ᠭᠠᠩᠬ᠋᠎ᠠ ᠶ᠋ᠢᠨ ᠤᠷᠤᠰᠬᠠᠯ – ᠴᠤᠶ᠋ᠢᠵᠢ ᠲᠤᠯᠭᠠᠨ ᠬᠠᠷᠢᠴᠠᠭᠤᠯᠵᠤ ᠲᠠᠶ᠋ᠢᠯᠪᠤᠷᠢᠯᠠᠪᠠ ᠤᠳᠤᠷᠢᠳᠬᠠᠯ –4 Гангын урсгал – Чойж Тулган харьцуулж тайлбарлав Удиртгал – 4 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠩᠬ᠋᠎ᠠ ᠶ᠋ᠢᠨ ᠤᠷᠤᠰᠬᠠᠯ – ᠴᠤᠶ᠋ᠢᠵᠢ ᠲᠤᠯᠭᠠᠨ ᠬᠠᠷᠢᠴᠠᠭᠤᠯᠵᠤ ᠲᠠᠶ᠋ᠢᠯᠪᠤᠷᠢᠯᠠᠪᠠ ᠤᠳᠤᠷᠢᠳᠬᠠᠯ –4 Гангын урсгал – Чойж Тулган харьцуулж тайлбарлав Удиртгал – 4

ᠭᠠᠩᠬ᠋᠎ᠠ ᠶ᠋ᠢᠨ ᠤᠷᠤᠰᠬᠠᠯ – ᠴᠤᠶ᠋ᠢᠵᠢ ᠲᠤᠯᠭᠠᠨ ᠬᠠᠷᠢᠴᠠᠭᠤᠯᠵᠤ ᠲᠠᠶ᠋ᠢᠯᠪᠤᠷᠢᠯᠠᠪᠠ ᠤᠳᠤᠷᠢᠳᠬᠠᠯ –4 Гангын урсгал – Чойж Тулган харьцуулж тайлбарлав Удиртгал – 4

ᠠᠩᠭᠢᠯᠠᠯ:ᠲᠡᠦᠬᠡ ᠰᠣᠶᠣᠯ
2023-04-08

426

ᠤᠳᠤᠷᠢᠳᠬᠠᠯ ( ᠳᠥᠷᠪᠡ )


                                ( ᠳᠥᠷᠪᠡ )   
  
     《 ᠭᠠᠩᠭ᠎ᠠ ᠶ᠋ᠢᠨ ᠤᠷᠤᠰᠬᠠᠯ 》 ᠊ᠢ ᠤᠯᠠᠮ ᠴᠢᠨᠠᠭᠰᠢᠳᠠ ᠨᠠᠷᠢᠨ ᠰᠤᠳᠤᠯᠬᠤ ᠠᠰᠠᠭᠤᠳᠠᠯ ᠳ᠋ᠤ᠌ ᠬᠣᠯᠪᠣᠭᠳᠠᠬᠤ ᠴᠢᠬᠤᠯᠠ ᠵᠦᠢᠯ ᠪᠣᠯ ᠳᠠᠷᠤᠢ ᠲᠡᠭᠦᠨ ᠦ᠌ ᠲᠡᠦᠬᠡᠨ ᠮᠠᠲ᠋ᠧᠷᠢᠶᠠᠯ ᠤ᠋ᠨ ᠡᠬᠢ ᠰᠤᠷᠪᠤᠯᠵᠢ ᠶᠠᠭᠤ ᠪᠣᠯᠬᠤ ᠶ᠋ᠢ ᠰᠤᠳᠤᠯᠬᠤ ᠶᠠᠪᠤᠳᠠᠯ ᠪᠣᠯᠤᠨ᠎ᠠ ᠃ ᠭᠣᠮᠪᠣᠵᠠᠪ 《 ᠭᠠᠩᠭ᠎ᠠ ᠶ᠋ᠢᠨ ᠤᠷᠤᠰᠬᠠᠯ 》 ᠳ᠋ᠠᠭᠠᠨ ᠥᠪᠡᠷ ᠦ᠋ᠨ  ᠠᠰᠢᠭᠯᠠᠭᠰᠠᠨ ᠰᠤᠷᠪᠤᠯᠵᠢ ᠪᠢᠴᠢᠭ  ᠶᠠᠭᠤ ᠪᠣᠯᠬᠤ ᠲᠤᠬᠠᠢ ᠳᠤᠷᠠᠳᠬᠤ ᠳ᠋ᠠᠭᠠᠨ 《 ᠭᠠᠩ ᠮᠦ᠍ ᠲᠡᠷᠢᠭᠦᠲᠡᠨ ᠨᠠᠩᠭᠢᠶᠠᠳ ᠪᠠ ᠮᠣᠩᠭᠣᠯ ᠤ᠋ᠨ ᠬᠡᠳᠦᠨ ᠲᠡᠦᠬᠡ ᠱᠠᠰᠲᠢᠷ 》 ᠭᠡᠵᠦ ᠶᠡᠷᠦᠩᠬᠡᠢ ᠳ᠋ᠦ᠍ᠨᠢ ᠲᠤᠰᠢᠶᠠᠬᠤ ᠶ᠋ᠢᠨ ᠵᠡᠷᠭᠡᠳᠡ ᠪᠠᠰᠠ 《 ᠲᠠᠢ ᠶᠤᠸᠠᠨ ᠤᠯᠤᠰ ᠤ᠋ᠨ ᠭᠣᠣᠯ ᠰᠤᠳᠤᠷ 》 ᠂ 《 ᠪᠠᠷᠤᠭᠯᠠᠭᠰᠠᠨ ᠢᠲᠡᠭᠡᠮᠵᠢ ᠦᠭᠡᠢ ᠰᠤᠳᠤᠷ ᠤ᠋ᠳ 》 ᠂ 《 ᠮᠣᠩᠭᠣᠯ ᠤ᠋ᠨ ᠪᠠᠷᠤᠭᠯᠠᠭᠰᠠᠨ ᠰᠤᠳᠤᠷ 》 ᠂ 《 ᠬᠢᠲᠠᠳ ᠪᠢᠴᠢᠭ 》 ᠭᠡᠵᠦ ᠪᠣᠳᠠᠲᠠᠢ ᠳᠤᠷᠠᠳᠤᠭᠰᠠᠨ ᠵᠦᠢᠯ ᠮᠡᠲᠦ ᠪᠠᠰᠠ ᠪᠣᠢ ᠃ 
     《 ᠭᠠᠩᠭ᠎ᠠ ᠶ᠋ᠢᠨ ᠤᠷᠤᠰᠬᠠᠯ 》 ᠳ᠋ᠤ᠌ ᠮᠣᠩᠭᠣᠯ ᠲᠡᠦᠬᠡᠨ ᠰᠤᠷᠪᠤᠯᠵᠢ ᠶ᠋ᠢ ᠠᠰᠢᠭᠯᠠᠭᠰᠠᠨ ᠲᠤᠬᠠᠢ ᠳᠤᠷᠠᠳᠬᠤ ᠳ᠋ᠠᠭᠠᠨ 《 ᠮᠣᠩᠭᠣᠯ ᠤ᠋ᠨ ᠬᠡᠳᠦᠨ ᠲᠡᠦᠬᠡ ᠱᠠᠰᠲᠢᠷ 》 ᠂ 《 ᠮᠣᠩᠭᠣᠯ ᠤ᠋ᠨ ᠪᠠᠷᠤᠭᠯᠠᠭᠰᠠᠨ ᠰᠤᠳᠤᠷ 》 ᠭᠡᠬᠦ ᠡᠴᠡ ᠥᠭᠡᠷ᠎ᠡ  ᠡᠢᠮᠦ ᠲᠡᠢᠮᠦ ᠰᠤᠳᠤᠷ ᠨᠣᠮ ᠭᠡᠵᠦ ᠳᠤᠷᠠᠳᠤᠭᠰᠠᠨ ᠦᠭᠡᠢ ᠃ ᠡᠭᠦᠨ ᠳ᠋ᠦ᠍ 《 ᠮᠣᠩᠭᠣᠯ ᠤ᠋ᠨ ᠬᠡᠳᠦᠨ ᠲᠡᠦᠬᠡ ᠱᠠᠰᠲᠢᠷ 》 ᠭᠡᠰᠡᠨ ᠨᠢ ᠶᠠᠷᠢᠶᠠᠨ ᠦᠭᠡᠢ ᠲᠡᠭᠦᠨ ᠦ᠌ ᠠᠰᠢᠭᠯᠠᠭᠰᠠᠨ ᠮᠣᠩᠭᠣᠯ ᠤ᠋ᠨ ᠲᠡᠦᠬᠡᠨ ᠰᠤᠷᠪᠤᠯᠵᠢ ᠪᠢᠴᠢᠭ ᠨᠡᠯᠢᠶᠡᠳ ᠬᠡᠳᠦᠨ ᠨᠣᠮ ᠰᠤᠳᠤᠷ  ᠪᠠᠢᠭᠰᠠᠨ ᠢ᠋ᠶ᠋ᠠᠨ ᠵᠢᠭᠠᠵᠠᠢ ᠃ ᠭᠡᠲᠡᠯ᠎ᠡ 《 ᠮᠣᠩᠭᠣᠯ ᠊ᠢ ᠪᠠᠷᠤᠭᠯᠠᠭᠰᠠᠨ ᠰᠤᠳᠤᠷ 》 ᠭᠡᠬᠦ ᠶ᠋ᠢ ᠨᠢᠭᠡᠨ ᠵᠦᠢᠯ ᠦ᠋ᠨ ᠡᠷᠲᠡᠨ ᠦ᠌ ᠰᠤᠷᠪᠤᠯᠵᠢ ᠪᠢᠴᠢᠭ ᠪᠤᠶᠤ ᠭᠡᠵᠦ ᠪᠣᠳᠣᠬᠤ ᠳ᠋ᠤ᠌ ᠳᠣᠲᠣᠭᠠᠳᠤ ᠭᠠᠳᠠᠭᠠᠳᠤ ᠶ᠋ᠢᠨ ᠣᠯᠠᠨ ᠮᠣᠩᠭᠣᠯᠴᠢ ᠡᠷᠳᠡᠮᠲᠡᠨ ᠨᠠᠷ ᠡᠢᠮᠦ ᠰᠤᠳᠤᠷ  ᠪᠠᠢᠨ᠎ᠠ ᠭᠡᠵᠦ ᠮᠡᠳᠡᠭᠡᠯᠡᠭᠰᠡᠨ ᠵᠦᠢᠯ ᠬᠠᠷᠠᠬᠠᠨ ᠣᠯᠳᠠᠭᠠᠳᠤᠢ ᠃ ᠬᠡᠳᠦᠢ  ᠲᠡᠢᠮᠦ ᠪᠠᠢᠭᠰᠠᠨ  ᠴᠤ᠌ ᠲᠡᠭᠦᠨ ᠦ᠌ ᠵᠣᠬᠢᠶᠠᠯ ᠤ᠋ᠨ ᠳᠤᠮᠳᠠ  ᠥᠭᠦᠯᠡᠭᠰᠡᠨ ᠵᠦᠢᠯ ᠡᠴᠡ ᠦᠵᠡᠪᠡᠯ 《 ᠮᠣᠩᠭᠣᠯ ᠊ᠢ ᠪᠠᠷᠤᠭᠯᠠᠭᠰᠠᠨ ᠰᠤᠳᠤᠷ 》 ᠭᠡᠳᠡᠭ ᠨᠢ ᠶᠠᠭᠤ ᠪᠣᠯᠬᠤ ᠶ᠋ᠢ ᠲᠣᠳᠣᠯᠠᠵᠤ ᠪᠣᠯᠤᠮᠠᠷ  ᠪᠠᠢᠨ᠎ᠠ ᠃ 《 ᠭᠠᠩᠭ᠎ᠠ ᠶ᠋ᠢᠨ ᠤᠷᠤᠰᠬᠠᠯ  》 ᠠ᠋ᠴᠠ ᠦᠵᠡᠪᠡᠯ ᠂ ᠪᠣᠲᠠᠨᠴᠠᠷ ᠠ᠋ᠴᠠ ᠡᠬᠢᠯᠡᠨ ᠶᠤᠸᠠᠨ ᠤᠯᠤᠰ ᠤ᠋ᠨ ᠡᠯ᠎ᠡ ᠬᠠᠳ ᠤ᠋ᠨ ᠵᠠᠯᠭᠠᠮᠵᠢᠯᠠᠯ ᠊ᠢ ᠲᠡᠭᠦᠰᠲᠡᠯ᠎ᠡ ᠪᠢᠴᠢᠬᠦ ᠳ᠋ᠡᠭᠡᠨ ᠵᠣᠬᠢᠶᠠᠭᠴᠢ ᠶ᠋ᠢᠨ ᠭᠣᠣᠯ ᠠᠰᠢᠭᠯᠠᠭᠰᠠᠨ ᠰᠤᠷᠪᠤᠯᠵᠢ ᠪᠢᠴᠢᠭ ᠪᠣᠯ 《 ᠲᠠᠢ ᠶᠤᠸᠠᠨ ᠤᠯᠤᠰ ᠤ᠋ᠨ ᠭᠣᠣᠯ ᠰᠤᠳᠤᠷ 》 ᠪᠠ 《 ᠶᠡᠬᠡ ᠰᠤᠳᠤᠷ 》 ᠪᠣᠯᠤᠨ᠎ᠠ ᠃  ᠵᠣᠬᠢᠶᠠᠯ ᠤ᠋ᠨ ᠡᠬᠢᠨ ᠳ᠋ᠦ᠍ 《 ᠲᠡᠢ ᠶᠤᠸᠠᠨ ᠤᠯᠤᠰ ᠤ᠋ᠨ ᠭᠣᠣᠯ ᠰᠤᠳᠤᠷ  ᠊ᠢ ᠳᠠᠭᠠᠵᠤ ᠤᠭ ᠦᠶ᠎ᠡ ᠶ᠋ᠢ ᠲᠣᠪᠴᠢᠯᠠᠨ ᠳᠤᠭᠤᠯᠪᠠᠰᠤ 》 ᠭᠡᠵᠦ ᠪᠢᠴᠢᠭᠡᠳ ᠪᠣᠲᠠᠨᠴᠠᠷ ᠠ᠋ᠴᠠ ᠡᠬᠢᠯᠡᠨ  ᠬᠣᠢᠲᠤ  ᠶᠤᠸᠠᠨ ᠤᠯᠤᠰ ᠤ᠋ᠨ 《 ᠵᠣᠣ ᠽᠦᠩ (昭宗) ᠬᠤᠸᠠᠩᠳᠢ  ᠪᠢᠯᠢᠭᠲᠦ ᠬᠠᠭᠠᠨ ᠠᠶᠤᠰᠢᠷᠠᠲᠠᠷᠠ 》 ᠬᠦᠷᠲᠡᠯ᠎ᠡ ᠪᠢᠴᠢᠵᠡᠢ ᠃ ᠡᠭᠦᠨ ᠡᠴᠡ  ᠬᠣᠢᠰᠢᠬᠢ ᠤᠴᠢᠷ ᠊ᠢ ᠪᠢᠴᠢᠬᠦ ᠳ᠋ᠡᠭᠡᠨ ᠵᠣᠬᠢᠶᠠᠭᠴᠢ ᠶ᠋ᠢᠨ ᠬᠡᠯᠡᠬᠦ ᠪᠡᠷ ᠪᠣᠯ 《ᠶᠡᠬᠡ ᠰᠤᠳᠤᠷ ᠲᠤ᠌ ᠦᠭᠡᠢ ᠪᠥᠭᠡᠳ ᠪᠠᠷᠤᠭᠯᠠᠭᠰᠠᠨ ᠢᠲᠡᠭᠡᠮᠵᠢ ᠦᠭᠡᠢ ᠰᠤᠳᠤᠷ ᠤ᠋ᠳ ᠲᠤᠷ ᠴᠤ᠌ ᠮᠥᠨ ᠦᠭᠡᠢ 》 ᠭᠡᠵᠡᠢ ᠃ ᠡᠨᠳᠡ ᠳᠤᠷᠠᠳᠤᠭᠰᠠᠨ 《 ᠶᠡᠬᠡ ᠰᠤᠳᠤᠷ 》 ᠭᠡᠳᠡᠭ ᠨᠢ ᠶᠠᠷᠢᠶᠠᠨ ᠦᠭᠡᠢ ᠲᠡᠭᠦᠨ ᠦ᠌  ᠥᠭᠦᠯᠡᠭᠰᠡᠨ 《 ᠭᠠᠩ ᠮᠦ᠍ ᠲᠡᠷᠢᠭᠦᠲᠡᠨ ᠨᠠᠩᠭᠢᠶᠠᠳ ᠬᠡᠳᠦᠨ ᠲᠡᠦᠬᠡ ᠱᠠᠰᠲᠢᠷ 》 ᠤ᠋ᠨ ᠳᠣᠲᠣᠷᠠᠬᠢ 《 ᠲᠡᠷᠢᠭᠦᠲᠡᠨ 》 ᠪᠣᠯᠤᠭᠰᠠᠨ 《 ᠭᠠᠩ ᠮᠦ᠍ 》 ᠂ ᠳᠠᠷᠤᠢ ᠬᠢᠲᠠᠳ ᠤ᠋ᠨ 《续资治通铿纲目 》 ᠢ᠋ ᠬᠡᠯᠡᠵᠦ ᠪᠠᠢᠨ᠎ᠠ ᠃ ᠡᠨᠡ ᠨᠣᠮ ᠳ᠋ᠤ᠌ ᠮᠣᠩᠭᠣᠯ ᠲᠥᠷᠥ ᠶ᠋ᠢᠨ ᠤᠴᠢᠷ ᠊ᠢ ᠲᠡᠮᠳᠡᠭᠯᠡᠬᠦ ᠳ᠋ᠡᠭᠡᠨ ᠮᠢᠩ ᠤᠯᠤᠰ ᠤ᠋ᠨ ᠴᠡᠷᠢᠭ ᠢᠩ ᠴᠠᠩ (应昌 ) ᠊ᠢ ᠴᠣᠬᠢᠵᠤ ᠠᠶᠤᠷᠰᠢᠷᠠᠲᠠᠷᠠ ᠬᠠᠭᠠᠨ ᠤ᠋ ᠬᠥᠪᠡᠭᠦᠨ ᠊ᠢ ᠪᠠᠷᠢᠪᠴᠢᠯᠠᠨ ᠲᠡᠭᠦᠨ ᠳ᠋ᠦ᠍ 《 ᠴᠥᠩ ᠯᠢ ᠾᠧᠦ (崇礼候 ) ᠴᠣᠯᠠ  ᠬᠠᠢᠷᠠᠯᠠᠵᠤᠬᠤᠢ  》 ① ᠭᠡᠰᠡᠨ ᠳ᠋ᠦ᠍ ᠬᠦᠷᠲᠡᠯ᠎ᠡ ᠲᠡᠮᠳᠡᠭᠯᠡᠭᠡᠳ ᠴᠢᠨᠠᠭᠰᠢ ᠦᠭᠡᠢ  ᠶᠦ᠍ᠮ ᠃  ᠡᠢᠮᠦ ᠡᠴᠡ ᠵᠣᠬᠢᠶᠠᠭᠴᠢ ᠰᠠᠶᠢ 《 ᠶᠡᠬᠡ ᠰᠤᠳᠤᠷ ᠲᠤ᠌ ᠦᠭᠡᠢ 》 ᠭᠡᠵᠦ ᠲᠡᠮᠳᠡᠭᠯᠡᠵᠡᠢ ᠃ ᠮᠣᠩᠭᠣᠯ ᠲᠥᠷᠥ ᠶ᠋ᠢᠨ  ᠪᠠᠢᠳᠠᠯ ᠤ᠋ᠨ ᠲᠤᠬᠠᠢ ᠲᠡᠮᠳᠡᠭᠯᠡᠯ ᠮᠢᠩ ᠤᠯᠤᠰ ᠤ᠋ᠨ ᠦᠶ᠎ᠡ ᠳ᠋ᠡᠬᠢ ᠬᠢᠲᠠᠳ ᠰᠤᠷᠪᠤᠯᠵᠢ ᠨᠤᠭᠤᠳ ᠲᠤ᠌ ᠴᠥᠭᠡᠨ ᠪᠠᠢᠳᠠᠭ ᠪᠥᠭᠡᠳ ᠰᠢᠰᠲ᠋ᠧᠮ ᠳᠠᠷᠠᠭ᠎ᠠ ᠲᠠᠢ  ᠪᠢᠴᠢᠭᠳᠡᠭᠰᠡᠨ ᠵᠦᠢᠯ ᠬᠣᠪᠣᠷ ᠶᠤᠮ ᠃

 — — — — 
① ᠬᠢᠲᠠᠳ ᠰᠤᠳᠤᠷ 《续资治通铿纲目 》 ᠤ᠋ᠨ ᠬᠣᠷᠢᠨ ᠳᠣᠯᠣᠳᠤᠭᠠᠷ  ᠪᠣᠳᠢ ᠃   

ᠡᠨᠡ  ᠪᠠᠢᠳᠠᠯ ᠊ᠢ  ᠭᠣᠮᠪᠣᠵᠠᠪ ᠨᠢᠭᠡᠨᠲᠡ ᠨᠡᠪᠲᠡ ᠮᠡᠳᠡᠭᠰᠡᠨ ᠲᠤᠯᠠ ᠲᠡᠷᠡ ᠄ 《 ᠬᠡᠰᠡᠭ ᠬᠡᠰᠡᠭ ᠭᠠᠷᠴᠤ ᠢᠷᠡᠪᠡᠴᠦ ᠵᠠᠯᠭᠠᠯᠳᠤᠭ᠎ᠠ ᠪᠦᠬᠦᠯᠢ ᠣᠯᠳᠠᠬᠤ ᠦᠭᠡᠢ ᠶ᠋ᠢᠨ ᠲᠤᠯᠠ ᠠᠷᠭ᠎ᠠ ᠦᠭᠡᠢ ᠮᠣᠩᠭᠣᠯ ᠊ᠢ ᠪᠠᠷᠤᠭᠯᠠᠭᠰᠠᠨ ᠰᠤᠳᠤᠷ ᠊ᠢ ᠳᠠᠭᠠᠵᠤ ᠪᠢᠴᠢᠭᠡᠳ ᠵᠢᠯ ᠦ᠋ᠨ ᠮᠠᠭᠠᠳ ᠊ᠢ ᠬᠢᠲᠠᠳ ᠪᠢᠴᠢᠭ ᠡᠴᠡ  ᠨᠠᠢᠷᠠᠭᠤᠯᠪᠠᠢ 》 ᠭᠡᠵᠦ ᠪᠢᠴᠢᠵᠦ ᠲᠡᠮᠳᠡᠭᠯᠡᠭᠰᠡᠨ  ᠶᠦ᠍ᠮ ᠃ ᠡᠭᠦᠨ ᠡᠴᠡ  ᠪᠢᠳᠡ ᠲᠣᠳᠣᠷᠬᠠᠢ ᠣᠯᠵᠤ ᠬᠠᠷᠠᠬᠤ ᠨᠢ ᠮᠢᠩ ᠤᠯᠤᠰ ᠯᠤᠭ᠎ᠠ ᠵᠡᠷᠭᠡᠯᠡᠳᠡᠭᠡ ᠣᠷᠣᠰᠢᠵᠤ  ᠪᠠᠢᠭᠰᠠᠨ ᠮᠣᠩᠭᠣᠯ ᠲᠥᠷᠥ ᠶ᠋ᠢᠨ ᠲᠡᠦᠬᠡ ᠶ᠋ᠢᠨ  ᠪᠠᠢᠳᠠᠯ ᠊ᠢ ᠪᠢᠴᠢᠬᠦ ᠳ᠋ᠡᠭᠡᠨ ᠵᠣᠬᠢᠶᠠᠭᠴᠢ ᠶ᠋ᠢᠨ ᠭᠣᠣᠯ ᠠᠰᠢᠭᠯᠠᠭᠰᠠᠨ ᠰᠤᠷᠪᠤᠯᠵᠢ ᠪᠢᠴᠢᠭ ᠪᠣᠯ ᠳᠠᠷᠤᠢ ᠲᠡᠭᠦᠨ ᠦ᠌ ᠳᠤᠷᠠᠳᠤᠭᠰᠠᠨ 《 ᠮᠣᠩᠭᠣᠯ ᠊ᠢ ᠪᠠᠷᠤᠭᠯᠠᠭᠰᠠᠨ ᠰᠤᠳᠤᠷ 》 ᠶᠤᠮ ᠃  
       ᠭᠣᠮᠪᠣᠵᠠᠪ ᠂ ᠲᠡᠭᠦᠨ ᠦ᠌ ᠠᠰᠢᠭᠯᠠᠭᠰᠠᠨ  ᠰᠤᠷᠪᠤᠯᠵᠢ ᠪᠢᠴᠢᠭ ᠢ᠋ᠶ᠋ᠡᠨ ᠭᠣᠣᠯ ᠲᠥᠯᠥᠪ 《 ᠭᠣᠣᠯ ᠰᠤᠳᠤᠷ 》 ᠂ 《 ᠶᠡᠬᠡ ᠰᠤᠳᠤᠷ 》 ᠂ 《 ᠪᠠᠷᠤᠭᠯᠠᠭᠰᠠᠨ ᠢᠲᠡᠭᠡᠮᠵᠢ ᠦᠭᠡᠢ ᠰᠤᠳᠤᠷ 》 ᠭᠡᠵᠦ ᠬᠡᠳᠦᠨ ᠵᠦᠢᠯ ᠳ᠋ᠦ᠍ ᠬᠤᠪᠢᠶᠠᠵᠠᠢ ᠃ ᠡᠭᠦᠨ ᠳ᠋ᠦ᠍ 《 ᠭᠣᠣᠯ ᠰᠤᠳᠤᠷ 》 ᠭᠡᠵᠦ 《 ᠲᠡᠢ ᠶᠤᠸᠠᠨ ᠤᠯᠤᠰ ᠤ᠋ᠨ ᠭᠣᠣᠯ ᠰᠤᠳᠤᠷ 》 ᠊ᠢ ᠥᠭᠦᠯᠡᠨ ᠂ 《 ᠶᠡᠬᠡ ᠰᠤᠳᠤᠷ 》 ᠭᠡᠵᠦ 《 ᠭᠠᠩ ᠮᠦ᠍ 》 ᠶ᠋ᠢ ᠥᠭᠦᠯᠡᠨ ᠂ 《 ᠪᠠᠷᠤᠭᠯᠠᠭᠰᠠᠨ ᠢᠲᠡᠭᠡᠮᠵᠢ ᠦᠭᠡᠢ ᠰᠤᠳᠤᠷ 》 ᠭᠡᠵᠦ ᠡᠭᠦᠨᠴᠡ ᠪᠤᠰᠤᠳ ᠬᠢᠲᠠᠳ ᠲᠡᠦᠬᠡᠨ ᠰᠤᠳᠤᠷ ᠪᠢᠴᠢᠭ ᠊ᠢ ᠵᠢᠭᠠᠵᠠᠢ ᠃ ᠡᠭᠦᠨ ᠳ᠋ᠦ᠍  《ᠮᠣᠩᠭᠣᠯ ᠊ᠢ ᠪᠠᠷᠤᠭᠯᠠᠭᠰᠠᠨ ᠰᠤᠳᠤᠷ 》 ᠭᠡᠳᠡᠭ ᠨᠢ ᠳᠠᠷᠤᠢ 《 ᠮᠣᠩᠭᠣᠯ ᠤ᠋ᠨ ᠬᠡᠳᠦᠨ ᠲᠡᠦᠬᠡ ᠱᠠᠰᠲᠢᠷ 》 ᠊ᠢ ᠡᠩ  ᠨᠡᠢᠲᠡ ᠳ᠋ᠦ᠍ᠨᠢ  ᠨᠡᠷᠡᠢᠳᠦᠨ ᠬᠢᠲᠠᠳ ᠤ᠋ᠨ 《ᠭᠣᠣᠯ ᠰᠤᠳᠤᠷ 》᠂《 ᠶᠡᠬᠡ ᠰᠤᠳᠤᠷ 》 ᠭᠡᠳᠡᠭ ᠡᠴᠡ ᠪᠡᠨ ᠢᠯᠭᠠᠵᠤ  ᠥᠭᠦᠯᠡᠭᠰᠡᠨ  ᠤᠴᠢᠷ ᠶᠤᠮ ᠃ 
     《 ᠭᠠᠩᠭ᠎ᠠ ᠶ᠋ᠢᠨ ᠤᠷᠤᠰᠬᠠᠯ 》 ᠳ᠋ᠤ᠌ ᠲᠤᠰᠬᠠᠭᠳᠠᠭᠰᠠᠨ ᠠᠭᠤᠯᠭ᠎ᠠ ᠠ᠋ᠴᠠ ᠦᠵᠡᠪᠡᠯ ᠲᠡᠷᠡ ᠨᠢ ᠠᠷᠪᠠᠨ ᠭᠤᠷᠪᠠ  —  ᠠᠷᠪᠠᠨ ᠳᠣᠯᠣᠳᠤᠭᠠᠷ ᠵᠠᠭᠤᠨ ᠤ᠋ ᠮᠣᠩᠭᠣᠯ ᠤ᠋ᠨ ᠭᠣᠣᠯ ᠲᠡᠦᠬᠡᠨ ᠵᠣᠬᠢᠶᠠᠯ ᠪᠣᠯᠬᠤ 《 ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠂ ᠯᠣᠪᠰᠠᠩᠲᠠᠨᠵᠠᠨ ᠤ᠋ 《  ᠠᠯᠲᠠᠨ ᠲᠣᠪᠴᠢ 》 ᠂ 《 ᠡᠷᠲᠡᠨ ᠦ᠌ ᠮᠣᠩᠭᠣᠯ ᠤ᠋ᠨ  ᠬᠠᠳ ᠤ᠋ᠨ ᠦᠨᠳᠦᠰᠦᠨ ᠦ᠌ ᠶᠡᠬᠡ ᠰᠢᠷ᠎ᠠ ᠲᠣᠭᠣᠵᠢ 》 ᠂ 《 ᠬᠠᠳ ᠤ᠋ᠨ ᠦᠨᠳᠦᠰᠦᠨ ᠦ᠌ ᠡᠷᠳᠡᠨᠢ ᠶ᠋ᠢᠨ ᠲᠣᠪᠴᠢ 》 ᠵᠡᠷᠭᠡ ᠣᠨ  ᠳᠠᠷᠠᠭᠠᠯᠠᠭᠰᠠᠨ  ᠲᠡᠦᠬᠡᠨ ᠵᠣᠬᠢᠶᠠᠯ ᠲᠠᠢ ᠠᠳᠠᠯᠢ ᠪᠠᠷ ᠬᠠᠳ ᠤ᠋ᠨ ᠲᠡᠦᠬᠡ ᠪᠡᠷ ᠮᠣᠩᠭᠣᠯ ᠲᠡᠦᠬᠡ ᠶ᠋ᠢᠨ ᠭᠣᠣᠯ ᠬᠡᠯᠬᠢᠶ᠎ᠡ ᠪᠣᠯᠭᠠᠵᠤ  ᠪᠢᠴᠢᠭᠰᠡᠨ  ᠨᠢᠭᠡᠨ ᠢᠵᠢ ᠣᠨ ᠳᠠᠷᠠᠭᠠᠯᠠᠭᠰᠠᠨ ᠲᠡᠦᠬᠡ  ᠶᠦ᠍ᠮ᠃ 《 ᠭᠠᠩᠭ᠎ᠠ ᠶ᠋ᠢᠨ ᠤᠷᠤᠰᠬᠠᠯ 》 ᠳ᠋ᠤ᠌ ᠪᠢᠴᠢᠭᠳᠡᠭᠰᠡᠨ ᠵᠠᠷᠢᠮ ᠮᠡᠳᠡᠭᠡ ᠨᠤᠭᠦᠳ ᠨᠢ 《 ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠳ᠋ᠤ᠌ ᠮᠡᠳᠡᠭᠡᠯᠡᠭᠰᠡᠨ ᠮᠡᠳᠡᠭᠡ ᠨᠤᠭᠦᠳ ᠲᠡᠢ ᠠᠳᠠᠯᠢᠪᠲᠤᠷ ᠵᠦᠢᠯ  ᠪᠠᠢᠳᠠᠭ ᠃ ᠮᠣᠩᠭᠣᠯ ᠤ᠋ᠨ ᠬᠠᠳ ᠤ᠋ᠨ ᠳᠡᠰ ᠳᠠᠷᠠᠭᠠᠯᠠᠯ ᠪᠠ ᠣᠨ ᠵᠢᠯ ᠂ ᠮᠠᠨᠲᠤᠭᠤᠯᠠ ᠬᠠᠭᠠᠨ ᠤ᠋ ᠨᠠᠰᠤ ᠪᠠᠷᠠᠭᠰᠠᠨ ᠪᠠ ᠮᠣᠯᠠᠨ ᠬᠠᠭᠠᠨ ᠤ᠋ ᠨᠠᠰᠤ ᠪᠠᠷᠠᠭᠰᠠᠨ ᠲᠤᠬᠠᠢ ᠲᠡᠮᠳᠡᠭᠯᠡᠯ ᠨᠢ ᠦᠭᠡ ᠥᠭᠦᠯᠡᠪᠦᠷᠢ ᠶ᠋ᠢᠨ ᠲᠠᠯ᠎ᠠ ᠪᠠᠷ ᠴᠤ᠌ ᠲᠥᠰᠦᠭᠡᠲᠡᠢ  ᠶᠦ᠍ᠮ ᠃ ᠳᠠᠶᠠᠨ ᠬᠠᠭᠠᠨ ᠤ᠋  ᠲᠥᠷᠥᠭᠰᠡᠨ ᠣᠨ ᠵᠢᠯ ᠂ ᠬᠠᠭᠠᠨ ᠰᠠᠭᠤᠷᠢᠨ᠎ᠠ ᠰᠠᠭᠤᠭᠰᠠᠨ ᠂ ᠨᠠᠰᠤ ᠪᠠᠷᠠᠭᠰᠠᠨ ᠲᠡᠮᠳᠡᠭᠯᠡᠯ ᠪᠣᠯ 《 ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠲᠠᠢ ᠠᠳᠠᠯᠢ  ᠪᠠᠢᠳᠠᠭ ᠃
      《ᠭᠠᠩᠭ᠎ᠠ ᠶ᠋ᠢᠨ ᠤᠷᠤᠰᠬᠠᠯ 》 ᠳ᠋ᠤ᠌ ᠳᠡᠭᠡᠷ᠎ᠡ ᠳᠤᠷᠠᠳᠤᠭᠰᠠᠨ ᠮᠣᠩᠭᠣᠯ ᠤ᠋ᠨ ᠡᠷᠲᠡᠨ ᠦ᠌ ᠭᠣᠣᠯ ᠲᠡᠦᠬᠡᠨ ᠰᠤᠷᠪᠤᠯᠵᠢ ᠪᠠ  ᠪᠤᠰᠤᠳ ᠮᠣᠩᠭᠣᠯ ᠲᠡᠦᠬᠡᠨ ᠰᠤᠷᠪᠤᠯᠵᠢ ᠳ᠋ᠤ᠌ ᠡᠰᠡ ᠬᠠᠷᠠᠭᠳᠠᠳᠠᠭ ᠮᠡᠳᠡᠭᠡ ᠨᠤᠭᠦᠳ  ᠪᠠᠢᠵᠤ ᠲᠡᠷᠡ ᠨᠢ ᠲᠡᠭᠦᠨ ᠡᠴᠡ  ᠬᠣᠢᠰᠢᠬᠢ ᠮᠣᠩᠭᠣᠯ ᠤ᠋ᠨ ᠲᠡᠦᠬᠡᠨ ᠰᠤᠷᠪᠤᠯᠵᠢ ᠪᠢᠴᠢᠭ ᠲᠦ᠍ ᠠᠰᠢᠭᠯᠠᠭᠳᠠᠬᠤ ᠪᠣᠯᠵᠠᠢ ᠃ ᠵᠢᠱ᠌ᠢᠶᠡᠯᠡᠪᠡᠯ ᠄ ᠴᠠᠭᠠᠲᠠᠢ ᠶ᠋ᠢᠨ ᠲᠠᠪᠤᠨ ᠬᠥᠪᠡᠭᠦᠨ ᠦ᠌ ᠲᠤᠬᠠᠢ ᠮᠡᠳᠡᠭᠡ ᠪᠣᠯ ᠣᠨᠴᠠ ᠰᠣᠨᠢᠷᠬᠠᠯᠲᠠᠢ ᠪᠠᠢᠵᠤ ᠡᠨᠡ ᠨᠢ  ᠭᠦᠦᠰᠢ ᠳ᠋ᠠᠷᠮ᠎ᠠ ᠶ᠋ᠢᠨ  ᠪᠢᠴᠢᠭᠰᠡᠨ《 ᠠᠯᠲᠠᠨ ᠤᠷᠤᠭ ᠲᠠᠨ ᠤ᠋ ᠳᠤᠲᠠ ᠲᠡᠦᠬᠡ 》 (1739 ) ᠂ ᠷᠠᠰᠢᠫᠣᠩᠰᠤᠭ ᠤ᠋ᠨ  ᠪᠢᠴᠢᠭᠰᠡᠨ 《ᠪᠣᠯᠣᠷ ᠡᠷᠢᠭᠡ 》 (1835) ᠵᠡᠷᠭᠡ ᠲᠡᠦᠬᠡᠨ ᠵᠣᠬᠢᠶᠠᠯ ᠳ᠋ᠤ᠌ ᠲᠡᠷᠡ ᠬᠡᠪ ᠢ᠋ᠶ᠋ᠡᠷ ᠢ᠋ᠶ᠋ᠡᠨ ᠬᠡᠷᠡᠭᠲᠡᠢ ᠪᠣᠯᠵᠤ ᠬᠡᠷᠡᠭᠯᠡᠭᠳᠡᠭᠰᠡᠨ  ᠪᠠᠢᠳᠠᠭ ᠃ ᠡᠨᠡ ᠪᠠᠢᠳᠠᠯ ᠠ᠋ᠴᠠ ᠦᠵᠡᠬᠦ ᠳ᠋ᠦ᠍ ᠂ ᠭᠣᠮᠪᠣᠵᠠᠪ ᠤ᠋ᠨ ᠭᠠᠷ ᠲᠤ᠌ ᠡᠳᠦᠭᠡ ᠳ᠋ᠡᠭᠡᠨ ᠮᠠᠨ ᠳ᠋ᠤ᠌ ᠣᠯᠳᠠᠭᠠᠳᠤᠢ ᠶᠠᠮᠠᠷ ᠨᠢᠭᠡᠨ ᠲᠡᠦᠬᠡ ᠶ᠋ᠢᠨ ᠰᠤᠷᠪᠤᠯᠵᠢ  ᠪᠠᠢᠵᠤ ᠲᠡᠭᠦᠨ ᠊ᠢ ᠠᠰᠢᠭᠯᠠᠭᠰᠠᠨ ᠨᠢ ᠮᠠᠭᠠᠳ ᠶᠤᠮ ᠃ ᠡᠨᠡ ᠲᠤᠬᠠᠢ  ᠪᠢᠳᠡ ᠲᠡᠦᠬᠡᠴᠢ ᠷᠠᠰᠢᠫᠤᠩᠰᠤᠭ ᠠ᠋ᠴᠠ ᠴᠠᠭᠠᠲᠠᠢ ᠶ᠋ᠢᠨ ᠲᠠᠪᠤᠨ ᠬᠥᠪᠡᠭᠦᠨ ᠦ᠌ ᠲᠡᠦᠬᠡᠨ ᠮᠠᠲ᠋ᠧᠷᠢᠶᠠᠯ ᠤ᠋ᠨ ᠢᠷᠡᠯᠲᠡ ᠶ᠋ᠢᠨ ᠲᠤᠬᠠᠢ ᠰᠢᠨᠵᠢᠯᠡᠭᠡᠨ ᠬᠢᠵᠦ  ᠥᠭᠦᠯᠡᠭᠰᠡᠨ ᠡᠴᠡ ᠦᠵᠡᠪᠡᠯ ᠳᠠᠷᠤᠢ ᠲᠣᠳᠣᠷᠬᠠᠢ ᠪᠣᠯᠤᠨ᠎ᠠ ᠃ ᠷᠠᠰᠢᠫᠤᠩᠰᠤᠭ ᠲᠡᠮᠳᠡᠭᠯᠡᠬᠦ ᠳ᠋ᠡᠭᠡᠨ ᠄ 《  ᠪᠠᠢᠴᠠᠭᠠᠨ ᠭᠠᠷᠭᠠᠬᠤ ᠪᠢᠴᠢᠭ ᠊ᠢ ᠡᠰᠡ ᠣᠯᠤᠭᠰᠠᠨ ᠠ᠋ᠴᠠ ᠭᠠᠳᠠᠨ᠎ᠠ ᠂ < ᠠᠯᠲᠠᠨ ᠬᠦᠷᠳᠦᠨ ᠮᠢᠩᠭᠠᠨ ᠬᠡᠭᠡᠰᠦᠲᠦ ᠪᠢᠴᠢᠭ >  ( ᠳᠠᠷᠤᠢ 《 ᠠᠯᠲᠠᠨ  ᠤᠷᠤᠭ ᠲᠠᠨ ᠤ᠋ ᠳᠤᠲᠠ ᠲᠡᠦᠬᠡ 》 ) ᠳ᠋ᠦ᠍ᠷ ᠪᠠᠢᠴᠠᠭᠠᠪᠠᠰᠤ ᠪᠣᠭᠳᠠ ᠴᠢᠩᠭᠢᠰ ᠬᠠᠭᠠᠨ ᠤ᠋ ᠵᠥᠴᠢ ᠂ ᠴᠠᠭᠠᠲᠠᠢ ᠬᠣᠶᠠᠷ ᠬᠥᠪᠡᠭᠦᠨ ᠬᠢᠭᠡᠳ ᠳᠡᠭᠦᠦᠨᠡᠷ ᠦ᠋ᠨ ᠦᠷ᠎ᠡ ᠶ᠋ᠢ ᠭᠠᠷᠭᠠᠨ ᠥᠭᠦᠯᠡᠵᠦᠬᠦᠢ   》① ᠭᠡᠵᠡᠢ᠃

  — — — — 
① ᠷᠠᠰᠢᠫᠤᠩᠰᠤᠭ 《 ᠪᠣᠯᠣᠷ ᠡᠷᠢᠭᠡ 》 ᠂   ᠢᠸᠢᠢᠰᠰᠢᠭ ᠦ᠋ᠨ ᠪᠠᠷᠠᠭᠤᠨ ᠭᠧᠷᠮᠠᠨ ᠳ᠋ᠤ᠌  ᠬᠡᠪᠯᠡᠭᠦᠯᠦᠭᠰᠡᠨ ᠭᠡᠷᠡᠯ ᠵᠢᠷᠤᠭ ᠤ᠋ᠨ ᠬᠡᠪᠯᠡᠯ ᠂162 ᠨᠢᠭᠤᠷ ᠃   

ᠷᠠᠰᠢᠫᠤᠩᠰᠤᠭ ᠤ᠋ᠨ 《 ᠪᠣᠯᠣᠷ ᠡᠷᠢᠭᠡ 》 ᠳ᠋ᠦ᠍ ᠣᠷᠣᠭᠰᠠᠨ ᠴᠠᠭᠠᠲᠠᠢ ᠶ᠋ᠢᠨ ᠲᠠᠪᠤᠨ ᠬᠥᠪᠡᠭᠦᠨ ᠦ᠌ ᠲᠤᠬᠠᠢ ᠮᠡᠳᠡᠭᠡ ᠪᠣᠯ ᠶᠠᠷᠢᠶᠠᠨ ᠦᠭᠡᠢ 《 ᠠᠯᠲᠠᠨ ᠤᠷᠤᠭ ᠲᠠᠨ ᠤ᠋ ᠳᠤᠲᠠ ᠲᠡᠦᠬᠡ 》 ᠡᠴᠡ ᠣᠯᠤᠯ᠎ᠠ ᠭᠡᠰᠡᠨ ᠊ᠢ ᠪᠢᠳᠡ ᠷᠠᠰᠢᠫᠤᠩᠰᠤᠭ ᠤ᠋ᠨ ᠡᠨᠡ ᠲᠡᠮᠳᠡᠭᠯᠡᠯ ᠡᠴᠡ ᠲᠣᠳᠣ ᠮᠡᠳᠡᠵᠦ ᠪᠣᠯᠬᠤ ᠪᠠ ᠲᠡᠭᠦᠨᠴᠢᠯᠡᠨ ᠷᠠᠰᠢᠫᠤᠩᠰᠤᠭ ᠪᠠᠰᠠ ᠡᠨᠡ ᠮᠡᠳᠡᠭᠡ ᠶ᠋ᠢ ᠦᠨᠡᠮᠰᠢᠨ 《 ᠪᠢ ᠦᠵᠡᠪᠡᠰᠦ ᠶᠤᠸᠠᠨ ᠤᠯᠤᠰ ᠤ᠋ᠨ ᠭᠣᠣᠯ ᠰᠤᠳᠤᠷ ᠲᠤᠷ ᠡᠨᠡ ᠵᠡᠷᠭᠡ ᠶ᠋ᠢᠨ ᠦᠭᠡ ᠦᠭᠡᠢ 》①  ᠪᠠᠢᠳᠠᠭ ᠨᠢ ᠬᠢᠲᠠᠳ ᠰᠤᠳᠤᠷᠴᠢ ᠨᠠᠷ ᠡᠢᠮᠦ  ᠤᠴᠢᠷ  ᠪᠠᠢᠲᠠᠯ᠎ᠠ  ᠡᠰᠡ ᠲᠡᠮᠳᠡᠭᠯᠡᠪᠡ ᠭᠡᠵᠦ 《 ᠪᠣᠯᠣᠷ ᠡᠷᠢᠭᠡ 》 ᠳ᠋ᠡᠭᠡᠨ ᠪᠤᠷᠤᠭᠤᠰᠢᠶᠠᠭᠰᠠ ᠶᠤᠮ ② ᠃ 《 ᠠᠯᠲᠠᠨ ᠤᠷᠤᠭ ᠲᠠᠨ ᠤ᠋ ᠳᠤᠲᠠ ᠲᠡᠦᠬᠡ 》 ᠳ᠋ᠦ᠍ ᠭᠠᠷᠳᠠᠭ ᠴᠠᠭᠠᠲᠠᠢ ᠶ᠋ᠢᠨ ᠲᠠᠪᠤᠨ ᠬᠥᠪᠡᠭᠦᠨ ᠦ᠌ ᠲᠤᠬᠠᠢ ᠮᠡᠳᠡᠭᠡ ᠪᠣᠯ 《  ᠭᠠᠩᠭ᠎ᠠ ᠶ᠋ᠢᠨ ᠤᠷᠤᠰᠬᠠᠯ 》 ᠠ᠋ᠴᠠ ᠡᠰᠢᠯᠡᠭᠰᠡᠨ ᠶᠦ᠍ᠮ ᠃ ᠤᠴᠢᠷ ᠨᠢ  《ᠠᠯᠲᠠᠨ  ᠤᠷᠤᠭ ᠲᠠᠨ ᠤ᠋ ᠳᠤᠲᠠ ᠲᠡᠦᠬᠡ 》 ᠶ᠋ᠢ  ᠪᠠᠢᠴᠠᠭᠠᠪᠠᠯ 《ᠭᠠᠩᠭ᠎ᠠ ᠶ᠋ᠢᠨ ᠤᠷᠤᠰᠬᠠᠯ ᠠ᠋ᠴᠠ ᠬᠡᠰᠡᠭ ᠬᠡᠰᠡᠭ ᠢ᠋ᠶ᠋ᠡᠷ ᠬᠠᠭᠤᠯᠤᠨ ᠠᠪᠤᠭᠰᠠᠨ ᠵᠦᠢᠯ  ᠮᠡᠳᠡᠭᠳᠡᠳᠡᠭ ᠶᠦ᠍ᠮ ᠃ ᠴᠠᠭᠠᠲᠠᠢ ᠶ᠋ᠢᠨ ᠲᠠᠪᠤᠨ ᠬᠥᠪᠡᠭᠦᠨ ᠦ᠌ ᠲᠤᠬᠠᠢ  ᠭᠣᠮᠪᠣᠵᠠᠪ ᠤ᠋ᠨ ᠪᠢᠳᠡᠨ ᠳ᠋ᠦ᠍  ᠮᠡᠳᠡᠭᠡᠯᠡᠭᠰᠡᠨ ᠮᠡᠳᠡᠭᠡ ᠪᠣᠯ 《 ᠭᠠᠩᠭ᠎ᠠ ᠶ᠋ᠢᠨ ᠤᠷᠤᠰᠬᠠᠯ 》 ᠠ᠋ᠴᠠ ᠡᠮᠦᠨ᠎ᠡ  ᠪᠢᠴᠢᠭᠳᠡᠭᠡᠳ ᠣᠳᠣ ᠪᠠᠷ ᠢ᠋ᠶ᠋ᠠᠨ ᠪᠢᠳᠡᠨ ᠳ᠋ᠦ᠍ ᠣᠯᠳᠠᠭᠰᠠᠨ ᠵᠣᠬᠢᠶᠠᠯ ᠳ᠋ᠤ᠌ ᠪᠦᠷ ᠦᠭᠡᠢ ᠶᠦ᠍ᠮ ᠃ ᠯᠣᠪᠰᠠᠩᠲᠠᠨᠵᠠᠨ ᠤ᠋ 《 ᠠᠯᠲᠠᠨ ᠲᠣᠪᠴᠢ 》 ᠳ᠋ᠤ᠌ ᠮᠡᠳᠡᠭᠡᠯᠡᠭᠰᠡᠨ ᠴᠠᠭᠠᠲᠠᠢ ᠶ᠋ᠢᠨ ᠲᠠᠪᠤᠨ ᠬᠥᠪᠡᠭᠦᠨ ᠦ᠌ ᠲᠤᠬᠠᠢ ᠮᠡᠳᠡᠭᠡ ᠨᠢ 《ᠭᠠᠩᠭ᠎ᠠ ᠶ᠋ᠢᠨ ᠤᠷᠤᠰᠬᠠᠯ 》 ᠳ᠋ᠤ᠌ ᠮᠡᠳᠡᠭᠡᠯᠡᠭᠰᠡᠨ ᠲᠡᠢ ᠦᠰᠦᠳ ᠣᠨᠳᠣᠣ ᠶᠤᠮ ᠃ ᠡᠭᠦᠨᠴᠡ ᠦᠵᠡᠪᠡᠯ ᠂ ᠭᠣᠮᠪᠣᠵᠠᠪ ᠤ᠋ᠨ ᠭᠠᠷ ᠲᠤ᠌ ᠬᠠᠳᠠᠭᠠᠯᠠᠭᠳᠠᠨ  ᠪᠠᠢᠭᠰᠠᠨ ᠡᠰᠢ ᠪᠠᠷᠢᠮᠲᠠ ᠨᠢ ᠡᠷᠲᠡᠨ ᠦ᠌ ᠶᠠᠮᠠᠷ ᠨᠢᠭᠡᠨ ᠮᠣᠩᠭᠣᠯ ᠲᠡᠦᠬᠡ ᠶ᠋ᠢᠨ ᠰᠤᠷᠪᠤᠯᠵᠢ ᠪᠣᠯᠤᠯᠲᠠᠢ ᠭᠡᠵᠦ ᠪᠣᠳᠣᠭᠳᠠᠭᠤᠯᠬᠤ ᠶᠤᠮ ᠃ ᠴᠠᠭᠠᠲᠠᠢ ᠶ᠋ᠢᠨ ᠲᠠᠪᠤᠨ ᠬᠥᠪᠡᠭᠦᠨ ᠂ ᠮᠥᠩᠬᠡ ᠬᠠᠭᠠᠨ ᠤ᠋ ᠲᠠᠪᠤᠨ ᠬᠥᠪᠡᠭᠦᠨ ᠂ ᠬᠥᠶᠦᠭ ᠬᠠᠭᠠᠨ ᠤ᠋ ᠭᠤᠷᠪᠠᠨ ᠬᠥᠪᠡᠭᠦᠨ ᠦ᠌ ᠲᠤᠬᠠᠢ ᠮᠡᠳᠡᠭᠡ ᠨᠤᠭᠦᠳ ᠨᠢ ᠲᠡᠷᠡᠬᠦ ᠶᠠᠮᠠᠷ ᠨᠢᠭᠡᠨ ᠮᠣᠩᠭᠣᠯ ᠲᠡᠦᠬᠡ ᠶ᠋ᠢᠨ ᠰᠤᠷᠪᠤᠯᠵᠢ ᠪᠠᠨ  ᠦᠨᠳᠦᠰᠦᠯᠡᠭᠰᠡᠨ  ᠪᠣᠯᠤᠯᠲᠠᠢ ᠃ 

 — — — — 
①② ᠷᠠᠰᠢᠫᠤᠩᠰᠤᠭ ᠄ 《 ᠪᠣᠯᠣᠷ ᠡᠷᠢᠭᠡ 》 ᠂  ᠾᠸᠢᠢᠰᠰᠢᠭ᠋ ᠦ᠋ᠨ  ᠪᠠᠷᠠᠭᠤᠨ  ᠭᠧᠷᠮᠠᠨ ᠳ᠋ᠤ᠌ ᠬᠡᠪᠯᠡᠭᠦᠯᠦᠭᠰᠡᠨ ᠭᠡᠷᠡᠯ ᠵᠢᠷᠤᠭ ᠤ᠋ᠨ ᠬᠡᠪᠯᠡᠯ ᠂   162 ᠨᠢᠭᠤᠷ ᠃

       ᠭᠣᠮᠪᠣᠵᠠᠪ ᠪᠠ ᠲᠡᠭᠦᠨ ᠦ᠌ 《 ᠭᠠᠩᠭ᠎ᠠ ᠶ᠋ᠢᠨ ᠤᠷᠤᠰᠬᠠᠯ 》 ᠨᠢ ᠴᠢᠩ ᠤᠯᠤᠰ ᠤ᠋ᠨ ᠦᠶ᠎ᠡ ᠳ᠋ᠡᠬᠢ ᠮᠣᠩᠭᠣᠯ ᠤ᠋ᠨ ᠲᠡᠦᠬᠡ ᠪᠢᠴᠢᠯᠭᠡ ᠳ᠋ᠦ᠍ ᠮᠠᠰᠢ  ᠨᠥᠯᠥᠭᠡ ᠲᠡᠢ ᠪᠠᠢᠭᠰᠠᠨ ᠊ᠢ ᠪᠢᠳᠡ ᠠᠷᠪᠠᠨ  ᠨᠠᠢ᠍ᠮᠠᠳᠤᠭᠠᠷ ᠵᠠᠭᠤᠨ ᠤ᠋ ᠳᠤᠮᠳᠠᠴᠢ ᠪᠠ ᠠᠷᠪᠠᠨ ᠶᠢᠰᠦᠳᠦᠭᠡᠷ ᠵᠠᠭᠤᠨ ᠳ᠋ᠤ᠌ ᠵᠣᠬᠢᠶᠠᠭᠳᠠᠭᠰᠠᠨ ᠮᠣᠩᠭᠣᠯ ᠤ᠋ᠨ ᠲᠡᠦᠬᠡᠨ ᠵᠣᠬᠢᠶᠠᠯ ᠤ᠋ᠳ ᠠ᠋ᠴᠠ ᠣᠯᠵᠤ ᠬᠠᠷᠠᠬᠤ ᠪᠣᠯᠤᠨ᠎ᠠ ᠃ ᠴᠢᠩ ᠤᠯᠤᠰ ᠤ᠋ᠨ ᠦᠶ᠎ᠡ ᠳ᠋ᠡᠬᠢ ᠮᠣᠩᠭᠣᠯ ᠤ᠋ᠨ ᠨᠡᠷ᠎ᠡ ᠬᠦᠨᠳᠦᠲᠦ ᠬᠣᠶᠠᠷ ᠲᠡᠦᠬᠡᠴᠢ ᠭᠦᠦᠰᠢ ᠳ᠋ᠠᠷᠮ᠎ᠠ ᠂ ᠷᠠᠰᠢᠫᠤᠩᠰᠤᠭ ᠲᠠᠨ ᠴᠥᠮ ᠥᠪᠡᠷ ᠥᠪᠡᠷ ᠦ᠋ᠨ ᠵᠣᠬᠢᠶᠠᠯ ᠳ᠋ᠠᠭᠠᠨ ᠭᠣᠮᠪᠣᠵᠠᠪ ᠤ᠋ᠨ ᠨᠡᠷ᠎ᠡ ᠠᠯᠳᠠᠷ ᠊ᠢ ᠭᠦᠨᠳᠦᠦᠬᠡᠨ ᠲᠡᠮᠳᠡᠭᠯᠡᠵᠦ  ᠪᠠᠢᠭᠰᠠᠨ ᠪᠠ ᠵᠣᠬᠢᠶᠠᠯ ᠪᠦᠲᠦᠭᠡᠯ ᠳ᠋ᠡᠭᠡᠨ 《 ᠭᠠᠩᠭ᠎ᠠ ᠶ᠋ᠢᠨ ᠤᠷᠤᠰᠬᠠᠯ 》 ᠊ᠢ ᠰᠤᠷᠪᠤᠯᠵᠢ ᠪᠢᠴᠢᠭ ᠪᠣᠯᠭᠠᠨ ᠠᠰᠢᠭᠯᠠᠵᠤ  ᠪᠠᠢᠭᠰᠠᠨ  ᠶᠤᠮ ᠃ 《ᠭᠠᠩᠭ᠎ᠠ ᠶ᠋ᠢᠨ ᠤᠷᠤᠰᠬᠠᠯ 》ᠨᠢ ᠠᠷᠪᠠᠨ  ᠨᠠᠢ᠍ᠮᠠᠳᠤᠭᠠᠷ ᠵᠠᠭᠤᠨ ᠤ᠋ ᠬᠠᠭᠠᠰ ᠠ᠋ᠴᠠ ᠬᠣᠢᠨᠠᠬᠢ ᠮᠣᠩᠭᠣᠯ ᠤ᠋ᠨ ᠲᠡᠦᠬᠡᠨ ᠵᠣᠬᠢᠶᠠᠯ ᠳ᠋ᠤ᠌ ᠬᠠᠷᠢᠨ ᠨᠢᠭᠡ ᠵᠦᠢᠯ ᠦ᠋ᠨ ᠲᠤᠯᠭᠤᠷ ᠪᠢᠴᠢᠭ  ᠪᠣᠯᠵᠤ ᠬᠡᠷᠡᠭᠯᠡᠭᠳᠡᠵᠦ  ᠪᠠᠢᠵᠠᠢ ᠃ 
    《ᠭᠠᠩᠭ᠎ᠠ ᠶ᠋ᠢᠨ ᠤᠷᠤᠰᠬᠠᠯ 》ᠨᠢ ᠲᠡᠭᠦᠨ ᠦ᠌ ᠵᠣᠬᠢᠶᠠᠭᠴᠢ ᠶ᠋ᠢᠨ ᠠᠩᠭᠢ ᠶ᠋ᠢᠨ ᠵᠣᠭᠰᠣᠯᠲᠠ ᠦᠵᠡᠯᠲᠡ ᠶ᠋ᠢᠨ ᠬᠢᠵᠠᠭᠠᠷᠯᠠᠯ ᠠ᠋ᠴᠠ ᠪᠣᠯᠵᠤ ᠪᠠᠰᠠ ᠡᠳᠦᠢ ᠲᠡᠳᠦᠢ ᠮᠥᠴᠢᠳ ᠳᠣᠷᠭᠣᠨ ᠲᠠᠯ᠎ᠠ  ᠪᠠᠢᠬᠤ  ᠶᠤᠮ ᠃ ᠲᠡᠷᠡ ᠨᠢ 《 ᠴᠢᠩᠭᠢᠰ ᠬᠠᠭᠠᠨ ᠤ᠋ ᠠᠯᠲᠠᠨ ᠤᠷᠤᠭ 》 ᠊ᠢ  ᠳᠣᠪᠣᠢᠯᠭᠠᠬᠤ ᠶ᠋ᠢᠨ ᠲᠥᠯᠥᠭᠡ ᠭᠠᠭᠴᠠᠬᠦ ᠴᠢᠩᠭᠢᠰ ᠬᠠᠭᠠᠨ ᠠ᠋ᠴᠠ ᠰᠢᠭᠤᠳ  ᠡᠰᠢᠯᠡᠭᠰᠡᠨ ᠲᠡᠳᠡᠭᠡᠷ ᠬᠠᠳ ᠨᠣᠶᠠᠳ ᠤ᠋ᠨ ᠦᠶ᠎ᠡ ᠳᠠᠷᠠᠭᠠᠯᠠᠯ ᠂ ᠣᠨ ᠵᠢᠯ ᠵᠡᠷᠭᠡ ᠶ᠋ᠢ ᠴᠢᠬᠤᠯᠠᠴᠢᠯᠠᠨ ᠲᠡᠮᠳᠡᠭᠯᠡᠭᠰᠡᠨ ᠡᠴᠡ ᠭᠠᠳᠠᠨ᠎ᠠ ᠴᠢᠨᠠᠭᠰᠢᠳᠠ ᠶ᠋ᠢᠨ ᠨᠠᠷᠢᠨ ᠤᠴᠢᠷ ᠊ᠢ ᠥᠭᠦᠯᠡᠨ ᠲᠣᠭᠠᠴᠢᠭᠰᠠᠨ ᠢ᠋ᠶ᠋ᠠᠷ ᠲᠤᠩ ᠳᠤᠲᠠᠭᠤ ᠪᠣᠯᠵᠠᠢ ᠃  ᠡᠢᠮᠦ ᠡᠴᠡ ᠡᠨᠡ ᠵᠣᠬᠢᠶᠠᠯ ᠨᠢ 《 ᠴᠢᠩᠭᠢᠰ ᠬᠠᠭᠠᠨ ᠤ᠋ ᠠᠯᠲᠠᠨ ᠤᠷᠤᠭ 》 ᠤ᠋ᠨ ᠭᠡᠷ ᠦ᠋ᠨ ᠦᠶ᠎ᠡ ᠶ᠋ᠢᠨ ᠪᠢᠴᠢᠮᠡᠯ ᠪᠣᠯᠤᠭᠰᠠᠨ ᠲᠠᠯ᠎ᠠ ᠴᠤ᠌ ᠪᠣᠢ ᠃ ᠶᠠᠭ  ᠡᠢᠮᠦ ᠡᠴᠡ ᠡᠨᠡ ᠵᠣᠬᠢᠶᠠᠯ ᠳ᠋ᠤ᠌ ᠲᠤᠬᠠᠢ ᠶ᠋ᠢᠨ ᠦᠶ᠎ᠡ ᠳ᠋ᠡᠬᠢ ᠮᠣᠩᠭᠣᠯ ᠲᠥᠷᠥ ᠶ᠋ᠢᠨ ᠠᠵᠤ ᠠᠬᠤᠢ ᠂ ᠠᠩᠭᠢ ᠶ᠋ᠢᠨ ᠬᠠᠷᠢᠴᠠᠭ᠎ᠠ ᠲᠡᠭᠦᠨᠴᠢᠯᠡᠨ ᠪᠤᠰᠤᠳ ᠲᠠᠯ᠎ᠠ ᠶ᠋ᠢ ᠳᠤᠰᠬᠠᠭᠰᠠᠨ ᠢ᠋ᠶ᠋ᠠᠷ ᠭᠦᠢᠴᠡᠳ ᠦᠭᠡᠢ ᠪᠣᠯᠵᠠᠢ ᠃ 
      ᠠᠷᠪᠠᠨ ᠳᠣᠯᠣᠭ᠎ᠠ —  ᠠᠷᠪᠠᠨ  ᠨᠠᠢ᠍ᠮᠠᠳᠤᠭᠠᠷ ᠵᠠᠭᠤᠨ ᠤ᠋ ᠮᠣᠩᠭᠣᠯ ᠤ᠋ᠨ ᠪᠤᠰᠤᠳ ᠲᠡᠦᠬᠡᠨ ᠵᠣᠬᠢᠶᠠᠯ ᠤ᠋ᠨ ᠠᠳᠠᠯᠢ ᠪᠠᠷ 《 ᠭᠠᠩᠭ᠎ᠠ ᠶ᠋ᠢᠨ ᠤᠷᠤᠰᠬᠠᠯ 》 ᠳ᠋ᠤ᠌ ᠪᠤᠷᠬᠠᠨ ᠱᠠᠰᠢᠨ ᠤ᠋ ᠨᠥᠯᠥᠭᠡ ᠨᠡᠯᠢᠶᠡᠳ ᠭᠦᠨ ᠨᠡᠪᠲᠡᠷᠡᠵᠡᠢ ᠃ ᠡᠭᠦᠨ ᠳ᠋ᠦ᠍ ᠲᠤᠩ ᠢᠯᠡᠬᠡᠨ ᠬᠠᠷᠠᠭᠳᠠᠬᠤ ᠵᠦᠢᠯ ᠭᠡᠪᠡᠯ ᠳᠠᠷᠤᠢ《ᠱᠠᠰᠢᠨ ᠲᠥᠷᠥ ᠬᠣᠶᠠᠷ ᠶᠣᠰᠣᠨ ᠊ᠢ ᠵᠡᠷᠭᠡᠪᠡᠷ ᠮᠠᠨᠳᠤᠭᠤᠯᠤᠭᠰᠠᠨ 》ᠬᠠᠳ ᠊ᠢ ᠶᠡᠬᠡᠪᠡᠷ ᠮᠠᠭᠲᠠᠨ ᠪᠢᠴᠢᠪᠡ ᠃  ᠡᠢᠮᠦ ᠨᠥᠯᠥᠭᠡ ᠡᠴᠡ ᠪᠣᠯᠵᠤ ᠵᠠᠷᠢᠮ ᠵᠦᠢᠯ ᠨᠢ ᠲᠡᠦᠬᠡ ᠶ᠋ᠢᠨ ᠦᠨᠡᠨ ᠡᠴᠡ ᠬᠡᠳᠦ ᠰᠠᠯᠤᠭᠰᠠᠨ ᠵᠦᠢᠯ ᠴᠦ᠍ ᠪᠣᠢ ᠃ 
      ᠡᠷᠬᠢᠮ ᠡᠷᠳᠡᠮᠲᠡᠨ ᠭᠣᠮᠪᠣᠵᠠᠪ ᠂ ᠲᠡᠭᠦᠨ ᠦ᠌ ᠨᠠᠰᠤᠨ ᠲᠣᠷᠰᠢ ᠶ᠋ᠢᠨ ᠴᠢᠩ ᠦᠨᠡᠨᠴᠢ ᠵᠢᠳᠬᠦᠯ  ᠴᠢᠷᠮᠠᠢᠯᠭ᠎ᠠ ᠪᠠᠷ ᠪᠢᠳᠡᠨ ᠳ᠋ᠦ᠍ ᠦᠯᠡᠳᠡᠭᠡᠵᠦ  ᠥᠭᠭᠦᠭᠰᠡᠨ ᠵᠣᠬᠢᠶᠠᠯ ᠪᠦᠲᠦᠭᠡᠯ ᠦ᠋ᠨ ᠳᠣᠲᠣᠷ᠎ᠠ 《 ᠭᠠᠩᠭ᠎ᠠ ᠶ᠋ᠢᠨ ᠤᠷᠤᠰᠬᠠᠯ 》 ᠪᠣᠯ ᠮᠣᠩᠭᠣᠯ ᠲᠡᠦᠬᠡ ᠶ᠋ᠢ ᠲᠡᠮᠳᠡᠭᠯᠡᠨ ᠮᠠᠨ ᠤ᠋ ᠦᠨᠳᠦᠰᠦᠲᠡᠨ ᠦ᠌ ᠰᠣᠶᠣᠯ ᠤ᠋ᠨ ᠥᠪ ᠪᠣᠯᠤᠨ ᠬᠣᠴᠣᠷᠤᠭᠰᠠᠨ  ᠭᠠᠢᠬᠠᠮᠰᠢᠭᠲᠤ ᠪᠦᠲᠦᠭᠡᠯ ᠪᠣᠯᠤᠨ᠎ᠠ ᠃ ᠠᠯᠢᠪᠠ ᠦᠨᠳᠦᠰᠦᠲᠡᠨ ᠦ᠌ ᠰᠣᠶᠣᠯ ᠪᠣᠯᠪᠠᠰᠤᠷᠠᠯ ᠤ᠋ᠨ  ᠬᠥᠭᠵᠢᠯ ᠦ᠋ᠨ ᠬᠢᠷᠢ ᠬᠡᠮᠵᠢᠶ᠎ᠡ ᠲᠡᠭᠦᠨᠴᠢᠯᠡᠨ ᠲᠡᠳᠡᠨ ᠦ᠌ ᠤᠳᠬ᠎ᠠ ᠰᠣᠶᠣᠯ ᠤ᠋ᠨ ᠥᠪ ᠬᠥᠷᠥᠩᠭᠡ ᠶᠠᠭᠤ ᠪᠣᠯᠬᠤ ᠲᠤᠬᠠᠢ  ᠬᠣᠢᠴᠢ ᠶ᠋ᠢᠨ ᠬᠥᠮᠦᠰ ᠰᠢᠨᠵᠢᠯᠡᠨ ᠰᠣᠳᠣᠯᠠᠬᠤ ᠳ᠋ᠤ᠌ ᠶᠠᠭᠤᠨ ᠤ᠋ ᠤᠷᠢᠳ ᠡᠨᠡ ᠦᠨᠳᠦᠰᠦᠲᠡᠨ ᠦ᠌ ᠦᠰᠦᠭ ᠪᠢᠴᠢᠭ ᠢ᠋ᠶ᠋ᠡᠷ ᠵᠣᠬᠢᠶᠠᠨ  ᠪᠢᠴᠢᠭᠳᠡᠭᠰᠡᠨ ᠨᠣᠮ ᠰᠤᠳᠤᠷ ᠤ᠋ᠨ ᠣᠯᠠᠨ ᠴᠥᠭᠡᠨ ᠪᠠ ᠲᠡᠭᠦᠨ ᠦ᠌ ᠬᠦᠷᠢᠶ᠎ᠡ ᠬᠡᠪᠴᠢᠶ᠎ᠡ ᠪᠣᠯ ᠴᠢᠬᠤᠯᠠ ᠪᠠᠷᠢᠮᠵᠢᠶ᠎ᠠ ᠪᠣᠯᠤᠨ ᠠᠰᠢᠭᠯᠠᠭᠳᠠᠳᠠᠭ ᠶᠤᠮ ᠃ ᠮᠥᠨ ᠡᠨᠡ ᠦᠨᠳᠦᠰᠦᠲᠡᠨ ᠦ᠌ ᠤᠳᠬ᠎ᠠ ᠰᠣᠶᠣᠯ ᠪᠠ ᠲᠡᠭᠦᠨ ᠦ᠌  ᠬᠥᠭᠵᠢᠯ ᠦ᠋ᠨ ᠥᠩᠭᠡ ᠭᠡᠷᠡᠯ ᠪᠠ ᠢᠷᠠᠭᠤ ᠶᠡᠬᠡᠮᠰᠦᠭ ᠨᠢ ᠪᠠᠰᠠᠴᠤ ᠡᠭᠦᠨ ᠳ᠋ᠦ᠍  ᠪᠠᠢᠬᠤ  ᠶᠤᠮ ᠃ ᠢᠷᠡᠨ ᠦ᠌ ᠡᠷᠳᠡᠮᠲᠡᠨ ᠷᠠᠰᠢᠳ᠋ — ᠠᠳ᠋ — ᠳ᠋ᠢᠨ ᠦ᠌  ᠪᠢᠴᠢᠭᠰᠡᠨ 《 ᠲᠡᠦᠬᠡ ᠶ᠋ᠢᠨ ᠴᠢᠭᠤᠯᠠᠭᠠᠨ 》 ᠨᠢ ᠮᠣᠩᠭᠣᠯ ᠤ᠋ᠨ ᠲᠡᠦᠬᠡᠨ ᠰᠤᠳᠤᠯᠭᠠᠨ ᠳ᠋ᠤ᠌ ᠶᠠᠮᠠᠷ ᠶᠡᠬᠡ ᠦᠨᠡᠲᠦ ᠰᠤᠷᠪᠤᠯᠵᠢ ᠪᠢᠴᠢᠭ ᠪᠣᠯᠤᠨ ᠦᠯᠡᠳᠡᠨ ᠬᠣᠴᠣᠷᠤᠭᠰᠠᠨ ᠴᠤ᠌ ᠲᠡᠷᠡ ᠨᠢ ᠶᠠᠭᠠᠬᠢᠭᠰᠠᠨ ᠴᠤ᠌ ᠮᠣᠩᠭᠣᠯ ᠬᠥᠮᠦᠨ ᠂ ᠮᠣᠩᠭᠣᠯ ᠦᠰᠦᠭ ᠪᠢᠴᠢᠭ ᠢ᠋ᠶ᠋ᠡᠷ ᠢ᠋ᠶ᠋ᠡᠨ ᠮᠣᠩᠭᠣᠯ ᠲᠡᠦᠬᠡ ᠶ᠋ᠢ ᠪᠢᠴᠢᠵᠦ ᠦᠯᠡᠳᠡᠭᠡᠭᠰᠡᠨ ᠶᠠᠪᠤᠳᠠᠯ ᠪᠢᠰᠢ ᠤᠴᠢᠷ ᠠ᠋ᠴᠠ ᠲᠡᠷᠡ ᠨᠢ ᠥᠨᠢ ᠡᠭᠦᠷᠢᠳᠡ ᠢᠷᠡᠨ ᠦ᠌ ᠡᠷᠳᠡᠮᠲᠡᠳ ᠦ᠋ᠨ ᠭᠠᠪᠢᠶ᠎ᠠ ᠵᠢᠳᠬᠦᠯ ᠂ ᠲᠡᠳᠡᠨ ᠦ᠌ ᠦᠰᠦᠭ ᠪᠢᠴᠢᠭ ᠢ᠋ᠶ᠋ᠡᠷ ᠦᠯᠡᠳᠡᠨ ᠬᠣᠴᠣᠷᠤᠭᠰᠠᠨ ᠰᠣᠶᠣᠯ ᠤ᠋ᠨ ᠥᠪ ᠬᠥᠷᠥᠩᠭᠡ ᠪᠣᠯᠤᠨ ᠬᠥᠮᠦᠨ ᠲᠥᠷᠥᠯᠬᠢᠲᠡᠨ ᠦ᠌ ᠲᠡᠦᠬᠡ ᠶ᠋ᠢᠨ ᠬᠠᠭᠤᠳᠠᠰᠤᠨ ᠳ᠋ᠤ᠌ ᠦᠯᠡᠳᠡᠬᠦ  ᠶᠦ᠍ᠮ ᠃ 
     ᠡᠳᠦᠭᠡ ᠡᠨᠡᠬᠦ 《 ᠭᠠᠩᠭ᠎ᠠ ᠶ᠋ᠢᠨ ᠤᠷᠤᠰᠬᠠᠯ 》 ᠭᠡᠬᠦ ᠮᠠᠨ ᠤ᠋ ᠦᠨᠳᠦᠰᠦᠲᠡᠨ ᠦ᠌ ᠰᠣᠶᠣᠯ ᠤ᠋ᠨ ᠥᠪ ᠬᠥᠷᠥᠩᠭᠡ ᠶ᠋ᠢᠨ ᠨᠢᠭᠡᠨ ᠬᠠᠭᠤᠳᠠᠰᠤ ᠪᠣᠯᠤᠨ ᠦᠯᠡᠳᠡᠭᠰᠡᠨ ᠵᠣᠬᠢᠶᠠᠯ ᠳ᠋ᠤ᠌ ᠬᠦᠴᠦᠨ ᠰᠢᠪᠬᠠᠨ  ᠲᠠᠢᠯᠤᠯᠭ᠎ᠠ ᠲᠠᠯᠪᠢᠵᠤ ᠬᠡᠪᠯᠡᠯ ᠳ᠋ᠦ᠍ ᠣᠷᠣᠭᠤᠯᠬᠤ ᠭᠡᠰᠡᠨ ᠨᠢ ᠮᠠᠨ ᠤ᠋ ᠦᠨᠳᠦᠰᠦᠲᠡᠨ ᠦ᠌ ᠰᠣᠶᠣᠯ ᠤ᠋ᠨ ᠥᠪ ᠬᠥᠷᠥᠩᠭᠡ ᠳ᠋ᠦ᠍ ᠪᠠᠰᠠ ᠨᠢᠭᠡ ᠰᠢᠨ᠎ᠡ ᠬᠠᠭᠤᠳᠠᠰᠤ ᠨᠡᠮᠡᠷᠢᠯᠡᠬᠦ ᠭᠡᠰᠡᠨ ᠵᠣᠷᠢᠯᠲᠠ ᠶ᠋ᠢ ᠪᠠᠷᠢᠮᠲᠠᠯᠠᠭᠰᠠᠨ ᠴᠤ᠌ ᠲᠤᠰ ᠬᠥᠮᠦᠨ ᠦ᠌ ᠡᠷᠳᠡᠮ ᠴᠢᠳᠠᠪᠤᠷᠢ ᠶ᠋ᠢᠨ ᠮᠡᠬᠦᠰ ᠡᠴᠡ ᠪᠣᠯᠵᠤ ᠂  ᠡᠢᠮᠦ ᠲᠡᠢᠮᠦ  ᠣᠯᠢᠭᠤ ᠰᠣᠯᠢᠭᠤ ᠪᠠᠶ᠋ᠢᠬᠤ ᠶ᠋ᠢ ᠡᠷᠬᠢᠮ ᠤᠩᠰᠢᠭᠴᠢᠳ ᠲᠣᠯᠢᠳᠠᠬᠤ ᠪᠣᠯᠪᠠᠤ ᠃  
                                                       ᠴᠣᠢᠵᠢ  

                      1980 ᠣᠨ ᠤ᠋  ᠨᠢᠭᠡᠳᠦᠭᠡᠷ  ᠰᠠᠷ᠎ᠠ ᠂  ᠥᠪᠥᠷ  ᠮᠣᠩᠭᠣᠯ ᠤ᠋ᠨ   ᠨᠡᠶ᠋ᠢᠭᠡᠮ ᠦ᠋ᠨ 
                      ᠰᠢᠨᠵᠢᠯᠡᠬᠦᠢ ᠤᠬᠠᠭᠠᠨ ᠤ᠋ ᠬᠦᠷᠢᠶᠡᠯᠡᠩ ᠦ᠋ᠨ ᠮᠣᠩᠭᠣᠯ ᠲᠡᠦᠬᠡ ᠰᠣᠳᠣᠯᠠᠬᠤ ᠭᠠᠵᠠᠷ ᠲᠤ᠌  

ᠭᠠᠩᠬ᠋᠎ᠠ ᠶ᠋ᠢᠨ ᠤᠷᠤᠰᠬᠠᠯ ( ᠪᠦᠬᠦ ᠨᠣᠮ ) Гангын урсгал ( бүх ном )