《ᠰᠤᠳᠤᠷ ᠤᠨ ᠴᠢᠭᠤᠯᠭᠠᠨ》1-2-01ᠴᠢᠩᠭᠢᠰ ᠬᠠᠭᠠᠨ ᠤ᠋ ᠡᠪᠦᠭᠡ ᠳᠡᠭᠡᠳᠦᠰ ᠦ᠋ᠨ ᠲᠤᠬᠠᠢ ᠬᠦᠦᠷᠨᠢᠯ ᠤᠳ-ᠣᠷᠣᠰᠢᠯ
ᠴᠢᠩᠭᠢᠰ ᠬᠠᠭᠠᠨ ᠤ᠋ ᠡᠪᠦᠭᠡ ᠳᠡᠭᠡᠳᠦᠰ ᠦ᠋ᠨ ᠲᠤᠬᠠᠢ ᠬᠦᠦᠷᠨᠢᠯ ᠤᠳ
ᠡᠨᠳᠡ ᠴᠢᠩᠭᠢᠰ ᠬᠠᠭᠠᠨ ᠤ᠋ ᠡᠪᠦᠭᠡ ᠳᠡᠭᠡᠳᠦᠰ ᠦ᠋ᠨ ᠲᠤᠬᠠᠢ ᠥᠭᠦᠯᠡᠬᠦ ᠶ᠋ᠢᠨ ᠬᠠᠮᠲᠤ ᠲᠡᠳᠡᠨ ᠤ ᠲᠥᠷᠥᠯ ᠦ᠋ᠨ ᠬᠢᠨ ᠤ ᠠᠮᠢᠳᠤᠷᠠᠯ ᠤ᠋ᠨ ᠣᠯᠠᠨ ᠶᠠᠩᠵᠤ ᠪᠠᠢᠳᠠᠯ ᠤ᠋ᠨ ᠲᠤᠬᠠᠢ ᠥᠭᠦᠯᠡᠯᠭᠡ ᠴᠦ᠍ ᠣᠷᠣᠨ᠎ᠠ ᠃
ᠡᠨᠡ ᠨᠢ ᠠᠷᠪᠠᠨ ᠬᠦᠦᠷᠨᠢᠯ ᠥᠭᠦᠯᠡᠯᠭᠡ ᠡᠴᠡ
ᠪᠦᠷᠢᠳᠦᠨ᠎ᠡ ᠃ ᠢᠷᠠᠭᠤ ᠠᠯᠳᠠᠷᠲᠤ ᠠᠯᠯᠠᠾ ᠯᠠ ᠳᠠᠭᠠᠯᠠᠳᠠᠭ ᠶᠤᠮ ᠪᠣᠯ ᠤᠷᠢᠳ ᠢ᠋ᠶ᠋ᠠᠷ ᠲᠡᠳᠡᠨ ᠤ ᠡᠪᠦᠭᠡ
ᠳᠡᠭᠡᠳᠦᠰ ᠨᠢ ᠲᠣᠳᠣᠷᠠᠨ ᠭᠠᠷᠤᠭᠰᠠᠨ ᠲᠤᠬᠠᠢ ᠶ᠋ᠢ ᠲᠣᠳᠣᠳᠬᠠᠨ ᠤᠳᠤᠷᠢᠳᠬᠠᠯ ᠪᠢᠴᠢᠭᠡᠳ ᠂ ᠳᠠᠷᠠᠭ᠎ᠠ ᠪᠠᠷ
ᠨᠢ ᠠᠷᠪᠠᠨ ᠬᠦᠦᠷᠨᠢᠯ ᠥᠭᠦᠯᠡᠯᠭᠡ ᠶ᠋ᠢ ᠲᠡᠷᠯᠡᠬᠦ ᠪᠣᠯᠤᠨ᠎ᠠ ᠃
ᠣᠷᠣᠰᠢᠯ
ᠴᠢᠩᠭᠢᠰ ᠬᠠᠭᠠᠨ ᠤ᠋ ᠡᠪᠦᠭᠡ
ᠳᠡᠭᠡᠳᠦᠰ ᠤᠨ ᠠᠮᠢᠳᠤᠷᠠᠯ ᠪᠠᠢᠳᠠᠯ ᠠ᠋ᠴᠠ ᠤᠯᠪᠠᠭᠠᠯᠠᠭᠠᠳ ᠂ ᠲᠡᠳᠡᠨ ᠤ ᠤᠯᠤᠰ ᠭᠦᠷᠦᠨ ᠬᠡᠷᠬᠢᠨ ᠪᠣᠢ
ᠪᠣᠯᠤᠭᠰᠠᠨ ᠥᠭᠡᠷ᠎ᠡ ᠪᠡᠷ ᠬᠡᠯᠡᠪᠡᠯ ᠬᠡᠵᠢᠶ᠎ᠡ ᠬᠠᠮᠢᠭ᠎ᠠ ᠠ᠋ᠴᠠ ᠡᠭᠦᠰᠦᠭᠰᠡᠨ ᠲᠤᠬᠠᠢ ᠪᠢᠴᠢᠨ᠎ᠡ ᠃
ᠲᠡᠳᠡ ᠂ ᠡᠨᠡ ᠡᠵᠡᠮᠰᠢᠯ ᠨᠤᠲᠤᠭ [ ᠢᠷᠡᠨ ] ᠳ᠋ᠦ᠍ ᠪᠠᠢᠭ᠎ᠠ ᠠᠷᠠᠪᠴᠤᠳ ᠤ᠋ᠨ ᠨᠢᠭᠡᠨ ᠠᠳᠠᠯᠢ
ᠴᠠᠭ ᠤ᠋ᠨ ᠶᠡᠬᠡᠩᠬᠢ ᠶ᠋ᠢ ᠨᠢᠭᠡ ᠨᠢ ᠨᠥᠭᠥᠭᠡ ᠲᠡᠢ ᠪᠡᠨ ᠲᠡᠷᠰᠯᠡᠯᠳᠦᠵᠦ ᠭᠡᠷᠡᠯᠲᠦᠨ ᠮᠠᠷᠭᠤᠵᠤ᠂ ᠨᠢᠭᠡ
ᠨᠢ ᠨᠥᠭᠥᠭᠡ ᠪᠡᠨ ᠲᠣᠨᠣᠨ ᠳᠡᠭᠡᠷᠡᠮᠳᠡᠵᠦ
᠂ ᠬᠣᠭᠣᠷᠣᠨᠳᠣ ᠪᠠᠨ ᠳᠠᠢᠳᠤᠨ ᠲᠤᠯᠤᠯᠳᠤᠵᠤ ᠦᠢᠮᠡᠨ ᠠᠢᠮᠠᠨ ᠥᠩᠭᠡᠷᠡᠭᠡᠳᠡᠭ ᠪᠠᠢᠪᠠ ᠃ ᠠᠢᠮᠠᠭ ᠪᠦᠷᠢ ᠯᠡ
ᠴᠡᠷᠢᠭ ᠦ᠋ᠨ ᠲᠤᠬᠠᠢᠯᠠᠭᠰᠠᠨ ᠨᠣᠶᠠᠨ ᠲᠠᠢ ᠂ ᠲᠡᠷᠡ ᠨᠢ ᠥᠭᠡᠷ᠎ᠡ ᠬᠡᠨ ᠳ᠋ᠦ᠍ ᠴᠦ᠍ ᠵᠠᠬᠢᠷᠤᠭᠳᠠᠳᠠᠭ ᠦᠭᠡᠢ
ᠪᠠᠢᠯ᠎ᠠ ᠃ ᠬᠢᠲᠠᠳ ᠤ᠋ᠨ ᠬᠥᠮᠦᠨ ᠠᠮᠠ ᠨᠢ ᠮᠣᠩᠭᠣᠯ ᠂ ᠲᠥᠷᠥᠭ ᠲᠦᠮᠡᠨ ᠤ ᠨᠤᠲᠤᠭ ᠳᠡᠪᠢᠰᠬᠡᠷ ᠂ ᠮᠥᠨ
ᠲᠡᠳᠡᠨ ᠤ ᠨᠡᠭᠦᠳᠡᠯᠯᠡᠨ ᠨᠤᠲᠤᠭᠯᠠᠳᠠᠭ ᠨᠤᠲᠤᠭ ᠤ᠋ᠳ ᠲᠠᠢ ᠬᠢᠯᠢ ᠵᠠᠯᠭᠠᠨ ᠬᠠᠶᠠᠭ᠎ᠠ ᠨᠡᠢᠯᠡᠨ ᠣᠷᠣᠰᠢᠨ
ᠪᠠᠢᠭᠰᠠᠨ ᠪᠣᠯᠬᠣᠷ ᠬᠢᠲᠠᠳ ᠤ᠋ᠨ ᠨᠤᠲᠤᠭ ᠢ᠋ᠶ᠋ᠠᠷ ᠨᠡᠭᠦᠳᠡᠯᠯᠡᠨ ᠪᠠᠢᠳᠠᠭ ᠵᠠᠷᠢᠮ ᠠᠢᠮᠠᠭ ᠨᠢ ᠡᠳᠡᠭᠡᠷ
ᠠᠢᠮᠠᠭ ᠤ᠋ᠨ ᠬᠥᠮᠦᠰ ᠢ᠋ ᠦᠢ ᠣᠯᠠᠨ ᠢ᠋ᠶ᠋ᠠᠷ ᠨᠢ ᠬᠢᠳᠤᠬᠤ ᠶᠠᠪᠤᠳᠠᠯ ᠪᠠᠢᠩᠭᠤ ᠯᠠ ᠲᠣᠬᠢᠶᠠᠯᠳᠤᠨ᠎ᠠ ᠃
ᠲᠡᠳᠡ ᠴᠦ᠍ ᠬᠢᠲᠠᠳ ᠤ᠋ᠨ ᠮᠣᠵᠢ ᠶ᠋ᠢ ᠳᠡᠭᠡᠷᠡᠮᠳᠡᠵᠦ ᠬᠣᠭᠣᠰᠣᠷᠠᠭᠤᠯᠤᠨ᠎ᠠ ᠃ ᠡᠢᠮᠦ ᠴᠦ᠍ ᠤᠴᠢᠷ ᠠ᠋ᠴᠠ
ᠬᠢᠲᠠᠳ ᠤ᠋ᠨ ᠡᠵᠡᠳ ᠨᠢ ᠮᠣᠩᠭᠣᠯ ᠤ᠋ᠨ ᠨᠡᠭᠦᠳᠡᠯᠴᠢᠳ ᠡᠴᠡ ᠴᠠᠭ ᠦᠷᠭᠦᠯᠵᠢ ᠪᠣᠯᠭᠣᠮᠵᠢᠯᠠᠨ ᠂ ᠠᠯᠤᠰ ᠤ᠋ᠨ
ᠪᠣᠳᠣᠯ ᠲᠠᠢ ᠪᠠᠢᠵᠤ ᠂ ᠬᠢᠲᠠᠳ ᠪᠠ ᠨᠡᠭᠦᠳᠡᠯᠴᠢᠳ ᠦ᠋ᠨ ᠨᠤᠲᠤᠭ ᠤ᠋ᠨ ᠬᠣᠭᠣᠷᠣᠨᠳᠣᠭᠤᠷ ᠠᠯᠸᠺᠰᠠᠨᠲᠷ
ᠬᠠᠭᠠᠨ ᠲᠠᠢ ᠠᠳᠠᠯᠢ ᠬᠡᠷᠡᠮ ᠪᠠᠢᠭᠤᠯᠤᠨ ᠂ ᠮᠣᠩᠭᠣᠯᠴᠤᠳ ᠤ᠋ᠨ ᠳᠣᠪᠲᠣᠯᠭ᠎ᠠ ᠶ᠋ᠢ ᠰᠠᠭᠠᠲᠠᠭᠤᠯᠬᠤ ᠶ᠋ᠢ
ᠣᠷᠣᠯᠳᠣᠨ᠎ᠠ᠃ ᠬᠡᠷᠡᠮ ᠢ᠋ ᠮᠣᠩᠭᠣᠯᠴᠤᠳ ᠣᠲ᠋ᠬᠤ ᠂ ᠲᠥᠷᠥᠭ ᠦ᠋ᠳ ᠪᠦᠭᠦᠷᠸᠺᠥ᠋ ᠭᠡᠵᠦ ᠨᠡᠷᠡᠯᠡᠳᠡᠭ ᠪᠠᠢᠪᠠ
᠃ ᠬᠡᠷᠡᠮ ᠦ᠋ᠨ ᠨᠢᠭᠡ ᠦᠵᠦᠭᠦᠷ ᠨᠢ ᠭᠠᠲᠤᠯᠬᠤ ᠪᠣᠯᠤᠮᠵᠢ ᠦᠭᠡᠢ ᠶᠡᠬᠡ ᠬᠠᠷ᠎ᠠ ᠮᠥᠷᠡᠨ ᠳ᠋ᠦ᠍ ᠂ ᠨᠥᠭᠥᠭᠡ
ᠨᠢ ᠵᠦᠷᠴᠢᠳ ᠦ᠋ᠨ ᠬᠢᠯᠢ ᠳ᠋ᠡᠬᠢ ᠳᠠᠯᠠᠢ ᠳ᠋ᠤ᠌ ᠲᠤᠯᠤᠭᠰᠠᠨ ᠪᠠᠢᠳᠠᠭ ᠃
ᠣᠩᠭᠣᠳ ᠠᠢᠮᠠᠭ ᠢ᠋ ᠥᠪᠡᠷ ᠦ᠋ᠨ ᠢ᠋ᠶ᠋ᠡᠨ ᠴᠡᠷᠢᠭ ᠂ ᠴᠢᠩ ᠦᠨᠡᠨᠴᠢ ᠪᠣᠭᠣᠯ ᠢ᠋ᠶ᠋ᠠᠨ ᠭᠡᠵᠦ
ᠦᠵᠡᠳᠡᠭ ᠬᠢᠲᠠᠳ ᠤ᠋ᠨ ᠡᠵᠡᠳ ᠨᠢ ᠣᠲ᠋ᠬᠤ ᠬᠡᠷᠡᠮ ᠦ᠋ᠨ ᠬᠠᠭᠠᠯᠭ᠎ᠠ ᠶ᠋ᠢ ᠬᠠᠮᠠᠭᠠᠯᠠᠵᠤ ᠪᠠᠢᠬᠤ ᠶ᠋ᠢ
ᠲᠡᠳᠡᠨ ᠳ᠋ᠦ᠍ ᠳᠠᠭᠠᠭᠠᠯᠭᠠᠭᠰᠠᠨ ᠂ ᠲᠡᠳᠡ ᠴᠦ᠍ ᠪᠠᠢᠩᠭᠤ ᠬᠠᠮᠠᠭᠠᠯᠠᠭᠰᠠᠭᠠᠷ ᠪᠠᠢᠪᠠ ᠃ ᠴᠢᠩᠭᠢᠰ ᠬᠠᠭᠠᠨ ᠤ᠋
ᠦᠶ᠎ᠡ ᠳ᠋ᠦ᠍ ᠣᠩᠭᠣᠳ ᠠᠢᠮᠠᠭ ᠤ᠋ᠨ ᠵᠣᠩᠬᠢᠯᠠᠭᠴᠢ ᠠᠭᠰᠠᠨ ᠠᠯᠬᠤᠰᠢ ᠲᠢᠬᠢᠨ ᠭᠡᠭᠴᠢ ᠴᠢᠩᠭᠢᠰ ᠲᠡᠢ
ᠦᠭᠡᠰᠡᠵᠦ ᠬᠡᠷᠡᠮ ᠦ᠋ᠨ ᠭᠠᠷᠤᠴᠠ ( ᠳᠠᠷᠪᠡᠨᠳ᠋) ᠢ᠋ ᠲᠡᠭᠦᠨ ᠳ᠋ᠦ᠍ ᠥᠭᠭᠦᠭᠰᠡᠨ ᠲᠤᠬᠠᠢ ᠣᠩᠭᠣᠳ
ᠠᠢᠮᠠᠭ ᠤ᠋ᠨ ᠲᠤᠬᠠᠢ ᠠᠩᠭᠢ ᠳ᠋ᠤ᠌ ᠵᠠᠷᠢᠮ ᠲᠠᠯ᠎ᠠ ᠪᠠᠷ ᠳᠤᠷᠠᠳᠤᠭᠰᠠᠨ ᠂ ᠴᠠᠭᠠᠰᠢᠳᠠ ᠂ ᠵᠣᠬᠢᠬᠤ
ᠭᠠᠵᠠᠷ ᠲᠤᠨᠢ ᠲᠣᠳᠣᠳᠬᠠᠨ᠂ ᠥᠭᠦᠯᠡᠬᠦ ᠪᠣᠯᠤᠨ᠎ᠠ ᠃
ᠳᠤᠷᠠᠳᠤᠨ ᠪᠣᠢ ᠠᠢᠮᠠᠭ ᠤ᠋ᠳ ᠂ ᠠᠢᠮᠠᠭ ᠲᠤᠰ ᠪᠦᠷᠢ ᠶ᠋ᠢᠨ ᠲᠤᠬᠠᠢ ᠶᠡᠬᠡ ᠣᠯᠠᠨ
ᠥᠭᠦᠯᠡᠯᠭᠡ ᠂ ᠣᠨ ᠳᠠᠷᠠᠭᠠᠯᠠᠯ ᠤ᠋ᠨ ᠪᠢᠴᠢᠭ ᠪᠠᠢᠳᠠᠭ ᠪᠣᠯᠪᠠᠴᠤ ᠂ ᠲᠡᠳᠡᠭᠡᠷ ᠨᠢ ᠡᠨᠡ ᠣᠷᠣᠨ ᠳ᠋ᠤ᠌
ᠪᠠᠢᠳᠠᠭ ᠦᠭᠡᠢ ᠶᠤᠮ ᠃ ᠡᠢᠮᠦ ᠳ᠋ᠦ᠍ ᠲᠡᠳᠡᠨ ᠤ
ᠵᠣᠩᠬᠢᠯᠠᠭᠴᠢᠳ ᠤ᠋ᠨ ᠠᠵᠤ ᠪᠠᠢᠳᠠᠯ ᠨᠢ ᠂ ᠥᠷᠭᠡᠨ ᠳᠡᠯᠭᠡᠷ ᠯᠠᠪᠲᠠᠢ ᠮᠡᠳᠡᠭᠳᠡᠭᠡ ᠦᠭᠡᠢ ᠪᠠᠢᠳᠠᠭ ᠃
ᠠᠢᠮᠠᠭ ᠪᠦᠷᠢ ᠨᠢ ᠬᠦᠦᠷᠨᠢᠯ ᠥᠭᠦᠯᠡᠯᠭᠡ ᠨᠦ᠍ᠭᠦᠳ ᠡᠴᠡ ᠥᠪᠡᠷ ᠦ᠋ᠨ ᠢ᠋ᠶ᠋ᠡᠨ ᠲᠤᠬᠠᠢ ᠮᠠᠰᠢ ᠬᠣᠮᠰᠠᠬᠠᠨ
ᠵᠦᠢᠯ ᠢ᠋ ᠮᠡᠳᠡᠵᠦ ᠪᠠᠢᠳᠠᠭ ᠤ᠋ᠨ ᠤᠴᠢᠷ ᠭᠡᠪᠡᠯ ᠪᠦᠬᠦᠨ ᠤ ᠳᠡᠭᠡᠳᠦ ᠦᠨᠡᠨ ᠤ ᠢᠪᠡᠭᠡᠯ ᠢ᠋ᠶ᠋ᠡᠷ
ᠴᠢᠩᠭᠢᠰ ᠦ᠋ᠨ ᠡᠪᠦᠭᠡ ᠳᠡᠭᠡᠳᠦᠰ ᠦ᠋ᠨ ᠤᠯᠠᠰ ᠂ ᠭᠦᠷᠦᠨ ᠢ᠋ ᠲᠣᠳᠣᠷᠠᠭᠤᠯᠤᠨ ᠂ ᠴᠢᠩᠭᠢᠰ ᠲᠡᠭᠦᠨ ᠤ
ᠤᠷᠤᠭ ᠤ᠋ᠨ ᠬᠢᠨ ᠤ ᠣᠪᠣᠭ ᠢ᠋ ᠰᠠᠯᠪᠤᠷᠢᠯᠠᠭᠤᠯᠤᠭᠰᠠᠨ ᠂ ᠳᠣᠪᠣᠨ ᠪᠠᠶᠠᠨ ᠂ ᠠᠯᠤᠩᠭᠤᠸ᠎ᠠ ᠶ᠋ᠢᠨ ᠰᠠᠯᠪᠤᠷᠢ
ᠮᠥᠴᠢᠷ ᠢ᠋ ᠪᠤᠰᠤᠳ ᠮᠣᠩᠭᠣᠯᠴᠤᠳ ᠤ᠋ᠨ ᠣᠪᠣᠭ ᠤ᠋ᠨ ᠰᠠᠯᠪᠤᠷᠢ ᠨᠤᠭᠤᠳ ᠠ᠋ᠴᠠ ᠢᠯᠭᠠᠷᠠᠭᠤᠯᠤᠨ ᠭᠠᠷᠭᠠᠬᠤ
ᠪᠣᠯᠬᠤ ᠳ᠋ᠤ᠌ ᠲᠡᠳᠡᠨ ᠤ ᠲᠤᠭᠤᠯᠵᠤ ᠥᠩᠭᠡᠷᠡᠭᠡᠭᠰᠡᠨ ᠦᠶ᠎ᠡ ᠶ᠋ᠢᠨ ᠲᠤᠬᠠᠢ ᠂ ᠡᠷᠲᠡ ᠦᠶ᠎ᠡ ᠳ᠋ᠦ᠍ ᠥᠩᠭᠡᠷᠡᠭᠰᠡᠨ
ᠪᠣᠯᠤᠨ ᠪᠦᠷ ᠬᠣᠵᠢᠮ ᠤ᠋ᠨ ᠴᠠᠭ ᠤ᠋ᠨ ᠦᠶ᠎ᠡ ᠶ᠋ᠢᠨ ᠪᠠᠢᠳᠠᠯ ᠢ᠋ ᠨᠢ ᠵᠣᠬᠢᠬᠤ ᠶᠣᠰᠣᠭᠠᠷ ᠮᠡᠳᠡᠵᠦ ᠪᠣᠯᠬᠤ
ᠨᠠᠢᠳᠠᠪᠤᠷᠢᠲᠠᠢ ᠮᠡᠳᠡᠭᠡ ᠠᠪᠴᠤ ᠪᠣᠯᠬᠤᠢᠴᠠ ᠣᠨ ᠳᠠᠷᠠᠭᠠᠯᠠᠯ ᠤ᠋ᠨ ᠪᠢᠴᠢᠭ ᠪᠠᠢᠭᠰᠠᠨ ᠦᠭᠡᠢ ᠃ ᠭᠡᠪᠡᠴᠦ
ᠣᠨ ᠴᠠᠭ ᠨᠢ ᠲᠣᠳᠣᠷᠬᠠᠢ ᠦᠭᠡᠢ ᠴᠦ᠍ ᠪᠠᠷᠤᠭᠴᠠᠭᠠᠯᠠᠨ ᠲᠣᠢᠮᠣᠯᠠᠪᠠᠯ ᠂ ᠡᠨᠡ ᠣᠪᠣᠭ ᠨᠢ ᠳᠥᠷᠪᠡᠨ
ᠵᠠᠭᠤᠭᠠᠳ ᠵᠢᠯ ᠂ ᠪᠣᠯᠤᠭᠰᠠᠨ ᠪᠠᠢᠨ᠎ᠠ ᠃ ᠤᠴᠢᠷ ᠨᠢ ᠬᠠᠭᠠᠨ ᠤ᠋ ᠡᠷᠳᠡᠨᠢᠰ ᠦ᠋ᠨ ᠰᠠᠩ ᠳ᠋ᠤ᠌ ᠪᠠᠢᠳᠠᠭ
ᠲᠡᠳᠡᠨ ᠤ ᠣᠨ ᠤ᠋ ᠪᠢᠴᠢᠭ ᠦ᠋ᠨ ᠠᠭᠤᠯᠭ᠎ᠠ ᠠ᠋ᠴᠠ ᠂ ᠮᠦᠨ ᠠᠮᠢᠳᠤᠷᠠᠯ ᠦᠵᠡᠵᠦ ᠬᠠᠰᠢᠷ ᠰᠠᠭᠤᠭᠰᠠ ᠠᠬᠠᠮᠠᠳ
ᠤ᠋ᠳ ᠤ᠋ᠨ ᠶᠠᠷᠢᠳᠠᠭ ᠠᠮᠠᠨ ᠳᠣᠮᠣᠭ ᠤ᠋ᠳ ᠠ᠋ᠴᠠ ᠦᠵᠡᠪᠡᠯ ᠳᠣᠣᠷᠠᠬᠢ ᠪᠠᠢᠳᠠᠯ ᠮᠡᠳᠡᠭᠳᠡᠵᠦ ᠪᠠᠢᠨ᠎ᠠ᠄
ᠲᠡᠳᠡ ᠠᠪᠪᠠᠰ ᠤ᠋ᠨ ᠣᠪᠣᠭ ᠤ᠋ᠨ ᠬᠠᠯᠢᠹᠡᠲ ᠦ᠋ᠨ ᠪᠠ ᠰᠠᠮᠠᠨᠢᠳ᠋ ᠤ᠋ᠳ ᠤ᠋ᠨ ᠬᠠᠭᠠᠨᠴᠢᠯᠠᠯ ᠤ᠋ᠨ ᠡᠬᠢᠨ
ᠦᠶ᠎ᠡ ᠡᠴᠡ ᠣᠳᠣ ᠪᠣᠯᠲᠠᠯ᠎ᠠ [ ᠵᠠᠬᠢᠷᠤᠭᠴᠢᠳ ] ᠪᠠᠢᠭᠰᠠᠨ ᠠᠵᠢ ᠃
ᠳᠤᠷᠠᠳᠤᠨ ᠪᠣᠢ ᠬᠤᠭᠤᠴᠠᠭᠠᠨ ᠳ᠋ᠤ᠌ ᠡᠨᠡ [ᠵᠠᠬᠢᠷᠤᠭᠴᠢ] ᠣᠪᠣᠭ ᠠ᠋ᠴᠠ ᠭᠠᠷᠤᠯ ᠲᠠᠢ
ᠠᠢᠮᠠᠭ ᠤ᠋ᠳ ᠲᠣᠭᠠᠯᠠᠬᠤ ᠶ᠋ᠢᠨ ᠠᠷᠭ᠎ᠠ ᠦᠭᠡᠢ ᠣᠯᠠᠰᠢᠷᠠᠭᠰᠠᠨ ᠂ ᠳᠤᠷᠠᠳᠤᠶ᠎ᠠ ᠭᠡᠪᠡᠯ ᠡᠨᠡ
ᠲᠡᠮᠳᠡᠭᠯᠡᠯ ᠦ᠋ᠨ ᠬᠦᠷᠢᠶᠡᠨ ᠳ᠋ᠦ᠍ ᠪᠠᠭᠲᠠᠬᠤ ᠦᠭᠡᠢ ᠠᠵᠢ ᠃ ᠬᠠᠷᠢᠨ ᠲᠡᠳᠡᠨ ᠤ ᠤᠳᠤᠮ ᠤ᠋ᠨ ᠪᠢᠴᠢᠭ (
ᠨᠠᠰᠠᠪ ) ᠂ ᠣᠪᠣᠭ ᠤ᠋ᠨ ᠰᠠᠯᠪᠤᠷᠢ ( ᠱᠤ᠌ ᠠᠪ) ᠤ᠋ᠨ ᠬᠤᠪᠢ ᠳ᠋ᠤ᠌ ᠭᠡᠪᠡᠯ ᠡᠨᠡ ᠲᠠᠯ᠎ᠠ ᠪᠠᠷ ᠲᠣᠳᠣᠷᠬᠠᠢ
ᠮᠡᠳᠡᠭᠳᠡᠬᠦ ᠦᠭᠡᠢ ᠪᠠᠢᠭᠰᠠᠨ ᠪᠣᠯᠪᠠᠴᠤ ᠮᠡᠳᠡᠭᠡᠵᠢ ᠪᠠᠢᠭ᠎ᠠ ᠂ ᠰᠠᠨᠠᠭᠠᠨ ᠳ᠋ᠤ᠌ ᠣᠷᠣᠵᠤ ᠪᠠᠢᠭ᠎ᠠ ᠨᠢ
ᠡᠨᠡ ᠲᠠᠯ᠎ᠠ ᠪᠠᠷ ᠬᠢ ᠦᠨᠡᠨ ᠢ᠋ ᠣᠯᠬᠤ ᠭᠡᠰᠡᠨ ᠪᠢᠳᠡᠨ ᠤ ᠴᠢᠷᠮᠠᠢᠯᠲᠠ ᠂ ᠡᠷᠡᠮᠡᠯᠵᠡᠯ ᠢ᠋ᠶ᠋ᠡᠨ
ᠪᠠᠲᠤᠯᠠᠬᠤ ᠶ᠋ᠢᠨ ᠲᠤᠯᠠᠳᠠ ᠪᠦᠷᠢᠨ ᠳᠦᠭᠦᠷᠡᠩ ᠵᠣᠬᠢᠶᠠᠨ ᠪᠢᠴᠢᠬᠦ ᠪᠣᠯᠤᠨ᠎ᠠ ᠃ ᠢᠩᠭᠢᠭᠡᠳ ᠪᠢᠳᠡ ᠳᠣᠪᠣᠨ
ᠪᠠᠶᠠᠨ ᠃ ᠠᠯᠤᠩᠭᠤᠸ᠎ᠠ ᠠ᠋ᠴᠠ ᠡᠬᠢᠯᠡᠨ ᠴᠢᠩᠭᠢᠰ ᠬᠠᠭᠠᠨ ᠲᠡᠭᠦᠨ ᠤ ᠲᠥᠷᠥᠯᠬᠢ ᠶ᠋ᠢᠨ ᠣᠪᠣᠭ ᠤ᠋ᠨ ᠲᠤᠬᠠᠢ
ᠥᠭᠦᠯᠡᠯᠭᠡ ᠂ ᠣᠨ ᠳᠠᠷᠠᠭᠠᠯᠠᠯ ᠤ᠋ᠨ ᠪᠢᠴᠢᠭ ᠂ ᠳᠤᠷᠠᠰᠤᠮᠵᠢ ᠪᠠᠨ ᠶᠠᠷᠢᠵᠤ ᠡᠬᠢᠯᠡᠶ᠎ᠡ ᠃
ᠪᠢᠳᠡᠨ ᠤ ᠳᠡᠭᠡᠳᠦ ᠴᠣᠷ ᠤ᠋ᠨ ᠭᠠᠭᠴᠠ ᠂ ᠠᠯᠯᠠᠾ ᠲᠡᠭᠷᠢ ᠮᠢᠨᠢ ᠯᠡ ᠲᠠᠭᠠᠯᠠᠪᠠᠯ ᠲᠡᠭᠦᠨ ᠤ ᠪᠡᠨ ᠢᠪᠡᠭᠡᠯ ᠢ᠋ᠶ᠋ᠡᠷ ᠳᠠᠷᠠᠭᠠᠴᠢ ᠶ᠋ᠢᠨ ᠥᠭᠦᠯᠡᠯᠭᠡ ᠶ᠋ᠢᠨ ᠡᠬᠢᠨ ᠳ᠋ᠦ᠍ ᠪᠢᠳᠡ ᠰᠠᠯᠪᠤᠷᠢ ᠪᠦᠷᠢ ᠶ᠋ᠢ ᠲᠤᠰ ᠲᠤᠰ ᠲᠤᠨᠢ ᠵᠢᠷᠤᠭᠠᠰᠤ ᠪᠠᠷ ᠬᠠᠷᠠᠭᠤᠯᠤᠨ ᠲᠠᠢᠯᠪᠤᠷᠢᠯᠠᠪᠠ ᠃
