ᠬᠥᠬᠡ ᠪᠠᠩᠵᠠᠯ ᠤᠨ ᠦᠯᠢᠭᠡᠷ Хөх банзлын үлгэр ᠬᠡᠦᠬᠡᠳ ᠦ᠋ᠨ ᠨᠡᠪᠲᠡᠷᠡᠭᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠪᠠᠩᠵᠠᠯ ᠤᠨ ᠦᠯᠢᠭᠡᠷ Хөх банзлын үлгэр

ᠬᠥᠬᠡ ᠪᠠᠩᠵᠠᠯ ᠤᠨ ᠦᠯᠢᠭᠡᠷ Хөх банзлын үлгэр

ᠬᠥᠬᠡ ᠪᠠᠩᠵᠠᠯ ᠤ᠋ᠨ ᠦᠯᠢᠭᠡᠷ


         ᠣᠯᠠᠨ ᠵᠢᠯ ᠦ᠋ᠨ ᠡᠮᠦᠨ᠎ᠡ ᠠᠮᠧᠷᠢᠺᠠ ᠶ᠋ᠢᠨ ᠨᠢᠭᠡ ᠲᠣᠰᠬᠣᠨ ᠤ᠋ ᠪᠠᠭ᠎ᠠ ᠰᠤᠷᠭᠠᠭᠤᠯᠢ ᠳ᠋ᠤ᠌ ᠰᠢᠨ᠎ᠡ ᠪᠠᠭᠰᠢ ᠢᠷᠡᠵᠡᠢ ᠃ ᠰᠤᠷᠭᠠᠭᠤᠯᠢ ᠡᠬᠢᠯᠡᠬᠦ ᠦᠶ᠎ᠡ ᠪᠡᠷ ᠡᠨᠡ ᠬᠤᠭᠤᠴᠠᠭᠠᠨ ᠳ᠋ᠤ᠌ ᠬᠡᠨ ᠨᠢ ᠬᠠᠮᠤᠭ ᠤ᠋ᠨ ᠴᠢᠷᠮᠠᠶ᠋ᠢᠯᠲᠠ ᠲᠠᠢ ᠪᠣᠯ ᠲᠡᠭᠦᠨ ᠳ᠋ᠦ᠍ ᠥᠪᠡᠷ ᠦ᠋ᠨ ᠬᠢᠭᠰᠡᠨ ᠪᠡᠯᠡᠭ ᠢ᠋ᠶ᠋ᠡᠨ ᠭᠠᠷᠳᠠᠭᠤᠯᠤᠨ᠎ᠠ ᠭᠡᠵᠦ ᠲᠡᠷᠡ ᠪᠠᠭᠰᠢ ᠠᠩᠭᠢ ᠶ᠋ᠢᠨ ᠰᠤᠷᠤᠭᠴᠢᠳ ᠲᠤ᠌ ᠪᠠᠨ ᠬᠡᠯᠡᠪᠡ ᠃ 
     ᠬᠤᠭᠤᠴᠠᠭᠠᠨ ᠡᠴᠦᠰ ᠪᠣᠯᠬᠤ ᠳ᠋ᠤ᠌ ᠨᠢᠭᠡ ᠵᠢᠭᠠᠯ ᠥᠬᠢᠨ 《 ᠬᠠᠮᠤᠭ ᠤ᠋ᠨ ᠴᠢᠷᠮᠠᠶ᠋ᠢᠯᠲᠠ ᠲᠠᠢ ᠰᠤᠷᠤᠭᠴᠢ 》 ᠪᠠᠷ ᠰᠣᠩᠭᠣᠭᠳᠠᠪᠠ ᠃ ᠪᠠᠭᠰᠢ ᠨᠢ  ᠬᠡᠯᠡᠭᠰᠡᠨ ᠶᠤᠰᠤᠭᠠᠷ᠎ ᠢᠶᠠᠨ ᠭᠣᠶᠣ ᠰᠠᠶᠢᠬᠠᠨ ᠬᠥᠬᠡ ᠪᠠᠩᠵᠠᠯ ᠪᠡᠯᠡᠭᠯᠡᠯ᠎ᠡ ᠃
     ᠵᠢᠭᠠᠯ ᠥᠬᠢᠨ ᠪᠠᠶᠠᠷ ᠪᠠᠬᠠᠳᠤᠯ ᠲᠠᠢ ᠪᠠᠷ ᠭᠡᠷ ᠲᠦ᠍ ᠪᠡᠨ ᠬᠠᠷᠢᠵᠤ ᠂ ᠪᠠᠩᠵᠠᠯ ᠢ᠋ᠶ᠋ᠠᠨ ᠡᠮᠦᠰᠴᠦ ᠂ ᠡᠵᠢ ᠳ᠋ᠦ᠍ ᠪᠡᠨ ᠦᠵᠡᠭᠦᠯᠪᠡ ᠃ ᠡᠵᠢ ᠨᠢ ᠬᠠᠷᠠᠭᠠᠳ ᠪᠠᠶ᠋ᠢᠬᠤᠯᠠᠷ ᠶᠠᠮᠠᠷ ᠨᠢᠭᠡ ᠭᠠᠵᠠᠷ ᠨᠢ ᠡᠪ ᠦᠭᠡᠢ ᠰᠢᠭ ᠪᠠᠶ᠋ᠢᠯ᠎ᠠ ᠃ ᠤᠤᠯ ᠨᠢ ᠬᠠᠯᠲᠠᠷ ᠴᠢᠷᠠᠢ ᠲᠠᠢ ᠥᠬᠢᠨ ᠴᠣ ᠰᠢᠨ᠎ᠡ ᠪᠠᠩᠵᠠᠯ ᠲᠠᠢ ᠵᠣᠬᠢᠴᠠᠬᠤ ᠦᠭᠡᠢ ᠪᠣᠯᠤᠭᠰᠠᠨ ᠪᠠᠶ᠋ᠢᠵᠠᠢ ᠃
     ᠡᠵᠢ ᠨᠢ ᠥᠬᠢᠨ ᠦ᠌ ᠪᠡᠨ ᠪᠡᠶ᠎ᠡ ᠶ᠋ᠢ ᠨᠢ ᠤᠬᠢᠶᠠᠵᠤ ᠂ ᠦᠰᠦ ᠭᠡᠵᠢᠭᠡ ᠶ᠋ᠢ ᠨᠢ  ᠰᠠᠢᠬᠠᠨ ᠪᠣᠭᠣᠵᠤ ᠥᠭᠭᠦᠯ᠎ᠡ ᠃ ᠠ ! ᠶᠠᠮᠠᠷ ᠭᠣᠶᠣ ᠵᠢᠭᠠᠯ ᠭᠦᠩᠵᠦ ᠪᠣᠢ ! ᠥᠬᠢᠨ ᠦ᠌ ᠪᠡᠨ ᠬᠤᠪᠢᠷᠠᠯᠲᠠ ᠶ᠋ᠢ ᠦᠵᠡᠭᠡᠳ ᠡᠵᠢ ᠨᠢ ᠮᠠᠰᠢ ᠪᠠᠶᠠᠷᠯᠠᠯ᠎ᠠ ᠃ 
     ᠳᠡᠮᠡᠢ ᠤᠳᠠᠯ ᠦᠭᠡᠢ ᠡᠵᠢ ᠨᠢ ᠭᠡᠷ ᠦ᠋ᠨ ᠢ᠋ᠶ᠋ᠡᠨ ᠲᠢᠭ ᠦᠭᠡᠢ ᠪᠠᠶ᠋ᠢᠲᠠᠯ ᠊ᠢ ᠦᠵᠡᠭᠡᠳ 《 ᠵᠢᠭᠠᠯ ᠭᠦᠩᠵᠦ 》 ᠲᠡᠢ ᠠᠷᠠᠢ ᠵᠣᠬᠢᠴᠠᠬᠤ ᠦᠭᠡᠢ ᠭᠡᠰᠡᠨ ᠊ᠢ ᠰᠡᠷᠡᠵᠦ ᠂ ᠥᠬᠢᠨ ᠲᠡᠢ ᠪᠡᠨ ᠬᠠᠮᠲᠤ ᠭᠡᠷ ᠢ᠋ᠶ᠋ᠡᠨ ᠭᠢᠯᠡᠶ᠋ᠢᠲᠡᠯ᠎ᠡ ᠴᠡᠪᠡᠷᠯᠡᠪᠡ ᠃ 
     ᠣᠷᠣᠢ ᠠᠪᠤ ᠨᠢ ᠬᠠᠷᠢᠵᠤ ᠢᠷᠡᠭᠡᠳ ᠴᠡᠪᠡᠷ  ᠰᠠᠢᠬᠠᠨ ᠭᠡᠷ ᠢ᠋ᠶ᠋ᠡᠨ ᠬᠠᠷᠠᠭᠠᠳ ᠠᠶ᠋ᠢᠯ ᠡᠨᠳᠡᠭᠦᠷᠡᠭᠰᠡᠨ ᠶᠦ᠍ᠮ ‍ᠦᠦ  ᠭᠡᠵᠦ ᠰᠠᠨᠳᠤᠷᠴᠤ ᠠᠪᠤᠪᠠ ᠃  
     ᠳᠠᠷᠠᠭ᠎ᠠ ᠡᠳᠦᠷ ᠠᠪᠤ ᠨᠢ ᠠᠵᠢᠯ ᠳ᠋ᠤ᠌ ᠪᠠᠨ ᠭᠠᠷᠬᠤ ᠳ᠋ᠤ᠌ ᠪᠠᠨ ᠬᠦᠷᠢᠶ᠎ᠡ ᠳᠦᠭᠦᠷᠡᠩ ᠬᠣᠭ ᠨᠣᠪᠰᠢ ᠂ ᠰᠢᠷ ᠪᠣᠳᠣᠭ ᠨᠢ ᠤᠨᠠᠭᠰᠠᠨ ᠡᠭᠦᠳᠡ ᠴᠣᠩᠬᠣ ᠪᠠᠨ ᠬᠠᠷᠠᠭᠠᠳ ᠴᠡᠪᠡᠷ  ᠰᠠᠢᠬᠠᠨ ᠭᠡᠷ ᠲᠡᠢ ᠨᠢ ᠵᠣᠬᠢᠴᠠᠬᠤ ᠦᠭᠡᠢ ᠰᠢᠭ ᠰᠠᠨᠠᠭᠳᠠᠭᠰᠠᠨ ᠲᠤᠯᠠ ᠴᠢᠯᠥᠭᠡ ᠭᠤᠶᠤᠵᠤ ᠪᠦᠬᠦᠨ ᠊ᠢ ᠰᠡᠯᠪᠢᠨ ᠵᠠᠰᠠᠵᠤ ᠤᠬᠢᠶᠠᠨ ᠴᠡᠪᠡᠷᠯᠡᠯ᠎ᠡ ᠃ ᠭᠤᠷᠪᠠᠨ ᠡᠳᠦᠷ ᠦ᠋ᠨ ᠳᠠᠷᠠᠭ᠎ᠠ ᠭᠣᠶᠣ ᠰᠠᠶᠢᠬᠠᠨ ᠴᠡᠪᠡᠷ ᠴᠡᠮᠴᠡᠭᠡᠷ ᠪᠠᠶ᠋ᠢᠰᠢᠩ ᠵᠡᠭᠡᠯᠢ ᠳᠤᠮᠳᠠ ᠢᠯᠡᠷᠡᠪᠡ ᠃ 
      ᠵᠡᠷᠭᠡᠯᠡᠳᠡᠭᠡ ᠠᠶ᠋ᠢᠯ ᠦ᠋ᠳ ᠨᠢ ᠡᠶ᠋ᠢᠮᠦ  ᠰᠠᠢᠬᠠᠨ ᠪᠠᠶ᠋ᠢᠰᠢᠩ ᠤ᠋ᠨ ᠬᠠᠵᠠᠭᠤ ᠳ᠋ᠤ᠌ ᠥᠪᠡᠷ ᠦ᠋ᠨ ᠬᠢᠨᠢ ᠪᠠᠶ᠋ᠢᠰᠢᠩ ᠨᠢ ᠶᠠᠭ ᠵᠣᠬᠢᠴᠠᠮᠵᠢ ᠦᠭᠡᠢ ᠪᠣᠳᠣᠭᠳᠠᠭᠰᠠᠨ ᠠ᠋ᠴᠠ ᠥᠪᠡᠷ ᠥᠪᠡᠷ ᠦ᠋ᠨ ᠪᠠᠶ᠋ᠢᠰᠢᠩ ᠢ᠋ᠶ᠋ᠠᠨ ᠴᠢᠮᠡᠭᠯᠡᠵᠦ ᠡᠬᠢᠯᠡᠯ᠎ᠡ ᠃ 
     ᠨᠢᠭᠡ ᠰᠠᠷ᠎ᠠ ᠶ᠋ᠢᠨ ᠳᠠᠷᠠᠭ᠎ᠠ ᠴᠡᠪᠡᠷ  ᠲᠡᠭᠰᠢ ᠵᠡᠭᠡᠯᠢ ᠭᠤᠳᠤᠮᠵᠢ ᠲᠤᠰ ᠲᠣᠰᠬᠣᠨ ᠳ᠋ᠤ᠌ ᠢᠯᠡᠷᠡᠵᠡᠢ ᠁  

              ᠬᠡᠯᠡ ᠪᠢᠴᠢᠭ ᠦ᠋ᠨ ᠬᠣᠶᠠᠳᠤᠭᠠᠷ ᠣᠨ   ( ᠳᠡᠭᠡᠳᠦ ) 
               ( 2012 ᠣᠨ ᠤ᠋ 5 ᠰᠠᠷ᠎ᠠ ᠳ᠋ᠤ᠌ ᠠᠩᠬᠠᠳᠤᠭᠠᠷ ᠬᠡᠪ ) ᠡᠴᠡ ᠬᠠᠭᠤᠯᠪᠠ ᠃  

         ᠦᠰᠦᠭ ᠠᠮᠢᠯᠠᠭᠤᠯᠤᠭᠴᠢ ᠄  ᠮᠢᠩᠭᠠᠳ ᠂ ᠴᠢᠮᠡᠭ 
           ᠬᠢᠨᠠᠭᠴᠢ ᠄ ᠲᠦᠮᠡᠳ · ᠠᠵᠠᠲᠦ