ᠲᠣᠬᠤᠨᠲᠡᠮᠦᠷ ᠤᠬᠠᠭᠠᠨᠲᠤ ᠬᠠᠭᠠᠨ (11) - ᠬᠦᠴᠢᠬᠡᠨ Тохонтөмөр ухаант хаан(11)- Хүчхэн ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠬᠤᠨᠲᠡᠮᠦᠷ ᠤᠬᠠᠭᠠᠨᠲᠤ ᠬᠠᠭᠠᠨ (11) - ᠬᠦᠴᠢᠬᠡᠨ Тохонтөмөр ухаант хаан(11)- Хүчхэн

ᠲᠣᠬᠤᠨᠲᠡᠮᠦᠷ ᠤᠬᠠᠭᠠᠨᠲᠤ ᠬᠠᠭᠠᠨ (11) - ᠬᠦᠴᠢᠬᠡᠨ Тохонтөмөр ухаант хаан(11)- Хүчхэн

ᠠᠩᠭᠢᠯᠠᠯ:ᠲᠡᠦᠬᠡ ᠰᠣᠶᠣᠯ
2023-04-10

272

ᠳᠣᠬᠣᠨᠲᠡᠮᠦᠷ ᠤᠬᠠᠭᠠᠨᠲᠤ ᠬᠠᠭᠠᠨ  – 11


                      ᠠᠷᠪᠠᠨ ᠨᠢᠭᠡᠳᠦᠭᠡᠷ ᠪᠦᠯᠦᠭ 
           ᠰᠠᠷᠲᠠᠭᠤᠯ ᠲᠦᠰᠢᠮᠡᠯ ᠠᡁᠠᠮᠠ ᠶ᠋ᠢ ᠵᠠᠨᠴᠢᠵᠤ ᠠᠯᠠᠭᠠᠳ ᠣᠯᠠᠨ ᠤ᠋ ᠬᠣᠷᠣᠰᠤᠯ ᠲᠠᠢᠯᠤᠭᠳᠠᠪᠠᠢ
           ᠰᠣᠯᠣᠩᠭᠣᠰ ᠬᠠᠲᠤᠨ ᠴᠢ᠊ ᠣᠪᠣᠭᠲᠤ ᠶ᠋ᠢᠨ ᠰᠠᠨᠠᠭ᠎ᠠ ᠥᠰᠴᠦ ᠬᠠᠭᠠᠨ ᠢ᠋ ᠵᠠᠢᠯᠠᠭᠤᠯᠬᠤ ᠪᠠᠷ ᠤᠷᠤᠯᠳᠤᠪᠠᠢ 
 
     ᠥᠭᠦᠯᠡᠬᠦ ᠢᠨᠦ ᠂ ᠠᡁᠠᠮᠠ ᠪᠠᠷ ᠲᠣᠭᠳᠤᠭ᠎ᠠ ᠴᠢᠩᠰᠠᠩ ᠢ᠋ ᠬᠣᠪᠯᠠᠵᠤ ᠬᠥᠨᠥᠭᠡᠭᠰᠡᠨ ᠦ᠌ ᠬᠣᠢᠨ᠎ᠠ ᠂ ᠲᠥᠪ ᠪᠢᠴᠢᠭ ᠦ᠋ᠨ ᠮᠣᠵᠢ ᠶ᠋ᠢᠨ ᠵᠡᠭᠦᠨ ᠭᠠᠷᠤᠨ ᠴᠢᠩᠰᠠᠩ ᠤ᠋ᠨ ᠲᠤᠰᠢᠶᠠᠯ ᠳ᠋ᠤ᠌ ᠲᠠᠪᠰᠢᠵᠤ ᠂ ᠳᠡᠭᠦᠦ ᠱᠤᠱᠠᠭ ᠠᠨᠤ ᠢᠦᠢᠱ᠌ᠢ ᠳ᠋ᠠᠢᠹᠥ᠋ ᠲᠦᠰᠢᠮᠡᠯ ᠪᠣᠯᠵᠤ ᠂ ᠵᠠᠰᠠᠭ ᠲᠥᠷᠥ ᠶ᠋ᠢᠨ ᠶᠡᠬᠡ ᠡᠷᠬᠡ ᠠᡁᠠᠮᠠ ᠠᠬ᠎ᠠ ᠳᠡᠭᠦᠦ ᠬᠣᠶᠠᠭᠤᠯᠠ ᠶ᠋ᠢᠨ ᠭᠠᠷ ᠲᠤ᠌ ᠣᠷᠣᠪᠠ ᠃  ᠭᠡᠲᠡᠯ᠎ᠡ ᠠᡁᠠᠮᠠ ᠠᠬ᠎ᠠ ᠳᠡᠭᠦᠦ ᠬᠣᠶᠠᠭᠤᠯᠠ ᠥᠩᠭᠡᠷᠡᠭᠰᠡᠨ ᠦ᠌ ᠠᠳᠠᠯᠢ ᠣᠷᠳᠣᠨ ᠤ᠋ ᠳᠣᠲᠣᠭᠠᠳᠤ ᠳ᠋ᠤ᠌ ᠡᠷᠲᠡ ᠣᠷᠣᠢ ᠦᠭᠡᠢ ᠣᠷᠣᠵᠤ ᠬᠠᠭᠠᠨ ᠯᠤᠭ᠎ᠠ ᠳᠤᠷ᠎ᠠ ᠵᠣᠷᠢᠭ ᠢ᠋ᠶ᠋ᠠᠷ ᠢ᠋ᠶ᠋ᠠᠨ ᠲᠠᠴᠢᠶᠠᠯᠳᠤᠨ ᠴᠡᠩᠭᠡᠯᠳᠦᠬᠦ ᠴᠢᠯᠥᠭᠡ ᠦᠭᠡᠢ ᠪᠣᠯᠵᠠᠢ ᠃ ᠡᠭᠦᠨ ᠦ᠌ ᠡᠰᠡᠷᠭᠦ ᠪᠡᠷ ᠳᠡᠭᠦᠦ ᠬᠦᠷᠭᠡᠨ ᠲᠤᠯᠭᠠᠲᠡᠮᠦᠷ ᠢᠨᠦ ᠬᠠᠷᠢᠨ ᠪᠠᠷᠠᠭᠤᠨ ᠣᠷᠣᠨ ᠤ᠋ ᠤᠪᠠᠳᠢᠰᠲᠤ ᠬᠤᠸᠠᠷᠠᠭ ᠯᠤᠭ᠎ᠠ 《 ᠢᠨᠠᠭ 》 ᠪᠣᠯᠵᠤ ᠬᠠᠭᠠᠨ ᠢ᠋ ᠤᠳᠤᠷᠢᠳᠤᠨ 《 ᠠᠷᠭ᠎ᠠ ᠪᠢᠯᠢᠭ ᠢ᠋ ᠬᠣᠣᠰᠯᠠᠭᠤᠯᠤᠨ ᠪᠢᠰᠢᠯᠭᠠᠬᠤ 》 ᠵᠢᠴᠢ 《 ᠰᠢᠮᠨᠠᠴᠠ ᠶ᠋ᠢᠨ ᠪᠥᠵᠢᠭ 》 ᠪᠥᠵᠢᠭᠯᠡᠨ ᠬᠠᠭᠠᠨ ᠤ᠋ ᠬᠠᠢᠷ᠎ᠠ ᠬᠡᠰᠢᠭ ᠢ᠋ ᠣᠯᠪᠠ ᠃  
      ᠠᡁᠠᠮᠠ ᠰᠡᠳᠬᠢᠷᠦᠨ ᠄ 《 ᠡᠨᠡ ᠶᠠᠩᠵᠤ ᠪᠠᠷ ᠦᠷᠭᠦᠯᠵᠢᠯᠡᠨ ᠬᠥᠭᠵᠢᠪᠡᠰᠦ ᠲᠤᠯᠭᠠᠲᠡᠮᠦᠷ ᠂ ᠬᠠᠭᠠᠨ ᠤ᠋ ᠢᠲᠡᠭᠡᠯ ᠢ᠋ ᠣᠯᠵᠤ ᠮᠢᠨᠦ ᠪᠠᠢᠷᠢ ᠰᠠᠭᠤᠷᠢ ᠶ᠋ᠢ ᠡᠵᠡᠯᠡᠵᠦ ᠮᠡᠳᠡᠨ᠎ᠡ 》 ᠬᠡᠮᠡᠭᠡᠳ ᠲᠡᠭᠦᠨ ᠢ᠋ ᠠᠷᠢᠯᠭᠠᠬᠤ ᠪᠠᠷ ᠣᠷᠣᠯᠳᠣᠪᠠ ᠃ 
      ᠨᠢᠭᠡᠨ ᠡᠳᠦᠷ ᠠᡁᠠᠮᠠ ᠡᠴᠢᠭᠡ ᠳ᠋ᠦ᠍ ᠪᠡᠨ ᠥᠭᠦᠯᠡᠷᠦᠨ ᠄ 《 ᠪᠢᠳᠡ ᠨᠢᠭᠡᠨᠲᠡ ᠲᠥᠷᠥ ᠶ᠋ᠢᠨ ᠰᠠᠢᠳ ᠤ᠋ᠨ ᠲᠤᠰᠢᠶᠠᠯ ᠳ᠋ᠤ᠌ ᠲᠡᠪᠰᠢᠭᠰᠡᠨ ᠲᠤᠯᠠ ᠵᠦᠢ ᠢᠨᠦ ᠡᠵᠡᠨ ᠢ᠋ᠶ᠋ᠡᠨ ᠲᠥᠪ ᠶᠠᠪᠤᠳᠠᠯ ᠳ᠋ᠤᠷ ᠤᠳᠤᠷᠢᠳᠪᠠᠰᠤ ᠵᠣᠬᠢᠬᠤ ᠪᠥᠭᠡᠲᠡᠯ᠎ᠡ ᠲᠤᠯᠭᠠᠲᠡᠮᠦᠷ ᠬᠠᠷᠢᠨ ᠬᠠᠭᠠᠨ ᠢ᠋ ᠪᠢᠯᠪᠢᠭᠦᠷᠳᠡᠨ ᠤᠵᠢᠳ ᠰᠠᠮᠠᠭᠤᠨ ᠳ᠋ᠤ᠌ ᠬᠥᠲᠥᠯᠦᠨ ᠠᠭᠠᠰᠢᠯᠠᠮᠤᠢ ᠃ ᠳᠡᠯᠡᠬᠡᠢ ᠳ᠋ᠠᠬᠢᠨ ᠤ᠋ ᠡᠷᠳᠡᠮᠲᠡᠨ ᠮᠡᠷᠭᠡᠳ ᠵᠠᠢᠯᠠᠰᠢ ᠦᠭᠡᠢ ᠪᠢᠳᠡᠨ ᠢ᠋ ᠡᠯᠡᠭᠯᠡᠬᠦ ᠲᠤᠯᠠ ᠲᠤᠯᠭᠠᠮᠲᠡᠮᠦᠷ ᠢ᠋ ᠠᠷᠢᠯᠭᠠᠬᠤ ᠦᠭᠡᠢ ᠦᠯᠦ ᠪᠣᠯᠤᠮᠤᠢ 》 ᠬᠡᠮᠡᠪᠡ ᠃ ᠬᠡᠷᠡᠭ ᠳᠡᠭᠡᠷ᠎ᠡ ᠪᠡᠨ ᠬᠠᠭᠠᠨ ᠢ᠋ ᠤᠵᠢᠳ ᠰᠠᠮᠠᠭᠤᠨ ᠳ᠋ᠤ᠌ ᠬᠥᠲᠥᠯᠦᠭᠰᠡᠨ ᠬᠥᠮᠦᠨ ᠪᠣᠯ ᠠᠾᠠᠮᠠ ᠮᠥᠨ ᠠᠵᠤᠭᠤ ᠃ ᠡᠳᠦᠭᠡ ᠲᠡᠷᠡ ᠪᠡᠷ ᠰᠠᠢᠨ ᠬᠥᠮᠦᠨ ᠢ᠋ᠶ᠋ᠡᠷ ᠣᠪᠯᠠᠨ ᠠᠭᠠᠰᠢᠯᠠᠵᠤ ᠪᠠᠢᠭ᠎ᠠ ᠴᠣᠬᠣᠮ ᠰᠠᠨᠠᠭ᠎ᠠ ᠠᠨᠤ ᠲᠣᠬᠤᠨᠲᠡᠮᠦᠷ ᠬᠠᠭᠠᠨ ᠢ᠋ ᠵᠠᠢᠯᠠᠭᠤᠯᠵᠤ ᠬᠣᠩ ᠲᠠᠢᠽᠢ ᠶ᠋ᠢ ᠪᠠᠢᠭᠤᠯᠬᠤ ᠭᠡᠰᠡᠨ ᠳ᠋ᠦ᠍ ᠪᠠᠢᠮᠤᠢ ᠃ ᠠᠾᠠᠮᠠ ᠡᠴᠢᠭᠡ ᠳ᠋ᠦ᠍ ᠪᠡᠨ ᠵᠠᠯᠭᠠᠵᠤ ᠥᠭᠦᠯᠡᠷᠦᠨ ᠄ 《 ᠡᠵᠡᠨ ᠢ᠋ᠶ᠋ᠡᠷ ᠡᠳᠦᠷ ᠢᠷᠡᠬᠦᠶ᠎ᠡ ᠬᠠᠷᠠᠩᠭᠤᠢ ᠮᠤᠩᠬᠠᠭ ᠪᠣᠯᠵᠤ ᠂ ᠤᠯᠤᠰ ᠢ᠋ ᠵᠠᠰᠠᠨ ᠡᠰᠡ ᠴᠢᠳᠠᠶᠤ ᠃ ᠬᠣᠩ ᠲᠠᠢᠽᠢ ᠡᠳᠦᠭᠡ ᠶᠡᠬᠡ ᠪᠣᠯᠤᠭᠰᠠᠨ ᠪᠥᠭᠡᠳ ᠰᠡᠴᠡᠨ ᠰᠡᠷᠭᠦᠯᠡᠩ ᠠᠪᠬᠠᠯᠵᠢ ᠰᠠᠢᠲᠠᠢ ᠲᠤᠯᠠ ᠲᠡᠭᠦᠨ ᠢ᠋ ᠪᠠᠢᠭᠤᠯᠤᠨ ᠂ ᠬᠠᠭᠠᠨ ᠢ᠋ ᠲᠡᠢ ᠱᠠᠩ ᠬᠤᠸᠠᠩ ᠪᠣᠯᠭᠠᠪᠠᠰᠤ ᠵᠣᠬᠢᠰᠲᠠᠢ 》 ᠬᠡᠮᠡᠭᠰᠡᠨ ᠢ᠋ ᠠᠾᠠᠮᠠ ᠶ᠋ᠢᠨ ᠥᠬᠢᠨ ᠳᠡᠭᠦᠦ ᠢᠨᠦ ᠰᠣᠨᠣᠰᠤᠭᠠᠳ ᠰᠡᠩᠳᠡ ᠮᠡᠩᠳᠡ ᠭᠡᠷ ᠲᠦ᠍ ᠪᠡᠨ ᠪᠤᠴᠠᠵᠤ ᠢᠷᠡᠭᠡᠳ ᠡᠷ᠎ᠡ ᠨᠥᠬᠥᠷ ᠲᠤᠯᠭᠠᠮᠲᠡᠮᠦᠷ ᠲᠦ᠍ ᠬᠡᠯᠡᠵᠦ ᠥᠭᠪᠡ ᠃ 
       ᠲᠤᠯᠭᠠᠮᠲᠡᠮᠦᠷ ᠶᠡᠬᠡᠳᠡ ᠰᠣᠴᠢᠵᠤ ᠬᠠᠲᠤᠨ ᠠ᠋ᠴᠠ ᠪᠠᠨ ᠳᠠᠬᠢᠨ ᠳᠠᠪᠲᠠᠨ ᠲᠤᠯᠭᠠᠨ ᠠᠰᠠᠭᠤᠪᠠ ᠃ ᠲᠡᠭᠦᠨ ᠦ᠌ ᠰᠣᠴᠢᠵᠤ ᠰᠡᠳᠬᠢᠯ ᠵᠣᠪᠠᠭᠰᠠᠨ ᠠᠨᠤ ᠲᠣᠬᠤᠨᠲᠡᠮᠦᠷ ᠢ᠋ ᠵᠠᠢᠯᠠᠭᠤᠯᠬᠤ ᠡᠰᠡᠬᠦ ᠳ᠋ᠦ᠍ ᠪᠠᠢᠭ᠎ᠠ ᠪᠢᠰᠢ ᠂ ᠬᠠᠷᠢᠨ ᠬᠣᠩ ᠲᠠᠢᠽᠢ ᠶ᠋ᠢ ᠪᠠᠢᠭᠤᠯᠪᠠᠰᠤ ᠥᠪᠡᠷ ᠦ᠋ᠨ ᠠᠮᠢ ᠨᠠᠰᠤ ᠪᠠᠲᠤᠯᠠᠭ᠎ᠠ ᠦᠭᠡᠢ  ᠪᠣᠯᠬᠣ ᠠ᠋ᠴᠠ ᠠᠶᠤᠭᠰᠠᠨ ᠪᠥᠯᠥᠭᠡ ᠃ 
       ᠲᠤᠯᠭᠠᠮᠲᠡᠮᠦᠷ ᠰᠡᠳᠬᠢᠷᠦᠨ ᠄ 《 ᠶᠡᠷᠦ ᠶ᠋ᠢᠨ ᠦᠭᠡᠨ ᠳ᠋ᠦ᠍ ᠢᠮᠠᠭᠠᠨ ᠮᠢᠬ᠎ᠠ ᠬᠠᠯᠠᠭᠤᠨ ᠳ᠋ᠤ᠌ ᠪᠠᠨ ᠰᠠᠢᠨ ᠂ ᠶᠠᠪᠤᠳᠠᠯ ᠤᠴᠢᠷ ᠲᠦᠷᠭᠡᠨ ᠳ᠋ᠦ᠍ ᠪᠡᠨ ᠰᠠᠢᠨ ᠭᠡᠮᠡᠨ ᠪᠣᠢ ᠃ ᠡᠨᠡ ᠬᠡᠷᠡᠭ ᠢ᠋ ᠠᠯᠭᠤᠷᠯᠠᠵᠤ ᠦᠯᠦ ᠪᠣᠯᠤᠮᠤᠢ 》 ᠬᠡᠮᠡᠭᠡᠳ ᠲᠡᠷᠡ ᠳᠣᠣᠷ᠎ᠠ ᠨᠢ ᠲᠣᠬᠤᠨᠲᠡᠮᠦᠷ ᠬᠠᠭᠠᠨ ᠤ᠋ ᠳᠡᠷᠭᠡᠳᠡ ᠢᠷᠡᠭᠡᠳ ᠠᠾᠠᠮᠠ ᠲᠡᠭᠦᠨ ᠢ᠋ ᠤᠵᠢᠳ ᠰᠠᠮᠠᠭᠤᠨ ᠬᠡᠷᠡᠭ ᠦᠢᠯᠡᠳᠴᠦ ᠬᠠᠭᠠᠨ ᠢ᠋ ᠪᠤᠷᠤᠭᠤ ᠵᠦᠭ ᠲᠦ᠍ ᠬᠥᠲᠥᠯᠦᠭᠰᠡᠨ ᠭᠡᠮᠡᠨ ᠪᠤᠷᠤᠭᠤᠰᠢᠶᠠᠭᠰᠠᠨ ᠬᠡᠷᠡᠭ ᠢ᠋ ᠠᠶᠤᠮᠰᠢᠭ ᠦᠭᠡᠢ ᠦᠯᠦ ᠳᠤᠷᠠᠳᠤᠨ ᠭᠠᠭᠴᠠ ᠬᠦ᠌ ᠠᠾᠠᠮᠠ 《 ᠬᠠᠭᠠᠨ ᠢ᠋ ᠥᠲᠡᠯᠪᠡᠢ 》 ᠭᠡᠮᠡᠨ ᠥᠭᠦᠯᠡᠮᠦᠢ ᠬᠡᠮᠡᠵᠦᠬᠦᠢ ᠃
       ᠲᠣᠬᠤᠨᠲᠡᠮᠦᠷ ᠬᠠᠭᠠᠨ 《 ᠥᠲᠡᠯᠪᠡ 》 ᠬᠡᠮᠡᠬᠦ ᠶ᠋ᠢ ᠰᠣᠨᠣᠰᠤᠭᠠᠳ 《 ᠨᠠᠳᠠ ᠶ᠋ᠢ ᠰᠠᠭᠤᠷᠢᠨ ᠢ᠋ᠶ᠋ᠠᠨ ᠨᠠᠢᠷ ᠳᠡᠯᠪᠢ 》 ᠬᠡᠮᠡᠬᠦ ᠰᠠᠨᠠᠭ᠎ᠠ ᠭᠡᠵᠦ ᠣᠢᠯᠠᠭᠠᠭᠠᠳ ᠥᠭᠦᠯᠡᠷᠦᠨ ᠄ 《 ᠮᠢᠨᠦ ᠵᠠᠵᠢᠨ ᠦᠰᠦ ᠴᠠᠢᠭᠠᠳᠤᠢ ᠂ ᠵᠠᠬ᠎ᠠ ᠶ᠋ᠢᠨ ᠠᠷᠠᠭ᠎ᠠ ᠤᠨᠠᠭᠠᠳᠤᠢ ᠪᠥᠭᠡᠲᠡᠯ᠎ᠡ ᠶᠠᠭᠠᠬᠢᠨ ᠨᠠᠳᠠ ᠶ᠋ᠢ ᠥᠲᠡᠯᠪᠡ  ᠬᠡᠮᠡᠮᠦᠢ ? ᠲᠡᠳᠡᠨ ᠣᠨᠳᠣᠣ ᠰᠠᠨᠠᠭ᠎ᠠ ᠡᠪᠦᠷᠯᠡᠮᠦᠢ 》 ᠬᠡᠮᠡᠭᠡᠳ ᠠᠾᠠᠮᠠ ᠠᠬ᠎ᠠ ᠳᠡᠭᠦᠦ ᠬᠣᠶᠠᠭᠤᠯᠠ ᠶ᠋ᠢ ᠠᠷᠤ ᠭᠡᠷ ᠲᠦ᠍ ᠪᠡᠨ ᠰᠠᠭᠤᠵᠤ ᠬᠠᠭᠠᠨ ᠤ᠋  ᠱᠢᠢᠳᠭᠡᠬᠦ᠌ ᠶ᠋ᠢ ᠰᠣᠨᠣᠰ ᠭᠡᠮᠡᠨ ᠵᠠᠷᠯᠢᠭ ᠪᠠᠭᠤᠯᠭᠠᠪᠠ ᠃  
       ᠲᠤᠯᠭᠠᠲᠡᠮᠦᠷ ᠢ᠋ᠶ᠋ᠡᠷ ᠬᠠᠭᠠᠨ ᠤ᠋ ᠵᠠᠷᠯᠢᠭ ᠢ᠋ ᠢᠦᠢᠱ᠌ᠢ ᠳ᠋ᠠᠢᠹᠦ᠋ ᠲᠦᠰᠢᠮᠡᠯ ᠴᠦᠰᠬᠢ ᠳ᠋ᠦ᠍ ᠳᠠᠮᠵᠢᠭᠤᠯᠵᠤ ᠥᠭᠭᠦᠭᠡᠳ ᠥᠪᠡᠷ ᠢ᠋ᠶ᠋ᠡᠨ ᠠᠾᠠᠮᠠ ᠲᠡᠭᠦᠨ ᠢ᠋ ᠪᠠᠷᠢᠵᠤ ᠬᠣᠣᠷᠯᠠᠬᠤ ᠠ᠋ᠴᠠ ᠠᠶᠤᠭᠠᠳ ᠪᠠᠷᠠᠭᠤᠨ ᠰᠦᠮ᠎ᠡ ᠳ᠋ᠦ᠍ ᠣᠴᠢᠭᠠᠳ ᠪᠡᠶ᠎ᠡ ᠳᠠᠯᠳᠠᠯᠠᠪᠠ ᠃ 
      ᠮᠠᠷᠭᠠᠰᠢ ᠨᠢ ᠢᠦᠢᠱ᠌ᠢ  ᠳ᠋ᠠᠢᠹᠦ᠋ ᠴᠦᠰᠬᠢ ᠪᠡᠷ ᠲᠤᠯᠭᠠᠲᠡᠮᠦᠷ ᠦ᠋ᠨ ᠳᠠᠮᠵᠢᠭᠤᠯᠤᠭᠰᠠᠨ ᠵᠠᠷᠯᠢᠭ ᠶᠣᠰᠣᠭᠠᠷ ᠠᠾᠠᠮᠠ ᠠᠬ᠎ᠠ ᠳᠡᠭᠦᠦ ᠬᠣᠶᠠᠷ ᠤ᠋ᠨ ᠶᠠᠯ᠎ᠠ ᠶ᠋ᠢ ᠲᠣᠭᠠᠴᠢᠨ 《 ᠬᠦᠨᠳᠦ ᠪᠡᠷ ᠱᠢᠢᠳᠭᠡᠲᠦᠭᠡᠢ 》 ᠬᠡᠮᠡᠬᠦᠶ᠎ᠡ ᠂ ᠲᠣᠬᠤᠨᠲᠡᠮᠦᠷ ᠬᠠᠭᠠᠨ ᠥᠭᠦᠯᠡᠷᠦᠨ ᠄ 《 ᠠᠾᠠᠮᠠ ᠠᠬ᠎ᠠ ᠳᠡᠭᠦᠦ ᠬᠣᠶᠠᠭᠤᠯᠠ ᠳ᠋ᠤᠷ ᠶᠠᠯ᠎ᠠ ᠪᠣᠢ ᠪᠣᠯᠪᠠᠴᠤ ᠨᠠᠳᠠ ᠶ᠋ᠢ ᠤᠷᠲᠤ ᠬᠤᠭᠤᠴᠠᠭ᠎ᠠ ᠪᠠᠷ ᠠᠰᠠᠷᠠᠭᠰᠠᠨ ᠪᠥᠭᠡᠳ ᠮᠢᠨᠦ ᠳᠡᠭᠦᠦ ᠷᠢᠨᠵᠢᠨᠪᠠᠯ ᠯᠤᠭ᠎ᠠ ᠬᠠᠮᠲᠤ ᠨᠢᠭᠡ ᠡᠬᠡ ᠶ᠋ᠢᠨ ᠬᠥᠬᠥ ᠶ᠋ᠢ ᠬᠥᠬᠥᠭᠰᠡᠨ ᠪᠥᠯᠥᠭᠡ ᠃ ᠲᠡᠳᠡᠨ ᠦ᠌ ᠲᠤᠰᠢᠶᠠᠯ ᠢ᠋ ᠬᠠᠰᠤᠪᠠᠰᠤ ᠪᠣᠯᠤᠮᠤᠢ ᠃ ᠶᠠᠯᠠᠯᠠᠬᠤ ᠶ᠋ᠢ ᠲᠦᠷ ᠠᠯᠭᠤᠷᠯᠠᠵᠤ ᠬᠢᠯᠢ ᠰᠠᠬᠢᠭᠤᠯᠬᠤ ᠪᠠᠷ ᠶᠠᠪᠤᠭᠤᠯᠲᠤᠭᠠᠢ 》 ᠬᠡᠮᠡᠪᠡ ᠃ ᠴᠦᠰᠬᠢ ᠬᠠᠭᠠᠨ ᠤ᠋ ᠰᠠᠨᠠᠭ᠎ᠠ ᠬᠤᠪᠢᠷᠠᠭᠰᠠᠨ ᠢ᠋ ᠮᠡᠳᠡᠭᠡᠳ ᠠᠶᠤᠮᠰᠢᠭ ᠦᠭᠡᠢ ᠳᠠᠬᠢᠨ ᠥᠭᠦᠯᠡᠭᠰᠡᠨ ᠦᠭᠡᠢ ᠃ ᠭᠡᠪᠡᠴᠦ ᠲᠡᠷᠡ ᠳᠣᠲᠣᠷ᠎ᠠ ᠪᠠᠨ ᠰᠡᠳᠬᠢᠷᠦᠨ ᠄ 《 ᠡᠨᠡ ᠬᠡᠷᠡᠭ ᠢ᠋ ᠠᠾᠠᠮᠠ ᠮᠡᠳᠡᠪᠡᠰᠦ ᠨᠠᠳᠠ ᠳ᠋ᠤ᠌ ᠦᠬᠦᠨ ᠬᠣᠷᠣᠰᠤᠮᠤᠢ 》 ᠬᠡᠮᠡᠭᠡᠳ ᠬᠠᠭᠠᠨ ᠠ᠋ᠴᠠ ᠰᠠᠯᠵᠤ ᠭᠠᠷᠤᠮᠠᠭᠴᠠ ᠪᠠᠷᠠᠭᠤᠨ ᠭᠠᠷᠤᠨ ᠴᠢᠩᠰᠠᠩ ᠳ᠋ᠢᠩᠵᠦ ᠶ᠋ᠢ ᠰᠢᠭᠤᠳ ᠡᠷᠢᠵᠦ ᠣᠴᠢᠪᠠ ᠃ 
       ᠪᠠᠷᠠᠭᠤᠨ ᠭᠠᠷᠤᠨ ᠴᠢᠩᠰᠠᠩ ᠳ᠋ᠢᠩᠵᠦ ᠤ᠌ᠭ ᠠ᠋ᠴᠠ ᠴᠦᠰᠬᠢ ᠯᠤᠭ᠎ᠠ ᠡᠪ ᠨᠡᠢᠯᠡᠬᠦ ᠦᠭᠡᠢ ᠪᠠᠢᠭᠰᠠᠨ ᠲᠤᠯᠠ ᠲᠡᠷᠡ ᠳᠠᠷᠤᠢ ᠫᠢᠩ ᠵᠠᠩ ᠵᠸᠩᠱ᠌ᠢ ᠲᠦᠰᠢᠮᠡᠯ ᠰᠠᠩᠭᠠᠰᠢᠷᠢ ᠶ᠋ᠢ ᠡᠷᠢᠵᠦ ᠵᠥᠪᠳᠡᠭᠡᠳ ᠠᠾᠠᠮᠠ ᠠᠬ᠎ᠠ ᠳᠡᠭᠦᠦ ᠬᠣᠶᠠᠷ ᠤ᠋ᠨ ᠶᠠᠯ᠎ᠠ ᠶ᠋ᠢ ᠢᠯᠭᠠᠨ ᠥᠭᠦᠯᠡᠵᠦ ᠬᠠᠭᠠᠨ ᠳ᠋ᠤᠷ ᠠᠢᠯᠠᠳᠬᠠᠪᠠ ᠃ᠲᠡᠷᠢᠭᠦᠯᠡᠭᠰᠡᠨ ᠰᠠᠢᠳ ᠪᠡᠶ᠎ᠡ ᠪᠡᠷ ᠪᠣᠳᠣᠷᠣᠣᠯ ᠪᠢᠴᠢᠭ ᠡᠷᠭᠦᠵᠦ ᠠᠾᠠᠮᠠ ᠠᠬ᠎ᠠ ᠳᠡᠭᠦᠦ ᠬᠣᠶᠠᠷ ᠢ᠋ ᠢᠯᠡᠴᠢᠯᠡᠨ ᠵᠠᠭᠠᠯᠳᠤᠭᠰᠠᠨ ᠳ᠋ᠤ᠌ ᠲᠣᠬᠤᠨᠲᠡᠮᠦᠷ ᠬᠠᠭᠠᠨ ᠰᠠᠶᠢ ᠵᠣᠷᠢᠭ ᠰᠢᠭᠤᠳᠴᠤ ᠠᠾᠠᠮᠠ ᠶ᠋ᠢ ᠾᠤᠢᠵᠸᠦ ᠳ᠋ᠦ᠍ ᠶᠠᠪᠤᠭᠤᠯᠵᠤ ᠂ ᠱᠤᠰᠠᠭ ᠢ᠋ ᠵᠣᠣᠵᠸᠦ ( ᠣᠳᠣ ᠶ᠋ᠢᠨ ᠬᠠᠷᠠᠮᠦ᠋ᠷᠡᠨ ᠮᠣᠵᠢ ᠶ᠋ᠢᠨ ᠵᠣᠣ ᠵᠧᠦ ᠰᠢᠶᠠᠨ ) ᠳ᠋ᠤ᠌ ᠰᠢᠯᠵᠢᠭᠦᠯᠦᠨ ᠰᠠᠭᠤᠯᠭᠠᠬᠤ ᠪᠠᠷ ᠵᠠᠷᠯᠠᠪᠠ ᠃ 
       ᠠᠾᠨᠮᠠ ᠠᠬ᠎ᠠ ᠳᠡᠭᠦᠦ ᠬᠣᠶᠠᠭᠤᠯᠠ ᠡᠩ ᠦ᠋ᠨ ᠴᠠᠭ ᠲᠤ᠌ ᠪᠤᠰᠤᠳ ᠢ᠋ ᠬᠣᠣᠷᠯᠠᠵᠤ ᠬᠥᠨᠥᠭᠡᠭᠰᠡᠨ ᠥᠰᠢᠶ᠎ᠡ ᠬᠣᠷᠣᠰᠤᠯ ᠠᠷᠪᠢᠨ ᠪᠣᠯᠬᠣᠷ ᠲᠡᠳᠡᠨ ᠢ᠋ ᠳᠤᠰᠢᠶᠠᠯ ᠠ᠋ᠴᠠ ᠨᠢ ᠤᠭᠴᠠᠷᠠᠭᠤᠯᠵᠤ ᠭᠠᠳᠠᠨ᠎ᠠ ᠭᠠᠵᠠᠷ ᠴᠦᠯᠡᠭᠰᠡᠨ ᠢ᠋ ᠰᠣᠨᠣᠰᠤᠭᠠᠳ ᠥᠩᠭᠡᠷᠡᠭᠰᠡᠨ ᠳ᠋ᠦ᠍ ᠲᠡᠳᠡᠨ ᠦ᠌ ᠬᠠᠪᠴᠢᠯ ᠬᠣᠣᠷᠯᠠᠯ ᠢ᠋ ᠠᠮᠰᠠᠭᠰᠠᠳ ᠵᠡᠷᠭᠡ ᠵᠡᠷᠭᠡ ᠪᠡᠷ ᠬᠦᠷᠦᠯᠴᠡᠨ ᠢᠷᠡᠭᠡᠳ ᠠᠬ᠎ᠠ ᠳᠡᠭᠦᠦ ᠬᠣᠶᠠᠭᠤᠯᠠ ᠶ᠋ᠢ ᠠᠶᠠᠨ ᠵᠠᠮ ᠳ᠋ᠤᠨᠢ ᠵᠠᠨᠴᠢᠨ ᠠᠯᠠᠪᠠ ᠃ ᠲᠣᠬᠣᠨᠳᠡᠮᠤᠷ ᠬᠠᠭᠠᠨ ᠵᠠᠷᠯᠢᠭ ᠪᠠᠭᠤᠯᠭᠠᠵᠤ  ᠠᠾᠨᠮᠠ ᠶ᠋ᠢᠨ ᠭᠡᠷ ᠬᠥᠷᠥᠩᠭᠡ ᠶ᠋ᠢ ᠲᠠᠯᠠᠪᠠ ᠃ 
       ᠠᠾᠨᠮᠠ ᠠᠬ᠎ᠠ ᠳᠡᠭᠦᠦ ᠬᠣᠶᠠᠭᠤᠯᠠ ᠶ᠋ᠢ ᠭᠠᠳᠠᠨ᠎ᠠ ᠴᠦᠯᠡᠭᠰᠡᠨ ᠪᠠ ᠵᠠᠨᠴᠢᠵᠤ ᠠᠯᠠᠭᠰᠠᠨ ᠭᠣᠣᠯ ᠰᠢᠯᠲᠠᠭᠠᠨ ᠪᠣᠯ ᠲᠡᠳᠡ 《 ᠬᠠᠭᠠᠨ ᠢ᠋ ᠵᠠᠢᠯᠠᠭᠤᠯᠵᠤ ᠬᠣᠩ ᠲᠠᠢᠽᠢ ᠶ᠋ᠢ ᠪᠠᠢᠭᠤᠯᠬᠤ 》 ᠪᠠᠷ ᠬᠤᠤᠪᠢᠯᠳᠤᠭᠰᠠᠨ ᠳ᠋ᠤ᠌ ᠪᠣᠢ ᠃ ᠲᠣᠬᠣᠨᠳᠡᠮᠤᠷ ᠬᠠᠭᠠᠨ ᠢ᠋ᠶ᠋ᠠᠷ  ᠠᠾᠨᠮᠠ ᠨᠠᠷ ᠤ᠋ᠨ ᠡᠨᠡ ᠬᠦ᠌ ᠤᠪ ᠶᠠᠪᠤᠭᠤᠯᠭ᠎ᠠ ᠶ᠋ᠢ ᠬᠡᠷᠬᠢᠨ ᠠᠭᠤᠴᠢᠯᠠᠵᠤ ᠪᠣᠯᠬᠤ ᠠᠵᠢ ᠃ 
       ᠠᠾᠨᠮᠠ ᠠᠬ᠎ᠠ ᠳᠡᠭᠦᠦ ᠬᠣᠶᠠᠭᠤᠯᠠ 《 ᠬᠠᠭᠠᠨ ᠢ᠋ ᠵᠠᠢᠯᠠᠭᠤᠯᠵᠤ ᠬᠣᠩ ᠲᠠᠢᠽᠢ ᠶ᠋ᠢ ᠪᠠᠢᠭᠤᠯᠬᠤ 》 ᠬᠡᠮᠡᠭᠡᠳ ᠠᠮᠢ ᠪᠠᠨ ᠠᠪᠲᠠᠭᠰᠠᠨ ᠪᠣᠯᠪᠠᠴᠤ ᠬᠠᠭᠠᠨᠲᠤ ᠲᠥᠷᠥ ᠳ᠋ᠦ᠍ 《 ᠵᠠᠢᠯᠠᠭᠤᠯᠬᠤ ᠪᠠ ᠪᠠᠢᠭᠤᠯᠬᠤ 》 ᠬᠡᠮᠡᠬᠦ ᠴᠠᠭ ᠲᠥᠷᠥ ᠶ᠋ᠢᠨ ᠦᠢᠮᠡᠭᠡᠨ ᠨᠢᠭᠡᠨᠲᠡ ᠮᠥᠰᠥᠨ ᠬᠥᠨᠳᠡᠢ ᠪᠡᠷ ᠤᠷᠤᠰᠬᠤ ᠤᠷᠤᠰᠬᠠᠯ ᠮᠡᠲᠦ ᠳᠠᠯᠳᠠᠭᠤᠷ ᠢᠯᠪᠠᠯᠵᠠᠨ ᠡᠬᠢᠯᠡᠪᠡ ᠃ ᠡᠭᠦᠨ ᠳ᠋ᠦ᠍ ᠰᠣᠯᠣᠩᠭᠣᠰ ᠬᠠᠲᠤᠨ ᠴᠢ‍ ᠣᠪᠣᠭᠲᠤ ᠪᠣᠯᠤᠨ  ᠲᠡᠭᠦᠨ ᠡᠴᠡ ᠲᠥᠷᠥᠭᠰᠡᠨ ᠬᠥᠪᠡᠭᠦᠨ ᠠᠶᠤᠰᠢᠷᠢᠳᠡᠷᠡ ᠪᠣᠯ ᠡᠨᠡ ᠬᠦ᠌ ᠳᠠᠯᠳᠠ ᠤᠷᠤᠰᠬᠠᠯ ᠤ᠋ᠨ ᠣᠨᠳᠣᠷᠣᠯ ᠠᠵᠤᠭᠤ ᠃  
       ᠲᠣᠬᠣᠨᠳᠡᠮᠤᠷ ᠬᠠᠭᠠᠨ ᠳ᠋ᠤ᠌ ᠪᠠᠢᠷᠢ ᠰᠠᠭᠤᠷᠢ ᠪᠠᠷ ᠨᠡᠯᠢᠶᠡᠳ ᠥᠨᠳᠥᠷ ᠭᠤᠷᠪᠠᠨ ᠬᠠᠲᠤᠨ ᠪᠠᠢᠯᠤᠭ᠎ᠠ ᠃ ᠨᠢᠭᠡᠳᠦᠭᠡᠷ ᠬᠠᠲᠤᠨ ᠠᠨᠤ ᠲᠠᠢᠰᠢ  ᠡᠯᠳᠡᠮᠤᠷ ᠤ᠋ᠨ ᠥᠬᠢᠨ ᠳ᠋ᠠᠨᠡᠰᠢᠷᠢ ᠪᠥᠯᠥᠭᠡ ᠃ ᡁᠢ ᠱᠦᠨ ᠦ᠌ ᠳᠥᠷᠪᠡᠳᠦᠭᠡᠷ ᠣᠨ (1333 ᠣᠨ ) ᠳ᠋ᠤ᠌ ᠬᠤᠸᠠᠩᠬᠡᠦ ᠡᠷᠭᠦᠮᠵᠢᠯᠡᠪᠡ ᠃ 
       ᠳ᠋ᠠᠨᠡᠰᠢᠷᠢ ᠬᠢᠪᠴᠠᠭ ᠣᠪᠣᠭᠲᠠᠨ ᠪᠤᠶᠤ ᠃ ᠮᠣᠩᠭᠣᠯ ᠤ᠋ᠨ ᠤᠵᠠᠭᠤᠷ ᠤ᠋ᠨ ᠶᠣᠰᠣ ᠪᠠᠷ ᠬᠣᠩᠭᠢᠷᠠᠳ ᠠᠢᠮᠠᠭ ᠤ᠋ᠨ ᠥᠬᠢᠳ ᠰᠠᠶᠢ ᠬᠠᠭᠠᠨ ᠤ᠋ ᠨᠢᠭᠡᠳᠦᠭᠡᠷ ᠬᠠᠲᠤᠨ ᠪᠣᠯᠵᠤ ᠪᠣᠯᠬᠤ᠎  ᠡᠴᠡ ᠪᠢᠰᠢ ᠂ ᠪᠤᠰᠤᠳ ᠣᠪᠣᠭ ᠤ᠋ᠨ ᠥᠬᠢᠳ ᠨᠢᠭᠡᠳᠦᠭᠡᠷ ᠬᠠᠲᠤᠨ ᠪᠣᠯᠵᠤ ᠦᠯᠦ ᠪᠣᠯᠤᠮᠤᠢ ᠃ 
      ᠶᠤᠸᠠᠨ ᠲᠦᠩ ᠦ᠋ᠨ ᠲᠡᠷᠢᠭᠦᠨ ᠣᠨ (1333 ᠣᠨ ) ᠤ᠋ ᠶᠢᠰᠦᠳᠦᠭᠡᠷ ᠰᠠᠷ᠎ᠠ ᠳ᠋ᠤ᠌ ᠬᠤᠸᠠᠩ ᠲᠠᠢᠬᠡᠦ ᠭᠡᠮᠡᠨ ᠡᠷᠭᠦᠮᠵᠢᠯᠡᠭᠳᠡᠭᠰᠡᠨ ᠲᠣᠬᠳᠡᠮᠤᠷ ᠵᠠᠶᠠᠭᠠᠲᠤ ᠬᠠᠭᠠᠨ ᠤ᠋ ᠬᠠᠲᠤᠨ ᠪᠤᠳᠡᠰᠢᠷᠢ ᠣᠯᠠᠨ ᠰᠠᠢᠳ ᠲᠦᠰᠢᠮᠡᠯ ᠳ᠋ᠦ᠍ ᠥᠭᠦᠯᠡᠷᠦᠨ ᠄ 《 ᠰᠢᠨ᠎ᠡ ᠬᠠᠭᠠᠨ ᠢ᠋ ᠨᠢᠭᠡᠨᠲᠡ ᠪᠠᠢᠭᠤᠯᠤᠭᠰᠠᠨ ᠠᠲᠠᠯ᠎ᠠ ᠭᠣᠣᠯ ᠣᠷᠳᠣᠨ ᠤ᠋ ᠬᠠᠲᠤᠨ ᠢ᠋ ᠶᠠᠭᠤᠨ ᠳ᠋ᠤ᠌ ᠦᠯᠦ ᠰᠣᠩᠭᠣᠮᠤᠢ ? ᠡᠷᠲᠡᠬᠡᠨ ᠶᠠᠷᠢᠯᠴᠠᠨ ᠲᠣᠭᠲᠠᠭᠠᠪᠠᠰᠤ ᠵᠣᠬᠢᠮᠤ 》 ᠬᠡᠮᠡᠪᠡ ᠃
      ᠲᠡᠳᠦᠢ ᠳ᠋ᠦ᠍ᠷ ᠣᠯᠠᠨ ᠲᠦᠰᠢᠮᠡᠯ ᠪᠤᠳᠡᠰᠢᠷᠢ ᠬᠤᠸᠠᠩ ᠲᠠᠢᠬᠡᠦ ᠶ᠋ᠢ ᠪᠢᠯᠳᠠᠤᠴᠢᠯᠠᠨ ᠵᠤᠯᠭᠤᠢᠳᠠᠵᠤ ᠰᠠᠢᠬᠠᠨ ᠦᠬᠦᠭᠰᠡᠨ ᠡᠯᠳᠡᠮᠤᠷ ᠤ᠋ᠨ ᠥᠬᠢᠨ ᠢ᠋ ᠬᠤᠸᠠᠩᠬᠡᠦ ᠰᠣᠩᠭᠣᠬᠤ ᠪᠠᠷ ᠵᠣᠷᠢᠵᠤ ᠥᠭᠦᠯᠡᠷᠦᠨ ᠄ 《 ᠳᠠᠢᠰᠢ ᠴᠢᠩᠰᠠᠩ ᠡᠯᠳᠡᠮᠤᠷ ᠤ᠋ᠨ ᠥᠬᠢᠨ ᠳ᠋ᠠᠨᠡᠰᠢᠷᠢ ᠲᠥᠪ ᠶᠡᠬᠡᠮᠰᠦᠭ ᠲᠤᠯᠠ ᠤᠯᠤᠰ ᠭᠡᠷ ᠦ᠋ᠨ ᠬᠠᠲᠤᠨ ᠢ᠋ᠶ᠋ᠠᠷ ᠰᠣᠩᠭᠣᠪᠠᠰᠤ ᠵᠣᠬᠢᠮᠤᠢ 》 ᠬᠡᠮᠡᠪᠡ ᠃
       ᠳ᠋ᠠᠨᠡᠰᠢᠷᠢ ᠬᠡᠮᠡᠭᠴᠢ ᠡᠷᠬᠡ ᠲᠠᠩᠬᠢ ᠥᠰᠦᠭᠰᠡᠨ ᠲᠤᠯᠠ ᠲᠣᠬᠣᠨᠳᠡᠮᠤᠷ ᠬᠠᠭᠠᠨ ᠢ᠋ ᠨᠢᠳᠦᠨ ᠳ᠋ᠦ᠍ ᠪᠡᠨ ᠬᠠᠪᠴᠢᠬᠤ ᠦᠭᠡᠢ ᠃ ᠦᠷᠭᠦᠯᠵᠢ ᠣᠮᠣᠷᠬᠠᠭ ᠳᠡᠭᠡᠷᠡᠩᠭᠦᠢ ᠠᠭᠠᠰᠢᠯᠠᠮᠤᠢ ᠃ ᠲᠣᠬᠣᠨᠳᠡᠮᠤᠷ ᠬᠠᠭᠠᠨ ᠢ᠋ᠶ᠋ᠠᠷ ᠳ᠋ᠠᠨᠡᠰᠢᠷᠢ ᠶ᠋ᠢᠨ ᠠᠷᠳᠠᠭ ᠳᠣᠭᠰᠢᠨ ᠠᠭᠠᠰᠢ ᠠᠪᠤᠷᠢ ᠶ᠋ᠢ ᠬᠦᠯᠢᠴᠡᠨ ᠲᠡᠰᠪᠦᠷᠢᠯᠡᠵᠦ ᠶᠡᠷᠦ᠎ ᠡᠴᠡ ᠬᠡᠷᠡᠭ ᠪᠣᠯᠭᠠᠳᠠᠭ ᠦᠭᠡᠢ ᠃
      ᠰᠡᠭᠦᠯᠡᠷ ᠨᠢ ᠡᠯᠳᠡᠮᠤᠷ ᠦᠬᠦᠭᠡᠳ ᠠᠬ᠎ᠠ ᠲᠠᠩᠭᠢᠰ ᠨᠢ ᠲᠥᠷᠥ ᠶ᠋ᠢᠨ ᠬᠤᠪᠢᠰᠤᠯ ᠭᠠᠷᠭᠠᠭᠰᠠᠨ ᠬᠡᠷᠡᠭ ᠲᠦ᠍ ᠬᠣᠯᠪᠣᠭᠳᠠᠭᠠᠳ ᠡᠷᠬᠡᠲᠦ ᠰᠠᠢᠳ ᠪᠠᠶᠠᠨ ᠬᠣᠣᠷᠯᠠᠨ ᠠᠯᠠᠭᠰᠠᠨ ᠪᠠᠢᠪᠠ ᠃ ᠡᠨᠡ ᠦᠶ᠎ᠡ ᠳ᠋ᠦ᠍ ᠳ᠋ᠠᠨᠡᠰᠢᠷᠢ ᠰᠠᠶᠢ ᠠᠷᠪᠠᠨ ᠲᠠᠪᠤ ᠵᠢᠷᠭᠤᠭᠠᠨ ᠨᠠᠰᠤᠲᠠᠢ ᠬᠡᠦᠬᠡᠳ ᠪᠠᠢᠭᠰᠠᠨ ᠰᠠᠨ ᠃
       ᠲᠣᠬᠣᠨᠳᠡᠮᠤᠷ ᠬᠠᠭᠠᠨ ᠤ᠋ ᠨᠥᠭᠥᠭᠡ ᠬᠠᠲᠤᠨ ᠤ᠋ ᠨᠡᠷ᠎ᠡ ᠢᠨᠦ ᠪᠠᠶᠠᠨ ᠬᠤᠲᠤᠭ ᠬᠡᠮᠡᠮᠦᠢ ᠃ ᡁᠢ ᡁᠢ ᠶ᠋ᠢᠨ ᠭᠤᠷᠪᠠᠳᠤᠭᠠᠷ ᠣᠨ (1323 ᠣᠨ ) ᠳ᠋ᠤ᠌ ᠲᠥᠷᠥᠵᠡᠢ ᠃ ᠮᠣᠩᠭᠣᠯ ᠤ᠋ᠨ ᠬᠣᠩᠭᠢᠷᠠᠳ ᠠᠢᠮᠠᠭ ᠤ᠋ᠨ ᠪᠣᠯᠤᠳᠡᠮᠤᠷ ᠤ᠋ᠨ ᠥᠬᠢᠨ ᠪᠥᠯᠥᠭᠡ ᠃ ᠪᠣᠯᠤᠳᠡᠮᠤᠷ ᠪᠣᠯ ᠬᠠᠢᠱᠠᠨ ᠬᠦᠯᠦᠭ ᠬᠠᠭᠠᠨ ᠤ᠋ ᠬᠠᠲᠤᠨ ᠵᠢᠩᠭᠡ ᠶ᠋ᠢᠨ ᠦᠶᠡᠯᠢᠳ ᠬᠥᠪᠡᠭᠦᠨ ᠠᠵᠤᠭᠤ ᠃ ᡁᠢ ᠶᠤᠸᠠᠨ ᠤ᠋ ᠭᠤᠷᠪᠠᠳᠤᠭᠠᠷ ᠣᠨ (1337 ᠣᠨ ) ᠤ᠋ ᠭᠤᠷᠪᠠᠳᠤᠭᠠᠷ ᠰᠠᠷ᠎ᠠ ᠳ᠋ᠤ᠌ ᠪᠠᠶᠠᠨ ᠬᠤᠲᠤᠭ ᠢ᠋ ᠬᠤᠸᠠᠩᠬᠡᠦ ᠡᠷᠭᠦᠮᠵᠢᠯᠡᠪᠡ ᠃
       ᠪᠠᠶᠠᠨ ᠬᠤᠲᠤᠭ ᠬᠠᠲᠤᠨ ᠪᠣᠯᠪᠠᠰᠤ ᠲᠥᠷᠥᠯᠬᠢ ᠳᠠᠷᠤᠤ ᠨᠣᠮᠣᠬᠠᠨ ᠡᠶᠡᠯᠳᠡᠭ ᠵᠥᠭᠡᠯᠡᠨ ᠵᠠᠩ ᠲᠠᠢ ᠃ ᠴᠡᠭᠡᠵᠢ ᠰᠡᠳᠬᠢᠯ ᠠᠭᠤᠵᠢᠭᠤ ᠪᠠᠭᠲᠠᠭᠠᠮᠵᠢᠲᠠᠢ ᠃ ᠲᠡᠷᠡ ᠲᠣᠬᠤᠨᠲᠡᠮᠦᠷ ᠬᠠᠭᠠᠨ ᠢ᠋ ᠰᠡᠳᠬᠢᠯ ᠦ᠋ᠨ  ᠤ᠌ᠭ ᠠ᠋ᠴᠠ ᠪᠠᠨ ᠬᠠᠢᠷᠠᠯᠠᠵᠤ ᠰᠠᠨᠠᠳᠠᠭ ᠪᠥᠭᠡᠳ ᠶᠠᠪᠤᠳᠠᠯ ᠪᠦᠬᠦᠨ ᠳ᠋ᠦ᠍ ᠬᠠᠭᠠᠨ ᠤ᠋ ᠲᠥᠯᠥᠭᠡ ᠪᠣᠳᠣᠯᠬᠢᠯᠠᠳᠠᠭ ᠪᠠᠢᠪᠠ ᠃ ᠨᠢᠭᠡ ᠤᠳᠠᠭ᠎ᠠ ᠂ ᠪᠠᠶᠠᠨ ᠬᠤᠲᠤᠭ ᠂ ᠬᠠᠭᠠᠨ ᠢ᠋ ᠳᠠᠭᠠᠵᠤ ᠱᠠᠩᠳᠤ ᠳ᠋ᠤ᠌ ᠣᠴᠢᠭᠰᠠᠨ ᠳ᠋ᠤ᠌ ᠂ ᠬᠠᠭᠠᠨ ᠰᠢᠳᠠᠷ ᠲᠦᠰᠢᠮᠡᠯ ᠢ᠋ᠶ᠋ᠡᠨ ᠢᠯᠡᠭᠡᠵᠦ ᠲᠡᠭᠦᠨ ᠦ᠌ ᠮᠠᠢᠬᠠᠨ ᠳ᠋ᠤ᠌ ᠬᠣᠨᠣᠭᠯᠠᠬᠤ ᠭᠡᠮᠡᠨ ᠮᠡᠳᠡᠭᠳᠡᠪᠡ ᠃ ᠪᠠᠶᠠᠨ ᠬᠤᠲᠤᠭ ᠬᠠᠲᠤᠨ ᠢ᠋ᠶ᠋ᠠᠷ ᠬᠠᠭᠠᠨ ᠤ᠋ ᠠᠮᠤᠷ ᠲᠦᠪᠰᠢᠨ ᠢ᠋ ᠪᠣᠳᠣᠭᠠᠳ 《 ᠣᠳᠣ ᠰᠥᠨᠢ ᠣᠷᠣᠢ ᠪᠣᠯᠤᠭᠰᠠᠨ ᠲᠤᠯᠠ ᠬᠠᠭᠠᠨ ᠨᠠᠭᠠᠰᠢ ᠴᠠᠭᠠᠱᠢ ᠶᠠᠪᠤᠬᠤ ᠳ᠋ᠤ᠌ ᠳᠥᠭᠥᠮ ᠦᠭᠡᠢ 》 ᠬᠡᠮᠡᠭᠡᠳ ᠢᠷᠡᠭᠰᠡᠨ ᠲᠦᠰᠢᠮᠡᠯ ᠳ᠋ᠦ᠍ ᠬᠠᠷᠢᠭᠤ ᠬᠡᠯᠡᠵᠦ ᠶᠠᠪᠤᠭᠤᠯᠪᠠ ᠭᠡᠨ᠎ᠡ ᠃ ᠲᠣᠬᠤᠨᠲᠡᠮᠦᠷ ᠬᠠᠭᠠᠨ ᠰᠣᠨᠣᠰᠤᠭᠠᠳ ᠶᠡᠬᠡᠳᠡ ᠰᠡᠳᠬᠢᠯ ᠬᠥᠳᠡᠯᠵᠦ ᠪᠠᠶᠠᠨ ᠬᠤᠲᠤᠭ ᠬᠠᠲᠤᠨ ᠢ᠋ ᠮᠠᠰᠢ ᠬᠠᠢᠷᠠᠯᠠᠵᠤ ᠬᠦᠨᠳᠦᠳᠬᠡᠭᠰᠡᠨ ᠪᠠᠢᠪᠠ ᠃ 
       ᠪᠠᠶᠠᠨ ᠬᠤᠲᠤᠭ ᠬᠠᠲᠤᠨ ᠡᠩ ᠦ᠋ᠨ ᠴᠠᠭ ᠲᠤ᠌ ᠮᠠᠰᠢ ᠠᠵᠢᠯᠴᠢ ᠪᠣᠷᠣᠭᠵᠢᠭᠤᠨ ᠂ ᠶᠡᠷᠦ ᠡᠴᠡ ᠳᠤᠷ᠎ᠠ ᠵᠣᠷᠢᠭ ᠢ᠋ᠶ᠋ᠠᠷ ᠪᠦᠷᠢᠯᠭᠡᠨ ᠰᠦᠢᠳᠬᠡᠳᠡᠭ ᠦᠭᠡᠢ ᠪᠤᠶᠤ ᠃ ᠲᠣᠬᠤᠨᠲᠡᠮᠦᠷ ᠬᠠᠭᠠᠨ ᠲᠡᠭᠦᠨ ᠦ᠌ ᠠᠮᠢᠳᠤᠷᠠᠯ ᠤ᠋ᠨ ᠪᠣᠷᠣᠭᠵᠢᠭᠤᠨ ᠪᠠᠢᠭ᠎ᠠ ᠶ᠋ᠢ ᠦᠵᠡᠭᠡᠳ ᠠᠰᠠᠭᠤᠷᠤᠨ ᠄ 《 ᠣᠷᠳᠣᠨ ᠤ᠋ ᠳᠣᠲᠣᠷᠠᠬᠢ ᠬᠡᠷᠡᠭ ᠢ᠋ ᠬᠠᠮᠢᠶᠠᠷᠬᠤ ᠶᠠᠮᠤᠨ ᠤ᠋ ᠵᠠᠷᠤᠯᠭ᠎ᠠ ᠶ᠋ᠢᠨ ᠵᠦᠢᠯ ᠢ᠋ ᠴᠢᠮ᠎ᠠ ᠳ᠋ᠤ᠌ ᠲᠤᠰᠢᠶᠠᠨ ᠡᠷᠬᠢᠯᠡᠭᠦᠯᠦᠭᠰᠡᠨ ᠪᠢᠰᠢᠦ ? ᠴᠢ ᠶᠠᠭᠤᠨ ᠳ᠋ᠤ᠌ ᠥᠪᠡᠷ ᠦ᠋ᠨ ᠳᠤᠷᠠᠲᠠᠢ ᠵᠦᠢᠯ ᠢ᠋ᠶ᠋ᠡᠨ ᠠᠪᠴᠤ ᠬᠡᠷᠡᠭᠯᠡᠬᠦ ᠦᠭᠡᠢ ᠪᠣᠢ ? 》 ᠬᠡᠮᠡᠪᠡᠰᠦ ᠪᠠᠶᠠᠨ ᠬᠤᠲᠤᠭ ᠬᠠᠲᠤᠨ ᠥᠴᠢᠷᠦᠨ ᠄ 《 ᠣᠷᠳᠣᠨ ᠤ᠋ ᠳᠣᠲᠣᠷᠠᠬᠢ ᠵᠠᠷᠤᠯᠭ᠎ᠠ ᠶ᠋ᠢᠨ ᠵᠦᠢᠯ ᠢ᠋ ᠲᠤᠰᠬᠠᠢ ᠬᠥᠮᠦᠨ ᠳ᠋ᠦ᠍ ᠲᠤᠰᠢᠶᠠᠵᠤ ᠬᠠᠷᠢᠭᠤᠴᠠᠭᠤᠯᠤᠭᠰᠠᠨ ᠪᠣᠯᠠᠢ ᠃ ᠮᠢᠨᠦ ᠡᠲᠯᠡᠵᠦ ᠬᠡᠷᠡᠭᠯᠡᠬᠦ ᠴᠢᠬᠤᠯᠠ ᠲᠠᠢ ᠵᠦᠢᠯ ᠢ᠋  ᠲᠡᠭᠦᠨ ᠡᠴᠡ ᠠᠪᠴᠤ ᠵᠠᠷᠤᠮᠤᠢ ᠃ ᠪᠢ ᠬᠡᠷᠪᠡ ᠳᠤᠷ᠎ᠠ ᠵᠣᠷᠢᠭ ᠢ᠋ᠶ᠋ᠠᠷ ᠠᠪᠴᠤ ᠬᠡᠷᠡᠭᠯᠡᠭᠡᠳ ᠪᠦᠷᠢᠯᠭᠡᠨ ᠰᠦᠢᠳᠬᠡᠪᠡᠰᠦ ᠬᠠᠭᠠᠨ ᠤ᠋ ᠨᠡᠷ᠎ᠡ ᠲᠥᠷᠥ ᠳ᠋ᠦ᠍ ᠮᠠᠭᠤ ᠪᠣᠯᠤᠮᠤᠢ 》 ᠬᠡᠮᠡᠪᠡ ᠃ 
      ᠲᠣᠬᠤᠨᠲᠡᠮᠦᠷ ᠬᠠᠭᠠᠨ ᠥᠭᠦᠯᠡᠷᠦᠨ ᠄ 《 ᠲᠠ ᠪᠣᠯ ᠡᠳᠦᠭᠡ ᠶ᠋ᠢᠨ ᠬᠠᠭᠠᠨ ᠤ᠋ ᠨᠢᠭᠡᠳᠦᠭᠡᠷ ᠬᠠᠲᠤᠨ ᠪᠤᠶᠤ ᠃ ᠴᠢᠨᠦ ᠡᠪᠦᠭᠡ ᠳᠡᠭᠡᠳᠦᠰ ᠲᠥᠷᠥ ᠤᠯᠤᠰ ᠢ᠋ ᠪᠠᠢᠭᠤᠯᠬᠤ ᠳ᠋ᠤ᠌ ᠠᠤᠭ᠎ᠠ ᠶᠡᠬᠡ ᠬᠦᠴᠦᠨ ᠵᠢᠳᠬᠦᠯ ᠦᠵᠡᠭᠦᠯᠦᠭᠰᠡᠨ ᠰᠤᠷᠪᠤᠯᠵᠢᠲᠤ ᠤᠭᠰᠠᠭ᠎ᠠ ᠠᠵᠤᠭᠤ ᠃ ᠴᠢᠨᠦ ᠡᠲᠯᠡᠵᠦ ᠬᠡᠷᠡᠭᠯᠡᠬᠦ ᠶ᠋ᠢ ᠬᠡᠨ ᠬᠣᠷᠢᠭᠯᠠᠵᠤ ᠴᠢᠳᠠᠬᠤ ᠪᠣᠢ ᠵ᠎ᠠ 》 ᠬᠡᠮᠡᠬᠦᠶ᠎ᠡ ᠪᠠᠶᠠᠨ ᠬᠤᠲᠤᠭ ᠬᠠᠲᠤᠨ ᠲᠣᠯᠣᠭᠠᠢ ᠰᠠᠵᠢᠵᠤ ᠳᠠᠭᠤᠨ ᠦᠯᠦ ᠭᠠᠷᠬᠤ ᠶ᠋ᠢ ᠲᠣᠬᠤᠨᠲᠡᠮᠦᠷ ᠬᠠᠭᠠᠨ ᠦᠵᠡᠭᠡᠳ ᠨᠡᠩᠳᠡ ᠰᠡᠳᠬᠢᠯ ᠦ᠋ᠨ ᠲᠣᠳᠣᠷᠠᠴᠠ ᠢᠭᠲᠦᠯᠦᠨ ᠪᠢᠰᠢᠷᠡᠪᠡ ᠃
      ᠪᠠᠶᠠᠨ ᠬᠤᠲᠤᠭ ᠬᠠᠲᠤᠨ ᠠ᠋ᠴᠠ ᠨᠢᠭᠡ ᠬᠥᠪᠡᠭᠦᠨ ᠲᠥᠷᠥᠭᠰᠡᠨ ᠪᠣᠯᠪᠠᠴᠤ ᠬᠣᠶᠠᠷ ᠨᠠᠰᠤᠯᠠᠭᠠᠳ ᠡᠪᠡᠳᠴᠢᠨ ᠢ᠋ᠶ᠋ᠡᠷ ᠦᠬᠦᠪᠡ ᠃ ᠪᠠᠶᠠᠨ ᠬᠤᠲᠤᠭ ᠬᠠᠲᠤᠨ  ᠡᠭᠦᠨ ᠡᠴᠡ ᠪᠣᠯᠵᠤ ᠰᠡᠳᠬᠢᠯ ᠵᠣᠪᠠᠭᠰᠠᠭᠠᠷ ᠪᠠᠢᠭᠠᠳ ᠪᠠᠰᠠ ᠨᠠᠰᠤ ᠪᠠᠷᠠᠵᠠᠢ ᠃ 
      ᠲᠣᠬᠤᠨᠲᠡᠮᠦᠷ ᠬᠠᠭᠠᠨ ᠤ᠋ ᠭᠤᠷᠪᠠᠳᠤᠭᠠᠷ ᠬᠠᠲᠤᠨ ᠪᠣᠯᠪᠠᠰᠤ ᠴᠢ᠊ ᠣᠪᠣᠭᠲᠤ ᠰᠣᠯᠣᠩᠭᠣᠰ ᠵᠠᠷᠤᠴᠠ ᠥᠬᠢᠨ ᠠᠵᠤᠭᠤ ᠃ ᠨᠡᠷ᠎ᠡ ᠶ᠋ᠢ ᠥᠯᠵᠡᠢ ᠬᠤᠲᠤᠭ ᠬᠡᠮᠡᠮᠦᠢ ᠃ ᠲᠡᠷᠡ ᠤᠭ ᠲᠤ᠌ ᠪᠠᠨ ᠣᠷᠳᠣᠨ ᠤ᠋ ᠳᠣᠲᠣᠷᠠᠬᠢ ᠬᠠᠭᠠᠨ ᠤ᠋ ᠴᠠᠢ ᠴᠠᠪ ᠢ᠋ ᠬᠠᠮᠢᠶᠠᠷᠳᠠᠭ ᠵᠠᠷᠤᠴᠠ ᠥᠬᠢᠨ ᠪᠠᠢᠵᠠᠢ ᠃ ᠣᠷᠳᠣᠨ ᠤ᠋ ᠳᠣᠲᠣᠷᠠᠬᠢ ᠲᠠᠢᠭᠠᠨ ᠲᠦᠰᠢᠮᠡᠯ ᠲᠦᠮᠡᠨᠳᠠᠷ᠎ᠠ ᠂ ᠶᠤᠸᠠᠨ ᠲᠦᠩ ᠦ᠋ᠨ ᠣᠨ ᠳ᠋ᠤ᠌ ᠴᠢ᠊ ᠣᠪᠣᠭᠲᠤ ᠰᠣᠯᠣᠩᠭᠣᠰ ᠥᠬᠢᠨ ᠢ᠋ ᠬᠠᠭᠠᠨ ᠤ᠋ ᠳᠣᠲᠣᠭᠠᠳᠤ ᠣᠷᠳᠣᠨ ᠳ᠋ᠤ᠌ ᠬᠦᠷᠭᠡᠵᠦ ᠥᠭᠴᠡᠢ ᠃ ᠡᠨᠡ ᠥᠬᠢᠨ ᠦ᠌ ᠲᠥᠷᠥᠭᠰᠡᠨ ᠪᠠᠢᠳᠠᠯ ᠠᠨᠤ ᠂ ᠭᠦᠢᠯᠡᠰᠦᠨ ᠴᠥᠮ᠎ᠡ ᠮᠡᠲᠦ ᠴᠢᠷᠠᠢ ᠲᠠᠢ ᠂ ᠲᠣᠭᠣᠷ ᠤ᠋ᠨ ᠴᠡᠴᠡᠭ ᠮᠡᠲᠦ ᠬᠠᠴᠠᠷ ᠲᠠᠢ ᠂ ᠤᠳᠠ ᠶ᠋ᠢᠨ ᠨᠠᠢᠯᠵᠠᠭᠤᠷ ᠮᠡᠲᠦ ᠪᠡᠶ᠎ᠡ ᠲᠡᠢ ᠂ ᠵᠥᠭᠡᠢ ᠶ᠋ᠢᠨ ᠨᠢᠷᠤᠭᠤ ᠂ ᠱᠤᠪᠲᠤᠩ ᠮᠥᠷᠥ ᠂ ᠢᠷᠠᠯᠵᠠᠨ ᠢᠨᠢᠶᠡᠪᠡᠰᠦ ᠬᠥᠮᠦᠨ ᠦ᠌ ᠰᠦᠨᠡᠰᠦᠨ ᠢ᠋ ᠰᠠᠷᠨᠢᠭᠤᠯᠤᠮᠠᠷ ᠭᠤᠸ᠎ᠠ ᠰᠠᠢᠬᠠᠨ ᠪᠥᠭᠡᠳ ᠴᠣᠪᠣᠭᠣ ᠰᠡᠷᠭᠦᠯᠡᠩ ᠂ ᠳᠠᠭᠤᠤ ᠪᠥᠵᠢᠭ ᠲᠦ᠍ ᠠᠪᠢᠶᠠᠰ ᠲᠠᠢ ᠃ ᠲᠣᠬᠤᠨᠲᠡᠮᠦᠷ ᠬᠠᠭᠠᠨ ᠦᠵᠡᠩᠭᠦᠲᠡ ᠲᠣᠭᠣᠭᠠᠳ ᠡᠳᠦᠷ ᠦ᠋ᠨ ᠪᠣᠳᠣᠯ ᠰᠥᠨᠢ ᠶ᠋ᠢᠨ ᠵᠡᠭᠦᠳᠦᠨ ᠡᠴᠡ ᠰᠠᠯᠳᠠᠭ ᠦᠭᠡᠢ ᠢᠨᠠᠭ ᠳᠣᠲᠣᠨᠣ ᠪᠣᠯᠵᠠᠢ ᠃ 
      ᠳ᠋ᠠᠨᠠᠰᠢᠷᠢ ᠬᠠᠲᠤᠨ ᠦᠬᠦᠭᠰᠡᠨ ᠦ᠌ ᠬᠣᠢᠨ᠎ᠠ ᠲᠣᠬᠤᠨᠲᠡᠮᠦᠷ ᠬᠠᠭᠠᠨ ᠢ᠋ᠶ᠋ᠠᠷ ᠥᠯᠵᠡᠢ ᠬᠤᠲᠤᠭ ᠢ᠋ ᠬᠠᠲᠤᠨ ᠡᠷᠭᠦᠮᠵᠢᠯᠡᠬᠦ ᠭᠡᠪᠡ ᠃ ᠪᠠᠶᠠᠨ ᠴᠢᠩᠰᠠᠩ ᠬᠣᠷᠢᠭᠯᠠᠨ ᠥᠭᠦᠯᠡᠷᠦᠨ ᠄ 《 ᠥᠯᠵᠡᠢ ᠬᠤᠲᠤᠭ ᠪᠣᠯᠪᠠᠰᠤ ᠳᠣᠣᠷᠠᠲᠤ ᠭᠠᠷᠤᠯ ᠲᠠᠢ ᠂ ᠰᠣᠯᠣᠩᠭᠣᠰ ᠥᠬᠢᠨ ᠪᠤᠶᠤ ᠃ ᠡᠷᠲᠡ ᠦᠶ᠎ᠡ ᠳ᠋ᠦ᠍ ᠬᠤᠪᠢᠯᠠᠢ ᠰᠡᠴᠡᠨ ᠬᠠᠭᠠᠨ ᠢ᠋ᠶ᠋ᠠᠷ ᠰᠣᠯᠣᠩᠭᠣᠰ ᠥᠬᠢᠨ ᠢ᠋ ᠬᠠᠭᠠᠨ ᠣᠷᠳᠣᠨ ᠳ᠋ᠤ᠌ ᠣᠷᠣᠭᠤᠯᠵᠤ ᠦᠯᠦ ᠪᠣᠯᠬᠤ ; ᠮᠣᠩᠭᠣᠯ ᠬᠠᠭᠠᠳ ᠰᠣᠯᠣᠩᠭᠣᠰ ᠥᠬᠢᠨ ᠢ᠋ ᠬᠠᠲᠤᠨ ᠪᠣᠯᠭᠠᠵᠤ ᠦᠯᠦ ᠪᠣᠯᠬᠤ ᠭᠡᠮᠡᠨ ᠲᠣᠳᠣᠷᠬᠠᠢ ᠲᠣᠭᠲᠠᠭᠠᠭᠰᠠᠨ ᠪᠣᠯᠠᠢ 》 ᠬᠡᠮᠡᠪᠡ ᠃ 
       ᠲᠤᠬᠤᠨᠳᠡᠮᠤᠷ ᠬᠠᠭᠠᠨ ᠰᠠᠭᠤᠷᠢᠨ ᠳ᠋ᠤ᠌ ᠰᠠᠭᠤᠭᠰᠠᠨ ᠠᠩᠬᠠᠨ ᠤ᠋ ᠦᠶ᠎ᠡ ᠳ᠋ᠦ᠍ ᠵᠠᠰᠠᠭ ᠲᠥᠷᠥ ᠶ᠋ᠢ ᠰᠢᠨᠡᠳᠬᠡᠨ ᠳᠡᠭᠡᠳᠦᠰ ᠦ᠋ᠨ ᠦᠢᠯᠡᠰ ᠢ᠋ ᠰᠡᠷᠭᠦᠭᠡᠨ ᠮᠠᠨᠳᠤᠭᠤᠯᠬᠤ ᠪᠠᠷ ᠬᠦᠴᠦᠯᠡᠨ ᠴᠢᠷᠮᠠᠢᠵᠤ ᠪᠠᠢᠭᠰᠠᠨ ᠲᠤᠯᠠ ᠪᠠᠶᠠᠨ ᠴᠢᠩᠰᠠᠩ ᠤ᠋ᠨ ᠢᠳᠬᠠᠯ ᠢ᠋ ᠰᠣᠨᠣᠰᠴᠤ ᠥᠯᠵᠡᠢ ᠬᠤᠲᠤᠭ ᠢ᠋ ᠬᠤᠸᠠᠩᠬᠡᠦ ᠡᠷᠭᠦᠮᠵᠢᠯᠡᠭᠰᠡᠨ ᠦᠭᠡᠢ᠃  
        ᡁᠢ ᠶᠤᠸᠠᠨ ᠤ᠋ ᠵᠢᠷᠭᠤᠳᠤᠭᠠᠷ ᠣᠨ (1340 ᠣᠨ ) ᠤ᠋ ᠬᠣᠶᠠᠳᠤᠭᠠᠷ ᠰᠠᠷ᠎ᠠ ᠳ᠋ᠤ᠌ ᠪᠠᠶᠠᠨ ᠤ᠋ ᠵᠡᠷᠭᠡ ᠲᠤᠰᠢᠶᠠᠯ ᠢ᠋ ᠬᠠᠰᠤᠵᠤ ᠾᠧᠨᠠᠨ ᠳ᠋ᠤ᠌ ᠬᠥᠭᠡᠭᠡᠵᠦ ᠶᠠᠪᠤᠭᠤᠯᠪᠠ᠃ ᠭᠤᠷᠪᠠᠳᠤᠭᠠᠷ ᠰᠠᠷ᠎ᠠ ᠳ᠋ᠤ᠌ ᠲᠡᠭᠦᠨ ᠢ᠋ ᠶᠦᠨᠨᠠᠨ ᠳ᠋ᠤ᠌ ᠴᠦᠯᠡᠵᠦ ᠶᠠᠪᠤᠭᠤᠯᠤᠭᠠᠳ ᠵᠠᠮ ᠵᠠᠭᠤᠷ᠎ᠠ ᠪᠠᠶᠠᠨ᠂ ᠯᠦᠩᠰᠢᠩ ᠴᠥᠯᠭᠡ ᠶ᠋ᠢᠨ ᠥᠷᠲᠡᠭᠡᠨ ᠦ᠌ ᠭᠠᠵᠠᠷ ᠪᠡᠶ᠎ᠡ ᠪᠣᠰᠨᠢᠵᠤ᠂ ᠥᠯᠵᠡᠢ ᠬᠤᠲᠤᠭ ᠤ᠋ᠨ ᠬᠠᠭᠠᠨ ᠤ᠋ ᠬᠠᠲᠤᠨ ᠪᠣᠯᠬᠤ ᠭᠡᠮᠡᠨ ᠰᠠᠨᠠᠭᠰᠠᠨ ᠬᠡᠷᠡᠭ ᠰᠡᠳᠬᠢᠯᠴᠢᠯᠡᠨ ᠪᠦᠲᠦᠪᠡ᠃     ᠲᠡᠳᠦᠢ ᠳ᠋ᠦ᠍ᠷ ᠲᠣᠬᠣᠨᠳᠡᠮᠤᠷ ᠬᠠᠭᠠᠨ ᠪᠣᠯᠤᠨ ᠴᠢ‍ ᠣᠪᠣᠭᠲᠤ ᠰᠣᠯᠣᠩᠭᠣᠰ ᠥᠬᠢᠨ ᠡᠴᠡ ᠨᠢᠭᠡᠨ ᠬᠥᠪᠡᠭᠦᠨ ᠲᠥᠷᠥᠭᠡᠳ ᠪᠠᠢᠵᠠᠢ᠃ ᠨᠡᠷ᠎ᠡ ᠶ᠋ᠢ ᠠᠶᠤᠰᠢᠷᠢᠳᠠᠷᠠ ᠬᠡᠮᠡᠮᠦᠢ᠃ ᠡᠭᠦᠨ ᠡᠴᠡ ᠪᠣᠯᠵᠤ ᠲᠡᠭᠦᠨ ᠢ᠋ ᠬᠤᠸᠠᠩᠬᠡᠦ ᠡᠷᠭᠦᠮᠵᠢᠯᠡᠪᠡ᠃
       ᠬᠥᠮᠦᠨ ᠦ᠌ ᠰᠡᠳᠬᠢᠯ ᠬᠡᠮᠡᠭᠴᠢ ᠬᠠᠨᠤᠰᠢ ᠦᠭᠡᠢ ᠠᠵᠤᠭᠤ᠃ ᠥᠯᠵᠡᠢ ᠬᠤᠲᠤᠭ ᠢ᠋ᠶ᠋ᠠᠷ ᠬᠠᠭᠠᠨ ᠤ᠋ ᠬᠠᠲᠤᠨ ( ᠬᠤᠸᠠᠩᠬᠡᠦ )ᠡᠷᠭᠦᠮᠵᠢᠯᠡᠭᠳᠡᠭᠰᠡᠨ ᠦ᠌ ᠬᠣᠢᠨ᠎ᠠ ᠨᠡᠩ ᠶᠡᠬᠡ ᠪᠠᠢᠷᠢ ᠰᠠᠭᠤᠷᠢ ᠲᠠᠢ ᠪᠣᠯᠬᠤ ᠶ᠋ᠢ ᠰᠠᠨᠠᠵᠤ᠂ ᠣᠷᠳᠣᠨ ᠤ᠋ ᠳᠣᠲᠣᠷᠠᠬᠢ ᠰᠠᠢᠳ ᠲᠦᠰᠢᠮᠡᠳ ᠪᠣᠯᠤᠨ ᠮᠣᠩᠭᠣᠯ ᠤ᠋ᠨ ᠢᠵᠠᠭᠤᠷᠲᠠᠨ ᠨᠣᠶᠠᠳ ᠢ᠋ ᠪᠡᠶ᠎ᠡ ᠳ᠋ᠦ᠍ ᠪᠡᠨ ᠲᠠᠲᠠᠪᠠ᠃
       ᠰᠣᠯᠣᠩᠭᠣᠰ ᠪᠣᠯ ᠶᠤᠸᠠᠨ ᠤᠯᠤᠰ ᠤ᠋ᠨ ᠬᠠᠷᠢᠶᠠᠲᠤ ᠤᠯᠤᠰ ᠪᠣᠯᠬᠤ ᠲᠤᠯᠠ ᠵᠢᠯ ᠪᠦᠷᠢ ᠬᠠᠭᠠᠨ ᠤ᠋ ᠣᠷᠳᠣᠨ ᠳ᠋ᠤ᠌ ᠵᠠᠯᠠᠭᠤ ᠭᠤᠸ᠎ᠠ ᠥᠬᠢᠳ ᠢ᠋ ᠬᠦᠷᠭᠡᠨ ᠢᠷᠡᠵᠦ ᠵᠠᠷᠤᠴᠠ ᠰᠢᠪᠡᠭᠴᠢᠨ ᠪᠣᠯᠭᠠᠳᠠᠭ ᠪᠠᠢᠵᠠᠢ᠃ ᠲᠡᠳᠦᠢ ᠳ᠋ᠦ᠍ᠷ ᠮᠣᠩᠭᠣᠯ ᠤ᠋ᠨ ᠢᠵᠠᠭᠤᠷᠲᠠᠨ ᠨᠣᠶᠠᠳ ᠤ᠋ᠨ ᠭᠡᠷ ᠲᠦ᠍ ᠰᠣᠯᠣᠩᠭᠣᠰ ᠥᠬᠢᠨ ᠵᠠᠷᠤᠴᠠ ᠰᠢᠪᠡᠭᠴᠢᠨ ᠦᠭᠡᠢ ᠪᠣᠯ ᠪᠤᠰᠤᠳ ᠤ᠋ᠨ ᠡᠯᠡᠭ ᠪᠣᠯᠳᠠᠭ ᠬᠡᠪ ᠵᠠᠩᠰᠢᠯ ᠥᠷᠨᠢᠪᠡ᠃ ᠠᠩᠬ᠎ᠠ ᠡᠬᠢᠯᠡᠭᠡᠳ ᠭᠡᠷ ᠵᠠᠭᠤᠷ᠎ᠠ ᠪᠠᠨ ᠵᠠᠷᠤᠴᠠᠯᠠᠵᠤ ᠪᠠᠢᠵᠠᠢ᠃ ᠶᠠᠪᠤᠨ ᠶᠠᠪᠤᠭᠰᠠᠭᠠᠷ ᠮᠣᠩᠭᠣᠯ ᠰᠠᠢᠳ ᠲᠦᠰᠢᠮᠡᠳ ᠰᠣᠯᠣᠩᠭᠣᠰ ᠥᠬᠢᠳ ᠢ᠋ ᠲᠠᠲᠠᠪᠤᠷᠢ ᠪᠣᠯᠭᠠᠨ ᠤᠷᠤᠭᠯᠠᠵᠤ  ᠡᠬᠢᠯᠡᠪᠡ ᠃ ᠡᠨᠡ ᠶᠠᠪᠤᠴᠠ ᠳ᠋ᠤ᠌ ᠥᠯᠵᠡᠢ ᠬᠤᠲᠤᠭ ᠬᠠᠲᠤᠨ ᠮᠠᠰᠢ ᠶᠡᠬᠡ ᠦᠢᠯᠡᠳᠦᠯ ᠭᠠᠷᠭᠠᠪᠠ᠃ ᠡᠢᠨ ᠬᠦ᠌ ᠮᠣᠩᠭᠣᠯ  ᠢᠵᠠᠭᠤᠷᠲᠠᠨ ᠨᠣᠶᠠᠳ ᠥᠯᠵᠡᠢ ᠬᠤᠲᠤᠭ ᠬᠠᠲᠤᠨ ᠢ᠋ ᠥᠭᠡᠷ᠎ᠡ ᠨᠢᠭᠡ ᠡᠭᠡᠯᠢᠲᠡᠢ ᠬᠠᠷᠠᠴᠠ ᠪᠠᠷ ᠬᠠᠷᠠᠳᠠᠭ ᠪᠣᠯᠪᠠ ᠃
       ᠥᠯᠵᠡᠢ ᠬᠤᠲᠤᠭ ᠬᠠᠲᠤᠨ ᠪᠣᠯ ᠳᠣᠣᠷᠠᠲᠤ ᠶᠠᠳᠠᠭᠤ ᠭᠠᠷᠤᠯᠲᠠᠢ ᠲᠤᠯᠠ ᠡᠩ ᠦ᠋ᠨ ᠴᠠᠭ ᠲᠤ᠌ ᠣᠯᠠᠨ ᠤ᠋ ᠬᠦᠷᠢᠶᠡᠯᠡᠯ ᠢ᠋ ᠣᠯᠬᠤ ᠶ᠋ᠢᠨ ᠲᠥᠯᠥᠭᠡ ᠳᠠᠷᠤᠤ ᠨᠣᠮᠣᠬᠠᠨ ᠮᠡᠷᠭᠡᠨ ᠪᠣᠯᠪᠰᠤᠨ ᠢ᠋ᠶ᠋ᠠᠷ ᠣᠪᠯᠠᠨ ᠠᠭᠠᠰᠢᠯᠠᠳᠠᠭ ᠪᠥᠯᠥᠭᠡ ᠃ ᠲᠡᠷᠡ ᠨᠢᠭᠡ ᠲᠠᠯ᠎ᠠ ᠪᠠᠷ ᠬᠥᠪᠡᠭᠦᠨ ᠠᠶᠤᠰᠢᠷᠢᠲᠠᠷᠨ ᠢ᠋ ᠨᠠᠷᠢᠨ ᠬᠢᠨᠠᠮᠠᠭᠠᠢ ᠠᠰᠠᠷᠠᠨ ᠬᠥᠮᠦᠵᠢᠭᠦᠯᠬᠦ ᠶ᠋ᠢᠨ ᠳᠠᠭᠠᠤ ᠲᠡᠦᠬᠡᠨ ᠳᠡᠭᠡᠷᠡᠬᠢ ᠠᠴᠢᠯᠠᠯᠲᠤ ᠥᠬᠢᠨ ᠮᠡᠷᠭᠡᠨ ᠬᠠᠲᠤᠳ ᠤ᠋ᠨ ᠪᠢᠴᠢᠭ ᠰᠤᠳᠤᠷ ᠢ᠋ ᠤᠩᠰᠢᠵᠤ ᠥᠩᠭᠡᠷᠡᠭᠰᠡᠨ ᠦᠶ᠎ᠡ ᠶ᠋ᠢᠨ ᠡᠷᠳᠡᠮ ᠮᠡᠳᠡᠯᠭᠡ ᠪᠦᠬᠦᠢ ᠭᠡᠭᠡᠨ ᠰᠡᠴᠡᠨ ᠬᠠᠲᠤᠳ ᠢ᠋ᠶ᠋ᠠᠷ ᠦᠯᠢᠭᠡᠷ ᠳᠠᠭᠤᠷᠢᠶᠠᠯ ᠪᠤᠯᠠᠭᠠᠮᠤᠢ ᠭᠡᠮᠡᠨ ᠪᠤᠰᠤᠳ ᠲᠤᠷ ᠦᠷᠭᠦᠯᠵᠢ ᠶᠠᠷᠢᠳᠠᠭ ᠪᠥᠯᠥᠭᠡ ᠃ ᠨᠥᠬᠥᠭᠡ ᠲᠠᠯ᠎ᠠ ᠪᠠᠷ ᠡᠬᠡ ᠡᠴᠢᠭᠡ ᠬᠥᠪᠡᠭᠦᠳ ᠢ᠋ᠶ᠋ᠡᠷ ᠢ᠋ᠶ᠋ᠡᠨ ᠡᠷᠬᠢᠮᠯᠡᠭᠳᠡᠮᠦᠢ ᠬᠡᠮᠡᠬᠦ ᠹᠧᠣᠳᠠᠯ ᠣᠨ ᠨᠡᠢᠭᠡᠮ ᠦ᠋ᠨ ᠤᠯᠠᠮᠵᠢᠯᠠᠯᠲᠤ ᠣᠢᠯᠠᠭᠠᠭᠲᠠᠬᠠᠳ ᠢ᠋ ᠠᠰᠢᠭᠯᠠᠵᠤ ᠂ ᠬᠥᠪᠡᠭᠦᠳ ᠠᠶᠤᠰᠢᠷᠢᠲᠠᠷᠨ ᠢ᠋ ᠡᠷᠲᠡ ᠡᠳᠦᠷ ᠲᠠᠢᠽᠢ ᠡᠷᠭᠦᠮᠵᠢᠯᠡᠵᠦ ᠬᠠᠭᠠᠨ ᠤ᠋ ᠵᠠᠯᠭᠠᠮᠵᠢᠯᠠᠭᠴᠢ ᠪᠣᠯᠭᠠᠬᠤ ᠪᠠᠷ ᠢᠳᠡᠪᠬᠢᠲᠡᠢ ᠠᠵᠢᠯᠯᠠᠭ᠎ᠠ ᠬᠢᠪᠡ᠃      ᠥᠯᠵᠡᠢ ᠬᠤᠲᠤᠭ ᠬᠠᠲᠤᠨ ᠪᠣᠯ ᠰᠠᠢᠨ ᠰᠠᠨᠠᠭ᠎ᠠ ᠴᠠᠢᠯᠭᠠᠨ ᠰᠡᠳᠬᠢᠯᠲᠦ ᠬᠥᠮᠦᠨ ᠠᠵᠤᠭᠤ᠃ ᠬᠠᠭᠠᠨ ᠤ᠋ ᠣᠷᠳᠣᠨ ᠳ᠋ᠤ᠌ ᠬᠦᠷᠭᠡᠵᠦ ᠢᠷᠡᠭᠰᠡᠨ ᠠᠯᠢᠪᠠ ᠬᠣᠪᠣᠷ ᠠᠮᠲᠠ ᠲᠠᠢ ᠵᠦᠢᠯ ᠢ᠋ ᠤᠷᠢᠳᠠ ᠪᠠᠷ ᠳᠡᠭᠡᠳᠦᠰ ᠦ᠋ᠨ ᠲᠠᠬᠢᠯᠭ᠎ᠠ ᠶ᠋ᠢᠨ ᠰᠦᠮ᠎ᠡ ᠳ᠋ᠦ᠍ ᠡᠷᠭᠦᠵᠦ ᠲᠠᠪᠢᠭᠯᠠᠳᠠᠭ ᠃ ᠲᠡᠷᠡ ᠶᠡᠷᠦ ᠳ᠋ᠦ᠍ ᠪᠡᠨ ᠦᠭᠡᠭᠦᠦ ᠶᠠᠳᠠᠭᠤᠴᠤᠳ ᠢ᠋ ᠦᠷᠦ ᠡᠪᠡᠳᠴᠦ ᠥᠯᠥᠰᠬᠦᠯᠡᠩ ᠭᠠᠴᠢᠭ ᠲᠣᠬᠢᠶᠠᠯᠳᠤᠪᠠᠯ ᠨᠡᠢᠰᠯᠡᠯ ᠦ᠋ᠨ ᠨᠣᠶᠠᠳ ᠲᠦᠰᠢᠮᠡᠳ ᠢ᠋ ᠵᠠᠬᠢᠵᠤ ᠭᠠᠴᠢᠭᠳᠠᠭᠰᠠᠨ ᠠᠷᠠᠳ ᠲᠤ᠌ ᠬᠣᠭᠣᠯᠠ ᠤᠮᠳᠠ ᠲᠦᠭᠡᠭᠡᠳᠡᠭ ᠪᠠᠢᠪᠠ ᠃ ᠲᠡᠷᠡ ᠪᠠᠰᠠ ᠥᠪᠡᠷ ᠢ᠋ᠶ᠋ᠡᠨ ᠬᠡᠪ ᠳᠦᠷᠢᠮ ᠦᠵᠡᠭᠦᠯᠵᠦ ᠰᠤᠯᠠ ᠵᠠᠷᠤᠬᠤ ᠡᠳ᠋ ᠮᠥᠩᠭᠥ ᠪᠡᠨ ᠠᠷᠪᠢᠯᠠᠨ ᠦᠬᠦᠵᠦ ᠤᠨᠠᠭᠰᠠᠨ ᠬᠥᠮᠦᠰ ᠦ᠋ᠨ ᠨᠢᠳᠦᠨ ᠡᠮᠦᠨᠡᠬᠢ ᠪᠠᠴᠢᠮ ᠬᠡᠷᠡᠭᠴᠡᠭᠡ ᠶ᠋ᠢ ᠬᠠᠩᠭᠠᠳᠠᠭ ᠪᠥᠯᠥᠭᠡ᠃ ᠨᠢᠭᠡ ᠤᠳᠠᠭ᠎ᠠ ᠨᠡᠢᠰᠯᠡᠯ ᠦ᠋ᠨ ᠲᠡᠭᠦᠷᠭᠡ ᠳ᠋ᠦ᠍ ᠠᠶᠤᠯ ᠭᠠᠮᠰᠢᠭ ᠠ᠋ᠴᠠ ᠪᠣᠯᠵᠤ᠂ ᠬᠡᠳᠦᠨ ᠲᠦᠮᠡᠨ ᠬᠥᠮᠦᠨ ᠦᠬᠦᠭᠰᠡᠨ ᠳ᠋ᠦ᠍ ᠥᠯᠵᠡᠢ ᠬᠤᠲᠤᠭ ᠬᠠᠲᠤᠨ ᠬᠠᠭᠠᠨ ᠳ᠋ᠤᠷ ᠠᠢᠯᠠᠳᠬᠠᠵᠤ ᠂ ᠤᠯᠤᠰ ᠤ᠋ᠨ ᠬᠥᠮᠥᠷᠭᠡ᠎ᠡᠴᠡ ᠳᠣᠯᠣᠭᠠᠨ ᠮᠢᠩᠭᠠᠨ ᠰᠦᠬᠡ ( ᠳ᠋ᠢᠩ ) ᠣᠷᠣᠰᠢᠭᠤᠯᠭ᠎ᠠ ᠶ᠋ᠢᠨ ᠵᠠᠷᠤᠳᠠᠯ ᠮᠥᠩᠭᠥ ᠠᠪᠴᠤ ᠵᠠᠰᠠᠭ ᠲᠤᠷ ᠲᠤᠰᠠᠯᠠᠬᠤ ᠬᠣᠷᠢᠶ᠎ᠠ ᠶ᠋ᠢᠨ ᠲᠦᠰᠢᠮᠡᠯ ᠫᠢᠶᠣᠣ ᠪᠤᠬ᠎ᠠ ᠪᠠᠷ ᠦᠬᠦᠭᠰᠡᠳ ᠦ᠋ᠨ ᠣᠷᠣᠰᠢᠭᠤᠯᠬᠤ ᠠᠵᠢᠯ ᠢ᠋ ᠬᠠᠷᠢᠭᠤᠴᠠᠭᠤᠯᠤᠨ ᠬᠢᠯᠭᠡᠪᠡ ᠃ ᠲᠡᠷᠡ ᠥᠪᠡᠷ ᠢ᠋ᠶ᠋ᠡᠨ ᠶᠡᠬᠡ ᠨᠢᠭᠦᠯᠡᠰᠬᠦᠢ ᠰᠦᠮ᠎ᠡ ᠳ᠋ᠦ᠍ ᠬᠦᠷᠴᠦ ᠭᠤᠷᠪᠠᠨ ᠰᠥᠨᠢ ᠭᠤᠷᠪᠠᠨ ᠡᠳᠦᠷ ᠨᠣᠮ ᠤᠩᠰᠢᠭᠤᠯᠤᠨ ᠦᠬᠦᠭᠰᠡᠳ ᠦ᠋ᠨ ᠰᠦᠨᠡᠰᠦ ᠮᠥᠷ ᠢ᠋ ᠵᠢᠭᠠᠵᠤ ᠳᠠᠭᠠᠳᠬᠠᠪᠠ ᠃
       ᠥᠯᠵᠡᠢ ᠬᠤᠲᠤᠭ ᠬᠠᠲᠤᠨ ᠪᠠᠰᠠ ᠤᠬᠠᠭᠠᠨ ᠪᠣᠳᠣᠯᠭ᠎ᠠ ᠲᠠᠢ ᠬᠥᠮᠦᠨ ᠠᠵᠤᠭᠤ ᠃ ᠲᠡᠷᠡ ᠂ ᠲᠣᠬᠣᠨᠳᠡᠮᠤᠷ ᠬᠠᠭᠠᠨ ᠤ᠋ ᠴᠢᠩᠰᠠᠩ ᠲᠣᠭᠲᠤᠭ᠎ᠠ ᠶ᠋ᠢ ᠲᠤᠢᠯ ᠢ᠋ᠶ᠋ᠠᠷ ᠢᠲᠡᠭᠡᠵᠦ ᠨᠠᠢᠳᠠᠬᠤ ᠶ᠋ᠢ ᠦᠵᠡᠭᠡᠳ ᠲᠣᠭᠲᠤᠭ᠎ᠠ ᠯᠤᠭ᠎ᠠ ᠵᠣᠷᠢᠭᠤᠳᠠ ᠣᠢᠷᠠᠲᠤᠨ ᠠᠶᠤᠰᠢᠷᠢᠳᠠᠷᠠ ᠶ᠋ᠢ ᠲᠣᠭᠲᠤᠭ᠎ᠠ ᠴᠢᠩᠰᠠᠩ ᠤ᠋ᠨ ᠭᠡᠷ ᠲᠦ᠍ ᠬᠦᠷᠭᠡᠵᠦ ᠲᠡᠵᠢᠭᠡᠯᠭᠡᠪᠡ ᠃ ᠲᠣᠭᠲᠤᠭ᠎ᠠ ᠡᠴᠢᠭᠡ ᠪᠡᠨ ᠳᠠᠭᠠᠵᠤ ᠭᠠᠨᠵᠸᠤ ᠳ᠋ᠤ᠌ ᠶᠠᠪᠤᠭᠰᠠᠨ ᠳ᠋ᠤ᠌ ᠲᠡᠭᠦᠨ ᠦ᠌ ᠬᠥᠪᠡᠭᠦᠨ ᠬᠠᠷᠠᠵᠠᠩ ᠢ᠋ ᠣᠷᠳᠣᠨ ᠤ᠋ ᠳᠣᠲᠣᠷ᠎ᠠ ᠬᠣᠴᠣᠷᠭᠠᠨ ᠠᠪᠤᠭᠠᠳ ᠬᠠᠭᠠᠨ ᠬᠥᠪᠡᠭᠦᠨ ᠠᠶᠤᠰᠢᠷᠢᠳᠠᠷᠠ ᠯᠤᠭ᠎ᠠ ᠬᠠᠮᠲᠤ ᠲᠣᠭᠯᠠᠭᠤᠯᠪᠠ ᠃
       ᠨᠢᠭᠡᠨ ᠡᠳᠦᠷ ᠠᠶᠤᠰᠢᠷᠢᠳᠠᠷᠠ ᠂ ᠬᠠᠷᠠᠵᠠᠩ ᠢ᠋ ᠳᠥᠷᠪᠡᠨ ᠮᠥᠴᠢᠯᠡᠭᠦᠯᠦᠨ ᠰᠥᠭᠥᠳᠬᠡᠵᠦ ᠮᠣᠷᠢ ᠤᠨᠤᠵᠤ ᠲᠣᠭᠯᠠᠪᠠ ᠃ ᠲᠡᠷᠡ ᠬᠠᠷᠠᠵᠠᠩ ᠤ᠋ᠨ ᠨᠢᠷᠤᠭᠤᠨ ᠳᠡᠭᠡᠷ᠎ᠡ ᠤᠨᠤᠵᠤ ᠭᠤᠷᠪᠠᠨᠲᠠ ᠲᠣᠭᠣᠷᠢᠨ ᠮᠥᠯᠬᠥᠭᠦᠯᠵᠦ ᠂ ᠳᠠᠬᠢᠭᠠᠳ ᠥᠪᠡᠷ ᠢ᠋ᠶ᠋ᠡᠨ ᠳᠥᠷᠪᠡᠨ ᠮᠥᠴᠢᠯᠡᠵᠦ ᠬᠠᠷᠠᠵᠠᠩ ᠢ᠋ ᠨᠢᠷᠤᠭᠤᠨ ᠳᠡᠭᠡᠷ᠎ᠡ ᠪᠡᠨ ᠣᠨᠣᠭᠤᠯᠬᠤ ᠬᠡᠮᠡᠬᠦᠶ᠎ᠡ ᠬᠠᠷᠠᠵᠠᠩ ᠠᠶᠤᠮᠰᠢᠭ ᠦᠭᠡᠢ ᠤᠨᠤᠬᠤ ᠦᠭᠡᠢ ᠥᠭᠦᠯᠡᠷᠦᠨ ᠄ 《 ᠴᠢ ᠪᠣᠯ ᠡᠵᠡᠨ ᠂ ᠪᠢ ᠪᠣᠯ ᠪᠣᠭᠣᠯ ᠂ ᠪᠣᠭᠣᠯ ᠬᠥᠮᠦᠨ ᠡᠵᠡᠨ ᠢ᠋ᠶ᠋ᠡᠨ ᠶᠠᠭᠠᠬᠢᠨ ᠤᠨᠤᠵᠤ ᠪᠣᠯᠬᠤ ᠠᠵᠢ 》 ᠬᠡᠮᠡᠭᠰᠡᠨ ᠳ᠋ᠦ᠍ᠷ ᠠᠶᠤᠰᠢᠷᠢᠳᠠᠷᠠ ᠶᠡᠬᠡᠳᠡ ᠠᠭᠤᠷᠯᠠᠵᠤ ᠬᠠᠷᠠᠵᠠᠩ ᠢ᠋ ᠲᠠᠰᠢᠭᠤᠷᠳᠠᠪᠠ ᠃
       ᠲᠣᠬᠣᠨᠳᠡᠮᠤᠷ ᠬᠠᠭᠠᠨ ᠬᠡᠦᠬᠡᠳ ᠦ᠋ᠨ ᠤᠬᠢᠯᠠᠬᠤ ᠶ᠋ᠢ ᠰᠣᠨᠣᠰᠤᠭᠠᠳ ᠰᠢᠳᠠᠷ ᠲᠦᠰᠢᠮᠡᠳ᠎ᠡᠴᠡ ᠠᠰᠠᠭᠤᠷᠤᠨ ᠄ 《 ᠬᠡᠨ ᠤᠬᠢᠯᠠᠵᠤ ᠪᠠᠢᠬᠤ ᠪᠣᠢ? 》 ᠬᠡᠮᠡᠭᠰᠡᠨ᠎ᠡ ᠄ 
      ᠰᠢᠳᠠᠷ ᠲᠦᠰᠢᠮᠡᠯ ᠠᠢᠯᠠᠳᠬᠠᠷᠤᠨ ᠄ 《 ᠲᠣᠭᠲᠤᠭ᠎ᠠ ᠶ᠋ᠢᠨ ᠬᠦᠦ ᠬᠠᠷᠠᠵᠠᠩ 》 ᠬᠡᠮᠡᠪᠡ ᠃ 
      ᠬᠠᠭᠠᠨ ᠢ᠋ᠶ᠋ᠠᠷ  ᠶᠠᠭᠤᠨ ᠳ᠋ᠤᠷ ᠤᠬᠢᠯᠠᠪᠠ ᠭᠡᠮᠡᠨ ᠠᠰᠠᠭᠤᠪᠠᠰᠤ ᠰᠢᠳᠠᠷ ᠲᠦᠰᠢᠮᠡᠯ ᠥᠨᠥᠬᠢ ᠪᠠᠢᠳᠠᠯ ᠢ᠋ ᠬᠡᠯᠡᠵᠦ ᠦᠭᠭᠦᠭᠰᠡᠨ᠎ᠡ ᠲᠣᠬᠣᠨᠳᠡᠮᠤᠷ  ᠬᠠᠭᠠᠨ ᠮᠠᠰᠢ ᠪᠠᠶᠠᠷᠯᠠᠵᠤ ᠥᠭᠦᠯᠡᠷᠦᠨ ᠄ 《 ᠪᠢᠴᠢᠬᠠᠨ ᠬᠠᠷᠡᠵᠡᠩ ᠶᠣᠰᠣᠲᠠᠢ ᠰᠢᠳᠤᠷᠭᠤ ᠲᠦᠰᠢᠮᠡᠯ ᠦ᠋ᠨ ᠬᠥᠪᠡᠭᠦᠨ ᠪᠠᠢᠨ᠎ᠠ 》 ᠬᠡᠮᠡᠪᠡ ᠃ ᠥᠯᠵᠡᠢ ᠬᠤᠲᠤᠭ ᠬᠠᠲᠤᠨ ᠢ᠋ᠶ᠋ᠠᠷ ᠲᠣᠭᠳᠣᠭ᠎ᠠ ᠶ᠋ᠢ ᠮᠠᠭᠲᠠᠬᠤ ᠶ᠋ᠢ ᠰᠣᠨᠣᠰᠤᠭᠠᠳ ᠬᠠᠷᠡᠵᠡᠩ᠎ᠡᠴᠡ ᠠᠰᠠᠭᠤᠷᠤᠨ ᠄ 《 ᠴᠢ ᠡᠴᠢᠭᠡ ᠪᠡᠨ ᠰᠠᠨᠠᠵᠤ ᠪᠠᠢᠨ᠎ᠠ ᠤᠤ ? 》 ᠬᠡᠮᠡᠪᠡ ᠃ ᠲᠣᠬᠣᠨᠳᠡᠮᠤᠷ ᠬᠠᠭᠠᠨ ᠡᠭᠦᠨ ᠡᠴᠡ ᠪᠣᠯᠵᠤ ᠲᠣᠭᠳᠣᠭ᠎ᠠ ᠶ᠋ᠢᠨ ᠭᠠᠨᠵᠸᠦ ᠳ᠋ᠦ᠍ ᠶᠠᠪᠤᠭᠰᠠᠨ ᠬᠡᠷᠡᠭ ᠢ᠋ ᠰᠠᠨᠠᠵᠤ ᠣᠯᠤᠭᠠᠳ ᠤᠳᠠᠭᠰᠠᠨ ᠦᠭᠡᠢ ᠲᠡᠭᠦᠨ ᠢ᠋ ᠳᠠᠢᠳᠤ ᠳ᠋ᠤ᠌ ᠳᠠᠭᠤᠳᠠᠨ ᠠᠪᠴᠢᠷᠠᠵᠤ ᠳᠠᠬᠢᠭᠠᠳ ᠪᠠᠷᠠᠭᠤᠨ ᠭᠠᠷᠤᠨ ᠴᠢᠩᠰᠠᠩ ᠡᠷᠭᠦᠮᠵᠢᠯᠡᠭᠰᠡᠨ ᠪᠠᠢᠪᠠ ᠃
      ᠥᠯᠵᠡᠢ ᠬᠤᠲᠤᠭ ᠬᠠᠲᠤᠨ ᠲᠣᠭᠳᠣᠭ᠎ᠠ ᠶ᠋ᠢ ᠢᠩᠭᠢᠵᠦ ᠠᠩᠬᠠᠷᠤᠨ ᠬᠠᠷᠠᠭᠠᠯᠵᠠᠭᠰᠠᠨ ᠤᠭ ᠰᠠᠨᠠᠭ᠎ᠠ ᠠᠨᠤ ᠲᠡᠭᠦᠨ ᠦ᠌ ᠡᠷᠬᠡ ᠰᠦᠷ ᠢ᠋ ᠠᠰᠢᠭᠯᠠᠨ ᠬᠥᠪᠡᠭᠦᠨ ᠠᠶᠤᠰᠢᠷᠢᠳᠡᠷᠡ ᠶ᠋ᠢ ᠡᠷᠲᠡ ᠡᠳᠦᠷ ᠬᠠᠭᠠᠨ ᠤ᠋ ᠵᠠᠯᠭᠠᠮᠵᠢᠯᠠᠭᠴᠢ ᠪᠣᠯᠭᠠᠬᠤ ᠶ᠋ᠢ ᠪᠣᠳᠣᠭᠰᠠᠨ ᠪᠤᠶᠤ ᠃
       ᡁᠢ ᠵᠧᠩ ᠦ᠋ᠨ ᠠᠷᠪᠠᠨ ᠭᠤᠷᠪᠠᠳᠤᠭᠠᠷ ᠣᠨ (1353 ᠣᠨ ) ᠳ᠋ᠤ᠌ ᠲᠣᠬᠣᠨᠳᠡᠮᠤᠷ ᠬᠠᠭᠠᠨ ᠢ᠋ᠶ᠋ᠠᠷ ᠠᠶᠤᠰᠢᠷᠢᠳᠡᠷᠡ ᠶ᠋ᠢ ᠬᠣᠩ ᠲᠠᠢᠽᠢ ᠡᠷᠭᠦᠮᠵᠢᠯᠡᠵᠦ ᠂ ᠪᠢᠴᠢᠭ ᠴᠡᠷᠢᠭ ᠦ᠋ᠨ ᠶᠠᠪᠤᠳᠠᠯ ᠢ᠋ ᠶᠡᠷᠦᠩᠬᠡᠢᠯᠡᠨ ᠮᠡᠳᠡᠬᠦ ᠵᠦᠩᠱᠤᠯᠢᠩ ᠤ᠋ᠨ ᠲᠤᠰᠢᠶᠠᠯ ᠳ᠋ᠤ᠌ ᠲᠣᠮᠢᠯᠠᠪᠠ ᠃ ᠡᠨᠡ ᠦᠶ᠎ᠡ ᠳ᠋ᠦ᠍ ᠠᠶᠤᠰᠢᠷᠢᠳᠡᠷᠡ ᠠᠷᠪᠠᠨ ᠲᠠᠪᠤᠲᠠᠢ ᠪᠥᠭᠡᠳ ᠲᠣᠬᠣᠨᠳᠡᠮᠤᠷ ᠬᠠᠭᠠᠨ ᠭᠤᠴᠢᠨ ᠭᠤᠷᠪᠠᠲᠠᠢ ᠪᠠᠢᠵᠠᠢ ᠃ ᠲᠣᠬᠣᠨᠳᠡᠮᠤᠷ ᠬᠠᠭᠠᠨ ᠠ᠋ᠴᠠ ᠡᠮᠦᠨᠡᠬᠢ ᠬᠡᠳᠦᠨ ᠬᠠᠭᠠᠳ ᠪᠦᠷ ᠡᠨᠡ ᠨᠠᠰᠤᠨ ᠳ᠋ᠤ᠌ ᠬᠦᠷᠴᠦ ᠳᠡᠢᠯᠦᠭᠰᠡᠨ ᠦᠭᠡᠢ ᠪᠡᠷ ᠶᠢᠷᠲᠢᠨᠴᠦ ᠶ᠋ᠢᠨ ᠮᠥᠩᠬᠡ ᠪᠤᠰᠤ ᠶ᠋ᠢ ᠦᠵᠡᠵᠦᠬᠦᠢ ᠃ ᠲᠣᠬᠣᠨᠳᠡᠮᠤᠷ ᠬᠠᠭᠠᠨ ᠢ᠋ᠶ᠋ᠠᠷ ᠲᠡᠭᠦᠨ ᠦ᠌ ᠪᠡᠶ᠎ᠡ ᠮᠠᠰᠢ ᠡᠷᠡᠭᠦᠯ ᠲᠡᠩᠬᠡᠯᠡᠭᠦᠨ ᠪᠠᠢᠭ᠎ᠠ ᠨᠢ ᠪᠠᠷᠠᠭᠤᠨ ᠣᠷᠣᠨ ᠤ᠋ ᠤᠪᠠᠳᠢᠰᠲᠤ ᠬᠤᠸᠠᠷᠠᠭ ᠤ᠋ᠨ ᠵᠢᠭᠠᠭᠰᠠᠨ ᠬᠢᠢ ᠸᠴᠢᠷᠲᠦ ᠪᠢᠰᠢᠯᠭᠠᠯ ᠦᠢᠯᠡᠳᠦᠭᠰᠡᠨ ᠦ᠌ ᠠᠴᠢ ᠭᠡᠮᠡᠨ ᠰᠡᠳᠬᠢᠭᠡᠳ ᠡᠳᠦᠷ ᠪᠦᠷᠢ ᠲᠥᠷᠥ ᠶ᠋ᠢᠨ ᠶᠡᠬᠡ ᠬᠡᠷᠡᠭ ᠲᠦ᠍ ᠬᠣᠢᠷᠭᠣᠰᠢᠨ ᠠᠷᠭ᠎ᠠ ᠪᠢᠯᠢᠭ ᠢ᠋ ᠬᠣᠣᠰᠯᠠᠭᠤᠯᠤᠭᠰᠠᠨ ᠪᠢᠰᠢᠯᠭᠠᠯ ᠦᠢᠯᠡᠳᠦᠮᠦᠢ ᠃
       ᠬᠣᠩ ᠲᠠᠢᠽᠢ ᠠᠶᠤᠰᠢᠷᠢᠳᠡᠷᠡ ᠡᠳᠦᠷ᠎ ᠠ᠋ᠴᠠ ᠡᠳᠦᠷ ᠥᠰᠴᠦ ᠪᠣᠢᠵᠢᠭᠠᠳ ᠡᠷ᠎ᠡ ᠶ᠋ᠢᠨ ᠵᠡᠷᠭᠡ ᠳ᠋ᠦ᠍ ᠬᠦᠷᠴᠦ ᠵᠠᠰᠠᠭ ᠲᠥᠷᠥ ᠶ᠋ᠢᠨ ᠬᠡᠷᠡᠭ ᠲᠦ᠍ ᠰᠡᠳᠬᠢᠯ ᠲᠠᠯᠪᠢᠬᠤ ᠪᠣᠯᠵᠠᠢ ᠃ ᠨᠢᠭᠡᠨ ᠡᠳᠦᠷ ᠡᠬᠡ ᠬᠠᠲᠤᠨ ᠥᠯᠵᠡᠢ ᠬᠤᠲᠤᠭ ᠢ᠋ ᠡᠷᠢᠵᠦ ᠢᠷᠡᠭᠡᠳ ᠥᠭᠦᠯᠡᠷᠦᠨ ᠄ 《 ᠴᠠᠭ ᠲᠥᠷᠥ ᠶ᠋ᠢᠨ ᠪᠠᠢᠳᠠᠯ ᠮᠠᠰᠢ ᠲᠦᠭᠰᠢᠭᠦᠷᠢᠲᠡᠢ ᠪᠠᠢᠨᠠᠮ ᠃ ᠡᠴᠢᠭᠡ ᠬᠠᠭᠠᠨ ᠡᠳᠦᠷᠵᠢᠨ ᠰᠥᠨᠢᠵᠢᠨ ᠠᠷᠭ᠎ᠠ ᠪᠢᠯᠢᠭ ᠢ᠋ ᠬᠣᠣᠰᠯᠠᠭᠤᠯᠤᠭᠰᠠᠨ ᠪᠢᠰᠢᠯᠭᠠᠯ ᠪᠣᠯᠤᠨ ᠠᠷᠪᠠᠨ ᠵᠢᠷᠭᠤᠭᠠᠨ ᠰᠢᠮᠨᠡᠴᠡ ᠶ᠋ᠢᠨ ᠪᠥᠵᠢᠭ ᠲᠦ᠍ ᠲᠠᠰᠢᠭᠤᠷᠠᠵᠤ ᠣᠭᠲᠣ ᠤᠬᠠᠭᠠᠷᠠᠨ ᠰᠡᠬᠡᠭᠡᠷᠡᠬᠦ ᠦᠭᠡᠢ ᠂ ᠶᠠᠭᠠᠬᠢᠪᠠᠰᠤ ᠵᠣᠬᠢᠮᠤᠢ ? 》 ᠬᠡᠮᠡᠪᠡᠰᠦ ᠥᠯᠵᠡᠢ ᠬᠤᠲᠤᠭ ᠥᠭᠦᠯᠡᠷᠦᠨ ᠄ 《 ᠪᠢ ᠪᠠᠰᠠ ᠰᠡᠳᠬᠢᠯ ᠵᠣᠪᠠᠮᠤᠢ ᠃ ᠬᠠᠭᠠᠨ ᠢ᠋ᠶ᠋ᠠᠷ ᠵᠠᠰᠠᠭ ᠲᠥᠷᠥ ᠶ᠋ᠢᠨ ᠬᠡᠷᠡᠭ ᠲᠦ᠍ ᠡᠳᠦᠷ ᠢᠷᠡᠬᠦᠶ᠎ᠡ ᠰᠣᠨᠢᠷᠬᠠᠯ ᠦᠭᠡᠢ ᠪᠣᠯᠤᠭᠰᠠᠨ ᠳ᠋ᠤ᠌ ᠪᠢ ᠣᠯᠠᠨᠲᠠ ᠢᠳᠬᠠᠨ ᠬᠡᠯᠡᠭᠰᠡᠨ ᠪᠥᠯᠥᠭᠡ ᠂ ᠭᠡᠪᠡᠴᠦ ᠣᠭᠲᠣ ᠲᠤᠰᠠ ᠭᠠᠷᠬᠤ ᠦᠭᠡᠢ ᠃ ᠡᠳᠦᠭᠡ ᠶ᠋ᠢᠨ ᠪᠠᠢᠳᠠᠯ ᠢ᠋ ᠦᠵᠡᠪᠡᠰᠦ ᠳᠠᠩ ᠳᠠᠢᠽᠦᠶ᠋ᠩ ᠯᠢ ᠱᠢ ᠮᠢᠨ ᠬᠠᠭᠠᠨ ᠢ᠋ ᠳᠠᠭᠤᠷᠢᠶᠠᠵᠤ ᠬᠠᠭᠠᠨ ᠢ᠋ ᠰᠠᠭᠤᠷᠢᠨ ᠢ᠋ᠶ᠋ᠠᠨ ᠨᠠᠢᠷ ᠲᠠᠯᠪᠢᠭᠤᠯᠵᠤ ᠂ ᠲᠠᠢ ᠱᠠᠩ ᠬᠤᠸᠠᠩ ᠪᠣᠯᠭᠠᠵᠤ ᠬᠥᠪᠡᠭᠦᠨ ᠴᠢ ᠵᠠᠰᠠᠭ ᠲᠥᠷᠥ ᠶ᠋ᠢᠨ ᠬᠡᠷᠡᠭ ᠢ᠋ ᠡᠷᠭᠢᠯᠡᠪᠡᠰᠦ ᠬᠠᠮᠤᠭ ᠤ᠋ᠨ ᠳᠡᠭᠡᠳᠦ ᠰᠠᠢᠨ ᠠᠷᠭ᠎ᠠ ᠪᠣᠯᠠᠢ 》 ᠬᠡᠮᠡᠪᠡ ᠃
      ᠲᠡᠳᠦᠢ ᠳ᠋ᠦ᠍ᠷ ᠂  ᠠᠾᠠᠮᠠ ᠠᠭ᠎ᠠ ᠳᠡᠭᠦᠦ ᠬᠣᠶᠠᠷ ᠢ᠋ ᠵᠠᠨᠴᠢᠵᠤ ᠠᠯᠠᠭᠰᠠᠨ ᠤ᠋ ᠬᠣᠢᠨ᠎ᠠ ᠲᠡᠭᠦᠨ ᠢ᠋ ᠢᠯᠡᠴᠢᠯᠡᠨ ᠵᠠᠭᠠᠯᠳᠤᠭᠰᠠᠨ  ᠢᠦᠢᠱ᠌ᠢ ᠳ᠋ᠠᠢᠹᠦ᠋ ᠲᠦᠰᠢᠮᠡᠯ  ᠴᠦᠰᠬᠢ ᠶ᠋ᠢ ᠲᠥᠪ ᠪᠢᠴᠢᠭ ᠦ᠋ᠨ ᠮᠣᠵᠢ ᠶ᠋ᠢᠨ ᠪᠠᠷᠠᠭᠤᠨ ᠭᠠᠷᠤᠨ ᠴᠢᠩᠰᠠᠩ ᠡᠷᠭᠦᠮᠵᠢᠯᠡᠭᠰᠡᠨ ᠪᠠᠢᠪᠠ ᠃  ᠴᠦᠰᠬᠢ ᠪᠣᠯ ᠬᠡᠷᠡᠢᠳ ᠠᠢᠮᠠᠭ ᠤ᠋ᠨ ᠬᠥᠮᠦᠨ ᠪᠤᠶᠤ ᠃ ᠮᠥᠩᠬᠡ ᠬᠠᠭᠠᠨ ᠤ᠋ ᠦᠶ᠎ᠡ ᠳ᠋ᠡᠬᠢ ᠶᠡᠬᠡ ᠪᠢᠴᠢᠭᠡᠴᠢ ᠪᠤᠯᠠᠭ᠎ᠠ ᠶ᠋ᠢᠨ ᠬᠣᠢᠴᠢᠰ ᠠᠵᠤᠭᠤ ᠃ ᠴᠦᠰᠬᠢ ᠂ ᠳᠠᠢᠳᠢᠩ ᠤ᠋ᠨ ᠡᠬᠢᠨ ᠦ᠌ ᠣᠨ ᠳ᠋ᠤ᠌ ᠬᠡᠰᠢᠭ ᠦ᠋ᠨ ᠪᠢᠴᠢᠭᠡᠴᠢ ᠪᠠᠢᠪᠠ ᠃ ᠲᠣᠬᠣᠨᠳᠡᠮᠤᠷ ᠬᠠᠭᠠᠨ ᠤ᠋ ᠶᠤᠸᠠᠨ ᠲᠦᠩ ᠦ᠋ᠨ ᠣᠨ ᠳ᠋ᠤ᠌ ᠹᠦᠵᠢᠶᠠᠨ ᠬᠤᠪᠢᠶᠠᠷᠢ ᠮᠣᠵᠢ ᠶ᠋ᠢᠨ ᠳᠡᠯᠭᠡᠷᠡᠩᠭᠦᠢ ᠲᠣᠬᠣᠨᠢᠭᠤᠯᠬᠤ ᠲᠦᠰᠢᠮᠡᠯ ᠪᠥᠭᠡᠳ ᠲᠦ᠍ ᠶᠤᠸᠠᠨᠱᠤᠸᠠᠢ ᠶ᠋ᠢᠨ ᠲᠤᠰᠢᠶᠠᠯ ᠳ᠋ᠤ᠌ ᠳᠡᠪᠰᠢᠭᠦᠯᠦᠭᠳᠡᠵᠦ ᠂ ᠰᠡᠭᠦᠯᠡᠷ ᠨᠢ ᠲᠥᠪ ᠪᠢᠴᠢᠭ ᠦ᠋ᠨ ᠮᠣᠵᠢ ᠶ᠋ᠢᠨ ᠼᠠᠨ ᡁᠢ ᠵᠧᠩᠱ᠌ᠢ ᠲᠦᠰᠢᠮᠡᠯ ᠂ ᠢᠦᠢᠱ᠌ᠢ ᠳ᠋ᠠᠢᠹᠦ᠋ ᠲᠦᠰᠢᠮᠡᠯ ᠡᠷᠭᠦᠮᠵᠢᠯᠡᠭᠳᠡᠪᠡ ᠃
      ᠴᠦᠰᠬᠢ ᠪᠠᠷᠠᠭᠤᠨ ᠭᠠᠷᠤᠨ ᠴᠢᠩᠰᠠᠩ ᠤ᠋ᠨ ᠲᠤᠰᠢᠶᠠᠯ ᠳ᠋ᠤ᠌ ᠭᠠᠷᠤᠭᠰᠠᠨ ᠤ᠋ ᠬᠣᠢᠨ᠎ᠠ ᠴᠠᠭ ᠲᠥᠷᠥ ᠶ᠋ᠢᠨ ᠲᠦᠭᠰᠢᠭᠦᠷᠢᠲᠦ ᠪᠠᠢᠳᠠᠯ ᠢ᠋ ᠵᠠᠪᠰᠢᠨ ᠨᠡᠩ ᠶᠡᠬᠡ ᠡᠷᠬᠡ ᠠᠰᠢᠭ ᠣᠯᠬᠤ ᠶ᠋ᠢ ᠰᠠᠨᠠᠭᠠᠷᠬᠠᠪᠠ ᠃ ᠶᠠᠭ ᠡᠨᠡ ᠦᠶ᠎ᠡ ᠳ᠋ᠦ᠍ ᠥᠯᠵᠡᠢ ᠬᠤᠲᠤᠭ ᠬᠠᠲᠤᠨ ᠡᠷᠢᠵᠦ ᠢᠷᠡᠭᠡᠳ ᠬᠠᠭᠠᠨ ᠢ᠋ᠶ᠋ᠠᠷ ᠵᠠᠰᠠᠭ ᠲᠥᠷᠥ ᠶ᠋ᠢᠨ ᠬᠡᠷᠡᠭ ᠲᠦ᠍ ᠰᠣᠨᠢᠷᠬᠠᠯ ᠦᠭᠡᠢ ᠪᠣᠯᠵᠤ ᠂ ᠬᠢᠢ ᠸᠴᠢᠷᠲᠦ ᠪᠢᠰᠢᠯᠭᠠᠯ ᠦᠢᠯᠡᠳᠴᠦ ᠤᠬᠠᠭᠠᠷᠠᠨ ᠰᠡᠬᠡᠭᠡᠷᠡᠬᠦ ᠦᠭᠡᠢ ᠪᠣᠯᠤᠭᠰᠠᠨ ᠪᠠᠢᠳᠠᠯ ᠢ᠋ ᠨᠢᠭᠡᠨ ᠵᠡᠷᠭᠡ ᠲᠣᠭᠠᠴᠢᠨ ᠬᠡᠯᠡᠭᠡᠳ 《 ᠬᠠᠭᠠᠨ ᠢ᠋ ᠵᠠᠢᠯᠠᠭᠤᠯᠵᠤ ᠲᠠᠢᠽᠢ ᠶ᠋ᠢ ᠪᠠᠢᠭᠤᠯᠬᠤ 》 ᠰᠠᠨᠠᠭ᠎ᠠ ᠪᠠᠨ ᠢᠯᠡᠷᠬᠡᠢᠯᠡᠪᠡ ᠃ 
       ᠴᠦᠰᠬᠢ  ᠪᠠᠬᠠᠨ ᠲᠦᠳᠡᠭᠡᠯᠵᠡᠵᠦ ᠥᠭᠦᠯᠡᠷᠦᠨ ᠄ 《 ᠡᠨᠡ ᠬᠡᠷᠡᠭ ᠊ᠢ ᠵᠡᠭᠦᠨ ᠭᠠᠷᠤᠨ ᠴᠢᠩᠰᠠᠩ ᠯᠤᠭ᠎ᠠ ᠵᠥᠪᠳᠡᠰᠦᠭᠡᠢ 》 ᠬᠡᠮᠡᠪᠡ ᠃
       ᠥᠯᠵᠡᠢ ᠬᠤᠲᠤᠭ ᠬᠠᠲᠤᠨ ᠢ᠋ᠶ᠋ᠠᠷ  ᠴᠦᠰᠬᠢ ᠶ᠋ᠢᠨ ᠥᠩᠭᠡ ᠮᠥᠩᠭᠥᠨ ᠳ᠋ᠦ᠍ ᠬᠣᠪᠳᠣᠭ ᠊ᠢ ᠠᠯᠢ ᠬᠡᠲᠦᠶ᠋ᠢᠨ ᠮᠡᠳᠡᠬᠦ ᠲᠤᠯᠠ ᠲᠠᠶ᠋ᠢᠭᠠᠨ ᠲᠦᠰᠢᠮᠡᠯ ᠫᠢᠶᠣᠣ ᠪᠤᠬ᠎ᠠ ᠶ᠋ᠢ ᠳᠠᠭᠤᠳᠠᠨ ᠠᠪᠴᠢᠷᠠᠭᠠᠳ ᠲᠡᠭᠦᠨ ᠳ᠋ᠦ᠍ ᠡᠶ᠋ᠢᠮᠦ ᠲᠡᠶ᠋ᠢᠮᠦ ᠭᠡᠮᠡᠨ ᠵᠠᠬᠢᠭᠠᠳ ᠣᠷᠳᠣᠨ ᠤ᠋ ᠳᠣᠲᠣᠷᠠᠬᠢ ᠭᠤᠸ᠋᠎ᠠ ᠰᠠᠢᠬᠠᠨ ᠰᠣᠯᠣᠩᠭᠣᠰ ᠱᠢᠪᠡᠭ᠌ᠴᠢᠨ ᠥᠬᠢᠳ ᠡᠴᠡ ᠭᠤᠷᠪᠠ ᠶ᠋ᠢ ᠰᠣᠩᠭᠣᠵᠤ ᠰᠣᠯᠣᠩᠭᠣᠰ ᠣᠷᠬᠣᠳᠠᠢ ᠂ ᠰᠤᠪᠤᠳ ᠮᠡᠲᠦ ᠶ᠋ᠢᠨ ᠬᠣᠪᠣᠷ ᠨᠠᠨᠳᠢᠨ ᠡᠳ᠋ ᠡᠷᠳᠡᠨᠢᠰ ᠦ᠋ᠨ ᠬᠠᠮᠲᠤ  ᠴᠦᠰᠬᠢ ᠳ᠋ᠦ᠍ ᠬᠦᠷᠭᠡᠭᠦᠯᠪᠡ ᠃
       ᠫᠢᠶᠣᠣ ᠪᠤᠬ᠎ᠠ ᠪᠣᠯ ᠥᠯᠵᠡᠢ ᠬᠤᠲᠤᠭ ᠬᠠᠲᠤᠨ ᠤ᠋ ᠨᠤᠲᠤᠭ ᠤ᠋ᠨ ᠬᠥᠮᠦᠨ ᠪᠥᠭᠡᠳ ᠬᠣᠶᠠᠭᠤᠯᠠ ᠪᠠᠭ᠎ᠠ ᠠ᠋ᠴᠠ ᠢᠨᠠᠭ ᠳᠣᠲᠣᠨᠣ ᠥᠰᠴᠡᠢ ᠃ ᠶᠤᠸᠠᠨ ᠲᠦᠩ ᠦ᠋ᠨ ᠣᠨ ᠳ᠋ᠤ᠌ ᠥᠯᠵᠡᠢ ᠬᠤᠲᠤᠭ ᠂ ᠬᠠᠭᠠᠨ ᠤ᠋ ᠣᠷᠳᠣᠨ ᠳ᠋ᠤ᠌ ᠬᠦᠷᠭᠡᠭᠳᠡᠭᠡᠳ ᠲᠣᠬᠤᠨᠲᠡᠮᠦᠷ ᠬᠠᠭᠠᠨ ᠤ᠋ ᠬᠠᠶ᠋ᠢᠷ᠎ᠠ ᠶ᠋ᠢ ᠣᠯᠵᠤ ᠬᠠᠲᠤᠨ  ᠡᠷᠭᠦᠮᠵᠢᠯᠡᠭᠳᠡᠭᠰᠡᠨ ᠦ᠌ ᠬᠣᠶ᠋ᠢᠨ᠎ᠠ ᠫᠢᠶᠣᠣ ᠪᠤᠬ᠎ᠠ ᠶ᠋ᠢ ᠲᠠᠶ᠋ᠢᠭᠠᠨ ᠬᠥᠮᠦᠨ ᠦ᠌ ᠬᠤᠪᠢ ᠪᠠᠷ ᠥᠯᠵᠡᠢ ᠬᠤᠲᠤᠭ ᠬᠠᠲᠤᠨ ᠣᠷᠳᠣᠨ ᠳ᠋ᠤ᠌ ᠪᠠᠨ ᠠᠪᠴᠢᠷᠠᠵᠤ ᠂ ᠡᠳᠦᠷ ᠲᠤᠲᠤᠮ ᠤ᠋ᠨ ᠠᠮᠢᠳᠤᠷᠠᠯ ᠤ᠋ᠨ ᠬᠡᠷᠡᠭ ᠊ᠢ ᠬᠠᠮᠢᠶᠠᠷᠤᠭᠤᠯᠤᠭᠰᠠᠨ ᠪᠠᠶ᠋ᠢᠪᠠ ᠃ ᠣᠳᠣ ᠲᠡᠷᠡ ᠽᠢ ᠵᠧᠩ ᠶᠤᠸᠠᠨ ᠬᠦᠷᠢᠶᠡᠯᠡᠩ ᠦ᠋ᠨ ᠮᠡᠳᠡᠭᠴᠢ ᠪᠣᠯᠵᠤ ᠬᠠᠲᠤᠳ ᠤ᠋ᠨ ᠵᠠᠷᠤᠯᠭ᠎ᠠ ᠰᠦᠢᠳᠬᠡᠯ ᠦ᠋ᠨ ᠬᠡᠷᠡᠭ ᠊ᠢ ᠬᠠᠮᠢᠶᠠᠷᠤᠮᠤᠢ ᠃
       ᠴᠦᠰᠬᠢ  ᠂ ᠥᠯᠵᠡᠢ ᠬᠤᠲᠤᠭ ᠬᠠᠲᠤᠨ ᠤ᠋ ᠬᠦᠨᠳᠦ ᠪᠡᠯᠡᠭ ᠊ᠢ ᠬᠦᠷᠲᠡᠭᠡᠳ ᠶᠡᠬᠡᠳᠡ ᠪᠠᠶᠠᠷᠯᠠᠵᠤ ᠲᠡᠷᠡ ᠳᠣᠣᠷ᠎ᠠ ᠨᠢ ᠵᠡᠭᠦᠨ ᠭᠠᠷᠤᠨ ᠴᠢᠩᠰᠠᠩ ᠲᠠᠶ᠋ᠢᠫᠢᠩ ᠊ᠢ ᠡᠷᠢᠵᠦ 《 ᠵᠠᠶ᠋ᠢᠯᠠᠭᠤᠯᠬᠤ ᠪᠠᠶ᠋ᠢᠭᠤᠯᠬᠤ 》 ᠬᠡᠷᠡᠭ ᠊ᠢ ᠵᠥᠪᠳᠡᠬᠦ ᠪᠡᠷ ᠪᠣᠯᠪᠠ ᠃
       ᠵᠡᠭᠦᠨ ᠭᠠᠷᠤᠨ ᠴᠢᠩᠰᠠᠩ ᠲᠠᠶ᠋ᠢᠫᠢᠩ ᠪᠣᠯ ᠬᠤᠪᠢᠯᠠᠢ ᠰᠡᠴᠡᠨ ᠬᠠᠭᠠᠨ ᠤ᠋ ᠦᠶ᠎ᠡ ᠳ᠋ᠡᠬᠢ ᠨᠡᠷᠡᠲᠦ ᠰᠢᠳᠤᠷᠭᠤ ᠲᠦᠰᠢᠮᠡᠯ ᠾᠧ ᠱᠸᠩ ᠦ᠋ᠨ ᠬᠥᠪᠡᠭᠦᠨ ᠪᠤᠶᠤ ᠃ ᠤᠤᠯ ᠨᠡᠷ᠎ᠡ ᠨᠢ ᠾᠧ ᠸᠧᠢ ᠢ ᠬᠡᠮᠡᠮᠦᠢ ᠃ ᠲᠡᠷᠡ 《 ᠵᠠᠶ᠋ᠢᠯᠠᠭᠤᠯᠬᠤ ᠪᠠ ᠪᠠᠶ᠋ᠢᠭᠤᠯᠬᠤ 》 ᠬᠡᠮᠡᠬᠦ ᠶ᠋ᠢ ᠰᠣᠨᠣᠰᠤᠭᠠᠳ ᠡᠨᠡ ᠢᠨᠤ ᠲᠥᠷᠥ ᠶ᠋ᠢᠨ ᠲᠣᠮᠣ ᠬᠡᠷᠡᠭ ᠲᠤᠯᠠ ᠬᠥᠩᠭᠡᠨ ᠬᠠᠭᠤᠳᠠᠮ ᠬᠠᠨᠳᠤᠵᠤ ᠦᠯᠦ ᠪᠣᠯᠬᠤ ᠬᠡᠮᠡᠭᠡᠳ ᠲᠦᠯᠬᠢᠪᠡ ᠃
       ᠥᠯᠵᠡᠢ ᠬᠤᠲᠤᠭ ᠬᠠᠲᠤᠨ ᠢ᠋ᠶ᠋ᠠᠷ ᠲᠠᠶ᠋ᠢᠫᠢᠩ ᠤ᠋ᠨ ᠣᠪᠣᠷ ᠲᠣᠳᠣ ᠦᠭᠡᠢ ᠶ᠋ᠢ ᠮᠡᠳᠡᠭᠡᠳ ᠣᠷᠳᠣᠨ ᠳ᠋ᠤ᠌ ᠪᠠᠨ ᠠᠷᠢᠬᠢᠨ ᠰᠢᠷᠡᠭᠡ ᠵᠠᠰᠠᠵᠤ ᠲᠠᠢᠫᠢᠩ ᠢ᠋ ᠤᠷᠢᠵᠤ ᠬᠦᠨᠳᠦ ᠪᠡᠷ ᠳᠠᠢᠯᠠᠪᠠ᠃ ᠲᠠᠢᠫᠢᠩ ᠬᠡᠮᠡᠭᠴᠢ ᠶᠡᠷᠦᠳᠡ ᠥᠩᠭᠡ ᠳᠡᠷᠡᠰᠦᠨ ᠳ᠋ᠦ᠍ ᠳᠤᠷ᠎ᠠ ᠦᠭᠡᠢ ᠂ ᠡᠳ᠋ ᠮᠥᠩᠭᠥᠨ ᠳ᠋ᠦ᠍ ᠬᠣᠪᠳᠣᠭ ᠦᠭᠡᠢ ᠲᠤᠯᠠ ᠥᠯᠵᠡᠢ ᠬᠤᠲᠤᠭ ᠬᠠᠲᠤᠨ ᠳ᠋ᠤ᠌ ᠲᠡᠳᠦᠢ ᠶᠡᠬᠡ ᠬᠠᠯᠠᠭᠤᠮᠰᠤᠭ ᠬᠠᠨᠳᠤᠭᠰᠠᠨ ᠦᠭᠡᠢ ᠃ ᠥᠯᠵᠡᠢ ᠬᠤᠲᠤᠭ ᠬᠠᠲᠤᠨ ᠬᠠᠷᠢᠨ ᠲᠠᠢᠫᠢᠩ ᠢ᠋ ᠳᠡᠭᠡᠷ᠎ᠡ ᠰᠠᠭᠤᠳᠠᠯ ᠳ᠋ᠤ᠌ ᠰᠠᠭᠤᠯᠭᠠᠭᠠᠳ ᠭᠤᠸ᠋᠎ᠠ ᠥᠬᠢᠳ ᠢ᠋ᠶ᠋ᠡᠷ ᠬᠤᠨᠳᠠᠭ᠎ᠠ ᠰᠥᠩᠨᠡᠭᠦᠯᠦᠨ ᠠᠷᠢᠬᠢ ᠪᠠᠷᠢᠵᠤ ᠳᠠᠭᠤᠤ ᠪᠥᠵᠢᠭ ᠡᠷᠭᠦᠭᠰᠡᠨ᠎ᠡ ᠲᠠᠢᠫᠢᠩ ᠡᠭᠳᠡᠭᠦᠦ ᠬᠦᠷᠴᠦ ᠥᠭᠦᠯᠡᠷᠦᠨ ᠄ 《 ᠬᠠᠲᠤᠨ ᠢ᠋ᠶ᠋ᠠᠷ  ᠶᠠᠮᠠᠷ ᠬᠡᠷᠡᠭ ᠪᠠᠢᠪᠠᠰᠤ ᠰᠢᠭᠤᠳ ᠬᠡᠯᠡᠲᠦᠭᠡᠢ ᠂ ᠪᠢ ᠪᠠᠰᠠ ᠲᠥᠷᠥ ᠶ᠋ᠢᠨ ᠣᠨᠳᠣᠣ ᠶᠠᠭᠠᠷᠠᠤ ᠬᠡᠷᠡᠭ ᠪᠣᠢ 》 ᠬᠡᠮᠡᠪᠡᠰᠦ ᠄ ᠥᠯᠵᠡᠢ ᠬᠤᠲᠤᠭ ᠬᠠᠲᠤᠨ ᠥᠭᠦᠯᠡᠷᠦᠨ ᠄ 《 ᠴᠢᠩᠰᠠᠩ ᠪᠢᠲᠡᠭᠡᠢ ᠰᠠᠨᠳᠤᠷ᠂ ᠣᠳᠣ ᠵᠠᠰᠠᠭ ᠲᠥᠷᠥ ᠶ᠋ᠢᠨ ᠶᠠᠪᠤᠳᠠᠯ ᠮᠠᠰᠢ ᠬᠦᠨᠳᠦ ᠲᠦᠭᠰᠢᠭᠦᠷᠢᠲᠡᠢ ᠪᠠᠢᠨᠠᠮ᠂ ᠡᠵᠡᠨ ᠢ᠋ᠶ᠋ᠡᠷ ᠵᠠᠰᠠᠭ ᠲᠥᠷᠥ ᠶ᠋ᠢᠨ ᠬᠡᠷᠡᠭ ᠲᠦ᠍ ᠥᠴᠦᠬᠡᠨ ᠴᠦ᠍ ᠰᠣᠨᠢᠷᠬᠠᠯ ᠦᠭᠡᠢ ᠪᠣᠯᠤᠭᠰᠠᠨ ᠳ᠋ᠤ᠌ ᠬᠣᠩ ᠲᠠᠢᠽᠢ ᠮᠠᠰᠢ ᠵᠣᠪᠠᠵᠤ ᠪᠠᠢᠮᠤᠢ᠃ ᠪᠢᠳᠡ ᠬᠣᠩ ᠲᠠᠢᠽᠢ ᠶ᠋ᠢ  ᠬᠠᠪᠰᠤᠷᠴᠤ ᠵᠠᠰᠠᠭ ᠲᠥᠷᠥ ᠶ᠋ᠢᠨ ᠬᠡᠷᠡᠭ ᠢ᠋ ᠰᠢᠢᠳᠪᠦᠷᠢᠯᠡᠬᠦ ᠪᠣᠯᠭᠠᠪᠠᠰᠤ ᠨᠢᠭᠡ ᠳ᠋ᠦ᠍ ᠲᠩᠷᠢ ᠶ᠋ᠢᠨ ᠳᠣᠣᠷᠠᠬᠢᠨ ᠤ᠋ ᠠᠷᠠᠳ ᠢᠷᠭᠡᠳ ᠦ᠋ᠨ ᠡᠷᠢᠯ ᠬᠦᠰᠡᠯ ᠢ᠋ ᠬᠠᠩᠭᠠᠵᠤ ᠂ ᠬᠣᠶᠠᠷ ᠲᠤ᠌ ᠳᠡᠭᠡᠳᠦ ᠳᠡᠭᠡᠳᠦᠰ ᠦ᠋ᠨ ᠰᠦᠷ ᠰᠦᠯᠳᠡ ᠳ᠋ᠦ᠍ ᠦᠯᠦ ᠣᠰᠣᠯᠳᠠᠮᠤᠢ 》 ᠬᠡᠮᠡᠪᠡ ᠃
       ᠲᠠᠢᠫᠢᠩ ᠥᠴᠢᠷᠦᠨ ᠄ 《 ᠵᠠᠢᠯᠠᠭᠤᠯᠬᠤ ᠪᠠ ᠪᠠᠢᠭᠤᠯᠬᠤ ᠬᠡᠷᠡᠭ ᠪᠣᠯᠪᠠᠰᠤ ᠴᠢᠩᠭᠢᠰ ᠬᠠᠭᠠᠨ ᠤ᠋ ᠠᠯᠲᠠᠨ ᠤᠷᠤᠭ ᠤ᠋ᠨ ᠳᠣᠲᠣᠭᠠᠳᠤ ᠶ᠋ᠢᠨ ᠬᠡᠷᠡᠭ ᠪᠣᠯᠤᠶᠤ ᠂ ᠣᠨᠳᠣᠣ ᠤᠭᠰᠠᠭᠠᠨ ᠤ᠋ ᠬᠥᠮᠦᠰ ᠭᠠᠷ ᠲᠥᠷᠥᠬᠦ ᠡᠷᠬᠡ ᠦᠭᠡᠢ 》 ᠭᠡᠮᠡᠨ ᠲᠠᠲᠠᠭᠠᠯᠵᠠᠪᠠ ᠃
       ᠥᠯᠵᠡᠢ ᠬᠤᠲᠤᠭ ᠬᠠᠲᠤᠨ ᠢ᠋ᠶ᠋ᠠᠷ  ᠵᠡᠭᠦᠨ ᠭᠠᠷᠤᠨ ᠴᠢᠩᠰᠠᠩ ᠲᠠᠢᠫᠢᠩ ᠠ᠋ᠴᠠ ᠨᠢᠭᠤᠷ ᠣᠯᠤᠭᠰᠠᠨ ᠦᠭᠡᠢ ᠳ᠋ᠦ᠍ ᠶᠡᠬᠡᠳᠡ ᠢᠴᠢᠩᠭᠦᠷᠡᠬᠦ ᠪᠥᠭᠡᠳ ᠬᠣᠷᠣᠰᠴᠤ ᠂ ᠬᠣᠩ ᠲᠠᠢᠽᠢ ᠠᠶᠤᠰᠢᠷᠢᠳᠠᠷᠠ ᠪᠣᠯᠤᠨ ᠴᠦᠰᠬᠢ ᠂ ᠫᠢᠶᠣᠣ ᠪᠤᠬ᠎ᠠ ᠨᠠᠷ ᠯᠤᠭ᠎ᠠ ᠬᠠᠮᠰᠠᠨ ᠨᠡᠢᠯᠡᠭᠡᠳ ᠤᠴᠢᠷ ᠪᠦᠬᠦᠨ ᠳ᠋ᠦ᠍ ᠲᠠᠢᠫᠢᠩ ᠠ᠋ᠴᠠ ᠥ ᠰᠡᠪ ᠡᠷᠢᠵᠦ ᠲᠡᠭᠦᠨ ᠢ᠋   ᠭᠠᠴᠢᠵᠤ ᠵᠣᠪᠠᠭᠠᠭᠠᠳ ᠠᠵᠢᠯᠯᠠᠬᠤ ᠠᠷᠭ᠎ᠠ ᠦᠭᠡᠢ ᠪᠣᠯᠭᠠᠪᠠ ᠃ ᠨᠢᠭᠡ ᠡᠳᠦᠷ ᠠᠶᠤᠰᠢᠷᠢᠳᠠᠷᠠ ᠲᠠᠢᠫᠢᠩ ᠢ᠋ ᠡᠷᠢᠵᠦ ᠢᠷᠡᠭᠡᠳ ᠄ 《 ᠴᠢ ᠮᠢᠨᠦ ᠬᠢᠬᠦ ᠭᠡᠰᠡᠨ ᠠᠵᠢᠯ ᠳ᠋ᠤ᠌ ᠦᠷᠭᠦᠯᠵᠢ ᠰᠠᠭᠠᠳ ᠬᠢᠬᠦ ᠴᠢᠨᠢ ᠶᠠᠭᠤᠨ ᠪᠣᠢ ? ᠮᠢᠨᠦ ᠬᠡᠷᠡᠭᠯᠡᠬᠦ ᠭᠡᠰᠡᠨ ᠬᠥᠮᠦᠨ ᠢ᠋ ᠳᠠᠷᠤᠭᠠᠳ ᠶᠠᠭᠠᠬᠢᠬᠤ ᠪᠣᠢ ? 》 ᠭᠡᠮᠡᠨ ᠬᠢᠯᠢᠩᠨᠡᠨ ᠠᠰᠠᠭᠤᠪᠠ ᠃
       ᠲᠠᠢᠫᠢᠩ ᠥᠭᠦᠯᠡᠷᠦᠨ ᠄ 《 ᠡᠷᠳᠡᠮ ᠴᠢᠳᠠᠪᠤᠷᠢ ᠬᠣᠣᠰᠯᠠᠭᠰᠠᠨ ᠬᠥᠮᠦᠨ ᠢ᠋ ᠬᠡᠷᠡᠭᠯᠡᠬᠦ ᠶ᠋ᠢ ᠪᠢ ᠡᠷᠬᠢᠮ ᠪᠣᠯᠭᠠᠮᠤᠢ ᠃ ᠬᠥᠮᠦᠨ ᠦ᠌ ᠰᠡᠳᠬᠢᠯ ᠢ᠋ ᠳᠠᠭᠠᠵᠤ ᠮᠡᠳᠡᠬᠦ ᠦᠭᠡᠢ ᠳ᠋ᠦ᠍ ᠪᠡᠨ ᠪᠡᠷᠬᠡᠰᠢᠶᠡᠮᠦᠢ ᠂ ᠮᠢᠬ᠎ᠠ ᠴᠢᠰᠤᠨ ᠬᠠᠷᠢᠴᠠᠭ᠎ᠠ ᠲᠠᠢ ᠡᠴᠢᠭᠡ ᠬᠥᠪᠡᠭᠦᠨ ᠪᠣᠯᠪᠠᠴᠤ ᠭᠣᠶᠠᠴᠢ ᠰᠡᠳᠬᠢᠯ ᠦᠭᠡᠢ ᠬᠡᠮᠡᠬᠦ ᠶ᠋ᠢᠨ ᠠᠷᠭ᠎ᠠ ᠦᠭᠡᠢ 》 ᠬᠡᠮᠡᠪᠡ ᠃ ᠠᠶᠤᠰᠢᠷᠢᠳᠠᠷᠠ ᠡᠨᠡ ᠦᠭᠡ ᠶ᠋ᠢ ᠰᠣᠨᠣᠰᠤᠭᠠᠳ ᠲᠡᠭᠦᠨ ᠢ᠋ ᠳᠠᠭᠠᠷᠢᠭᠤᠯᠵᠤ ᠬᠡᠯᠡᠬᠦ ᠶ᠋ᠢ ᠮᠡᠳᠡᠭᠡᠳ ᠨᠡᠩ ᠶᠡᠬᠡᠳᠡ ᠠᠭᠤᠷᠯᠠᠵᠤ ᠲᠠᠢᠫᠢᠩ ᠤ᠋ᠨ ᠡᠭᠦᠳᠡ ᠶ᠋ᠢ ᠰᠠᠪᠠᠵᠤ ᠭᠠᠷᠴᠤ ᠣᠳᠪᠠ ᠃ ᠲᠠᠢᠫᠢᠩ ᠠᠵᠢᠯᠯᠠᠬᠤ ᠠᠷᠭ᠎ᠠ ᠦᠭᠡᠢ ᠪᠣᠯᠤᠭᠰᠠᠨ ᠲᠤᠯᠠ ᠡᠪᠡᠳᠴᠢᠨ ᠢ᠋ᠶ᠋ᠡᠷ ᠰᠢᠯᠲᠠᠵᠤ ᠲᠣᠰᠢᠶᠠᠯ᠎  ᠡᠴᠡ ᠪᠠᠨ ᠣᠭᠴᠣᠷᠠᠪᠠ ᠃ ᠡᠨᠳᠡᠴᠡ ᠪᠠᠷᠠᠭᠤᠨ ᠭᠠᠷᠤᠨ ᠴᠢᠩᠰᠠᠩ  ᠴᠦᠰᠬᠢ ᠪᠡᠷ ᠵᠠᠰᠠᠭ ᠲᠥᠷᠥ ᠶ᠋ᠢᠨ ᠬᠡᠷᠡᠭ ᠲᠦ᠍ ᠭᠠᠭᠴᠠᠭᠠᠷ ᠡᠵᠡᠨ ᠮᠡᠳᠡᠵᠦ ᠡᠬᠢᠯᠡᠪᠡ ᠃
       ᠥᠭᠦᠯᠡᠬᠦ ᠢᠨᠤ ᠂ ᠥᠯᠵᠡᠢ ᠬᠤᠲᠤᠭ ᠬᠠᠲᠤᠨ ᠬᠣᠩ ᠲᠠᠢᠽᠢ ᠠᠶᠤᠰᠢᠷᠢᠳᠠᠷᠠ ᠶ᠋ᠢᠨ ᠭᠣᠣ ᠶ᠋ᠢ ᠵᠢᠭᠠᠭᠠᠳ ᠬᠠᠭᠠᠨᠲᠤ ᠲᠥᠷᠥ ᠳ᠋ᠦ᠍ ᠶᠡᠬᠡ ᠡᠷᠬᠡ ᠰᠦᠷ ᠲᠡᠢ ᠪᠣᠯᠪᠠ ᠃ ᠲᠡᠭᠦᠨ ᠦ᠌ ᠲᠥᠷᠬᠥᠮ ᠦ᠋ᠨ ᠴᠢ‍ ᠣᠪᠣᠭᠲᠤ ᠬᠥᠮᠦᠰ ᠪᠠᠰᠠ ᠲᠡᠭᠦᠨ ᠦ᠌ ᠡᠷᠬᠡ ᠰᠦᠷ ᠢ᠋ ᠠᠰᠢᠭᠯᠠᠵᠤ ᠰᠣᠯᠣᠩᠭᠣᠰ ᠤ᠋ᠨ ᠭᠠᠵᠠᠷ ᠲᠤᠷ ᠳᠤᠷ᠎ᠠ ᠵᠣᠷᠢᠭ ᠢ᠋ᠶ᠋ᠠᠷ ᠠᠭᠠᠰᠢᠯᠠᠵᠤ ᠡᠳ᠋ ᠬᠥᠷᠥᠩᠭᠡ ᠶ᠋ᠢ ᠪᠤᠯᠢᠶᠠᠨ ᠥᠬᠢᠳ ᠡᠮᠡᠰ ᠢ᠋ ᠡᠵᠡᠷᠬᠡᠭᠯᠡᠨ ᠣᠯᠠᠨ ᠤ᠋ ᠬᠣᠷᠣᠰᠤᠯ ᠢ᠋ ᠳᠡᠭᠳᠡᠭᠡᠪᠡ ᠃ ᠰᠣᠯᠣᠩᠭᠣᠰ ᠤ᠋ᠨ ᠸᠠᠩ ᠬᠡᠳᠦᠨ ᠤᠳᠠᠭ᠎ᠠ ᠵᠠᠷᠯᠢᠭ ᠨᠡᠢᠲᠡᠯᠡᠵᠦ ᠴᠢ‍ ᠣᠪᠣᠭ ᠤ᠋ᠨ ᠬᠥᠮᠦᠰ ᠲᠦ᠍ ᠰᠡᠷᠡᠮᠵᠢ ᠦᠭᠭᠦᠭᠰᠡᠨ ᠪᠣᠯᠪᠠᠴᠤ ᠸᠠᠩ ᠤ᠋ᠨ ᠵᠠᠷᠯᠢᠭ ᠢ᠋ ᠨᠢᠳᠦᠨ ᠳ᠋ᠦ᠍ ᠪᠡᠨ ᠦᠯᠦ ᠬᠠᠪᠴᠢᠨ ᠨᠡᠩᠳᠡ ᠰᠥᠷᠭᠡᠦᠯᠡᠨ ᠠᠭᠠᠰᠢᠯᠠᠪᠠ ᠃ ᠰᠣᠯᠣᠩᠭᠣᠰ ᠤ᠋ᠨ ᠸᠠᠩ ᠠᠷᠭ᠎ᠠ ᠦᠭᠡᠢ ᠪᠣᠯᠵᠤ ᠴᠢ‍ ᠣᠪᠣᠭᠲᠤ ᠶ᠋ᠢᠨ ᠬᠠᠷᠭᠢᠰ ᠮᠠᠭᠤ ᠬᠥᠮᠦᠰ ᠢ᠋ ᠪᠠᠷᠢᠵᠤ ᠴᠠᠭᠠᠵᠠ ᠪᠠᠷ ᠭᠡᠰᠬᠡᠪᠡ ᠃
       ᠥᠯᠵᠡᠢ ᠬᠤᠲᠤᠭ ᠬᠠᠲᠤᠨ ᠡᠨᠡ ᠬᠦ᠌ ᠴᠢᠮᠡᠭᠡ ᠶ᠋ᠢ ᠰᠣᠨᠣᠰᠤᠭᠠᠳ ᠲᠠᠢᠽᠢ ᠠᠶᠤᠰᠢᠷᠢᠳᠠᠷᠠ ᠳ᠋ᠤ᠌ ᠥᠭᠦᠯᠡᠷᠦᠨ ᠄ 《 ᠮᠢᠨᠦ ᠬᠥᠪᠡᠭᠦᠨ ᠬᠣᠵᠢᠮ ᠬᠣᠢᠰᠢᠳᠠ ᠶᠡᠬᠡ ᠡᠷᠬᠡ ᠠᠳᠬᠤᠭᠰᠠᠨ ᠤ᠋ ᠬᠣᠢᠨ᠎ᠠ ᠡᠵᠢ ᠳ᠋ᠦ᠍ ᠪᠡᠨ ᠡᠨᠡ ᠥᠰᠢᠶ᠎ᠡ ᠶ᠋ᠢ ᠠᠪᠴᠤ ᠥᠭ 》 ᠬᠡᠮᠡᠭᠡᠳ ᠬᠠᠭᠠᠨ ᠤ᠋ ᠳᠡᠷᠭᠡᠳᠡ ᠬᠦᠷᠴᠦ ᠡᠨᠡ ᠬᠡᠷᠡᠭ ᠢ᠋ ᠤᠬᠢᠯᠠᠨ ᠮᠡᠳᠡᠭᠦᠯᠵᠦ ᠥᠰᠢᠶ᠎ᠡ ᠠᠪᠬᠤ ᠶ᠋ᠢ ᠱᠠᠭᠠᠷᠳᠠᠪᠠ ᠃
       ᠲᠣᠬᠤᠨᠲᠡᠮᠦᠷ ᠬᠠᠭᠠᠨ ᠢ᠋ᠶ᠋ᠠᠷ ᠥᠯᠵᠡᠢ ᠬᠤᠲᠤᠭ ᠬᠠᠲᠤᠨ ᠤ᠋ ᠬᠠᠳᠬᠤᠨ ᠬᠡᠯᠡᠬᠦ ᠶ᠋ᠢ ᠰᠣᠨᠣᠰᠤᠭᠠᠳ ᠵᠠᠷᠯᠢᠭ ᠪᠠᠭᠤᠯᠭᠠᠵᠤ ᠰᠣᠯᠣᠩᠭᠣᠰ ᠸᠠᠩ ᠤ᠋ᠨ ᠵᠡᠷᠭᠡ ᠬᠡᠷᠬᠡᠮ ᠢ᠋ ᠡᠪᠳᠡᠭᠡᠳ ᠂ ᠳᠠᠢᠳᠤ ᠳ᠋ᠤ᠌ ᠳᠡᠨᠵᠢ ᠪᠣᠯᠵᠤ ᠰᠠᠭᠤᠭ᠎ᠠ ᠰᠣᠯᠣᠩᠭᠣᠰ ᠸᠠᠩ ᠤ᠋ᠨ ᠳᠡᠭᠦᠦ ᠶ᠋ᠢ ᠰᠢᠨ᠎ᠡ ᠪᠡᠷ ᠸᠠᠩ ᠡᠷᠭᠦᠮᠵᠢᠯᠡᠨ ᠴᠢ‍ ᠣᠪᠣᠭᠲᠤ ᠶ᠋ᠢᠨ ᠤᠭᠰᠠᠭᠠᠨ ᠤ᠋ ᠬᠥᠮᠦᠨ ᠰᠠᠨᠪᠤᠨᠤ ᠶ᠋ᠢ ᠵᠠᠭᠠᠮᠵᠢᠯᠠᠭᠴᠢ ᠪᠣᠯᠭᠠᠵᠤ ᠂ ᠱᠦᠮᠢ ᠶᠤᠸᠠᠨ ᠬᠦᠷᠢᠶᠡᠯᠡᠩ ᠦ᠋ᠨ ᠬᠡᠷᠡᠭ ᠮᠡᠳᠡᠭᠴᠢ ᠥᠯᠵᠡᠢ ᠬᠤᠲᠤᠭ ᠬᠠᠲᠤᠨ ᠤ᠋ ᠳᠡᠭᠦᠦ ᠼᠦᠢ ᠲᠡᠮᠦᠷ ᠢ᠋ ᠴᠢᠩᠰᠠᠩ ᠡᠷᠭᠦᠮᠵᠢᠯᠡᠵᠦ ᠰᠣᠯᠣᠩᠭᠣᠰ ᠲᠤ᠌ ᠴᠡᠷᠢᠭ ᠢ᠋ᠶ᠋ᠡᠷ ᠬᠦᠷᠭᠡᠭᠦᠯᠪᠡ ᠃
       ᠼᠦᠢ ᠲᠡᠮᠦᠷ ᠰᠢᠨ᠎ᠡ ᠡᠷᠭᠦᠮᠵᠢᠯᠡᠭᠳᠡᠭᠰᠡᠨ ᠰᠣᠯᠣᠩᠭᠣᠰ ᠸᠠᠩ ᠪᠣᠯᠤᠨ ᠲᠡᠭᠦᠨ ᠦ᠌ ᠵᠠᠯᠭᠠᠮᠵᠢᠯᠠᠭᠴᠢ ᠰᠠᠨᠪᠤᠨᠤ ᠶ᠋ᠢ ᠬᠠᠮᠠᠭᠠᠯᠠᠨ ᠰᠣᠯᠣᠩᠭᠣᠰ ᠢ᠋ ᠴᠢᠭᠯᠡᠨ ᠮᠣᠷᠳᠠᠭᠠᠳ ᠶᠠᠯᠦ ᠮᠥᠷᠡᠨ ᠢ᠋ ᠭᠡᠲᠦᠯᠦᠨ ᠬᠢᠯᠢ ᠶ᠋ᠢᠨ ᠪᠣᠭᠣᠮᠲᠠ ᠶ᠋ᠢ ᠥᠩᠭᠡᠷᠡᠬᠦᠶ᠎ᠡ ᠴᠢᠨᠠᠳᠤ ᠲᠠᠯ᠎ᠠ᠎ ᠡᠴᠡ ᠨᠢᠭᠡᠨ ᠰᠠᠯᠠᠭ᠎ᠠ ᠪᠦᠭᠭᠦᠭᠰᠡᠨ ᠴᠡᠷᠢᠭ ᠭᠠᠷᠴᠤ ᠢᠷᠡᠭᠡᠳ ᠪᠦᠭᠦᠳᠡᠭᠡᠷ ᠢ᠋ ᠪᠦᠰᠡᠯᠡᠨ ᠤᠰᠠᠳᠬᠠᠪᠠ ᠃ ᠼᠦᠢ ᠲᠡᠮᠦᠷ ᠨᠠᠳᠬᠤᠭᠰᠠᠨ ᠨᠢᠭᠡ ᠮᠣᠷᠢ ᠶ᠋ᠢ ᠪᠠᠷᠢᠵᠤ ᠤᠨᠤᠭᠠᠳ ᠠᠷᠪᠠᠨ ᠳᠣᠯᠣᠭᠠᠨ ᠴᠡᠷᠢᠭ ᠡᠷᠡᠴᠦᠳ ᠦ᠋ᠨ ᠬᠠᠮᠲᠤ ᠪᠦᠰᠡᠯᠡᠯᠲᠡ ᠶ᠋ᠢ ᠰᠢᠪᠲᠤᠯᠤᠨ ᠳᠠᠢᠳᠤ ᠳ᠋ᠤ᠌ ᠳᠤᠲᠠᠭᠠᠵᠤ ᠢᠷᠡᠪᠡ ᠃ ᠲᠣᠬᠤᠨᠲᠡᠮᠦᠷ ᠬᠠᠭᠠᠨ ᠡᠨᠡ ᠬᠡᠷᠡᠭ ᠢ᠋ ᠳᠠᠬᠢᠵᠤ ᠳᠤᠷᠠᠳᠤᠭᠰᠠᠨ ᠦᠭᠡᠢ ᠬᠠᠰᠢ ᠶᠠᠰᠢ ᠥᠩᠭᠡᠷᠡᠭᠦᠯᠪᠡ ᠃ ᠲᠡᠳᠦᠢ ᠳ᠋ᠦ᠍ᠷ ᠵᠦᠩᠶᠦᠸᠠᠨ ᠣᠷᠣᠨ ᠤ᠋ ᠡᠯ᠎ᠡ ᠭᠠᠵᠠᠷ ᠲᠤ᠌ ᠲᠠᠷᠢᠶᠠᠴᠢᠨ ᠤ᠋ ᠪᠣᠰᠤᠯᠭ᠎ᠠ ᠰᠦᠷ ᠬᠥᠭᠵᠢᠶᠡᠨ ᠲᠡᠢ ᠥᠷᠨᠢᠵᠦ ᠂ ᠨᠡᠢᠭᠡᠮ ᠳᠠᠶᠠᠭᠠᠷ ᠦᠢᠮᠡᠭᠡᠨ ᠰᠠᠮᠠᠭᠤᠷᠠᠯ ᠪᠣᠯᠵᠤ ᠂ ᠬᠠᠭᠠᠨᠲᠤ ᠲᠥᠷᠥ ᠡᠪᠳᠡᠷᠡᠵᠦ ᠨᠤᠷᠠᠬᠤ ᠪᠠᠢᠳᠠᠯ ᠳ᠋ᠤ᠌ ᠣᠷᠣᠪᠠ ᠃ ᠪᠠᠷᠠᠭᠤᠨ ᠭᠠᠷᠤᠨ ᠴᠢᠩᠰᠠᠩ ᠴᠦᠰᠬᠢ ᠡᠨᠡ ᠬᠦ᠌ ᠬᠦᠨᠳᠦ ᠲᠦᠭᠰᠢᠭᠦᠷᠢᠲᠦ ᠪᠠᠢᠳᠠᠯ ᠢ᠋ ᠬᠠᠮᠢᠶᠠᠷᠬᠤ ᠦᠭᠡᠢ ᠂ ᠲᠠᠢᠭᠠᠨ ᠲᠦᠱᠢᠮᠡᠯ ᠫᠢᠶᠣᠣ ᠪᠤᠬ᠎ᠠ ᠯᠤᠭ᠎ᠠ ᠬᠠᠮᠰᠠᠵᠤ ᠂ ᠡᠷᠬᠡ ᠪᠡᠨ ᠳᠤᠷ᠎ᠠ ᠪᠠᠷ ᠬᠡᠷᠡᠭᠯᠡᠵᠦ ᠬᠡᠭᠡᠯᠢ ᠬᠠᠬᠤᠤᠯᠢ ᠢᠳᠡᠵᠦ ᠂ ᠤᠯᠤᠰ ᠤ᠋ᠨ ᠠᠶᠤᠯ ᠢ᠋ ᠵᠠᠪᠰᠢᠵᠤ ᠬᠣᠳᠣᠭᠣᠳᠣ ᠭᠡᠳᠡᠰᠦ ᠪᠡᠨ ᠳᠦᠭᠦᠷᠭᠡᠪᠡ ᠃ ᠲᠡᠷᠡ ᠢᠲᠡᠭᠡᠯᠲᠦ ᠲᠦᠰᠢᠮᠡᠯ ᠲᠦᠷᠡᠢ ᠪᠣᠯᠤᠨ ᠳᠡᠭᠦᠦ ᠬᠦᠷᠭᠡᠨ ᠦᠯᠵᠡᠢᠲᠡᠮᠦᠷ ᠢ᠋ ᠲᠤᠬᠢᠷᠴᠤ ᠂ ᠬᠠᠭᠤᠷᠮᠠᠭ ᠴᠠᠭᠠᠰᠤᠨ ᠵᠣᠭᠣᠰ ᠳᠠᠷᠤᠮᠠᠯᠯᠠᠨ ᠲᠠᠷᠬᠠᠭᠠᠵᠤ ᠬᠥᠨᠳᠡᠯᠡᠨ ᠠᠰᠢᠭ ᠣᠯᠪᠠ ᠃ ᠪᠠᠢᠴᠠᠭᠠᠨ ᠦᠵᠡᠭᠴᠢ ᠲᠦᠰᠢᠮᠡᠯ ᠠᠯᠴᠢ ᠪᠤᠬ᠎ᠠ ᠡᠨᠡ ᠪᠠᠢᠳᠠᠯ ᠢ᠋ ᠮᠡᠳᠡᠭᠡᠳ ᠴᠦᠰᠬᠢ ᠨᠠᠷ ᠤ᠋ᠨ ᠶᠠᠯ᠎ᠠ ᠭᠡᠮ ᠢ᠋ ᠬᠠᠭᠠᠨ ᠳ᠋ᠤᠷ ᠢᠯᠡᠴᠢᠯᠡᠨ ᠵᠠᠭᠠᠯᠳᠤᠪᠠ ᠃ ᠴᠦᠰᠬᠢ ᠠᠶᠤᠭᠠᠳ ᠲᠡᠷᠡ ᠳᠠᠷᠤᠢ ᠵᠠᠷᠯᠢᠭ ᠪᠠᠭᠤᠯᠭᠠᠵᠤ ᠲᠦᠷᠡᠢ ᠶ᠋ᠢ ᠠᠯᠠᠭᠠᠳ ᠡᠨᠡ ᠬᠡᠷᠡᠭ ᠢ᠋ ᠳᠠᠷᠤᠵᠤ ᠲᠠᠯᠪᠢᠪᠠ᠃ ᠲᠣᠬᠣᠨᠲᠡᠮᠦᠷ ᠬᠠᠭᠠᠨ ᠴᠣᠰᠬᠢ᠎  ᠡᠴᠡ ᠬᠠᠭᠤᠷᠮᠠᠭ ᠴᠠᠭᠠᠰᠤᠨ ᠵᠣᠭᠣᠰ ᠤ᠋ᠨ ᠬᠡᠷᠡᠭ ᠢ᠋ ᠯᠠᠪᠯᠠᠪᠠᠰᠤ ᠂  ᠴᠦᠰᠬᠢ ᠠᠢᠯᠠᠳᠬᠠᠷᠤᠨ ᠄ 《 ᠵᠢᠭᠦᠷ ᠦ᠋ᠨ ᠲᠦᠰᠢᠮᠡᠯ ᠲᠦᠷᠡᠢ ᠨᠡᠢᠭᠡᠮ ᠳᠡᠭᠡᠷᠡᠬᠢ ᠬᠠᠤᠯᠢ ᠪᠤᠰᠤ ᠡᠲᠡᠭᠡᠳ ᠯᠤᠭᠡ ᠬᠠᠮᠰᠠᠵᠤ ᠢᠷᠡᠵᠦ ᠦᠢᠯᠡᠳᠦᠭᠰᠡᠨ ᠬᠡᠷᠡᠭ ᠂ ᠪᠢ ᠪᠦᠬᠦᠨ ᠢ᠋ ᠪᠠᠷᠢᠵᠤ ᠠᠯᠠᠪᠠ 》 ᠬᠡᠮᠡᠭᠰᠡᠨ ᠳ᠋ᠦ᠍ ᠲᠣᠬᠣᠨᠲᠡᠮᠦᠷ ᠬᠠᠭᠠᠨ ᠴᠢᠨᠠᠭᠰᠢᠳᠠ ᠨᠠᠷᠢᠪᠴᠢᠯᠠᠨ ᠠᠰᠠᠭᠤᠭᠰᠠᠨ ᠦᠭᠡᠢ ᠂ ᠵᠥᠪᠬᠡᠨ《 ᠬᠠᠭᠤᠷᠮᠠᠭ ᠴᠠᠭᠠᠰᠤᠨ ᠵᠣᠭᠣᠰᠤᠨ ᠤ᠋ ᠬᠡᠪ ᠲᠠᠮᠠᠭ᠎ᠠ ᠶ᠋ᠢ ᠬᠣᠷᠢᠶᠠᠨ ᠠᠪᠠᠴᠤ ᠤᠰᠠᠳᠬ᠎ᠠ 》 ᠭᠡᠮᠡᠨ ᠵᠠᠷᠯᠠᠭᠠᠳ ᠲᠤᠰ ᠬᠡᠷᠡᠭ ᠢ᠋ ᠳᠠᠭᠤᠰᠬᠠᠪᠠ᠃ ᠣᠯᠠᠨ ᠲᠦᠰᠢᠮᠡᠯ ᠲᠤᠰ ᠬᠡᠷᠡᠭ ᠢ᠋ ᠰᠢᠢᠳᠬᠡᠵᠦ᠂ ᠬᠠᠰᠢ ᠶᠠᠰᠢ ᠰᠢᠢᠳᠪᠦᠷᠢᠯᠡᠭᠰᠡᠨ ᠳ᠋ᠦ᠍ ᠳᠤᠷ᠎ᠠ ᠦᠭᠡᠢᠴᠡᠵᠦ ᠂ ᠳᠠᠷᠮᠠᠰᠢᠷᠢ ᠲᠦᠷᠦᠭᠦᠲᠡᠢ ᠨᠢᠭᠡ ᠪᠦᠯᠦᠭ ᠪᠠᠢᠴᠠᠭᠠᠨ ᠦᠵᠡᠭᠴᠢ ᠲᠦᠰᠢᠮᠡᠯ ᠬᠠᠭᠠᠨ ᠳ᠋ᠤ᠌ ᠪᠣᠳᠣᠷᠣᠣᠯ ᠪᠢᠴᠢᠭ ᠡᠷᠭᠦᠵᠦ  ᠴᠦᠰᠬᠢ ᠶ᠋ᠢ ᠰᠢᠢᠳᠬᠡᠲᠦᠭᠡᠢ ᠭᠡᠮᠡᠨ ᠱᠠᠭᠠᠷᠳᠠᠪᠠ ᠃ ᠭᠡᠲᠡᠯ᠎ᠡ ᠲᠣᠬᠣᠨᠲᠡᠮᠦᠷ ᠬᠠᠭᠠᠨ ᠡᠳᠡᠭᠡᠷ ᠰᠠᠨᠠᠯ ᠢᠳᠬᠠᠯ ᠢ᠋ ᠪᠦᠷ ᠬᠦᠯᠢᠶᠡᠨ ᠠᠪᠤᠭᠰᠠᠨ ᠦᠭᠡᠢ ᠃  ᠢᠦᠢᠱ᠌ᠢ  ᠳ᠋ᠠᠶ᠋ᠢᠹᠥ᠋ ᠲᠦᠰᠢᠮᠡᠯ ᠯᠤᠲᠢ ᠱᠠᠭ ᠪᠣᠯ ᠲᠣᠬᠣᠨᠲᠡᠮᠦᠷ ᠬᠠᠭᠠᠨ ᠤ᠋ ᠨᠠᠭᠠᠴᠤ < ᠮᠠᠶ᠋ᠢᠯᠠᠶ᠋ᠢᠲᠢ ᠬᠠᠲᠤᠨ ᠤ᠋ ᠳᠡᠭᠦᠦ > ᠪᠥᠯᠥᠭᠡ ᠃ ᠲᠡᠷᠡ ᠡᠨᠡ ᠬᠡᠷᠡᠭ ᠢ᠋ ᠰᠣᠨᠣᠰᠤᠭᠠᠳ ᠲᠣᠬᠣᠨᠲᠡᠮᠦᠷ ᠬᠠᠭᠠᠨ ᠊ᠢ ᠪᠡᠶ᠎ᠡ ᠪᠡᠷ ᠡᠷᠢᠵᠦ ᠬᠦᠷᠦᠭᠡᠳ ᠴᠦᠰᠬᠢ ᠪᠣᠯᠤᠨ ᠲᠡᠭᠦᠨ ᠦ᠌ ᠬᠠᠮᠰᠠᠭᠠᠲᠠᠨ ᠫᠢᠶᠣᠣ ᠪᠤᠬ᠎ᠠ ᠶ᠋ᠢ ᠲᠤᠰᠢᠶᠠᠯ ᠠ᠋ᠴᠠ ᠨᠢ ᠣᠭᠴᠣᠷᠠᠭᠤᠯᠵᠤ ᠬᠣᠯᠠ ᠭᠠᠵᠠᠷ ᠴᠦᠯᠡᠬᠦ ᠪᠡᠷ ᠱᠠᠭᠠᠷᠳᠠᠪᠠ᠃
       ᠥᠯᠵᠡᠢ ᠬᠤᠲᠤᠭ ᠬᠠᠲᠤᠨ ᠂ ᠬᠠᠭᠠᠨ ᠤ᠋ ᠨᠠᠭᠠᠴᠤ ᠪᠡᠶ᠎ᠡ ᠪᠡᠷ ᠬᠥᠳᠡᠯᠵᠦ  ᠴᠦᠰᠬᠢ ᠪᠣᠯᠤᠨ ᠫᠢᠶᠣᠣ ᠪᠤᠬ᠎ᠠ ᠶ᠋ᠢ ᠢᠯᠡᠴᠢᠯᠡᠨ ᠵᠠᠭᠠᠯᠳᠤᠭᠰᠠᠨ ᠊ᠢ ᠮᠡᠳᠡᠭᠡᠳ ᠰᠡᠳᠬᠢᠯ ᠠᠮᠤᠷ ᠦᠭᠡᠢ ᠪᠣᠯᠵᠤ ᠬᠣᠩ ᠲᠠᠶ᠋ᠢᠽᠢ ᠠᠶᠤᠰᠢᠷᠢᠲᠠᠷᠨ ᠳ᠋ᠤ᠌ ᠥᠭᠦᠯᠡᠷᠦᠨ ᠄ 《 ᠴᠦᠰᠬᠢ ᠴᠢᠩᠰᠠᠩ ᠪᠣᠯᠪᠠᠰᠤ ᠪᠢᠳᠡᠨ ᠦ᠌ ᠠᠮᠢᠳᠤᠷᠠᠯ ᠤ᠋ᠨ ᠡᠯ᠎ᠡ ᠲᠠᠯ᠎ᠠ ᠶ᠋ᠢ ᠬᠠᠮᠢᠶᠠᠷᠤᠭᠰᠠᠨ ᠬᠠᠮᠤᠭ ᠤ᠋ᠨ ᠢᠲᠡᠭᠡᠯᠲᠦ ᠲᠦᠰᠢᠮᠡᠯ ᠪᠤᠶᠤ ᠃ ᠲᠡᠳᠡ ᠡᠨᠡ ᠬᠣᠶᠠᠷ ᠬᠥᠮᠦᠨ ᠢ᠋ ᠵᠠᠨᠤᠵᠤ ᠬᠣᠷᠣᠰᠤᠭᠠᠳ ᠠᠪᠴᠤ ᠤᠨᠠᠭᠠᠬᠤ ᠪᠠᠷ ᠪᠠᠢᠭ᠎ᠠ ᠨᠢ ᠬᠡᠷᠩ ᠳᠡᠭᠡᠷ᠎ᠡ ᠪᠡᠨ ᠨᠠᠳᠠ ᠳ᠋ᠤ᠌ ᠴᠢᠭᠯᠡᠭᠦᠯᠦᠭᠰᠡᠨ ᠶᠠᠪᠤᠳᠠᠯ ᠪᠣᠯᠠᠢ 》 ᠬᠡᠮᠡᠭᠰᠡᠨ᠎ᠡ ᠠᠶᠤᠰᠢᠷᠢᠳᠠᠷᠨ ᠥᠴᠢᠷᠦᠨ ᠄ 《 ᠬᠠᠲᠤᠨ ᠡᠬᠡ ᠲᠠ ᠰᠡᠳᠬᠢᠯ ᠢ᠋ ᠰᠤᠯᠠ ᠳᠡᠯᠪᠢ ᠃ ᠨᠠᠳᠠ ᠳ᠋ᠤ᠌ ᠠᠷᠭ᠎ᠠ ᠪᠣᠢ 》 ᠬᠡᠮᠡᠪᠡ ᠃