ᠡᠷᠡᠬᠡᠢ ᠮᠡᠷᠭᠡᠨ- ᠳᠣᠮᠣᠭ ᠦᠯᠢᠭᠡᠷЭрхий мэргэн
ᠡᠷᠡᠬᠡᠢ ᠮᠡᠷᠭᠡᠨ- ᠳᠣᠮᠣᠭ ᠦᠯᠢᠭᠡᠷ
ᠡᠷᠲᠡ ᠤᠷᠢᠳᠤ ᠴᠠᠭ ᠲᠤ᠌ ᠡᠨᠡ ᠬᠣᠷᠸ᠋᠎ᠠ ᠳᠡᠯᠡᠬᠡᠢ ᠳ᠋ᠦ᠍ ᠳᠣᠯᠣᠭᠠᠨ ᠨᠠᠷᠠ ᠭᠠᠷᠤᠭᠠᠳ ᠂ ᠭᠠᠩ ᠭᠠᠴᠢᠭ ᠪᠣᠯᠵᠤ ᠂ ᠭᠠᠵᠠᠷ ᠤ᠋ᠨ ᠬᠥᠷᠥᠰᠥ ᠤᠯᠠᠶ᠋ᠢᠷᠠᠭᠠᠳ ᠂ ᠤᠰᠤ ᠮᠥᠷᠡᠨ ᠰᠢᠷᠭᠢᠭᠡᠳ ᠂ ᠤᠷᠭᠤᠮᠠᠯ ᠮᠣᠳᠣ ᠬᠠᠲᠠᠭᠠᠳ ᠂ ᠠᠭᠠᠭᠢᠮ᠎ᠠ ᠬᠠᠯᠠᠭᠤᠨ ᠪᠣᠯᠵᠤ ᠂ ᠠᠮᠢᠲᠠᠨ ᠬᠥᠮᠦᠨ ᠠᠳᠤᠭᠤ ᠮᠠᠯ ᠬᠠᠷᠠᠩᠭᠤᠳᠤᠭᠠᠳ ᠂ ᠪᠠᠶ᠋ᠢᠵᠤ ᠰᠠᠭᠤᠬᠤ ᠶ᠋ᠢᠨ ᠠᠷᠭ᠎ᠠ ᠦᠭᠡᠢ ᠭᠠᠮᠰᠢᠭ ᠨᠢᠭᠤᠷᠯᠠᠵᠠᠢ ᠭᠡᠨ᠎ᠡ ᠃ ᠡᠨᠡ ᠨᠤᠲᠤᠭ ᠤ᠋ᠨ ᠬᠢᠨ ᠠᠶᠤᠯ ᠨᠢᠭᠤᠷᠯᠠᠭᠰᠠᠨ ᠡᠨᠡ ᠭᠠᠮᠰᠢᠭ ᠠ᠋ᠴᠠ ᠬᠡᠷᠬᠢᠨ ᠶᠠᠭᠠᠬᠢᠵᠤ ᠠᠩᠭᠢᠵᠢᠷᠠᠬᠤ ᠲᠤᠬᠠᠢ ᠪᠠᠨ ᠤᠳᠠᠲᠠᠯ᠎ᠠ ᠵᠥᠪᠯᠡᠯᠳᠦᠭᠡᠳ ᠲᠡᠷᠡ ᠨᠤᠲᠤᠭ ᠲᠤ᠌ ᠬᠠᠷᠠᠭᠰᠠᠨ ᠢ᠋ᠶ᠋ᠠᠨ ᠬᠠᠷᠪᠤᠳᠠᠭ ᠂ ᠬᠠᠷᠪᠤᠭᠰᠠᠨ ᠢ᠋ᠶ᠋ᠠᠨ ᠤᠨᠤᠳᠠᠭ ᠡᠷᠡᠬᠡᠢ ᠮᠡᠷᠭᠡᠨ ᠭᠡᠵᠦ ᠬᠠᠪᠤᠲᠠᠢ ᠮᠡᠷᠭᠡᠨ ᠬᠠᠷᠪᠤᠭᠠᠴᠢ ᠪᠠᠶ᠋ᠢᠲᠠᠭ ᠭᠡᠳᠡᠭ ᠊ᠢ ᠣᠯᠵᠤ ᠳᠣᠭᠣᠯᠵᠠᠢ ᠭᠡᠨ᠎ᠡ ᠃ ᠢᠩᠭᠢᠭᠡᠳ ᠲᠡᠳᠡ ᠡᠷᠡᠬᠡᠢ ᠮᠡᠷᠭᠡᠨ ᠲᠡᠢ ᠠᠭᠤᠯᠵᠠᠭᠠᠳ ᠢᠩᠭᠢᠵᠦ ᠬᠡᠯᠡᠯ᠎ᠡ ᠃ 《 ᠡᠷᠬᠢᠮ ᠮᠡᠷᠭᠡᠨ ᠬᠠᠷᠪᠤᠭᠠᠴᠢ ᠲᠠ ᠣᠯᠠᠨ ᠪᠢᠳᠡᠨ ᠊ᠢ ᠰᠣᠨᠣᠰᠴᠤ ᠠᠶ᠋ᠢᠯᠠᠳ ᠠ᠋ ! ᠣᠭᠲᠠᠷᠭᠤᠢ ᠳ᠋ᠤ᠌ ᠭᠠᠷᠤᠭᠰᠠᠨ ᠡᠨᠡ ᠣᠯᠠᠨ ᠨᠠᠷᠠ ᠶ᠋ᠢ ᠮᠡᠷᠭᠡᠨ ᠬᠠᠷᠪᠤᠭᠠᠴᠢ ᠲᠠᠨ ᠠ᠋ᠴᠠ ᠥᠭᠡᠷ᠎ᠡ ᠬᠡᠨ ᠴᠦ᠍ ᠬᠠᠷᠪᠤᠵᠤ ᠤᠰᠠᠳᠬᠠᠵᠤ ᠴᠢᠳᠠᠬᠤ ᠦᠭᠡᠢ ᠭᠡᠨ᠎ᠡ ᠃ ᠲᠠ ᠲᠡᠳᠡᠨ ᠊ᠢ ᠤᠰᠠᠳᠬᠠᠵᠤ ᠠᠷᠠᠳ ᠣᠯᠠᠨ ᠪᠢᠳᠡᠨ ᠊ᠢ ᠠᠶᠤᠯ ᠵᠣᠪᠠᠯᠠᠩ ᠠ᠋ᠴᠠ ᠠᠪᠤᠷᠠᠵᠤ ᠥᠭᠭᠦᠨ᠎ᠡ ᠦᠦ ?》 ᠭᠡᠵᠦ ᠭᠤᠶᠤᠵᠠᠢ ᠭᠡᠨ᠎ᠡ ᠃ ᠡᠷᠡᠬᠡᠢ ᠳᠦ ᠪᠡᠨ ᠡᠷᠴᠢᠲᠡᠢ ᠂ ᠡᠯᠢᠭᠡᠨ ᠳ᠋ᠦ᠍ ᠪᠡᠨ ᠰᠥᠰᠥᠲᠡᠢ ᠂ ᠵᠠᠯᠠᠭᠤ ᠨᠠᠰᠤᠲᠠᠢ ᠂ ᠬᠠᠯᠠᠭᠤᠨ ᠴᠢᠰᠤᠲᠠᠢ ᠮᠡᠷᠭᠡᠨ ᠬᠠᠷᠪᠤᠭᠠᠴᠢ ᠡᠭᠦᠨ ᠊ᠢ ᠰᠣᠨᠣᠰᠤᠭᠠᠳ ᠶᠡᠬᠡ ᠯᠡ ᠪᠠᠷᠳᠠᠮᠨᠠᠨ ᠢᠩᠭᠢᠵᠦ ᠬᠡᠯᠡᠯ᠎ᠡ ᠃ 《ᠳᠣᠯᠣᠭᠠᠨ ᠨᠠᠷᠠ ᠶ᠋ᠢ ᠪᠢ ᠳᠣᠯᠣᠭᠠᠨ ᠰᠤᠮᠤ ᠪᠠᠷ ᠨᠢᠭᠡ ᠨᠢᠭᠡ ᠬᠠᠷᠪᠤᠭᠠᠳ ᠤᠨᠤᠵᠤ ᠤᠰᠠᠳᠬᠠᠨ᠎ᠠ ᠃ ᠬᠡᠷᠪᠡ ᠴᠢᠳᠠᠬᠤ ᠦᠭᠡᠢ ᠬᠥᠮᠦᠨ ᠪᠣᠯ ᠡᠷᠡᠬᠡᠢ ᠬᠤᠷᠤᠭᠤ ᠪᠠᠨ ᠣᠭᠲᠣᠯᠤᠭᠠᠳ ᠂ ᠡᠷ᠎ᠡ ᠬᠥᠮᠦᠨ ᠢ᠋ᠶ᠋ᠡᠨ ᠪᠠᠶ᠋ᠢᠭᠠᠳ ᠂ ᠬᠠᠷ᠎ᠠ ᠤᠰᠤ ᠤᠤᠭᠤᠳᠠᠭ ᠦᠭᠡᠢ ᠂ ᠬᠠᠭᠳᠠ ᠡᠪᠡᠰᠦ ᠢᠳᠡᠳᠡᠭ ᠦᠭᠡᠢ ᠂ ᠬᠠᠷᠠᠩᠭᠤᠢ ᠨᠦᠬᠡᠨ ᠳ᠋ᠦ᠍ ᠢᠴᠡᠭᠡᠳ ᠂ ᠦᠨᠳᠦᠰᠦ ᠨᠣᠭᠣᠭ᠎ᠠ ᠪᠠᠷ ᠬᠣᠭᠣᠯᠠᠯᠠᠨ ᠂ ᠥᠯ ᠴᠠᠩᠭᠠᠭ᠎ᠠ ᠭᠠᠷᠭᠠᠳᠠᠭ ᠠᠮᠢᠲᠠᠨ ᠪᠣᠯᠤᠨ᠎ᠠ ᠃ ᠲᠡᠭᠡᠭᠡᠳ ᠪᠢ ᠡᠷ᠎ᠡ ᠬᠥᠮᠦᠨ ᠦ᠌ ᠣᠯᠵᠠ ᠪᠣᠯᠵᠤ ᠶᠠᠪᠤᠨ᠎ᠠ ᠳᠠ ! 》 ᠢᠩᠭᠢᠵᠦ ᠠᠮᠠ ᠠᠯᠳᠠᠵᠤ ᠠᠨᠳᠠᠭᠠᠢ ᠲᠠᠩᠭᠠᠷᠢᠭ ᠲᠠᠯᠪᠢᠵᠤ ᠭᠡᠨ᠎ᠡ ᠃ ᠲᠡᠭᠡᠭᠡᠳ ᠡᠷᠡᠬᠡᠢ ᠮᠡᠷᠭᠡᠨ ᠳᠣᠷᠣᠨᠠᠲᠤ ᠠ᠋ᠴᠠ ᠥᠷᠥᠨᠡᠲᠦ ᠬᠦᠷᠲᠡᠯᠡᠬᠢ ᠣᠭᠲᠠᠷᠭᠤᠢ ᠳ᠋ᠤ᠌ ᠴᠤᠪᠤᠷᠠᠭᠰᠠᠨ ᠳᠣᠯᠣᠭᠠᠨ ᠨᠠᠷᠠ ᠶ᠋ᠢ ᠵᠡᠭᠦᠨ ᠡᠴᠡ ᠨᠢ ᠡᠬᠢᠯᠡᠨ ᠬᠠᠷᠪᠤᠭᠠᠳ ᠤᠨᠤᠵᠤ ᠭᠠᠷᠴᠠᠢ ᠭᠡᠨ᠎ᠡ ᠃ ᠵᠢᠷᠭᠤᠭᠠᠨ ᠨᠠᠷᠠ ᠶ᠋ᠢ ᠳᠠᠷᠠᠭᠠᠯᠠᠨ ᠵᠢᠷᠭᠤᠭᠠᠨ ᠰᠤᠮᠤ ᠪᠠᠷ ᠤᠰᠠᠳᠬᠠᠭᠠᠳ ᠳᠣᠯᠣᠳᠠᠬᠢ ᠰᠤᠮᠤ ᠪᠠᠨ ᠰᠤᠮᠤᠯᠠᠨ ᠰᠡᠭᠦᠯᠴᠢ ᠶ᠋ᠢᠨ ᠭᠠᠭᠴᠠ ᠨᠠᠷᠠ ᠤᠷᠤᠭᠤ ᠬᠠᠷᠪᠤᠬᠤ ᠪᠠᠷ ᠱᠠᠭᠠᠶ᠋ᠢᠨ ᠰᠢᠪᠰᠢᠵᠦ ᠪᠠᠶ᠋ᠢᠭᠠᠳ ᠬᠠᠷᠪᠤᠯ᠎ᠠ ᠃ ᠲᠡᠭᠡᠲᠡᠯ᠎ᠡ ᠱᠤᠩᠭᠤᠨ ᠨᠢᠰᠬᠦ ᠰᠤᠮᠤᠨ ᠤ᠋ ᠤᠷᠳᠤᠭᠤᠷ ᠬᠠᠷᠢᠶᠠᠴᠠᠢ ᠰᠢᠪᠠᠭᠤ ᠬᠠᠯᠢᠨ ᠳᠡᠭᠦᠯᠢᠨ ᠨᠢᠰᠴᠦ ᠢᠷᠡᠭᠡᠳ ᠰᠡᠭᠦᠯ ᠢ᠋ᠶ᠋ᠡᠨ ᠰᠡᠳᠡ ᠲᠠᠲᠠᠭᠤᠯᠤᠨ ᠨᠢᠰᠦᠨ ᠣᠳᠤᠯ᠎ᠠ ᠃ ᠲᠡᠷᠡ ᠴᠠᠭ ᠠ᠋ᠴᠠ ᠬᠣᠶ᠋ᠢᠰᠢ ᠬᠠᠷᠢᠶᠠᠴᠠᠢ ᠶ᠋ᠢᠨ ᠰᠡᠭᠦᠯ ᠬᠣᠶᠠᠷ ᠰᠠᠯᠠᠭ᠎ᠠ ᠪᠣᠯᠴᠢᠬᠠᠭᠰᠠᠨ ᠭᠡᠨ᠎ᠡ ᠃ ᠬᠠᠷᠢᠨ ᠥᠨᠥᠬᠢ ᠰᠡᠭᠦᠯᠴᠢ ᠶ᠋ᠢᠨ ᠨᠠᠷᠠ ᠬᠠᠷᠪᠤᠭᠠᠴᠢ ᠠ᠋ᠴᠠ ᠠᠶᠤᠭᠠᠳ ᠪᠠᠷᠠᠭᠤᠨ ᠠᠭᠤᠯᠠ ᠶ᠋ᠢᠨ ᠴᠠᠭᠠᠭᠤᠷ ᠪᠠᠷᠤᠰᠬᠢᠭᠡᠳ ᠳᠠᠯᠳᠠ ᠣᠷᠣᠴᠢᠬᠠᠵᠠᠢ ᠭᠡᠨ᠎ᠡ ᠃ ᠡᠷᠡᠬᠡᠢ ᠮᠡᠷᠭᠡᠨ ᠬᠠᠷᠪᠤᠭᠠᠴᠢ ᠬᠠᠷᠢᠶᠠᠴᠠᠢ ᠰᠢᠪᠠᠭᠤ ᠶ᠋ᠢ ᠬᠠᠯᠬᠠᠯᠠᠵᠤ ᠰᠠᠭᠠᠳ ᠪᠣᠯᠤᠯ᠎ᠠ ᠭᠡᠵᠦ ᠶᠡᠬᠡ ᠯᠡ ᠪᠠᠴᠢᠮᠳᠠᠨ ᠮᠣᠷᠢᠨ ᠳ᠋ᠤ᠌ ᠪᠠᠨ ᠄ 《 ᠬᠠᠷᠤᠢ ᠪᠦᠷᠦᠢ ᠪᠣᠯᠬᠤ ᠠ᠋ᠴᠠ ᠡᠮᠦᠨ᠎ᠡ ᠬᠠᠷᠢᠶᠠᠴᠠᠢ ᠰᠢᠪᠠᠭᠤ ᠶ᠋ᠢ ᠭᠦᠢᠴᠡᠬᠦ ᠶᠣᠰᠣᠲᠠᠢ ! 》 ᠭᠡᠵᠦ ᠲᠤᠰᠢᠶᠠᠭᠰᠠᠨ ᠳ᠋ᠤ᠌ ᠮᠣᠷᠢ ᠡᠵᠡᠨ ᠳ᠋ᠦ᠍ ᠪᠡᠨ ᠄ 《 ᠬᠡᠷᠪᠡ ᠪᠢ ᠬᠠᠷᠢᠶᠠᠴᠠᠢ ᠰᠢᠪᠠᠭᠤ ᠶ᠋ᠢ ᠬᠠᠷ᠎ᠠ ᠪᠦᠷᠦᠢ ᠪᠣᠯᠲᠠᠯ᠎ᠠ ᠬᠥᠭᠡᠭᠡᠭᠡᠳ ᠭᠦᠢᠴᠡᠬᠦ ᠦᠭᠡᠢ ᠪᠣᠯ ᠬᠥᠯ ᠮᠥᠴᠢ ᠶ᠋ᠢ ᠮᠢᠨᠢ ᠣᠭᠲᠣᠯᠤᠭᠠᠳ ᠬᠥᠳᠡᠭᠡ ᠬᠡᠭᠡᠷ᠎ᠡ ᠭᠠᠵᠠᠷ ᠬᠠᠶᠠᠭᠠᠷᠠᠢ ! ᠡᠷ᠎ᠡ ᠬᠥᠮᠦᠨ ᠦ᠌ ᠴᠢᠮᠡᠭ ᠡᠮᠡᠭᠡᠯᠲᠦ ᠬᠦᠯᠦᠭ ᠢ᠋ᠶ᠋ᠡᠨ ᠪᠣᠯᠢᠭᠠᠳ ᠡᠩᠬᠦᠯ ᠲᠦᠩᠬᠦᠯ ᠡᠵᠡᠭᠦᠢ ᠭᠠᠵᠠᠷ ᠢ᠋ᠶ᠋ᠠᠷ ᠠᠮᠢᠳᠤᠷᠠᠬᠤ ᠪᠣᠯᠤᠨ᠎ᠠ ᠪᠢ ! 》 ᠢᠩᠭᠢᠵᠦ ᠠᠮᠠ ᠪᠠᠷᠳᠠᠮ ᠠᠨᠲᠠᠭᠠᠶ᠋ᠢᠯᠠᠵᠠᠢ ᠭᠡᠨ᠎ᠡ ᠃ ᠢᠩᠭᠢᠭᠡᠳ ᠲᠡᠷᠡ ᠬᠣᠶᠠᠷ ᠬᠠᠷᠢᠶᠠᠴᠠᠢ ᠰᠢᠪᠠᠭᠤ ᠶ᠋ᠢ ᠬᠥᠭᠡᠭᠡᠭᠡᠳ ᠬᠠᠷᠢᠭᠤ ᠦᠭᠡᠢ ᠭᠦᠢᠴᠡᠬᠦ ᠶ᠋ᠢᠨ ᠳᠠᠪᠠᠭᠠᠨ ᠳᠡᠭᠡᠷ᠎ᠡ ᠬᠠᠷᠢᠶᠠᠴᠠᠢ ᠰᠢᠪᠠᠭᠤ ᠬᠠᠰᠢ ᠶᠠᠰᠢ ᠬᠠᠮᠢᠶ᠎ᠠ ᠦᠭᠡᠢ ᠬᠠᠯᠲᠤ ᠪᠤᠯᠲᠤ ᠦᠰᠦᠷᠦᠭᠡᠳ ᠠᠷᠠᠢ ᠭᠦᠢᠴᠡᠭᠲᠡᠯ ᠦᠭᠡᠢ ᠵᠢᠭᠤᠲᠠᠭᠰᠠᠭᠠᠷ ᠬᠠᠷᠤᠢ ᠪᠦᠷᠦᠢ ᠪᠣᠯᠵᠤ ᠬᠠᠷᠢᠶᠠᠴᠠᠢ ᠶ᠋ᠢ ᠭᠦᠢᠴᠡᠯ ᠦᠭᠡᠢ ᠠᠯᠳᠠᠵᠤ ᠣᠷᠬᠢᠵᠠᠢ ᠃ ᠡᠨᠡ ᠶᠠᠪᠤᠳᠠᠯ ᠳ᠋ᠤ᠌ ᠠᠭᠤᠷᠯᠠᠭᠰᠠᠨ ᠡᠷᠡᠬᠡᠢ ᠮᠡᠷᠭᠡᠨ ᠬᠠᠷᠴᠠᠭ᠎ᠠ ᠠᠯᠠᠭ ᠮᠣᠷᠢᠨ ᠤ᠋ ᠪᠠᠨ ᠤᠷᠲᠤ ᠬᠣᠶᠠᠷ ᠬᠥᠯ ᠊ᠢ ᠨᠢ ᠣᠭᠲᠣᠯᠤᠭᠠᠳ ᠂ ᠡᠵᠡᠭᠦᠢ ᠬᠡᠭᠡᠷ᠎ᠡ ᠬᠠᠶᠠᠴᠢᠬᠠᠵᠠᠢ ᠭᠡᠨ᠎ᠡ ᠃ ᠬᠠᠶᠠᠭᠳᠠᠭᠰᠠᠨ ᠮᠣᠷᠢ ᠡᠩᠬᠦᠯ ᠲᠦᠩᠬᠦᠯ ᠡᠵᠡᠭᠦᠢ ᠭᠠᠵᠠᠷ ᠢ᠋ᠶ᠋ᠠᠷ ᠠᠮᠢᠳᠤᠷᠠᠭᠰᠠᠭᠠᠷ ᠤᠷᠲᠤ ᠬᠣᠶᠠᠷ ᠬᠥᠯ ᠨᠢ ᠪᠣᠭᠣᠨᠢ ᠠᠯᠠᠭᠳᠠᠭ᠎ᠠ ᠪᠣᠯᠤᠨ ᠬᠤᠪᠢᠷᠠᠵᠠᠢ ᠭᠡᠨ᠎ᠡ ᠃ ᠡᠷᠡᠬᠡᠢ ᠮᠡᠷᠭᠡᠨ ᠥᠪᠡᠷ ᠢ᠋ᠶ᠋ᠡᠨ ᠡᠷ᠎ᠡ ᠬᠥᠮᠦᠨ ᠦ᠌ ᠲᠠᠩᠭᠠᠷᠢᠭ ᠶᠣᠰᠣᠭᠠᠷ ᠡᠷᠡᠬᠡᠢ ᠬᠤᠷᠤᠭᠤ ᠪᠠᠨ ᠣᠭᠲᠣᠯᠵᠤ ᠬᠠᠶᠠᠭᠠᠳ ᠂ ᠡᠷ᠎ᠡ ᠬᠥᠮᠦᠨ ᠢ᠋ᠶ᠋ᠡᠨ ᠪᠠᠶ᠋ᠢᠭᠠᠳ ᠂ ᠬᠠᠷ᠎ᠠ ᠤᠰᠤ ᠤᠤᠭᠤᠳᠠᠭ ᠦᠭᠡᠢ ᠂ ᠬᠠᠭᠳᠠ ᠡᠪᠡᠰᠦ ᠢᠳᠡᠳᠡᠭ ᠦᠭᠡᠢ ᠲᠠᠷᠪᠠᠭ᠎ᠠ ᠪᠣᠯᠤᠭᠠᠳ ᠡᠷᠭᠢ ᠨᠦᠬᠡᠯᠡᠵᠦ ᠣᠷᠣᠭᠠᠳ ᠬᠠᠷᠠᠩᠭᠤᠢ ᠨᠦᠬᠡᠨ ᠳ᠋ᠦ᠍ ᠠᠮᠢᠳᠤᠷᠠᠳᠠᠭ ᠪᠣᠯᠤᠭᠰᠠᠨ ᠭᠡᠨ᠎ᠡ ᠃
ᠬᠡᠦᠬᠡᠳ ᠦ᠋ᠳ ᠠ᠋ ! ᠲᠠᠷᠪᠠᠭᠠᠨ ᠤ᠋ ᠰᠠᠷᠪᠠᠭᠤ ᠳᠥᠷᠪᠡᠨ ᠬᠤᠷᠤᠭᠤ ᠲᠠᠢ ᠪᠠᠶ᠋ᠢᠲᠠᠭ ᠤ᠋ᠨ ᠤᠴᠢᠷ ᠲᠡᠷᠡ ᠭᠡᠨ᠎ᠡ ᠃
ᠡᠨᠡ ᠳᠡᠯᠡᠬᠡᠢ ᠳ᠋ᠦ᠍ ᠦᠯᠡᠲᠡᠭᠰᠡᠨ ᠴᠣᠷᠢ ᠶ᠋ᠢᠨ ᠭᠠᠭᠴᠠ ᠨᠠᠷᠠ ᠬᠠᠷᠪᠤᠭᠠᠴᠢ ᠠ᠋ᠴᠠ ᠠᠶᠤᠭᠠᠳ ᠠᠭᠤᠯᠠ ᠶ᠋ᠢᠨ ᠴᠠᠭᠠᠭᠤᠷ ᠣᠷᠣᠴᠢᠬᠠᠭᠰᠠᠨ ᠤᠴᠢᠷ ᠠ᠋ᠴᠠ ᠡᠳᠦᠷ ᠰᠥᠨᠢ ᠡᠭᠡᠯᠵᠢᠯᠡᠨ ᠰᠣᠯᠢᠭᠳᠠᠳᠠᠭ ᠪᠣᠯᠵᠠᠢ ᠃
ᠡᠷᠡᠬᠡᠢ ᠮᠡᠷᠭᠡᠨ ᠬᠠᠷᠪᠤᠭᠠᠴᠢ ᠲᠠᠷᠪᠠᠭ᠎ᠠ ᠪᠣᠯᠤᠭᠰᠠᠨ ᠢ᠋ᠶ᠋ᠠᠨ ᠮᠠᠷᠲᠠᠭᠠᠳ ᠥᠷᠯᠥᠭᠡ ᠣᠷᠣᠢ ᠶ᠋ᠢᠨ ᠨᠠᠷᠠᠨ ᠢ᠋ᠶ᠋ᠠᠷ ᠤᠲᠤᠵᠤ ᠪᠠᠶ᠋ᠢᠵᠤ ᠨᠠᠷᠠ ᠶ᠋ᠢ ᠬᠠᠷᠪᠤᠨ᠎ᠠ ᠳᠠ ᠭᠡᠵᠦ ᠨᠦᠬᠡᠨ ᠡᠴᠡ ᠪᠡᠨ ᠭᠠᠷᠳᠠᠭ ᠪᠣᠯᠤᠭᠰᠠᠨ ᠭᠡᠨ᠎ᠡ ᠃
ᠡᠷᠡᠬᠡᠢ ᠮᠡᠷᠭᠡᠨ ᠬᠠᠷᠪᠤᠭᠠᠴᠢ ᠶ᠋ᠢᠨ ᠲᠤᠬᠠᠢ ᠦᠯᠢᠭᠡᠷ ᠡᠶ᠋ᠢᠨ ᠬᠦ ᠲᠡᠭᠦᠰᠴᠦ ᠪᠠᠶ᠋ᠢᠨ᠎ᠠ ᠃ ᠪᠠᠷᠳᠠᠮ ᠤᠩᠭᠢᠷᠠᠭ᠎ᠠ ᠵᠠᠩ ᠶᠠᠮᠠᠷ ᠶᠡᠬᠡ ᠪᠠᠯᠠᠭ ᠲᠠᠢ ᠪᠠᠶ᠋ᠢᠲᠠᠭ ᠊ᠢ ᠨᠢ ᠦᠦᠬᠡ ᠲᠡᠦᠬᠡ ᠡᠴᠡ ᠨᠢ ᠦᠵᠡᠵᠦ ᠤᠬᠠᠭᠠᠷᠠᠵᠤ ᠮᠡᠳᠡᠯ᠎ᠡ ᠪᠢᠳᠡ ᠃ ᠬᠡᠴᠢᠨᠡᠭᠡᠨ ᠶᠡᠬᠡ ᠲᠡᠭᠦᠰ ᠲᠡᠭᠦᠯᠳᠡᠷ ᠠᠪᠢᠶᠠᠰ ᠲᠠᠢ ᠴᠤ᠌ ᠭᠡᠰᠡᠨ ᠳᠥᠯᠭᠡᠨ ᠳᠠᠷᠤᠤ ᠵᠠᠩ ᠳᠠᠯᠠᠢ ᠶᠡᠬᠡ ᠤᠬᠠᠭᠠᠨ ᠲᠠᠢ ᠶᠠᠪᠤᠬᠤ ᠨᠢ ᠬᠥᠮᠦᠨ ᠦ᠌ ᠡᠷᠬᠢᠮ ᠳᠡᠭᠡᠳᠦ ᠡᠷᠳᠡᠮ ᠶᠦ᠍ᠮ ᠰᠢᠦ ᠬᠡᠦᠬᠡᠳ ᠦ᠋ᠳ ᠮᠢᠨᠢ ᠠ᠋ !
ᠦᠰᠦᠭ ᠠᠮᠢᠯᠠᠭᠤᠯᠤᠭᠰᠠᠨ ᠨᠢ ᠄ ᠮᠥᠩᠭᠦᠨᠴᠡᠴᠡᠭ
ᠦᠰᠦᠭ ᠬᠠᠲᠠᠭᠰᠠᠨ ᠨᠢ ᠄ ᠮᠥᠩᠭᠦᠨᠴᠡᠴᠡᠭ
ᠬᠢᠨᠠᠭᠴᠢ ᠪᠠᠭᠰᠢ ᠄ ᠮᠥᠴᠢᠷ
