《ᠰᠤᠳᠤᠷ ᠤᠨ ᠴᠢᠭᠤᠯᠭᠠᠨ》1-2-02ᠳᠣᠪᠣᠨ ᠪᠠᠶᠠᠨ᠂ ᠲᠡᠭᠦᠨ ᠤ ᠭᠡᠷᠭᠡᠢ ᠠᠯᠤᠩᠭᠤᠸ᠎ᠠ ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠰᠤᠳᠤᠷ ᠤᠨ ᠴᠢᠭᠤᠯᠭᠠᠨ》1-2-02ᠳᠣᠪᠣᠨ ᠪᠠᠶᠠᠨ᠂ ᠲᠡᠭᠦᠨ ᠤ ᠭᠡᠷᠭᠡᠢ ᠠᠯᠤᠩᠭᠤᠸ᠎ᠠ

《ᠰᠤᠳᠤᠷ ᠤᠨ ᠴᠢᠭᠤᠯᠭᠠᠨ》1-2-02ᠳᠣᠪᠣᠨ ᠪᠠᠶᠠᠨ᠂ ᠲᠡᠭᠦᠨ ᠤ ᠭᠡᠷᠭᠡᠢ ᠠᠯᠤᠩᠭᠤᠸ᠎ᠠ

ᠠᠩᠭᠢᠯᠠᠯ:ᠲᠡᠦᠬᠡ ᠰᠣᠶᠣᠯ
2023-04-26

651

ᠳᠣᠪᠣᠨ ᠪᠠᠶᠠᠨ᠂ ᠲᠡᠭᠦᠨ ᠤ ᠭᠡᠷᠭᠡᠢ ᠠᠯᠤᠩᠭᠤᠸ᠎ᠠ

               ᠳᠣᠪᠣᠨ ᠪᠠᠶᠠᠨ᠂ ᠲᠡᠭᠦᠨ ᠤ ᠭᠡᠷᠭᠡᠢ ᠠᠯᠤᠩᠭᠤᠸ᠎ᠠ ᠶ᠋ᠢᠨ ᠲᠡᠦᠬᠡᠨ ᠳ᠋ᠦ᠍ ᠰᠢᠭᠤᠳ
               ᠬᠣᠯᠪᠣᠭᠳᠠᠬᠤ ᠲᠡᠷᠡ ᠪᠦᠷᠢ ᠣᠯᠠᠨ ᠶᠠᠷᠢᠭᠳᠠᠳᠠᠭ ᠦᠭᠡᠢ ᠥᠭᠦᠯᠡᠯᠭᠡ ᠶ᠋ᠢᠨ ᠲᠤᠬᠠᠢ
                                      ᠬᠣᠶᠠᠷ ᠬᠡᠰᠡᠭ ᠬᠦᠦᠷᠨᠢᠯ
         ᠨᠢᠭᠡᠳᠦᠭᠡᠷ ᠬᠡᠰᠡᠭ
    ᠲᠡᠳᠡᠨ ᠤ ᠭᠠᠷᠪᠠᠯᠢ ᠶ᠋ᠢᠨ ᠲᠤᠬᠠᠢ
  ᠲᠡᠦᠬᠡ ᠶ᠋ᠢ ᠦᠨᠡᠨ ᠢ᠋ᠶ᠋ᠡᠷ ᠨᠢ ᠥᠭᠦᠯᠡᠳᠡᠭ ᠲᠥᠷᠥᠭ ᠦ᠋ᠨ ᠦᠯᠢᠭᠡᠷ ᠳᠣᠮᠣᠭ ᠶᠠᠷᠢᠭᠴᠢᠳ ᠲᠡᠳᠡᠨ ᠤ ᠠᠮᠢᠳᠤᠷᠠᠯ ᠤ᠋ᠨ ᠡᠬᠢᠨ ᠦᠶ᠎ᠡ ᠶ᠋ᠢ ᠲᠣᠳᠣᠷᠬᠠᠢ ᠳᠤᠷᠠᠰᠬᠤ ᠳ᠋ᠠᠭᠠᠨ ᠮᠣᠩᠭᠣᠯ ᠤ᠋ᠨ ᠪᠦᠬᠦ ᠠᠢᠮᠠᠭ ᠨᠢ
ᠴᠥᠮ ᠯᠡ ᠨᠢᠭᠡᠨ ᠴᠠᠭ ᠲᠤ᠌ ᠡᠷᠭᠦᠨ᠎ᠡ ᠭᠦᠨ ᠳ᠋ᠦ᠍ ᠲᠡᠷᠡ ᠬᠣᠶᠠᠷ ᠬᠥᠮᠦᠨ ᠤ ᠣᠪᠣᠭ ᠠ᠋ᠴᠠ ᠭᠠᠷᠤᠯ ᠲᠠᠢ ᠬᠡᠮᠡᠳᠡᠭ  ᠶᠤᠮ ᠃ ᠲᠡᠨᠳᠡ ᠡᠴᠡ ᠭᠠᠷᠤᠭᠰᠠᠳ ᠤ᠋ᠨ ᠳᠣᠲᠣᠷ᠎ᠠ ᠵᠠᠷᠢᠮ ᠠᠢᠮᠠᠭ ᠤ᠋ᠨ ᠲᠣᠯᠣᠭᠠᠢᠯᠠᠭᠴᠢ ᠪᠥᠷᠲᠡ ᠴᠣᠨᠣ 《 ᠴᠢᠨᠣ᠎ᠠ 》 ᠭᠡᠳᠡᠭ ᠨᠢᠭᠡᠨ ᠶᠡᠬᠡᠬᠡᠨ ᠬᠦᠨᠳᠦᠲᠡᠢ ᠨᠣᠶᠠᠨ ᠪᠠᠢᠵᠠᠢ ᠃ ᠲᠡᠭᠦᠨ ᠤ ᠣᠪᠣᠭ ᠠ᠋ᠴᠠ ᠳᠣᠪᠣᠨ ᠪᠠᠶᠠᠨ ᠂ ᠲᠡᠭᠦᠨ ᠤ ᠭᠡᠷᠭᠡᠢ ᠠᠯᠤᠩᠭᠤᠸ᠎ᠠ ᠪᠤᠰᠤᠳ ᠬᠡᠳᠦᠨ ᠠᠢᠮᠠᠭ ᠭᠠᠷᠴᠠᠢ ᠃ ᠲᠡᠷᠡ ᠣᠯᠠᠨ ᠬᠠᠲᠤᠨ ᠂ ᠬᠥᠪᠡᠭᠦᠨ ᠲᠡᠢ ᠪᠠᠢᠪᠠ ᠃ ᠲᠡᠭᠦᠨ ᠤ ᠶᠡᠬᠡ ᠬᠠᠲᠤᠨ ᠭᠤᠸ᠎ᠠ ᠮᠠᠷᠠᠯ ᠠ᠋ᠴᠠ ᠭᠠᠷᠤᠭᠰᠠᠨ ᠬᠥᠪᠡᠭᠦᠨ ᠪᠠᠳᠠᠴᠢ ᠬᠠᠨ ᠬᠥᠪᠡᠭᠦᠳ ᠦ᠋ᠨ ᠬᠢᠨᠢ ᠳᠣᠲᠣᠷ᠎ᠠ ᠠ᠋ᠴᠠ ᠬᠠᠮᠤᠭ ᠤ᠋ᠨ ᠣᠪᠰᠣᠭ᠎ᠠ ᠲᠠᠢ ᠨᠢ ᠪᠠᠢᠭᠰᠠᠨ ᠪᠣᠯᠬᠣᠷ ᠬᠣᠵᠢᠮ ᠬᠠᠨ ᠵᠡᠷᠭᠡ ᠳ᠋ᠦ᠍ ᠬᠦᠷᠴᠡᠢ ᠃ ᠪᠠᠲᠠᠴᠢ ᠨᠢ ᠲᠡᠮᠡᠴᠡ ᠭᠡᠳᠡᠭ ᠬᠥᠪᠡᠭᠦᠨ ᠲᠡᠢ ᠪᠠᠢᠪᠠ ᠃ ᠲᠡᠷᠡ ᠨᠢ ᠬᠣᠵᠢᠮ ᠂ ᠲᠡᠭᠦᠨ ᠤ ᠵᠠᠯᠭᠠᠮᠵᠢᠯᠠᠭᠴᠢ ᠪᠣᠯᠤᠭᠰᠠᠨ ᠃ ᠲᠡᠮᠡᠴᠡ ᠲᠠᠪᠤᠨ ᠬᠥᠪᠡᠭᠦᠨ ᠲᠡᠢ ᠂  ᠣᠳᠬᠣᠨ ᠬᠥᠪᠡᠭᠦᠨ ᠮᠡᠷᠭᠡᠨ ᠬᠣᠷᠢᠴᠠᠷ ᠨᠢ ᠲᠡᠭᠦᠨ ᠤ ᠵᠠᠯᠭᠠᠮᠵᠢᠯᠠᠭᠴᠢ ᠪᠣᠯᠵᠠᠢ ᠃
  ᠨᠥᠭᠥᠭᠡ ᠳᠥᠷᠪᠡᠨ ᠬᠥᠪᠡᠭᠦᠨ ᠨᠢ ᠨᠤᠲᠤᠭ ᠪᠠᠭᠤᠴᠠᠨ ᠠ᠋ᠴᠠ ᠪᠠᠨ ᠥᠭᠡᠷ᠎ᠡ ᠭᠠᠵᠠᠷ ᠲᠤ᠌ ᠣᠴᠢᠵᠤ ᠠᠮᠢᠳᠤᠷᠠᠬᠤ ᠭᠡᠵᠡᠭᠡᠭᠰᠡᠨ  ᠶᠤᠮ ᠰᠢᠭ ᠶᠠᠷᠢᠯᠴᠠᠳᠠᠭ ᠃ ᠲᠡᠳᠡ ᠨᠢᠭᠡᠨ ᠭᠠᠷᠠᠮ ᠢ᠋ᠶ᠋ᠠᠷ ᠭᠣᠣᠯ ᠭᠠᠷᠬᠤ ᠪᠠᠢᠭᠰᠠᠨ ᠤᠴᠢᠷ ᠂᠂ ᠮᠥᠴᠢᠷ ᠴᠤᠭᠯᠠᠭᠤᠯᠵᠤ ᠬᠣᠭᠣᠷᠣᠨᠳᠣ ᠨᠢ ᠬᠡᠷᠡᠵᠦ ᠬᠣᠯᠪᠣᠨ ᠰᠠᠮᠤᠷᠬᠤ ᠶᠠᠭᠤᠮ᠎ᠠ ᠬᠢᠵᠡᠢ ᠃ ᠢᠷᠡᠨ ᠳ᠋ᠦ᠍ ᠲᠡᠢᠮᠦ ᠰᠠᠯ ᠢ᠋ ᠺᠠᠯᠠᠺ ᠭᠡᠳᠡᠭ  ᠶᠤᠮ ᠃ ᠲᠡᠳᠡ ᠲᠡᠭᠦᠨ ᠳ᠋ᠡᠭᠡᠨ ᠰᠠᠭᠤᠵᠤ ᠭᠠᠷᠤᠭᠠᠳ ᠥᠭᠡᠷ᠎ᠡ ᠨᠤᠲᠤᠭ ᠲᠤ᠌ ᠣᠴᠢᠵᠠᠢ ᠃ ᠳᠥᠷᠪᠡᠨ ᠠᠢᠮᠠᠭ ᠲᠡᠳᠡᠨ ᠤ ᠣᠪᠣᠭ ᠠ᠋ᠴᠠ ᠭᠠᠷᠤᠯ ᠲᠠᠢ ᠭᠡᠳᠡᠭ ᠃ ᠳᠥᠷᠪᠡᠨ ᠨᠢ ᠳᠥᠷᠪᠡ ᠭᠡᠰᠡᠨ [ ᠲᠣᠭᠠᠨ ᠤ᠋] ᠦᠭᠡ ᠃ ᠡᠨᠡ ᠨᠢ ᠲᠡᠮᠡᠴᠡ ᠬᠠᠨ  ᠤ᠋ ᠳᠥᠷᠪᠡᠨ ᠬᠥᠪᠡᠭᠦᠨ ᠲᠡᠢ ᠬᠣᠯᠪᠣᠭ᠎ᠠ ᠲᠠᠢ ᠪᠣᠯᠬᠤ ᠶ᠋ᠢ ᠯᠡ ᠬᠠᠷᠠᠭᠤᠯᠵᠤ ᠪᠠᠢᠭ᠎ᠠ ᠠᠵᠤᠭᠤ ᠃
  ᠲᠡᠳᠡᠭᠡᠷ ᠦ᠋ᠨ ᠤᠳᠬᠤᠨ ᠤ᠋ ᠬᠢᠨᠢ ᠣᠪᠣᠭ ᠤ᠋ᠨ ᠲᠤᠯᠤᠨ ᠰᠡᠭᠡᠯ ᠭᠡᠭᠴᠢ ᠨᠢᠭᠡᠨ ᠪᠤᠭᠤ ᠠᠪᠠᠯᠠᠵᠠᠢ ᠃ ᠭᠡᠲᠡᠯ᠎ᠡ ᠪᠠᠶᠠᠳ ᠠᠢᠮᠠᠭ ᠤ᠋ᠨ ᠪᠡᠶᠡᠯᠢᠭ ᠭᠡᠳᠡᠭ ᠨᠡᠷᠡᠲᠡᠢ ᠨᠢᠭᠡᠨ ᠳᠠᠭᠠᠭᠤᠯᠵᠤ ᠢᠷᠡᠭᠰᠡᠨ ᠬᠥᠪᠡᠭᠦᠨ ᠢ᠋ᠶ᠋ᠡᠨ ᠲᠡᠭᠦᠨ ᠳ᠋ᠦ᠍ ᠪᠤᠭᠤ ᠶ᠋ᠢᠨ ᠮᠢᠬ᠎ᠠ ᠪᠠᠷ ᠠᠷᠠᠯᠵᠢᠵᠠᠢ ᠃ ᠲᠤᠯᠤᠨ ᠨᠢ ᠠᠯᠤᠩᠭᠤᠸ᠎ᠠ ᠶ᠋ᠢᠨ ᠨᠥᠬᠥᠷ ᠦ᠋ᠨ ᠰᠠᠳᠤᠨ ᠤ ᠬᠥᠮᠦᠨ ᠪᠣᠯᠬᠣᠷ ᠲᠡᠷᠡ ᠬᠥᠪᠡᠭᠦᠨ ᠢ᠋ ᠠᠯᠤᠩᠭᠤᠸ᠎ᠠ ᠳ᠋ᠤ᠌ ᠥᠭᠴᠡᠢ ᠃᠃ ᠴᠢᠩᠭᠢᠰ ᠦ᠋ᠨ ᠤᠷᠤᠭ ᠤ᠋ᠨ ᠪᠣᠭᠣᠯ ᠤ᠋ᠳ ᠤ᠋ᠨ ᠶᠡᠬᠡᠩᠬᠢ ᠨᠢ ᠪᠠᠶᠠᠳ ᠠᠢᠮᠠᠭ ᠤ᠋ᠨ ᠡᠨᠡ ᠬᠥᠪᠡᠭᠦᠨ ᠤ ᠤᠳᠤᠮ ᠤ᠋ᠨ ᠬᠢᠨ ᠪᠢᠯᠡ ᠃
  ᠬᠣᠷᠢᠴᠠᠷ ᠮᠡᠷᠭᠡᠨ ᠤ ᠬᠥᠪᠡᠭᠦᠨ ᠬᠣᠵᠢᠮ ( ᠠᠭᠤᠵᠢᠮ) ᠪᠤᠷᠠᠭᠤᠯ ( ᠪᠤᠭᠤᠷᠤᠯ) ᠶᠤᠮ ᠃ ᠲᠡᠷᠡ ᠬᠣᠵᠢᠮ ᠲᠡᠭᠦᠨ ᠤ ᠵᠠᠯᠭᠠᠮᠵᠢᠯᠠᠭᠴᠢ ᠪᠣᠯᠵᠠᠢ ᠃ ᠠᠭᠤᠵᠢᠮ ᠪᠤᠭᠤᠷᠤᠯ ᠶᠡᠬᠡᠨᠢᠳᠦᠨ ᠭᠡᠳᠡᠭ ᠬᠥᠪᠡᠭᠦᠨ ᠲᠡᠢ ᠂ ᠲᠡᠷᠡ ᠨᠢ ᠬᠣᠵᠢᠮ ᠡᠴᠢᠭᠡ ᠶ᠋ᠢᠨ ᠵᠠᠯᠭᠠᠮᠵᠢᠯᠠᠭᠴᠢ ᠪᠣᠯᠵᠠᠢ ᠃ ᠶᠡᠬᠡᠨᠢᠳᠦᠨ ᠨᠢ ᠰᠠᠮᠰᠤᠴᠢ ᠨᠡᠷᠡᠲᠡᠢ ᠬᠥᠪᠡᠭᠦᠨ ᠲᠡᠢ ᠂ ᠲᠡᠷᠡ ᠨᠢ ᠡᠴᠢᠭᠡ ᠶ᠋ᠢᠨ ᠵᠠᠯᠭᠠᠮᠵᠢᠯᠠᠭᠴᠢ ᠪᠣᠯᠠᠢ ᠃ ᠰᠠᠮᠰᠤᠴᠢ ᠨᠢ ᠬᠠᠯᠢ ᠭᠠᠷᠠᠴᠤ ᠭᠡᠳᠡᠭ ᠬᠥᠪᠡᠭᠦᠨ ᠲᠡᠢ ᠂ ᠡᠨᠡ ᠨᠢ ᠡᠴᠢᠭᠡ ᠶ᠋ᠢᠨ ᠵᠠᠯᠭᠠᠮᠵᠢᠯᠠᠭᠴᠢ ᠪᠣᠯᠵᠠᠢ ᠃ ᠬᠠᠷᠠᠴᠤ ᠳᠣᠪᠣᠨ ᠪᠠᠶᠠᠨ ᠨᠡᠷ᠎ᠡ ᠲᠡᠢ ᠬᠥᠪᠡᠭᠦᠨ ᠲᠡᠢ ᠃ ᠲᠡᠳᠡ ᠤᠨᠤᠨ ᠂ ᠬᠡᠷᠦᠯᠦᠨ ᠂ ᠲᠤᠤᠯᠠ ᠶ᠋ᠢᠨ ᠬᠥᠨᠳᠡᠢ ᠪᠡᠷ ᠨᠤᠲᠤᠭᠯᠠᠳᠠᠭ ᠪᠠᠢᠵᠠᠢ ᠃ ᠡᠨᠡ ᠭᠤᠷᠪᠠᠨ ᠭᠣᠣᠯ ᠨᠢ ᠪᠤᠷᠬᠠᠨ ᠬᠠᠯᠳᠤᠨ ᠨᠠᠭᠤᠯᠠ ᠠ᠋ᠴᠠ ᠡᠬᠢ ᠠᠪᠳᠠᠭ ᠪᠢᠯᠡ ᠃ ᠪᠣᠯᠭᠣᠭᠠᠨᠳᠤᠨ ᠃

ᠬᠣᠶᠠᠳᠤᠭᠠᠷ ᠬᠡᠰᠡᠭ

ᠳᠣᠪᠣᠨ ᠪᠠᠶᠠᠨ ᠂ ᠲᠡᠭᠦᠨ ᠤ ᠡᠬᠡᠨᠡᠷ ᠠᠯᠤᠩᠭᠤᠸ᠎ᠠ ᠶ᠋ᠢᠨ ᠳᠦᠷᠢ ᠲᠥᠷᠬᠦ ᠂ ᠬᠥᠪᠡᠭᠦᠳ ᠦ᠋ᠨ ᠤᠳᠤᠮ ᠤᠯᠪᠠᠭ᠎ᠠ ᠶ᠋ᠢ ᠮᠥᠰᠬᠢᠬᠦ ᠨᠢ 

ᠳᠡᠭᠡᠷ᠎ᠡ ᠳᠤᠷᠠᠳᠤᠭᠰᠠᠨ ᠳᠣᠪᠣᠨ ᠪᠠᠶᠠᠨ ᠨᠢ ᠭᠣᠷᠯᠣᠰ ᠠᠢᠮᠠᠭ ᠤ᠋ᠨ ᠶᠡᠬᠡ ᠠᠷᠢᠭᠤᠨ ᠴᠡᠮᠴᠡᠭᠡᠷ ᠠᠯᠤᠩᠭᠤᠸ᠎ᠠ ᠭᠡᠳᠡᠭ ᠡᠬᠡᠨᠡᠷ ᠲᠡᠢ ᠃ ᠲᠡᠭᠦᠨ ᠡᠴᠡ ᠬᠣᠶᠠᠷ ᠬᠡᠦᠬᠡᠳ ᠭᠠᠷᠤᠭᠰᠠᠨ ᠤ᠋ ᠨᠢᠭᠡ ᠶ᠋ᠢ ᠨᠢ ᠪᠡᠯᠭᠦᠨᠦᠲᠡᠢ ᠂ ᠨᠥᠭᠥᠭᠡ ᠶ᠋ᠢ ᠪᠦᠭᠦᠨᠦᠲᠡᠢ ᠭᠡᠳᠡᠭ ᠃ ᠲᠡᠳᠡᠨ ᠤ ᠣᠪᠣᠭ ᠠ᠋ᠴᠠ ᠬᠣᠶᠠᠷ ᠮᠣᠩᠭᠣᠯ ᠠᠢᠮᠠᠭ ᠭᠠᠷᠴᠠᠢ ᠃ ᠵᠠᠷᠢᠮ ᠨᠢ ᠲᠡᠳᠡᠨ ᠢ᠋ ᠨᠢᠷᠦᠨ ᠠᠢᠮᠠᠭ ᠲᠤ᠌ ᠬᠠᠮᠢᠶᠠᠷᠤᠭᠤᠯᠳᠠᠭ ᠂ ᠤᠴᠢᠷ ᠨᠢ ᠲᠡᠳᠡᠨ ᠤ ᠡᠬᠡ ᠨᠢ ᠠᠯᠤᠩᠭᠤᠸ᠎ᠠ ᠶᠤᠮ ᠃ ᠵᠠᠷᠢᠮ ᠨᠢ ᠪᠣᠯᠬᠤ ᠪᠠᠷ ᠲᠠᠷᠯᠡᠬᠢᠨ ᠠᠢᠮᠠᠭ ᠲᠤ᠌ ᠬᠠᠮᠢᠶᠠᠷᠤᠭᠤᠯᠳᠠᠭ ᠨᠢ ᠨᠢᠷᠤᠨ ᠠᠢᠮᠠᠭ ᠠᠯᠤᠩᠭᠤᠸ᠎ᠠ ᠶ᠋ᠢᠨ ᠨᠥᠬᠥᠷ ᠦᠬᠦᠭᠰᠡᠨ ᠡᠴᠡ ᠬᠣᠢᠰᠢ ᠲᠡᠭᠦᠨ ᠡᠴᠡ ᠭᠤᠷᠪᠠᠨ ᠬᠥᠪᠡᠭᠦᠨ ᠭᠠᠷᠤᠭᠰᠠᠨ ᠨᠢ ᠪᠠᠭᠠᠷᠠᠭ ᠦᠭᠡᠢ ᠭᠡᠵᠦ ᠦᠵᠡᠳᠡᠭ ᠃ ᠡᠨᠡ ᠲᠠᠯ᠎ᠠ ᠪᠠᠷ ᠣᠯᠠᠨ ᠶᠠᠩᠵᠤ ᠶ᠋ᠢᠨ ᠵᠥᠷᠢᠭᠦᠦ ᠲᠡᠢ ᠰᠠᠨᠠᠯ ᠪᠠᠢᠳᠠᠭ ᠪᠣᠯᠪᠠᠴᠤ ᠂᠂ ᠬᠣᠶᠠᠳᠤᠭᠠᠷ ᠂ ᠬᠤᠪᠢᠯᠪᠤᠷᠢ ᠨᠢ ᠦᠨᠡᠨ ᠳ᠋ᠦ᠍ ᠠᠷᠠᠢ ᠯᠠ ᠣᠢᠷ᠎ᠠ ᠂ ᠪᠠᠰᠠ ᠣᠯᠠᠨ ᠳ᠋ᠤ᠌ ᠨᠡᠯᠢᠶᠡᠳ ᠲᠦᠭᠡᠭᠰᠡᠨ  ᠶᠤᠮ ᠃ ᠡᠨᠡ ᠤᠯᠤᠰ ᠲᠤ᠌ ᠂ ᠥᠭᠡᠷ᠎ᠡ ᠪᠡᠷ ᠬᠡᠯᠡᠪᠡᠯ ᠢᠷᠡᠨ ᠳ᠋ᠦ᠍ ᠳᠤᠷᠠᠳᠤᠭᠰᠠᠨ ᠬᠣᠶᠠᠷ ᠬᠥᠪᠡᠭᠦᠨ ᠤ ᠰᠠᠯᠪᠤᠷᠢ ᠠ᠋ᠴᠠ ᠭᠠᠷᠤᠯ ᠲᠠᠢ ᠬᠥᠮᠦᠨ ᠪᠠᠢᠳᠠᠭ ᠦᠭᠡᠢ ᠃ ᠬᠠᠷᠢᠨ ᠴᠡᠷᠢᠭ ᠦ᠋ᠨ ᠨᠢᠭᠡᠨ ᠮᠢᠩᠭᠠᠨ ᠳ᠋ᠤ᠌ ᠪᠠᠢᠳᠠᠭ ᠨᠢᠭᠡ ᠬᠥᠮᠦᠨ ᠢ᠋ ᠵᠢᠭᠠᠭᠠᠳ ᠪᠠᠢᠳᠠᠭ ᠶᠤᠮ ᠃ ᠶᠡᠷᠦ ᠨᠢ ᠮᠣᠩᠭᠣᠯ ᠳ᠋ᠤ᠌ ᠴᠤ᠌ ᠴᠥᠭᠡᠨ ᠪᠠᠢᠳᠠᠭ ᠭᠡᠵᠡᠭᠡᠨ᠎ᠡ ᠃ ᠠᠯᠤᠩᠭᠤᠸ᠎ᠠ ᠶ᠋ᠢᠨ ᠨᠥᠬᠥᠷ ᠳᠣᠪᠣᠨ ᠪᠠᠶᠠᠨ ᠵᠠᠯᠠᠭᠤ ᠳ᠋ᠠᠭᠠᠨ ᠨᠠᠰᠤ ᠪᠠᠷᠠᠵᠠᠢ ᠃
   ᠲᠠᠪᠤᠨ ᠪᠠᠶᠠᠨ ᠂ ᠲᠡᠭᠦᠨ ᠤ ᠭᠡᠷᠭᠡᠢ ᠶ᠋ᠢᠨ ᠲᠥᠷᠬᠦ ᠪᠠᠢᠳᠠᠯ ᠂ ᠬᠥᠪᠡᠭᠦᠳ ᠦ᠋ᠨ ᠬᠢᠨᠢ ᠰᠠᠯᠪᠤᠷᠢ - ᠪᠡᠯᠭᠦᠨᠦᠲᠡᠢ ᠂ ᠪᠦᠭᠦᠨᠦᠲᠡᠢ
             ᠠᠯᠤᠩᠭᠤᠸ᠎ᠠ ᠂ ᠲᠡᠭᠦᠨ ᠤ ᠨᠥᠬᠥᠷ ᠨᠢ ᠥᠭᠡᠳᠡ ᠪᠣᠯᠤᠭᠰᠠᠨ ᠠ᠋ᠴᠠ
             ᠬᠣᠢᠰᠢ ᠭᠠᠷᠤᠭᠰᠠᠨ ᠬᠥᠪᠡᠭᠦᠳ ᠦ᠋ᠨ ᠬᠢᠨᠢ ᠲᠤᠬᠠᠢ ᠬᠦᠦᠷᠨᠢᠯ ᠦ᠋ᠨ ᠡᠬᠢᠨ
  ᠪᠦᠬᠦᠨ ᠤ ᠳᠡᠭᠡᠳᠦᠰ ᠭᠡᠭᠡᠨᠲᠡᠨ ᠪᠦᠬᠦᠨ ᠤ ᠡᠵᠡᠨᠲᠡᠨ ᠳᠠᠭᠠᠯᠠᠭᠤ ᠰᠠᠯᠤᠰᠢ ᠦᠭᠡᠢ ᠰᠢᠨᠵᠢ ᠪᠣᠯ ᠬᠦᠴᠦᠷᠬᠡᠭ ᠴᠢᠳᠠᠯ ᠤ᠋ᠨ ᠢ᠋ᠶ᠋ᠠᠨ ᠲᠣᠳᠣᠷᠠᠬᠤ ᠤᠯᠪᠠᠭ᠎ᠠ ᠶ᠋ᠢ ᠠᠬᠤᠢ ᠠᠮᠢᠳᠤᠷᠠᠯ ᠤ᠋ᠨ ᠪᠠ ᠦᠭᠡᠢ ᠪᠣᠯᠬᠤ ᠶ᠋ᠢᠨ ᠶᠢᠷᠲᠢᠨᠴᠦ ᠳ᠋ᠦ᠍ ᠶᠡᠷᠦ ᠪᠤᠰᠤ ᠶ᠋ᠢᠨ ᠭᠠᠢᠬᠠᠯᠲᠠᠢ ᠵᠦᠢᠯ ᠢ᠋ᠶ᠋ᠡᠷ ᠦᠷᠭᠦᠯᠵᠢ ᠪᠦᠲᠦᠭᠡᠨ ᠢᠯᠡᠷᠬᠡᠢᠯᠡᠳᠡᠭ ᠶᠠᠪᠤᠳᠠᠯ ᠶᠤᠮ ᠃ ᠲᠡᠷᠡ ᠭᠠᠢᠬᠠᠯᠲᠠᠢ ᠵᠦᠢᠯ ᠨᠢ ᠲᠡᠭᠷᠢ ᠶ᠋ᠢᠨ ᠠᠪᠤᠷᠠᠯ ᠤ᠋ᠨ ᠬᠠᠷᠠᠴᠠ ᠪᠠᠷ ᠭᠡᠢᠭᠦᠯᠦᠭᠳᠡᠭᠰᠡᠨ ᠂ ᠡᠵᠡᠨᠲᠡᠨ ᠤ ᠡᠨᠡᠷᠢᠯ ᠢ᠋ᠶ᠋ᠡᠷ ᠢᠪᠡᠭᠡᠭᠳᠡᠭᠰᠡᠨ ᠭᠣᠢᠳᠠ ᠬᠣᠣᠰ ᠦᠭᠡᠢ ᠭᠣᠪᠢ ᠬᠥᠮᠦᠨ ᠤ ᠪᠡᠶ᠎ᠡ ᠪᠡᠷ ᠢᠯᠡᠷᠡᠳᠡᠭ ᠃ ᠤᠴᠢᠷ ᠨᠢ ᠭᠡᠪᠡᠯ ᠶᠠᠭᠤᠮᠠᠨ ᠤ᠋ ᠴᠢᠨᠠᠳᠤ ᠤᠴᠢᠷ ᠢ᠋ ᠲᠥᠰᠦᠭᠡᠯᠡᠳᠡᠭ ᠬᠥᠮᠦᠰ ᠂ ᠮᠥᠨ ᠵᠢᠷ ᠦ᠋ᠨ ᠪᠡᠷᠲᠡᠭᠴᠢᠨ ᠬᠥᠮᠦᠰ ᠡᠨᠡ ᠨᠢᠴᠤᠭᠠᠭᠳᠠᠰᠢ ᠦᠭᠡᠢ ᠶᠠᠪᠤᠳᠠᠯ ᠢ᠋ ᠠᠩᠬᠠᠷᠤᠨ ᠦᠵᠡᠭᠡᠳ ᠂ ᠲᠡᠭᠦᠨ ᠤ ᠬᠦᠴᠦᠷᠬᠡᠭ ᠴᠢᠳᠠᠯ ᠢ᠋ ᠪᠦᠷᠢᠨ ᠢ᠋ᠶ᠋ᠡᠷ ᠨᠢ ᠨᠢᠳᠦ ᠪᠡᠷ ᠢ᠋ᠶ᠋ᠡᠨ ᠦᠵᠡᠵᠦ ᠪᠢᠰᠢᠯᠭᠠᠵᠤ ᠂ ᠬᠥᠮᠦᠨ ᠲᠥᠷᠥᠯᠬᠢᠲᠡᠨ ᠤ ᠴᠠᠭᠯᠠᠰᠢ ᠦᠭᠡᠢ ᠡᠭᠡᠯᠢᠲᠡᠢ ᠪᠠᠢᠳᠠᠭ ᠲᠤᠨᠢ ᠢᠮᠠᠭᠲᠠ ᠪᠢᠰᠢᠷᠡᠵᠦ ᠂ ᠲᠡᠭᠦᠨ ᠳ᠋ᠦ᠍ ᠪᠠᠶᠠᠷᠯᠠᠵᠤ ᠪᠠᠢᠳᠠᠭ ᠢ᠋ᠶ᠋ᠠᠨ ᠪᠠᠢᠩᠭᠤ ᠯᠠ ᠢᠯᠡᠷᠬᠡᠢᠯᠡᠳᠡᠭ ᠪᠠᠢᠯᠭᠠᠬᠤ ᠶ᠋ᠢᠨ ᠲᠥᠯᠥᠭᠡ ᠬᠦᠴᠦ ᠴᠢᠷᠮᠠᠢᠯᠲᠠ ᠪᠠᠨ ᠵᠣᠷᠢᠭᠤᠯᠳᠠᠭ ᠪᠠᠢᠬᠤ ᠶ᠋ᠢᠨ ᠬᠠᠮᠲᠤ ᠠᠮᠢᠳᠤ ᠪᠡᠶ᠎ᠡ ᠶ᠋ᠢ ᠪᠦᠲᠦᠭᠡᠬᠦ ᠬᠡᠯᠬᠢᠶ᠎ᠡ ᠨᠢ 《 ᠪᠣᠯᠤᠭᠲᠤᠨ! 》ᠭᠡᠳ ᠶᠣᠰᠣᠭᠠᠷ ᠪᠦᠲᠦᠭᠰᠡᠨ ᠭᠡᠵᠦ ᠠᠢᠯᠠᠳᠤᠭᠴᠢ ᠂ ᠠᠳᠠᠯᠢᠳᠬᠠᠰᠢ ᠦᠭᠡᠢ ᠶᠡᠬᠡ ᠪᠦᠲᠦᠭᠡᠭᠴᠢ ᠂ ᠪᠣᠢ ᠪᠣᠯᠭᠠᠭᠴᠢ ᠶ᠋ᠢᠨ ᠬᠦᠰᠡᠯ ᠲᠡᠢ ᠪᠦᠬᠦᠢᠯᠡ ᠳ᠋ᠡᠭᠡᠨ ᠪᠤᠶᠤ ᠵᠠᠷᠢᠮ ᠂ ᠲᠠᠯ᠎ᠠ ᠪᠠᠷ ᠨᠢᠭᠲᠠ ᠤᠶᠠᠯᠳᠤᠭ᠎ᠠ ᠬᠣᠯᠪᠣᠭ᠎ᠠ ᠲᠠᠢ ᠪᠠᠢᠳᠠᠭ ᠢ᠋ ᠮᠠᠭᠠᠳ ᠦᠭᠡᠢ ᠲᠠᠨᠢᠨ ᠮᠡᠳᠡᠬᠦ ᠰᠠᠨ ᠪᠢᠯᠡ ᠃ ᠲᠡᠷᠡ ᠬᠦᠰᠡᠭᠰᠡᠨ ᠪᠦᠬᠦᠨ ᠢ᠋ᠶ᠋ᠡᠨ ᠪᠦᠲᠦᠭᠡᠳᠡᠭ ᠂ ᠳᠤᠷᠠᠲᠠᠢ ᠪᠦᠬᠦᠨ ᠢ᠋ᠶ᠋ᠡᠨ ᠬᠢᠳᠡᠭ ᠃ 《 ᠠᠯᠯᠠᠾ ᠯᠠ ᠲᠠᠭᠠᠯᠠᠭᠰᠠᠨ ᠢ᠋ᠶ᠋ᠠᠨ ᠬᠢᠳᠡᠭ ᠂ ᠡᠷᠡᠮᠡᠯᠴᠡᠭᠰᠡᠨ ᠢ᠋ᠶ᠋ᠡᠨ ᠵᠡᠷᠯᠢᠭ ᠪᠣᠯᠭᠠᠳᠠᠭ 》 ᠠᠵᠢ ᠃ ᠡᠨᠡ ᠰᠡᠳᠬᠢᠯᠭᠡᠨ ᠤ ᠨᠤᠲᠠᠯᠠᠭ᠎ᠠ ᠂ ᠡᠨᠡ ᠮᠡᠳᠡᠭᠳᠡᠯ ᠦ᠋ᠨ ᠪᠠᠲᠤᠯᠠᠭ᠎ᠠ ᠨᠢ ᠠᠯᠤᠩᠭᠤᠸ᠎ᠠ ᠳ᠋ᠤ᠌ ᠲᠣᠬᠢᠶᠠᠯᠳᠤᠭᠰᠠᠨ ᠭᠠᠢᠬᠠᠮᠠᠷ ᠵᠦᠢᠯ ᠂ ᠬᠠᠴᠢᠨ ᠶᠠᠪᠤᠳᠠᠯ ᠮᠥᠨ ᠃
  ᠮᠣᠩᠭᠣᠯᠴᠤᠳ ᠤ᠋ᠨ ᠪᠠᠲᠤᠯᠠᠨ ᠬᠡᠯᠡᠳᠡᠭ ᠢ᠋ᠶ᠋ᠡᠷ - ᠡᠭᠦᠨ ᠤ ᠨᠢᠭᠦᠯ ᠢ᠋ ᠳᠠᠮᠵᠢᠭᠤᠯᠤᠨ ᠶᠠᠷᠢᠭᠴᠢᠳ ᠯᠠ ᠬᠦᠯᠢᠶᠡᠬᠦ ᠶᠣᠰᠣᠲᠠᠢ - [ ᠡᠷ᠎ᠡ ᠬᠥᠮᠦᠨ ᠲᠡᠢ ] ᠬᠠᠪᠢᠳᠠᠭ᠎ᠠ ᠦᠭᠡᠢ ᠂ ᠭᠡᠷᠯᠡᠭᠡ ᠦᠭᠡᠢ ᠠᠲᠠᠯ᠎ᠠ ᠲᠡᠭᠦᠨ ᠤ ᠠᠷᠢᠭᠤᠨ ᠬᠡᠪᠡᠯᠢ ᠡᠴᠡ ᠲᠡᠭᠷᠢ ᠶ᠋ᠢᠨ ᠭᠡᠷᠡᠯ ᠢ᠋ᠶ᠋ᠡᠷ ᠭᠡᠢᠭᠦᠯᠦᠭᠳᠡᠨ ᠭᠤᠷᠪᠠᠨ ᠬᠥᠪᠡᠭᠦᠨ ᠭᠠᠷᠴᠠᠢ ᠃ ᠲᠡᠢᠨ ᠬᠦ᠌ ᠲᠥᠷᠥᠭᠰᠡᠨ ᠨᠢ ᠵᠢᠭᠲᠡᠢ ᠬᠣᠪᠣᠷ ᠂ ᠭᠠᠢᠬᠠᠯᠲᠠᠢ ᠶᠠᠪᠤᠳᠠᠯ ᠪᠢᠯᠡ ᠃ 《 ᠨᠢᠭᠡ ᠨᠢ ᠨᠥᠬᠥᠭᠡ ᠪᠡᠨ ᠳ᠋ᠡᠭᠡᠨ ᠭᠠᠷᠤᠭᠰᠠᠨ ᠤᠳᠤᠮ ᠤ᠋ᠨ ᠬᠢᠨ 》ᠶᠠᠷᠢᠳᠠᠭ ᠢ᠋ᠶ᠋ᠠᠷ ᠪᠣᠯ ᠲᠡᠷᠡ ᠬᠥᠪᠡᠭᠦᠳ ᠦ᠋ᠨ ᠰᠢᠭᠤᠳ ᠤᠳᠤᠮ ᠤ᠋ᠨ ᠬᠢᠨ ᠲᠣᠭ᠎ᠠ ᠲᠣᠮᠰᠢ ᠦᠭᠡᠢ ᠣᠯᠠᠨ ᠰᠠᠯᠪᠤᠷᠢᠯᠠᠨ ᠬᠡᠮᠵᠢᠶ᠎ᠡ ᠦᠭᠡᠢ ᠣᠯᠠᠨ ᠠᠢᠮᠠᠭ ᠪᠣᠯᠤᠭᠰᠠᠨ ᠶᠤᠮ ᠃ ᠡᠨᠡ ᠡᠷᠦᠬᠡ ᠶ᠋ᠢᠨ ᠬᠠᠮᠤᠭ ᠤ᠋ᠨ ᠥᠭᠡᠳᠡ ᠲᠡᠢ ᠬᠡᠰᠡᠭ ᠂ ᠡᠨᠡ ᠣᠪᠣᠭ ᠤ᠋ᠨ ᠬᠠᠮᠤᠭ ᠤ᠋ᠨ ᠰᠠᠢᠨ ᠲᠥᠯᠥᠭᠡᠯᠡᠭᠴᠢ ᠂ ᠠᠯᠯᠠᠾ ᠰᠢᠲᠦᠭᠡᠨ ᠤ ᠲᠤᠰᠠᠯᠠᠭᠴᠢ ᠂ ᠯᠠᠯᠤ ᠶ᠋ᠢᠨ ᠡᠵᠡᠨᠲᠡᠨ ᠰᠦᠯᠲ᠋ᠠᠨ ᠮᠠᠬᠠᠮᠤᠳ᠋ ᠬᠠᠰᠠᠨ ᠬᠠᠨ ( ᠠᠯᠯᠠᠾ ᠲᠡᠭᠦᠨ ᠤ ᠲᠥᠷᠥ ᠶ᠋ᠢ ᠮᠥᠩᠬᠡᠵᠢᠭᠦᠯᠲᠦᠭᠡᠢ ᠂ ᠰᠦᠷ ᠢ᠋ ᠮᠠᠨᠳᠤᠭᠤᠯᠲᠤᠭᠠᠢ!) ᠢᠪᠡᠭᠡᠯᠳᠦ ᠳᠦᠷᠢ ᠶ᠋ᠢᠨ ᠠᠴᠢ ᠪᠠᠷ (ᠠᠯᠯᠠᠾ ᠯᠠ ᠲᠠᠭᠠᠯᠠᠵᠤ ᠪᠠᠢᠪᠠᠯ) ᠲᠡᠳᠡᠭᠡᠷ ᠦ᠋ᠨ ᠢᠷᠠᠭᠤ ᠠᠯᠳᠠᠷ ᠂ ᠡᠪᠳᠡᠷᠡᠰᠢ ᠦᠭᠡᠢ ᠮᠥᠩᠬᠡ ᠪᠠᠢᠬᠤ ᠪᠣᠯᠤᠨ᠎ᠠ ᠃

       ᠠᠯᠤᠩᠭᠤᠸ᠎ᠠ ᠪᠠ ᠮᠣᠩᠭᠣᠯᠴᠤᠳ ᠤ᠋ᠨ ᠨᠤᠲᠠᠯᠠᠨ ᠬᠡᠯᠡᠳᠡᠭ ᠢ᠋ᠶ᠋ᠡᠷ ᠨᠥᠬᠥᠷ ᠨᠢ ᠥᠭᠡᠳᠡ ᠪᠣᠯᠤᠭᠰᠠᠨ ᠠ᠋ᠴᠠ ᠬᠣᠢᠰᠢ     ᠶᠢᠷᠲᠢᠨᠴᠦ ᠳ᠋ᠦ᠍ ᠮᠡᠨᠳᠦᠯᠡᠭᠰᠡᠨ ᠭᠤᠷᠪᠠᠨ ᠬᠥᠪᠡᠭᠦᠨ ᠤ ᠬᠢᠨᠢ ᠲᠤᠬᠠᠢ ᠬᠦᠦᠷᠨᠢᠯ

     ᠨᠢᠭᠡᠳᠦᠭᠡᠷ ᠬᠡᠰᠡᠭ

    ᠠᠯᠤᠩᠭᠤᠸ᠎ᠠ ᠶ᠋ᠢᠨ ᠳᠦᠷᠢ ᠲᠥᠷᠬᠦ ᠠᠮᠢᠳᠤᠷᠠᠯ ᠤ᠋ᠨ ᠪᠠᠢᠳᠠᠯ ᠂ ᠲᠡᠭᠦᠨ ᠤ ᠤᠳᠤᠮ ᠤᠯᠪᠠᠭ᠎ᠠ ᠶ᠋ᠢ ᠲᠣᠭᠠᠴᠢᠬᠤ ᠣᠷᠣᠰᠢᠯ

  ᠦᠯᠢᠭᠡᠷ ᠳᠣᠮᠣᠭ ᠢ᠋ᠶ᠋ᠠᠷ ᠪᠣᠯ ᠠᠯᠤᠩᠭᠤᠸ᠎ᠠ ᠶ᠋ᠢᠨ ᠨᠥᠬᠥᠷ ᠳᠣᠪᠣᠨ ᠪᠠᠶᠠᠨ ᠵᠠᠯᠠᠭᠤ ᠳ᠋ᠠᠭᠠᠨ ᠨᠠᠰᠤ ᠪᠠᠷᠠᠵᠠᠢ ᠃ ᠢᠵᠢᠯᠢ ᠦᠭᠡᠢ ᠶᠡᠬᠡ ᠶ᠋ᠢ ᠪᠦᠲᠦᠭᠡᠭᠴᠢ ᠡᠴᠡ ᠣᠨᠣᠭᠠᠭᠰᠠᠨ ᠲᠠᠪᠢᠯᠠᠩ ᠢ᠋ᠶ᠋ᠠᠷ ᠪᠣᠯ ᠳᠡᠯᠡᠬᠡᠢ ᠶ᠋ᠢᠨ ᠪᠦᠬᠦ ᠤᠯᠤᠰ ᠢ᠋ ᠵᠠᠬᠢᠷᠳᠠᠭ ᠂ ᠦᠯᠦ ᠵᠠᠬᠢᠷᠤᠭᠳᠠᠭᠴᠢ ᠡᠵᠡᠳ ᠦ᠋ᠨ ᠤᠯᠢᠯᠳᠤᠬᠤ ᠶ᠋ᠢ ᠵᠣᠭᠰᠣᠭᠠᠨ ᠲᠡᠳᠡᠨ ᠳ᠋ᠦ᠍ ᠂ ᠨᠣᠮᠣᠬᠠᠳᠬᠠᠯ ᠤ᠋ᠨ ᠳᠥᠩᠭᠡ ᠡᠮᠦᠰᠬᠡᠳᠡᠭ ᠂ ᠡᠷᠬᠡ ᠮᠠᠲᠠᠯ ᠲᠠᠢ ᠂ ᠬᠦᠴᠦᠷᠬᠡᠭ ᠪᠥᠭᠡᠳ ᠡᠷᠬᠡᠰ ᠦ᠋ᠨ ᠣᠢᠷᠠᠳᠬᠤ ᠡᠭᠡᠯᠢ ᠲᠡᠢ ᠲᠣᠬᠢᠶᠠᠯ ᠲᠠᠢ ᠡᠵᠡᠨᠲᠡᠨ ᠶᠢᠷᠲᠢᠨᠴᠦ ᠳ᠋ᠦ᠍ ᠪᠣᠢ ᠪᠣᠯᠬᠤ ᠪᠠᠢᠵᠠᠢ ᠃ ᠲᠡᠷᠡ ᠮᠠᠰᠢ ᠶᠡᠬᠡ ᠵᠣᠷᠢᠭ ᠲᠠᠢ ᠲᠡᠭᠦᠨ ᠢ᠋ᠶ᠋ᠡᠷ ᠢ᠋ᠶ᠋ᠡᠨ ᠪᠣᠯ ᠶᠢᠷᠲᠢᠨᠴᠦ ᠳ᠋ᠠᠬᠢᠨ ᠢ᠋ ᠬᠠᠭᠠᠨᠴᠢᠯᠠᠵᠤ ᠬᠥᠮᠦᠨ ᠪᠦᠬᠦᠨ ᠢ᠋ ᠳᠠᠭᠠᠭᠤᠯᠤᠨ ᠴᠢᠳᠠᠬᠤ ᠪᠠᠷ ᠂ ᠲᠡᠭᠦᠨ ᠡᠴᠡ ᠬᠣᠢᠰᠢ ᠳᠡᠯᠡᠬᠡᠢ ᠳ᠋ᠡᠬᠢ ᠪᠦᠬᠦ ᠡᠵᠡᠨᠲᠡᠨ ᠬᠠᠭᠤᠷᠠᠢ ᠭᠠᠵᠠᠷ ᠢ᠋ ᠵᠠᠬᠢᠷᠤᠭᠴᠢᠳ ᠲᠡᠭᠦᠨ ᠤ ᠣᠪᠣᠭ ᠤ᠋ᠨ ᠬᠢᠨ ᠪᠠᠢᠬᠤ ᠪᠠᠢᠪᠠ ᠃ ᠡᠨᠡ ᠪᠣᠯ ᠲᠤᠩ ᠤ᠋ᠨ ᠳᠣᠲᠣᠷ᠎ᠠ ᠣᠯᠠᠨ ᠵᠢᠯ ᠤᠷᠭᠤᠭᠰᠠᠨ ᠲᠣᠮᠣ ᠰᠤᠪᠤᠳ ᠲᠠᠢ ᠲᠥᠰᠲᠡᠢ  ᠶᠤᠮ ᠃ ᠭᠡᠬᠦ ᠳ᠋ᠡᠭᠡᠨ ᠲᠡᠷᠡ ᠨᠢ ᠲᠤᠩ ᠤ᠋ᠳ ᠤ᠋ᠨ ᠠᠯᠢᠨ ᠤ᠋ ᠳᠣᠲᠣᠷ᠎ᠠ ᠪᠠᠢᠭ᠎ᠠ ᠶ᠋ᠢ ᠬᠡᠨ ᠴᠦ᠍ ᠡᠰᠡ ᠮᠡᠳᠡᠨ᠎ᠡ ᠃ ᠤᠰᠤᠨ ᠳ᠋ᠤ᠌ ᠱᠤᠮᠪᠠᠭᠴᠢᠳ ᠲᠡᠭᠦᠨ ᠢ᠋ ᠡᠷᠢᠵᠦ ᠂ ᠳᠠᠯᠠᠢ ᠳ᠋ᠤ᠌ ᠪᠠᠢᠩᠭᠤ ᠯᠠ ᠱᠤᠮᠪᠠᠭᠠᠳ ᠪᠠᠢᠳᠠᠭ ᠃ ᠣᠯᠠᠨ ᠴᠤ᠌ ᠲᠤᠩ ᠣᠯᠵᠤ ᠠᠪᠴᠢᠷᠠᠵᠤ ᠂ ᠶᠡᠬᠡ ᠴᠦ᠍ ᠰᠤᠪᠤᠳ ᠭᠠᠷᠭᠠᠵᠤ ᠠᠪᠤᠨ᠎ᠠ ᠃ ᠬᠤᠳᠠᠯᠳᠤᠭᠠᠴᠢᠳ ᠲᠡᠳᠡᠭᠡᠷ ᠢ᠋ ᠬᠡᠯᠬᠢᠭᠡᠳ ᠂ ᠬᠦᠵᠦᠭᠦᠨ ᠤ ᠰᠣᠨᠳᠣᠷ ᠪᠣᠯᠭᠠᠨ᠎ᠠ ᠃ ᠰᠤᠪᠤᠳ ᠤ᠋ᠨ ᠬᠡᠷᠡᠭᠴᠡᠭᠡ ᠶᠠᠮᠠᠷ ᠴᠤ᠌ ᠤᠯᠤᠰ ᠣᠷᠣᠨ ᠂ ᠶᠠᠮᠠᠷ ᠴᠤ᠌ ᠬᠥᠮᠦᠨ ᠳ᠋ᠦ᠍ ᠪᠠᠢᠬᠤ ᠤᠴᠢᠷ ᠬᠤᠳᠠᠯᠳᠤᠭᠠᠴᠢᠳ ᠲᠡᠳᠡᠭᠡᠷ ᠢ᠋ ᠬᠤᠳᠠᠯᠳᠤᠨ᠎ᠠ ᠂ ᠠᠷᠠᠯᠵᠢᠨ᠎ᠠ ᠂ ᠬᠤᠳᠠᠯᠳᠤᠭᠠᠯᠠᠬᠤ ᠬᠡᠯᠡᠯᠴᠡᠯ ᠬᠢᠨ᠎ᠡ ᠃ ᠭᠡᠪᠡᠴᠦ ᠨᠡᠢᠲᠡ ᠶ᠋ᠢᠨ ᠨᠢᠭᠡ ᠮᠥᠷᠥᠭᠡᠳᠦᠯ ᠪᠣᠯ ᠲᠡᠷᠡ ᠠᠯᠳᠠᠷᠲᠤ ᠲᠣᠮᠣ ᠰᠤᠪᠤᠳ ᠠᠵᠢ ᠃ ᠲᠡᠷᠡ ( ᠪᠦᠬᠦᠨ ᠢ᠋ ᠪᠦᠲᠦᠭᠡᠭᠴᠢ) ᠮᠠᠨᠢ ᠠᠯᠤᠩᠭᠤᠸ᠎ᠠ ᠶ᠋ᠢᠨ ᠬᠡᠪᠡᠯᠢ ᠶ᠋ᠢ ᠲᠡᠢᠮᠦ ᠦᠨᠡᠲᠦ ᠰᠤᠪᠤᠳ ᠴᠢᠩᠭᠢᠰ ᠬᠠᠭᠠᠨ ᠢ᠋ ᠠᠭᠤᠯᠤᠭᠰᠠᠨ ᠲᠤᠩ ᠪᠣᠯᠭᠠᠵᠤ ᠂ ᠲᠡᠭᠦᠨ ᠳ᠋ᠦ᠍ ᠠᠷᠢᠭᠤᠨ ᠭᠡᠷᠡᠯ ᠢ᠋ᠶ᠋ᠡᠷ ᠡᠨᠡ ᠡᠵᠡᠨ ᠤ ᠮᠥᠨ ᠴᠢᠨᠠᠷ ᠢ᠋ ᠰᠢᠩᠭᠡᠭᠡᠵᠡᠢ ᠃ ᠠᠯᠤᠩᠭᠤᠸ᠎ᠠ ᠶ᠋ᠢᠨ ᠤᠳᠤᠮ ᠳ᠋ᠤ᠌ ᠣᠯᠠᠨ ᠰᠠᠯᠪᠤᠷᠢ ᠠᠢᠮᠠᠭ ᠬᠠᠷᠢᠶᠠᠯᠠᠭᠳᠠᠨ᠎ᠠ ᠃ ᠲᠡᠭᠦᠨ ᠳ᠋ᠦ᠍ ᠬᠠᠷᠢᠶᠠᠯᠠᠭᠳᠠᠬᠤ ᠬᠥᠮᠦᠰ ᠢ᠋ ᠲᠣᠭᠠᠯᠠᠬᠤ ᠳ᠋ᠤ᠌᠂ ᠬᠦᠷᠪᠡᠯ ᠵᠠᠭᠤᠨ ᠲᠦᠮᠡ ᠡᠴᠡ ᠳᠠᠪᠠᠨ᠎ᠠ ᠃ ᠲᠡᠷᠡ ᠪᠦᠬᠦ ᠠᠢᠮᠠᠭ ᠲᠤᠰ ᠪᠦᠷᠢ ᠳ᠋ᠡᠭᠡᠨ ᠢᠯᠡ ᠲᠣᠳᠣᠷᠬᠠᠢ ᠤ᠌ᠭ ᠤ᠋ᠨ ᠪᠢᠴᠢᠭ ᠲᠡᠢ ᠂ ᠤᠴᠢᠷ ᠨᠢ ᠮᠣᠩᠭᠣᠯᠴᠤᠳ ᠤ᠋ᠨ ᠵᠠᠩᠰᠢᠯ ᠪᠣᠯ ᠡᠪᠦᠭᠡ ᠳᠡᠭᠡᠳᠦᠰ ᠦ᠋ᠨ ᠢ᠋ᠶ᠋ᠡᠨ ᠤ᠌ᠭ ᠤᠳᠤᠮ ᠢ᠋ ᠬᠠᠳᠠᠭᠠᠯᠠᠨ ᠂ ᠰᠢᠨ᠎ᠡ ᠲᠥᠷᠥᠭᠰᠡᠨ ᠬᠡᠦᠬᠡᠳ ᠪᠦᠷᠢ ᠳ᠋ᠦ᠍ ᠲᠡᠭᠦᠨ ᠢ᠋ᠶ᠋ᠡᠨ ᠵᠢᠭᠠᠵᠤ ᠮᠡᠳᠡᠭᠦᠯᠳᠡᠭ ᠪᠣᠯᠬᠣᠷ ᠳᠣᠲᠣᠷ᠎ᠠ ᠨᠢ ᠥᠪᠡᠷ ᠦ᠋ᠨ ᠠᠢᠮᠠᠭ ᠂ ᠤ᠌ᠭ ᠭᠠᠷᠤᠯ ᠢ᠋ ᠮᠡᠳᠡᠳᠡᠭ ᠦᠭᠡᠢ ᠨᠢᠭᠡ ᠴᠦ᠍ ᠬᠥᠮᠦᠨ ᠪᠠᠢᠳᠠᠭ ᠦᠭᠡᠢ ᠃ ᠠᠷᠠᠪᠴᠤᠳ ᠠ᠋ᠴᠠ ᠪᠤᠰᠤᠳ ᠣᠯᠠᠨ ᠠᠢᠮᠠᠭ ᠤ᠋ᠨ ᠳᠣᠲᠣᠷ᠎ᠠ ᠮᠣᠩᠭᠣᠯᠴᠤᠳ ᠰᠢᠭ᠋ ᠭᠠᠷᠤᠯ ᠢ᠋ᠶ᠋ᠠᠨ ᠮᠡᠳᠡᠳᠡᠭ ᠡᠢᠮᠦ ᠵᠠᠩᠰᠢᠯ ᠲᠠᠢ ᠠᠢᠮᠠᠭ ᠣᠭᠲᠣ ᠪᠠᠢᠬᠤ ᠦᠭᠡᠢ ᠃
  ᠡᠨᠡ ᠠᠢᠮᠠᠭ ᠤ᠋ᠳ ᠨᠢ ᠦᠨ᠎ᠡ ᠴᠠᠨ᠎ᠠ ᠪᠠᠷ ᠨᠥᠭᠥᠭᠡᠬᠢ ᠲᠤᠩ ᠠ᠋ᠴᠠ ᠭᠠᠷᠭᠠᠵᠤ ᠠᠪᠤᠭᠰᠠᠨ ᠲᠡᠷᠡ ᠰᠤᠪᠤᠳ ᠤ᠋ᠳ ᠲᠠᠢ ᠲᠡᠩᠴᠡᠬᠦ  ᠶᠤᠮ ᠃ ᠲᠡᠳᠡᠭᠡᠷ ᠢ᠋ ᠪᠦᠲᠦᠭᠡᠵᠦ ᠪᠣᠢ ᠪᠣᠯᠭᠠᠬᠤ ᠳᠠᠯᠠᠢ ᠠ᠋ᠴᠠ ᠲᠡᠭᠷᠢ
 ᠶ᠋ᠢᠨ ᠴᠢᠳᠠᠯ ᠲᠠᠢ ᠱᠤᠮᠪᠠᠭᠴᠢᠳ ᠭᠠᠷᠭᠠᠵᠤ ᠢᠷᠡᠭᠰᠡᠨ ᠨᠢ᠄ ᠪᠢᠳᠡᠨ ᠤ ᠬᠡᠯᠡᠭᠡᠳ ᠪᠠᠢᠭ᠎ᠠ᠂ ᠲᠡᠷᠡ ᠬᠣᠪᠣᠷ ᠠ᠋ᠴᠠ ᠬᠣᠪᠣᠷ ᠰᠤᠪᠤᠳ ᠂ ᠪᠦᠬᠦᠨ ᠤ ᠮᠥᠨ ᠴᠢᠨᠠᠷ ᠤ᠋ᠨ ᠴᠥᠮ᠎ᠡ ᠳ᠋ᠦ᠍ ᠴᠢᠩᠭᠢᠰ ᠬᠠᠭᠠᠨ ᠂ ᠲᠡᠭᠦᠨ ᠤ ᠠᠯᠳᠠᠷᠲᠤ ᠤᠷᠤᠭ ᠤ᠋ᠨ ᠬᠠᠮᠤᠭ ᠤ᠋ᠨ ᠰᠠᠢᠨ ᠲᠥᠯᠥᠭᠡᠯᠡᠭᠴᠢ ᠂ ᠬᠣᠷᠸ᠎ᠠ ᠶ᠋ᠢᠨ ᠠᠪᠤᠷᠠᠯ ᠢᠪᠡᠭᠡᠯ ᠡᠷᠢᠭᠰᠡᠳ ᠦ᠋ᠨ ᠡᠵᠡᠨᠲᠡᠨ ᠂ ᠠᠯᠯᠠᠾ ᠰᠢᠲᠦᠯᠭᠡ ᠶ᠋ᠢ ᠪᠡᠬᠢᠵᠢᠭᠦᠯᠦᠨ ᠯᠠᠯᠤ ᠶ᠋ᠢᠨ ᠱᠠᠱ᠌ᠢᠨᠲᠠᠨ ᠤ᠋ ᠨᠡᠢᠲᠡᠪᠦᠷᠢ ᠶ᠋ᠢ ᠳᠦᠷᠦᠭᠦᠯᠦᠭᠴᠢ ᠂ ᠠᠯᠯᠠᠾ ᠲᠡᠭᠷᠢ ᠶ᠋ᠢᠨ ᠲᠤᠰᠠᠯᠠᠭᠴᠢ ᠰᠦᠯᠲ᠋ᠠᠨ ᠮᠠᠬᠠᠮᠤᠳ᠋ ᠬᠠᠰᠠᠨ ᠬᠠᠨ ( ᠠᠯᠯᠠᠾ ᠲᠡᠭᠦᠨ ᠤ ᠲᠥᠷᠥ ᠶ᠋ᠢ ᠤᠷᠲᠤᠰᠬᠠᠬᠤ ᠪᠣᠯᠲᠤᠭᠠᠢ!) ᠤ ᠲᠤᠰᠠ ᠶ᠋ᠢᠨ ᠲᠤᠯᠠᠳᠠ ᠪᠢᠯᠡ ᠃
  ᠱᠠᠷᠢᠶᠠᠲ ᠂ ᠲᠠᠷᠢᠺᠮᠧᠲ ᠤᠨ  ᠨᠣᠮᠯᠠᠯ ᠪᠦᠷᠢ ᠨᠢ ᠡᠷᠢᠨ ᠵᠠᠭᠤᠨ ᠥᠩᠭᠡᠷᠡᠬᠦ ᠲᠤᠲᠤᠮ ᠮᠠᠷᠲᠠᠭᠳᠠᠵᠤ ᠪᠠᠢᠬᠤ ᠳ᠋ᠤ᠌ ᠲᠡᠭᠦᠨ ᠤ ᠪᠣᠢ ᠪᠣᠯᠵᠤ ᠪᠡᠬᠢᠵᠢᠬᠦ ᠶ᠋ᠢ ᠤᠰᠠᠳᠬᠠᠬᠤ ᠭᠡᠵᠦ ᠴᠢᠷᠮᠠᠢᠳᠠᠭ ᠣᠯᠠᠨ ᠱᠠᠰᠢᠨᠲᠠᠨ ᠂ ᠪᠤᠷᠤᠭᠤ ᠨᠣᠮᠲᠠᠨ ᠨᠤᠭᠤᠳ ᠤ᠋ᠨ ᠬᠠᠷᠢᠶᠠᠯ ᠵᠦᠬᠡᠯ ᠂ ᠪᠤᠷᠤᠭᠤ ᠰᠢᠲᠦᠯᠭᠡ ᠵᠠᠩᠰᠢᠯ ᠢ᠋ ᠲᠡᠷᠡ ᠪᠦᠷᠢᠨ ᠤᠰᠠᠳᠬᠠᠵᠤ ᠯᠠᠯᠤ ᠶ᠋ᠢᠨ ᠱᠠᠰᠢᠨ ᠤ᠋ ᠦᠨᠳᠦᠰᠦ ᠶ᠋ᠢ ᠳᠡᠭᠡᠭᠰᠢ ᠡᠷᠭᠦᠪᠡ ᠃
  ᠰᠢᠯᠦᠭ᠄
     ᠬᠠᠭᠠᠨ ᠤ᠋ ᠲᠠᠮᠠᠭ᠎ᠠ ᠪᠠᠷ ᠬᠣᠷᠸᠽᠮ  ᠴᠢᠮ᠎ᠠ ᠰᠢᠭ᠋ ᠪᠢᠲᠡᠭᠦᠮᠵᠢᠯᠡᠭᠰᠡᠨ ᠡᠴᠡ ᠬᠣᠢᠰᠢ ᠴᠤ᠌ ᠭᠡᠰᠡᠨ
      ᠴᠢᠨᠦᠨ ( ᠴᠢᠨ + ᠦ᠋ᠨ - ᠨᠠᠢᠷᠠᠭᠤᠯᠤᠭᠴᠢ)  ᠪᠠ ᠬᠣᠲᠠᠨ ᠴᠤ᠌ ᠂ ᠴᠢᠮ᠎ᠠ ᠰᠢᠭ᠋ ᠣᠯᠠᠨ ᠤ᠌ᠭ ᠦᠨᠳᠦᠰᠦ ᠶ᠋ᠢ ᠡᠷᠭᠢᠭᠦᠯᠵᠦ ᠬᠠᠶᠠᠭᠰᠠᠨ ᠭᠡᠭᠡᠴᠢ
  ᠡᠨᠡ ᠨᠥᠬᠥᠴᠡᠯ ᠪᠠᠢᠳᠠᠯ ᠲᠠᠢ ᠬᠣᠯᠪᠣᠯᠠᠳᠠᠭᠤᠯᠤᠨ ᠪᠠᠲᠤᠯᠠᠨ ᠬᠡᠯᠡᠬᠦ ᠳ᠋ᠡᠭᠡᠨ ᠬᠠᠷᠢᠭᠤᠴᠠᠯᠭ᠎ᠠ ᠶ᠋ᠢ ᠬᠡᠯᠡᠭᠴᠢᠳ ᠬᠦᠯᠢᠶᠡᠬᠦ ᠶᠣᠰᠣᠲᠠᠢ ᠂ ᠠᠯᠤᠩᠭᠤᠸ᠎ᠠ ᠪᠡᠯᠪᠡᠰᠦᠷᠡᠭᠡᠳ ᠬᠡᠰᠡᠭ ᠬᠤᠭᠤᠴᠠᠭ᠎ᠠ ᠥᠩᠭᠡᠷᠡᠭᠰᠡᠨ ᠤ ᠳᠠᠷᠠᠭ᠎ᠠ ᠭᠡᠷ ᠲᠡᠭᠡᠨ ᠤᠨᠲᠠᠵᠤ ᠪᠠᠢᠲᠠᠯ᠎ᠠ ᠭᠡᠷ ᠦ᠋ᠨ ᠲᠣᠭᠣᠨᠣ ᠪᠠᠷ ᠭᠡᠷᠡᠯ ᠦ᠋ᠨ ᠲᠤᠶᠠᠭ᠎ᠠ ᠣᠷᠣᠵᠤ ᠢᠷᠡᠭᠡᠳ ᠬᠡᠪᠡᠯᠢ ᠳ᠋ᠦ᠍ᠨᠢ ᠰᠢᠩᠭᠡᠵᠡᠢ ᠃ ᠲᠡᠷᠡ ᠭᠠᠢᠬᠠᠨ ᠠᠶᠤᠭᠠᠳ ᠂ ᠡᠨᠡ ᠲᠤᠬᠠᠢ ᠬᠡᠨ ᠳ᠋ᠦ᠍ ᠴᠦ᠍ ᠬᠡᠯᠡᠭᠡ ᠦᠭᠡᠢ ᠪᠠᠢᠯ᠎ᠠ ᠃ ᠨᠡᠯᠢᠶᠡᠳ ᠬᠤᠭᠤᠴᠠᠭ᠎ᠠ ᠥᠩᠭᠡᠷᠡᠭᠰᠡᠨ ᠤ ᠳᠠᠷᠠᠭ᠎ᠠ ᠲᠡᠷᠡ ᠵᠢᠷᠮᠦᠰᠦᠨ ᠪᠣᠯᠤᠭᠰᠠᠨ ᠢ᠋ᠶ᠋ᠠᠨ ᠮᠡᠳᠡᠵᠡᠢ ᠃ ᠠᠮᠤᠷᠵᠢᠬᠤ ᠴᠠᠭ ᠳᠥᠭᠥᠵᠦ ᠢᠷᠡᠭᠡᠳ ᠪᠠᠢᠲᠠᠯ᠎ᠠ ᠲᠡᠭᠦᠨ ᠤ ᠠᠬᠠᠨ ᠲᠡᠭᠦᠰ ᠂ ᠨᠥᠬᠥᠷ ᠦ᠋ᠨ ᠰᠠᠳᠤᠨ ᠨᠤᠭᠤᠳ ᠬᠤᠷᠠᠨ ᠢᠷᠡᠵᠦ ᠥᠭᠦᠯᠡᠭᠰᠡᠨ ᠨᠢ : 《 ᠪᠡᠯᠪᠡᠰᠦᠨ ᠠᠪᠠᠭᠠᠢ ᠨᠢᠭᠤᠴᠠ ᠨᠥᠬᠥᠷ ᠲᠡᠢ ᠪᠣᠯᠤᠭᠠᠳ ᠵᠢᠷᠮᠦᠰᠦᠨ ᠪᠣᠯᠵᠤ ᠶᠠᠭᠠᠬᠢᠵᠤ ᠪᠣᠯᠳᠠᠭ ᠶᠤᠮ ᠪᠣᠢ 》 ᠭᠡᠬᠦ ᠳ᠋ᠦ᠍ ᠠᠯᠤᠩᠭᠤᠸ᠎ᠠ ᠬᠠᠷᠢᠭᠤ ᠥᠴᠢᠭᠰᠡᠨ ᠨᠢ : 《 ᠪᠢ ᠨᠥᠬᠥᠷ ᠦᠭᠡᠢ ᠠᠲᠠᠯ᠎ᠠ ᠬᠡᠦᠬᠡᠳ ᠲᠡᠢ ᠪᠣᠯᠤᠭᠰᠠᠨ ᠪᠣᠯᠬᠣᠷ ᠦᠨᠡᠨ ᠪᠠᠢᠳᠠᠯ ᠶᠠᠮᠠᠷ ᠴᠤ᠌ ᠪᠠᠢᠯ᠎ᠠ ᠭᠡᠰᠡᠨ ᠲᠠ ᠨᠠᠷ ᠡᠢᠮᠦ ᠲᠠᠭᠠᠮᠠᠭᠯᠠᠯ ᠬᠢᠵᠦ ᠪᠣᠯᠤᠨ᠎ᠠ ᠂ ᠬᠠᠷᠠᠳᠠᠵᠤ ᠪᠠᠢᠭ᠎ᠠ ᠶ᠋ᠢ ᠴᠢᠨᠢ ᠥᠩᠭᠡᠴᠡ ᠬᠠᠷᠠᠬᠤ ᠳ᠋ᠤ᠌ ᠵᠥᠪ ᠯᠡ ᠪᠠᠢᠨ᠎ᠠ ᠃ ᠭᠡᠪᠡᠴᠦ ᠢᠩᠭᠢᠵᠦ ᠬᠠᠷᠠᠳᠠᠬᠤ ᠴᠢᠨᠢ ᠦᠨᠡᠨ ᠳ᠋ᠡᠭᠡᠨ ᠨᠢᠭᠦᠯ ᠪᠣᠯᠬᠤ ᠨᠢ ᠡᠷᠡᠭᠡᠯᠵᠡᠭᠡ ᠦᠭᠡᠢ ᠶᠤᠮ  ᠰᠢᠦ ᠃ ᠪᠢ ᠪᠤᠰᠤᠳ ᠲᠤ᠌ ᠵᠢᠮᠡᠯᠡᠭᠳᠡᠬᠦ ᠶᠣᠰᠣᠲᠠᠢ ᠨᠡᠷ᠎ᠡ ᠪᠡᠨ ᠭᠤᠲᠤᠭᠠᠵᠤ ᠪᠣᠯᠬᠤ ᠲᠡᠢᠮᠦ ᠪᠦᠲᠦᠯ ᠦᠭᠡᠢ ᠶᠠᠪᠤᠳᠠᠯ ᠶᠠᠭᠠᠬᠢᠵᠤ ᠬᠢᠵᠦ ᠪᠣᠯᠬᠤ ᠪᠢᠯᠡ ᠳ᠋ᠠ  ? ᠲᠡᠢᠮᠦ ᠠ᠋ ᠂ ᠰᠥᠨᠢ ᠪᠦᠷᠢ ᠂ ᠨᠠᠳᠠ ᠤᠷᠤᠭᠤ ᠴᠡᠩᠬᠡᠷ ᠨᠢᠳᠦᠲᠡᠢ ᠬᠣᠩᠭᠣᠷ ᠦᠰᠦᠲᠡᠢ ᠬᠥᠮᠦᠨ ᠠᠭᠠᠵᠢᠭᠤᠬᠠᠨ ᠳᠥᠭᠥᠵᠦ ᠢᠷᠡᠭᠡᠳ ᠯᠡ ᠪᠤᠴᠠᠭᠠᠳ ᠶᠠᠪᠤᠴᠢᠬᠠᠯ᠎ᠠ ᠭᠡᠵᠦ ᠪᠢ ᠵᠡᠭᠦᠳᠦᠯᠡᠳᠡᠭ ᠃ ᠲᠡᠷᠡ ᠨᠠᠳᠠ ᠳ᠋ᠤ᠌ ᠪᠦᠷ ᠬᠠᠷᠠᠭᠳᠠᠳᠠᠭ ᠶᠤᠮ ᠳ᠋ᠠ ! ᠲᠠ ᠨᠠᠷ ᠨᠠᠮᠠᠶᠢ ᠬᠠᠷᠠᠳᠠᠬᠤ ᠨᠢ ᠦᠨᠳᠦᠰᠦ ᠦᠭᠡᠢ! ᠮᠢᠨᠦ ᠭᠠᠷᠭᠠᠭᠰᠠᠨ ᠬᠥᠪᠡᠭᠦᠳ ᠭᠣᠢᠳᠠ ᠬᠥᠮᠦᠰ ᠃ ᠲᠡᠳᠡ ᠥᠰᠴᠦ ᠲᠣᠮᠣ ᠪᠣᠯᠤᠭᠠᠳ ᠪᠦᠬᠦ ᠤᠯᠤᠰ ᠲᠦᠮᠡᠨ ᠤ ᠬᠠᠭᠠᠨ ᠪᠣᠯᠤᠭᠰᠠᠨ ᠴᠠᠭ ᠲᠤ᠌ ᠲᠠ ᠨᠠᠷ ᠂ ᠪᠤᠰᠤᠳ ᠬᠠᠷᠠᠴᠤ ᠨᠠᠷ ᠤ᠋ᠨ ᠠᠢᠮᠠᠭ ᠤ᠋ᠨ ᠬᠢᠨ ᠮᠢᠨᠦ ᠦᠢᠯᠡ ᠶᠠᠮᠠᠷ ᠪᠠᠢᠭᠰᠠᠨ ᠢ᠋ ᠮᠡᠳᠡᠬᠦ ᠪᠣᠯᠤᠨ᠎ᠠ 》 ᠭᠡᠵᠡᠢ ᠃ ᠠᠯᠤᠩᠭᠤᠸ᠎ᠠ ᠢᠩᠭᠢᠵᠦ ᠶᠠᠷᠢᠭᠰᠠᠨ ᠠ᠋ᠴᠠ ᠬᠣᠢᠰᠢ ᠲᠡᠭᠦᠨ ᠤ ᠳᠠᠷᠤᠤ ᠲᠥᠯᠥᠪ ᠵᠠᠩ ᠠᠷᠢᠭᠤᠨ ᠨᠠᠨᠳᠢᠨ ᠴᠢᠨᠠᠷ ᠨᠢ ᠠᠯᠢᠪᠠ ᠭᠠᠳᠠᠨᠠᠬᠢ ᠪᠠᠢᠳᠠᠯ ᠢ᠋ᠶ᠋ᠠᠷ ᠨᠤᠲᠠᠯᠠᠭᠳᠠᠭᠰᠠᠨ ᠲᠤᠯᠠ ᠲᠡᠳᠡ ᠶᠠᠩᠵᠤ ᠪᠦᠷᠢ ᠪᠡᠷ ᠥᠳᠥᠵᠦ ᠰᠡᠳᠬᠢᠯ ᠢ᠋ ᠨᠢ ᠵᠣᠪᠠᠭᠠᠬᠤ ᠪᠠᠨ ᠪᠣᠯᠢᠵᠠᠢ ᠃ ᠲᠡᠳᠡ ᠡᠭᠦᠨ ᠤ ᠦᠭᠡ ᠶᠠᠷᠢᠶ᠎ᠠ ᠨᠢ ᠦᠨᠡᠨ ᠵᠥᠪ᠂ ᠪᠣᠯᠬᠤ ᠶ᠋ᠢ ᠣᠢᠯᠠᠭᠠᠵᠠᠢ ᠃
  ᠠᠯᠤᠩᠭᠤᠸ᠎ᠠ ᠭᠤᠷᠪᠠᠨ ᠬᠥᠪᠡᠭᠦᠨ ᠲᠥᠷᠥᠭᠦᠯᠪᠡ ᠃ ᠤᠤᠭᠠᠨ ᠨᠢ ᠪᠤᠬ᠎ᠠ ᠬᠠᠲᠠᠭᠢ ᠂ ᠲᠡᠭᠦᠨ ᠤ ᠣᠪᠣᠭ ᠠ᠋ᠴᠠ ᠪᠦᠬᠦ ᠬᠠᠲᠠᠭᠢᠨ ᠂ ᠠᠢᠮᠠᠭ ᠪᠣᠢ ᠪᠣᠯᠵᠠᠢ ᠃ ᠳᠤᠮᠳᠠᠬᠢ ᠶ᠋ᠢ ᠰᠠᠯᠵᠢ ᠭᠡᠳᠡᠭ ᠂ ᠰᠠᠯᠵᠢᠭᠤᠳ ᠠᠢᠮᠠᠭ ᠤ᠋ᠨ ᠡᠪᠦᠭᠡ ᠪᠣᠯᠵᠠᠢ ᠃
  ᠣᠳᠬᠤᠨ ᠬᠥᠪᠡᠭᠦᠨ ᠪᠣᠳᠣᠨᠴᠠᠷ ᠬᠠᠨ ᠂ ᠡᠨᠡ ᠤᠳᠤᠮ ᠤ᠋ᠨ ᠰᠢᠯᠢᠮᠡᠯ ᠦᠷ᠎ᠡ ᠨᠢ ᠪᠣᠯᠵᠠᠢ ᠃ ᠪᠣᠳᠣᠨᠴᠠᠷ ᠤ᠋ᠨ ᠣᠪᠣᠭ ᠠ᠋ᠴᠠ ᠣᠯᠠᠨ ᠠᠢᠮᠠᠭ ᠭᠠᠷᠤᠭᠰᠠᠨ ᠢ᠋ ᠳᠠᠷᠠᠭ᠎ᠠ ᠪᠠᠷ ᠲᠣᠳᠣᠷᠬᠠᠢ ᠪᠢᠴᠢᠵᠦ ᠂ ᠲᠡᠭᠦᠨ ᠤ ᠰᠠᠯᠪᠤᠷᠢ ᠨᠤᠭᠤᠳ ᠢ᠋ ᠳᠡᠯᠭᠡᠷᠡᠩᠭᠦᠢ ᠲᠣᠭᠠᠴᠢᠬᠤ ᠪᠣᠯᠤᠨ᠎ᠠ ᠃ ᠴᠢᠩᠭᠢᠰ ᠬᠠᠭᠠᠨ ᠤ᠋ ᠠᠷᠢᠭᠤᠨ ᠣᠪᠣᠭ ᠲᠡᠭᠦᠨ ᠡᠴᠡ ᠡᠭᠦᠰᠦᠯ ᠲᠡᠢ ᠃ ᠠᠯᠤᠩᠭᠤᠸ᠎ᠠ ᠲᠡᠭᠦᠨ ᠤ ᠭᠤᠷᠪᠠᠨ ᠬᠥᠪᠡᠭᠦᠨ ᠢ᠋ ᠨᠢ ᠵᠢᠷᠤᠭᠯᠠᠨ ᠬᠠᠷᠠᠭᠤᠯᠪᠠᠯ᠄ ᠠᠯᠤᠩᠭᠤᠸ᠎ᠠ ᠂ ᠲᠡᠭᠦᠨ ᠤ ᠭᠡᠷᠡᠯ ᠦ᠋ᠨ ᠲᠤᠶᠠᠭ᠎ᠠ ᠪᠠᠷ ᠣᠯᠵᠤ ᠲᠥᠷᠥᠭᠦᠯᠦᠭᠰᠡᠨ ᠬᠥᠪᠡᠭᠦᠳ ᠢ᠋ ᠳᠦᠷᠰᠦᠯᠡᠭᠰᠡᠨ ᠬᠦᠰᠦᠨᠦᠭᠲᠦ 
ᠪᠤᠬ᠎ᠠ ᠬᠠᠲᠠᠭᠢ -ᠪᠦᠬᠦ ᠬᠠᠲᠠᠭᠢᠨ ᠠᠢᠮᠠᠭ ᠡᠨᠡ ᠪᠤᠬ᠎ᠠ ᠬᠠᠲᠠᠭᠢ ᠶ᠋ᠢᠨ ᠭᠠᠷᠤᠯ ᠲᠠᠢ ᠤᠷᠤᠭ ᠶᠤᠮ ᠃
ᠰᠠᠯᠵᠢ -ᠪᠦᠬᠦ ᠰᠠᠯᠵᠢᠭᠤᠳ ᠠᠢᠮᠠᠭ ᠡᠭᠦᠨ ᠤ ᠤᠷᠤᠭ ᠶᠤᠮ ᠃
ᠪᠣᠳᠣᠨᠴᠠᠷ- ᠴᠢᠩᠭᠢᠰ ᠬᠠᠭᠠᠨ ᠤ᠋ ᠰᠠᠯᠪᠤᠷᠢ ᠨᠢ ᠦᠨᠡᠬᠡᠷ ᠡᠭᠦᠨ ᠡᠴᠡ ᠭᠠᠷᠤᠯ ᠲᠠᠢ ᠃
ᠡᠳᠡᠭᠡᠷ ᠭᠤᠷᠪᠠᠨ ᠬᠥᠪᠡᠭᠦᠨ ᠤ ᠤᠷᠤᠭ ᠢ᠋ ᠲᠤᠬᠠᠢᠯᠠᠨ ᠨᠢᠷᠤᠨ ᠭᠡᠳᠡᠭ ᠪᠥᠭᠡᠳ ᠂ ᠡᠭᠦᠨ ᠢ᠋ᠶ᠋ᠡᠷ ᠢ᠋ᠶ᠋ᠡᠨ ᠲᠡᠳᠡᠭᠡᠷ ᠨᠢ ᠠᠯᠤᠩᠭᠤᠸ᠎ᠠ ᠶ᠋ᠢᠨ ᠠᠷᠢᠭᠤᠨ ᠬᠡᠪᠡᠯᠢ ᠶ᠋ᠢ ᠵᠢᠭᠠᠵᠤ ᠪᠠᠢᠭ᠎ᠠ ᠠᠵᠤᠭᠤ ᠃ ᠮᠣᠩᠭᠣᠯᠴᠤᠳ ᠡᠨᠡ ᠠᠢᠮᠠᠭ ᠢ᠋ ᠶᠡᠬᠡᠳᠡ ᠬᠦᠨᠳᠦᠳᠬᠡᠳᠡᠭ ᠃
              ᠬᠣᠶᠠᠳᠤᠭᠠᠷ ᠬᠡᠰᠡᠭ
      ᠠᠯᠤᠩᠭᠤᠸ᠎ᠠ ᠶ᠋ᠢᠨ ᠡᠨᠡ ᠭᠤᠷᠪᠠᠨ ᠬᠥᠪᠡᠭᠦᠨ ᠦᠷᠡᠵᠢᠨ  ᠰᠠᠯᠪᠤᠷᠢᠯᠠᠭᠰᠠᠨ ᠲᠤᠬᠠᠢ
  ᠡᠨᠡ ᠬᠥᠪᠡᠭᠦᠳ ᠡᠴᠡ ᠭᠠᠷᠤᠭᠰᠠᠨ ᠣᠯᠠᠨ ᠲᠣᠭᠠᠨ ᠤ᠋ ᠠᠢᠮᠠᠭ ᠰᠠᠯᠪᠤᠷᠢ ᠶ᠋ᠢᠨ ᠬᠢᠨ ᠢ᠋ ᠴᠥᠮ ᠢ᠋ ᠨᠢ ᠨᠢᠷᠦᠨ ᠭᠡᠳᠡᠭ ᠢ᠋ ᠮᠡᠳᠡᠭᠲᠦᠨ ᠃ ᠶᠠᠭᠤᠨ ᠭᠡᠪᠡᠯ ᠲᠡᠳᠡᠭᠡᠷ ᠨᠢ ᠠᠷᠢᠭᠤᠨ ᠬᠡᠪᠡᠯᠢ ᠡᠴᠡ ᠪᠣᠢ ᠪᠣᠯᠵᠠᠢ ᠃ ᠨᠡᠷ᠎ᠡ ᠨᠢ ᠴᠦ᠍ ᠠᠯᠤᠩᠭᠤᠸ᠎ᠠ ᠶ᠋ᠢᠨ ᠴᠡᠪᠡᠷ ᠬᠡᠪᠡᠯᠢ ᠡᠴᠡ ᠭᠠᠷᠤᠭᠰᠠᠨ ᠢ᠋ ᠰᠠᠨᠠᠭᠤᠯᠵᠤ ᠪᠠᠢᠭ᠎ᠠ ᠪᠢᠯᠡ ᠃ ᠡᠨᠡ ᠠᠢᠮᠠᠭ ᠤ᠋ᠳ ᠨᠢ ᠪᠤᠰᠤᠳ ᠠᠢᠮᠠᠭ ᠤ᠋ᠳ ᠠ᠋ᠴᠠ ᠪᠠᠨ ᠭᠣᠢᠳᠠ ᠪᠥᠭᠡᠳ ᠪᠤᠰᠤᠳ ᠨᠢ ᠶᠡᠬᠡᠬᠡᠨ ᠬᠦᠨᠳᠦᠳᠬᠡᠳᠡᠭ ᠪᠠᠢᠭᠰᠠᠨ ᠨᠢ ᠶᠣᠰᠣᠲᠠᠢ ᠲᠤᠩ ᠠ᠋ᠴᠠ ᠭᠠᠷᠤᠭᠰᠠᠨ ᠲᠣᠮᠣ ᠭᠡᠭᠴᠢ ᠰᠤᠪᠤᠳ ᠪᠤᠶᠤ ᠵᠢᠮᠢᠰ ᠦ᠋ᠨ ᠮᠣᠳᠣᠨ ᠤ᠋ ᠬᠠᠮᠤᠭ ᠤ᠋ᠨ ᠰᠠᠢᠬᠠᠨ ᠵᠢᠮᠢᠰ ᠨᠢ ᠪᠣᠯᠠᠢ ᠃ ᠨᠢᠷᠦᠨ ᠠᠢᠮᠠᠭ ᠤ᠋ᠳ ᠲᠤ᠌ ᠣᠷᠣᠳᠠᠭ ᠦᠭᠡᠢ ᠪᠤᠰᠤᠳ ᠮᠣᠩᠭᠣᠯ ᠠᠢᠮᠠᠭ ᠤ᠋ᠳ ᠢ᠋ ᠴᠥᠮ ᠢ᠋ ᠨᠢ ᠲᠦᠷᠯᠢᠬᠡᠨ (ᠬᠢᠲᠠᠳ᠄迭儿列勤) ᠮᠣᠩᠭᠣᠯ ᠭᠡᠳᠡᠭ ᠲᠤᠬᠠᠢ ᠤᠳᠤᠷᠢᠳᠬᠠᠯ ᠳ᠋ᠤ᠌ ᠲᠣᠳᠣᠷᠬᠠᠢ ᠳᠤᠷᠠᠳᠤᠭᠰᠠᠨ ᠪᠢᠯᠡ ᠃ ᠪᠡᠯᠭᠦᠨᠦᠲᠡᠢ ᠂ ᠪᠦᠭᠦᠨᠦᠲᠡᠢ ᠠᠢᠮᠠᠭ ᠤ᠋ᠳ ᠨᠢ ᠨᠢᠷᠦᠨ᠂ ᠠᠢᠮᠠᠭ ᠲᠠᠢ ᠨᠢᠭᠡᠨ ᠰᠤᠷᠪᠤᠯᠵᠢ ᠲᠠᠢ ᠪᠣᠯᠪᠠᠴᠤ ᠨᠢᠭᠡᠨᠲᠡ ᠳᠣᠪᠣᠨ ᠪᠠᠶᠠᠨ ᠡᠴᠢᠭᠡ ᠨᠢ ᠪᠠᠢᠭᠰᠠᠨ ᠪᠣᠯᠬᠣᠷ ᠲᠡᠳᠡᠭᠡᠷ ᠢ᠋ ᠮᠥᠨ ᠲᠦᠷᠯᠢᠭᠡᠨ 《 ᠲᠠᠷᠯᠡᠬᠢᠨ - ᠨᠠᠢᠷᠠᠭᠤᠯᠤᠭᠴᠢ ) ᠠᠢᠮᠠᠭ ᠭᠡᠳᠡᠭ ᠠᠵᠤᠭᠤ ᠃ ᠣᠷᠴᠢᠨ ᠦᠶ᠎ᠡ ᠳ᠋ᠦ᠍ ᠥᠳᠥᠭ ᠪᠣᠭᠣᠯ ᠭᠡᠵᠦ ᠨᠡᠷᠡᠯᠡᠭᠳᠡᠵᠦ ᠪᠠᠢᠭ᠎ᠠ ᠮᠣᠩᠭᠣᠯ ᠠᠢᠮᠠᠭ ᠢ᠋ ᠴᠢᠩᠭᠢᠰ ᠬᠠᠭᠠᠨ ᠤ᠋ ᠦᠶ᠎ᠡ ᠳ᠋ᠦ᠍ ᠡᠨᠡ ᠠᠢᠮᠠᠭ ᠤ᠋ᠳ ᠲᠤ᠌ ᠬᠠᠮᠢᠶᠠᠷᠤᠭᠤᠯᠵᠠᠢ ᠃ ᠥᠳᠥᠭ ᠪᠣᠭᠣᠯ ᠭᠡᠰᠡᠨ ᠤ ᠤᠴᠢᠷ ᠪᠣᠯ ᠲᠡᠳᠡ ( ᠳᠦᠷᠯᠢᠬᠢᠨᠴᠦᠳ) ᠪᠣᠯ ᠴᠢᠩᠭᠢᠰ ᠬᠠᠭᠠᠨ ᠤ᠋ ᠡᠪᠦᠭᠡ ᠳᠡᠭᠡᠳᠦᠰ ᠦ᠋ᠨ ᠪᠣᠭᠣᠯ ᠤ᠋ᠳ ᠲᠡᠭᠦᠨ ᠤ ᠤᠳᠤᠮ ᠤ᠋ᠨ ᠬᠢᠨ ᠶᠤᠮ ᠃ ᠵᠠᠷᠢᠮ ᠨᠢ ᠴᠢᠩᠭᠢᠰ ᠬᠠᠭᠠᠨ ᠤ᠋ ᠦᠶ᠎ᠡ ᠳ᠋ᠦ᠍ ᠲᠡᠭᠦᠨ ᠳ᠋ᠦ᠍ ᠮᠠᠭᠲᠠᠭᠤᠰᠢᠲᠠᠢ ᠲᠤᠰᠠ ᠬᠦᠷᠭᠡᠵᠦ ᠪᠠᠢᠭᠰᠠᠨ ᠤᠴᠢᠷ ᠶᠡᠬᠡ ᠬᠠᠭᠠᠨ ᠳ᠋ᠤ᠌ ᠰᠠᠢᠰᠢᠶᠠᠭᠳᠠᠵᠤ ᠪᠠᠢᠬᠤ ᠡᠷᠬᠡ ᠪᠡᠨ ᠪᠠᠲᠤᠳᠬᠠᠵᠠᠢ ᠃ ᠡᠭᠦᠨ ᠤ ᠤᠴᠢᠷ ᠥᠳᠥᠭ ᠪᠣᠭᠣᠯ ᠭᠡᠳᠡᠭ ᠨᠡᠷ᠎ᠡ ᠲᠡᠢ ᠪᠣᠯᠵᠠᠢ ᠃ ᠦᠲᠦᠭ ᠪᠣᠭᠣᠯ ᠤ᠋ᠨ ᠬᠤᠪᠢ ᠳ᠋ᠤ᠌ ᠂ ᠲᠣᠭᠲᠠᠭᠠᠭᠰᠠᠨ ᠵᠠᠩ ᠠᠷᠠᠨᠰᠢᠨ ᠢ᠋ ᠬᠠᠲᠠᠭᠤ ᠪᠠᠷᠢᠮᠲᠠᠯᠠᠭᠰᠠᠭᠠᠷ ᠪᠠᠢᠳᠠᠭ ᠬᠥᠮᠦᠨ ᠪᠦᠷᠢ ᠶ᠋ᠢᠨ ᠲᠤᠬᠠᠢ ᠂ ᠲᠤᠬᠠᠢ ᠶ᠋ᠢᠨ ᠭᠠᠵᠠᠷ ᠨᠢ ᠬᠡᠯᠡᠬᠦ ᠪᠣᠯᠤᠨ᠎ᠠ ᠃
  ᠣᠳᠣᠬᠠᠨ ᠳ᠋ᠠᠭᠠᠨ ᠤ᠌ᠭ ᠨᠡᠷ᠎ᠡ ᠶ᠋ᠢᠨ ᠤᠴᠢᠷ ᠢ᠋ ᠤᠩᠰᠢᠭᠴᠢ ᠲᠠᠨ ᠳ᠋ᠤ᠌ ᠣᠢᠯᠠᠭᠠᠮᠵᠢᠲᠠᠢ ᠪᠣᠯᠭᠠᠬᠤ ᠶ᠋ᠢᠨ ᠲᠤᠯᠠᠳᠠ ᠳᠤᠷᠠᠳᠤᠨ ᠪᠣᠢ ᠮᠡᠳᠡᠭᠡ ᠶ᠋ᠢ ᠬᠡᠯᠡᠬᠦ ᠨᠢ ᠴᠢᠬᠤᠯᠠ ᠪᠠᠢᠨ᠎ᠠ ᠃ ᠪᠦᠬᠦ ᠨᠡᠢᠲᠡ ᠪᠡᠷ ᠢ᠋ᠶ᠋ᠡᠨ ᠨᠢᠷᠤᠨ ᠭᠡᠭᠳᠡᠭᠡᠳ ᠪᠠᠢᠭ᠎ᠠ ᠲᠡᠷᠡ ᠣᠯᠠᠨ ᠰᠠᠯᠪᠤᠷᠢ ᠨᠢ ᠬᠡᠳᠦᠢᠪᠡᠷ ᠴᠢᠩᠭᠢᠰ ᠬᠠᠭᠠᠨ ᠲᠠᠢ ᠲᠥᠷᠥᠯ ᠪᠥᠭᠡᠳ ᠮᠥᠨ ᠲᠡᠳᠡᠭᠡᠷ ᠦ᠋ᠨ ᠬᠠᠨ ᠨᠣᠶᠠᠳ ᠤ᠋ᠳ ᠨᠢ ᠲᠡᠭᠦᠨ ᠤ ᠣᠪᠣᠭ ᠤᠷᠤᠭ ᠤ᠋ᠨ ᠬᠢᠨ ᠳ᠋ᠦ᠍ ᠬᠠᠮᠢᠶᠠᠷᠤᠭᠳᠠᠳᠠᠭ ᠪᠣᠯᠪᠠᠴᠤ ᠳᠡᠯᠡᠬᠡᠢ ᠪᠠ ᠴᠠᠭ ᠦᠶ᠎ᠡ ᠶ᠋ᠢᠨ ᠡᠵᠡᠨᠲᠡᠨ ᠨᠢ ᠴᠢᠩᠭᠢᠰ ᠬᠠᠭᠠᠨ ᠪᠠᠢᠭᠰᠠᠨ ᠪᠣᠯᠬᠣᠷ ᠣᠪᠣᠭ ᠤ᠋ᠳ ᠪᠦᠬᠦ ᠮᠣᠩᠭᠣᠯ ᠠᠢᠮᠠᠭ ᠤ᠋ᠳ ᠲᠡᠭᠦᠨ ᠲᠡᠢ ᠲᠥᠷᠥᠯ ᠴᠦ᠍ ᠪᠠᠢ ᠂ ᠪᠢᠰᠢ ᠴᠦ᠍ ᠪᠠᠢ ᠴᠥᠮ ᠯᠡ ᠲᠡᠭᠦᠨ ᠤ᠂ ᠪᠣᠭᠣᠯ ᠨᠢ ᠵᠠᠷᠤᠴᠠ ( ᠪᠠᠨᠳ᠋ᠸᠢ ᠪᠠ ᠷᠡᠬᠢ )  ᠨᠢ ᠪᠣᠯᠳᠠᠭ ᠪᠠᠢᠯ᠎ᠠ ᠃ ᠡᠭᠦᠨ ᠳ᠋ᠦ᠍ ᠢᠯᠠᠩᠭᠤᠶ᠎ᠠ ᠴᠢᠩᠭᠢᠰ ᠦ᠋ᠨ ᠡᠷᠡᠭᠲᠡᠢ ᠶ᠋ᠢᠨ ᠲᠠᠯ᠎ᠠ ᠶ᠋ᠢᠨ ᠬᠣᠯᠠ ᠶ᠋ᠢᠨ ᠰᠠᠳᠤᠨ ᠨᠤᠭᠤᠳ ᠡᠪᠦᠭᠡ ᠪᠣᠯᠤᠨ ᠦᠶᠡᠯᠢ ᠠᠨᠠ ᠲᠡᠭᠦᠰ ᠦ᠋ᠨ ᠬᠠᠮᠢᠶᠠᠲᠠᠨ ᠨᠤᠭᠤᠳ ᠨᠢ ᠳᠣᠪᠲᠣᠯᠭᠠᠨ ᠪᠣᠯᠤᠨ ᠲᠡᠢᠨ ᠳᠠᠵᠢᠨ ᠤ᠋᠂ ᠴᠠᠭ ᠢ᠋ᠶ᠋ᠠᠷ ᠳᠠᠢᠰᠤᠨ ᠲᠠᠢ ᠨᠢ ᠨᠢᠭᠡᠳᠦᠨ ᠲᠡᠭᠦᠨ ᠲᠡᠢ ᠲᠡᠮᠡᠴᠡᠯᠳᠦᠳᠡᠭ ᠪᠠᠢᠪᠠ ᠃ ᠲᠡᠳᠡ ᠪᠣᠯ ᠴᠢᠩᠭᠢᠰ ᠬᠠᠭᠠᠨ ᠤ᠋ ᠪᠤᠰᠤᠳ ᠲᠥᠷᠥᠯ ᠦ᠋ᠳ ᠡᠴᠡ ᠨᠢ ᠠᠷᠠᠢ ᠯᠠ ᠳᠣᠣᠭᠤᠷ ᠵᠡᠷᠭᠡ ᠳ᠋ᠦ᠍ ᠪᠠᠢᠳᠠᠭ ᠪᠣᠯᠥᠭᠡ ᠃ ᠪᠠᠰᠠ ᠪᠣᠭᠣᠯ ᠤ᠋ᠨ ᠪᠣᠭᠣᠯ ᠪᠣᠯᠤᠭᠰᠠᠨ ᠮᠣᠩᠭᠣᠯᠴᠤᠳ ᠴᠤ᠌ ᠣᠯᠠᠨ ᠪᠣᠢ ᠃ ᠬᠡᠳᠦᠢ ᠳ᠋ᠦ᠍ ᠶᠠᠭᠠᠬᠢᠭᠠᠳ ᠲᠡᠢᠮᠦ ᠪᠣᠯᠤᠭᠰᠠᠨ ᠢ᠋ ᠲᠤᠬᠠᠢ ᠶ᠋ᠢᠨ ᠭᠠᠵᠠᠷ ᠨᠢ ᠳᠤᠷᠠᠳᠬᠤ ᠪᠣᠯᠤᠨ᠎ᠠ ᠃ ᠪᠤᠯᠭᠤᠭᠠᠭᠲᠤᠨ᠃