ᠰᠢᠷᠡᠭᠡᠨ ᠦ ᠨᠠᠢᠵᠠ – ᠪᠠᠶᠠᠭᠤᠳ ᠬᠠᠢᠷᠬᠠᠨ Ширээний найз – Баягууд хайрхан
ᠰᠢᠷᠡᠭᠡᠨ ᠦ ᠨᠠᠢᠵᠠ
ᠪᠠᠶᠠᠭᠤᠳ ᠬᠠᠢᠷᠬᠠᠨ
ᠥᠨᠥᠳᠥᠷ ᠪᠣᠯ ᠰᠢᠨ᠎ᠡ ᠰᠤᠷᠤᠯᠭ᠎ᠠ ᠶ᠋ᠢᠨ ᠬᠤᠭᠤᠴᠠᠭ᠎ᠠ ᠡᠬᠢᠯᠡᠭᠰᠡᠨ ᠦ᠌ ᠬᠣᠶᠠᠳᠠᠬᠢ ᠡᠳᠦᠷ᠂ ᠨᠥᠬᠥᠳ ᠦ᠋ᠨ ᠨᠢᠭᠤᠷ ᠳᠡᠭᠡᠷ᠎ᠡ ᠪᠦᠷ ᠬᠡᠰᠡᠭ ᠬᠤᠭᠤᠴᠠᠭ᠎ᠠ ᠠᠮᠠᠷᠠᠭᠠᠳ ᠳᠠᠬᠢᠨ ᠰᠤᠷᠭᠠᠭᠤᠯᠢ ᠳ᠋ᠤ᠌ ᠪᠠᠨ ᠢᠷᠡᠭᠰᠡᠨ ᠰᠢᠨ᠎ᠡ ᠰᠡᠪᠡᠭᠦᠨ ᠪᠠᠢᠳᠠᠯ ᠢᠯᠡᠷᠡᠵᠦ ᠬᠥᠭᠰᠡᠨ ᠳᠡᠪᠬᠡᠷᠴᠦ᠂ ᠵᠠᠷᠢᠮ ᠨᠢ ᠥᠪᠡᠷ ᠦ᠋ᠨ ᠣᠷᠣᠨ ᠰᠠᠭᠤᠳᠠᠯ ᠢ᠋ᠶ᠋ᠠᠨ ᠲᠥᠪᠬᠢᠨᠡᠭᠦᠯᠵᠦ ᠰᠢᠨ᠎ᠡ ᠬᠢᠴᠢᠶᠡᠯ ᠦ᠋ᠨ ᠨᠣᠮ ᠢ᠋ᠶ᠋ᠠᠨ ᠳᠡᠯᠭᠡᠵᠦ ᠤᠩᠰᠢᠨ᠎ᠠ᠂ ᠪᠠᠰᠠ ᠵᠠᠷᠢᠮ ᠨᠢ ᠭᠤᠷᠪᠠ ᠲᠠᠪᠤ ᠪᠠᠷ ᠴᠤᠭᠯᠠᠷᠠᠵᠤ ᠬᠣᠭᠣᠷᠣᠨᠳᠣ ᠪᠠᠨ ᠪᠥᠭᠡᠮ ᠵᠣᠭᠣᠭ ᠳᠡᠯᠭᠡᠵᠦ ᠠᠮᠠᠷᠠᠯᠲᠠ ᠶ᠋ᠢᠨ ᠬᠤᠭᠤᠴᠠᠭᠠᠨ ᠤ᠋ ᠰᠣᠨᠢᠷᠬᠠᠯᠲᠤ ᠶᠠᠪᠤᠳᠠᠯ ᠤ᠋ᠳ ᠢ᠋ᠶ᠋ᠠᠨ ᠶᠠᠷᠢᠯᠴᠠᠵᠤ ᠪᠠᠢᠨ ᠪᠠᠢᠨ ᠬᠥᠭᠵᠢᠯᠲᠡᠢ ᠢᠨᠢᠶᠡᠯᠳᠦᠨ᠎ᠡ᠃ ᠬᠣᠩᠬᠣ ᠳᠤᠤᠭᠠᠷᠴᠤ ᠬᠢᠴᠢᠶᠡᠯ ᠡᠬᠢᠯᠡᠪᠡ᠃ ᠨᠢᠭᠡᠳᠦᠭᠡᠷ ᠬᠢᠴᠢᠶᠡᠯᠯᠡᠭᠡ ᠨᠢ ᠲᠣᠭᠠᠨ ᠤ᠋ ᠬᠢᠴᠢᠶᠡᠯ ᠰᠢᠦ᠂ ᠠᠩᠭᠢ ᠶ᠋ᠢᠨ ᠪᠠᠭᠰᠢ ᠶ᠋ᠢᠨ ᠶᠠᠷᠢᠬᠤ ᠪᠠᠷ ᠲᠤᠰ ᠬᠤᠭᠤᠴᠠᠭ᠎ᠠ ᠠ᠋ᠴᠠ ᠡᠬᠢᠯᠡᠨ ᠨᠢᠭᠡᠨ ᠰᠢᠨ᠎ᠡ ᠰᠢᠯᠵᠢᠵᠦ ᠢᠷᠡᠭᠰᠡᠨ ᠪᠠᠭᠰᠢ ᠮᠠᠨ ᠤ᠋ ᠠᠩᠭᠢ ᠶ᠋ᠢᠨ ᠲᠣᠭᠠᠨ ᠤ᠋ ᠤᠬᠠᠭᠠᠨ ᠤ᠋ ᠬᠢᠴᠢᠶᠡᠯ ᠢ᠋ ᠡᠷᠬᠢᠯᠡᠨ ᠵᠢᠭᠠᠨ᠎ᠠ ᠭᠡᠰᠡᠨ᠂ ᠲᠡᠭᠡᠪᠡᠯ ᠡᠨᠡ ᠰᠢᠨ᠎ᠡ ᠪᠠᠭᠰᠢ ᠮᠢᠨᠢ ᠶᠠᠮᠠᠷ ᠴᠤ᠌ ᠬᠥᠮᠦᠨ ᠪᠢᠯᠡ ᠳᠠ᠂ ᠡᠮᠡᠭᠲᠡᠢ ᠪᠠᠭᠰᠢ ᠪᠣᠯ ᠲᠠᠭᠠᠲᠠᠢ ᠳᠠ᠂ ᠪᠢ ᠶᠡᠷᠦ ᠨᠢ ᠡᠮᠡᠭᠲᠡᠢ ᠪᠠᠭᠰᠢ ᠳ᠋ᠤ᠌ ᠳᠤᠷᠠᠲᠠᠢ ᠭᠡᠵᠦ ᠳᠣᠲᠣᠷ᠎ᠠ ᠪᠠᠨ ᠰᠠᠮ ᠲᠠᠭᠠᠮᠠᠭᠯᠠᠵᠤ ᠪᠠᠢᠲᠠᠯ᠎ᠠ ᠠᠩᠭᠢ ᠶ᠋ᠢᠨ ᠭᠡᠷ ᠦ᠋ᠨ ᠡᠭᠦᠳᠡ ᠨᠡᠭᠡᠭᠡᠭᠳᠡᠵᠦ ᠨᠢᠭᠡᠨ ᠳᠤᠮᠳᠠ ᠶ᠋ᠢᠨ ᠪᠡᠶ᠎ᠡ ᠲᠡᠢ ᠵᠠᠯᠠᠭᠤ ᠡᠮᠡᠭᠲᠡᠢ ᠪᠠᠭᠰᠢ ᠨᠣᠮ ᠢ᠋ᠶ᠋ᠠᠨ ᠪᠠᠷᠢᠵᠤ ᠣᠷᠣᠵᠤ ᠢᠷᠡᠪᠡ᠃
ᠬᠠᠯᠠᠭ! ᠶᠣᠰᠣᠲᠠᠢ ᠭᠣᠶᠣ ᠪᠠᠭᠰᠢ᠂ ᠤᠷᠲᠤ ᠭᠡᠵᠢᠭᠡ ᠨᠢ ᠮᠥᠷᠥ ᠳᠦᠭᠦᠷᠡᠩ ᠠᠰᠬᠠᠷᠠᠭᠠᠳ᠂ ᠶᠡᠬᠡ ᠴᠦ᠍ ᠪᠢᠰᠢ ᠪᠠᠭ᠎ᠠ ᠴᠤ᠌ ᠪᠢᠰᠢ ᠬᠣᠣᠰ ᠨᠢᠳᠦ ᠨᠢ ᠰᠡᠪᠢᠯᠭᠡ ᠶ᠋ᠢᠨ ᠬᠢᠨᠢ ᠳᠣᠣᠭᠤᠷ ᠬᠡᠷᠡᠯᠳᠦᠭᠡᠳ᠂ ᠬᠦᠵᠦᠭᠦᠨ ᠳ᠋ᠦ᠍ᠨᠢ ᠵᠡᠭᠦᠭᠳᠡᠭᠰᠡᠨ ᠨᠠᠷᠢᠬᠠᠨ ᠮᠥᠩᠭᠥᠨ ᠰᠣᠨᠳᠣᠷ ᠨᠢ ᠰᠦᠨ ᠴᠠᠭᠠᠨ ᠥᠩᠭᠡᠲᠡᠢ ᠲᠡᠷᠯᠢᠭ ᠦ᠋ᠨ ᠬᠢᠨᠢ ᠵᠠᠪᠰᠠᠷ ᠠ᠋ᠴᠠ ᠭᠢᠯᠠᠰ ᠭᠢᠯᠠᠰ ᠬᠠᠷᠠᠭᠳᠠᠭᠠᠳ᠁ ᠪᠢ ᠪᠠᠰᠠ ᠲᠣᠮᠣ ᠪᠣᠯᠪᠠᠯ ᠤᠷᠲᠤ ᠭᠡᠵᠢᠭᠡ ᠲᠠᠯᠪᠢᠵᠤ ᠪᠠᠭᠰᠢ ᠶ᠋ᠢᠨ ᠬᠢ ᠰᠢᠭ᠋ ᠨᠠᠷᠢᠬᠠᠨ ᠮᠥᠩᠭᠥᠨ ᠰᠣᠨᠳᠣᠷ ᠵᠡᠭᠦᠨ᠎ᠡ᠂ ᠲᠡᠭᠡᠪᠡᠯ ᠳᠤᠯᠮ᠎ᠠ ᠶ᠋ᠢᠨ ᠰᠢᠭ ᠱᠠ ᠠᠯᠴᠢᠭᠤᠷ ᠵᠡᠭᠦᠭᠰᠡᠨ ᠡᠴᠡ ᠬᠣᠯᠠ ᠭᠣᠶᠣ ᠬᠠᠷᠠᠭᠳᠠᠬᠤ ᠪᠣᠯᠤᠨ᠎ᠠ ᠭᠡᠵᠦ ᠪᠣᠳᠣᠨ ᠥᠴᠥᠭᠡᠳᠦᠷᠬᠡᠨ ᠰᠠᠶᠢ ᠳᠤᠯᠮ᠎ᠠ ᠶ᠋ᠢᠨ ᠪᠦᠯᠦ ᠡᠭᠡᠴᠢ ᠶ᠋ᠢᠨ ᠬᠢᠨᠢ ᠠᠪᠴᠤ ᠥᠭᠭᠦᠭᠰᠡᠨ ᠤᠯᠠᠭᠠᠨ ᠱᠠ ᠠᠯᠴᠢᠭᠤᠷ ᠢ᠋ ᠵᠡᠭᠦᠳᠦᠯᠡᠮᠡᠷ ᠪᠠᠬᠠᠷᠬᠠᠵᠤ ᠪᠠᠢᠭᠰᠠᠨ ᠮᠢᠨᠢ ᠣᠳᠣ ᠬᠠᠷᠢᠨ ᠱᠠᠯ ᠳᠡᠮᠡᠢ ᠰᠠᠨᠠᠭᠳᠠᠪᠠ᠃
ᠭᠡᠨᠡᠳᠲᠡ《 ᠴᠠᠨ᠎ᠠ 》 ᠭᠡᠬᠦ ᠪᠠᠭᠰᠢ ᠶ᠋ᠢᠨ ᠳᠠᠭᠤᠳᠠᠭᠰᠠᠨ ᠨᠡᠷ᠎ᠡ ᠪᠡᠷ ᠪᠢ ᠰᠣᠴᠢᠨ ᠪᠣᠰᠪᠠ᠃《 ᠴᠠᠨ᠎ᠠ᠂ ᠮᠢᠨᠦ ᠰᠠᠶᠢ ᠶ᠋ᠢᠨ ᠠᠰᠠᠭᠤᠯᠲᠠ ᠶ᠋ᠢ ᠬᠠᠷᠢᠭᠤᠯᠵᠤ ᠦᠵᠡ! 》 ᠭᠡᠵᠦ ᠪᠠᠭᠰᠢ ᠨᠠᠮ᠎ᠠ ᠶ᠋ᠢ ᠡᠭᠴᠡᠯᠡᠨ ᠬᠠᠷᠠᠪᠠ᠃ ᠬᠠᠷᠠᠯ᠎ᠠ! ᠪᠠᠭᠰᠢ ᠨᠢᠭᠡᠨᠲᠡ ᠬᠢᠴᠢᠶᠡᠯ ᠦ᠋ᠨ ᠠᠭᠤᠯᠭ᠎ᠠ ᠶ᠋ᠢ ᠨᠡᠯᠢᠶᠡᠳ ᠲᠠᠢᠯᠪᠤᠷᠢᠯᠠᠴᠢᠬᠠᠯᠠ᠂ ᠮᠢᠨᠦ ᠨᠢᠳᠦᠨ ᠳ᠋ᠦ᠍ ᠲᠠᠩᠳᠠ ᠪᠠᠭᠰᠢ ᠶ᠋ᠢᠨ ᠭᠣᠶᠣ ᠰᠠᠢᠬᠠᠨ ᠳᠦᠷᠢ ᠬᠠᠷᠠᠭᠳᠠᠭᠠᠳ᠂ ᠰᠡᠳᠬᠢᠯ ᠳ᠋ᠦ᠍ ᠲᠠᠩᠳᠠ ᠪᠠᠭᠰᠢ ᠶ᠋ᠢᠨ ᠬᠢ ᠰᠢᠭ᠋ ᠭᠣᠶᠣᠯᠠᠯ ᠵᠠᠰᠠᠯ ᠪᠣᠳᠣᠭᠳᠠᠭᠠᠳ ᠪᠠᠭᠰᠢ ᠶ᠋ᠢᠨ ᠲᠠᠢᠯᠪᠤᠷᠢᠯᠠᠭᠰᠠᠨ ᠡᠳᠡᠭᠡᠷ ᠠᠭᠤᠯᠭ᠎ᠠ ᠴᠢᠬᠢᠨ ᠨᠠᠮᠠᠭᠠᠨ ᠳ᠋ᠤ᠌ ᠴᠤ᠌ ᠥᠷᠲᠥᠭᠰᠡᠨ ᠦᠭᠡᠢ᠂ ᠠᠳᠠᠭ ᠲᠤ᠌ ᠪᠠᠨ ᠪᠠᠭᠰᠢ ᠶ᠋ᠢᠨ ᠠᠰᠠᠭᠤᠭᠰᠠᠨ ᠠᠰᠠᠭᠤᠯᠲᠠ ᠴᠣᠬᠣᠮ ᠶᠠᠮᠠᠷ ᠭᠡᠳᠡᠭ ᠢ᠋ ᠴᠦ᠍ ᠰᠣᠨᠣᠰᠤᠭᠰᠠᠨ ᠦᠭᠡᠢ᠃ ᠣᠳᠣ ᠶᠠᠭᠠᠬᠢᠳᠠᠭ ᠪᠢᠯᠡ? ᠪᠠᠴᠢᠮᠳᠠᠵᠤ ᠰᠠᠨᠳᠤᠷᠬᠤ ᠳ᠋ᠠᠭᠠᠨ ᠪᠢ ᠰᠢᠷᠡᠭᠡᠨ ᠦ᠌ ᠨᠠᠢᠵᠠ ᠳᠤᠯᠮ᠎ᠠ ᠵᠦᠭ ᠬᠠᠷᠠᠬᠤ ᠳ᠋ᠤ᠌ ᠳᠤᠯᠮ᠎ᠠ ᠬᠠᠷᠢᠨ ᠲᠣᠭᠠᠨ ᠤ᠋ ᠤᠬᠠᠭᠠᠨ ᠤ᠋ ᠨᠣᠮ ᠳ᠋ᠠᠬᠢ《 ᠰᠢᠭᠤᠳ ᠬᠠᠷᠢᠴᠠᠭᠠᠲᠤ ᠪᠠ ᠤᠷᠪᠠᠭᠤ ᠬᠠᠷᠢᠴᠠᠭᠠᠲᠤ》 ᠭᠡᠬᠦ ᠬᠡᠳᠦᠨ ᠦᠰᠦᠭ ᠢ᠋ ᠠᠷᠤ ᠪᠠᠷ ᠨᠢ ᠪᠦᠳᠦᠭᠦᠨ ᠪᠢᠷ ᠢ᠋ᠶ᠋ᠡᠷ ᠵᠢᠷᠤᠴᠢᠬᠠᠭᠠᠳ ᠨᠠᠳᠠ ᠤᠷᠤᠭᠤ ᠬᠠᠨᠳᠤᠭᠤᠯᠵᠤ ᠪᠠᠢᠪᠠ᠃ ᠡᠭᠦᠨ ᠢ᠋ ᠣᠯᠵᠤ ᠦᠵᠡᠮᠡᠭᠴᠡ ᠪᠢ ᠴᠢᠨᠠᠭ᠍ᠰᠢ ᠶᠠᠭᠤ ᠴᠤ᠌ ᠪᠣᠳᠣᠭᠰᠠᠨ ᠦᠭᠡᠢ ᠪᠡᠷ᠄
《ᠰᠢᠭᠤᠳ ᠬᠠᠷᠢᠴᠠᠭᠠᠲᠤ ᠪᠠ ᠤᠷᠪᠠᠭᠤ ᠬᠠᠷᠢᠴᠠᠭᠠᠲᠤ》ᠭᠡᠵᠦ ᠪᠠᠭᠰᠢ ᠶ᠋ᠢ ᠬᠠᠷᠠᠵᠤ ᠬᠠᠷᠢᠭᠤᠯᠪᠠ᠃
《ᠵᠥᠪ ᠬᠠᠷᠢᠭᠤᠯᠵᠤ ᠪᠠᠢᠨ᠎ᠠ᠂ ᠴᠠᠨ᠎ᠠ ᠳ᠋ᠤ᠌ ᠪᠠᠶᠠᠷ ᠬᠦᠷᠭᠡᠶ᠎ᠡ! 》 ᠭᠡᠵᠦ ᠪᠠᠭᠰᠢ ᠨᠠᠮᠠᠶ᠋ᠢ ᠵᠣᠷᠢᠭ᠍ᠵᠢᠭᠤᠯᠵᠤ ᠭᠠᠷᠪᠠ᠃
ᠪᠤᠷᠬᠠᠨ ᠠ᠋! ᠳᠤᠯᠮ᠎ᠠ ᠶ᠋ᠢᠨ ᠠᠴᠢ ᠪᠠᠷ ᠪᠠᠭᠰᠢ ᠶ᠋ᠢᠨ ᠠᠰᠠᠭᠤᠯᠲᠠ ᠶ᠋ᠢ ᠰᠢᠯᠤᠭᠤᠬᠠᠨ ᠬᠠᠷᠢᠭᠤᠯᠵᠤ᠂ ᠪᠠᠭᠰᠢ ᠳ᠋ᠤ᠌ ᠠᠷᠠᠢ ᠮᠠᠭᠤ ᠨᠥᠯᠥᠭᠡ ᠥᠭᠭᠦᠭᠰᠡᠨ ᠦᠭᠡᠢ ᠳ᠋ᠡᠭᠡᠨ ᠳᠤᠯᠮ᠎ᠠ ᠳ᠋ᠤ᠌ ᠲᠠᠯᠠᠷᠬᠠᠮᠠᠷ ᠰᠠᠨᠠᠭᠳᠠᠪᠠ᠃ ᠭᠡᠪᠡᠴᠦ ᠥᠩᠭᠡᠷᠡᠭᠰᠡᠨ ᠳ᠋ᠦ᠍ ᠪᠢ ᠪᠠᠰᠠ ᠳᠤᠯᠮ᠎ᠠ ᠬᠢᠮᠤᠷᠠᠭᠠᠳ ᠪᠠᠢᠭᠰᠠᠨ ᠦᠶ᠎ᠡ ᠳ᠋ᠦ᠍ ᠲᠡᠭᠦᠨ ᠦ᠌ ᠵᠢᠵᠢᠭᠦᠷ ᠢ᠋ ᠣᠷᠣᠯᠠᠵᠤ ᠬᠢᠵᠦ ᠥᠭᠭᠦᠭᠰᠡᠨ ᠤᠳᠠᠭ᠎ᠠ ᠲᠠᠢ ᠲᠤᠯᠠ ᠡᠨᠡ ᠤᠳᠠᠭ᠎ᠠ ᠳᠤᠯᠮ᠎ᠠ ᠨᠠᠮᠠᠶ᠋ᠢ ᠲᠤᠰᠠᠯᠠᠬᠤ ᠨᠢ ᠶᠣᠰᠣᠨ ᠳ᠋ᠠᠭᠠᠨ ᠵᠣᠬᠢᠰᠲᠠᠢ ᠰᠢᠭ᠋ ᠰᠠᠨᠠᠭᠳᠠᠪᠠ᠃
《 ᠵᠠ᠂ ᠨᠥᠬᠥᠳ ᠠ᠋! ᠰᠢᠨ᠎ᠡ ᠬᠤᠭᠤᠴᠠᠭ᠎ᠠ ᠡᠬᠢᠯᠡᠵᠦ ᠪᠠᠢᠭ᠎ᠠ ᠲᠤᠯᠠ ᠪᠢᠳᠡ ᠪᠦᠷ ᠰᠢᠨ᠎ᠡ ᠳᠠᠰᠬᠠᠯ ᠤ᠋ᠨ ᠳᠡᠪᠲᠡᠷ ᠪᠡᠯᠡᠳᠬᠡᠵᠦ ᠲᠤᠰ ᠬᠤᠭᠤᠴᠠᠭᠠᠨ ᠤ᠋ ᠪᠠᠨ ᠳᠠᠰᠬᠠᠯ ᠢ᠋ ᠬᠢᠵᠡᠭᠡᠶ᠎ᠡ! 》ᠭᠡᠵᠦ ᠪᠠᠭᠰᠢ ᠶᠠᠷᠢᠬᠤ ᠲᠠᠢ ᠵᠡᠷᠭᠡ᠄
《 ᠪᠠᠭᠰᠢ ᠠ᠋᠂ ᠪᠢᠳᠡ ᠪᠦᠷ ᠡᠢᠮᠦ ᠨᠢᠭᠡᠨ ᠰᠢᠷ᠎ᠠ ᠭᠠᠳᠠᠷ ᠲᠠᠢ ᠳᠡᠪᠲᠡᠷ ᠢ᠋ᠶ᠋ᠡᠷ ᠳᠠᠰᠬᠠᠯ ᠤ᠋ᠨ ᠳᠡᠪᠲᠡᠷ ᠢ᠋ᠶ᠋ᠡᠨ ᠪᠣᠯᠭᠠᠴᠢᠬᠠᠶ᠎ᠠ᠂ ᠮᠠᠨ ᠤ᠋ ᠠᠩᠭᠢ ᠶ᠋ᠢᠨ ᠨᠥᠬᠥᠳ ᠦ᠋ᠨ ᠬᠢ ᠪᠦᠷ ᠪᠠᠢᠨ᠎ᠠ 》 ᠭᠡᠵᠦ ᠮᠠᠨ ᠤ᠋ ᠠᠩᠭᠢ ᠶ᠋ᠢᠨ《 ᠠᠯᠢᠶ᠎ᠠ ᠰᠢᠷ᠎ᠠ 》 ᠬᠣᠴᠢ ᠲᠠᠢ ᠠᠳᠢᠶ᠎ᠠ ᠳᠡᠭᠡᠷ᠎ᠡ ᠳᠠᠭᠤᠨ ᠢ᠋ᠶ᠋ᠠᠷ ᠶᠠᠷᠢᠵᠤ ᠣᠯᠠᠨ ᠢ᠋ ᠥᠳᠥᠭᠡᠪᠡ᠃ ᠣᠯᠠᠨ ᠢ᠋ᠶ᠋ᠠᠷ ᠢ᠋ᠶ᠋ᠠᠨ ᠪᠦᠷ《 ᠪᠣᠯᠤᠨ᠎ᠠ 》 ᠭᠡᠵᠦ ᠵᠥᠪᠰᠢᠶᠡᠷᠡᠪᠡ᠃ ᠭᠠᠭᠴᠠ ᠳᠤᠯᠮ᠎ᠠ ᠯᠠ ᠳᠠᠭᠤᠨ ᠦᠭᠡᠢ ᠤᠷᠮ᠎ᠠ ᠮᠠᠭᠤᠲᠠᠢ ᠪᠠᠢᠪᠠ᠃
《 ᠵᠠ᠂ ᠲᠡᠭᠡᠪᠡᠯ ᠲᠠ ᠨᠠᠷ ᠤ᠋ᠨ ᠰᠠᠨᠠᠯ ᠢ᠋ᠶ᠋ᠠᠷ ᠪᠣᠯᠤᠶ᠎ᠠ 》ᠭᠡᠵᠦ ᠬᠡᠳᠦᠨ ᠰᠡᠳᠦᠪ ᠦᠯᠡᠳᠡᠭᠡᠵᠦ ᠪᠠᠭᠰᠢ ᠬᠢᠴᠢᠶᠡᠯ ᠪᠠᠭᠤᠯᠭᠠᠵᠤ ᠭᠠᠷᠴᠤ ᠶᠠᠪᠤᠬᠤ ᠭᠡᠲᠡᠯ᠎ᠡ ᠳᠤᠯᠮ᠎ᠠ᠄
《 ᠪᠠᠭᠰᠢ ᠠ᠋! 》 ᠭᠡᠵᠦ ᠪᠠᠭᠰᠢ ᠶ᠋ᠢ ᠨᠡᠬᠡᠵᠦ ᠣᠴᠢᠭᠠᠳ᠄
《ᠨᠠᠳᠠ ᠳ᠋ᠤ᠌ ᠲᠡᠢᠮᠦ ᠮᠠᠶᠢᠭ ᠤ᠋ᠨ ᠳᠠᠰᠬᠠᠯ ᠤ᠋ᠨ ᠳᠡᠪᠲᠡᠷ ᠪᠠᠢᠬᠤ ᠦᠭᠡᠢ᠂ ᠪᠢ ᠥᠭᠡᠷ᠎ᠡ ᠭᠠᠳᠠᠷ ᠲᠠᠢ ᠳᠡᠪᠲᠡᠷ ᠲᠦ᠍ ᠳᠠᠰᠬᠠᠯ ᠬᠢᠵᠦ ᠪᠣᠯᠤᠨ᠎ᠠ ᠤᠤ? ᠮᠢᠨᠦ ᠠᠪᠤ ᠡᠵᠢ ᠭᠠᠳᠠᠭ᠍ᠰᠢ ᠠᠵᠢᠯ ᠬᠢᠬᠦ ᠪᠡᠷ ᠶᠠᠪᠤᠬᠤ ᠠ᠋ᠴᠠ ᠪᠠᠨ ᠡᠮᠦᠨ᠎ᠡ ᠠᠪᠴᠤ ᠥᠭᠭᠦᠭᠰᠡᠨ ᠳᠠᠰᠬᠠᠯ ᠤ᠋ᠨ ᠳᠡᠪᠲᠡᠷ ᠪᠦᠷ ᠡᠢᠮᠦ ᠭᠠᠳᠠᠷ ᠲᠠᠢ 》 ᠭᠡᠵᠦ ᠥᠪᠡᠷ ᠦ᠋ᠨ ᠭᠠᠷ ᠳᠠᠬᠢ ᠳᠡᠪᠲᠡᠷ ᠢ᠋ᠶ᠋ᠡᠨ ᠪᠠᠭᠰᠢ ᠳ᠋ᠤ᠌ ᠦᠵᠡᠭᠦᠯᠪᠡ᠃
《 ᠪᠣᠯᠤᠨ᠎ᠠ᠂ ᠳᠠᠰᠬᠠᠯ ᠢ᠋ᠶ᠋ᠠᠨ ᠵᠥᠪ ᠰᠠᠢᠬᠠᠨ ᠬᠢᠴᠢᠬᠡᠪᠡᠯ ᠪᠣᠯᠴᠢᠬᠠᠨ᠎ᠠ 》 ᠭᠡᠵᠦ ᠪᠠᠭᠰᠢ ᠳᠤᠯᠮ᠎ᠠ ᠶ᠋ᠢ ᠲᠠᠢᠳᠬᠤᠷᠠᠭᠤᠯᠬᠤ ᠠᠶᠠᠰ ᠲᠠᠢ ᠶᠠᠷᠢᠵᠤ ᠭᠠᠷ ᠤ᠋ᠨ ᠠᠶ᠎ᠠ ᠪᠠᠷ ᠢ᠋ᠶ᠋ᠠᠨ ᠳᠤᠯᠮ᠎ᠠ ᠶ᠋ᠢᠨ ᠲᠣᠯᠣᠭᠠᠢ ᠶ᠋ᠢ《 ᠴᠢ ᠤᠬᠠᠭᠠᠨ ᠲᠠᠢ ᠬᠡᠦᠬᠡᠳ ᠪᠠᠢᠨ᠎ᠠ 》 ᠭᠡᠰᠡᠨ ᠰᠢᠭ ᠢᠯᠪᠢᠭᠡᠳ ᠭᠠᠷᠴᠤ ᠶᠠᠪᠤᠪᠠ᠃
ᠢᠰᠢ᠂ ᠲᠠᠪᠢᠨ ᠮᠥᠩᠭᠥ ᠶ᠋ᠢᠨ ᠳᠠᠰᠬᠠᠯ ᠤ᠋ᠨ ᠳᠡᠪᠲᠡᠷ ᠢ᠋ ᠬᠤᠳᠠᠯᠳᠤᠨ ᠠᠪᠴᠢᠬᠠᠬᠤ ᠳ᠋ᠤ᠌ ᠶᠠᠭᠠᠬᠢᠳᠠᠭ ᠶᠤᠮ᠂ ᠢᠩᠭᠢᠵᠦ ᠪᠠᠭᠰᠢ ᠶ᠋ᠢᠨ ᠡᠮᠦᠨ᠎ᠡ ᠬᠥᠭᠡᠷᠦᠬᠦᠢ ᠳᠦᠷᠢ ᠦᠵᠡᠭᠦᠯᠦᠭᠡᠳ᠂ ᠪᠠᠰᠠ ᠰᠢᠨ᠎ᠡ ᠱᠠ ᠠᠯᠴᠢᠭᠤᠷ ᠵᠡᠭᠦᠵᠦ ᠨᠠᠳᠠ ᠳ᠋ᠤ᠌ ᠭᠠᠢᠬᠠᠭᠤᠯᠵᠤ ᠪᠠᠢᠮᠠᠷ ᠰᠢᠭ᠋ ᠬᠠᠵᠠᠭᠤ ᠳ᠋ᠤ᠌ ᠰᠠᠭᠤᠬᠤ ᠳ᠋ᠤᠨᠢ ᠨᠡᠩ ᠳᠤᠷ᠎ᠠ ᠦᠭᠡᠢᠴᠡᠪᠡ᠁ ᠰᠤᠷᠭᠠᠭᠤᠯᠢ ᠲᠠᠷᠬᠠᠭᠠᠳ ᠭᠡᠷ ᠲᠡᠭᠡᠨ ᠬᠠᠷᠢᠭ᠍ᠰᠠᠨ ᠳ᠋ᠤ᠌ ᠡᠵᠢ ᠬᠡᠳᠦᠢᠨ ᠬᠣᠭᠣᠯᠠ ᠪᠠᠨ ᠪᠡᠯᠡᠳᠬᠡᠴᠢᠬᠡᠭᠡᠳ ᠪᠠᠢᠭᠰᠠᠨ ᠲᠤᠯᠠ ᠪᠢ ᠬᠤᠷᠳᠤᠬᠠᠨ ᠢᠳᠡᠴᠢᠬᠡᠭᠡᠳ ᠳᠡᠭᠦᠦ ᠲᠡᠢ ᠪᠡᠨ ᠬᠣᠶᠠᠭᠤᠯᠠ ᠬᠡᠦᠬᠡᠯᠳᠡᠢ ᠵᠦᠴᠦᠭᠡ ᠦᠵᠡᠭᠰᠡᠭᠡᠷ ᠪᠠᠢᠵᠤ ᠳᠠᠰᠬᠠᠯ ᠢ᠋ᠶ᠋ᠠᠨ ᠬᠢᠬᠦ ᠪᠡᠨ ᠣᠷᠣ ᠲᠠᠰᠤ ᠮᠠᠷᠲᠠᠵᠠᠢ᠃ ᠳᠠᠷᠠᠭ᠎ᠠ ᠥᠷᠯᠥᠭᠡ ᠨᠢ ᠡᠵᠢ ᠠᠰᠠᠭᠤᠬᠤ ᠪᠠᠷ ᠰᠠᠶᠢ ᠭᠡᠨᠡᠳᠲᠡ ᠰᠠᠨᠠᠭᠠᠨ ᠳ᠋ᠤ᠌ ᠣᠷᠣᠵᠤ ᠶᠠᠭᠠᠷᠠᠬᠤ ᠳ᠋ᠠᠭᠠᠨ ᠪᠢ ᠬᠣᠭᠣᠯᠠ ᠪᠠᠨ ᠴᠤ᠌ ᠢᠳᠡᠭᠰᠡᠨ ᠦᠭᠡᠢ ᠪᠡᠷ ᠰᠤᠷᠭᠠᠭᠤᠯᠢ ᠳ᠋ᠠᠭᠠᠨ ᠢᠷᠡᠪᠡ᠃
ᠠᠩᠭᠢ ᠶ᠋ᠢᠨ ᠭᠡᠷ ᠲᠦ᠍ ᠣᠷᠣᠭᠰᠠᠨ ᠳ᠋ᠤ᠌《 ᠠᠯᠢᠶ᠎ᠠ ᠰᠢᠷ᠎ᠠ》 ᠪᠠ ᠳᠤᠯᠮ᠎ᠠ ᠬᠣᠶᠠᠭᠤᠯᠠᠬᠠᠨ ᠢ᠋ᠶ᠋ᠠᠨ ᠪᠠᠢᠪᠠ᠃《 ᠠᠯᠢᠶ᠎ᠠ ᠰᠢᠷ᠎ᠠ》 ᠪᠣᠯ ᠨᠢᠭᠡᠨ ᠬᠡᠵᠢᠶᠡᠳᠡ ᠬᠡᠷᠡᠭ ᠲᠦ᠍ ᠳᠤᠷᠠᠲᠠᠢ ᠠᠮᠢᠲᠠᠨ ᠭᠡᠳᠡᠭ ᠢ᠋ ᠮᠡᠳᠡᠬᠦ ᠪᠣᠯᠬᠣᠷ ᠰᠤᠷᠤᠯᠭ᠎ᠠ ᠶ᠋ᠢᠨ ᠭᠡᠰᠢᠭᠦᠨ ᠪᠢᠰᠢ ᠴᠦ᠍ ᠣᠯᠠᠨ ᠤ᠋ ᠲᠤᠰᠢᠶᠠᠭᠰᠠᠨ ᠳᠠᠰᠬᠠᠯ ᠢ᠋ ᠲᠣᠭᠠᠯᠠᠬᠤ ᠳ᠋ᠤ᠌ ᠨᠢ ᠬᠡᠨ ᠴᠦ᠍ ᠭᠠᠢᠬᠠᠬᠤ ᠦᠭᠡᠢ ᠶᠦ᠍ᠮ᠃ ᠭᠡᠲᠡᠯ᠎ᠡ ᠳᠠᠰᠬᠠᠯ ᠢ᠋ᠶ᠋ᠠᠨ ᠲᠤᠰᠢᠶᠠᠭᠠᠳᠤᠢ ᠨᠠᠳᠠ ᠳ᠋ᠤ᠌ ᠲᠡᠭᠦᠨ ᠦ᠌ ᠡᠨᠡ ᠬᠦ᠌ ᠪᠠᠢᠳᠠᠯ ᠴᠣᠬᠣᠮ ᠵᠢᠭᠰᠢᠭᠦᠷᠢᠲᠡᠢ ᠰᠠᠨᠠᠭᠳᠠᠪᠠ᠃《 ᠬᠣᠷᠢᠨ ᠨᠠᠢ᠍ᠮᠠᠨ ᠨᠥᠬᠥᠳ ᠳᠠᠰᠬᠠᠯ ᠢ᠋ᠶ᠋ᠠᠨ ᠲᠤᠰᠢᠶᠠᠭᠰᠠᠨ᠂ ᠪᠠᠰᠠ ᠬᠣᠶᠠᠷ ᠨᠥᠬᠥᠳ ᠲᠤᠰᠢᠶᠠᠭᠠᠳᠤᠢ ᠪᠠᠢᠨ᠎ᠠ᠂ ᠬᠡᠨ ᠬᠡᠨ ᠪᠣᠢ? 》 ᠭᠡᠵᠦ《 ᠠᠯᠢᠶ᠎ᠠ ᠰᠢᠷ᠎ᠠ》 ᠳᠡᠭᠡᠷ᠎ᠡ ᠳᠠᠭᠤᠨ ᠢ᠋ᠶ᠋ᠠᠷ ᠠᠰᠠᠭᠤᠪᠠ᠃
《 ᠪᠢ ᠲᠤᠰᠢᠶᠠᠭᠠᠳᠤᠢ ᠪᠠᠢᠨ᠎ᠠ 》 ᠭᠡᠵᠦ ᠨᠣᠮ ᠤᠩᠰᠢᠵᠤ ᠰᠠᠭᠤᠵᠤ ᠪᠠᠢᠭᠰᠠᠨ ᠳᠤᠯᠮ᠎ᠠ ᠬᠠᠷᠢᠭᠤᠯᠪᠠ᠃ ᠳᠤᠯᠮ᠎ᠠ ᠶ᠋ᠢᠨ ᠳᠠᠰᠬᠠᠯ ᠢ᠋ᠶ᠋ᠠᠨ ᠲᠤᠰᠢᠶᠠᠭᠠᠳᠤᠢ ᠶ᠋ᠢ ᠰᠣᠨᠣᠰᠤᠭᠠᠳ ᠮᠢᠨᠦ ᠳᠣᠲᠣᠷ᠎ᠠ ᠮᠠᠰᠢ ᠠᠭᠤᠵᠢᠷᠠᠭᠰᠠᠨ ᠪᠥᠭᠡᠳ ᠡᠨᠡ ᠮᠠᠭᠤ ᠳᠤᠯᠮ᠎ᠠ ᠪᠠᠰᠠ ᠳᠠᠰᠬᠠᠯ ᠢ᠋ᠶ᠋ᠠᠨ ᠪᠠᠷᠠᠭᠠᠳᠤᠢ ᠰᠢᠳᠡ᠂ ᠡᠰᠡᠬᠦᠯ᠎ᠡ ᠳᠠᠰᠬᠠᠯ ᠤ᠋ᠨ ᠳᠡᠪᠲᠡᠷ ᠨᠢ ᠣᠯᠠᠨ ᠤ᠋ ᠬᠢ ᠲᠡᠢ ᠠᠳᠠᠯᠢ ᠦᠭᠡᠢ ᠡᠴᠡ ᠲᠤᠰᠢᠶᠠᠬᠤ ᠪᠠᠨ ᠵᠣᠪᠠᠵᠤ ᠪᠠᠢᠨ᠎ᠠ ᠭᠡᠵᠦ ᠪᠢ ᠳᠠᠭᠠᠪᠠ᠃
ᠪᠢ ᠳᠠᠰᠬᠠᠯ ᠢ᠋ᠶ᠋ᠠᠨ ᠬᠢᠬᠦ ᠭᠡᠵᠦ ᠬᠡᠳᠦᠢ ᠮᠣᠩᠭᠠᠨᠢᠭ᠍ᠰᠠᠨ ᠪᠣᠯᠪᠠᠴᠤ ᠪᠠᠭᠰᠢ ᠶ᠋ᠢᠨ ᠲᠤᠰᠢᠶᠠᠭᠰᠠᠨ ᠲᠡᠷᠡ ᠬᠡᠳᠦᠨ ᠰᠡᠳᠦᠪ ᠢ᠋ ᠪᠣᠳᠣᠵᠤ ᠴᠢᠳᠠᠭᠰᠠᠨ ᠦᠭᠡᠢ᠂ ᠰᠢᠨ᠎ᠡ ᠪᠠᠭᠰᠢ ᠶ᠋ᠢᠨ ᠳᠦᠷᠢ ᠪᠠᠢᠳᠠᠯ ᠢ᠋ ᠱᠣᠬᠣᠭᠣᠷᠬᠠᠨ ᠬᠠᠷᠠᠭᠠᠳ ᠲᠠᠢᠯᠪᠤᠷᠢᠯᠠᠭᠰᠠᠨ ᠠᠭᠤᠯᠭ᠎ᠠ ᠶ᠋ᠢ ᠨᠢᠭᠡ ᠴᠦ᠍ ᠰᠣᠨᠣᠰᠤᠭᠰᠠᠨ ᠦᠭᠡᠢ ᠶᠦ᠍ᠮ ᠴᠢᠨᠢ᠁
《 ᠴᠠᠨ᠎ᠠ ᠠ᠋᠂ ᠦᠨᠡᠨ ᠳ᠋ᠡᠭᠡᠨ ᠪᠠᠭᠰᠢ ᠶ᠋ᠢᠨ ᠲᠤᠰᠢᠶᠠᠭᠰᠠᠨ ᠬᠡᠳᠦᠨ ᠰᠡᠳᠦᠪ ᠠᠮᠠᠷᠬᠠᠨ ᠶᠤᠮ᠂ ᠪᠦᠷ ᠬᠠᠷᠢᠴᠠᠭᠠᠲᠤ ᠶ᠋ᠢᠨ ᠠᠭᠤᠯᠭ᠎ᠠ᠂ ᠬᠠᠷᠢᠴᠠᠭᠠᠲᠤ ᠴᠢᠨᠢ ᠲᠡᠷᠡ ᠬᠤᠪᠢᠶᠠᠬᠤ ᠦᠢᠯᠡᠳᠦᠯ ᠲᠡᠢ ᠠᠳᠠᠯᠢᠬᠠᠨ᠂ ᠵᠥᠪᠬᠡᠨ ᠪᠣᠳᠠᠲᠤ ᠠᠮᠢᠳᠤᠷᠠᠯ ᠳ᠋ᠤ᠌ ᠬᠡᠷᠡᠭᠯᠡᠬᠦ ᠬᠡᠯᠪᠡᠷᠢ ᠨᠢ ᠠᠳᠠᠯᠢ ᠦᠭᠡᠢ ᠲᠡᠳᠦᠢ ᠶᠦ᠍ᠮ 》 ᠭᠡᠵᠦ ᠳᠤᠯᠮ᠎ᠠ ᠮᠢᠨᠦ ᠳᠠᠰᠬᠠᠯ ᠢ᠋ᠶ᠋ᠠᠨ ᠬᠢᠬᠦ ᠳ᠋ᠦ᠍ ᠬᠦᠴᠢᠷᠳᠡᠵᠦ ᠪᠠᠢᠭ᠎ᠠ ᠶ᠋ᠢ ᠭᠠᠳᠠᠷᠯᠠᠭᠰᠠᠨ ᠪᠣᠯᠤᠯᠲᠠᠢ ᠨᠠᠳᠠ ᠳ᠋ᠤ᠌ ᠬᠠᠷᠢᠴᠠᠭᠠᠲᠤ ᠶ᠋ᠢᠨ ᠪᠣᠳᠣᠯᠭ᠎ᠠ ᠶ᠋ᠢᠨ ᠲᠤᠬᠠᠢ ᠨᠢᠭᠡᠨ ᠵᠡᠷᠭᠡ ᠲᠠᠢᠯᠪᠤᠷᠢᠯᠠᠵᠤ ᠥᠭᠪᠡ᠃ ᠳᠤᠯᠮ᠎ᠠ ᠶ᠋ᠢᠨ ᠲᠠᠢᠯᠪᠤᠷᠢᠯᠠᠭᠰᠠᠨ ᠶᠣᠰᠣᠭᠠᠷ ᠪᠠᠭ᠍ᠰᠢ ᠶ᠋ᠢᠨ ᠦᠯᠡᠳᠡᠭᠡᠭᠰᠡᠨ ᠰᠡᠳᠦᠪ ᠢ᠋ ᠮᠠᠰᠢ ᠲᠦᠷᠭᠡᠨ ᠬᠢᠵᠦ ᠳᠠᠭᠤᠰᠬᠠᠪᠠ᠃
《 ᠵᠠ᠂ ᠳᠠᠰᠬᠠᠯ ᠢ᠋ᠶ᠋ᠠᠨ ᠬᠢᠵᠦ ᠪᠠᠷᠠᠭᠰᠠᠨ ᠪᠣᠯ ᠬᠣᠶᠠᠭᠤᠯᠠ ᠪᠠᠨ ᠬᠠᠮᠲᠤ ᠲᠤᠰᠢᠶᠠᠴᠢᠬᠠᠶᠠ᠂ ᠪᠢ ᠦᠨᠡᠨ ᠳ᠋ᠡᠭᠡᠨ ᠥᠴᠥᠭᠡᠳᠦᠷ ᠬᠢᠭᠡᠳ ᠪᠠᠷᠠᠴᠢᠬᠠᠭᠰᠠᠨ᠂ ᠭᠡᠪᠡᠴᠦ ᠴᠢᠮ᠎ᠠ ᠲᠠᠢ ᠴᠣᠭ ᠲᠤᠰᠢᠶᠠᠶ᠎ᠠ ᠭᠡᠵᠦ ᠪᠣᠳᠣᠭᠠᠳ᠁》 ᠭᠡᠵᠦ ᠳᠤᠯᠮ᠎ᠠ ᠮᠢᠨᠦ ᠭᠠᠷ ᠠ᠋ᠴᠠ ᠳᠠᠰᠬᠠᠯ ᠢ᠋ ᠠᠪᠤᠭᠠᠳ ᠬᠠᠮᠲᠤ ᠲᠤᠰᠢᠶᠠᠪᠠ᠃
ᠮᠢᠨᠦ ᠨᠢᠭᠤᠷ ᠤᠯᠠᠢᠪᠠ᠃ ᠡᠵᠢ ᠠᠪᠤ ᠨᠢ ᠪᠦᠷ ᠭᠠᠳᠠᠭ᠍ᠰᠢ ᠭᠠᠷᠴᠤ ᠬᠥᠯᠥᠰᠥᠨ ᠠᠵᠢᠯ ᠬᠢᠭᠡᠳ ᠡᠪᠦᠭᠡ ᠡᠮᠡᠭᠡ ᠲᠡᠢ ᠪᠡᠨ ᠴᠣᠭ ᠠᠮᠢᠳᠤᠷᠠᠵᠤ ᠪᠠᠢᠬᠤ ᠳᠤᠯᠮ᠎ᠠ ᠶ᠋ᠢᠨ ᠪᠠᠢᠳᠠᠯ ᠢ᠋ ᠪᠢ ᠶᠠᠮᠠᠷ ᠮᠡᠳᠡᠬᠦ ᠦᠭᠡᠢ ᠪᠢᠰᠢ᠂ ᠡᠢᠮᠦ ᠪᠠᠢᠲᠠᠯ᠎ᠠ ᠪᠠᠨ ᠪᠢ ᠬᠠᠷᠢᠨ ᠳᠤᠯᠮ᠎ᠠ ᠳ᠋ᠤ᠌ ᠡᠯᠳᠡᠪ ᠵᠦᠢᠯ ᠦ᠋ᠨ ᠠᠲᠠᠭᠠᠷᠬᠠᠬᠤ ᠰᠡᠳᠬᠢᠯᠭᠡ ᠡᠪᠦᠷᠯᠡᠵᠦ ᠪᠡᠶ᠎ᠡ ᠪᠠᠨ ᠯᠠ ᠪᠣᠳᠣᠳᠠᠭ ᠬᠤᠪᠢᠨᠴᠢᠷ ᠠᠮᠢᠲᠠᠨ ᠪᠠᠢᠭᠰᠠᠨ ᠳ᠋ᠤ᠌ ᠪᠠᠨ ᠬᠠᠷᠠᠮᠰᠠᠵᠤ ᠰᠠᠭᠤᠬᠤ ᠳ᠋ᠤ᠌ ᠳᠠᠰᠬᠠᠯ ᠢ᠋ᠶ᠋ᠠᠨ ᠲᠤᠰᠢᠶᠠᠭᠠᠳ ᠣᠷᠣᠨ ᠳ᠋ᠠᠭᠠᠨ ᠪᠤᠴᠠᠵᠤ ᠢᠷᠡᠬᠦ ᠳᠤᠯᠮ᠎ᠠ ᠬᠠᠷᠢᠨ ᠲᠣᠭᠠᠨ ᠤ᠋ ᠪᠠᠭᠰᠢ ᠠ᠋ᠴᠠ ᠴᠤ᠌ ᠢᠯᠡᠭᠦᠦ ᠭᠣᠶᠣ ᠬᠠᠷᠠᠭᠳᠠᠵᠠᠢ᠃
ᠦᠰᠦᠭ ᠠᠮᠢᠯᠠᠭᠤᠯᠤᠭᠰᠠᠨ ᠨᠢ᠄ ᠭᠡᠷᠡᠯᠴᠢᠮᠡᠭ
ᠬᠢᠨᠠᠭᠴᠢ᠄ ᠲᠤᠭ᠍ᠴᠢ ᠰᠠᠷᠠᠨ᠎ᠠ
