ᠠᠭᠤᠯᠠ ᠤᠰᠤᠨ ᠤ ᠠᠨᠢᠷ – ᠪ ᠂ ᠳᠠᠷᠢᠮ᠎ᠠ Уул усны анир – Б ᠂ Даримаа ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠭᠤᠯᠠ ᠤᠰᠤᠨ ᠤ ᠠᠨᠢᠷ – ᠪ ᠂ ᠳᠠᠷᠢᠮ᠎ᠠ Уул усны анир – Б ᠂ Даримаа

ᠠᠭᠤᠯᠠ ᠤᠰᠤᠨ ᠤ ᠠᠨᠢᠷ – ᠪ ᠂ ᠳᠠᠷᠢᠮ᠎ᠠ Уул усны анир – Б ᠂ Даримаа

2023-04-11

406

ᠠᠭᠤᠯᠠ ᠤᠰᠤᠨ ᠤ ᠠᠨᠢᠷ


                                  〔ᠮᠣᠩᠭᠣᠯ 〕 ᠪ᠂ ᠳᠠᠷᠢᠮ᠎ᠠ   

    ᠬᠡᠳᠦᠨ ᠵᠠᠭᠤᠨ ᠤ᠋ ᠲᠣᠷᠰᠢ ᠬᠠᠲᠤᠨ ᠰᠡᠯᠡᠩᠭᠡ ᠮᠥᠷᠡᠨ ᠦ᠌ ᠤᠰᠤᠨ ᠳ᠋ᠤ᠌ ᠳᠦᠷᠢ ᠪᠡᠨ ᠳᠤᠯᠢᠳᠠᠨ ᠬᠠᠩᠬᠠᠢᠭᠰᠠᠨ ᠬᠠᠨᠠᠨ ᠬᠠᠳᠠ ᠲᠠᠢ《 ᠭᠤᠷᠪᠠᠨ ᠭᠠᠰᠠᠨ᠎ᠠ》 ᠠᠭᠤᠯᠠ ᠮᠠᠨ ᠤ᠋ ᠰᠤᠮᠤ ᠶ᠋ᠢᠨ ᠲᠥᠪ ᠦ᠋ᠨ ᠡᠭᠴᠡ ᠡᠮᠦᠨ᠎ᠡ ᠪᠠᠢᠳᠠᠭ ᠶᠤᠮ᠃《 ᠭᠤᠷᠪᠠᠨ ᠭᠠᠰᠠᠨ᠎ᠠ》 ᠴᠠᠭᠠᠳᠤ ᠲᠠᠯ᠎ᠠ ᠠ᠋ᠴᠠ ᠪᠠᠨ  ᠲᠡᠢᠮᠦ ᠡᠭᠴᠡ ᠪᠢᠰᠢ᠃ ᠮᠣᠷᠢᠨ ᠬᠠᠷᠭᠤᠢ ᠵᠠᠮᠴᠢᠯᠠᠨ ᠥᠭᠰᠥᠭᠰᠡᠭᠡᠷ ᠬᠠᠮᠤᠭ ᠤ᠋ᠨ ᠥᠨᠳᠥᠷ ᠣᠷᠭᠢᠯ ᠬᠠᠨᠠᠨ ᠬᠠᠳᠠᠨ ᠤ᠋ ᠣᠷᠣᠢ ᠳ᠋ᠤ᠌ ᠭᠠᠷᠤᠨ᠎ᠠ᠃ ᠵᠤᠨ ᠤ᠋ ᠴᠠᠭ ᠲᠤ᠌ ᠰᠡᠯᠡᠩᠭᠡ ᠮᠥᠷᠡᠨ ᠦ᠌ ᠬᠣᠢᠲᠤ ᠤᠷᠢᠳᠤ ᠪᠡᠶ᠎ᠡ ᠳ᠋ᠦ᠍ ᠣᠷᠣᠰᠢᠬᠤ ᠬᠣᠶᠠᠷ ᠰᠤᠮᠤ ᠶ᠋ᠢᠨ ᠬᠢᠨ ᠣᠢᠷ᠎ᠠ ᠲᠦᠳᠡ ᠶ᠋ᠢ ᠪᠣᠳᠣᠵᠤ ᠬᠠᠨᠠᠨ ᠬᠠᠳᠠᠨ ᠤ᠋ ᠲᠤᠰᠢᠶᠠᠬᠢ ᠣᠯᠣᠮ ᠢ᠋ᠶ᠋ᠠᠷ ᠭᠤᠶ᠎ᠠ ᠣᠩᠭᠣᠴᠠ ᠬᠠᠳᠬᠤᠨ ᠨᠠᠭᠠᠰᠢ ᠴᠠᠭᠠᠱᠢ ᠵᠣᠷᠴᠢᠨ᠎ᠠ᠃ ᠬᠠᠢᠯᠠᠰᠤᠨ ᠤ᠋ ᠭᠣᠣᠯ ᠤᠬᠤᠵᠤ ᠬᠢᠭᠰᠡᠨ ᠭᠤᠶ᠎ᠠ ᠣᠩᠭᠣᠴᠠ ᠤᠰᠤᠨ ᠳ᠋ᠤ᠌ ᠬᠦᠯᠬᠦᠭᠦᠯᠦᠭᠰᠡᠭᠡᠷ ᠪᠠᠢᠭᠠᠳ ᠭᠥᠯᠢᠢᠭᠰᠡᠨ ᠬᠥᠬᠡ ᠥᠩᠭᠡ ᠲᠡᠢ ᠪᠣᠯᠵᠠᠢ᠃
      ᠡᠨᠡ ᠣᠩᠭᠣᠴᠠᠨ ᠤ᠋ ᠡᠵᠡᠨ ᠮᠠᠨ ᠤ᠋ ᠰᠤᠮᠤ ᠶ᠋ᠢᠨ ᠬᠥᠮᠦᠨ ᠪᠠᠢᠯ᠎ᠠ᠃ ᠤᠰᠤᠨ ᠤ᠋ ᠤᠷᠢᠳᠤ ᠠ᠋ᠴᠠ ᠢᠷᠡᠬᠦ ᠬᠥᠮᠦᠨ ᠪᠣᠯᠪᠠᠴᠤ ᠬᠠᠨᠠᠨ ᠬᠠᠳᠠᠨ ᠤ᠋ ᠣᠷᠣᠢ ᠳᠡᠭᠡᠷ᠎ᠡ ᠡᠴᠡ ᠲᠣᠳᠣ ᠥᠩᠭᠡ ᠶ᠋ᠢᠨ ᠶᠠᠭᠤᠮ᠎ᠠ ᠪᠠᠷ ᠳᠠᠯᠠᠯᠤᠨ᠄ 
     –  ᠬᠥᠶᠢ᠁ ᠪᠣᠷᠣᠭ᠎ᠠ᠁ ᠳᠣᠷᠵᠢ᠁ ᠠ᠋! ᠣᠩᠭᠣᠴᠠ ᠪᠠᠨ ᠭᠠᠷᠭᠠᠭᠠᠷᠠᠢ! ᠭᠡᠵᠦ ᠬᠣᠭᠣᠯᠠᠢ ᠮᠡᠳᠡᠨ ᠬᠠᠰᠬᠢᠷᠬᠤ ᠳ᠋ᠤ᠌《 ᠭᠤᠷᠪᠠᠨ ᠭᠠᠰᠠᠨ᠎ᠠ》 ᠬᠠᠪᠢ ᠶ᠋ᠢᠨ ᠠᠭᠤᠯᠠᠰ ᠴᠤᠤᠷᠢᠶ᠎ᠠ ᠬᠠᠲᠠᠭᠠᠨ ᠲᠦᠷᠢᠵᠦ ᠮᠠᠨ ᠤ᠋ ᠰᠤᠮᠤ ᠶ᠋ᠢᠨ ᠬᠢᠨ ᠳ᠋ᠦ᠍ ᠲᠣᠳᠣᠬᠠᠨ ᠰᠣᠨᠣᠰᠳᠠᠨ᠎ᠠ᠃ ᠤᠳᠠᠯ ᠦᠭᠡᠢ ᠰᠤᠮᠤ ᠶ᠋ᠢᠨ ᠲᠥᠪ ᠦ᠋ᠨ ᠨᠢᠭᠤᠷ ᠤ᠋ᠨ ᠭᠤᠳᠤᠮᠵᠢ ᠠ᠋ᠴᠠ ᠴᠤᠤᠶᠠᠩᠪᠤᠤ ᠴᠠᠮᠴᠠ᠂ ᠤᠯᠠᠭᠠᠨ ᠬᠦᠷᠡᠩ ᠳᠠᠯᠢᠩᠪᠤᠤ ᠶ᠋ᠢᠨ ᠥᠮᠥᠳᠥ ᠲᠡᠢ ᠥᠨᠳᠥᠷ ᠬᠥᠬᠡ ᠡᠪᠦᠭᠡᠨ ᠨᠢᠴᠦᠭᠦᠨ ᠬᠥᠯ ᠦ᠋ᠨ ᠢ᠋ᠶ᠋ᠡᠨ ᠰᠢᠯᠪᠢ ᠶ᠋ᠢ ᠭᠢᠯᠠᠯᠵᠠᠭᠤᠯᠤᠨ ᠰᠠᠯ ᠰᠠᠯ ᠱᠣᠭᠰᠢᠵᠤ ᠣᠳᠤᠨ᠎ᠠ᠃ ᠲᠤᠰᠠ ᠭᠤᠶᠤᠵᠤ ᠪᠠᠢᠵᠤ ᠵᠠᠪᠠᠯ ᠬᠣᠴᠢ ᠪᠠᠷ ᠨᠢ ᠳᠠᠭᠤᠳᠠᠳᠠᠭ ᠨᠢ ᠴᠦ᠍ ᠶᠠᠭᠤ ᠪᠢᠯᠡ᠃《 ᠪᠣᠷᠣᠭ᠎ᠠ》 ᠭᠡᠵᠦ ᠣᠨᠴᠠᠯᠠᠨ ᠳᠠᠭᠤᠳᠠᠬᠤ ᠦᠭᠡᠢ ᠪᠣᠯ ᠨᠢᠭᠡ ᠶᠡᠬᠡ ᠣᠯᠠᠨ ᠳᠣᠷᠵᠢ ᠳᠠᠪᠬᠢᠭᠠᠳ ᠢᠷᠡᠴᠢᠬᠡᠬᠦ ᠶᠦ᠍ᠮ ᠰᠢᠭ ᠠᠭᠤᠯᠠ ᠤᠰᠤ ᠭᠠᠲᠤᠯᠤᠭᠤᠯᠤᠨ ᠴᠤᠤᠷᠢᠶ᠎ᠠ ᠬᠠᠲᠠᠭᠠᠵᠤ《 ᠪᠣᠷᠣᠭ᠎ᠠ ᠳᠣᠷᠵᠢ》 ᠭᠡᠵᠦ ᠲᠩᠬᠡᠬᠡ ᠮᠡᠳᠡᠨ ᠬᠠᠰᠬᠢᠷᠳᠠᠭ ᠰᠠᠨ᠃ ᠶᠡᠷᠦ ᠨᠢ ᠮᠠᠨ ᠤ᠋ ᠨᠤᠲᠤᠭ ᠤ᠋ᠨ ᠬᠢᠨ ᠬᠥᠭᠰᠢᠨ ᠵᠠᠯᠠᠭᠤ ᠦᠭᠡᠢ《 ᠪᠣᠷᠣᠭ᠎ᠠ᠂ ᠪᠣᠷᠣᠭ᠎ᠠ》 ᠭᠡᠯᠴᠡᠨ ᠨᠢᠭᠡ ᠯᠡ ᠠᠮᠠ ᠮᠠᠭᠤᠲᠠᠢ ᠪᠠᠢᠵᠠᠭᠠᠬᠤ᠃ ᠪᠢ ᠪᠠᠭ᠎ᠠ ᠳ᠋ᠤ᠌ ᠪᠠᠨ ᠶᠠᠭᠠᠬᠢᠭᠠᠳ ᠪᠣᠷᠣᠭ᠎ᠠ ᠭᠡᠳᠡᠭ ᠶᠦ᠍ᠮ ᠪᠣᠯ᠃ ᠪᠣᠷᠣᠭ᠎ᠠ ᠣᠷᠣᠭᠤᠯᠳᠠᠭ ᠯᠠ ᠶᠤᠮ ᠪᠠᠢᠭ᠎ᠠ ᠳᠠ ᠭᠡᠵᠦ ᠭᠠᠢᠬᠠᠨ ᠠᠢᠯ ᠤ᠋ᠨ ᠢ᠋ᠶ᠋ᠠᠨ ᠡᠮᠡᠭᠡ ᠡᠴᠡ ᠤᠴᠢᠷ ᠢ᠋ ᠠᠰᠠᠭᠤᠪᠠᠯ᠄ 
      – ᠴᠥᠭ ᠴᠢ!  ᠶᠠᠭᠠᠬᠢᠭ᠌ᠰᠠᠨ ᠦᠭᠡᠨ ᠳ᠋ᠦ᠍ ᠳᠤᠷᠠᠲᠠᠢ ᠲᠤᠷᠠᠰᠬ᠎ᠠ ᠪᠣᠢ?《 ᠪᠣᠷᠣᠭ᠎ᠠ 》 ᠭᠡᠵᠦ ᠬᠣᠴᠢ ᠨᠢ ᠪᠠᠢᠬᠤ ᠦᠭᠡᠢ ᠦᠦ? ᠬᠠᠷ᠎ᠠ ᠨᠢᠯᠬ᠎ᠠ ᠠ᠋ᠴᠠ ᠪᠠᠨ ᠬᠡᠢᠳ ᠲᠦ᠍ ᠱᠠᠪᠢᠯᠠᠭᠠᠳ ᠨᠣᠮ ᠰᠤᠷᠤᠭ᠎ᠠ ᠦᠭᠡᠢ ᠶᠦ᠍ᠮ ᠭᠡᠨ᠎ᠡ ᠯᠡ᠃ ᠠᠮᠠᠨ ᠤ᠋ ᠭᠠᠭᠴᠠ ᠲᠠᠷᠨᠢ ᠦᠭᠡᠢ ᠪᠠᠢᠵᠤ ᠪᠤᠷᠬᠠᠨ ᠱᠠᠰᠢᠨ ᠢ᠋ᠶ᠋ᠠᠨ ᠰᠡᠷᠭᠦᠭᠡᠨ᠎ᠡ ᠭᠡᠳ ᠲᠡᠷᠡ ᠵᠢᠯ ᠦ᠋ᠨ ᠦᠢᠮᠡᠭᠡᠨ ᠢ᠋ᠶ᠋ᠡᠷ ᠡᠰᠡᠷᠭᠦᠦ ᠳᠠᠭᠠᠵᠤ ᠪᠠᠬᠠᠨ ᠳᠠᠪᠬᠢᠭ᠌ᠰᠠᠨ ᠶᠤᠮ ᠳ᠋ᠠᠭ᠃ ᠡᠨᠡ ᠳᠤᠭᠤᠳᠤᠬᠢ《 ᠳᠥᠷᠥᠭᠡ ᠬᠠᠩᠭᠢᠨᠠᠭᠤᠷ 》 ᠢ᠋ᠶ᠋ᠠᠷ ᠤᠰᠤᠴᠢᠯᠠᠵᠤ ᠨᠠᠭᠠᠰᠢ ᠴᠠᠭᠠᠱᠢ ᠨᠢ ᠵᠥᠭᠡᠭᠡᠳᠡᠭ ᠪᠠᠢᠭᠰᠠᠨ᠃ ᠲᠡᠷᠡ ᠦᠶ᠎ᠡ ᠳ᠋ᠦ᠍ ᠴᠢᠨᠢ ᠪᠠᠵᠠᠭᠠᠬᠤ ᠦᠭᠡᠢ ᠬᠥᠮᠦᠨ ᠢ᠋《 ᠪᠠᠷᠠᠭᠤᠨ ᠤ᠋ ᠦᠯᠡᠳᠡᠭᠳᠡᠯ 》 ᠭᠡᠬᠦ᠃ ᠳᠣᠷᠵᠢ ᠶ᠋ᠢᠨ ᠠᠪᠴᠢᠷᠠᠭᠰᠠᠨ ᠡᠰᠡᠷᠭᠦᠦ᠂  ᠪᠠᠷᠤᠨ ᠵᠠᠩᠵᠤᠨ ᠳᠣᠷᠵᠢ ᠭᠡᠵᠡᠭᠡᠳᠡᠭ ᠰᠠᠨ᠃ ᠪᠤᠷᠤᠭᠤ ᠬᠣᠢᠰᠢ ᠪᠠᠨ ᠳᠠ᠃ ᠲᠡᠷᠡ ᠦᠶ᠎ᠡ ᠳ᠋ᠦ᠍ ᠴᠢᠨᠢ ᠡᠨᠡ ᠪᠣᠷᠣᠭ᠎ᠠ ᠳᠣᠷᠵᠢ ᠴᠡᠯ ᠵᠠᠯᠠᠭᠤᠬᠠᠨ ᠪᠠᠢᠯᠭᠦᠢ ᠶᠠᠭᠠᠬᠢᠬᠤ ᠪᠣᠢ᠂ ᠤᠴᠢᠷ ᠵᠦᠢ ᠪᠡᠨ ᠮᠡᠳᠡᠵᠦ ᠪᠠᠢᠭᠰᠠᠨ ᠶᠤᠮ ᠤᠤ᠂ ᠦᠭᠡᠢ ᠦᠦ?  ᠶᠠᠯ᠎ᠠ ᠶᠠᠩᠬ᠎ᠠ ᠦᠭᠡᠢ ᠥᠩᠭᠡᠷᠡᠭᠰᠡᠨ ᠨᠢ ᠶᠡᠬᠡ ᠶᠠᠭᠤᠮ᠎ᠠ᠃ ᠣᠳᠣ ᠴᠤ᠌ ᠲᠡᠷᠡ ᠦᠶ᠎ᠡ ᠶ᠋ᠢ ᠮᠡᠳᠡᠬᠦ  ᠬᠥᠮᠦᠨ ᠦᠭᠡᠢ ᠪᠣᠯᠵᠠᠢ᠃ ᠴᠠᠭ ᠲᠠᠭᠠᠨ  ᠶᠡᠬᠡ ᠴᠦ᠍ ᠨᠢᠳᠦ ᠦᠵᠦᠭᠦᠷᠯᠡᠭᠳᠡᠭᠰᠡᠨ ᠳᠡ᠂ ᠬᠥᠭᠡᠷᠦᠬᠦᠢ ᠭᠡᠵᠦ ᠬᠠᠭᠤᠴᠢᠯᠠᠵᠤ ᠪᠢᠯᠡ᠃ ᠪᠣᠷᠣᠭ᠎ᠠ ᠳᠣᠷᠵᠢ ᠭᠤᠸᠠᠢ ᠨᠠᠰᠤ ᠪᠠᠷ ᠢ᠋ᠶ᠋ᠠᠨ ᠶᠡᠬᠡ ᠤᠰᠤᠨ ᠤ᠋ ᠬᠥᠪᠡᠭᠡ ᠰᠠᠬᠢᠵᠤ ᠠᠯᠪᠠ ᠠᠮᠢᠨ ᠤ᠋ ᠣᠯᠠᠨ ᠴᠤ᠌ ᠬᠡᠷᠡᠭ ᠢ᠋ ᠵᠠᠯᠭᠠᠭᠤᠯᠤᠭᠰᠠᠨ ᠪᠠᠢᠵᠤ ᠳᠠᠭᠠᠷᠠᠭ᠎ᠠ᠃ ᠲᠡᠭᠡᠯ᠎ᠡ ᠭᠡᠳ ᠲᠡᠭᠦᠨ ᠳ᠋ᠦ᠍ ᠣᠯᠳᠠᠬᠤ ᠱᠠᠩ ᠬᠠᠷᠠᠮᠵᠢ ᠴᠠᠯᠢᠩ ᠬᠥᠯᠥᠰᠥ ᠶᠠᠭᠤ ᠴᠤ᠌ ᠪᠠᠢᠭ᠎ᠠ ᠦᠭᠡᠢ᠃ ᠡᠨᠡ ᠠᠵᠢᠯ ᠢ᠋ ᠬᠢᠬᠦ ᠶ᠋ᠢᠨ ᠲᠥᠯᠥᠭᠡ ᠯᠡ ᠬᠣᠷᠸ᠎ᠠ ᠳ᠋ᠤ᠌ ᠢᠷᠡᠭᠰᠡᠨ ᠶᠦ᠍ᠮ ᠰᠢᠭ ᠡᠳᠦᠷ ᠰᠥᠨᠢ ᠦᠭᠡᠢ ᠵᠢᠳᠬᠦᠨ᠎ᠡ᠃ ᠪᠤᠯᠴᠢᠮ᠎ᠠ ᠦᠭᠡᠢ ᠨᠠᠰᠤᠨ ᠳ᠋ᠠᠭᠠᠨ ᠬᠥᠭᠡᠷᠴᠦᠭᠯᠡᠵᠦ ᠳᠠᠪᠬᠢᠭ᠌ᠰᠠᠨ ᠤ᠋ ᠪᠠᠨ ᠦᠢᠯᠡ ᠯᠠᠢ ᠶ᠋ᠢ ᠡᠳ᠋ᠯᠡᠵᠦ ᠵᠠᠮ( ᠭᠡᠮ) ᠢ᠋ᠶ᠋ᠡᠨ ᠴᠠᠭᠠᠳᠬᠠᠵᠤ ᠪᠠᠢᠭᠰᠠᠨ ᠴᠤ᠌ ᠶᠤᠮ ᠪᠢᠯᠡ ᠤᠤ᠃ ᠡᠪᠦᠭᠡᠨ ᠪᠣᠯᠤᠭᠰᠠᠨ ᠨᠠᠰᠤᠨ ᠳ᠋ᠠᠭᠠᠨ ᠭᠠᠭᠴᠠ ᠤᠳᠠᠭ᠎ᠠ ᠴᠤ᠌ ᠪᠣᠯᠪᠠ ᠶᠠᠰᠤ ᠪᠠᠨ ᠠᠮᠠᠷᠠᠭᠠᠬᠤ ᠦᠭᠡᠢ᠂ ᠪᠦᠯᠢᠶᠡᠨ ᠳᠤᠯᠠᠭᠠᠨ ᠦᠭᠡ ᠴᠦ᠍ ᠰᠣᠨᠣᠰᠤᠭ᠎ᠠ ᠦᠭᠡᠢ ᠪᠠᠢᠭᠰᠠᠭᠠᠷ ᠬᠣᠷᠸ᠎ᠠ ᠳ᠋ᠤ᠌ ᠶᠠᠮᠠᠷ ᠴᠤ᠌ ᠰᠦᠷ ᠳᠤᠤᠯᠢᠶᠠᠨ ᠦᠭᠡᠢ ᠢᠷᠡᠭᠰᠡᠨ ᠰᠢᠭ ᠢ᠋ᠶ᠋ᠡᠨ ᠨᠢᠭᠡ ᠯᠡ  ᠰᠥᠨᠢ ᠴᠢᠮᠡᠭᠡ ᠢᠮᠡᠭᠡ ᠦᠭᠡᠢᠬᠡᠨ ᠶᠠᠪᠤᠭᠠᠳ ᠥᠭᠬᠦᠯ᠎ᠡ᠃ ᠪᠣᠷᠣᠭ᠎ᠠ ᠳᠣᠷᠵᠢ ᠭᠤᠸᠠᠢ ᠶ᠋ᠢ ᠨᠠᠰᠤ ᠡᠯᠡᠭᠡᠭᠰᠡᠨ ᠦ᠌ ᠳᠠᠷᠠᠭ᠎ᠠ ᠵᠤᠨ ᠬᠠᠨᠠᠨ ᠬᠠᠳᠠᠨ ᠣᠯᠣᠮ ᠭᠦᠨ ᠨᠣᠭᠣᠭᠠᠨ ᠴᠦᠩᠭᠦᠭᠡᠨ ᠪᠣᠯᠵᠤ ᠬᠥᠮᠦᠨ ᠮᠠᠯ ᠣᠢᠷᠠᠳᠬᠤ ᠠᠷᠭ᠎ᠠ ᠦᠭᠡᠢ ᠬᠥᠯ ᠦᠭᠡᠢ ᠶᠡᠬᠡ ᠤᠰᠤᠨ ᠴᠠᠯᠭᠢᠬᠤ ᠨᠢ ᠬᠦᠷᠲᠡᠯ᠎ᠡ ᠬᠠᠲᠤᠨ ᠰᠡᠯᠡᠩᠭᠡ ᠮᠥᠷᠡᠨ ᠡᠨᠡ ᠬᠥᠮᠦᠨ ᠦ᠌ ᠯᠠᠢ ᠯᠠᠨᠴᠢᠭ ᠠ᠋ᠴᠠ ᠬᠤᠪᠢᠶᠠᠯᠴᠠᠬᠤ ᠰᠠᠨᠠᠭ᠎ᠠ ᠲᠠᠢ ᠤᠷᠤᠰᠬᠠᠯ ᠢ᠋ᠶ᠋ᠠᠨ ᠲᠠᠲᠠᠵᠤ ᠪᠠᠢᠵᠠᠢ ᠳᠠ ᠭᠡᠮᠡᠷ᠁ 
      ᠡᠵᠡᠨ ᠦᠭᠡᠢ ᠪᠣᠯᠤᠭᠰᠠᠨ ᠭᠤᠶ᠎ᠠ ᠣᠩᠭᠣᠴᠠᠨ ᠤ᠋ ᠳᠣᠲᠣᠷ᠎ᠠ ᠨᠣᠭᠣᠭᠠᠨ ᠵᠠᠮᠠᠭ ᠰᠢᠪᠠᠵᠤ᠂ ᠤᠰᠤᠨ ᠳ᠋ᠤ᠌ ᠢᠳᠡᠭᠳᠡᠵᠦ ᠦᠵᠢᠷᠡᠰᠢᠭᠰᠡᠨ ᠣᠯᠣᠰᠣᠨ ᠠᠷᠭᠠᠮᠵᠢᠶ᠎ᠠ ᠨᠢ ᠨᠢᠭᠡ ᠰᠢᠷᠦᠭᠦᠬᠡᠨ ᠳᠠᠪᠠᠯᠭᠠᠨ ᠳ᠋ᠤ᠌ ᠲᠠᠰᠤᠷᠠᠭᠠᠳ᠂ ᠮᠥᠩᠬᠡ ᠪᠤᠰᠤ ᠶ᠋ᠢᠨ ᠬᠣᠷᠸ᠎ᠠ ᠠ᠋ᠴᠠ ᠴᠢᠮᠡᠭᠡ ᠦᠭᠡᠢᠬᠡᠨ ᠶᠠᠪᠤᠴᠢᠬᠠᠭᠰᠠᠨ ᠡᠵᠡᠨ ᠰᠢᠭ ᠢ᠋ᠶ᠋ᠡᠨ ᠤᠷᠤᠰᠬᠠᠯ ᠳ᠋ᠠᠭᠠᠨ ᠲᠠᠯᠢᠢᠵᠤ ᠣᠳᠬᠤ ᠳ᠋ᠤ᠌  ᠪᠡᠯᠡᠨ ᠲᠣᠭ᠌ᠰᠢᠨ ᠳᠠᠪᠠᠯᠭᠠᠨ ᠳ᠋ᠤ᠌ ᠠᠯᠠᠭᠠᠳᠠᠭᠤᠯᠤᠨ ᠳᠠᠯᠪᠢᠯᠵᠠᠨ᠎ᠠ᠃
     《ᠭᠤᠷᠪᠠᠨ ᠭᠠᠰᠠᠨ᠎ᠠ》 ᠶ᠋ᠢᠨ ᠳᠤᠰᠢᠶᠠᠬᠢ  ᠬᠠᠨᠠᠨ ᠬᠠᠳᠠᠨ ᠤ᠋ ᠣᠷᠣᠢ ᠠ᠋ᠴᠠ ᠣᠳᠣ ᠬᠡᠨ ᠴᠦ᠍《 ᠪᠣᠷᠣᠭ᠎ᠠ ᠳᠣᠷᠵᠢ ᠠ᠋᠂ ᠣᠩᠭᠣᠴᠠ ᠪᠠᠨ ᠭᠠᠷᠭᠠᠭᠠᠷᠠᠢ》 ᠭᠡᠵᠦ ᠬᠣᠭᠣᠯᠠᠢ ᠮᠡᠳᠡᠨ ᠬᠠᠰᠬᠢᠷᠬᠤ ᠪᠠᠨ ᠪᠣᠯᠢᠵᠤ᠂ ᠬᠠᠪᠢ ᠶ᠋ᠢᠨ ᠠᠭᠤᠯᠠᠰ ᠲᠡᠷᠡ ᠴᠤᠤᠷᠢᠶ᠎ᠠ ᠶ᠋ᠢ ᠬᠦᠯᠢᠶᠡᠬᠦ ᠮᠡᠲᠦ ᠬᠥᠬᠡ ᠨᠣᠭᠣᠭᠠᠨ ᠤ᠋ ᠤᠨᠢᠶᠠᠷ ᠳᠤᠮᠳᠠ ᠬᠥᠯᠴᠥᠭᠦᠷᠡᠨ ᠨᠣᠵᠣᠭᠣᠷᠠᠵᠤ ᠡᠯᠦᠢ ᠬᠤᠯᠤᠢᠬᠠᠨ᠃ ᠣᠷᠴᠢᠨ ᠤ᠋ ᠡᠨᠡ ᠠᠨᠢᠷ ᠦᠭᠡᠢ ᠨᠠᠮ ᠭᠦᠮ ᠢ᠋ ᠡᠪᠳᠡᠨ ᠭᠧᠨ ᠨᠢᠭᠡᠨ《 ᠪᠣᠷᠣᠭ᠎ᠠ ᠳᠣᠷᠵᠢ ᠠ᠋ 》 ᠭᠡᠵᠦ ᠬᠠᠰᠬᠢᠷᠪᠠᠯ ᠠᠭᠤᠯᠠ ᠤᠰᠤ ᠲᠡᠷᠡ ᠠᠶ᠎ᠠ ᠪᠠᠷ ᠢ᠋ᠶ᠋ᠠᠨ ᠴᠤᠤᠷᠢᠶ᠎ᠠ ᠬᠠᠲᠠᠭᠠᠨ ᠠᠮᠢᠯᠠᠬᠤ  ᠰᠢᠭ᠋ ᠰᠠᠨᠠᠭᠳᠠᠨ᠎ᠠ᠃ ᠡᠵᠡᠨ ᠦᠭᠡᠢ ᠭᠤᠶ᠎ᠠ ᠣᠩᠭᠣᠴᠠ᠂ ᠴᠤᠤᠷᠢᠶ᠎ᠠ ᠦᠭᠡᠢᠯᠡᠭᠰᠡᠨ ᠠᠭᠤᠯᠠ ᠤᠰᠤ ᠴᠥᠮ ᠬᠠᠭᠤᠴᠢᠨ ᠶᠠᠩᠵᠤ ᠪᠠᠷ ᠢ᠋ᠶ᠋ᠠᠨ ᠬᠠᠷᠠᠭᠳᠠᠪᠠᠴᠤ ᠬᠡᠨ ᠳ᠋ᠦ᠍ ᠴᠦ᠍ ᠦᠯᠦ ᠠᠩᠵᠠᠭᠠᠷᠠᠭᠳᠠᠭᠰᠠᠨ ᠲᠡᠷᠡ ᠡᠪᠦᠭᠡᠨ ᠣᠳᠣ ᠠᠯᠠᠭ᠎ᠠ᠃ ᠥᠴᠦᠬᠡᠨ ᠮᠠᠭᠤ ᠬᠣᠷᠣᠬᠠᠢ ᠰᠢᠪᠠᠵᠢ ᠠ᠋ᠴᠠ ᠠᠪᠤᠭᠠᠳ ᠬᠣᠷᠸ᠎ᠠ ᠳ᠋ᠤ᠌ ᠢᠷᠡᠭᠰᠡᠨ ᠪᠦᠬᠦᠨ ᠥᠪᠡᠷ ᠦ᠋ᠨ ᠭᠡᠰᠡᠨ ᠣᠷᠣᠨ ᠵᠠᠢ ᠲᠠᠢ ᠪᠠᠢᠳᠠᠭ ᠠᠵᠢ᠃ 
     ᠣᠳᠣ ᠬᠣᠶᠠᠷ ᠰᠤᠮᠤ ᠶ᠋ᠢᠨ ᠬᠢᠨ ᠤᠰᠤ ᠬᠡᠰᠦᠭᠰᠡᠨ ᠴᠠᠭ ᠲᠤ᠌ ᠬᠠᠨᠠᠨ ᠬᠠᠳᠠᠨ ᠤ᠋ ᠣᠯᠣᠮ ᠢ᠋ᠶ᠋ᠠᠷ ᠵᠠᠮ ᠲᠣᠪᠴᠢᠯᠠᠬᠤ ᠶ᠋ᠢᠨ ᠠᠷᠭ᠎ᠠ ᠦᠭᠡᠢ ᠪᠣᠯᠵᠤ ᠬᠠᠮᠢᠭ᠎ᠠ ᠬᠣᠯᠠ ᠶ᠋ᠢᠨ《 ᠳᠥᠷᠥᠭᠡ ᠬᠠᠩᠭᠢᠨᠠᠭᠤᠷ 》 ᠤ᠋ᠨ ᠪᠢᠷᠸᠠᠵᠠ ᠪᠠᠷ ᠵᠣᠷᠴᠢᠨ ᠲᠣᠭᠣᠷᠢᠭᠤ ᠵᠠᠮ ᠢ᠋ᠶ᠋ᠠᠷ ᠢᠷᠡᠵᠦ ᠣᠴᠢᠳᠠᠭ ᠪᠣᠯᠤᠭᠰᠠᠨ ᠶᠤᠮ ᠳᠠ᠃  
                    

        ᠠᠩᠬ᠎ᠠ ᠲᠤᠮᠲᠠᠳᠤ ᠶᠢᠨ ᠡᠪᠦᠯ ᠦᠨ ᠠᠮᠠᠷᠠᠯᠲᠠ ᠶᠢᠨ ᠳᠠᠰᠬᠠᠯ      

            < ᠠᠮᠲᠠᠷᠬᠠᠨ ᠤᠩᠰᠢᠬᠤᠢ >  ᠠᠴᠠ ᠬᠠᠭᠤᠯᠤᠨ ᠪᠢᠴᠢᠪᠡ᠃

      ᠦᠰᠦᠭ ᠠᠮᠢᠯᠠᠭᠤᠯᠤᠭᠰᠠᠨ ᠨᠢ᠄  ᠭᠡᠷᠡᠯᠴᠢᠮᠡᠭ    
         ᠬᠢᠨᠠᠭᠴᠢ᠄   ᠲᠤᠭ᠍ᠴᠢ ᠰᠠᠷᠠᠨ᠎ᠠ