ᠵᠢᠷᠤᠭ  ᠤᠨ ᠪᠣᠷᠣ - ᠬᠠᠰᠪᠠᠷᠰ Зургийн бор - Хасбарс ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠤᠭ  ᠤᠨ ᠪᠣᠷᠣ - ᠬᠠᠰᠪᠠᠷᠰ Зургийн бор - Хасбарс

ᠵᠢᠷᠤᠭ  ᠤᠨ ᠪᠣᠷᠣ - ᠬᠠᠰᠪᠠᠷᠰ Зургийн бор - Хасбарс

2023-04-10

394

ᠵᠢᠷᠤᠭ  ᠤᠨ ᠪᠣᠷᠣ


                         ᠬᠠᠰᠪᠠᠷᠰ ᠵᠣᠬᠢᠶᠠᠪᠠ  
  
    ᠳᠠᠷᠮᠠᠵᠠᠪ ᠪᠣᠯ ᠮᠣᠷᠢᠨ ᠳ᠋ᠤ᠌ ᠲᠤᠩ ᠳᠤᠷᠠᠲᠠᠢ ᠂ ᠰᠠᠢᠨ ᠮᠣᠷᠢ ᠦᠵᠡᠪᠡᠯ ᠰᠠᠯᠬᠤ ᠳᠤᠷ᠎ᠠ ᠦᠭᠡᠢ ᠬᠥᠮᠦᠨ ᠪᠠᠶ᠋ᠢᠵᠠᠢ ᠃ ᠲᠡᠶ᠋ᠢᠮᠦ ᠡᠴᠡ ᠬᠡᠲᠦᠶ᠋ᠢᠪᠡᠷ ᠦᠭᠡᠶ᠋ᠢᠭᠦᠦ ᠶᠠᠳᠠᠭᠤ ᠪᠣᠯᠪᠠᠴᠤ ᠨᠢᠭᠡ ᠰᠠᠢᠨ ᠮᠣᠷᠢ ᠣᠯᠤᠶ᠎ᠠ ᠭᠡᠵᠦ ᠶᠡᠬᠡᠯ᠎ᠡ ᠬᠦᠰᠡᠵᠦ ᠪᠠᠶ᠋ᠢᠵᠠᠢ ᠃ ᠨᠢᠭᠡ ᠵᠢᠯ ᠬᠡᠭᠡᠷ᠎ᠡ ᠶ᠋ᠢᠨ ᠴᠠᠭᠠᠨ ᠮᠥᠭᠥ ᠶᠡᠬᠡ ᠦᠨ᠎ᠡ ᠬᠦᠷᠦᠭᠰᠡᠨ ᠳ᠋ᠦ᠍ ᠳᠠᠷᠮᠠᠵᠠᠪ ᠡᠬᠡᠨᠡᠷ ᠲᠡᠢ ᠪᠡᠨ ᠬᠣᠶᠠᠭᠤᠯᠠ ᠴᠢᠯᠥᠭᠡ ᠯᠡ ᠭᠠᠷᠪᠠᠯ ᠬᠥᠳᠡᠭᠡ ᠭᠠᠷᠴᠤ ᠮᠥᠭᠥ  ᠲᠡᠭᠦᠭᠰᠡᠭᠡᠷ ᠪᠠᠶ᠋ᠢᠭᠠᠳ ᠨᠡᠯᠢᠶᠡᠳ ᠴᠤᠭᠯᠠᠭᠤᠯᠵᠠᠢ ᠃ ᠲᠡᠭᠦᠨ ᠢ᠋ᠶ᠋ᠡᠷ ᠢ᠋ᠶ᠋ᠡᠨ ᠳᠣᠲᠣᠷ ᠭᠠᠵᠠᠷ ᠠ᠋ᠴᠠ ᠢᠷᠡᠭᠰᠡᠨ ᠨᠢᠭᠡ ᠬᠢᠲᠠᠳ ᠮᠠᠶ᠋ᠢᠮᠠᠶ᠋ᠢᠴᠢᠨ ᠠ᠋ᠴᠠ ᠪᠣᠷᠣ ᠳᠠᠭ᠎ᠠ ᠰᠣᠯᠢᠵᠤ ᠠᠪᠴᠠᠢ ᠃ ᠡᠨᠡ ᠪᠣᠷᠣ ᠳᠠᠭ᠎ᠠ ᠨᠢ ᠬᠡᠳᠦᠨ ᠵᠢᠯ ᠦ᠋ᠨ ᠳᠠᠷᠠᠭ᠎ᠠ  ᠰᠠᠢᠨ ᠴᠤ᠌ ᠮᠣᠷᠢ ᠪᠣᠯᠵᠠᠢ ᠂ ᠮᠠᠩᠨᠠᠢ ᠲᠡᠨᠢᠭᠡᠷ ᠂ ᠮᠤᠨᠳᠠᠭ᠎ᠠ ᠥᠨᠳᠥᠷ ᠂ ᠳᠡᠯ ᠰᠡᠭᠦᠯ ᠥᠳᠬᠡᠨ ᠂ ᠳᠠᠯᠤ ᠬᠠᠷᠴᠠᠭ᠎ᠠ ᠥᠷᠭᠡᠨ ᠁ ᠬᠤᠷᠳᠤᠨ ᠭᠡᠳᠡᠭ ᠊ᠢ ᠨᠢ ᠨᠡᠩ ᠪᠤᠤ ᠬᠡᠯᠡ ᠂ ᠨᠢᠭᠡ ᠯᠡ ᠭᠦᠶᠦᠳᠡᠯ ᠳᠡᠭᠡᠷ᠎ᠡ ᠴᠢᠨᠣ᠎ᠠ ᠶ᠋ᠢ ᠭᠦᠢᠴᠡᠴᠢᠬᠡᠳᠡᠭ ᠭᠡᠨ᠎ᠡ ᠃ ᠳᠠᠷᠮᠠᠵᠠᠪ ᠂ ᠮᠣᠷᠢ ᠪᠠᠨ ᠡᠷᠳᠡᠨᠢ ᠰᠢᠭ ᠬᠠᠶ᠋ᠢᠷᠠᠯᠠᠵᠤ ᠂ 《 ᠵᠢᠷᠤᠭ ᠤ᠋ᠨ ᠪᠣᠷᠣ 》 ᠭᠡᠵᠦ ᠨᠠᠷᠠᠯᠠᠪᠠ ᠃ 
     ᠡᠨᠡ 《 ᠵᠢᠷᠤᠭ ᠤ᠋ᠨ ᠪᠣᠷᠣ 》 ᠶ᠋ᠢᠨ ᠴᠤᠤ ᠶ᠋ᠢ ᠥᠨᠳᠥᠷ ᠴᠢᠬᠢ ᠲᠡᠢ ᠦᠵᠦᠮᠦᠴᠢᠨ ᠸᠠᠩ ᠳᠣᠷᠵᠢ ᠰᠣᠨᠣᠰᠤᠭᠠᠳ ᠠᠪᠴᠠᠢ ᠃ ᠲᠡᠷᠡ ᠱᠠᠩ ᠳ᠋ᠠᠭᠠᠨ ᠲᠠᠲᠠᠬᠤ ᠭᠡᠵᠦ ᠭᠣᠴᠣᠭ ᠠᠷᠲᠠᠨ᠎ᠠ ᠪᠠᠨ ᠬᠡᠳᠦ ᠤᠳᠠᠭ᠎ᠠ ᠵᠠᠷᠤᠪᠠ ᠃ ᠮᠣᠷᠢᠨ ᠳ᠋ᠠᠭᠠᠨ ᠬᠠᠶ᠋ᠢᠷᠠᠲᠠᠢ ᠳᠠᠷᠮᠠᠵᠠᠪ ᠴᠤ᠌ ᠤᠳᠠᠭ᠎ᠠ ᠪᠦᠷᠢ ᠡᠶ᠋ᠢᠮᠦ ᠲᠡᠶ᠋ᠢᠮᠦ ᠭᠡᠵᠦ ᠭᠤᠶᠤᠵᠤ ᠭᠤᠩᠰᠢᠭᠠᠳ ᠠᠷᠭᠠᠯᠠᠨ ᠪᠤᠴᠠᠭᠠᠵᠤ ᠪᠠᠶ᠋ᠢᠵᠠᠢ ᠃ ᠭᠡᠲᠡᠯ᠎ᠡ ᠨᠢᠭᠡᠨ ᠡᠳᠦᠷ ᠳᠣᠷᠵᠢ ᠸᠠᠩ ᠤ᠋ᠨ ᠵᠤᠤᠬᠠᠨ ᠪᠣᠭᠣᠯ ᠵᠠᠮᠪᠠᠯ ᠂ ᠴᠢᠯᠥᠭᠡ ᠭᠤᠶᠤᠭᠠᠳ ᠭᠡᠷ ᠲᠡᠭᠡᠨ ᠬᠠᠷᠢᠬᠤ ᠳ᠋ᠠᠭᠠᠨ ᠳᠠᠷᠮᠠᠵᠠᠪ ᠤ᠋ᠨ ᠬᠢ ᠪᠡᠷ ᠳᠠᠭᠠᠷᠢᠵᠠᠢ ᠃
      ᠳᠠᠷᠮᠠᠵᠠᠪ ᠲᠡᠳᠡ ᠬᠣᠶᠠᠭᠤᠯᠠ ᠪᠠᠭ᠎ᠠ ᠳ᠋ᠠᠭᠠᠨ ᠨᠢᠭᠡ ᠳᠣᠣᠷ᠎ᠠ  ᠥᠰᠦᠭᠰᠡᠨ ᠶᠡᠬᠡ ᠳᠣᠲᠣᠨᠣ ᠤᠯᠤᠰ ᠲᠤᠯᠠ ᠵᠠᠮᠪᠠᠯ ᠄ 《 ᠳᠠᠷᠮᠠᠵᠠᠪ ᠠ᠋ ! ᠮᠠᠭᠤ ᠪᠣᠯᠵᠠᠢ ᠂ ᠳᠣᠷᠵᠢ ᠸᠠᠩ ᠬᠡᠳᠦᠨ ᠡᠳᠦᠷ ᠡᠴᠡ ( ᠵᠢᠷᠤᠭ ᠤ᠋ᠨ ᠪᠣᠷᠣ  ) ᠶ᠋ᠢ ᠴᠢᠨᠢ ᠪᠤᠯᠢᠶᠠᠬᠤ ᠪᠠᠷ ᠬᠥᠮᠦᠨ ᠶᠠᠪᠤᠭᠤᠯᠬᠤ ᠭᠡᠵᠦ ᠪᠠᠶ᠋ᠢᠨ᠎ᠠ 》 ᠭᠡᠵᠦ ᠬᠡᠯᠡ  ᠥᠭᠭᠦᠭᠡᠳ ᠶᠠᠪᠤᠪᠠ ᠃ ᠳᠠᠷᠮᠠᠵᠠᠪ ᠰᠣᠨᠣᠰᠤᠭᠠᠳ ᠨᠢᠭᠡᠮᠦᠰᠦᠨ ᠰᠠᠨᠳᠤᠷᠴᠤ ᠠᠷᠭ᠎ᠠ ᠶᠠᠳᠠᠪᠠ ᠃ ᠶᠠᠭ ᠡᠨᠡ ᠦᠶ᠎ᠡ ᠳ᠋ᠦ᠍ ᠭᠡᠨᠡᠳᠲᠡ ᠲᠡᠭᠦᠰ ᠭᠡᠳᠡᠭ ᠨᠡᠷ᠎ᠡ ᠲᠡᠢ ᠵᠠᠬᠢᠷᠤᠭᠴᠢ ᠨᠣᠶᠠᠨ ᠳᠠᠷᠮᠠᠵᠠᠪ ᠤ᠋ᠨ ᠳ᠋ᠤ᠌ ᠬᠦᠷᠴᠦ ᠢᠷᠡᠪᠡ ᠃ ᠳᠠᠷᠮᠠᠵᠠᠪ ᠤ᠋ᠨ ᠮᠠᠭᠤ ᠮᠠᠶ᠋ᠢᠵᠢᠬᠢ ᠭᠡᠷ ᠲᠦ᠍ ᠵᠠᠬᠢᠷᠤᠭᠴᠢ ᠨᠣᠶᠠᠨ ᠢᠷᠡᠨ᠎ᠡ ᠭᠡᠳᠡᠭ ᠴᠢᠨᠢ ᠭᠠᠯᠠᠪ ᠲᠤ᠌ ᠦᠭᠡᠢ ᠬᠡᠷᠡᠭ ᠰᠢᠦ ᠃ ᠳᠠᠷᠮᠠᠵᠠᠪ ᠮᠡᠨᠳᠦᠯᠡᠨ ᠵᠠᠯᠠᠭᠠᠳ ᠬᠠᠷ᠎ᠠ ᠪᠣᠯᠪᠠᠴᠤ ᠴᠠᠢ ᠪᠠᠷᠢᠵᠠᠢ ᠃ ᠬᠤᠯᠤᠭᠠᠷ ᠴᠢᠬᠢ ᠲᠡᠢ ᠂ ᠬᠠᠪᠠ ᠨᠣᠬᠠᠢ ᠶ᠋ᠢᠨ ᠬᠠᠮᠠᠷ ᠲᠠᠢ ᠲᠡᠭᠦᠰ ᠵᠠᠬᠢᠷᠤᠭᠴᠢ ᠶᠡᠬᠡᠯ᠎ᠡ ᠳᠣᠲᠣᠨᠣᠰᠣᠭ  ᠰᠢᠭ᠋ ᠠᠭᠠᠰᠢᠯᠠᠵᠤ ᠂  ᠰᠠᠢᠨ ᠊ᠢ ᠨᠢ ᠠᠰᠠᠭᠤᠭᠠᠳ ᠄ 《 ᠳᠠᠷᠮᠠᠵᠠᠪ ᠠ᠋ ! ᠲᠠᠨ  ᠰᠢᠭ᠋ ᠶᠠᠳᠠᠭᠤ ᠵᠦᠳᠡᠭᠦᠦ ᠬᠥᠮᠦᠨ ᠦᠨᠢᠶ᠎ᠡ ᠮᠠᠯ ᠬᠡᠷᠡᠭ ᠲᠡᠢ ᠪᠠᠶ᠋ᠢᠬᠤ ᠠ᠋ ! ᠪᠢ ᠴᠢᠮᠠᠲᠤ ᠨᠢᠭᠡ ᠲᠤᠭᠤᠯ ᠲᠠᠢ  ᠰᠠᠢᠨ ᠦᠨᠢᠶ᠎ᠡ  ᠥᠭᠭᠦᠶ᠎ᠡ ᠂ ( ᠵᠢᠷᠤᠭ ᠤ᠋ᠨ ᠪᠣᠷᠣ ) ᠪᠠᠨ ᠨᠠᠳᠠ  ᠥᠭᠴᠢᠭᠡ ᠂ ᠶᠠᠳᠠᠭᠤ ᠬᠥᠮᠦᠨ ᠴᠢᠮᠠᠲᠤ ᠲᠡᠷᠡ ᠶᠠᠮᠠᠷ ᠯᠠ ᠬᠡᠷᠡᠭ ᠪᠠᠶ᠋ᠢᠬᠤ ᠪᠣᠢ ᠳᠠ 》 ᠭᠡᠵᠦ ᠢᠷᠡᠭᠰᠡᠨ ᠰᠠᠨᠠᠭ᠎ᠠ ᠪᠠᠨ ᠰᠢᠭᠤᠳ ᠬᠡᠯᠡᠪᠡ ᠃ ᠳᠠᠷᠮᠠᠵᠠᠪ ᠰᠣᠨᠣᠰᠤᠭᠠᠳ ᠪᠠᠬᠠᠨ ᠠᠭᠤᠷᠯᠠᠵᠤ ᠂ ᠳᠣᠲᠣᠷ᠎ᠠ ᠪᠠᠨ ᠪᠠᠶᠠᠳ ᠨᠣᠶᠠᠳ ᠯᠠ  ᠰᠠᠢᠨ ᠮᠣᠷᠢ ᠤᠨᠤᠬᠤ ᠰᠠᠯᠲᠠᠭ᠎ᠠ ᠲᠠᠢ ᠶᠤᠮ ‍ᠤᠤ ? ᠭᠡᠵᠦ ᠪᠣᠳᠣᠵᠤ ᠪᠠᠶ᠋ᠢᠲᠠᠯ᠎ᠠ ᠡᠬᠡᠨᠡᠷ ᠳᠡᠯᠭᠡᠷ ᠨᠢ ᠭᠠᠷ ᠠ᠋ᠴᠠ ᠨᠢ ᠲᠠᠲᠠᠵᠤ ᠭᠠᠷᠤᠭᠠᠳ ᠄ 《 ᠮᠢᠨᠦ ᠪᠣᠳᠣᠬᠤ ᠪᠠᠷ ᠡᠨᠡ ᠮᠣᠷᠢ ᠮᠠᠨ ᠤ᠋ ᠪᠣᠯᠬᠤ ᠠ᠋ᠴᠠ ᠭᠠᠷᠴᠠᠢ ᠃ ᠲᠡᠭᠦᠰ ᠵᠠᠬᠢᠷᠤᠭᠴᠢ ᠠᠪᠠᠴᠢᠵᠤ ᠴᠢᠳᠠᠬᠤ ᠦᠭᠡᠢ ᠪᠣᠯ ᠳᠣᠷᠵᠢ ᠸᠠᠩ ᠠᠪᠠᠴᠢᠨ᠎ᠠ ᠃ ᠳᠣᠷᠵᠢ ᠸᠠᠩ ᠢᠷᠡᠪᠡᠯ ᠬᠠᠷᠢᠨ ᠣᠷᠣ ᠦᠭᠡᠢ ᠪᠡᠷ ᠪᠤᠯᠢᠶᠠᠵᠤ ᠮᠡᠳᠡᠨ᠎ᠡ ᠃ ᠲᠡᠭᠡᠬᠦᠯᠡᠷ ᠨᠢᠭᠡ ᠲᠤᠭᠤᠯ ᠲᠠᠢ  ᠰᠠᠢᠨ ᠦᠨᠢᠶ᠎ᠡ ᠪᠡᠷ ᠲᠡᠭᠦᠰ ᠵᠠᠬᠢᠷᠤᠭᠴᠢ ᠳ᠋ᠤ᠌  ᠥᠭᠴᠢᠭᠡᠪᠡᠯ ᠳᠡᠭᠡᠷ᠎ᠡ ᠪᠢᠰᠢᠦ ? 》 ᠭᠡᠵᠦ ᠰᠢᠪᠡᠨᠡᠨ ᠬᠡᠯᠡᠪᠡ ᠃ ᠳᠠᠷᠮᠠᠵᠠᠪ ᠪᠣᠳᠣᠪᠠᠯ ᠪᠠᠰᠠ ᠵᠥᠪ ᠪᠣᠯᠬᠣᠷ ᠠᠭᠤᠷ ᠢ᠋ᠶ᠋ᠠᠨ ᠳᠠᠷᠤᠭᠠᠳ ᠣᠷᠣᠵᠤ ᠢᠷᠡᠪᠡ ᠃ ᠲᠡᠭᠦᠰ ᠵᠠᠬᠢᠷᠤᠭᠴᠢ ᠄ 《 ᠴᠢ  ᠥᠭᠪᠡᠯ ᠪᠢ ᠣᠳᠣ ᠪᠠᠷ ᠢ᠋ᠶ᠋ᠠᠨ ᠠᠪᠤᠭᠠᠳ ᠶᠠᠪᠤᠨ᠎ᠠ ᠂ ᠲᠠᠨᠤᠰ ᠳᠠᠷᠠᠭᠠᠪᠠᠷ ᠣᠴᠢᠭᠠᠳ ᠲᠤᠭᠤᠯ ᠲᠠᠢ ᠦᠨᠢᠶ᠎ᠡ ᠪᠡᠨ ᠠᠪᠤᠭᠠᠳ ᠢᠷ᠎ᠡ 》 ᠭᠡᠵᠦ ᠳᠠᠪᠲᠠᠨ ᠬᠡᠯᠡᠪᠡ ᠃ ᠳᠠᠷᠮᠠᠵᠠᠪ ᠠᠷᠭ᠎ᠠ ᠦᠭᠡᠢ ᠳᠣᠭᠣᠯᠠᠩ ᠨᠢᠯᠪᠤᠰᠤ ᠤᠨᠠᠭᠠᠨ ᠄ 《 ( ᠵᠢᠷᠤᠭ ᠤ᠋ᠨ ᠪᠣᠷᠣ ) ᠮᠢᠨᠢ ᠬᠥᠳᠡᠭᠡ ᠴᠢᠳᠥᠷ ᠲᠡᠢ ᠪᠠᠶ᠋ᠢᠨ᠎ᠠ ᠂ ᠪᠢ ᠠᠪᠴᠢᠷᠠᠵᠤ  ᠥᠭᠭᠦᠶ᠎ᠡ 》 ᠭᠡᠳ ᠭᠠᠷᠴᠤ ᠶᠠᠪᠤᠪᠠ ᠃ 
      ᠳᠠᠷᠮᠠᠵᠠᠪ ᠬᠥᠯ ᠳ᠋ᠦ᠍ᠨᠢ ᠳᠥᠩᠭᠡ ᠲᠡᠢ ᠰᠢᠭ ᠬᠦᠨᠳᠦ ᠭᠡᠭᠴᠢ ᠪᠡᠷ ᠠᠯᠬᠤᠭᠰᠠᠭᠠᠷ 《 ᠵᠢᠷᠤᠭ ᠤ᠋ᠨ ᠪᠣᠷᠣ 》 ᠶ᠋ᠢᠨ ᠢ᠋ᠶ᠋ᠡᠨ ᠳᠡᠷᠭᠡᠳᠡ ᠬᠦᠷᠪᠡ ᠃ ᠬᠠᠶ᠋ᠢᠷᠠᠲᠠᠢ ᠮᠣᠷᠢ ᠪᠠᠨ  ᠦᠵᠡᠮᠡᠭᠴᠡ ᠬᠦᠵᠦᠭᠦᠦ ᠶ᠋ᠢ ᠨᠢ ᠲᠡᠪᠡᠷᠢᠭᠡᠳ ᠳᠠᠭᠤ ᠠᠯᠲᠠᠨ ᠤᠬᠢᠯᠠᠯ᠎ᠠ ᠃ 《 ᠵᠢᠷᠤᠭ ᠤ᠋ᠨ ᠪᠣᠷᠣ 》 ᠮᠢᠨᠢ ! ᠡᠨᠡ ᠡᠳᠦᠷ ᠠᠷᠠᠴᠢᠯᠠᠵᠤ ᠪᠣᠶ᠋ᠢᠵᠢᠭᠤᠯᠤᠭᠰᠠᠨ ᠡᠵᠡᠨ ᠡᠴᠡ ᠪᠡᠨ ᠰᠠᠯᠬᠤ ᠪᠣᠯᠤᠭᠰᠠᠨ ᠢ᠋ᠶ᠋ᠠᠨ ᠮᠡᠳᠡᠵᠦ ᠪᠠᠶ᠋ᠢᠨᠠᠤ ? ᠸᠠᠩ ᠨᠣᠶᠠᠳ ᠴᠢᠮᠠᠶ᠋ᠢ ᠠᠪᠠᠴᠢᠬᠤ ᠭᠡᠵᠦ ᠪᠠᠶ᠋ᠢᠨ᠎ᠠ ᠃ ᠶᠢᠷᠲᠢᠨᠴᠦ ᠠ᠋ ! ᠶᠢᠷᠲᠢᠨᠴᠦ ᠂ ᠡᠨᠡ ᠶᠢᠷᠲᠢᠨᠴᠦ ᠶᠠᠮᠠᠷ ᠬᠠᠷᠠᠩᠭᠤᠢ ᠪᠣᠢ ⁈ ᠦᠭᠡᠶ᠋ᠢᠭᠦᠦ ᠶᠠᠳᠠᠭᠤ ᠪᠢᠳᠡ  ᠰᠠᠢᠨ ᠮᠣᠷᠢ ᠲᠡᠵᠢᠭᠡᠵᠦ ᠤᠨᠤᠬᠤ ᠡᠷᠬᠡ ᠴᠢᠯᠥᠭᠡ ᠪᠠᠰᠠ ᠦᠭᠡᠢ ‍ᠤᠤ ! ᠁ ᠭᠡᠵᠦ ᠭᠠᠰᠢᠭᠤᠳᠠᠨ᠎ᠠ ᠃ ᠬᠥᠭᠡᠷᠦᠬᠦᠢ ᠂ 《 ᠵᠢᠷᠤᠭ ᠤ᠋ᠨ ᠪᠣᠷᠣ 》 ᠨᠢ ᠴᠦ᠍ ᠡᠵᠡᠨ ᠦ᠌ ᠪᠡᠨ ᠡᠮᠭᠡᠨᠢᠨ ᠵᠣᠪᠠᠵᠤ ᠪᠠᠶ᠋ᠢᠬᠤ ᠶ᠋ᠢ ᠮᠡᠳᠡᠭᠰᠡᠨ ᠪᠣᠯᠤᠯᠲᠠᠢ ᠂ ᠤᠨᠠᠭᠠᠨ ᠳᠠᠭᠤ ᠪᠠᠷ ᠦᠦᠷᠰᠡᠵᠦ ᠂ ᠡᠷᠡᠦ ᠪᠡᠷ ᠢ᠋ᠶ᠋ᠡᠨ ᠳᠠᠷᠮᠠᠵᠠᠪ ᠤ᠋ᠨ ᠲᠣᠬᠣᠢ ᠶ᠋ᠢ ᠱᠦᠷᠭᠦᠭᠡᠨ᠎ᠡ ᠃ ᠳᠠᠷᠮᠠᠵᠠᠪ ᠨᠢᠭᠡᠨ ᠵᠡᠷᠭᠡ ᠤᠬᠢᠯᠠᠭᠠᠳ ᠬᠡᠰᠢᠭ ᠪᠡᠯᠭᠡ ᠪᠥᠭᠡᠳ ᠬᠠᠶ᠋ᠢᠷᠠᠯᠠᠬᠤ ᠲᠡᠮᠳᠡᠭ ᠭᠡᠵᠦ ᠮᠣᠷᠢᠨ ᠤ᠋ ᠪᠠᠨ ᠳᠡᠯ ᠰᠡᠭᠦᠯ ᠡᠴᠡ ᠨᠢᠭᠡ ᠬᠡᠳᠦᠨ ᠦᠰᠦ ᠠᠪᠤᠭᠠᠳ ᠵᠠᠬᠢᠷᠤᠭᠴᠢ ᠳ᠋ᠤ᠌ ᠲᠤᠰᠢᠶᠠᠪᠠ ᠃ ᠲᠡᠭᠦᠰ ᠵᠠᠬᠢᠷᠤᠭᠴᠢ ᠂ ᠳᠠᠷᠮᠠᠵᠠᠪ ᠲᠤ᠌ ᠪᠠᠶᠠᠷᠯᠠᠭᠰᠠᠨ ᠴᠤ᠌ ᠪᠢᠰᠢ ᠠᠭᠤᠷᠯᠠᠭᠰᠠᠨ ᠴᠤ᠌ ᠪᠢᠰᠢ ᠨᠢᠭᠡ ᠯᠡ ᠡᠪ ᠦᠭᠡᠢ ᠢᠨᠢᠶᠡᠭᠡᠳ ᠂ 《 ᠵᠢᠷᠤᠭ ᠤ᠋ᠨ ᠪᠣᠷᠣ 》 ᠶ᠋ᠢ ᠨᠢ ᠠᠪᠤᠭᠠᠳ ᠶᠠᠪᠤᠵᠠᠢ ᠃ 
      ᠳᠠᠷᠮᠠᠵᠠᠪ ᠮᠣᠷᠢᠨ ᠤ᠋ ᠳᠡᠯ ᠰᠡᠭᠦᠯ ᠡᠴᠡ  ᠦᠯᠡᠳᠡᠭᠡᠭᠰᠡᠨ ᠬᠡᠳᠦᠨ ᠦᠰᠦ ᠶ᠋ᠢ ᠪᠠᠷᠢᠭᠠᠳ ᠂ ᠡᠬᠡᠨᠡᠷ ᠳᠡᠯᠭᠡᠷ ᠲᠡᠢ ᠪᠡᠨ ᠬᠣᠶᠠᠭᠤᠯᠠ ᠬᠣᠶ᠋ᠢᠨ᠎ᠠ ᠠ᠋ᠴᠠ ᠨᠢ 《 ( ᠵᠢᠷᠤᠭ ᠤ᠋ᠨ ᠪᠣᠷᠣ ) ᠮᠢᠨᠢ ᠬᠤᠷᠤᠢ ! ( ᠵᠢᠷᠤᠭ ᠤ᠋ᠨ ᠪᠣᠷᠣ ) ᠮᠢᠨᠢ ᠬᠤᠷᠤᠢ ! 》 ᠭᠡᠵᠦ ᠨᠢᠳᠦᠨ ᠳᠠᠯᠳᠠ ᠣᠷᠣᠲᠠᠯ᠎ᠠ ᠳᠠᠭᠤᠳᠠᠨ ᠬᠣᠴᠣᠷᠪᠠ ᠃ 
     《 ᠵᠢᠷᠤᠭ ᠤ᠋ᠨ ᠪᠣᠷᠣ 》 ᠪᠠᠨ ᠠᠪᠲᠠᠭᠠᠳ ᠬᠣᠶᠠᠷ ᠬᠣᠨᠣᠭᠰᠠᠨ ᠦᠭᠡᠢ ᠳᠣᠷᠵᠢ ᠸᠠᠩ ᠤ᠋ᠨ ᠭᠣᠴᠣᠭ ᠠᠷᠲᠠᠨ᠎ᠠ ᠪᠠᠰᠠ ᠬᠣᠶᠠᠷ ᠬᠥᠮᠦᠨ ᠳᠠᠭᠠᠭᠤᠯᠤᠨ ᠮᠣᠷᠢ ᠶ᠋ᠢ ᠨᠢ ᠪᠤᠯᠢᠶᠠᠵᠤ ᠠᠪᠠᠴᠢᠬᠤ ᠪᠠᠷ ᠢᠷᠡᠵᠡᠢ ᠃ ᠲᠡᠳᠡ ᠲᠡᠭᠦᠰ ᠵᠠᠬᠢᠷᠤᠭᠴᠢ ᠠᠪᠤᠭᠠᠳ ᠶᠠᠪᠤᠯ᠎ᠠ ᠭᠡᠵᠦ ᠰᠣᠨᠣᠰᠤᠮᠠᠭᠴᠠ ᠂ ᠳᠠᠷᠮᠠᠵᠠᠪ ᠊ᠢ ᠨᠢᠭᠡ ᠵᠡᠷᠭᠡ ᠰᠠᠢᠨ ᠬᠠᠷᠢᠶᠠᠭᠠᠳ ᠂ ᠦᠭᠡ ᠳᠠᠭᠤᠨ ᠦᠭᠡᠢ ᠭᠡᠷ ᠲᠦ᠋ᠨᠢ ᠪᠠᠶ᠋ᠢᠬᠰᠠᠨ ᠴᠣᠷ  ᠶ᠋ᠢᠨ ᠭᠠᠭᠴᠠ ᠰᠢᠨ᠎ᠡ ᠢᠰᠡᠭᠡᠢ ᠶ᠋ᠢ ᠨᠢ ᠪᠤᠯᠢᠶᠠᠨ ᠠᠪᠴᠤ ᠶᠠᠪᠤᠪᠠ ᠃ ᠸᠠᠩ ᠤ᠋ᠨ ᠵᠠᠷᠯᠢᠭ ᠢ᠋ᠶ᠋ᠠᠷ ᠢᠷᠡᠭᠰᠡᠨ ᠬᠥᠮᠦᠰ ᠊ᠢ ᠳᠠᠷᠮᠠᠵᠠᠪ ᠶᠠᠭᠠᠬᠢᠵᠤ ᠴᠢᠳᠠᠬᠤ ᠪᠣᠢ ? ᠪᠠᠰᠠ ᠯᠠ ᠬᠣᠣᠷ ᠊ᠢ ᠨᠢ ᠠᠮᠰᠠᠭᠠᠳ ᠬᠣᠴᠣᠷᠬᠤ ᠯᠠ ᠬᠡᠷᠡᠭ ᠠ᠋ ! 
      ᠳᠠᠷᠠᠭ᠎ᠠ ᠨᠢ ᠲᠡᠭᠦᠰ ᠵᠠᠬᠢᠷᠤᠭᠴᠢ ᠶ᠋ᠢᠨ ᠥᠭᠭᠦᠭᠰᠡᠨ ᠲᠤᠭᠤᠯ ᠲᠠᠢ ᠦᠨᠢᠶ᠎ᠡ ᠶ᠋ᠢ ᠲᠠᠭᠤᠵᠤ ᠠᠪᠴᠢᠷᠠᠪᠠ ᠃ ᠶᠠᠭᠤᠨ ᠤ᠋ ᠬᠢᠨᠢ ᠰᠠᠢᠨ ᠦᠨᠢᠶ᠎ᠡ ᠳᠡ ! ᠰᠢᠲᠦ ᠦᠭᠡᠢ ᠪᠣᠯᠤᠭᠰᠠᠨ ᠭᠡᠭᠡᠰᠢ ᠶ᠋ᠢᠨ ᠮᠠᠯ ᠪᠠᠶ᠋ᠢᠵᠠᠢ ᠃ ᠳᠠᠷᠮᠠᠵᠠᠪ ᠦᠵᠡᠭᠡᠳ ᠰᠢᠲᠦ ᠪᠡᠨ ᠵᠠᠭᠤᠨ ᠂ ᠪᠠᠶᠠᠴᠤᠳ ᠴᠥᠮ ᠢᠩᠭᠢᠵᠦ ᠳᠠᠯᠳᠠᠭᠤᠷ ᠪᠤᠯᠢᠶᠠᠵᠤ ᠢᠯᠡ ᠪᠡᠷ ᠮᠡᠬᠡᠯᠡᠨ ᠪᠠᠶᠠᠵᠢᠳᠠᠭ ᠯᠠ ᠤᠯᠤᠰ ᠶᠤᠮ ᠪᠠᠶ᠋ᠢᠨ᠎ᠠ ᠭᠡᠵᠦ ᠭᠠᠰᠢᠭᠤᠳᠠᠨ ᠬᠣᠷᠣᠰᠪᠠ ᠃ ᠲᠡᠭᠡᠭᠡᠳ ᠶᠡᠬᠡ ᠮᠠᠯ ᠊ᠢ ᠨᠢ ᠡᠪᠦᠯ ᠦ᠋ᠨ ᠢᠳᠡᠰᠢ ᠪᠣᠯᠭᠠᠪᠠ ᠃ 
     ᠲᠤᠭᠤᠯ ᠨᠢ ᠴᠦ᠍ ᠲᠡᠷᠡ ᠡᠪᠦᠯ ᠳ᠋ᠡᠭᠡᠨ ᠦᠬᠦᠭᠡᠳ ᠳᠦᠭᠦᠷᠴᠡᠢ ᠃  

        ᠦᠰᠦᠭ ᠠᠮᠢᠯᠠᠭᠤᠯᠤᠭᠴᠢ ᠄ ᠪᠠᠶᠠᠨᠰᠡᠷᠡᠩ  
            ᠬᠢᠨᠠᠭᠴᠢ ᠪᠠᠭᠰᠢ ᠄ ᠰᠡᠬᠡᠭᠡᠷᠡᠯ