠡᠳ ᠣᠴᠢᠬᠤ ᠳ᠋ᠤ᠌ ᠣᠤᠠᠰᠥ᠋ᠷᠦᠩ ᠮᠥᠨ ᠯᠡ ᠪᠦᠳᠦᠭᠦᠨ ᠬᠠᠮᠠᠷ ᠢ᠋ᠶ᠋ᠠᠨ ᠰᠡᠷᠲᠡᠯᠵᠡᠭᠦᠯᠵᠦ ᠂ ᠵᠡᠷᠲᠡᠭᠡᠷ ᠨᠢᠳᠦ ᠪᠡᠨ ᠠᠨᠢᠪᠴᠢᠨ ᠄ 《 ᠳᠠᠷᠮᠠᠵᠠᠪ ᠠ᠋ ! ᠪᠢ ᠴᠢᠮ᠎ᠠ ᠶ᠋ᠢ ᠵᠠᠷᠤᠬᠤ ᠳᠤᠷ᠎ᠠ ᠦᠭᠡᠢ ᠪᠢᠰᠢ ᠰᠢᠦ ᠂ ᠴᠢ ᠮᠢᠨᠦ ᠮᠣᠷᠢ ᠶ᠋ᠢ ᠴᠣᠬᠢᠭᠰᠠᠨ ᠠ᠋ᠴᠠ ᠪᠢ ᠪᠠᠬᠠᠨ ᠳᠤᠷ᠎ᠠ ᠦᠭᠡᠢᠴᠡᠭᠰᠡᠨ ᠶᠦ᠍ᠮ ᠂ ᠬᠣᠵᠢᠮ ᠰᠠᠢᠨ ᠶᠠᠪᠤᠭᠠᠷᠠᠢ ᠳᠠ 》 ᠭᠡᠵᠡᠢ ᠃ ᠳᠠᠷᠮᠠᠵᠠᠪ ᠲᠡᠭᠦᠨ ᠦ᠌ ᠡᠨᠡ ᠬᠠᠷᠭᠢᠰ ᠵᠠᠩ ᠂ ᠬᠤᠶ᠋ᠢᠬᠤᠷ ᠢᠨᠢᠶᠡᠳᠦ ᠶ᠋ᠢ ᠦᠵᠡᠬᠦ ᠪᠠᠰᠠ ᠳᠤᠷ᠎ᠠ ᠦᠭᠡᠢ ᠲᠤᠯᠠ ᠰᠣᠨᠣᠰᠤᠭᠰᠠᠨ ᠦᠭᠡᠢ ᠰᠢᠭ ᠳᠤᠭᠤᠢ ᠶᠠᠪᠤᠪᠠ ᠃ ᠪᠣᠯᠵᠣᠭᠰᠠᠨ ᠬᠤᠭᠤᠴᠠᠭ᠎ᠠ ᠲᠡᠭᠦᠰᠬᠦ ᠡᠳᠦᠷ ᠤᠯᠠᠮ ᠣᠶ᠋ᠢᠷᠠᠲᠤᠯ᠎ᠠ ᠃ ᠳᠠᠷᠮᠠᠵᠠᠪ ᠪᠥᠰ ᠪᠣᠯᠤᠨ ᠭᠤᠲᠤᠯ ᠢ᠋ᠶ᠋ᠠᠨ ᠣᠯᠬᠤ ᠭᠡᠵᠦ ᠪᠠᠶᠠᠷᠯᠠᠨ ᠶᠠᠪᠤᠨ᠎ᠠ ᠃ ᠭᠡᠲᠡᠯ᠎ᠡ ᠣᠤᠠᠰᠥ᠋ᠷᠦᠩ ᠦ᠋ᠨ ᠦᠷᠴᠢᠭᠢᠷ ᠴᠢᠷᠠᠢ ᠠ᠋ᠴᠠ ᠶᠡᠷᠦ ᠵᠢᠬᠡᠭᠦᠨ ᠪᠠᠶ᠋ᠢᠲᠠᠯ ᠲᠠᠰᠤᠷᠠᠬᠤ ᠦᠭᠡᠢ ᠪᠣᠯᠵᠤ ᠂ ᠳᠠᠷᠮᠠᠵᠠᠪ ᠲᠠᠢ ᠠᠭᠤᠯᠵᠠᠬᠤ ᠪᠦᠷᠢ ᠥᠭᠡᠳᠡ ᠡᠴᠡ ᠨᠢ ᠬᠣᠷᠣᠰᠤᠯ ᠲᠠᠢ ᠪᠠᠷ ᠰᠢᠷᠳᠡᠨ᠎ᠡ ᠃ ᠨᠢᠭᠡᠨ ᠪᠣᠷᠣᠭᠠᠨ ᠰᠠᠯᠬᠢ ᠲᠠᠢ ᠡᠳᠦᠷ ᠂ ᠣᠤᠠᠰᠥ᠋ᠷᠦᠩ ᠳᠠᠷᠮᠠᠵᠠᠪ ᠲᠤ᠌ ᠠᠷᠭ᠎ᠠ ᠦᠭᠡᠢ ᠮᠠᠭᠤ ᠡᠴᠡᠩᠬᠡᠢ ᠮᠣᠷᠢ ᠥᠭᠭᠦᠭᠡᠳ ᠬᠡᠭᠡᠷ᠎ᠡ ᠭᠠᠷᠭᠠᠪᠠ ᠃ ᠬᠡᠭᠡᠷ᠎ᠡ ᠭᠠᠷᠤᠭᠠᠳ ᠤᠳᠠᠭᠰᠠᠨ ᠦᠭᠡᠢ ᠥᠨᠥ ᠮᠣᠷᠢ ᠨᠢ ᠤᠨᠤᠬᠤ ᠶ᠋ᠢ ᠪᠠᠶ᠋ᠢᠲᠤᠭᠠᠢ ᠬᠥᠲᠥᠯᠦᠭᠡᠳ ᠴᠦ᠍ ᠶᠠᠪᠤᠬᠤ ᠦᠭᠡᠢ ᠪᠣᠯᠪᠠ ᠃ ᠮᠢᠩᠭ᠎ᠠ ᠭᠠᠷᠤᠢ ᠬᠣᠨᠢᠳ ᠊ᠢ ᠪᠣᠷᠣᠭᠠᠨ ᠰᠠᠯᠬᠢᠨ ᠤ᠋ ᠳᠤᠮᠳᠠᠭᠤᠷ ᠶᠠᠪᠠᠭᠠᠨ ᠢ᠋ᠶ᠋ᠠᠷ ᠬᠤᠷᠢᠶᠠᠬᠤ ᠭᠡᠳᠡᠭ ᠬᠢᠯᠪᠠᠷ ᠤᠤ ᠳᠠ ! ᠳᠠᠷᠮᠠᠵᠠᠪ ᠬᠡᠴᠢᠨᠡᠨ ᠴᠢᠷᠮᠠᠶ᠋ᠢᠭᠠᠳ ᠪᠠᠰᠠ ᠪᠣᠯᠤᠭᠰᠠᠨ ᠦᠭᠡᠢ ᠭᠤᠷᠪᠠᠨ ᠵᠠᠭᠤ ᠰᠢᠬᠠᠮ ᠬᠣᠨᠢ ᠲᠠᠰᠤᠯᠤᠨ ᠣᠷᠬᠢᠵᠠᠢ ᠃ ᠣᠷᠣᠢ ᠨᠢ ᠣᠷᠣᠵᠤ ᠢᠷᠡᠮᠡᠭᠴᠡ ᠴᠠᠢ ᠴᠦ᠍ ᠤᠤᠭᠤᠭᠰᠠᠨ ᠦᠭᠡᠢ ᠡᠷᠢᠬᠦ ᠪᠡᠷ ᠭᠠᠷᠪᠠ ᠃ ᠲᠡᠷᠡ ᠰᠥᠨᠢ ᠨᠢ ᠶᠠᠭ ᠰᠠᠢᠬᠠᠨ ᠭᠠᠷ ᠭᠠᠷᠭᠠᠭᠠᠳ ᠦᠵᠡᠬ᠋ᠲᠡᠬᠦ ᠦᠭᠡᠢ ᠲᠡᠶ᠋ᠢᠮᠦ ᠬᠠᠷᠠᠩᠭᠤᠢ ᠰᠥᠨᠢ ᠲᠠᠭᠠᠷᠠᠵᠠᠢ ᠃ ᠳᠠᠷᠮᠠᠵᠠᠪ ᠡᠨᠡ ᠬᠣᠲᠠ ᠠ᠋ᠴᠠ ᠲᠡᠷᠡ ᠬᠣᠲᠠ ᠥᠭᠡᠳᠡ ᠤᠨᠠᠵᠤ ᠳᠤᠰᠤᠭᠰᠠᠭᠠᠷ ᠰᠥᠨᠢᠵᠢᠨ ᠡᠷᠢᠭᠡᠳ ᠂ ᠮᠠᠷᠭᠠᠲᠠ ᠨᠢ ᠵᠦᠳᠡᠭᠦᠦ ᠣᠯᠵᠠᠢ ᠃
ᠣᠤᠠᠰᠥ᠋ᠷᠦᠩ ᠬᠡᠷᠪᠡ ᠢᠩᠭᠢᠵᠦ ᠬᠠᠷᠢᠭᠤᠯᠠᠭᠤᠯᠳᠠᠭ ᠶᠤᠮ ᠪᠣᠯ ᠶᠠᠮᠠᠷ ᠬᠡᠷᠡᠭ ᠴᠦ᠍ ᠭᠠᠷᠴᠤ ᠮᠡᠳᠡᠨ᠎ᠡ ᠃ ᠳᠠᠷᠮᠠᠵᠠᠪ ᠬᠡᠳᠦᠨ ᠠᠷᠪᠠᠨ ᠬᠣᠨᠢ ᠶ᠋ᠢ ᠨᠢ ᠭᠡᠭᠡᠭᠡᠳ ᠂ ᠨᠢᠭᠡᠨ ᠨᠠᠰᠤᠨ ᠳ᠋ᠠᠭᠠᠨ ᠵᠠᠷᠤᠭᠳᠠᠭᠠᠳ ᠲᠥᠯᠥᠵᠦ ᠪᠠᠷᠠᠬᠤ ᠦᠭᠡᠢ ᠥᠷᠢ ᠳ᠋ᠦ᠍ ᠴᠦ᠍ ᠣᠷᠣᠵᠤ ᠮᠡᠳᠡᠨ᠎ᠡ ᠃ ᠡᠶ᠋ᠢᠮᠦ ᠭᠡᠷ ᠲᠦ᠍ ᠳᠠᠷᠮᠠᠵᠠᠪ ᠶᠠᠭᠠᠬᠢᠵᠤ ᠶᠠᠪᠤᠬᠤ ᠪᠣᠢ ! ᠠᠷᠭ᠎ᠠ ᠦᠭᠡᠢ ᠣᠤᠠᠰᠥ᠋ᠷᠦᠩ ᠦ᠋ᠨ ᠬᠢᠨ ᠡᠴᠡ ᠰᠠᠯᠵᠤ ᠭᠠᠷᠬᠤ ᠪᠠᠨ ᠬᠡᠯᠡᠯ᠎ᠡ ᠃ ᠣᠤᠠᠰᠥ᠋ᠷᠦᠩ ᠰᠣᠨᠣᠰᠤᠭᠠᠳ ᠬᠠᠭᠤᠷᠮᠠᠭ ᠢ᠋ᠶ᠋ᠠᠷ ᠢᠨᠢᠶᠡᠵᠦ ᠄ 《 ᠳᠠᠷᠮᠠᠵᠠᠪ ᠠ᠋ ! ᠣᠳᠣ ᠪᠢ ᠭᠠᠷᠭᠠᠬᠤ ᠭᠡᠵᠦ ᠪᠠᠶ᠋ᠢᠬ᠋᠎ᠠ ᠪᠢᠰᠢ ᠰᠢᠦ ᠂ ᠴᠢ ᠥᠪᠡᠰᠦᠪᠡᠨ ᠭᠠᠷᠬᠤ ᠭᠡᠵᠦ ᠪᠠᠶ᠋ᠢᠬ᠋᠎ᠠ ᠲᠤᠯᠠ ᠪᠢ ᠶᠠᠮᠠᠷ ᠠᠷᠭ᠎ᠠ ᠪᠠᠶ᠋ᠢᠨ᠎ᠠ ᠳᠠ ᠂ ᠲᠡᠭᠡᠪᠡᠯ ᠡᠳᠦᠷ ᠬᠣᠨᠣᠭ ᠢ᠋ᠶ᠋ᠠᠨ ᠬᠦᠢᠴᠡᠭᠡᠭᠰᠡᠨ ᠦᠭᠡᠢ ᠪᠣᠯᠬᠣᠷ ᠬᠦᠴᠦ ᠬᠥᠯᠥᠰᠥ ᠶ᠋ᠢ ᠴᠢᠨᠢ ᠤᠤᠯ ᠶᠣᠰᠣᠭᠠᠷ ᠥᠭᠴᠦ ᠴᠢᠳᠠᠬᠤ ᠦᠭᠡᠢ 》 ᠭᠡᠳ ᠡᠮᠦᠰᠬᠦ ᠡᠴᠡ ᠥᠩᠭᠡᠷᠡᠭᠰᠡᠨ ᠨᠢᠭᠡ ᠵᠦᠢᠷᠡᠢ ᠬᠠᠭᠤᠴᠢᠨ ᠭᠤᠲᠤᠯ ᠬᠠᠶᠠᠵᠤ ᠥᠭᠴᠡᠢ ᠃ ᠳᠠᠷᠮᠠᠵᠠᠪ ᠦᠵᠡᠭᠡᠳ ᠠᠭᠤᠷᠯᠠᠬᠤ ᠶ᠋ᠢᠨ ᠶᠡᠬᠡ ᠪᠡᠷ ᠠᠭᠤᠷᠯᠠᠵᠤ ᠂ ᠡᠭᠦᠳᠡ ᠶ᠋ᠢ ᠨᠢ ᠫᠠᠰ ᠬᠢᠲᠡᠯ᠎ᠡ ᠬᠠᠶᠠᠵᠤ ᠭᠠᠷᠴᠤ ᠢᠷᠡᠭᠡᠳ ᠂ ᠬᠤᠰᠢᠭᠤᠨ ᠸᠠᠩ ᠳ᠋ᠤ᠌ ᠵᠠᠷᠭᠤ ᠬᠢᠬᠦ ᠪᠡᠷ ᠣᠴᠢᠶ᠎ᠠ ᠭᠡᠵᠦ ᠪᠣᠳᠣᠵᠠᠢ ᠃ ᠡᠨᠡ ᠪᠣᠳᠣᠯ ᠊ᠢ ᠪᠡᠨ ᠰᠡᠳᠬᠢᠯ ᠢ᠋ᠶ᠋ᠡᠨ ᠠᠪᠤᠯᠴᠠᠭᠰᠠᠨ ᠡᠪᠦᠭᠡᠨ ᠠᠯᠲᠠᠨᠭᠡᠷᠡᠯ ᠳ᠋ᠡᠭᠡᠨ ᠬᠡᠯᠡᠬᠦ ᠪᠡᠷ ᠣᠴᠢᠪᠠ ᠃ ᠡᠪᠦᠭᠡᠨ ᠠᠯᠲᠠᠨᠭᠡᠷᠡᠯ ᠰᠣᠨᠣᠰᠤᠭᠠᠳ ᠂ ᠤᠷᠲᠤ ᠰᠠᠨᠠᠭ᠎ᠠ ᠠᠯᠳᠠᠵᠤ ᠄ 《 ᠬᠦᠦ ᠮᠢᠨᠢ ᠣᠳᠣ ᠪᠣᠯ ᠡᠪᠦᠯ ᠬᠠᠪᠤᠷ ᠨᠡᠶ᠋ᠢᠯᠡᠭᠡᠳ ᠵᠤᠨ ᠦᠭᠡᠢ ᠪᠣᠯᠵᠤ ᠂ ᠥᠩᠭᠡ ᠮᠥᠩᠭᠥ ᠨᠡᠶ᠋ᠢᠯᠡᠭᠡᠳ ᠬᠠᠤᠯᠢ ᠦᠭᠡᠢ ᠪᠣᠯᠤᠭᠰᠠᠨ ᠴᠠᠭ ᠰᠢᠦ ᠂ ᠮᠠᠨ ᠰᠢᠬ ᠶᠠᠳᠠᠭᠤ ᠬᠥᠮᠦᠨ ᠦ᠌ ᠦᠭᠡ ᠶ᠋ᠢ ᠬᠡᠨ ᠰᠣᠨᠣᠰᠬᠤ ᠪᠣᠢ ? ᠬᠠᠷᠢᠨ ᠴᠢ ᠡᠷᠭᠢᠭᠡᠳ ᠪᠤᠷᠤᠭᠤᠳᠠᠵᠤ ᠮᠡᠳᠡᠬᠦ ᠶᠦ᠍ᠮ 》 ᠭᠡᠵᠡᠢ ᠃ ᠳᠠᠷᠮᠠᠵᠠᠪ ᠤᠴᠢᠷ ᠊ᠢ ᠨᠢ ᠠᠰᠠᠭᠤᠭᠰᠠᠨ ᠳ᠋ᠤ᠌ ᠠᠯᠲᠠᠨᠭᠡᠷᠡᠯ ᠡᠪᠦᠭᠡᠨ ᠬᠤᠰᠢᠭᠤᠨ ᠳ᠋ᠤ᠌ ᠭᠠᠷᠤᠭᠠᠳ ᠳᠡᠮᠡᠢ ᠤᠳᠠᠭᠠᠳᠤᠢ ᠨᠢᠭᠡ ᠦᠯᠢᠭᠡᠷ ᠊ᠢ ᠬᠡᠯᠡᠵᠦ ᠥᠬ᠋ᠪᠡ ᠃
ᠡᠨᠡ ᠬᠤᠰᠢᠭᠤᠨ ᠳ᠋ᠤ᠌ ᠨᠢᠭᠡᠨ ᠶᠡᠬᠡ ᠪᠠᠭᠠᠲᠤᠷ ᠬᠥᠮᠦᠨ ᠪᠠᠶ᠋ᠢᠪᠠ ᠭᠡᠨ᠎ᠡ ᠃ ᠭᠡᠷ ᠶᠠᠳᠠᠭᠤ ᠪᠣᠯᠬᠣᠷ ᠬᠥᠮᠦᠨ ᠳ᠋ᠦ᠍ ᠵᠠᠷᠤᠭᠳᠠᠵᠤ ᠪᠠᠶ᠋ᠢᠵᠠᠢ ᠃ ᠪᠠᠶᠠᠨ ᠨᠢ ᠬᠡᠲᠦᠷᠬᠡᠢ ᠶᠡᠬᠡ ᠳᠠᠷᠤᠯᠠᠬᠤ ᠳ᠋ᠤ᠌ ᠲᠡᠰᠴᠦ ᠶᠠᠳᠠᠬᠤ ᠳ᠋ᠠᠭᠠᠨ ᠬᠤᠰᠢᠭᠤᠨ ᠸᠠᠩ ᠳ᠋ᠠᠭᠠᠨ ᠣᠴᠢᠵᠤ ᠵᠠᠭᠠᠯᠳᠤᠪᠠ ᠃ ᠶᠠᠭᠠᠬᠢᠵᠤ ᠬᠡᠯᠡᠭᠰᠡᠨ ᠴᠦ᠍ ᠲᠡᠷᠡ ᠪᠠᠭᠠᠲᠤᠷ ᠡᠷ᠎ᠡ ᠶ᠋ᠢᠨ ᠵᠥᠪ ᠪᠣᠯᠬᠣᠷ ᠬᠤᠰᠢᠭᠤᠨ ᠸᠠᠩ ᠨᠢ ᠲᠡᠷᠡ ᠪᠠᠶᠠᠨ ᠊ᠢ ᠪᠤᠷᠤᠭᠤᠳᠠᠭᠤᠯᠬᠤ ᠪᠠᠷ ᠰᠢᠢᠳᠦᠯ᠎ᠡ ᠃ ᠭᠡᠲᠡᠯ᠎ᠡ ᠲᠡᠷᠡ ᠵᠠᠭᠠᠯᠳᠤᠭᠳᠠᠭᠰᠠᠨ ᠪᠠᠶᠠᠨ ᠂ ᠸᠠᠩ ᠳ᠋ᠠᠭᠠᠨ ᠄ 《 ᠸᠠᠩ ᠮᠢᠨᠢ ᠂ ᠲᠠ ᠮᠢᠨᠦ ᠠᠪᠤ ᠶ᠋ᠢ ᠲᠠᠨᠢᠬᠤ ᠪᠢᠵᠡ ! 》 ᠭᠡᠵᠦ ᠬᠡᠯᠡᠪᠡ ᠃ 《 ᠲᠠᠨ ᠤ᠋ ᠠᠪᠤ ᠶ᠋ᠢᠨ ᠠᠯᠳᠠᠷ ᠬᠡᠨ ᠪᠢᠯᠡ ? 》 ᠭᠡᠵᠦ ᠬᠤᠰᠢᠭᠤᠨ ᠸᠠᠩ ᠠᠰᠠᠭᠤᠬᠤ ᠳ᠋ᠤ᠌ ᠥᠨᠥᠬᠢ ᠪᠠᠶᠠᠨ ᠶᠡᠬᠡᠯ᠎ᠡ ᠢᠨᠢᠶᠡᠭᠡᠳ ᠄ 《 ᠨᠢᠭᠤᠷ ᠲᠠᠭᠠᠨ ᠰᠡᠪᠬᠡ ᠲᠡᠢ ᠂ ᠨᠢᠷᠤᠭᠤᠪᠲᠤᠷ ᠪᠡᠶ᠎ᠡ ᠲᠡᠢ ᠂ ᠵᠢᠩᠭᠢᠷ ᠵᠢᠩᠭᠢᠷ ᠳᠠᠭᠤᠨ ᠲᠠᠢ ᠂ ᠲᠠᠪᠢᠨᠲᠠᠢ ᠭᠡᠳᠡᠭ ᠴᠣᠯᠠ ᠲᠠᠢ 》 ᠭᠡᠵᠦ ᠬᠠᠷᠢᠭᠤᠯᠪᠠ ᠃ ᠭᠡᠬᠦ ᠳ᠋ᠦ᠍ ᠸᠠᠩ ᠨᠢ ᠄ 《 ᠠ ! ᠲᠠᠨᠢᠯ ᠦᠭᠡᠢ ᠳᠡ ᠂ ᠲᠠᠨᠤᠰ ᠭᠠᠷᠴᠤ ᠪᠠᠶ᠋ᠢᠭᠠᠷᠠᠢ ᠂ ᠮᠠᠷᠭᠠᠰᠢ ᠰᠢᠳᠬᠡᠶ᠎ᠡ 》 ᠭᠡᠳ ᠮᠠᠷᠭᠠᠲᠠ ᠨᠢ ᠪᠠᠭᠠᠲᠤᠷ ᠡᠷ᠎ᠡ ᠶ᠋ᠢ ᠬᠣᠣᠷᠯᠠᠪᠠ ᠭᠡᠨ᠎ᠡ ᠃ ᠲᠡᠷᠡ ᠪᠠᠶᠠᠨ ᠤ᠋ ᠦᠭᠡ ᠪᠣᠯ ᠸᠠᠩ ᠳ᠋ᠠᠭᠠᠨ ᠬᠡᠰᠡᠭ ᠲᠡᠢ ᠶᠤᠸᠠᠮᠪᠤᠤ ᠥᠭᠬᠦ ᠭᠡᠵᠦ ᠬᠡᠯᠡᠭᠰᠡᠨ ᠪᠠᠶ᠋ᠢᠵᠠᠢ ᠃
ᠠᠯᠲᠠᠨᠭᠡᠷᠡᠯ ᠡᠪᠦᠭᠡᠨ ᠰᠠᠶᠢ ᠬᠡᠯᠡᠵᠦ ᠪᠠᠷᠠᠲᠠᠯ᠎ᠠ ᠪᠠᠰᠠ ᠨᠢᠭᠡ ᠲᠠᠨᠢᠯ ᠡᠪᠦᠭᠡᠨ ᠣᠷᠣᠵᠤ ᠢᠷᠡᠪᠡ ᠃ ᠨᠡᠷ᠎ᠡ ᠨᠢ ᠴᠢᠮᠡᠳ ᠭᠡᠳᠡᠭ ᠂ ᠮᠥᠨ ᠴᠦ᠍ ᠶᠠᠳᠠᠭᠤ ᠬᠥᠮᠦᠨ ᠪᠢᠯᠡ ᠃ ᠲᠡᠷᠡ ᠂ ᠳᠠᠷᠮᠠᠵᠠᠪ ᠤ᠋ᠨ ᠮᠡᠬᠡᠯᠡᠭᠳᠡᠭᠰᠡᠨ ᠊ᠢ ᠰᠣᠨᠣᠰᠤᠭᠠᠳ ᠄ 《 ᠮᠥᠯᠵᠢᠯ ᠳ᠋ᠦ᠍ ᠮᠢᠩᠭᠠᠨ ᠠᠷᠭ᠎ᠠ ᠲᠠᠢ ᠭᠡᠳᠡᠭᠴᠢᠯᠡᠨ ᠣᠤᠠᠰᠥ᠋ᠷᠦᠩ ᠪᠣᠯ ᠪᠦᠷ ᠢᠩᠭᠢᠵᠦ ᠵᠥᠭᠡᠯᠡᠨ ᠬᠤᠶ᠋ᠢᠬᠤᠷ ᠠᠷᠭ᠎ᠠ ᠪᠠᠷ ᠪᠠᠶᠠᠵᠢᠭᠰᠠᠨ ᠬᠥᠮᠦᠨ ᠶᠦ᠍ᠮ ᠰᠢᠦ 》 ᠭᠡᠯᠡ ᠃ ᠳᠠᠷᠮᠠᠵᠠᠪ ᠡᠪᠴᠢᠭᠦᠦ ᠪᠡᠨ ᠰᠢᠭᠠᠵᠤ ᠄ 《 ᠡᠨᠡ ᠶᠢᠷᠲᠢᠨᠴᠦ ᠦᠨᠡᠬᠡᠷ ᠨᠠᠷᠠᠨ ᠪᠠᠶ᠋ᠢᠭᠠᠳ ᠬᠠᠷᠠᠩᠭᠤᠢ 》 ᠭᠡᠵᠦ ᠬᠠᠰᠬᠢᠷᠴᠤ ᠬᠡᠯᠡᠪᠡ ᠃
ᠦᠰᠦᠭ ᠠᠮᠢᠯᠠᠭᠤᠯᠤᠭᠴᠢ ᠄ ᠪᠠᠶᠠᠨᠰᠡᠷᠡᠩ
ᠬᠢᠨᠠᠭᠴᠢ ᠪᠠᠭᠰᠢ ᠄ ᠪᠠᠶᠠᠷᠴᠡᠴᠡᠭ · ᠣᠤᠠᠬᠣᠨᠴᠡᠴᠡᠭ
